ᠬᠤᠨ ᠭᠠᠯᠠᠭᠤ ᠮᠢᠨᠢ Хун галуу минь ᠦᠯᠢᠭᠡᠷ ᠬᠣᠯᠪᠣᠭ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠤᠨ ᠭᠠᠯᠠᠭᠤ ᠮᠢᠨᠢ Хун галуу минь

ᠬᠤᠨ ᠭᠠᠯᠠᠭᠤ ᠮᠢᠨᠢ Хун галуу минь

2023-05-24

754

ᠬᠤᠨ ᠭᠠᠯᠠᠭᠤ ᠮᠢᠨᠢ


 ᠬᠤᠭᠤᠷ ᠴᠤᠭᠤᠷ ᠢᠶᠠᠨ ᠲᠠᠭᠠᠷᠠᠭᠤᠯᠤᠶ᠎ᠠ
 ᠬᠣᠯᠪᠣᠭ᠎ᠠ ᠰᠢᠯᠦᠭ ᠢᠶᠡᠨ ᠡᠭᠦᠰᠭᠡᠶ᠎ᠡ
 ᠬᠤᠷᠮᠤᠰᠲᠠ ᠲᠩᠷᠢ ᠪᠡᠷ ᠠᠶᠠᠯᠠᠳᠠᠭ
 ᠬᠤᠨ ᠭᠠᠯᠠᠭᠤ᠎ ᠪᠠᠨ ᠮᠠᠭᠲᠠᠶ᠎ᠠ ᠃

 ᠡᠳᠤᠷ᠎ ᠤᠨ ᠨᠠᠷᠠᠨ ᠤ ᠭᠡᠷᠡᠯ ᠢᠶᠡᠷ
 ᠦᠶᠡᠷᠬᠡᠵᠦ ᠨᠢᠰᠳᠡᠭ ᠬᠤᠨ ᠭᠠᠯᠠᠭᠤ
 ᠥᠳᠥᠨ ᠵᠢᠭᠦᠷ ᠢᠶᠡᠨ ᠳᠡᠯᠭᠡᠭᠡᠳ
 ᠡᠭᠡᠰᠢᠭᠯᠡᠵᠦ ᠶᠠᠪᠤᠳᠠᠭ ᠬᠤᠨ ᠭᠠᠯᠠᠭᠤ

 ᠰᠥᠨᠢ ᠶᠢᠨ ᠰᠠᠷᠠᠨ ᠤ ᠲᠤᠶᠠᠭ᠎ᠠ᠎᠎ᠪᠠᠷ
 ᠰᠦᠷᠦᠭᠯᠡᠵᠦ ᠨᠢᠰᠳᠡᠭ ᠬᠤᠨ ᠭᠠᠯᠠᠭᠤ
 ᠰᠣᠳᠣᠨ ᠵᠢᠭᠦᠷ ᠢᠶᠡᠨ ᠳᠡᠯᠭᠡᠭᠡᠳ
 ᠰᠤᠪᠤᠷᠠᠵᠤ ᠶᠠᠪᠤᠳᠠᠭ ᠬᠤᠨ ᠭᠠᠯᠠᠭᠤ

 ᠨᠤᠲᠤᠭ ᠣᠷᠣᠨ ᠡᠴᠡ ᠰᠠᠯᠤᠯ᠎ᠠ ᠭᠡᠳ
 ᠮᠠᠷᠲᠠᠳᠠᠭ ᠦᠭᠡᠢ ᠬᠤᠨ ᠭᠠᠯᠠᠭᠤ
 ᠨᠠᠭᠤᠷ ᠤᠰᠤᠨ ᠠ᠋ᠴᠠ ᠬᠣᠯᠠᠲᠤᠯ᠎ᠠ ᠭᠡᠳ
 ᠣᠷᠬᠢᠳᠠᠭ ᠦᠭᠡᠢ ᠬᠤᠨ ᠭᠠᠯᠠᠭᠤ ᠃

 ᠠᠩᠬᠢ ᠡᠭᠨᠡᠭᠡ ᠡᠴᠡ᠎ ᠪᠡᠨ ᠬᠣᠴᠣᠷᠲᠠᠭ ᠦᠭᠡᠢ
 ᠶᠣᠰᠣᠲᠠᠢ ᠰᠠᠶ᠋ᠢᠬᠠᠨ ᠬᠤᠨ ᠭᠠᠯᠠᠭᠤ
 ᠠᠷᠪᠠ ᠲᠠᠪᠤ ᠎ᠪᠠᠷ ᠰᠠᠯᠲᠠᠭ ᠦᠭᠡᠢ
 ᠵᠢᠷᠤᠮ ᠎ᠲᠠᠢ ᠰᠠᠶ᠋ᠢᠬᠠᠨ ᠬᠤᠨ ᠭᠠᠯᠠᠭᠤ ᠃

 ᠭᠠᠭᠴᠠ ᠬᠣᠶᠠᠷ᠎ ᠢᠶᠡᠷ ᠨᠢᠰᠳᠡᠭ ᠦᠭᠡᠢ
 ᠪᠦᠯᠬᠦᠮᠳᠡᠯ ᠰᠠᠶ᠋ᠢᠲᠠᠢ ᠬᠤᠨ ᠭᠠᠯᠠᠭᠤ
 ᠭᠠᠮᠰᠢᠭ ᠲᠤ ᠤᠴᠠᠷᠠᠭᠰᠠᠨ ᠢᠶᠠᠨ ᠬᠠᠶᠠᠳᠠᠭ ᠦᠭᠡᠢ
 ᠨᠥᠬᠥᠷᠯᠡᠯ ᠰᠠᠶ᠋ᠢᠲᠠᠢ ᠬᠤᠨ ᠭᠠᠯᠠᠭᠤ᠃

 ᠬᠥᠭᠰᠢᠨ ᠵᠡᠮᠳᠡᠭ ᠢᠶᠡᠨ ᠬᠦᠨᠳᠦᠳᠬᠡᠳᠡᠭ
 ᠰᠤᠷᠲᠠᠯ ᠰᠠᠶ᠋ᠢᠲᠠᠢ ᠬᠤᠨ ᠭᠠᠯᠠᠭᠤ
 ᠬᠡᠦᠬᠡᠳ ᠪᠢᠴᠢᠬᠠᠨ ᠢᠶᠠᠨ ᠠᠰᠠᠷᠠᠳᠠᠭ
 ᠪᠣᠳᠣᠯᠭ᠎ᠠ ᠰᠠᠶ᠋ᠢᠲᠠᠢ ᠬᠤᠨ ᠭᠠᠯᠠᠭᠤ ᠃

 ᠠᠯᠬᠤᠮ ᠳᠠᠷᠠᠭ᠎ᠠ ᠎ᠲᠠᠢ ᠬᠥᠳᠡᠯᠳᠡᠭ
 ᠶᠣᠰᠣᠷᠬᠠᠭ ᠵᠠᠩ ᠎ᠲᠠᠢ ᠬᠤᠨ ᠭᠠᠯᠠᠭᠤ
 ᠠᠬᠠᠰ ᠵᠠᠬᠠᠰ᠎ ᠢᠶᠠᠨ ᠬᠦᠨᠳᠦᠯᠡᠳᠡᠭ
 ᠪᠣᠯᠪᠠᠰᠤᠨ ᠰᠤᠷᠲᠠᠯ ᠲᠠᠢ ᠬᠤᠨ ᠭᠠᠯᠠᠭᠤ ᠃

 ᠦᠷ᠎ᠡ ᠵᠤᠯᠵᠠᠬ᠋᠎ᠠ᠎ ᠪᠠᠨ ᠥᠰᠭᠡᠲᠡᠯ᠎ᠡ
 ᠠᠩᠬᠠᠷᠴᠤ ᠯᠠ ᠪᠠᠶ᠋ᠢᠬᠤ ᠬᠤᠨ ᠭᠠᠯᠠᠭᠤ
 ᠦᠳᠦ ᠰᠦᠳᠦ᠎ ᠪᠡᠨ ᠪᠠᠷᠠᠲᠠᠯ᠎ᠠ
 ᠠᠵᠢᠯᠯᠠᠵᠤ ᠯᠠ ᠪᠠᠶ᠋ᠢᠬᠤ ᠬᠤᠨ ᠭᠠᠯᠠᠭᠤ᠃

 ᠬᠠᠲᠠ ᠲᠠᠢ ᠥᠨᠲᠥᠷ ᠵᠠᠮ  ᠭᠡᠳ
 ᠬᠠᠯᠠᠰᠢᠷᠠᠲᠠᠭ ᠦᠭᠡᠢ ᠬᠤᠨ ᠭᠠᠯᠠᠭᠤ
 ᠬᠠᠷᠠᠩᠭᠤᠢ ᠰᠥᠨᠢ ᠶᠠᠪᠤᠯ᠎ᠠ ᠭᠡᠳ
 ᠲᠥᠭᠡᠷᠢᠳᠡᠭ ᠦᠭᠡᠢ ᠬᠤᠨ ᠭᠠᠯᠠᠭᠤ ᠃

 ᠠᠶᠤᠩᠬ᠋᠎ᠠ ᠮᠥᠨᠲᠥᠷ ᠪᠠᠭᠤᠯ᠎ᠠ ᠭᠡᠳ
 ᠠᠶᠤᠲᠠᠭ ᠦᠭᠡᠢ ᠬᠤᠨ ᠭᠠᠯᠠᠭᠤ
 ᠠᠰᠬᠠᠷᠠᠭᠰᠠᠨ ᠪᠣᠷᠣᠭᠠᠨ ᠢᠷᠡᠯ᠎ᠡ ᠭᠡᠳ
 ᠰᠠᠨᠲᠤᠷᠲᠠᠭ ᠦᠭᠡᠢ ᠬᠤᠨ ᠭᠠᠯᠠᠭᠤ ᠃

 ᠶᠠᠮᠠᠷᠪᠠ ᠰᠠᠭᠠᠳ ᠭᠠᠷᠬᠤ᠎ ᠶᠢ
 ᠢᠯᠭᠠᠵᠤ ᠲᠠᠨᠢᠲᠠᠭ ᠬᠤᠨ ᠭᠠᠯᠠᠭᠤ 
 ᠢᠯᠠᠭᠲᠠᠯ ᠰᠦᠢᠳ ᠲᠦ ᠤᠴᠠᠷᠠᠬᠤ᠎ ᠶᠢ
 ᠲᠤᠩᠭᠠᠵᠤ ᠮᠡᠳᠡᠳᠡᠭ ᠬᠤᠨ ᠭᠠᠯᠠᠭᠤ

 ᠬᠠᠷᠢᠯᠴᠠᠨ ᠬᠠᠪᠰᠤᠷᠤᠯᠴᠠᠬᠤ ᠶᠢ ᠡᠷᠬᠢᠮᠯᠡᠳᠡᠭ
 ᠨᠠᠶ᠋ᠢᠷᠰᠠᠭ ᠵᠠᠩ ᠲᠠᠢ ᠬᠤᠨ ᠭᠠᠯᠠᠭᠤ
 ᠬᠠᠶ᠋ᠢᠭᠤᠯᠴᠢᠨ ᠮᠠᠨᠠᠭᠠᠴᠢᠨ ᠢ ᠴᠢᠬᠤᠯᠠᠴᠢᠯᠠᠲᠠᠭ 
 ᠰᠡᠷᠡᠮᠵᠢ ᠰᠠᠶ᠋ᠢᠲᠠᠢ ᠬᠤᠨ ᠭᠠᠯᠠᠭᠤ ᠃

 ᠰᠠᠷᠠᠭᠤᠯ ᠤᠭᠲᠠᠷᠭᠤᠢ  ᠨᠢᠰᠤᠯ᠎ᠡ ᠭᠡᠳ 
 ᠰᠠᠭᠰᠠᠭᠤᠷᠠᠲᠠᠭ ᠦᠭᠡᠢ ᠬᠤᠨ ᠭᠠᠯᠠᠭᠤ
 ᠰᠠᠷ᠎ᠠ ᠵᠢᠯ ᠳ᠋ᠡᠭᠡᠨ ᠶᠠᠪᠤᠯ᠎ᠠ ᠭᠡᠳ
 ᠭᠠᠪᠢᠶᠠᠷᠬᠠᠲᠠᠭ ᠦᠭᠡᠢ ᠬᠤᠨ ᠭᠠᠯᠠᠭᠤ ᠃

 ᠡᠭᠦᠯᠡ ᠮᠠᠨᠠᠨ ᠳᠠᠲᠠᠯ᠎ᠠ ᠭᠡᠳ
 ᠲᠥᠭᠡᠷᠢᠳᠡᠭ ᠦᠭᠡᠢ ᠬᠤᠨ ᠭᠠᠯᠠᠭᠤ
 ᠡᠲᠤᠷ ᠰᠥᠨᠢ ᠦᠭᠡᠢ ᠶᠠᠪᠤᠯ᠎ᠠ ᠭᠡᠳ
 ᠵᠢᠷᠦᠬᠡᠰᠢᠶᠡᠳᠡᠭ ᠦᠭᠡᠢ ᠬᠤᠨ ᠭᠠᠯᠠᠭᠤ ᠃

 ᠲᠥᠮᠡᠨ ᠭᠠᠵᠠᠷ ᠢᠶᠡᠷ ᠲᠣᠭᠣᠷᠢᠯ᠎ᠠ ᠭᠡᠳ
 ᠲᠦᠪᠡᠭᠰᠢᠶᠡᠳᠡᠭ ᠦᠭᠡᠢ ᠬᠤᠨ ᠭᠠᠯᠠᠭᠤ
 ᠪᠣᠮᠠᠨ ᠭᠠᠵᠠᠷ ᠢᠶᠠᠷ ᠶᠠᠪᠤᠯ᠎ᠠ ᠭᠡᠳ 
 ᠪᠡᠷᠬᠡᠰᠢᠶᠡᠳᠡᠭ ᠦᠭᠡᠢ ᠬᠤᠨ ᠭᠠᠯᠠᠭᠤ ᠃

 ᠬᠣᠣᠷᠲᠠᠨ ᠮᠣᠭᠠᠢ ᠶᠢ ᠦᠵᠡᠪᠡᠯ
 ᠭᠡᠴᠢᠶᠡᠵᠤ ᠶᠠᠪᠤᠳᠠᠭ ᠬᠤᠨ ᠭᠠᠯᠠᠭᠤ
 ᠬᠣᠪᠳᠣᠭ ᠠᠮᠢᠲᠠᠨ ᠢ ᠦᠵᠡᠪᠡᠯ
 ᠰᠡᠷᠭᠡᠶ᠋ᠢᠯᠡᠵᠦ ᠶᠠᠪᠤᠳᠠᠭ ᠬᠤᠨ ᠭᠠᠯᠠᠭᠤ

 ᠥᠨᠳᠥᠷ ᠠᠭᠤᠯᠠ ᠲᠠᠭᠠᠷᠠᠪᠠᠴᠤ
 ᠳᠠᠪᠠᠵᠤ ᠭᠠᠷᠬᠤ ᠬᠤᠨ ᠭᠠᠯᠠᠭᠤ
 ᠥᠷᠭᠡᠨ ᠮᠥᠷᠡᠨ ᠳᠣᠬᠢᠶᠠᠯᠳᠠᠪᠠᠴᠤ
 ᠭᠡᠲᠦᠯᠵᠦ ᠭᠠᠷᠬᠤ ᠬᠤᠨ ᠭᠠᠯᠠᠭᠤ ᠃ 

 ᠡᠷᠬᠡ ᠴᠢᠯᠥᠭᠡᠲᠦ ᠠᠮᠢᠳᠤᠷᠠᠯ ᠢ
 ᠪᠡᠯᠭᠡᠳᠡᠵᠦ ᠶᠠᠪᠤᠳᠠᠭ ᠬᠤᠨ ᠭᠠᠯᠠᠭᠤ
 ᠡᠵᠡᠷᠬᠡᠭ ᠲᠦᠷᠢᠮᠡᠬᠡᠶ᠋ᠢᠲᠡᠨ ᠡᠲᠡᠭᠡᠳ ᠢ
 ᠰᠡᠷᠭᠡᠶ᠋ᠢᠯᠡᠵᠦ ᠶᠠᠪᠤᠳᠠᠭ ᠬᠤᠨ ᠭᠠᠯᠠᠭᠤ ᠃ 

 ᠬᠤᠷᠮᠤᠰᠲᠠ ᠲᠩᠷᠢ᠎ ᠢᠶᠡᠷ ᠨᠢᠰᠳᠡᠭ ᠠ᠋ᠴᠠ
 ᠬᠤᠨ ᠭᠠᠯᠠᠭᠤ ᠮᠢᠨᠢ ᠮᠠᠭᠲᠠᠭᠠᠯᠲᠠᠢ ᠳ᠋ᠠ
 ᠬᠣᠷᠸ᠋᠎ᠠ ᠳᠡᠯᠡᠬᠡᠢ  ᠳ᠋ᠦ᠍ ᠠᠮᠢᠲᠤᠷᠠᠲᠠᠭ ᠠ᠋ᠴᠠ
 ᠬᠥᠮᠦᠨ ᠪᠦᠬᠦᠨ ᠰᠤᠷᠤᠯᠴᠠᠭᠤᠰᠢᠲᠠᠢ ᠳ᠋ᠠ ⁈

 ᠬᠥᠬᠡ ᠣᠭᠲᠠᠷᠭᠤᠢ ᠎ᠪᠠᠷ ᠠᠶᠠᠯᠠᠳᠠᠭ ᠠ᠋ᠴᠠ
 ᠬᠤᠨ ᠭᠠᠯᠠᠭᠤ ᠮᠢᠨᠢ ᠰᠠᠶ᠋ᠢᠰᠢᠶᠠᠯᠲᠠᠢ ᠳ᠋ᠠ
 ᠬᠥᠪᠴᠢᠨ ᠳᠡᠯᠡᠬᠡᠢ ᠎ ᠳ᠋ᠦ᠍ ᠣᠷᠣᠰᠢᠳᠠᠭ ᠠ᠋ᠴᠠ
 ᠬᠥᠮᠦᠨ ᠪᠦᠬᠦᠨ ᠳᠠᠭᠤᠷᠢᠶᠠᠯᠲᠠᠢ ᠳ᠋ᠠ ⁈ 

         ᠦᠰᠦᠭ ᠠᠮᠢᠯᠠᠭᠤᠯᠤᠭᠴᠢ ᠄ ᠲᠤᠶᠠᠬ᠋᠎ᠠ
             ᠬᠢᠨᠠᠭᠴᠢ ᠄ ᠣᠤᠠᠬᠠᠨᠰᠣ᠎ᠠ