ᠰᠡᠭᠦᠯ ᠰᠢᠷᠪᠠᠲᠠᠭ ᠴᠢᠨᠣ᠎ᠠ( ᠬᠡᠯᠡ ᠪᠢᠴᠢᠭ – ᠶᠢᠰᠦᠳᠦᠭᠡᠷ ᠳᠡᠪᠲᠡᠷ)Сүүл шарвадаг чоно( Хэл бичиг – Есдүгээр дэвтэр) ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠡᠭᠦᠯ ᠰᠢᠷᠪᠠᠲᠠᠭ ᠴᠢᠨᠣ᠎ᠠ( ᠬᠡᠯᠡ ᠪᠢᠴᠢᠭ – ᠶᠢᠰᠦᠳᠦᠭᠡᠷ ᠳᠡᠪᠲᠡᠷ)Сүүл шарвадаг чоно( Хэл бичиг – Есдүгээр дэвтэр)

ᠰᠡᠭᠦᠯ ᠰᠢᠷᠪᠠᠲᠠᠭ ᠴᠢᠨᠣ᠎ᠠ( ᠬᠡᠯᠡ ᠪᠢᠴᠢᠭ – ᠶᠢᠰᠦᠳᠦᠭᠡᠷ ᠳᠡᠪᠲᠡᠷ)Сүүл шарвадаг чоно( Хэл бичиг – Есдүгээр дэвтэр)

2023-05-25

591

ᠰᠡᠭᠦᠯ ᠰᠢᠷᠪᠠᠲᠠᠭ ᠴᠢᠨᠣ᠎ᠠ


     ᠴᠢᠨᠣ᠎ᠠ ᠤᠨᠠᠭᠤᠯᠢ ᠳ᠋ᠤ᠌ ᠤᠨᠠᠭᠠᠳ ᠬᠡᠷᠬᠢᠨ ᠦᠰᠦᠷᠦᠭᠰᠡᠨ ᠴᠦ᠍ ᠭᠠᠷᠴᠤ ᠴᠢᠳᠠᠭᠰᠠᠨ ᠦᠭᠡᠢ᠃ ᠬᠥᠭᠰᠢᠨ ᠬᠣᠨᠢ ᠴᠠᠭᠠᠨ᠎ᠠ ᠠ᠋ᠴᠠ ᠠᠯᠭᠤᠷ ᠠᠯᠬᠤᠵᠤ ᠢᠷᠡᠬᠦ ᠶ᠋ᠢ ᠴᠢᠨᠣ᠎ᠠ ᠬᠠᠷᠠᠭᠠᠳ ᠶᠡᠬᠡᠳᠡ ᠪᠠᠶᠠᠷᠯᠠᠵᠤ᠄ 
    《 ᠨᠠᠶ᠋ᠢᠵᠠ ᠠ᠋ ᠬᠦ᠌ ! ᠨᠥᠬᠥᠷᠯᠡᠯ ᠢ᠋ᠶ᠋ᠡᠨ ᠪᠣᠳᠣᠪᠠᠯ ᠨᠠᠳᠠ ᠵᠢᠭᠠᠬᠠᠨ ᠲᠤᠰᠠᠯᠠᠭᠠᠴᠢ !  》ᠭᠡᠵᠦ ᠳᠠᠭᠤᠳᠠᠪᠠ᠃   
    ᠬᠥᠭᠰᠢᠨ ᠬᠣᠨᠢ᠄《 ᠴᠢ ᠬᠡᠨ ᠭᠡᠭᠴᠢ ᠪᠣᠢ ?  ᠶᠠᠭᠠᠬᠢᠭᠠᠳ ᠠᠩᠴᠢᠨ ᠤ᠋ ᠤᠨᠠᠭᠤᠯᠢ ᠳ᠋ᠤ᠌ ᠤᠨᠠᠴᠢᠬᠠᠪᠠ ? 》ᠭᠡᠵᠦ ᠠᠰᠠᠭᠤᠪᠠ᠃   
    ᠴᠢᠨᠣ᠎ᠠ ᠰᠢᠳᠤᠷᠭᠤ ᠨᠢᠭᠦᠯᠡᠰᠦᠩᠭᠦᠢ ᠳᠦᠷᠢ ᠪᠡᠷ ᠣᠪᠯᠠᠵᠤ ᠄
    《 ᠴᠢ ᠲᠠᠨᠢᠬᠤ ᠦᠭᠡᠢ ᠶᠦ᠍ᠮ ‍ᠦᠦ ? ᠪᠢ ᠪᠣᠯ ᠨᠢᠭᠡ ᠰᠢᠳᠤᠷᠭᠤ ᠨᠣᠬᠠᠢ ᠶᠤᠮ ᠰᠢᠦ᠃ ᠤᠨᠠᠭᠤᠯᠢ ᠳ᠋ᠤ᠌ ᠤᠨᠠᠭᠰᠠᠨ ᠲᠠᠬᠢᠶ᠎ᠠ ᠶ᠋ᠢ ᠠᠪᠤᠷᠠᠬᠤ ᠪᠠᠷ ᠪᠡᠶ᠎ᠡ ᠪᠡᠨ ᠴᠥᠯᠡᠨ ᠦᠰᠦᠷᠴᠦ ᠣᠷᠣᠭᠠᠳ ᠭᠠᠷᠴᠤ ᠴᠢᠳᠠᠬᠤ ᠦᠭᠡᠢ ᠪᠣᠯᠴᠢᠬᠠᠪᠠ᠃ ᠠᠢ  ! ᠡᠨᠡᠷᠢᠩᠭᠦᠢ ᠰᠡᠳᠬᠢᠯᠲᠡᠨ ᠮᠢᠨᠢ  ᠨᠠᠮᠠᠶ᠋ᠢ ᠬᠥᠭᠡᠷᠦᠬᠦᠶ᠋ᠢᠯᠡᠭᠡᠴᠢ ᠳᠡ ! 》ᠭᠡᠪᠡ᠃   
    ᠬᠥᠭᠰᠢᠨ ᠬᠣᠨᠢ ᠲᠡᠭᠦᠨ ᠊ᠢ ᠠᠵᠢᠬᠯᠠᠰᠬᠢᠭᠠᠳ᠄
   《 ᠴᠢ ᠦᠨᠡᠬᠡᠷ ᠨᠣᠬᠠᠢ ᠭᠡᠵᠦ ‍ᠤᠤ ? ᠶᠠᠭᠠᠬᠢᠭᠠᠳ ᠴᠢᠨᠣ᠎ᠠ ᠲᠠᠢ ᠲᠥᠰᠲᠡᠢ ᠶᠦ᠍ᠮ ᠪᠣᠢ ? ᠨᠠᠮᠠᠶ᠋ᠢ ᠶᠠᠭᠤᠨ ᠳ᠋ᠤ᠌ ᠴᠢᠨᠣ᠎ᠠ ᠶ᠋ᠢᠨ ᠬᠠᠷᠠᠴᠠ ᠪᠠᠷ ᠬᠠᠷᠠᠬᠤ  ᠨᠢ ᠪᠣᠢ ? 》 ᠭᠡᠵᠦ ᠢᠲᠡᠭᠡᠯ ᠮᠠᠭᠤᠲᠠᠶ᠋ᠢᠬᠠᠨ ᠠᠰᠠᠭᠤᠪᠠ ᠃  
    ᠴᠢᠨᠣ᠎ᠠ ᠶᠠᠭᠠᠷᠠᠨ ᠨᠢᠳᠦ ᠪᠡᠨ ᠠᠨᠢᠵᠤ᠄
   《 ᠪᠢ ᠪᠣᠯ ᠴᠢᠨᠣ᠎ᠠ ᠪᠠᠷᠢᠳᠠᠭ ᠨᠣᠬᠠᠢ ᠪᠣᠯᠬᠣᠷ ᠴᠢᠨᠣ᠎ᠠ ᠲᠠᠢ ᠪᠠᠬᠠᠨ ᠲᠥᠰᠲᠡᠢ ᠶᠦ᠍ᠮ᠃ ᠭᠡᠪᠡᠴᠦ ᠴᠢ ᠪᠤᠤ ᠰᠡᠵᠢᠭᠯᠡᠭᠡᠴᠢ᠂ ᠪᠢ ᠪᠣᠯ ᠥᠪ ᠦᠨᠡᠨ ᠨᠣᠬᠠᠢ ᠰᠢᠦ᠃ ᠪᠢ ᠮᠠᠰᠢ ᠡᠶᠡᠯᠰᠡᠭ ᠵᠠᠩ ᠲᠠᠢ᠃ ᠪᠢ ᠪᠠᠰᠠ ᠰᠡᠭᠦᠯ ᠢ᠋ᠶ᠋ᠡᠨ ᠰᠢᠷᠪᠠᠵᠤ ᠴᠢᠳᠠᠨ᠎ᠠ᠃ ᠴᠢ ᠢᠲᠡᠭᠡᠬᠦ ᠦᠭᠡᠢ ᠪᠣᠯ ᠬᠠᠷᠠᠵᠤ ᠪᠠᠢ᠂ ᠪᠢ ᠴᠢᠮ᠎ᠠ ᠳ᠋ᠤ᠌ ᠰᠡᠭᠦᠯ  ᠰᠢᠷᠪᠠᠵᠤ ᠦᠭᠭᠦᠶ᠎ᠡ  》ᠭᠡᠪᠡ᠃   
    ᠴᠢᠨᠣ᠎ᠠ ᠬᠡᠯᠡᠭᠰᠡᠨ ᠢ᠋ᠶ᠋ᠡᠨ ᠪᠠᠲᠤᠯᠠᠬᠤ ᠪᠠᠷ ᠱᠣᠳᠣᠩ ᠰᠡᠭᠦᠯ ᠢ᠋ᠶ᠋ᠡᠨ ᠬᠡᠳᠦᠨᠲᠡ ᠰᠢᠷᠪᠠᠵᠤ ᠭᠠᠷᠪᠠ᠃《 ᠫᠠᠰ ᠫᠠᠰ ᠫᠠᠰ 》ᠬᠢᠲᠡᠯ᠎ᠡ ᠰᠢᠷᠪᠠᠬᠤ ᠶ᠋ᠢ ᠨᠢ ᠳᠠᠭᠠᠵᠤ ᠤᠨᠠᠭᠤᠯᠢ ᠳᠣᠲᠣᠷᠠᠬᠢ ᠲᠣᠭᠣᠰᠣ ᠰᠢᠷᠣᠢ ᠪᠤᠵᠢᠭᠢᠨᠠᠪᠠ᠃  
    ᠬᠥᠭᠰᠢᠨ ᠬᠣᠨᠢ ᠠᠷᠤ ᠲᠠᠰᠢ ᠪᠠᠨ ᠤᠬᠤᠷᠢᠭᠠᠳ᠄
   《 ᠴᠢᠨᠦ ᠰᠡᠭᠦᠯ ᠰᠢᠷᠪᠠᠳᠠᠭ ᠨᠢ ᠴᠦ᠍ ᠦᠨᠡᠨᠲᠡᠢ᠃ ᠭᠡᠲᠡᠯ᠎ᠡ ᠰᠡᠭᠦᠯ ᠰᠢᠷᠪᠠᠳᠠᠭ ᠯᠠ ᠶᠤᠮ ᠪᠣᠯ ᠨᠣᠬᠠᠢ ᠭᠡᠵᠦ ᠢᠲᠡᠭᠡᠵᠦ ᠪᠣᠯᠬᠤ ᠦᠭᠡᠢ᠃ ᠴᠢ ᠬᠡᠨ · ᠴᠢ ᠦᠨᠡᠬᠡᠷ ᠨᠣᠬᠠᠢ ᠭᠡᠵᠦ ‍ᠤᠤ ? 》ᠭᠡᠪᠡ᠃   
    ᠴᠢᠨᠣ᠎ᠠ ᠪᠠᠬᠠᠨ ᠰᠠᠨᠳᠤᠷᠴᠤ᠄
   《 ᠦᠨᠡᠨ ᠠ᠋ ᠦᠨᠡᠨ᠂ ᠢᠲᠡᠭᠡᠬᠦ ᠦᠭᠡᠢ ᠪᠣᠯ ᠠᠮᠠᠯᠳᠠᠪᠠᠴᠤ ᠪᠣᠯᠤᠨ᠎ᠠ᠃ ᠲᠦᠷᠭᠡᠯᠡᠭᠡᠴᠢ᠂ ᠲᠦᠷᠭᠡᠯᠡᠭᠡᠴᠢ ! ᠨᠥᠬᠥᠷᠯᠡᠯ ᠢ᠋ᠶ᠋ᠡᠨ ᠪᠣᠳᠣᠪᠠᠯ ᠨᠠᠳᠠ ᠲᠤᠰᠠᠯᠠᠭᠠᠴᠢ · ᠴᠢ ᠬᠥᠯ ᠢ᠋ᠶ᠋ᠡᠨ ᠰᠤᠩᠭᠠᠭᠠᠳ ᠥᠭᠪᠡᠯ ᠪᠣᠯᠴᠢᠬᠠᠨ᠎ᠠ᠃ ᠪᠢ ᠭᠠᠷᠴᠤ ᠣᠴᠢᠪᠠᠯ ᠠᠴᠢ ᠶ᠋ᠢ ᠴᠢᠨᠢ ᠬᠠᠷᠢᠭᠤᠯᠤᠨ᠎ᠠ᠃ ᠪᠢ ᠦᠰᠦ ᠶ᠋ᠢ ᠴᠢᠨᠢ ᠢᠯᠢᠵᠦ ᠪᠥᠭᠡᠰᠦ ᠶ᠋ᠢ ᠴᠢᠨᠢ ᠠᠯᠠᠵᠤ ᠦᠭᠭᠦᠨ᠎ᠡ  ᠃ ᠦᠨᠡᠨ ᠰᠢᠦ᠂ ᠪᠢ ᠬᠣᠨᠢᠨ ᠳ᠋ᠤ᠌ ᠲᠤᠩ ᠬᠠᠶ᠋ᠢᠷᠠᠲᠠᠢ᠂ ᠢᠯᠠᠩᠭᠤᠶ᠎ᠠ ᠬᠥᠭᠰᠢᠨ ᠬᠣᠨᠢᠨ ᠳ᠋ᠤ᠌ ᠣᠨᠴᠠ ᠬᠠᠶ᠋ᠢᠷᠠᠲᠠᠢ ᠶᠤᠮ 》 ᠭᠡᠵᠦ  ᠪᠠᠴᠢᠮᠳᠠᠨ ᠬᠡᠯᠡᠪᠡ᠃    
     ᠬᠥᠭᠰᠢᠨ ᠬᠣᠨᠢ ᠪᠠᠰᠠ ᠰᠡᠵᠢᠭ ᠠᠷᠢᠯᠤᠭᠰᠠᠨ ᠦᠭᠡᠢ ᠳᠠᠬᠢᠨ ᠨᠢᠭᠡ ᠠᠯᠬᠤᠮ ᠤᠬᠤᠷᠢᠭᠠᠳ᠄
     《 ᠪᠠᠶ᠋ᠢᠵᠠ · ᠪᠢ ᠪᠣᠳᠣᠯᠬᠢᠯᠠᠵᠤ ᠦᠵᠡᠶ᠎ᠡ 》ᠭᠡᠪᠡ ᠃  
     ᠡᠨᠡ ᠦᠶ᠎ᠡ ᠳ᠋ᠦ᠍ ᠴᠢᠨᠣ᠎ᠠ ᠨᠢᠭᠡᠨᠲᠡ ᠪᠤᠷᠤᠩᠬᠤᠢ ᠨᠢ ᠬᠥᠳᠡᠯᠵᠦ ᠠᠮᠠ ᠪᠠᠨ ᠠᠩᠭᠠᠶ᠋ᠢᠨ ᠰᠣᠶᠣᠭ᠎ᠠ ᠪᠠᠨ ᠶᠣᠷᠲᠣᠶ᠋ᠢᠯᠭᠠᠭᠠᠳ᠄ 
     《 ᠮᠠᠭᠤ ᠬᠥᠭᠰᠢᠨ ᠭᠠᠶ᠋ᠢᠬᠠᠯ ᠴᠢ ! ᠲᠦᠷᠭᠡᠨ ᠨᠡᠰᠢ ᠪᠡᠨ ᠢᠷᠡᠬᠦ ᠦᠭᠡᠢ ᠶᠦ᠍ᠮ ‍ᠤᠤ ? 》ᠭᠡᠵᠦ ᠵᠠᠩᠳᠤᠷᠪᠠ᠃  
     ᠬᠥᠭᠰᠢᠨ ᠬᠣᠨᠢ ᠲᠡᠭᠦᠨ ᠊ᠢ ᠬᠢᠨᠠᠮᠠᠭᠠᠢ ᠬᠠᠷᠠᠵᠤ ᠠᠪᠤᠭᠰᠠᠨ ᠢ᠋ᠶ᠋ᠠᠨ ᠯᠠᠪ ᠯᠠᠪᠳᠠᠭᠤᠨ ᠢ᠋ᠶ᠋ᠠᠷ᠄
     《 ᠴᠢ ᠴᠢᠨᠢ ᠴᠢᠨᠣ᠎ᠠ ᠶᠤᠮ  ᠪᠠᠶ᠋ᠢᠨ᠎ᠠ ᠳᠠ᠂ ᠪᠢ ᠰᠣᠶᠣᠭ᠎ᠠ ᠶ᠋ᠢ ᠴᠢᠨᠢ  ᠬᠠᠷᠠᠯ᠎ᠠ᠃ ᠨᠢᠳᠤᠨᠤᠨ ᠴᠢ ᠠᠮᠢ ᠶ᠋ᠢ ᠮᠢᠨᠢ ᠠᠪᠤᠨ ᠠᠯᠳᠠᠭᠰᠠᠨ ᠶᠤᠮ᠃ ᠣᠳᠣ ᠴᠢ ᠶᠠᠭᠠᠬᠢᠵᠤ ᠪᠠᠰᠢᠷᠯᠠᠭᠰᠠᠨ ᠴᠤ᠌ ᠮᠡᠬᠡᠯᠡᠵᠦ ᠴᠢᠳᠠᠬᠤ ᠠ᠋ᠴᠠ ᠬᠣᠯᠠᠳᠴᠠᠢ᠃ ᠵᠠ· ᠪᠠᠶᠠᠷᠲᠠᠢ ! 》ᠭᠡᠵᠦ ᠬᠡᠯᠡᠭᠡᠳ ᠴᠢᠨᠠᠭᠰᠢ ᠣᠳᠪᠠ᠃   

ᠢᠷᠡᠯᠲᠡ ᠄ 
      ᠲᠠᠪᠤᠨ ᠵᠢᠯ ᠦ᠋ᠨ ᠳᠦᠷᠢᠮᠲᠦ ᠪᠠᠭ᠎ᠠ ᠰᠤᠷᠭᠠᠭᠤᠯᠢ ᠳ᠋ᠤ᠌ ᠦᠵᠡᠬᠦ < ᠬᠡᠯᠡ ᠪᠢᠴᠢᠭ >  ᠶᠢᠰᠦᠳᠦᠭᠡᠷ ᠳᠡᠪᠲᠡᠷ  ※ 
      ᠥᠪᠥᠷ ᠮᠣᠩᠭᠣᠯ ᠤ᠋ᠨ ᠰᠤᠷᠭᠠᠨ ᠬᠥᠮᠦᠵᠢᠯ ᠦ᠋ᠨ ᠬᠡᠪᠯᠡᠯ ᠦ᠋ᠨ ᠬᠣᠷᠢᠶ᠎ᠠ ᠨᠠᠶ᠋ᠢᠷᠠᠭᠤᠯᠤᠨ ᠬᠡᠪᠯᠡᠭᠦᠯᠪᠡ 
      ᠥᠪᠥᠷ ᠮᠣᠩᠭᠣᠯ ᠤ᠋ᠨ ᠰᠢᠨᠬᠤᠸᠠ ᠨᠣᠮ ᠤ᠋ᠨ ᠳᠡᠯᠭᠡᠭᠦᠷ ᠲᠠᠷᠬᠠᠭᠠᠪᠠ 
      ᠥᠪᠥᠷ ᠮᠣᠩᠭᠣᠯ ᠤ᠋ᠨ ᠮᠣᠩᠭᠣᠯ ᠪᠢᠴᠢᠭ ᠬᠡᠪᠯᠡᠬᠦ ᠦᠢᠯᠡᠳᠪᠦᠷᠢ ᠬᠡᠪᠯᠡᠪᠡ    
      1981 ᠣᠨ ᠤ᠋ 5 ᠰᠠᠷ᠎ᠠ ᠳ᠋ᠤ᠌ ᠬᠣᠶᠠᠳᠤᠭᠠᠷ ᠬᠡᠪ ᠢ᠋ ᠬᠢᠪᠡ  
      1984 ᠣᠨ ᠤ᠋ 4 ᠰᠠᠷ᠎ᠠ ᠳ᠋ᠤ᠌ ᠳᠥᠷᠪᠡᠳᠦᠭᠡᠷ ᠤᠳᠠᠭ᠎ᠠ ᠶ᠋ᠢᠨ ᠬᠡᠪᠯᠡᠯ ᠡᠴᠡ ᠰᠣᠩᠭᠣᠪᠠ ᠃


           ᠦᠰᠦᠭ ᠠᠮᠢᠯᠠᠭᠤᠯᠤᠭᠴᠢ ᠄  ᠦᠵᠢᠶᠡᠳ · ᠡᠷᠲᠡᠨᠢᠴᠡᠴᠡᠭ᠌      
              ᠬᠢᠨᠠᠭᠴᠢ ᠄  ᠣᠤᠠᠬᠠᠨᠰᠣ᠎ᠠ ᠂ ᠲᠣ᠋ · ᠨᠠᠨᠳᠢᠨ
                            2023᠂ 03᠂ 23