ᠵᠠᠭᠠᠨ ᠣᠭᠣᠲᠣᠨ᠎ᠠ ᠬᠣᠶᠠᠷЗаан оготно хоёр ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠠᠭᠠᠨ ᠣᠭᠣᠲᠣᠨ᠎ᠠ ᠬᠣᠶᠠᠷЗаан оготно хоёр

ᠵᠠᠭᠠᠨ ᠣᠭᠣᠲᠣᠨ᠎ᠠ ᠬᠣᠶᠠᠷЗаан оготно хоёр

ᠠᠩᠭᠢᠯᠠᠯ:ᠳᠣᠮᠣᠭ ᠦᠯᠢᠭᠡᠷ
2023-05-25

644

ᠵᠠᠭᠠᠨ ᠣᠭᠣᠲᠣᠨ᠎ᠠ ᠬᠣᠶᠠᠷ

  ᠡᠷᠲᠡ ᠤᠷᠢᠳᠤ ᠴᠠᠭ ᠲᠤ᠌ ᠨᠢᠭᠡᠨ ᠪᠢᠴᠢᠬᠠᠨ ᠬᠣᠲᠠᠶ᠋ᠢᠨ ᠵᠠᠬ᠎ᠠ ᠳ᠋ᠤ᠌ ᠨᠢᠭᠡᠨ ᠵᠠᠭᠠᠨ ᠣᠷᠣᠰᠢᠳᠠᠭ ᠪᠠᠶ᠋ᠢᠵᠠᠢ ᠃ ᠵᠠᠭᠠᠨ ᠡᠳᠦᠷ ᠪᠦᠷᠢ ᠭᠣᠣᠯ ᠳ᠋ᠤ᠌ ᠣᠴᠢᠵᠤ ᠤᠰᠤ ᠤᠤᠭᠤᠨ᠎ᠠ᠃
ᠲᠡᠷᠡ ᠭᠣᠣᠯ ᠤ᠋ᠨ ᠡᠷᠭᠢ ᠳᠡᠭᠡᠷ᠎ᠡ ᠪᠠᠰᠠ ᠨᠢᠭᠡᠨ ᠣᠭᠣᠲᠣᠨ᠎ᠠ ᠠᠮᠢᠳᠤᠷᠠᠳᠠᠭ ᠪᠠᠶ᠋ᠢᠵᠠᠢ᠃ ᠵᠠᠭᠠᠨ ᠤᠰᠤ ᠤᠤᠭᠤᠵᠤ ᠬᠠᠨᠤᠭᠠᠳ ᠣᠭᠣᠲᠣᠨ᠎ᠠ ᠶ᠋ᠢᠨ ᠨᠦᠬᠡ ᠶ᠋ᠢ ᠤᠰᠤ ᠪᠠᠷ ᠰᠦᠷᠴᠢᠵᠦ ᠤᠰᠤᠨ ᠳ᠋ᠤ᠌ ᠠᠪᠤᠭᠤᠯᠳᠠᠭ ᠪᠠᠶ᠋ᠢᠵᠤ ᠭᠡᠨ᠎ᠡ᠃ ᠢᠩᠭᠢᠭᠡᠳ ᠣᠭᠣᠲᠣᠨ᠎ᠠ ᠶ᠋ᠢ ᠲᠡᠰᠬᠦ ᠶ᠋ᠢᠨ ᠠᠷᠭ᠎ᠠ ᠦᠭᠡᠢ ᠵᠣᠪᠠᠯᠠᠩ ᠵᠦᠳᠡᠭᠦᠷᠢ ᠳ᠋ᠦ᠍ ᠤᠨᠠᠭᠠᠬᠤ ᠪᠠᠷ ᠨᠢ ᠣᠭᠣᠲᠣᠨ᠎ᠠ᠄  ᠵᠠᠭᠠᠨᠲᠠᠨ ᠭᠤᠸᠠᠢ ᠠ᠋ ᠂ ᠮᠢᠨᠦ ᠥᠴᠦᠬᠡᠨ ᠣᠷᠣᠨ ᠪᠠᠶ᠋ᠢᠷᠢ ᠶ᠋ᠢ ᠪᠢᠲᠡᠭᠡᠢ ᠰᠦᠢᠳᠬᠡᠭᠡᠴᠢ ᠳᠡ ᠠ᠋! ᠭᠡᠵᠦ ᠣᠯᠠᠨ ᠤᠳᠠᠭ᠎ᠠ ᠭᠤᠶᠤᠵᠠᠢ᠃
ᠭᠡᠪᠡᠴᠦ ᠵᠢᠭᠠᠨ ᠣᠭᠣᠲᠣᠨ᠎ᠠ ᠶ᠋ᠢᠨ ᠦᠭᠡ ᠶ᠋ᠢ ᠣᠭᠲᠣ ᠲᠣᠭᠣᠬᠤ ᠦᠭᠡᠢ᠂ ᠤᠷᠢᠳᠤ ᠶ᠋ᠢᠨ ᠠᠳᠠᠯᠢ ᠰᠦᠢᠳᠬᠡᠵᠦ ᠬᠥᠨᠥᠭᠡᠭᠰᠡᠭᠡᠷ ᠪᠠᠶ᠋ᠢᠵᠤ ᠭᠡᠨ᠎ᠡ᠃ ᠨᠢᠭᠡ ᠡᠳᠦᠷ ᠵᠠᠭᠠᠨ ᠊ᠢ ᠢᠷᠡᠬᠦ ᠳ᠋ᠦ᠍ ᠨᠢ ᠣᠭᠣᠲᠣᠨ᠎ᠠ᠄ ᠮᠢᠨᠦ ᠣᠷᠣᠨ ᠪᠠᠶ᠋ᠢᠷᠢ ᠶ᠋ᠢ ᠰᠦᠢᠳᠬᠡᠬᠦ ᠪᠡᠨ ᠵᠣᠭᠰᠣᠬᠤ ᠦᠭᠡᠢ ᠪᠣᠯ ᠪᠢ ᠲᠠᠨ ᠳ᠋ᠤ᠌ ᠳᠠᠶ᠋ᠢᠨ ᠵᠠᠷᠯᠠᠨ᠎ᠠ ᠭᠡᠵᠦ ᠭᠡᠨ᠎ᠡ᠃
ᠵᠠᠭᠠᠨ ᠡᠨᠡ ᠦᠭᠡ ᠶ᠋ᠢ ᠰᠣᠨᠣᠰᠤᠭᠠᠳ ᠦᠯᠦ ᠲᠣᠭᠣᠮᠰᠠᠷᠯᠠᠨ ᠬᠥᠬᠡ ᠢᠨᠢᠶᠡᠳᠦ ᠨᠢ ᠬᠦᠷᠴᠦ ᠭᠡᠨ᠎ᠡ᠃ ᠣᠭᠣᠲᠣᠨ᠎ᠠ ᠲᠡᠷᠡ ᠬᠠᠪᠢ ᠶ᠋ᠢᠨ ᠠᠷᠠᠳ ᠦ᠋ᠳ ᠲᠦ᠍  ᠪᠢ᠂ ᠪᠢ ᠵᠠᠭᠠᠨ ᠲᠠᠢ ᠪᠠᠶ᠋ᠢᠯᠲᠤᠨ᠎ᠠ  ᠡᠶ᠋ᠢᠮᠦ ᠤᠴᠢᠷ ᠠ᠋ᠴᠠ ᠮᠠᠷᠭᠠᠰᠢ ᠶ᠋ᠢᠨ ᠳᠣᠲᠣᠷ᠎ᠠ ᠲᠠ ᠨᠠᠷ ᠡᠨᠳᠡ ᠡᠴᠡ ᠨᠡᠭᠦᠵᠦ ᠬᠣᠯᠠᠳᠠᠬᠤ ᠦᠭᠡᠢ ᠪᠣᠯ ᠳᠠᠶ᠋ᠢᠨ ᠤ᠋ ᠬᠥᠯ ᠳ᠋ᠦ᠍ ᠦᠷᠡᠭᠲᠡᠨ᠎ᠡ ᠰᠢᠦ ᠭᠡᠵᠦ ᠵᠠᠷᠯᠠᠵᠠᠢ᠃
ᠭᠡᠲᠡᠯ᠎ᠡ ᠪᠠᠶᠠᠴᠤᠳ ᠣᠭᠣᠲᠣᠨ᠎ᠠ ᠶ᠋ᠢᠨ ᠦᠭᠡ ᠶ᠋ᠢ ᠪᠠᠰᠠ ᠯᠠ ᠲᠣᠭᠣᠬᠤ ᠦᠭᠡᠢ᠂ ᠬᠡ ᠬᠡ ᠬᠡ᠂ ᠡᠨᠡ ᠥᠴᠦᠬᠡᠨ ᠮᠠᠭᠤ ᠣᠭᠣᠲᠣᠨ᠎ᠠ ᠵᠠᠭᠠᠨ ᠲᠠᠢ ᠶᠠᠭᠠᠬᠢᠵᠤ ᠪᠠᠶ᠋ᠢᠯᠲᠤᠬᠤ ᠶᠤᠮ ᠳᠠ ᠂ ᠲᠡᠭᠡᠭᠡᠳ ᠪᠠᠰᠠ ᠤᠯᠤᠰ ᠠᠮᠢᠲᠠᠨ ᠊ᠢ ᠰᠦᠢᠳᠬᠡᠨ᠎ᠡ ᠭᠡᠳ ᠪᠠᠶ᠋ᠢᠭ᠎ᠠ ᠶᠤᠮ ᠰᠢᠦ᠂
ᠢᠩᠭᠢᠵᠦ ᠣᠭᠣᠲᠣᠨ᠎ᠠ ᠶ᠋ᠢ ᠪᠠᠶᠠᠴᠤᠳ ᠪᠠᠰᠤᠮᠵᠢᠯᠠᠵᠠᠢ᠃
ᠬᠠᠷᠢᠨ ᠶᠠᠳᠠᠭᠤ ᠠᠷᠠᠳ ᠦ᠋ᠳ ᠣᠭᠣᠲᠣᠨ᠎ᠠ ᠶ᠋ᠢᠨ ᠦᠭᠡ ᠶ᠋ᠢ ᠰᠣᠨᠣᠰᠤᠭᠠᠳ ᠪᠢᠳᠡᠨ ᠳ᠋ᠦ᠍ ᠠᠶᠤᠯ ᠤᠴᠠᠷᠠᠵᠤ ᠮᠠᠭᠠᠳ ᠦᠭᠡᠢ ᠭᠡᠳ ᠨᠡᠭᠦᠭᠡᠳ ᠶᠠᠪᠤᠵᠤ ᠭᠡᠨ᠎ᠡ᠃
ᠮᠠᠷᠭᠠᠰᠢ ᠨᠢ ᠵᠠᠭᠠᠨ ᠊ᠢ ᠤᠰᠤᠨ ᠳ᠋ᠤ᠌ ᠢᠷᠡᠬᠦ ᠳ᠋ᠦ᠍ ᠨᠢ ᠣᠭᠣᠲᠣᠨ᠎ᠠ ᠬᠠᠮᠠᠷ ᠤ᠋ᠨ ᠬᠢᠨᠢ ᠨᠦᠬᠡ ᠪᠡᠷ ᠣᠷᠣᠵᠤ ᠤᠯᠠᠭᠠᠨ ᠬᠣᠭᠣᠯᠠᠢ ᠶ᠋ᠢ ᠨᠢ᠂ ᠠᠭᠤᠰᠬᠢ ᠵᠢᠷᠦᠬᠡ ᠶ᠋ᠢ ᠨᠢ ᠤᠷᠠᠵᠤ ᠭᠠᠷᠴᠤ ᠭᠡᠨ᠎ᠡ᠃
ᠵᠠᠭᠠᠨ ᠠᠮᠢ ᠨᠢ ᠲᠡᠮᠡᠴᠡᠵᠦ ᠴᠢᠷᠠᠯᠠᠨ ᠴᠣᠪᠬᠣᠴᠢᠨ ᠲᠣᠶ᠋ᠢᠯᠠᠵᠤ᠂ ᠬᠠᠪᠢ ᠣᠶ᠋ᠢᠷ᠎ᠠ ᠶ᠋ᠢᠨ ᠠᠶ᠋ᠢᠯ ᠠᠮᠢᠲᠠᠨ ᠊ᠢ ᠳᠠᠭᠠᠷᠢᠨ ᠰᠦᠢᠳᠬᠡᠵᠦ ᠂ ᠨᠡᠭᠦᠭᠡ ᠦᠭᠡᠢ ᠦᠯᠡᠳᠡᠭᠡᠰᠡ ᠪᠠᠶᠠᠴᠤᠳ ᠊ᠢ ᠦᠨᠡᠰᠦᠨ ᠲᠣᠪᠷᠠᠭ ᠪᠣᠯᠭᠠᠵᠠᠢ᠃ ᠵᠠᠭᠠᠨ ᠭᠠᠯᠵᠠᠭᠤᠷᠠᠵᠤ ᠭᠠᠯᠵᠠᠭᠤᠷᠠᠵᠤ ᠦᠬᠦᠭᠰᠡᠨ ᠬᠣᠶ᠋ᠢᠨ᠎ᠠ ᠨᠢ ᠣᠭᠣᠲᠣᠨ᠎ᠠ ᠵᠠᠭᠠᠨ ᠤ᠋ ᠬᠠᠮᠠᠷ ᠤ᠋ᠨ ᠨᠦᠬᠡ ᠪᠡᠷ ᠪᠤᠴᠠᠵᠤ ᠭᠠᠷᠤᠭᠠᠳ ᠭᠣᠣᠯ ᠤ᠋ᠨ ᠡᠷᠭᠢ ᠳ᠋ᠦ᠍ ᠪᠡᠨ ᠣᠴᠢᠵᠤ ᠠᠮᠤᠷ ᠰᠠᠢᠬᠠᠨ ᠵᠢᠷᠭᠠᠵᠤ ᠭᠡᠨ᠎ᠡ᠃

   
ᠠᠮᠢᠯᠠᠭᠤᠯᠤᠭᠴᠢ᠄ ᠬᠠᠰᠴᠢᠮᠡᠭ
   
ᠬᠢᠨᠠᠭᠴᠢ᠄ ᠠᠯᠲᠠᠨ ᠠᠭᠤᠯᠠ᠂ ᠪᠠᠶᠠᠷᠴᠡᠴᠡᠭ