ᠭᠠᠷ Гар ᠦᠯᠢᠭᠡᠷ ᠬᠣᠯᠪᠣᠭ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠠᠷ Гар

ᠭᠠᠷ Гар

2023-05-25

636

ᠭᠠᠷ


 ᠬᠤᠭᠤᠷ ᠶ᠋ᠢᠠᠨ ᠠᠤᠠᠬᠤᠭᠠᠳ ᠰᠠᠭᠤᠯ᠎ᠠ ᠪᠢ
 ᠬᠤᠷᠤᠭᠤ ᠪᠠᠷ ᠶ᠋ᠢᠠᠨ ᠳᠠᠷᠤᠭᠠᠳ ᠬᠥᠭᠯᠨᠯ᠎ᠡ ᠪᠢ
 ᠬᠣᠶᠠᠷ ᠵᠦᠢᠯ ᠦ᠋ᠨ ᠭᠠᠷ ᠠ᠋ᠴᠠ
 ᠬᠣᠯᠪᠣᠬ᠋᠎ᠠ ᠪᠣᠯᠭᠠᠨ ᠰᠣᠨᠣᠰᠬᠠᠶ᠎ᠠ ᠃

 ᠡᠭᠡᠰᠢᠭᠲᠦ ᠬᠤᠭᠤᠷ ᠶ᠋ᠢᠠᠨ ᠡᠷᠭᠦᠯ᠎ᠡ ᠪᠢ
 ᠡᠷᠭᠢᠪᠴᠢ ᠶ᠋ᠢ ᠨᠢ ᠮᠤᠰᠬᠢᠭᠠᠳ ᠬᠠᠩᠭᠢᠨᠠᠭᠤᠯᠤᠯ᠎ᠡ  ᠪᠢ
 ᠡᠲᠡᠭᠡᠳ ᠬᠣᠶᠠᠷ ᠭᠠᠷ ᠠ᠋ᠴᠠ
 ᠡᠭᠡᠰᠢᠭ ᠨᠠᠶ᠋ᠢᠯᠡᠭᠦᠯᠦᠨ ᠬᠣᠯᠪᠣᠶ᠎ᠠ ᠃ 

 ᠬᠤᠭᠤᠷᠴᠢ ᠬᠤᠭᠤᠷᠴᠢ ᠭᠡᠳᠡᠭ ᠴᠢᠨᠢ
 ᠬᠣᠯᠪᠣᠬ᠋᠎ᠠ ᠡᠯᠭᠦᠬᠡ ᠨᠢ ᠠᠷᠪᠢᠨ ᠶᠤᠮ
 ᠬᠠᠭᠤᠴᠢᠨ ᠰᠢᠨ᠎ᠡ ᠵᠦᠢᠯ ᠡᠴᠡ
 ᠬᠠᠷᠢᠴᠠᠭᠤᠯᠵᠤ ᠬᠡᠯᠡᠬᠦ ᠳᠤᠷᠠᠲᠠᠢ ᠶᠤᠮ ᠃ 

 ᠦᠯᠢᠭᠡᠷᠴᠢ ᠦᠯᠢᠭᠡᠷᠴᠢ ᠭᠡᠳᠡᠭ ᠴᠢᠨᠢ
 ᠡᠯᠭᠦᠬᠡ ᠬᠣᠯᠪᠣᠬ᠋᠎ᠠ ᠨᠢ ᠣᠯᠠᠨ ᠶᠤᠮ
 ᠦᠵᠡᠭᠰᠡᠨ ᠰᠣᠨᠣᠰᠤᠭᠰᠠᠨ ᠵᠦᠢᠯ ᠶ᠋ᠢᠡᠨ 
 ᠥᠭᠦᠯᠡᠵᠦ ᠬᠡᠯᠡᠬᠦ ᠳᠤᠷᠠᠲᠠᠢ ᠶᠤᠮ ᠃

 ᠠᠯᠲᠠᠨ ᠳᠡᠯᠡᠬᠡᠢ ᠶ᠋ᠢᠨ ᠬᠥᠮᠦᠰ ᠦ᠋ᠨ
 ᠠᠷᠪᠠᠨ ᠬᠤᠷᠤᠭᠤ ᠨᠢ ᠥᠭᠡᠷ᠎ᠡ ‍ᠤᠤ ᠳ᠋ᠠ
 ᠠᠵᠢᠬᠯᠠᠵᠤ ᠰᠠᠶ᠋ᠢᠬᠠᠨ ᠯᠠᠪᠯᠠᠪᠠᠯ
 ᠠᠪᠢᠶᠠᠰ ᠵᠠᠩ ᠨᠢ ᠠᠰᠲᠠᠭᠠ ᠪᠤᠢ ᠃

 ᠬᠣᠷᠸ᠋᠎ᠠ ᠳᠡᠯᠡᠬᠡᠢ ᠶ᠋ᠢᠨ ᠬᠥᠮᠦᠰ ᠦ᠋ᠨ
 ᠬᠤᠷᠤᠭᠤ ᠬᠢᠮᠤᠰᠤ ᠥᠭᠡᠷ᠎ᠡ ‍ᠤᠤ ᠳ᠋ᠠ
 ᠬᠠᠷᠢᠴᠠᠭᠤᠯᠵᠤ ᠰᠠᠶ᠋ᠢᠬᠠᠨ ᠠᠵᠢᠬᠯᠠᠪᠠᠯ
 ᠬᠥᠲᠡᠯᠵᠦ ᠶᠠᠪᠤᠬᠤ ᠨᠢ ᠣᠨᠲᠣᠣ ᠪᠤᠢ ᠃

 ᠬᠠᠷ᠎ᠠ ᠶ᠋ᠢᠨ ᠡᠰᠡᠷᠭᠦᠦ ᠴᠠᠭᠠᠨ ᠭᠡᠵᠦ
 ᠥᠩᠭᠡ ᠶ᠋ᠢᠨ ᠢᠯᠠᠬ᠋᠎ᠠ ᠪᠠᠶ᠋ᠢᠬᠤ ᠶᠤᠮ 
 ᠬᠠᠷᠭᠢᠰ ᠦ᠋ᠨ ᠡᠰᠡᠷᠭᠦᠦ ᠰᠢᠲᠦᠷᠭᠤ ᠭᠡᠵᠦ
 ᠴᠢᠨᠠᠷ ᠦ᠋ᠨ ᠢᠯᠠᠬ᠋᠎ᠠ ᠪᠠᠶ᠋ᠢᠬᠤ ᠶᠤᠮ ᠃ 

 ᠥᠷᠭᠡᠰᠦ ᠶ᠋ᠢᠨ ᠡᠰᠡᠷᠭᠦᠦ ᠴᠡᠴᠡᠭ ᠭᠡᠵᠦ
 ᠤᠷᠭᠤᠮᠠᠯ ᠦ᠋ᠨ ᠢᠯᠠᠬ᠋᠎ᠠ ᠪᠠᠶ᠋ᠢᠬᠤ ᠶᠤᠮ 
 ᠦᠨᠡᠨ ᠪ ᠡᠰᠡᠷᠭᠦᠦ ᠬᠤᠲᠠᠯ ᠭᠡᠵᠦ
 ᠦᠵᠡᠯ ᠦ᠋ᠨ ᠢᠯᠠᠬ᠋᠎ᠠ ᠪᠠᠶ᠋ᠢᠬᠤ ᠶᠤᠮ ᠃ 

 ᠡᠬᠡ ᠤᠯᠤᠰ ᠶ᠋ᠢᠠᠨ ᠬᠠᠮᠠᠭᠠᠯᠠᠬᠤ ᠠ᠋ᠴᠠ
 ᠪᠠᠭᠠᠲᠤᠷᠴᠢ ᠭᠠᠷ ᠦ᠋ᠳ ᠮᠤᠩᠲᠠᠢ ‍ᠤᠤ ᠳ᠋ᠠ
 ᠡᠷᠬᠡ ᠵᠢᠷᠭᠠᠯ ᠶ᠋ᠢᠠᠨ ᠵᠣᠬᠢᠶᠠᠬᠤ ᠠ᠋ᠴᠠ
 ᠪᠥᠲᠥᠬᠡᠯᠴᠢ ᠭᠠᠷ ᠦ᠋ᠳ ᠮᠤᠩᠲᠠᠢ ‍ᠤᠤ ᠳ᠋ᠠ ᠃

 ᠬᠥᠲᠡᠯᠮᠦᠷᠢ ᠠᠵᠢᠯ ᠳ᠋ᠤ᠌ ᠭᠠᠪᠰᠢᠭᠠᠶ᠋ᠢᠯᠠᠬᠤ ᠠ᠋ᠴᠠ
 ᠬᠥᠲᠡᠯᠮᠦᠷᠴᠢ ᠭᠠᠷ ᠦ᠋ᠳ ᠮᠤᠩᠲᠠᠢ ‍ᠤᠤ ᠳ᠋ᠠ
 ᠬᠦᠴᠢᠷ ᠪᠡᠷᠬᠡᠰᠢᠶᠡᠯ ᠳ᠋ᠤ᠌ ᠲᠤᠰᠠᠯᠠᠬᠤ ᠠ᠋ᠴᠠ
 ᠨᠦᠬᠦᠷᠰᠡᠭ ᠭᠠᠷ ᠦ᠋ᠳ ᠮᠤᠩᠲᠠᠢ ‍ᠤᠤ ᠳ᠋ᠠ ᠃

 ᠡᠬᠡ ᠣᠷᠣᠨ ᠶ᠋ᠢᠠᠨ ᠨᠣᠭᠣᠭᠠᠷᠠᠭᠤᠯᠬᠤ ᠠ᠋ᠴᠠ
 ᠣᠶ᠋ᠢᠵᠢᠭᠤᠯᠤᠭᠴᠢ ᠭᠠᠷ ᠦ᠋ᠳ ᠮᠤᠩᠲᠠᠢ ‍ᠤᠤ ᠳ᠋ᠠ
 ᠡᠷᠲᠡᠮ ᠬᠢᠴᠢᠶᠡᠯ ᠶ᠋ᠢᠡᠨ ᠰᠤᠷᠤᠯᠴᠠᠬᠤ ᠠ᠋ᠴᠠ
 ᠰᠣᠶᠣᠯᠴᠢ ᠬᠠᠷ ᠦ᠋ᠳ ᠮᠤᠩᠲᠠᠢ ᠳ᠋ᠠ ᠃

 ᠮᠠᠯ ᠲᠠᠷᠢᠶᠠᠯᠠᠩ ᠦ᠋ᠨ ᠠᠵᠢᠯ  ᠳ᠋ᠤ᠌
 ᠠᠵᠢᠯᠴᠢ ᠭᠠᠷ ᠦ᠋ᠳ ᠮᠤᠩᠲᠠᠢ ‍ᠤᠤ ᠳ᠋ᠠ
 ᠮᠠᠰᠢᠨ᠎ᠡ ᠲᠸᠬ᠌ᠨᠢᠭ ᠦᠢᠯᠡᠰ ᠲᠦ
 ᠵᠢᠯᠣᠭᠣᠴᠢ ᠭᠠᠷ ᠦ᠋ᠳ ᠮᠤᠩᠲᠠᠢ ‍ᠤᠤ ᠳ᠋ᠠ ᠃

 ᠨᠡᠶ᠋ᠢᠲᠡ ᠶ᠋ᠢᠨ ᠶᠠᠭᠤᠮ᠎ᠠ ᠶ᠋ᠢ ᠬᠠᠶ᠋ᠢᠷᠠᠯᠠᠬᠤ ᠠ᠋ᠴᠠ
 ᠬᠠᠮᠲᠤᠴᠢ ᠭᠠᠷ ᠦ᠋ᠳ ᠠᠷᠪᠢᠨ ᠪᠠᠶ᠋ᠢᠨ᠎ᠠ
 ᠨᠡᠶ᠋ᠢᠭᠡᠮ ᠦ᠋ᠨ ᠠᠮᠤᠷ ᠊ᠢ ᠬᠠᠮᠠᠭᠠᠯᠠᠬᠤ ᠠ᠋ᠴᠠ
 ᠴᠠᠭᠲᠠᠭᠠᠴᠢ ᠭᠠᠷ ᠦ᠋ᠳ ᠠᠷᠪᠢᠨ ᠪᠠᠶ᠋ᠢᠨ᠎ᠠ ᠃

 ᠡᠪᠦᠭᠡᠳ ᠬᠥᠭᠰᠢᠳ ᠊ᠢ ᠬᠦᠨᠲᠦᠯᠡᠬᠦ ᠡᠴᠡ
 ᠵᠢᠷᠤᠮᠵᠢ ᠭᠠᠷ ᠦ᠋ᠳ ᠠᠷᠪᠢᠨ ᠪᠠᠶ᠋ᠢᠨ᠎ᠠ ᠂
 ᠥᠰᠪᠥᠷᠢ ᠬᠡᠦᠬᠡᠳ ᠊ᠢ ᠠᠰᠠᠷᠠᠬᠤ ᠠ᠋ᠴᠠ
 ᠴᠡᠴᠡᠷᠯᠢᠭᠴᠢ ᠭᠠᠷ ᠦ᠋ᠳ ᠠᠷᠪᠢᠨ ᠪᠠᠶ᠋ᠢᠨ᠎ᠠ ᠃

 ᠠᠬᠠᠰᠢᠷᠠᠬ᠋᠎ᠠ ᠨᠠᠰᠤᠲᠠᠨ ᠶ᠋ᠢᠠᠨ
 ᠰᠤᠪᠢᠯᠠᠭᠴᠢ ᠭᠠᠷ ᠦ᠋ᠳ ᠠᠷᠪᠢᠨ ᠪᠠᠶ᠋ᠢᠨ᠎ᠠ ᠂  
 ᠠᠵᠢᠯᠴᠢ ᠠᠷᠪᠢᠴᠢ ᠶ᠋ᠢ ᠡᠷᠬᠢᠮᠯᠡᠬᠦ ᠡᠴᠡ
 ᠪᠠᠶᠠᠵᠢᠬᠴᠢ ᠭᠠᠷ ᠦ᠋ᠳ ᠠᠷᠪᠢᠨ ᠪᠠᠶ᠋ᠢᠨ᠎ᠠ ᠃

 ᠤᠷᠠᠨ ᠨᠠᠶ᠋ᠢᠷᠠᠭ ᠊ᠢ ᠪᠢᠴᠢᠬᠦ ᠡᠴᠡ
 ᠵᠣᠬᠢᠶᠠᠯᠴᠢ ᠭᠠᠷ ᠦ᠋ᠳ ᠴᠦ᠍ ᠣᠯᠠᠨ ᠡ ᠂
 ᠣᠶᠣᠲᠠᠯ ᠬᠠᠤᠠᠬᠤᠮᠠᠯ ᠊ᠢ ᠰᠢᠭᠢᠤᠠᠭᠡᠬᠦ ᠡᠴᠡ
 ᠤᠷᠠᠨᠴᠢ ᠭᠠᠷ ᠦ᠋ᠳ ᠴᠦ᠍ ᠣᠯᠠᠨ ᠡ ᠃

 ᠠᠯᠤᠬ᠎ᠠ ᠯᠠᠩᠲᠤᠤ ᠡᠷᠭᠢᠬᠦᠯᠬᠦ ᠡᠴᠡ
 ᠲᠠᠷᠬᠠᠨᠴᠢ ᠭᠠᠷ ᠦ᠋ᠳ ᠴᠦ᠍ ᠣᠯᠠᠨ ᠡ ᠂
 ᠠᠰᠠᠷ ᠲᠠᠭᠲᠤ ᠪᠠᠶ᠋ᠢᠭᠤᠯᠬᠤ ᠠ᠋ᠴᠠ
 ᠮᠡᠷᠬᠡᠵᠢᠯᠴᠢ ᠭᠠᠷ ᠦ᠋ᠳ ᠴᠦ᠍ ᠣᠯᠠᠨ ᠡ ᠃

 ᠠᠷᠠᠯᠵᠢᠶ᠎ᠠ ᠳᠡᠯᠭᠡᠭᠦᠷ ᠊ᠢ ᠰᠣᠯᠢᠯᠴᠠᠬᠤᠯᠬᠤ ᠠ᠋ᠴᠠ
 ᠤᠶ᠋ᠢᠯᠠᠴᠢᠯᠠᠭ᠌ᠴᠢ ᠭᠠᠷ ᠦ᠋ᠳ ᠴᠦ᠍ ᠣᠯᠠᠨ ᠡ ᠂
 ᠠᠷᠬᠠᠭ ᠡᠪᠡᠤᠠᠴᠢᠨ ᠊ᠢ ᠡᠮᠨᠡᠬᠦ ᠡᠴᠡ
 ᠣᠲᠣᠴᠢ ᠭᠠᠷ ᠦ᠋ᠳ ᠴᠦ᠍ ᠣᠯᠠᠨ ᠡ ᠃

 ᠪᠣᠭᠴᠣ ᠲᠠᠢ ᠵᠣᠭᠣᠰ ᠲᠤ ᠳᠤᠷᠠᠯᠠᠳᠠᠭ ᠦᠭᠡᠢ
 ᠪᠣᠯᠪᠠᠰᠤᠨ ᠭᠠᠷ ᠦ᠋ᠳ ᠪᠠᠶ᠋ᠢᠲᠠᠭ ᠪᠡ
 ᠪᠤᠰᠤᠳ ᠲᠤ ᠠᠲᠠᠯᠢ ᠪᠠᠷ ᠬᠠᠨᠲᠤᠲᠠᠭ
 ᠴᠢᠭᠴᠢ ᠭᠠᠷ ᠦ᠋ᠳ ᠪᠠᠶ᠋ᠢᠲᠠᠭ ᠪᠡ ᠃

 ᠬᠣᠩᠭᠣᠷ ᠵᠢᠷᠦᠬᠡ ᠪᠡᠨ ᠬᠣᠯᠪᠣᠬᠤ ᠠ᠋ᠴᠠ
 ᠬᠤᠪᠢᠲᠠᠢ ᠭᠠᠷ ᠦ᠋ᠳ ᠪᠠᠶ᠋ᠢᠲᠠᠭ ᠪᠡ
 ᠬᠤᠪᠢᠰᠬᠠᠯ ᠦ᠋ᠨ ᠲᠥᠯᠥᠭᠡ ᠵᠢᠤᠠᠬᠦᠬᠦ ᠡᠴᠡ
 ᠬᠠᠲᠠᠭᠤᠵᠢᠯᠲᠡᠢ ᠭᠠᠷ ᠦ᠋ᠳ ᠪᠠᠶ᠋ᠢᠲᠠᠭ ᠪᠡ ᠃

 ᠭᠠᠯᠵᠢᠭᠤ ᠲᠡᠶ᠋ᠢᠰᠦᠨ ᠊ᠢ ᠰᠥᠨᠥᠭᠡᠬᠦ ᠡᠴᠡ
 ᠪᠠᠭᠠᠲᠤᠷ ᠭᠠᠷ ᠦ᠋ᠳ ᠪᠠᠶ᠋ᠢᠲᠠᠭ ᠪᠡ
 ᠭᠠᠯ ᠲᠦᠢᠮᠡᠷ ᠊ᠢ ᠤᠨᠲᠠᠷᠠᠭᠠᠬᠤ ᠠ᠋ᠴᠠ 
 ᠡᠷᠡᠯᠬᠡᠭ ᠭᠠᠷ ᠦ᠋ᠳ ᠪᠠᠶ᠋ᠢᠲᠠᠭ ᠃

 ᠠᠷᠠᠳ ᠲᠦᠮᠡᠨ ᠪ ᠦᠢᠯᠡᠰ ᠲᠤ
 ᠣᠶ᠋ᠢᠯᠠᠴᠢᠯᠠᠬᠦ ᠭᠠᠷ ᠭᠡᠵᠦ ᠡᠶ᠋ᠢᠮᠦ ᠯᠡ ᠰᠢᠦ ᠂
 ᠠᠤᠠᠭ᠎ᠡ ᠳᠥᠷᠪᠡᠨ ᠣᠲᠣᠬᠢᠴᠢᠯᠠᠯᠲᠠ ᠪᠠᠨ 
 ᠪᠠᠶ᠋ᠢᠭᠤᠯᠬᠤ ᠭᠠᠷ ᠭᠡᠵᠦ ᠡᠶ᠋ᠢᠮᠦ ᠯᠡ ᠳ᠋ᠡ ᠃

 ᠣᠯᠠᠨ ᠳ᠋ᠠᠭᠠᠨ ᠬᠦᠨᠲᠦᠲᠡᠢ ᠭᠠᠷ ᠠ᠋ᠴᠠ
 ᠤᠶᠠᠩᠭᠠᠯᠠᠵᠤ ᠪᠠᠬᠠᠨ ᠰᠣᠨᠣᠰᠬᠠᠯ᠎ᠠ ᠪᠢ 
 ᠣᠷᠰᠢᠬ ᠲᠠᠲᠠᠲᠠᠭ ᠭᠠᠷ ᠠ᠋ᠴᠠ ᠪᠠᠰᠠ
 ᠣᠲᠣ ᠳᠤᠷᠤᠭᠰᠢ ᠪᠡᠨ ᠬᠣᠯᠪᠣᠶ᠎ᠠ ᠃

 ᠬᠠᠮᠲᠤ ᠳ᠋ᠠᠭᠠᠨ ᠵᠢᠤᠠᠬᠦᠯᠲᠡᠢ ᠭᠠᠷ ᠠ᠋ᠴᠠ
 ᠬᠣᠯᠪᠣᠵᠤ ᠪᠠᠬᠠᠨ ᠰᠣᠨᠣᠰᠬᠠᠯ᠎ᠠ ᠪᠢ
 ᠬᠠᠷᠰᠢᠯ ᠰᠠᠭᠠᠳ ᠲᠠᠢ ᠭᠠᠷ ᠠ᠋ᠴᠠ ᠪᠠᠰᠠ
 ᠬᠠᠷᠢᠴᠠᠭᠤᠯᠵᠤ ᠳᠣᠷᠣᠭᠰᠢ  ᠪᠡᠨ ᠬᠣᠯᠪᠣᠶ᠎ᠠ ᠃ 

 ᠠᠷᠢᠬᠢ ᠦᠵᠡᠪᠡᠯ ᠰᠤᠩᠭᠠᠲᠠ᠊ᠭ 
 ᠬᠣᠪᠲᠣᠭ ᠭᠠᠷ ᠭᠡᠵᠦ ᠪᠠᠶ᠋ᠢᠬᠤ ᠳ᠋ᠤ᠌
 ᠠᠵᠢᠯ ᠲᠠᠭᠠᠷᠠᠪᠠᠯ ᠰᠢᠯᠡᠭᠡᠳᠡᠭ
 ᠠᠯᠵᠠᠭᠤ ᠭᠠᠷ ᠪᠠᠰᠠ ᠪᠣᠢ ᠰᠢᠦ ᠃

 ᠬᠠᠮᠲᠤ ᠶ᠋ᠢᠨ ᠠᠵᠤ ᠠᠬᠤᠢ ᠶ᠋ᠢ ᠬᠣᠬᠢᠷᠠᠬᠤᠯᠲᠠᠭ
 ᠪᠦᠷᠢᠯᠭᠡᠬᠦ ᠭᠠᠷ ᠭᠡᠵᠦ ᠪᠠᠶ᠋ᠢᠬᠤ ᠳ᠋ᠤ᠌
 ᠬᠠᠮᠵᠢᠯᠴᠠᠬᠤ ᠨᠡᠷ᠎ᠡ ᠶ᠋ᠢ ᠬᠤᠲᠠᠯᠲᠤᠭᠠᠳ
 ᠬᠣᠨᠵᠢᠲᠠᠭ ᠭᠠᠷ ᠭᠡᠵᠦ ᠪᠠᠰᠠ ᠪᠤᠢ ᠰᠢᠦ ᠃

 ᠬᠤᠯᠠᠭᠠᠢ ᠳᠡᠭᠡᠷᠡᠮ ᠤᠶ᠋ᠢᠯᠠᠤᠠᠲᠡᠭ᠌
 ᠬᠣᠣᠷᠲᠠᠢ ᠭᠠᠷ ᠭᠡᠵᠦ ᠪᠠᠶ᠋ᠢᠲᠠᠭ ᠡ
 ᠬᠢᠲᠤᠬ᠋᠎ᠠ ᠰᠢᠪᠦᠭᠡ ᠡᠷᠭᠢᠭᠦᠯᠳᠡᠭ
 ᠠᠶᠤᠮᠰᠢᠬᠲᠤ ᠭᠠᠷ ᠭᠡᠵᠦ ᠪᠠᠶ᠋ᠢᠲᠠᠭ ᠡ ᠃

 ᠡᠷᠬᠡ ᠵᠡᠷᠭᠡᠲᠡᠨ ᠊ᠢ ᠪᠣᠲᠠᠭᠠᠯᠠᠲᠠᠭ
 ᠪᠢᠯᠲᠠᠤᠴᠢ ᠭᠠᠷ ᠭᠡᠵᠦ ᠪᠠᠶ᠋ᠢᠲᠠᠭ ᠡ
 ᠡᠩ ᠦ᠋ᠨ ᠠᠷᠠᠳ ᠊ᠢ ᠲᠣᠷᠣᠮᠵᠢᠯᠠᠲᠠᠭ
 ᠬᠠᠷᠭᠢᠰ ᠭᠠᠷ ᠭᠡᠵᠦ ᠪᠠᠶ᠋ᠢᠲᠠᠭ ᠡ ᠃

 ᠡᠳ᠋ ᠠᠰᠢᠬ ᠲᠤ ᠳᠤᠷᠠᠯᠠᠳᠠᠭ
 ᠰᠢᠨᠤᠬᠠᠢ ᠭᠠᠷ ᠊ᠢ ᠵᠢᠭᠰᠢᠯᠲᠡᠢ
 ᠡᠮᠡᠰ ᠥᠬᠢᠳ ᠲᠦ ᠬᠠᠯᠲᠠᠲᠠᠭ
 ᠯᠤᠶ᠋ᠢᠪᠡᠷᠴᠢ ᠭᠠᠷ ᠊ᠢ ᠵᠢᠭᠰᠢᠯᠲᠡᠢ ᠃

 ᠡᠵᠢ ᠠᠪᠤ ᠪᠠᠨ ᠴᠣᠬᠢᠲᠠᠭ
 ᠵᠡᠷᠯᠢᠭ᠋ ᠭᠠᠷ ᠊ᠢ ᠵᠢᠭᠰᠢᠯᠲᠡᠢ
 ᠡᠬᠡᠨᠡᠷ ᠬᠡᠦᠬᠡᠳ ᠶ᠋ᠢᠡᠨ ᠵᠠᠨᠴᠢᠲᠠᠭ
 ᠬᠡᠷᠴᠡᠭᠡᠢ ᠭᠠᠷ ᠊ᠢ ᠵᠢᠭᠰᠢᠯᠲᠡᠢ ᠃

 ᠬᠤᠲᠠ ᠲᠠᠢ ᠮᠠᠯ ᠊ᠢ ᠬᠦᠭᠡᠭᠡᠳᠡᠭ
 ᠬᠤᠯᠠᠭᠠᠶ᠋ᠢᠴᠢ ᠭᠠᠷ ᠭᠡᠵᠦ ᠪᠤᠯᠠᠢ ᠲᠠᠢ
 ᠬᠣᠷᠰᠢᠶ᠎ᠠ ᠳᠡᠯᠭᠡᠭᠦᠷ ᠊ᠢ ᠮᠡᠬᠡᠯᠡᠳᠡᠭ
 ᠪᠡᠴᠢ ᠲᠡᠢ ᠭᠠᠷ ᠭᠡᠵᠦ ᠪᠤᠯᠠᠢ ᠲᠠᠢ ᠃

 ᠬᠥᠮᠦᠨ ᠪ ᠠᠮᠢ ᠶ᠋ᠢ ᠰᠤᠶ᠋ᠢᠤᠠᠬᠡᠲᠡᠭ᠌
 ᠴᠢᠰᠤ ᠲᠡᠢ ᠭᠠᠷ ᠭᠡᠵᠦ ᠪᠤᠯᠠᠢ ᠲᠠᠢ
 ᠬᠥᠷᠥᠩᠭᠡ ᠮᠥᠩᠭᠥ ᠶ᠋ᠢ ᠱᠠᠮᠰᠢᠲᠠᠭ
 ᠶᠠᠯ᠎ᠠ ᠲᠠᠢ ᠭᠠᠷ ᠭᠡᠵᠦ ᠪᠤᠯᠠᠢ ᠲᠠᠢ ᠃

 ᠭᠠᠯᠵᠠᠭᠤ ᠲᠡᠶ᠋ᠢᠰᠦᠨ ᠲᠡᠢ ᠰᠦᠯᠪᠡᠭᠡᠯᠡᠲᠡᠭ᠌
 ᠬᠥᠨᠥᠭᠡᠯ ᠲᠡᠢ ᠭᠠᠷ ᠭᠡᠵᠦ ᠪᠤᠯᠠᠢ ᠲᠠᠢ
 ᠭᠠᠯ ᠲᠦᠢᠮᠡᠷ ᠲᠠᠯᠪᠢᠲᠠᠭ
 ᠬᠣᠬᠢᠷᠠᠯ ᠲᠠᠢ ᠭᠠᠷ ᠭᠡᠵᠦ ᠪᠤᠯᠠᠢ ᠲᠠᠢ ᠃

 ᠬᠣᠶᠠᠷ ᠵᠦᠢᠯ ᠦ᠋ᠨ ᠭᠠᠷ ᠠ᠋ᠴᠠ ᠪᠢ
 ᠬᠣᠯᠪᠣᠵᠤ ᠲᠠᠨ ᠳ᠋ᠠᠭᠠᠨ ᠰᠣᠨᠣᠰᠬᠠᠯ᠎ᠠ 
 ᠬᠣᠣᠷ ᠬᠥᠨᠥᠭᠡᠯ ᠲᠡᠢ ᠭᠠᠷ ᠦ᠋ᠳ ᠊ᠢ
 ᠬᠣᠷᠢᠬᠯᠠᠬᠤ ᠰᠡᠷᠭᠡᠶ᠋ᠢᠯᠡᠵᠦ ᠶᠠᠪᠤᠵᠠᠭᠠᠶ᠎ᠠ !

 ᠡᠯᠲᠡᠪ ᠵᠦᠢᠯ ᠦ᠋ᠨ ᠭᠠᠷ ᠦ᠋ᠳ ᠡᠴᠡ
 ᠡᠭᠡᠰᠢᠭᠯᠡᠵᠦ ᠲᠠᠨ ᠳ᠋ᠠᠭᠠᠨ ᠰᠣᠨᠣᠰᠬᠠᠯ᠎ᠠ ᠪᠢ 
 ᠡᠪ ᠦᠭᠡᠢ ᠪᠣᠵᠠᠷ ᠭᠠᠷ ᠦ᠋ᠳ ᠊ᠢ ᠨᠢ
 ᠡᠰᠡᠷᠭᠦᠴᠡᠵᠦ ᠴᠠᠭᠠᠵᠠᠯᠠᠵᠤ ᠶᠠᠪᠤᠵᠠᠭᠠᠶ᠎ᠠ !

 ᠠᠷᠠᠳ ᠳᠠᠭᠠᠨ ᠲᠤᠰᠠᠲᠠᠢ ᠭᠠᠷ ᠊ᠢ ᠪᠣᠯ
 ᠠᠶᠠᠯᠤᠭᠤᠯᠤᠨ ᠠᠶᠠᠯᠤᠭᠤᠯᠤᠨ ᠲᠠᠭᠤᠯᠠᠶ᠎ᠡ ! 
 ᠠᠶᠤᠯ ᠬᠥᠨᠥᠭᠡᠯ ᠲᠡᠢ ᠭᠠᠷ ᠦ᠋ᠳ ᠊ᠢ
 ᠠᠷᠢᠯᠭᠠᠵᠤ ᠲᠠᠰᠤᠲᠠᠨ ᠤᠷᠭᠢᠶ᠎ᠠ !  

     ᠦᠰᠦᠭ  ᠠᠮᠢᠯᠠᠭᠤᠯᠤᠭᠴᠢ ᠄ ᠪᠤ · ᠣᠶᠤᠨᠴᠢᠮᠡᠭ
       ᠬᠢᠨᠠᠭᠴᠢ ᠪᠠᠭᠰᠢ ᠄ ᠣᠣᠬᠠᠭᠰᠣ᠎ᠡ