1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠢᠷᠭᠠᠯᠲᠠᠢ ᠬᠠᠨ ᠬᠦᠦЖаргалтай ханхүү

ᠵᠢᠷᠭᠠᠯᠲᠠᠢ ᠬᠠᠨ ᠬᠦᠦЖаргалтай ханхүү

2022-01-05

1005

ᠵᠢᠷᠭᠠᠯᠲᠠᠢ ᠬᠠᠨ ᠬᠦᠦ

ᠰᠢᠳᠢᠲᠦ ᠦᠯᠢᠭᠡᠷ
ᠨᠢᠭᠡ ᠡᠳᠦᠷ ᠳ᠋ᠧᠪᠠᠵᠠᠨ ᠳ᠋ᠤ᠌ ᠪᠤᠷᠬᠠᠨ ᠬᠣᠶᠠᠷ ᠵᠠᠷᠤᠴᠠ ᠪᠠᠨ ᠶᠠᠭᠤ ᠴᠤ᠌ ᠬᠢᠬᠦ ᠦᠭᠡᠢ ᠰᠠᠭᠤᠵᠤ ᠪᠠᠢᠬᠤ ᠲᠠᠢ ᠲᠠᠭᠠᠷᠠᠵᠠᠢ᠃ ᠲᠡᠳᠡ ᠭᠤᠨᠢᠭᠲᠠᠢ ᠬᠠᠷᠠᠭᠳᠠᠪᠠ᠃
— ᠬᠥᠶᠢ! ᠡᠨᠡ ᠴᠢᠨᠢ ᠳ᠋ᠧᠪᠠᠵᠠᠨ ᠡᠨᠳᠡ ᠭᠤᠨᠢᠭᠲᠠᠢ ᠪᠠᠢᠵᠤ ᠪᠣᠯᠳᠠᠭ ᠦᠭᠡᠢ ᠶᠦᠮ᠃ ᠶᠠᠮᠠᠷ ᠰᠢᠯᠲᠠᠭᠠᠨ ᠲᠠᠢ ᠪᠣᠯᠤᠭᠠᠳ ᠭᠤᠨᠢᠭᠯᠠᠪᠠ ᠤᠤ?
— ᠪᠢᠳᠡᠨ ᠳ᠋ᠦ᠍ ᠬᠢᠬᠦ ᠶᠠᠭᠤᠮ᠎ᠠ ᠠᠯᠠᠭ᠎ᠠ ᠪᠠᠢᠨ᠎ᠠ ᠰᠢᠦ ᠳᠡ!
— ᠪᠢᠳᠡ ᠵᠦᠭᠡᠷ ᠰᠠᠭᠤᠵᠤ ᠪᠠᠢᠭ᠎ᠠ ᠪᠣᠯᠬᠣᠷ ᠯᠠ ᠠᠵᠠ ᠵᠢᠷᠭᠠᠯ ᠦᠭᠡᠢ ᠪᠠᠢᠨ᠎ᠠ᠃
— ᠵᠠ ᠵᠠ᠂ ᠳᠡᠯᠡᠬᠡᠢ ᠤᠷᠤᠭᠤ ᠨᠢᠰ! ᠬᠣᠲᠠ ᠠ᠋ᠴᠠ ᠬᠣᠶᠠᠷ ᠰᠠᠢᠬᠠᠨ ᠵᠦᠢᠯ ᠣᠯᠤᠭᠠᠳ ᠨᠠᠳᠠ ᠳ᠋ᠤ᠌ ᠠᠪᠴᠢᠷᠠᠵᠤ ᠥᠭ!
ᠢᠩᠭᠢᠭᠡᠳ ᠪᠤᠷᠬᠠᠨ ᠤ᠋ ᠵᠠᠷᠤᠴᠠ ᠨᠠᠷ ᠳ᠋ᠧᠪᠠᠵᠠᠨ ᠠ᠋ᠴᠠ ᠲᠡᠭᠷᠢ ᠤᠷᠤᠭᠤ ᠨᠢᠰᠪᠡ᠃
ᠬᠣᠲᠠ ᠶ᠋ᠢᠨ ᠲᠥᠪ ᠲᠦ᠍ ᠨᠢᠭᠡᠨ ᠬᠥᠰᠢᠶ᠎ᠡ ᠪᠠᠢᠷᠢᠯᠠᠭᠤᠯᠵᠠᠢ᠃ ᠬᠥᠰᠢᠶ᠎ᠡ ᠶ᠋ᠢ ᠠᠯᠲᠠ ᠪᠠᠷ ᠪᠦᠷᠢᠭᠰᠡᠨ ᠪᠠᠢᠨ᠎ᠠ᠃ ᠨᠢᠳᠦ ᠶ᠋ᠢ ᠨᠢ ᠬᠥᠬᠡ ᠪᠢᠨᠳᠦᠷᠢᠶ᠎ᠠ ᠴᠢᠯᠠᠭᠤ ᠪᠠᠷ ᠬᠢᠵᠡᠢ᠃ ᠪᠥᠰᠡᠨ ᠳ᠋ᠦ᠍ ᠨᠢ ᠶᠡᠬᠡ ᠦᠨᠡᠲᠡᠢ ᠪᠠᠳᠮᠠᠷᠠᠭ᠎ᠠ ᠪᠠᠢᠯ᠎ᠠ᠃ ᠬᠥᠰᠢᠶ᠎ᠡ ᠬᠥᠮᠦᠨ ᠪᠦᠷᠢ ᠳ᠋ᠦ᠍ ᠬᠡᠷᠬᠢᠨ ᠵᠢᠷᠭᠠᠯᠲᠠᠢ ᠪᠠᠢᠬᠤ ᠶ᠋ᠢᠨ ᠦᠯᠢᠭᠡᠷ ᠵᠢᠱ᠌ᠢᠶ᠎ᠡ ᠪᠣᠯᠵᠤ ᠪᠠᠢᠨ᠎ᠠ᠂ ᠲᠡᠢᠮᠦ ᠡᠴᠡ ᠬᠥᠰᠢᠶ᠎ᠡ ᠶ᠋ᠢ《ᠵᠢᠷᠭᠠᠯᠲᠠᠢ ᠬᠠᠨ ᠬᠦᠦ》 ᠭᠡᠵᠦ ᠨᠡᠷᠡᠯᠡᠵᠡᠢ᠃
— ᠠ᠋! ᠠ᠋! ᠠ᠋!
— ᠦ! ᠦᠷ᠎ᠡ ᠮᠢᠨᠢ! ᠶᠠᠭᠤᠨ ᠳ᠋ᠤ᠌ ᠤᠬᠢᠯᠠᠭ᠎ᠠ ᠪᠣᠢ? ᠴᠢ ᠵᠢᠷᠭᠠᠯᠲᠠᠢ ᠪᠠᠢᠬᠤ ᠶᠣᠰᠣᠲᠠᠢ ᠰᠢᠦ ᠳᠡ! ᠶᠠᠭ ᠵᠢᠷᠭᠠᠯᠲᠠᠢ ᠬᠠᠨ ᠬᠦᠦ ᠰᠢᠭ!
ᠤᠳᠠᠬᠤ ᠦᠭᠡᠢ ᠡᠪᠦᠯ ᠪᠣᠯᠤᠯ᠎ᠠ᠂ ᠨᠠᠷᠠ ᠵᠢᠷᠭᠠᠵᠤ ᠬᠠᠷᠢᠶᠠᠴᠠᠢ ᠰᠢᠪᠠᠭᠤ ᠬᠣᠨᠣᠭ ᠲᠥᠬᠥᠭᠡᠷᠦᠭᠦᠯᠬᠦ ᠭᠠᠵᠠᠷ ᠬᠠᠢᠵᠤ ᠪᠠᠢᠨ᠎ᠠ᠃ ᠬᠥᠰᠢᠶᠡᠨ ᠦ᠌ ᠳᠡᠷᠭᠡᠳᠡᠭᠦᠷ ᠨᠢᠰᠴᠦ ᠥᠩᠭᠡᠷᠡᠬᠦ ᠳ᠋ᠦ᠍ ᠪᠡᠨ ᠢᠩᠭᠢᠵᠦ ᠪᠣᠳᠣᠪᠠ᠄《ᠬᠥᠰᠢᠶᠡᠨ ᠦ᠌ ᠬᠥᠯ ᠳ᠋ᠦ᠍ ᠬᠣᠨᠣᠭ ᠲᠥᠬᠥᠭᠡᠷᠦᠭᠦᠯᠦᠶ᠎ᠡ ᠪᠠᠢᠵᠠ᠂ ᠡᠨᠳᠡ ᠪᠢ ᠲᠠᠭᠠᠷᠠᠬᠤ ᠦᠭᠡᠢ》᠃
ᠢᠩᠭᠢᠭᠡᠳ ᠰᠢᠪᠠᠭᠤ ᠬᠥᠰᠢᠶᠡᠨ ᠦ᠌ ᠳᠣᠣᠷ᠎ᠠ ᠬᠣᠶᠠᠷ ᠬᠥᠯ ᠦ᠋ᠨ ᠬᠢᠨᠢ ᠬᠣᠭᠣᠷᠣᠨᠳᠣ ᠪᠠᠭᠤᠯ᠎ᠠ᠃ ᠲᠤᠩ ᠤᠳᠠᠯ ᠦᠭᠡᠢ ᠰᠢᠪᠠᠭᠤᠨ ᠳᠡᠭᠡᠷ᠎ᠡ ᠳᠤᠰᠤᠯ ᠤᠰᠤ ᠲᠤᠰᠪᠠ᠃ ᠰᠢᠪᠠᠭᠤ ᠲᠡᠭᠷᠢ ᠥᠭᠡᠳᠡ ᠬᠠᠷᠠᠭᠰᠠᠨ ᠴᠤ᠌ ᠲᠡᠭᠷᠢ ᠴᠡᠯᠮᠡᠭ ᠪᠠᠢᠯ᠎ᠠ᠄《ᠡᠨᠡ ᠳᠤᠰᠤᠯ ᠤᠰᠤ ᠬᠠᠮᠢᠭ᠎ᠠ ᠠ᠋ᠴᠠ ᠭᠠᠷᠤᠭᠠᠳ ᠢᠷᠡᠪᠡ ᠤᠤ? ᠪᠣᠷᠣᠭ᠎ᠠ ᠣᠷᠣᠭ᠎ᠠ ᠦᠭᠡᠢ ᠪᠠᠢᠨ᠎ᠠ᠃》ᠢᠩᠭᠢᠭᠡᠳ ᠬᠣᠶᠠᠳᠠᠬᠢ ᠳᠤᠰᠤᠯ ᠰᠢᠪᠠᠭᠤᠨ ᠳᠡᠭᠡᠷ᠎ᠡ ᠲᠣᠰᠤᠯ᠎ᠠ᠂ ᠰᠢᠪᠠᠭᠤ ᠶᠡᠬᠡᠳᠡ ᠭᠠᠢᠬᠠᠪᠠ᠃ ᠥᠪᠡᠷᠲᠡᠭᠡᠨ ᠥᠭᠡᠷ᠎ᠡ ᠣᠷᠣᠮᠵᠢ ᠬᠠᠢᠬᠤ ᠪᠠᠷ ᠰᠢᠢᠳᠦᠯ᠎ᠡ᠃ ᠢᠩᠭᠢᠭᠡᠳ ᠰᠢᠪᠠᠭᠤ ᠳᠡᠭᠡᠭᠰᠢ ᠪᠡᠨ ᠭᠠᠷᠤᠭᠠᠳ ᠬᠥᠰᠢᠶ᠎ᠡ ᠶ᠋ᠢ ᠬᠠᠷᠠᠲᠠᠯ᠎ᠠ ᠭᠠᠢᠬᠠᠮᠠᠷ ᠵᠦᠢᠯ ᠪᠣᠯᠬᠤ ᠨᠢ ᠲᠡᠷᠡ! ᠬᠥᠰᠢᠶ᠎ᠡ ᠤᠬᠢᠯᠠᠵᠤ ᠪᠠᠢᠯ᠎ᠠ᠃
— ᠬᠥᠶᠢ! ᠴᠢ ᠶᠠᠭᠠᠬᠢᠭᠠᠳ ᠤᠬᠢᠯᠠᠭᠠᠳ ᠪᠠᠢᠭ᠎ᠠ ᠶᠤᠮ ᠪᠣᠢ? ᠴᠢ ᠴᠢᠨᠢ ᠵᠢᠷᠭᠠᠯᠲᠠᠢ ᠬᠠᠨ ᠬᠦᠦ ᠰᠢᠦ ᠳᠡ!
— ᠦᠭᠡᠢ᠂ ᠲᠡᠢᠮᠦ ᠪᠢᠰᠢ ᠪᠣᠯᠤᠭᠰᠠᠨ᠃
— ᠶᠠᠭᠠᠬᠢᠭᠠᠳ? ᠶᠠᠭᠤ ᠪᠣᠯᠤᠭ᠎ᠠ ᠪᠣᠢ?
— ᠠᠮᠢᠳᠤ ᠪᠠᠢᠬᠤ ᠳ᠋ᠤ᠌ ᠪᠠᠨ ᠪᠢ ᠶᠡᠬᠡ ᠵᠢᠷᠭᠠᠯᠲᠠᠢ ᠪᠠᠢᠭᠰᠠᠨ᠃ ᠰᠠᠢᠬᠠᠨ ᠣᠷᠳᠣᠨ ᠳ᠋ᠤ᠌ ᠠᠮᠢᠳᠤᠷᠠᠳᠠᠭ ᠣᠭᠲᠣ ᠭᠠᠳᠠᠭᠰᠢ ᠪᠠᠨ ᠭᠠᠷᠳᠠᠭ ᠦᠭᠡᠢ᠂ ᠡᠳᠦᠷᠵᠢᠨ ᠭᠠᠳᠠᠭ᠎ᠠ ᠴᠡᠴᠡᠷᠯᠢᠭ ᠲᠦ᠍ ᠪᠡᠨ ᠲᠣᠭᠯᠠᠨ᠎ᠠ᠃ ᠣᠷᠣᠢ ᠨᠢ ᠪᠥᠵᠢᠭᠯᠡᠨ᠎ᠡ᠂ ᠪᠤᠰᠤᠳ ᠬᠥᠮᠦᠰ ᠰᠢᠭ ᠯᠡ ᠪᠠᠢᠭᠰᠠᠨ᠂ ᠪᠠᠰᠠ ᠪᠢ ᠲᠠᠨᠠᠷ ᠰᠢᠭ᠋ ᠵᠢᠷᠦᠬᠡ ᠲᠡᠢ ᠪᠠᠢᠭᠰᠠᠨ ᠭᠡᠷ ᠲᠦ᠍ ᠪᠡᠨ ᠠᠵᠠ ᠵᠢᠷᠭᠠᠯᠲᠠᠢ ᠠᠮᠢᠳᠤᠷᠠᠳᠠᠭ ᠪᠠᠢᠯ᠎ᠠ ᠰᠢᠦ ᠳᠡ! ᠪᠢ ᠠᠮᠢᠳᠤᠷᠠᠳᠠᠭ ᠪᠠᠢᠭᠰᠠᠨ ᠣᠷᠳᠣᠨ ᠤ᠋ ᠪᠠᠨ ᠬᠠᠨ᠎ᠠ ᠬᠡᠷᠡᠮ ᠡᠴᠡ ᠭᠠᠳᠠᠨᠠᠬᠢ ᠠᠮᠢᠳᠤᠷᠠᠯ ᠢ᠋ ᠣᠭᠲᠣ ᠮᠡᠳᠡᠳᠡᠭ ᠦᠭᠡᠢ ᠪᠠᠢᠭᠰᠠᠨ ᠶᠤᠮ᠂ ᠵᠢᠵᠢᠭᠬᠡᠨ ᠶᠢᠷᠲᠢᠨᠴᠦ ᠳ᠋ᠦ᠍ ᠪᠡᠨ ᠰᠡᠳᠬᠢᠯ ᠬᠠᠩᠬᠤᠯᠤᠭᠤᠨ ᠪᠠᠢᠳᠠᠭ ᠪᠣᠯᠬᠣᠷ ᠨᠠᠮ᠎ᠠ ᠶ᠋ᠢ ᠵᠢᠷᠭᠠᠯᠲᠠᠢ ᠬᠠᠨ ᠬᠦᠦ ᠭᠡᠳᠡᠭ ᠪᠠᠢᠭᠰᠠᠨ ᠶᠤᠮ᠃ ᠭᠡᠪᠡᠴᠦ ᠣᠳᠣ ᠥᠭᠡᠳᠡ ᠪᠣᠯᠤᠭᠰᠠᠨ ᠬᠣᠢᠨ᠎ᠠ ᠮᠢᠨᠢ ᠨᠠᠮ᠎ᠠ ᠶ᠋ᠢ ᠡᠨᠳᠡ ᠬᠣᠲᠠ ᠶ᠋ᠢᠨ ᠳᠡᠭᠡᠷ᠎ᠡ ᠬᠥᠰᠢᠶ᠎ᠡ ᠪᠣᠯᠭᠠᠵᠤ ᠵᠠᠯᠠᠭᠰᠠᠨ ᠢ᠋ᠶ᠋ᠠᠷ ᠪᠢ ᠵᠣᠭᠣᠰᠤᠨ ᠤ᠋ ᠨᠥᠭᠦᠭᠡ ᠲᠠᠯ᠎ᠠ ᠶ᠋ᠢ ᠬᠠᠷᠠᠵᠤ ᠪᠠᠢᠨ᠎ᠠ᠃ ᠪᠢ ᠬᠥᠮᠦᠰ ᠦ᠋ᠨ ᠂ ᠬᠥᠮᠦᠰ ᠦ᠋ᠨ ᠵᠣᠪᠠᠯᠠᠩ ᠢ᠋ ᠬᠠᠷᠠᠳᠠᠭ᠃ ᠵᠢᠷᠦᠬᠡ ᠶ᠋ᠢ ᠮᠢᠨᠢ ᠮᠧᠳᠠᠯ ᠢ᠋ᠶ᠋ᠡᠷ ᠬᠢᠭᠰᠡᠨ ᠴᠦ᠍ ᠪᠢ ᠲᠡᠳᠡᠨ ᠦ᠌ ᠭᠠᠰᠢᠭᠤᠳᠠᠯ ᠢ᠋ ᠮᠡᠳᠡᠷᠡᠳᠡᠭ᠂ ᠲᠡᠭᠡᠭᠡᠳ ᠯᠡ ᠪᠢ ᠤᠬᠢᠯᠠᠵᠤ ᠪᠠᠢᠭ᠎ᠠ ᠶᠤᠮ᠃
— ᠦ! ᠴᠢ ᠣᠳᠣ ᠶᠠᠭᠤᠨ ᠠ᠋ᠴᠠ ᠪᠣᠯᠤᠭᠠᠳ ᠤᠬᠢᠯᠠᠵᠤ ᠪᠠᠢᠨ᠎ᠠ?
— ᠪᠢ ᠨᠢᠭᠡ ᠡᠮᠡᠭᠲᠡᠢ ᠶ᠋ᠢ ᠬᠠᠷᠠᠵᠤ ᠪᠠᠢᠨ᠎ᠠ᠂ ᠬᠣᠲᠠ ᠠ᠋ᠴᠠ ᠵᠠᠢᠲᠠᠢ ᠠᠮᠢᠳᠤᠷᠠᠳᠠᠭ᠂ ᠬᠡᠦᠬᠡᠳ ᠢ᠋ᠶ᠋ᠡᠨ ᠴᠦ᠍ ᠬᠣᠭᠣᠯᠠᠯᠠᠵᠤ ᠴᠢᠳᠠᠬᠤ ᠪᠠᠷ ᠦᠭᠡᠢ ᠶᠠᠳᠠᠭᠤ ᠶᠤᠮ ᠪᠠᠢᠨ᠎ᠠ ᠰᠢᠦ ᠳᠡ! ᠲᠡᠷᠡ ᠣᠷᠳᠣᠨ ᠳ᠋ᠤ᠌ ᠪᠣᠯᠬᠤ ᠪᠥᠵᠢᠭ ᠲᠦ᠍ ᠵᠣᠷᠢᠭᠤᠯᠵᠤ ᠬᠠᠲᠤᠨ ᠤ᠋ ᠠᠬᠠᠢᠲᠠᠨ ᠨᠤᠭᠤᠳ ᠤ᠋ᠨ ᠨᠢᠭᠡᠨ ᠳ᠋ᠦ᠍ ᠳᠠᠰᠢᠨᠵᠠ ᠣᠶᠣᠵᠤ ᠪᠠᠢᠨ᠎ᠠ᠃ ᠪᠠᠯᠴᠢᠷ ᠬᠦᠦ ᠥᠯᠥᠰᠴᠦ ᠡᠪᠡᠳᠦᠭᠰᠡᠨ ᠳ᠋ᠦ᠍ ᠪᠡᠨ ᠪᠣᠯᠤᠭᠠᠳ ᠤᠬᠢᠯᠠᠵᠤ ᠪᠠᠢᠭ᠎ᠠ ᠴᠤ᠌ ᠡᠮᠡᠭᠲᠡᠢ ᠳ᠋ᠦ᠍ ᠬᠡᠦᠬᠡᠳ ᠲᠦ᠍ ᠬᠣᠭᠣᠯᠠᠯᠠᠬᠤ ᠶᠠᠭᠤᠮ᠎ᠠ ᠠᠯᠠᠭ᠎ᠠ ᠪᠠᠢᠨ᠎ᠠ᠃ ᠭᠣᠣᠯ ᠠ᠋ᠴᠠ ᠠᠪᠴᠢᠷᠠᠭᠰᠠᠨ ᠤᠰᠤᠨ ᠠ᠋ᠴᠠ ᠥᠭᠡᠷ᠎ᠡ ᠶᠠᠭᠤ ᠴᠤ᠌ ᠪᠠᠢᠬᠤ ᠦᠭᠡᠢ ᠪᠠᠢᠨ᠎ᠠ ᠰᠢᠦ ᠳᠡ!
— ᠦ! ᠶᠠᠮᠠᠷ ᠦᠷᠦ ᠡᠪᠡᠳᠦᠯᠲᠡᠢ ᠶᠦᠮ ᠪᠣᠢ?
— ᠮᠢᠨᠦ ᠤᠯᠠᠭᠠᠨ ᠥᠩᠭᠡ ᠲᠡᠢ ᠦᠨᠡᠲᠦ ᠴᠢᠯᠠᠭᠤ ᠶ᠋ᠢ ᠡᠮᠡᠭᠲᠡᠢ ᠳ᠋ᠦ᠍ ᠠᠪᠠᠴᠢᠭᠠᠳ ᠥᠭᠭᠦᠭᠡᠴᠢ! ᠲᠡᠭᠦᠨ ᠳ᠋ᠦ᠍ ᠬᠡᠷᠡᠭᠲᠡᠢ ᠪᠠᠢᠭ᠎ᠠ᠃
— ᠭᠡᠪᠡᠴᠦ ᠪᠢ ᠶᠸᠵᠢᠫᠲ ᠤᠷᠤᠭᠤ ᠨᠢᠰᠬᠦ ᠶᠣᠰᠣ ᠲᠠᠢ᠂ ᠡᠨᠳᠡ ᠡᠪᠦᠯ ᠪᠣᠯᠵᠤ ᠪᠠᠢᠨ᠎ᠠ᠂ ᠪᠦᠬᠦ ᠨᠠᠢᠵᠠ ᠨᠤᠭᠤᠳ ᠮᠠᠨᠢ ᠲᠠᠢᠰᠢ ᠪᠠᠨ ᠨᠡᠭᠦᠳᠡᠯᠯᠡᠭᠰᠡᠨ᠂ ᠶᠸᠵᠢᠫᠲ ᠲᠦ᠍ ᠶᠡᠬᠡ ᠳᠤᠯᠠᠭᠠᠬᠠᠨ ᠪᠠᠢᠭ᠎ᠠ᠃
— ᠭᠤᠶᠤᠶ᠎ᠠ! ᠨᠠᠳᠠ ᠳ᠋ᠤ᠌ ᠲᠤᠰᠠ ᠪᠣᠯᠵᠤ ᠴᠢᠯᠠᠭᠤ ᠶ᠋ᠢ ᠬᠦᠷᠭᠡᠵᠦ ᠥᠭᠭᠦᠭᠡᠴᠢ ᠳᠡ!
— ᠠ᠂ ᠵᠠ ᠵᠠ᠂ ᠪᠢ ᠥᠨᠥ ᠰᠥᠨᠢ ᠴᠢᠮ᠎ᠠ ᠲᠠᠢ ᠡᠨᠳᠡ ᠬᠣᠨᠣᠭᠠᠳ ᠮᠠᠷᠭᠠᠰᠢ ᠥᠷᠯᠥᠭᠡ ᠲᠡᠷᠡ ᠡᠮᠡᠭᠲᠡᠢ ᠤᠷᠤᠭᠤ ᠶᠠᠪᠤᠶ᠎ᠠ ᠳᠠ!
— ᠪᠠᠶᠠᠷᠯᠠᠯ᠎ᠠ ᠨᠠᠢᠵᠠ ᠮᠢᠨᠢ!
ᠥᠷᠯᠥᠭᠡ ᠨᠢ ᠰᠢᠪᠠᠭᠤ ᠬᠠᠨ ᠬᠦᠦ ᠶ᠋ᠢᠨ ᠤᠯᠠᠭᠠᠨ ᠴᠢᠯᠠᠭᠤ ᠶ᠋ᠢ ᠠᠪᠴᠤ ᠬᠠᠨ ᠬᠦᠦ ᠶ᠋ᠢᠨ ᠵᠢᠭᠠᠭᠰᠠᠨ ᠵᠦᠭ ᠤᠷᠤᠭᠤ ᠨᠢᠰᠦᠯ᠎ᠡ᠃ ᠰᠢᠪᠠᠭᠤ ᠬᠣᠲᠠ ᠶ᠋ᠢᠨ ᠳᠡᠭᠡᠭᠦᠷ ᠳᠠᠷᠠᠭ᠎ᠠ ᠨᠢ ᠣᠷᠳᠣᠨ ᠤ᠋ ᠳᠡᠭᠡᠭᠦᠷ ᠨᠢᠰᠦᠯ᠎ᠡ᠃ ᠰᠢᠪᠠᠭᠤ ᠬᠡᠳᠦᠨ ᠥᠬᠢᠳ ᠪᠥᠵᠢᠭᠯᠡᠵᠦ ᠪᠠᠢᠬᠤ ᠶ᠋ᠢ ᠬᠠᠷᠠᠯ᠎ᠠ᠃ ᠨᠢᠭᠡ ᠦᠵᠡᠰᠬᠦᠯᠡᠩᠲᠦ ᠪᠦᠰᠡᠭᠦᠢ ᠴᠣᠩᠬᠣ ᠪᠠᠷ ᠬᠠᠷᠠᠨ ᠵᠣᠭᠰᠣᠨ᠎ᠠ᠃
— ᠠᠢ᠂ ᠭᠠᠭᠴᠠ ᠬᠣᠶᠠᠷᠬᠠᠨ ᠬᠣᠨᠣᠭ ᠤ᠋ᠨ ᠳᠣᠲᠣᠷ᠎ᠠ ᠳᠠᠰᠢᠨᠵᠠ ᠪᠠᠨ ᠠᠪᠴᠢᠬᠠᠬᠤ ᠶᠤᠮ ᠰᠠᠨ! ᠲᠡᠷᠡ ᠡᠮᠡᠭᠲᠡᠢ ᠶᠠᠭᠠᠬᠢᠭᠠᠳ ᠢᠩᠭᠢᠵᠦ ᠤᠳᠠᠭᠠᠨ ᠣᠶᠣᠵᠤ ᠪᠠᠢᠭ᠎ᠠ ᠶᠤᠮ ᠪᠣᠯ?
ᠰᠢᠪᠠᠭᠤ ᠬᠣᠲᠠ ᠳᠡᠭᠡᠭᠦᠷ ᠨᠢᠰᠴᠦ ᠭᠣᠣᠯ ᠭᠠᠲᠤᠯᠤᠭᠠᠳ ᠨᠢᠭᠡᠨ ᠲᠣᠰᠬᠣᠨ ᠳ᠋ᠤ᠌ ᠬᠦᠷᠪᠡ᠃ ᠲᠡᠨᠳᠡ ᠨᠥᠭᠦᠭᠡ ᠡᠮᠡᠭᠲᠡᠢ ᠶ᠋ᠢ ᠵᠢᠵᠢᠭᠬᠡᠨ ᠪᠠᠢᠰᠢᠩ ᠳ᠋ᠤ᠌ ᠪᠠᠨ ᠤᠨᠲᠠᠵᠤ ᠪᠠᠢᠬᠤ ᠶ᠋ᠢ ᠬᠠᠷᠠᠯ᠎ᠠ᠂ ᠰᠢᠪᠠᠭᠤ ᠤᠯᠠᠭᠠᠨ ᠴᠢᠯᠠᠭᠤ ᠶ᠋ᠢ ᠰᠢᠷᠡᠭᠡᠨ ᠳᠡᠭᠡᠷ᠎ᠡ ᠲᠠᠯᠪᠢᠪᠠ᠂ ᠳᠠᠷᠠᠭ᠎ᠠ ᠨᠢ ᠣᠷᠣᠨ ᠤ᠋ ᠳᠡᠭᠡᠭᠦᠷ ᠪᠠᠯᠴᠢᠷ ᠬᠦᠦ ᠶ᠋ᠢᠨ ᠳᠡᠭᠡᠭᠦᠷ ᠨᠢᠰᠦᠯ᠎ᠡ᠃ ᠨᠢᠭᠤᠷ ᠤ᠋ᠨ ᠬᠢᠨᠢ ᠳᠡᠷᠭᠡᠳᠡ ᠠᠭᠠᠷ ᠰᠡᠷᠴᠢᠭᠢᠨᠡᠬᠦ ᠳ᠋ᠦ᠍ ᠬᠦᠦ ᠤᠨᠲᠠᠭᠠᠳ ᠥᠭᠪᠡ ᠭᠡᠨ᠎ᠡ᠃ ᠰᠢᠪᠠᠭᠤ ᠪᠤᠴᠠᠭᠠᠳ ᠬᠠᠨ ᠬᠦᠦ ᠤᠷᠤᠭᠤ ᠨᠢᠰᠦᠯ᠎ᠡ᠃ ᠰᠢᠪᠠᠭᠤ ᠬᠣᠲᠠ ᠤᠷᠤᠭᠤ ᠪᠤᠴᠠᠵᠤ ᠶᠠᠪᠤᠭᠠᠳ ᠠᠮᠠ ᠨᠢ ᠶᠡᠬᠡ ᠴᠠᠩᠭᠠᠭᠰᠠᠨ ᠤᠴᠢᠷ ᠭᠣᠣᠯ ᠤ᠋ᠨ ᠳᠡᠷᠭᠡᠳᠡ ᠵᠣᠭᠰᠣᠪᠠ᠃ ᠰᠢᠪᠠᠭᠤ ᠶ᠋ᠢ ᠭᠣᠣᠯ ᠠ᠋ᠴᠠ ᠤᠰᠤ ᠤᠤᠭᠤᠵᠤ ᠪᠠᠢᠬᠤ ᠶ᠋ᠢ ᠬᠠᠷᠠᠭᠰᠠᠨ ᠵᠣᠬᠢᠶᠠᠯᠴᠢ ᠢᠩᠭᠢᠵᠦ ᠪᠣᠳᠣᠵᠤ ᠭᠡᠨ᠎ᠡ᠄《ᠦ! ᠡᠨᠡ ᠰᠢᠪᠠᠭᠤ ᠶᠠᠪᠤᠭ᠎ᠠ ᠦᠭᠡᠢ ᠪᠠᠢᠨ᠎ᠠ᠂ ᠬᠠᠯᠠᠭᠤᠨ ᠣᠷᠣᠨ ᠤᠷᠤᠭᠤ ᠨᠡᠭᠦᠭᠡ ᠦᠭᠡᠢ ᠪᠠᠢᠨ᠎ᠠ᠃ ᠥᠪᠡᠷ ᠲᠦ᠍ ᠨᠢ ᠲᠣᠬᠢᠷᠠᠬᠤ ᠦᠭᠡᠢ ᠴᠠᠭ ᠠᠭᠠᠷ ᠲᠠᠢ ᠲᠡᠩᠴᠡᠵᠦ ᠪᠠᠢᠨ᠎ᠠ ᠰᠢᠦ ᠳᠡ᠂ ᠪᠢ ᠲᠡᠭᠦᠨ ᠡᠴᠡ ᠨᠢᠭᠡ ᠶᠠᠭᠤᠮ᠎ᠠ ᠰᠤᠷᠬᠤ ᠶᠣᠰᠣᠲᠠᠢ! ᠬᠡᠴᠢᠨᠡᠨ ᠶᠡᠬᠡ ᠥᠯᠥᠰᠴᠦ ᠪᠠᠢᠭ᠎ᠠ ᠴᠤ᠌ ᠤᠳᠠᠬᠤ ᠦᠭᠡᠢ ᠦᠯᠢᠭᠡᠷ ᠢ᠋ᠶ᠋ᠡᠨ ᠳᠠᠭᠤᠰᠬᠠᠬᠤ ᠶᠣᠰᠣ ᠲᠠᠢ!》 ᠭᠡᠳ ᠰᠢᠪᠠᠭᠤ ᠬᠠᠨ ᠬᠦᠦ ᠳᠡᠭᠡᠷ᠎ᠡ ᠣᠴᠢᠯ᠎ᠠ᠃ ᠬᠠᠷᠢᠨ ᠵᠣᠬᠢᠶᠠᠯᠴᠢ ᠪᠢᠴᠢᠬᠦ ᠦᠯᠢᠭᠡᠷ ᠢ᠋ᠶ᠋ᠡᠨ ᠪᠣᠳᠣᠭᠰᠠᠭᠠᠷ ᠭᠡᠷ ᠯᠦ᠍ᠭᠡ ᠪᠡᠨ ᠪᠤᠴᠠᠵᠠᠢ᠃
— ᠬᠠᠴᠢᠨ ᠶᠤᠮ ᠳᠠ! ᠭᠠᠳᠠᠭ᠎ᠠ ᠬᠦᠢᠲᠡᠨ ᠪᠠᠢᠭ᠎ᠠ ᠴᠤ᠌ ᠪᠢ ᠬᠠᠯᠠᠭᠤᠨ ᠳᠤᠯᠠᠭᠠᠨ ᠢ᠋ ᠮᠡᠳᠡᠷᠡᠵᠦ ᠪᠠᠢᠨ᠎ᠠ᠃
— ᠥᠨᠥᠳᠥᠷ ᠬᠢᠭᠰᠡᠨ ᠰᠠᠢᠨ ᠦᠢᠯᠡᠰ ᠴᠢᠨᠢ ᠴᠢᠮ᠎ᠠ ᠶ᠋ᠢ ᠳᠤᠯᠠᠭᠠᠴᠠᠭᠤᠯᠵᠤ ᠪᠠᠢᠭ᠎ᠠ ᠶᠤᠮ᠃
— ᠲᠡᠢᠮᠦ ᠠ᠋᠂ ᠴᠢᠨᠦ ᠵᠥᠪ! ᠪᠢ ᠶᠸᠵᠢᠫᠲ ᠤᠷᠤᠭᠤ ᠮᠠᠷᠭᠠᠰᠢ ᠨᠢᠰᠦᠶ᠎ᠡ ᠳ᠋ᠡ᠁
— ᠪᠢᠲᠡᠭᠡᠢ ᠶᠠᠪᠤᠭᠠᠴᠢ ᠳᠠ᠂ ᠭᠤᠶᠤᠶ᠎ᠠ! ᠪᠢ ᠴᠢᠮ᠎ᠠ ᠠ᠋ᠴᠠ ᠳᠠᠬᠢᠭᠠᠳ ᠨᠢᠭᠡ ᠶᠠᠭᠤᠮ᠎ᠠ ᠭᠤᠶᠤᠬᠤ ᠬᠡᠷᠡᠭᠲᠡᠢ ᠪᠠᠢᠨ᠎ᠠ᠃
— ᠦ! ᠦᠭᠡᠢ ᠪᠠᠰᠠ ᠶᠠᠭᠤ ᠪᠣᠢ?
— ᠬᠣᠲᠠ ᠠ᠋ᠴᠠ ᠵᠠᠢᠳᠠᠭᠤ ᠨᠢᠭᠡ ᠭᠠᠵᠠᠷ ᠲᠤ᠌ ᠨᠢᠭᠡ ᠵᠣᠬᠢᠶᠠᠯᠴᠢ ᠬᠠᠷᠠᠭᠳᠠᠵᠤ ᠪᠠᠢᠨ᠎ᠠ᠂ ᠲᠡᠷᠡ ᠦᠯᠢᠭᠡᠷ ᠪᠢᠴᠢᠵᠦ ᠪᠠᠢᠭ᠎ᠠ ᠴᠤ᠌ ᠭᠡᠳᠡᠰᠦ ᠨᠢ ᠥᠯᠥᠰᠦᠭᠰᠡᠨ ᠡᠴᠡ ᠪᠣᠯᠤᠭᠠᠳ ᠳᠠᠭᠤᠰᠬᠠᠵᠤ ᠴᠢᠳᠠᠬᠤ ᠦᠭᠡᠢ ᠪᠠᠢᠭ᠎ᠠ ᠶᠤᠮ᠃ ᠪᠠᠰᠠ ᠭᠡᠷ ᠲᠦ᠍ ᠨᠢ ᠲᠦᠯᠡᠬᠦ ᠲᠦᠯᠡᠭᠡ ᠴᠦ᠍ ᠪᠠᠢᠬᠤ ᠦᠭᠡᠢ ᠃ ᠲᠡᠷᠡ ᠵᠣᠬᠢᠶᠠᠯᠴᠢ ᠨᠢᠭᠡ ᠪᠠᠢᠰᠢᠩ ᠤ᠋ᠨ ᠳᠡᠭᠡᠳᠦ ᠲᠠᠯ᠎ᠠ ᠶ᠋ᠢᠨ ᠵᠢᠵᠢᠭᠬᠡᠨ ᠥᠷᠥᠭᠡᠨ ᠳ᠋ᠦ᠍ ᠪᠠᠢᠳᠠᠭ ᠶᠤᠮ᠃
— ᠴᠢ ᠲᠡᠭᠡᠭᠡᠳ ᠨᠠᠳᠠ ᠪᠠᠷ ᠶᠠᠭᠤ ᠬᠢᠯᠭᠡᠬᠦ ᠶ᠋ᠢ ᠬᠦᠰᠡᠭᠡ ᠪᠣᠢ?
— ᠴᠢ ᠨᠢᠭᠡ ᠨᠢᠳᠦ ᠶ᠋ᠢ ᠮᠢᠨᠢ ᠠᠪᠤᠭᠠᠳ ᠲᠡᠷᠡ ᠵᠣᠬᠢᠶᠠᠯᠴᠢ ᠳ᠋ᠤ᠌ ᠠᠪᠠᠴᠢᠵᠤ ᠥᠭᠬᠦ ᠬᠡᠷᠡᠭᠲᠡᠢ ᠪᠠᠢᠨ᠎ᠠ!
— ᠠ! ᠴᠢᠨᠦ ᠨᠢᠳᠦ ᠶ᠋ᠢ ᠤᠤ? ᠪᠢ ᠲᠡᠭᠡᠵᠦ ᠴᠢᠳᠠᠬᠤ ᠦᠭᠡᠢ!
— ᠭᠤᠶᠤᠵᠤ ᠪᠠᠢᠨ᠎ᠠ! ᠲᠡᠭᠡ ᠯᠡ ᠳᠡ ᠡᠨᠡ ᠪᠣᠯ ᠡᠨᠡᠳᠬᠡᠭ ᠡᠴᠡ ᠠᠪᠴᠤ ᠢᠷᠡᠭᠰᠡᠨ ᠦᠨᠡᠲᠦ ᠬᠥᠬᠡ ᠴᠢᠯᠠᠭᠤ ᠵᠣᠬᠢᠶᠠᠯᠴᠢ ᠶ᠋ᠢ ᠰᠠᠢᠬᠠᠨ ᠠᠮᠢᠳᠤᠷᠠᠬᠤ ᠶ᠋ᠢᠨ ᠲᠤᠰᠠᠯᠠᠬᠤ ᠪᠣᠯᠤᠨ᠎ᠠ᠃
— ᠵᠠ ᠶᠠᠭᠠᠬᠢᠪᠠ ? ᠪᠢ ᠥᠨᠥ ᠰᠥᠨᠢ ᠴᠢᠮ᠎ᠠ ᠲᠠᠢ ᠬᠣᠨᠣᠭᠠᠳ ᠮᠠᠷᠭᠠᠰᠢ ᠥᠷᠯᠥᠭᠡ ᠲᠡᠷᠡ ᠵᠣᠬᠢᠶᠠᠯᠴᠢ ᠤᠷᠤᠭᠤ ᠶᠠᠪᠤᠶ᠎ᠠ ᠳᠠ᠃
ᠮᠠᠷᠭᠠᠰᠢ ᠥᠷᠯᠥᠭᠡ ᠨᠢ ᠰᠢᠪᠠᠭᠤ ᠬᠠᠨ ᠬᠦᠦ ᠶ᠋ᠢᠨ ᠨᠢᠭᠡ ᠨᠢᠳᠦ ᠶ᠋ᠢ ᠠᠪᠤᠭᠠᠳ ᠵᠣᠬᠢᠶᠠᠯᠴᠢ ᠶ᠋ᠢᠨ ᠪᠠᠢᠰᠢᠩ ᠤᠷᠤᠭᠤ ᠨᠢᠰᠪᠡ ᠭᠡᠨ᠎ᠡ᠂ ᠲᠡᠷᠡ ᠪᠠᠢᠰᠢᠩ ᠢ᠋ ᠶᠡᠬᠡ ᠠᠮᠠᠷᠬᠠᠨ ᠣᠯᠵᠤ ᠳᠡᠭᠡᠪᠦᠷ ᠲᠦ᠍ ᠭᠠᠷᠤᠭᠰᠠᠨ ᠨᠦᠬᠡ ᠪᠡᠷ ᠣᠷᠣᠯ᠎ᠠ᠃ ᠵᠣᠬᠢᠶᠠᠯᠴᠢ ᠰᠢᠷᠡᠭᠡᠨ ᠳᠡᠭᠡᠷ᠎ᠡ ᠪᠡᠨ ᠲᠣᠯᠣᠭᠠᠢ ᠪᠥᠬᠥᠢᠯᠭᠡᠨ ᠰᠠᠭᠤᠵᠠᠢ᠂ ᠰᠢᠪᠠᠭᠤ ᠬᠥᠬᠡ ᠴᠢᠯᠠᠭᠤ ᠶ᠋ᠢ ᠰᠢᠷᠡᠭᠡᠨ ᠳᠡᠭᠡᠷ᠎ᠡ ᠨᠢ ᠲᠠᠯᠪᠢᠭᠠᠳ ᠨᠢᠰᠦᠨ ᠣᠳᠪᠠ᠃ ᠵᠣᠬᠢᠶᠠᠯᠴᠢ ᠴᠢᠯᠠᠭᠤ ᠶ᠋ᠢ ᠬᠠᠷᠠᠯ᠎ᠠ᠃
— ᠨᠢᠭᠡ ᠤᠩᠰᠢᠭᠴᠢ ᠶ᠋ᠢᠨ ᠮᠢᠨᠢ ᠥᠭᠭᠦᠭᠰᠡᠨ ᠪᠡᠯᠡᠭ ᠭᠡᠵᠦ ᠦᠵᠡᠬᠦ ᠤᠤ? ᠪᠠᠶᠠᠷᠯᠠᠯ᠎ᠠ! ᠨᠡᠷ᠎ᠡ ᠨᠢ ᠦᠯᠦ ᠮᠡᠳᠡᠭᠳᠡᠬᠦ ᠨᠠᠢᠵᠠ ᠮᠢᠨᠢ᠃
ᠵᠣᠬᠢᠶᠠᠯᠴᠢ ᠦᠨᠡᠲᠦ ᠬᠥᠬᠡ ᠴᠢᠯᠠᠭᠤ ᠲᠠᠢ ᠪᠣᠯᠤᠭᠠᠳ ᠶᠡᠬᠡᠳᠡ ᠪᠠᠶᠠᠷᠯᠠᠵᠠᠢ᠃ ᠨᠠᠷᠠ ᠮᠠᠨᠳᠤᠬᠤ ᠦᠶ᠎ᠡ ᠳ᠋ᠦ᠍ ᠰᠢᠪᠠᠭᠤ ᠬᠠᠨ ᠬᠦᠦ ᠳᠡᠭᠡᠷ᠎ᠡ ᠪᠤᠴᠠᠵᠤ ᠢᠷᠡᠯ᠎ᠡ᠃
— ᠪᠢ ᠴᠢᠮ᠎ᠠ ᠲᠠᠢ ᠰᠠᠯᠬᠤ ᠶᠣᠰᠣ ᠬᠢᠬᠦ ᠪᠡᠷ ᠢᠷᠡᠯ᠎ᠡ᠂ ᠮᠠᠷᠭᠠᠰᠢ ᠥᠷᠯᠥᠭᠡ ᠪᠢ ᠶᠸᠵᠢᠫᠲ ᠢ᠋ ᠵᠣᠷᠢᠵᠤ ᠨᠢᠰᠦᠨ᠎ᠡ᠃
— ᠴᠢ ᠨᠠᠳᠠ ᠲᠠᠢ ᠳᠠᠬᠢᠭᠠᠳ ᠭᠠᠭᠴᠠ ᠬᠣᠨᠣᠵᠤ ᠪᠣᠯᠬᠤ ᠤᠤ? ᠭᠤᠶᠤᠵᠤ ᠪᠠᠢᠨ᠎ᠠ!
— ᠬᠠᠨ ᠬᠦᠦ ᠮᠢᠨᠢ᠂ ᠡᠨᠳᠡ ᠡᠪᠦᠯ ᠪᠣᠯᠴᠢᠬᠠᠨ᠎ᠠ ᠰᠢᠳᠡ! ᠶᠸᠵᠢᠫᠲ ᠲᠦ᠍ ᠨᠠᠷᠠ ᠲᠠᠢ ᠳᠤᠯᠠᠭᠠᠬᠠᠨ ᠪᠠᠢᠭ᠎ᠠ ᠪᠢ ᠬᠤᠷᠳᠤᠬᠠᠨ ᠰᠢᠭ᠋ ᠲᠠᠢᠰᠢ ᠪᠠᠨ ᠣᠴᠢᠬᠤ ᠶᠣᠰᠣ ᠲᠠᠢ᠃
— ᠪᠢᠴᠢᠬᠠᠨ ᠥᠬᠢᠨ ᠦ᠌ ᠠᠮᠢ ᠶ᠋ᠢ ᠠᠪᠤᠷᠠᠬᠤ ᠶ᠋ᠢᠨ ᠲᠤᠯᠠᠳᠠ ᠦᠯᠡᠳᠡᠭᠡᠴᠢ ᠳᠡ!
— ᠪᠢᠴᠢᠬᠠᠨ ᠥᠬᠢᠨ ᠦ᠌ ᠠᠮᠢ ᠭᠡᠨ᠎ᠡ?
— ᠲᠡᠢᠮᠦ ᠠ᠋᠂ ᠲᠠᠯᠠᠪᠠᠢ ᠳ᠋ᠤ᠌ ᠨᠢᠭᠡ ᠪᠢᠴᠢᠬᠠᠨ ᠥᠬᠢᠨ ᠪᠠᠢᠭ᠎ᠠ᠂ ᠲᠡᠷᠡ ᠥᠨᠳᠡᠭᠡ ᠬᠤᠳᠠᠯᠳᠤᠳᠠᠭ ᠪᠠᠢᠭᠰᠠᠨ ᠶᠤᠮ᠃ ᠭᠡᠪᠡᠴᠦ ᠥᠨᠳᠡᠭᠡ ᠪᠡᠨ ᠤᠨᠠᠭᠠᠭᠠᠳ ᠪᠦᠭᠦᠳᠡ ᠶ᠋ᠢ ᠬᠠᠭᠠᠯᠴᠢᠬᠠᠭᠰᠠᠨ᠂ ᠲᠡᠢᠮᠦ ᠪᠣᠯᠬᠣᠷ ᠥᠬᠢᠨ ᠭᠡᠷ ᠲᠦ᠍ ᠪᠡᠨ ᠠᠪᠴᠤ ᠣᠴᠢᠬᠤ ᠮᠥᠩᠭᠥ ᠦᠭᠡᠢ ᠪᠣᠯᠤᠭᠰᠠᠨ᠃ ᠭᠡᠷ ᠲᠦ᠍ ᠪᠡᠨ ᠮᠥᠩᠭᠥ ᠦᠭᠡᠢ ᠣᠴᠢᠪᠠᠯ ᠠᠪᠤ ᠨᠢ ᠥᠬᠢᠨ ᠢ᠋ ᠵᠣᠳᠣᠬᠤ ᠪᠣᠯᠤᠨ᠎ᠠ ᠰᠢᠦ ᠳᠡ!
— ᠴᠢ ᠲᠡᠭᠦᠨ ᠳ᠋ᠦ᠍ ᠶᠠᠭᠠᠬᠢᠵᠤ ᠲᠤᠰᠠᠯᠠᠬᠤ ᠶ᠋ᠢ ᠬᠦᠰᠡᠵᠦ ᠪᠠᠢᠨ᠎ᠠ?
— ᠮᠢᠨᠦ ᠨᠥᠭᠦᠭᠡ ᠨᠢᠳᠦ ᠶ᠋ᠢ ᠠᠪᠤᠭᠠᠳ ᠥᠬᠢᠨ ᠳ᠋ᠦ᠍ ᠬᠦᠷᠭᠡᠵᠦ ᠥᠭ! ᠡᠭᠦᠨ ᠢ᠋ ᠵᠠᠷᠤᠭᠠᠳ ᠠᠪᠤ ᠨᠢ ᠮᠠᠰᠢ ᠶᠡᠬᠡ ᠮᠥᠩᠭᠥ ᠲᠡᠢ ᠪᠣᠯᠤᠨ᠎ᠠ᠃ ᠲᠡᠭᠡᠪᠡᠯ ᠪᠢᠴᠢᠬᠠᠨ ᠥᠬᠢᠨ ᠢ᠋ ᠠᠵᠢᠯ ᠬᠢ ᠭᠡᠵᠦ ᠰᠢᠬᠠᠬᠤ ᠦᠭᠡᠢ ᠰᠢᠦ ᠳᠡ᠂ ᠬᠠᠷᠢᠨ ᠴᠤ᠌ ᠥᠬᠢᠨ ᠢ᠋ᠶ᠋ᠡᠨ ᠰᠤᠷᠭᠠᠭᠤᠯᠢ ᠳ᠋ᠤ᠌ ᠣᠷᠣᠭᠤᠯᠤᠨ᠎ᠠ᠃
— ᠦ ᠦᠭᠡᠢ! ᠦ ᠦᠭᠡᠢ! ᠪᠢ ᠴᠢᠮ᠎ᠠ ᠲᠠᠢ ᠬᠠᠮᠲᠤ ᠦᠯᠡᠳᠡᠶ᠎ᠡ᠃ ᠭᠡᠬᠦ ᠳ᠋ᠦ᠍ ᠦᠯᠡᠳᠡᠭᠰᠡᠨ ᠭᠠᠭᠴᠠ ᠨᠢᠳᠦ ᠶ᠋ᠢ ᠴᠢᠨᠢ ᠠᠪᠴᠤ ᠴᠢᠳᠠᠬᠤ ᠦᠭᠡᠢ᠂ᠠᠪᠴᠢᠬᠠᠪᠠᠯ ᠴᠢ ᠶᠠᠭᠤᠮ᠎ᠠ ᠬᠠᠷᠠᠵᠤ ᠴᠢᠳᠠᠬᠤ ᠦᠭᠡᠢ ᠰᠢᠦ ᠳᠡ!
— ᠲᠡᠭᠡ ᠯᠡ ᠳᠡ! ᠭᠤᠶᠤᠵᠤ ᠪᠠᠢᠨ᠎ᠠ᠃
ᠰᠢᠪᠠᠭᠤ ᠬᠠᠨ ᠬᠦᠦ ᠶ᠋ᠢᠨ ᠬᠣᠶᠠᠳᠠᠬᠢ ᠨᠢᠳᠦ ᠶ᠋ᠢ ᠠᠪᠴᠤ ᠪᠠᠢᠭᠠᠳ ᠶᠡᠬᠡᠳᠡ ᠭᠤᠨᠢᠭᠯᠠᠪᠠ ᠭᠡᠨ᠎ᠡ᠃ ᠰᠢᠪᠠᠭᠤ ᠦᠨᠡᠲᠦ ᠴᠢᠯᠠᠭᠤ ᠶ᠋ᠢ ᠥᠬᠢᠨ ᠤᠷᠤᠭᠤ ᠠᠪᠠᠴᠢᠵᠤ ᠭᠠᠷ ᠳᠡᠭᠡᠷ᠎ᠡ ᠨᠢ ᠤᠨᠠᠭᠠᠯ᠎ᠠ᠃ ᠥᠬᠢᠨ ᠡᠷᠳᠡᠨᠢ ᠶ᠋ᠢᠨ ᠴᠢᠯᠠᠭᠤ ᠶ᠋ᠢ ᠬᠠᠷᠠᠭᠠᠳ ᠮᠠᠰᠢ ᠶᠡᠬᠡ ᠪᠠᠶᠠᠷᠯᠠᠵᠠᠢ᠃
— ᠠ᠋᠁ ᠠ᠋᠁ ᠶᠠᠮᠠᠷ ᠭᠣᠶᠣ ᠰᠢᠯ ᠪᠣᠢ?
ᠢᠩᠭᠢᠭᠡᠳ ᠭᠡᠷ ᠯᠦ᠍ᠭᠡ ᠪᠡᠨ ᠭᠦᠶᠦᠯ᠎ᠡ᠃
ᠰᠢᠪᠠᠭᠤ ᠬᠠᠨ ᠬᠦᠦ ᠳᠡᠭᠡᠷ᠎ᠡ ᠡᠷᠭᠢᠵᠦ ᠢᠷᠡᠪᠡ᠃ ᠬᠠᠨ ᠬᠦᠦ ᠨᠢᠳᠦ ᠦᠭᠡᠢ ᠪᠣᠯᠤᠭᠰᠠᠨ ᠢ᠋ ᠬᠠᠷᠠᠭᠠᠳ ᠰᠢᠪᠠᠭᠤ ᠶᠡᠬᠡᠳᠡ ᠦᠷᠦ ᠡᠪᠡᠳᠴᠦ ᠭᠡᠨ᠎ᠡ᠃
— ᠴᠢ ᠶᠡᠬᠡ ᠰᠠᠢᠬᠠᠨ ᠰᠡᠳᠬᠢᠯ ᠲᠡᠢ ᠬᠠᠨ ᠬᠦᠦ ᠶᠦᠮ᠂ ᠪᠢ ᠶᠸᠵᠢᠫᠲ ᠲᠦ᠍ ᠶᠠᠪᠤᠬᠤ ᠦᠭᠡᠢ᠃
— ᠦᠭᠡᠢ! ᠴᠢ ᠣᠳᠣ ᠶᠸᠵᠢᠫᠲ ᠤᠷᠤᠭᠤ ᠪᠠᠨ ᠶᠠᠪᠤᠬᠤ ᠶᠣᠰᠣ ᠲᠠᠢ᠂ ᠡᠨᠳᠡᠬᠢ ᠶ᠋ᠢᠨ ᠡᠪᠦᠯ ᠢ᠋ ᠳᠠᠪᠠᠵᠤ ᠭᠠᠷᠬᠤ ᠳ᠋ᠤ᠌ ᠴᠢᠮ᠎ᠠ ᠳ᠋ᠤ᠌ ᠦᠨᠡᠬᠡᠷ ᠬᠡᠴᠡᠭᠦᠦ ᠪᠠᠢᠬᠤ ᠪᠣᠯᠤᠨ᠎ᠠ᠃
— ᠦᠭᠡᠢ᠂ ᠪᠢ ᠴᠢᠮ᠎ᠠ ᠶ᠋ᠢ ᠣᠷᠬᠢᠬᠤ ᠦᠭᠡᠢ᠃
ᠢᠩᠭᠢᠭᠡᠳ ᠰᠢᠪᠠᠭᠤ ᠲᠡᠨᠳᠡ ᠦᠯᠡᠲᠡᠯ᠎ᠡ᠃ ᠬᠠᠨ ᠬᠦᠦ ᠳ᠋ᠦ᠍ ᠣᠯᠠᠨ ᠶᠠᠩᠵᠤ ᠶ᠋ᠢᠨ ᠦᠯᠢᠭᠡᠷ ᠶᠠᠷᠢᠵᠤ ᠥᠭᠴᠦ ᠵᠤᠭᠠᠴᠠᠭᠤᠯᠳᠠᠭ ᠪᠠᠢᠪᠠ᠃ ᠬᠠᠨ ᠬᠦᠦ ᠲᠡᠭᠦᠨ ᠢ᠋ ᠰᠣᠨᠣᠰᠬᠤ ᠳᠤᠷᠠᠲᠠᠢ ᠪᠠᠢᠯ᠎ᠠ᠃
— ᠨᠠᠢᠵᠠ ᠮᠢᠨᠢ᠂ ᠬᠣᠲᠠ ᠳᠡᠭᠡᠭᠦᠷ ᠨᠢᠰᠦᠭᠡᠳ ᠶᠠᠭᠤ ᠪᠣᠯᠵᠤ ᠪᠠᠢᠭ᠎ᠠ ᠶ᠋ᠢ ᠨᠠᠳᠠ ᠬᠡᠯᠡᠵᠦ ᠥᠭᠭᠦᠭᠡᠴᠢ!
— ᠰᠢᠪᠠᠭᠤ ᠬᠣᠲᠠ ᠳᠡᠭᠡᠭᠦᠷ ᠨᠢᠰᠴᠦ ᠬᠠᠷᠠᠭᠰᠠᠨ ᠪᠦᠬᠦᠨ ᠢ᠋ ᠬᠠᠨ ᠬᠦᠦ ᠳ᠋ᠦ᠍ ᠶᠠᠷᠢᠵᠤ ᠥᠭᠳᠡᠭ ᠪᠣᠯᠪᠠ᠃ ᠰᠢᠪᠠᠭᠤ ᠳᠠᠷᠠᠭ᠎ᠠ ᠨᠢ ᠬᠠᠨ ᠬᠦᠦ ᠳᠡᠭᠡᠷ᠎ᠡ ᠡᠷᠭᠢᠵᠦ ᠢᠷᠡᠯ᠎ᠡ᠃
— ᠪᠠᠶᠠᠨ ᠬᠥᠮᠦᠰ ᠭᠡᠷ ᠲᠦ᠍ ᠪᠡᠨ ᠲᠠᠪᠠ ᠪᠠᠷ ᠢ᠋ᠶ᠋ᠠᠨ ᠬᠣᠭᠣᠯᠠᠯᠠᠵᠤ ᠤᠮᠳᠠᠯᠠᠵᠤ ᠪᠠᠢᠨ᠎ᠠ ᠃ ᠬᠠᠷᠢᠨ ᠶᠠᠳᠠᠭᠤ ᠬᠥᠮᠦᠰ ᠥᠯᠥᠰᠦᠨ ᠲᠣᠯᠣᠭᠠᠢ ᠬᠣᠷᠭᠣᠳᠠᠬᠤ ᠭᠠᠵᠠᠷ ᠬᠠᠢᠭᠰᠠᠨ ᠬᠡᠪ ᠢ᠋ᠶ᠋ᠡᠷ ᠢ᠋ᠶ᠋ᠡᠨ ᠯᠡ ᠪᠠᠢᠵᠤ ᠪᠠᠢᠨ᠎ᠠ᠃ ᠡᠨᠡ ᠬᠦᠢᠲᠡᠨ ᠡᠪᠦᠯ ᠵᠣᠪᠠᠵᠤ ᠪᠠᠢᠭ᠎ᠠ ᠬᠡᠳᠦᠨ ᠬᠡᠦᠬᠡᠳ ᠢ᠋ ᠬᠠᠷᠠᠯ᠎ᠠ᠃ ᠲᠡᠷᠡ ᠭᠦᠦᠷ ᠦ᠋ᠨ ᠳᠣᠣᠷ᠎ᠠ ᠪᠠᠢᠭ᠎ᠠ᠃ ᠭᠡᠪᠡᠴᠦ ᠬᠠᠮᠠᠭᠠᠯᠠᠭᠴᠢᠳ ᠲᠡᠳᠡᠨ ᠢ᠋ ᠲᠡᠨᠳᠡ ᠪᠠᠢᠬᠤ ᠶ᠋ᠢ ᠵᠥᠪᠰᠢᠶᠡᠷᠭᠦ ᠦᠭᠡᠢ ᠪᠠᠢᠭ᠎ᠠ᠃
— ᠰᠢᠪᠠᠭᠤ ᠮᠢᠨᠢ ᠪᠢ ᠰᠢᠵᠢᠷ ᠠᠯᠲᠠ ᠪᠠᠷ ᠪᠦᠷᠢᠳᠦᠭᠰᠡᠨ ᠠᠯᠲᠠ ᠶ᠋ᠢ ᠠᠪᠤᠭᠠᠳ ᠶᠠᠳᠠᠭᠤ ᠬᠥᠮᠦᠰ ᠲᠦ᠍ ᠲᠠᠷᠬᠠᠭᠠᠵᠤ ᠥᠭ! ᠠᠢ ᠲᠡᠳᠡ ᠵᠣᠪᠠᠬᠤ ᠶᠣᠰᠣ ᠦᠭᠡᠢ᠃
ᠰᠢᠪᠠᠭᠤ ᠶᠡᠬᠡᠳᠡ ᠭᠤᠨᠢᠭᠯᠠᠵᠤ ᠬᠠᠨ ᠬᠦᠦ ᠶ᠋ᠢᠨ ᠪᠡᠶ᠎ᠡ ᠶ᠋ᠢ ᠪᠦᠷᠢᠭᠰᠡᠨ ᠪᠦᠬᠦ ᠠᠯᠲᠠ ᠶ᠋ᠢ ᠠᠪᠴᠤ᠂ ᠮᠥᠩᠭᠥ ᠬᠡᠷᠡᠭᠲᠡᠢ ᠬᠥᠮᠦᠰ ᠲᠦ᠍ ᠲᠠᠷᠬᠠᠭᠠᠵᠤ ᠥᠭᠭᠦᠯ᠎ᠡ᠃ ᠲᠡᠳᠡ ᠠᠯᠲᠠ ᠠᠪᠤᠭᠰᠠᠨ ᠳ᠋ᠤ᠌ ᠪᠠᠨ ᠶᠡᠬᠡᠳᠡ ᠭᠠᠢᠬᠠᠵᠤ ᠪᠠᠢᠯ᠎ᠠ᠃
— ᠪᠢ ᠣᠳᠣ ᠲᠠᠯᠬ᠎ᠠ ᠠᠪᠤᠨ᠎ᠠ᠃
— ᠪᠢ ᠣᠳᠣ ᠢᠳᠡᠬᠦ ᠲᠠᠯᠬ᠎ᠠ ᠲᠠᠢ ᠪᠣᠯᠤᠨ᠎ᠠ᠃
— ᠪᠢ ᠣᠳᠣ ᠢᠳᠡᠬᠦ ᠲᠠᠯᠬ᠎ᠠ ᠲᠠᠢ ᠪᠣᠯᠤᠨ᠎ᠠ᠃
— ᠪᠢ ᠣᠳᠣ ᠢᠳᠡᠬᠦ ᠲᠠᠯᠬ᠎ᠠ ᠲᠠᠢ ᠪᠣᠯᠤᠨ᠎ᠠ᠃
ᠳᠠᠷᠠᠭ᠎ᠠ ᠨᠢ ᠴᠠᠰᠤ ᠣᠷᠣᠯ᠎ᠠ᠂ ᠬᠣᠲᠠ ᠪᠦᠬᠦᠯᠢ ᠳ᠋ᠦ᠍ ᠪᠡᠨ ᠴᠠᠰᠤᠨ ᠳ᠋ᠤ᠌ ᠳᠠᠷᠤᠭᠳᠠᠵᠠᠢ ᠃ ᠰᠢᠪᠠᠭᠤ ᠲᠡᠰᠬᠢᠮ᠎ᠡ ᠬᠦᠢᠲᠡᠨ ᠢ᠋ ᠳᠠᠪᠠᠵᠤ ᠴᠢᠳᠠᠭᠰᠠᠨ ᠦᠭᠡᠢ᠃ ᠨᠢᠭᠡ ᠰᠥᠨᠢ ᠥᠭᠡᠳᠡ ᠪᠣᠯᠵᠠᠢ᠃ ᠮᠠᠷᠭᠠᠰᠢ ᠥᠷᠯᠥᠭᠡ ᠨᠢ ᠡᠨᠡ ᠲᠤᠬᠠᠢ ᠣᠯᠵᠤ ᠮᠡᠳᠡᠭᠡᠳ ᠬᠠᠨ ᠬᠦᠦ ᠶ᠋ᠢᠨ ᠳᠣᠲᠣᠷ ᠨᠢᠭᠡ ᠶᠠᠭᠤᠮ᠎ᠠ ᠤᠷᠠᠭᠳᠠᠬᠤ ᠰᠢᠭ᠋ ᠪᠣᠯᠪᠠ᠃ ᠬᠠᠨ ᠬᠦᠦ ᠶ᠋ᠢᠨ ᠲᠡᠮᠦᠷ ᠵᠢᠷᠦᠬᠡ ᠰᠢᠷᠬᠠᠲᠤᠭᠰᠠᠨ ᠨᠢ ᠲᠡᠷᠡ ᠪᠠᠢᠵᠠᠢ᠃ ᠬᠥᠮᠦᠰ ᠬᠠᠨ ᠬᠦᠦ ᠶ᠋ᠢᠨ ᠬᠥᠯ ᠳ᠋ᠦ᠍ ᠦᠬᠦᠭᠰᠡᠨ ᠰᠢᠪᠠᠭᠤ ᠪᠠᠢᠬᠤ ᠶ᠋ᠢ ᠬᠠᠷᠠᠭᠠᠳ ᠡᠨᠡ ᠲᠤᠬᠠᠢ ᠭᠣᠮᠣᠳᠠᠵᠤ ᠭᠡᠨ᠎ᠡ᠃ ᠬᠡᠳᠦᠨ ᠰᠡᠷᠭᠡᠢᠯᠡᠭᠴᠢ ᠬᠠᠨ ᠬᠦᠦ ᠳᠡᠭᠡᠷ᠎ᠡ ᠢᠷᠡᠯ᠎ᠡ᠃
— ᠬᠠᠨ ᠬᠦᠦ ᠮᠠᠭᠤᠬᠠᠢ ᠬᠠᠷᠠᠭᠳᠠᠵᠤ ᠪᠠᠢᠭ᠎ᠠ ᠪᠢᠵᠡ?
— ᠲᠡᠢᠮᠦ ᠠ᠋! ᠬᠠᠨ ᠬᠦᠦ ᠪᠢᠰᠢ ᠭᠤᠶᠤᠯᠭᠠᠴᠢᠨ ᠰᠢᠭ᠋ ᠯᠡ ᠬᠠᠷᠠᠭᠳᠠᠵᠤ ᠪᠠᠢᠨ᠎ᠠ ᠰᠢᠦ ᠳᠡ!
— ᠪᠠᠰᠠ ᠬᠥᠯ ᠳ᠋ᠦ᠍ ᠨᠢ ᠦᠬᠦᠭᠰᠡᠨ ᠰᠢᠪᠠᠭᠤ ᠪᠠᠢᠨ᠎ᠠ ᠃ ᠵᠠᠪᠠᠭ᠎ᠠ ᠶᠤᠮ ᠃ᠬᠡᠨ ᠨᠢ ᠡᠢᠮᠦ ᠮᠠᠭᠤᠬᠠᠢ ᠶᠠᠭᠤᠮ᠎ᠠ ᠴᠡᠪᠡᠷᠯᠡᠬᠦ ᠶᠦᠮ ᠪᠣᠢ?
— ᠲᠡᠢᠮᠦ! ᠲᠡᠢᠮᠦ! ᠦᠨᠡᠬᠡᠷ ᠵᠠᠪᠠᠭᠠᠨ ᠪᠣᠯᠴᠢᠬᠠᠵᠠᠢ᠃ ᠲᠡᠢᠮᠦ ᠪᠣᠯᠬᠣᠷ ᠬᠥᠰᠢᠶ᠎ᠡ ᠶ᠋ᠢ ᠡᠨᠳᠡ ᠡᠴᠡ ᠵᠠᠢᠯᠠᠭᠤᠯᠬᠤ ᠬᠡᠷᠡᠭᠲᠡᠢ ᠪᠠᠢᠨ᠎ᠠ᠃ ᠲᠡᠳᠡ ᠬᠥᠰᠢᠶ᠎ᠡ ᠶ᠋ᠢ ᠪᠠᠭᠤᠯᠭᠠᠵᠤ ᠰᠢᠲᠠᠭᠠᠯ᠎ᠠ᠃ ᠭᠡᠪᠡᠴᠦ ᠬᠥᠰᠢᠶᠡᠨ ᠦ᠌ ᠰᠢᠷᠬᠠᠯᠠᠭᠰᠠᠨ ᠵᠢᠷᠦᠬᠡ ᠰᠢᠲᠠᠭᠰᠠᠨ ᠦᠭᠡᠢ᠃ ᠲᠡᠭᠡᠭᠡᠳ ᠵᠢᠷᠦᠬᠡ ᠶ᠋ᠢ ᠨᠢ ᠬᠠᠶᠠᠯ᠎ᠠ᠃ ᠬᠡᠳᠦ ᠬᠣᠨᠣᠭ ᠤ᠋ᠨ ᠳᠠᠷᠠᠭ᠎ᠠ ᠪᠤᠷᠬᠠᠨ ᠤ᠋ ᠲᠣᠰᠣᠯᠠᠭᠴᠢ ᠨᠤᠭᠤᠳ ᠣᠷᠳᠣᠨ ᠳ᠋ᠤ᠌ ᠢᠷᠡᠵᠦ ᠬᠡᠳᠦᠨ ᠶᠠᠭᠤᠮ᠎ᠠ ᠱᠠᠭᠠᠷᠳᠠᠵᠤ ᠭᠡᠨ᠎ᠡ᠃
— ᠲᠠ ᠨᠠᠷ ᠨᠠᠳᠠ ᠳ᠋ᠤ᠌ ᠶᠠᠭᠤ ᠠᠪᠴᠤ ᠢᠷᠡᠭᠰᠡᠨ ᠪᠣᠢ?
ᠨᠢᠭᠡ ᠰᠢᠪᠠᠭᠤ ᠪᠣᠯᠤᠨ ᠰᠢᠷᠬᠠᠯᠠᠭᠰᠠᠨ ᠭᠠᠩ ᠵᠢᠷᠦᠬᠡ ᠪᠠᠢᠯ᠎ᠠ᠃ ᠪᠤᠷᠬᠠᠨ ᠲᠡᠳᠡᠨ ᠡᠴᠡ ᠶᠠᠭᠠᠬᠢᠭᠠᠳ ᠬᠣᠲᠠ ᠶ᠋ᠢᠨ ᠬᠠᠮᠤᠭ ᠤ᠋ᠨ ᠰᠠᠢᠬᠠᠨ ᠬᠣᠶᠠᠷ ᠵᠦᠢᠯ ᠭᠡᠵᠦ ᠪᠣᠳᠣᠭᠰᠠᠨ ᠢ᠋ ᠠᠰᠠᠭᠤᠪᠠ᠃ ᠵᠠᠷᠤᠴᠠ ᠨᠠᠷ ᠡᠨᠡ ᠵᠢᠷᠦᠬᠡ ᠶ᠋ᠢ ᠵᠢᠷᠭᠠᠯᠲᠠᠢ ᠬᠠᠨ ᠬᠦᠦ ᠶ᠋ᠢᠨ ᠬᠥᠰᠢᠶᠡᠨ ᠦ᠌ ᠬᠢ ᠪᠠᠢᠭᠰᠠᠨ ᠢ᠋ ᠬᠡᠯᠡᠯ᠎ᠡ᠃
— ᠲᠠᠨᠠᠷ ᠰᠠᠢᠨ ᠠᠵᠢᠯᠯᠠᠯ᠎ᠠ᠃ ᠦᠨᠡᠨ ᠰᠢᠦ ᠡᠨᠡ ᠬᠣᠶᠠᠷ ᠶᠠᠭᠤᠮ᠎ᠠ ᠬᠣᠶᠠᠭᠤᠯᠠ ᠪᠠᠨ ᠶᠡᠬᠡ ᠰᠠᠢᠬᠠᠨ ᠵᠦᠢᠯᠡᠰ! ᠪᠢ ᠡᠳᠡᠨ ᠢ᠋ ᠴᠡᠴᠡᠷᠯᠢᠭ ᠲᠦ᠍ ᠪᠡᠨ ᠦᠯᠡᠳᠡᠭᠡᠨ᠎ᠡ᠃ ᠰᠢᠪᠠᠭᠤ ᠨᠢ ᠰᠠᠢᠬᠠᠨ ᠳᠠᠭᠤᠤ ᠳᠠᠭᠤᠯᠠᠵᠤ ᠪᠠᠢᠭ᠂ ᠬᠠᠷᠢᠨ ᠵᠢᠷᠭᠠᠯᠲᠠᠢ ᠬᠠᠨ ᠬᠦᠦ ᠮᠢᠨᠦ ᠠᠯᠲᠠᠨ ᠬᠣᠲᠠ ᠳ᠋ᠤ᠌ ᠰᠦᠨᠳᠡᠷᠯᠡᠬᠦ ᠪᠣᠯᠤᠨ᠎ᠠ᠃   ᠦᠰᠦᠭ 

   ᠠᠮᠢᠯᠠᠭᠤᠯᠤᠭᠴᠢ ᠂ᠦᠰᠦᠭ ᠬᠠᠳᠠᠭᠴᠢ᠄ ᠬᠡᠷᠡᠢᠳ ᠨᠠᠷᠠᠰᠤ
   ᠬᠢᠨᠠᠭᠴᠢ᠄ ᠢᠷᠡᠭᠡᠳᠦᠢ᠂ ᠰᠡᠷᠭᠦᠯᠡᠩ᠂ ᠣᠳᠬᠠᠨᠰᠣ᠎ᠡ᠃