ᠴᠤᠤᠲᠤ ᠬᠥᠮᠥᠰ ᠦᠨ ᠮᠡᠷᠭᠡᠨ ᠦᠭᠡ Цоод хүмүүсийн мэргэн үг
ᠴᠡᠴᠡᠭ ᠦ᠋ᠨ ᠲᠤᠯᠤᠭᠠᠢ ᠲᠠᠰᠤᠲᠠᠲᠠᠭ ᠦᠭᠡᠢ
ᠦᠷ᠎ᠡ ᠲᠠᠢ ᠪᠠᠶ᠋ᠢᠬᠤ ᠶ᠋ᠢ ᠬᠦᠰᠡᠨ᠎ᠡ ᠪᠢ
ᠴᠡᠴᠡᠳ ᠦ᠋ᠨ ᠲᠤᠯᠤᠭᠠᠢ ᠠᠪᠲᠠᠭ ᠦᠭᠡᠢ
ᠲᠦᠷᠦ ᠲᠠᠢ ᠪᠠᠶ᠋ᠢᠬᠤ ᠶ᠋ᠢ ᠬᠦᠰᠡᠨ᠎ᠡ ᠪᠢ
— ᠴ ᠂ ᠬᠤᠯᠠᠨ ( ᠮᠣᠩᠭᠣᠯ ᠤᠯᠤᠰ )
ᠮᠢᠨᠤ ᠮᠣᠩᠭᠣᠯ ᠦ᠋ᠨ ᠲᠡᠭᠷᠢ ᠶ᠋ᠢ ᠡᠰᠭᠡᠭᠦ ᠭᠡᠵᠤ
ᠪᠤᠰᠤᠳ ᠦ᠋ᠨ ᠤᠲᠤ ᠬᠠᠷᠪᠤᠲᠠᠭ ᠦᠭᠡᠢ
ᠮᠢᠨᠤ ᠮᠤᠩᠭᠤᠯ ᠦ᠋ᠨ ᠲᠡᠭᠷᠢ ᠳ᠋ᠦ᠍ ᠡᠷᠬᠡᠯᠡᠬᠦ ᠭᠡᠵᠤ
ᠪᠤᠰᠤᠳ ᠦ᠋ᠨ ᠤᠲᠤ ᠱᠣᠬᠣᠭᠣᠷᠠᠳᠠᠭ ᠶᠤᠮ ᠃
— ᠪ · ᠢᠳᠰᠢᠨᠬᠤᠷᠯᠤ ( ᠮᠣᠩᠭᠣᠯ ᠤᠯᠤᠰ )
ᠡᠭᠦᠷᠭᠡ ᠲᠤᠰᠢᠶᠠᠯ ᠦᠴᠦᠬᠡᠨ ᠴᠦ᠍ ᠤᠯᠤᠰ ᠶ᠋ᠢᠠᠨ ᠬᠠᠶ᠋ᠢᠷᠠᠯᠠᠬᠤ ᠶ᠋ᠢ ᠮᠠᠷᠲᠠᠵᠤ ᠦᠯᠦ ᠪᠤᠯᠤᠮᠤᠢ ᠃
— ᠯᠤ᠌ ᠶᠢᠤ ( ᠡᠮᠦᠨᠡᠲᠦ ᠰᠦᠩ )
ᠬᠦᠮᠦᠨ ᠲᠦᠷᠦᠯᠬᠢᠲᠡᠨ ᠪ ᠬᠠᠮᠤᠭ ᠦ᠋ᠨ ᠡᠷᠬᠢᠮ ᠳᠡᠭᠡᠳᠦ ᠶᠤᠰᠤ ᠮᠤᠷᠠᠯ ᠭᠡᠭᠴᠢ ᠶᠠᠭᠤ ᠪᠤᠢ ᠬᠡᠪᠡᠯ ᠲᠠᠷᠤᠢ ᠤᠯᠤᠰ ᠶ᠋ᠢᠠᠨ ᠬᠠᠶ᠋ᠢᠷᠠᠯᠠᠬᠤ ᠶᠠᠪᠤᠲᠠᠯ ᠪᠣᠯᠤᠨ᠎ᠠ ᠃
— ᠨᠠᠫᠤᠯᠢᠶᠤᠨ ( ᠹᠷᠠᠨᠼᠢ )
ᠡᠬᠡ ᠣᠷᠣᠨ ᠪ ᠪᠠᠨ ᠲᠦᠯᠦᠬᠡ ᠥᠷᠡᠭᠳᠡᠬᠦ ᠶᠠᠪᠤᠲᠠᠯ ᠪᠣᠯ ᠬᠦᠮᠦᠨ ᠪ ᠬᠠᠮᠤᠭ ᠦ᠋ᠨ ᠰᠠᠶ᠋ᠢᠨ ᠰᠠᠶ᠋ᠢᠬᠠᠨ ᠬᠤᠪᠢ ᠲᠠᠪᠢᠯᠠᠩ ᠪᠤᠯᠤᠨ᠎ᠡ ᠃
— ᠶᠡᠬᠡ ᠳ᠋ᠦ᠋ᠮᠠᠰ (ᠹᠷᠠᠨᠼᠢ )
ᠡᠬᠡ ᠣᠷᠣᠨ ᠪ ᠤᠯᠤᠭᠰᠠᠨ ᠰᠢᠷᠬ᠎ᠠ ᠂ ᠠᠮᠰᠠᠭᠰᠠᠨ ᠵᠤᠪᠠᠯᠠᠩ ᠊ᠢ ᠮᠠᠨ ᠪ ᠬᠡᠨ ᠨᠢ ᠴᠦ᠍ ᠭᠡᠰᠡᠨ ᠵᠢᠷᠦᠬᠡ ᠰᠡᠤᠠᠬᠢᠯ ᠦ᠋ᠨ ᠶ᠋ᠢᠡᠨ ᠭᠦᠨ ᠳ᠋ᠦ᠍ ᠮᠡᠲᠡᠷᠡᠵᠦ ᠶᠠᠪᠤᠪᠠᠯ ᠵᠤᠬᠢᠨ᠎ᠡ ᠃
— ᠾᠦᠢ᠍ᠭᠣ᠋ (ᠹᠷᠠᠨᠼᠢ )
ᠦᠰᠦᠭ ᠠᠮᠢᠯᠠᠭᠤᠯᠤᠭᠴᠢ ᠄ ᠬᠠᠰᠬᠤᠶᠠᠭᠲᠤ
ᠦᠰᠦᠭ ᠬᠢᠨᠠᠭᠴᠢ ᠄ ᠪᠠᠶᠠᠷᠴᠡᠴᠡᠭ ᠂ ᠯᠢᠶᠠᠩ ᠵᠢᠨ ᠬᠤᠸᠠ
