ᠨᠤᠭᠤᠰᠤᠨ ᠤ ᠮᠠᠭᠤᠬᠠᠢ ᠳᠡᠭᠳᠡᠭᠡᠬᠡᠢНугасны муухай дэгдээхэй _ Ugly Duckling ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠤᠭᠤᠰᠤᠨ ᠤ ᠮᠠᠭᠤᠬᠠᠢ ᠳᠡᠭᠳᠡᠭᠡᠬᠡᠢНугасны муухай дэгдээхэй _ Ugly Duckling

ᠨᠤᠭᠤᠰᠤᠨ ᠤ ᠮᠠᠭᠤᠬᠠᠢ ᠳᠡᠭᠳᠡᠭᠡᠬᠡᠢНугасны муухай дэгдээхэй _ Ugly Duckling

2023-05-24

357

ᠨᠤᠭᠤᠰᠤᠨ ᠤ ᠮᠠᠭᠤᠬᠠᠢ ᠳᠡᠭᠳᠡᠭᠡᠬᠡᠢ

  ᠵᠤᠨ ᠤ᠋ ᠨᠢᠭᠡᠨ ᠨᠠᠷᠠ ᠲᠠᠢ ᠡᠳᠦᠷ ᠪᠣᠯᠵᠤ ᠪᠠᠶ᠋ᠢᠪᠠ᠃ ᠡᠵᠢ ᠨᠤᠭᠤᠰᠤ ᠴᠥᠭᠥᠷᠥᠮ ᠦ᠋ᠨ ᠳᠡᠷᠭᠡᠳᠡᠬᠢ ᠮᠣᠳᠣᠨ ᠤ᠋ ᠳᠣᠣᠷ᠎ᠠ ᠥᠨᠳᠡᠭᠡ ᠪᠡᠨ ᠳᠠᠷᠤᠬᠤ ᠳ᠋ᠤ᠌ ᠶᠠᠭ ᠲᠣᠬᠢᠷᠠᠭᠰᠠᠨ ᠭᠠᠵᠠᠷ ᠣᠯᠵᠠᠢ᠃

ᠲᠡᠷᠡ ᠲᠠᠪᠤᠨ ᠥᠨᠳᠡᠭᠡ ᠭᠠᠷᠭᠠᠯ᠎ᠠ᠂ ᠭᠡᠨᠡᠳᠲᠡᠬᠡᠨ ᠨᠢᠭᠡ ᠥᠨᠳᠡᠭᠡ ᠨᠢ ᠪᠤᠰᠤᠳ ᠠ᠋ᠴᠠ ᠪᠠᠨ ᠥᠭᠡᠷ᠎ᠡ ᠪᠣᠯᠬᠤ ᠶ᠋ᠢ ᠠᠩᠵᠠᠭᠠᠷᠠᠪᠠ᠃

ᠲᠡᠭᠦᠨ ᠦ᠌ ᠰᠠᠨᠠᠭ᠎ᠠ ᠵᠢᠭᠠᠬᠠᠨ ᠵᠣᠪᠠᠯ᠎ᠠ᠃

ᠢᠩᠭᠢᠭᠡᠳ ᠥᠨᠳᠡᠭᠡ ᠪᠡᠨ ᠪᠣᠶ᠋ᠢᠵᠢᠬᠤ ᠶ᠋ᠢ ᠬᠦᠯᠢᠶᠡᠪᠡ᠃

ᠡᠴᠦᠰ ᠦ᠋ᠨ ᠡᠴᠦᠰ ᠲᠦ᠍ ᠨᠢᠭᠡᠨ ᠰᠠᠢᠬᠠᠨ ᠥᠷᠯᠥᠭᠡ ᠥᠨᠳᠡᠭᠡ ᠨᠤᠭᠦᠳ ᠨᠢᠭᠡ ᠨᠢᠭᠡ  ᠪᠡᠷ ᠢ᠋ᠶ᠋ᠡᠨ ᠬᠠᠭᠠᠷᠠᠵᠤ ᠡᠬᠢᠯᠡᠯ᠎ᠡ᠃

ᠪᠦᠭᠦᠳᠡ ᠵᠢᠪ᠂ ᠵᠢᠪ ᠭᠡᠵᠡᠭᠡᠨ᠎ᠡ᠃

ᠪᠦᠬᠦ ᠥᠨᠳᠡᠭᠡ ᠡᠰᠡᠨ ᠮᠡᠨᠳᠦ ᠪᠣᠶ᠋ᠢᠵᠢᠵᠤ ᠳᠡᠭᠳᠡᠭᠡᠬᠡᠢ ᠨᠤᠭᠦᠳ ᠠᠭᠤᠳᠠᠮ ᠣᠷᠴᠢᠯᠠᠩ  ᠲᠠᠢ ᠮᠡᠨᠳᠦᠯᠡᠯ᠎ᠡ᠃

ᠨᠢᠭᠡ ᠡᠴᠡ ᠪᠤᠰᠤᠳ ᠨᠢ ᠪᠦᠭᠦᠳᠡ ᠬᠠᠭᠠᠷᠠᠵᠠᠢ᠃

— — ᠪᠢ ᠶᠠᠮᠠᠷᠬᠤᠬᠠᠨ ᠳᠡᠭᠳᠡᠭᠡᠬᠡᠢ ᠲᠡᠢ ᠪᠣᠯᠴᠢᠬᠠᠪᠠ!

— — ᠠᠵᠠ ᠲᠠᠢ ᠡᠬᠡ ᠶᠦ᠍ᠮ ᠠ᠋ ᠪᠢ᠂ ᠭᠡᠪᠡᠴᠦ ᠲᠠᠪᠤᠳᠠᠬᠢ ᠨᠢ ᠶᠠᠭᠠᠬᠢᠴᠢᠬᠠᠪᠠ?

ᠨᠤᠭᠤᠰᠤᠨ ᠤ᠋ ᠡᠬᠡ ᠰᠠᠨᠠᠭ᠎ᠠ ᠵᠣᠪᠠᠵᠠᠢ᠃

— — ᠡᠨᠡ ᠰᠡᠭᠦᠯᠴᠢ ᠶ᠋ᠢᠨ ᠥᠨᠳᠡᠭᠡ ᠮᠠᠨᠢ ᠶᠡᠬᠡ ᠤᠳᠠᠵᠤ ᠪᠠᠶ᠋ᠢᠨ᠎ᠠ ᠰᠢᠦ!

ᠲᠡᠷᠡ ᠥᠨᠳᠡᠭᠡ ᠶ᠋ᠢ ᠳᠠᠷᠤᠵᠤ ᠴᠢᠳᠠᠬᠤ ᠴᠢᠨᠡᠭᠡ ᠪᠡᠷ ᠢ᠋ᠶ᠋ᠡᠨ ᠶᠡᠬᠡ ᠳᠤᠯᠠᠭᠠᠴᠠᠭᠤᠯᠤᠯ᠎ᠠ᠃

— — ᠬᠠᠭᠠᠷᠠᠬᠤ ᠭᠡᠵᠦ ᠢᠩᠭᠢᠵᠦ ᠶᠡᠬᠡ ᠤᠳᠠᠵᠤ ᠪᠠᠶ᠋ᠢᠭ᠎ᠠ ᠶᠤᠮ ᠴᠢᠨᠢ ᠬᠠᠮᠤᠭ ᠤ᠋ᠨ ᠬᠥᠭᠡᠷᠦᠬᠦᠨ ᠨᠤᠭᠤᠰᠤᠨ ᠤ᠋ ᠳᠡᠭᠳᠡᠭᠡᠬᠡᠢ ᠭᠠᠷᠴᠤ ᠢᠷᠡᠨ᠎ᠡ ᠳᠠ᠃

ᠨᠢᠭᠡᠨ ᠰᠠᠢᠬᠠᠨ ᠥᠷᠯᠥᠭᠡ ᠥᠨᠳᠡᠭᠡ ᠬᠠᠭᠠᠷᠠᠲᠠᠯ᠎ᠠ ᠮᠠᠭᠤᠬᠠᠢ ᠰᠠᠭᠠᠷᠠᠯ ᠥᠩᠭᠡ ᠲᠡᠢ ᠳᠡᠭᠳᠡᠭᠡᠬᠡᠢ ᠭᠠᠷᠴᠤ ᠢᠷᠡᠯ᠎ᠡ᠃ ᠵᠢᠪ ᠵᠢᠪ ᠡᠨᠡ ᠨᠤᠭᠤᠰᠤ ᠪᠤᠰᠤᠳ ᠠᠬ᠎ᠠ ᠡᠭᠡᠴᠢ ᠨᠠᠷ ᠠ᠋ᠴᠠ ᠪᠠᠨ ᠥᠭᠡᠷ᠎ᠡ ᠪᠠᠶ᠋ᠢᠯ᠎ᠠ᠃

ᠶᠡᠬᠡ ᠲᠣᠮᠣ ᠪᠠᠰᠠ ᠴᠢᠷᠠᠢ ᠮᠠᠭᠤᠲᠠᠢ ᠠᠵᠢ᠃

— — ᠪᠤᠰᠤᠳ ᠳᠡᠭᠳᠡᠭᠡᠬᠡᠢ ᠨᠤᠭᠦᠳ ᠮᠢᠨᠢ ᠡᠶ᠋ᠢᠮᠦ ᠪᠢᠰᠢ ᠪᠠᠶ᠋ᠢᠬᠰᠠᠨ ᠳᠠ᠃ ᠡᠨᠡ ᠨᠢ ᠴᠢᠷᠠᠢ ᠮᠠᠭᠤᠲᠠᠢ ᠨᠤᠭᠤᠰᠤ ᠪᠣᠯᠤᠯᠲᠠᠢ᠃

ᠡᠵᠢ ᠨᠤᠭᠤᠰᠤ ᠳᠡᠭᠳᠡᠭᠡᠬᠡᠢ ᠪᠡᠨ ᠬᠠᠷᠠᠭᠠᠳ ᠶᠡᠬᠡᠳᠡ ᠭᠤᠨᠢᠭᠯᠠᠵᠠᠢ᠃

ᠡᠬᠡ ᠨᠢ ᠲᠡᠭᠦᠨ ᠊ᠢ ᠨᠢᠭᠡᠨ ᠡᠳᠦᠷ ᠠᠬ᠎ᠠ ᠡᠭᠡᠴᠢ ᠨᠠᠷ ᠲᠠᠢ ᠪᠠᠨ ᠠᠳᠠᠯᠢᠬᠠᠨ ᠪᠣᠯᠤᠨ᠎ᠠ ᠭᠡᠵᠦ ᠨᠠᠶ᠋ᠢᠲᠠᠪᠠ᠃

ᠭᠡᠪᠡᠴᠦ ᠡᠳᠦᠷ ᠬᠣᠨᠣᠭ ᠥᠩᠭᠡᠷᠡᠭᠰᠡᠭᠡᠷ ᠳᠡᠭᠳᠡᠭᠡᠬᠡᠢ ᠨᠢ ᠮᠠᠭᠤᠬᠠᠢ ᠬᠡᠪ ᠢ᠋ᠶ᠋ᠡᠷ ᠢ᠋ᠶ᠋ᠡᠨ ᠯᠡ ᠪᠠᠶ᠋ᠢᠯ᠎ᠠ᠃

ᠠᠬ᠎ᠠ ᠡᠭᠡᠴᠢ ᠨᠠᠷ ᠨᠢ ᠪᠦᠭᠦᠳᠡ ᠲᠡᠷᠡ ᠳᠡᠭᠳᠡᠭᠡᠬᠡᠢ ᠶ᠋ᠢ ᠱᠣᠣᠯᠠᠵᠤ ᠲᠡᠭᠦᠨ ᠲᠡᠢ ᠬᠠᠮᠲᠤ ᠲᠣᠭᠯᠠᠳᠠᠭ ᠦᠭᠡᠢ ᠪᠠᠶ᠋ᠢᠯ᠎ᠠ᠃

ᠳᠡᠭᠳᠡᠭᠡᠬᠡᠢ ᠶᠡᠬᠡ ᠯᠡ ᠭᠤᠨᠢᠭᠯᠠᠳᠠᠭ ᠪᠠᠶ᠋ᠢᠯ᠎ᠠ᠃

— — ᠴᠢ ᠮᠠᠭᠤᠬᠠᠢ ᠴᠢᠷᠠᠢ ᠲᠠᠢ᠂

— — ᠬᠠ ᠬᠠ ᠁ ᠴᠢ ᠡᠨᠡ ᠮᠠᠭᠤᠬᠠᠢ ᠶᠠᠭᠤᠮ᠎ᠠ ᠶ᠋ᠢ ᠬᠠᠷᠠᠭᠠᠴᠢ᠂ ᠬᠠ ᠬᠠ ᠬᠠ ᠁

— — ᠲᠡᠶ᠋ᠢᠮᠦ ᠠ᠋! ᠶᠠᠪᠤᠵᠤ ᠦᠵᠡ᠂ ᠴᠢ ᠦᠨᠡᠬᠡᠷ ᠴᠢᠷᠠᠢ ᠮᠠᠭᠤᠲᠠᠢ᠃

— — ᠪᠢᠳᠡ ᠴᠢᠮ᠎ᠠ ᠲᠠᠢ ᠬᠠᠮᠲᠤ ᠲᠣᠭᠯᠠᠬᠤ ᠦᠭᠡᠢ᠂ ᠦᠵᠡᠰᠢ ᠦᠭᠡᠢ ᠮᠠᠭᠤᠬᠠᠢ ᠮᠠᠩᠭᠤᠰ ᠠ᠋!

ᠲᠡᠳᠡ ᠪᠦᠭᠦᠳᠡ ᠲᠡᠭᠦᠨ ᠊ᠢ ᠳᠣᠭᠣᠭᠢᠯᠠᠨ᠎ᠠ᠃

ᠨᠤᠭᠤᠰᠤᠨ ᠤ᠋ ᠮᠠᠭᠤᠬᠠᠢ ᠳᠡᠭᠳᠡᠭᠡᠬᠡᠢ ᠶᠡᠬᠡ ᠭᠤᠨᠢᠭᠯᠠᠳᠠᠭ ᠪᠠᠶ᠋ᠢᠯ᠎ᠠ᠃

ᠨᠤᠭᠤᠰᠤᠨ ᠤ᠋ ᠮᠠᠭᠤᠬᠠᠢ ᠳᠡᠭᠳᠡᠭᠡᠬᠡᠢ ᠴᠥᠭᠥᠷᠥᠮ ᠤᠷᠤᠭᠤ ᠣᠴᠢᠵᠤ ᠴᠥᠭᠥᠷᠥᠮ ᠦ᠋ᠨ ᠤᠰᠤᠨ ᠳ᠋ᠤ᠌ ᠥᠪᠡᠷ ᠦ᠋ᠨ ᠢ᠋ᠶ᠋ᠡᠨ ᠴᠢᠷᠠᠢ  ᠶ᠋ᠢ ᠬᠠᠷᠠᠯ᠎ᠠ᠃

— — ᠪᠦᠭᠦᠳᠡ ᠨᠠᠳᠠ ᠳ᠋ᠤ᠌ ᠳᠤᠷ᠎ᠠ ᠦᠭᠡᠢ ᠶᠦ᠍ᠮ᠂ ᠪᠢ ᠦᠨᠡᠬᠡᠷ ᠦᠵᠡᠰᠢ ᠦᠭᠡᠢ ᠮᠠᠭᠤᠬᠠᠢ᠃

ᠳᠡᠭᠳᠡᠭᠡᠬᠡᠢ ᠰᠦᠷᠦᠭ ᠢ᠋ᠶ᠋ᠡᠨ ᠣᠷᠬᠢᠵᠤ ᠣᠢ ᠶ᠋ᠢᠨ ᠭᠦᠨ ᠤᠷᠤᠭᠤ ᠬᠠᠮᠢᠭᠠᠰᠢ ᠪᠠᠨ ᠴᠤ᠌ ᠬᠠᠮᠢᠶ᠎ᠠ ᠦᠭᠡᠢ ᠶᠠᠪᠤᠬᠤ ᠪᠠᠷ ᠰᠢᠢᠳᠦᠯ᠎ᠡ᠃

ᠳᠡᠭᠳᠡᠭᠡᠬᠡᠢ ᠣᠢ ᠶ᠋ᠢᠨ ᠭᠦᠨ ᠳ᠋ᠦ᠍ ᠭᠠᠪ ᠭᠠᠭᠴᠠᠭᠠᠷ ᠢ᠋ᠶ᠋ᠠᠨ ᠶᠠᠪᠤᠨ᠎ᠠ᠃

ᠤᠳᠠᠯ ᠦᠭᠡᠢ ᠡᠪᠦᠯ ᠪᠣᠯᠬᠤ ᠳ᠋ᠤ᠌ ᠬᠠᠮᠢᠭ᠎ᠠ ᠰᠠᠢ ᠦᠭᠡᠢ ᠴᠠᠰᠤ ᠣᠷᠣᠯ᠎ᠠ᠃ ᠳᠡᠭᠳᠡᠭᠡᠬᠡᠢ ᠭᠤᠨᠢᠭᠯᠠᠵᠤ ᠲᠠᠭᠠᠷᠠᠭᠰᠠᠨ ᠳ᠋ᠤ᠌ ᠪᠠᠨ ᠳᠠᠭᠵᠢᠨ ᠴᠡᠴᠡᠷᠡᠵᠦ ᠪᠠᠶ᠋ᠢᠯ᠎ᠠ᠃ ᠭᠡᠪᠡᠴᠦ ᠢᠳᠡᠬᠦ ᠬᠣᠭᠣᠯᠠ ᠳᠤᠯᠠᠭᠠᠴᠠᠬᠤ ᠨᠥᠮᠥᠷᠢ ᠣᠭᠲᠣ ᠣᠯᠤᠭᠰᠠᠨ ᠦᠭᠡᠢ᠃

ᠲᠡᠷᠡ ᠨᠢᠭᠡ ᠨᠤᠭᠤᠰᠤᠨ ᠤ᠋ ᠰᠦᠷᠦᠭ ᠲᠦ᠍ ᠣᠴᠢᠯ᠎ᠠ᠂

ᠭᠡᠪᠡᠴᠦ ᠲᠡᠳᠡᠨ ᠳ᠋ᠦ᠍ ᠭᠣᠯᠣᠭᠳᠠᠵᠠᠢ᠃

— — ᠮᠠᠭᠤᠬᠠᠢ ᠴᠢᠷᠠᠢ ᠲᠠᠢ ᠠᠮᠢᠲᠠᠨ ᠪᠠᠶ᠋ᠢᠨ᠎ᠠ ᠳᠠ᠃

— — ᠡᠨᠡ ᠮᠠᠭᠤᠬᠠᠢ ᠠᠮᠢᠲᠠᠨ ᠬᠡᠨ ᠪᠣᠢ?

ᠲᠡᠷᠡ ᠲᠠᠬᠢᠶᠠᠨ ᠤ᠋ ᠰᠠᠷᠠᠪᠴᠢᠨ ᠳ᠋ᠤ᠌ ᠬᠣᠨᠣᠭᠯᠠᠬᠤ ᠪᠠᠷ ᠣᠴᠢᠪᠠ᠃ ᠲᠠᠬᠢᠶ᠎ᠠ ᠨᠤᠭᠤᠳ ᠬᠣᠰᠢᠭᠤ ᠪᠠᠷ ᠢ᠋ᠶ᠋ᠠᠨ ᠳᠣᠩᠰᠢᠭᠠᠳ ᠪᠠᠶ᠋ᠢᠬᠤ ᠪᠠᠷ ᠨᠢ ᠲᠡᠷᠡ ᠵᠢᠭᠤᠲᠠᠴᠢᠬᠠᠯ᠎ᠠ᠃

ᠲᠡᠷᠡ ᠵᠠᠮ ᠳ᠋ᠤ᠌ ᠪᠠᠨ ᠨᠣᠬᠠᠢ ᠲᠠᠢ ᠲᠠᠭᠠᠷᠠᠯ᠎ᠠ᠃ ᠨᠣᠬᠠᠢ ᠲᠡᠭᠦᠨ ᠊ᠢ ᠬᠠᠷᠠᠴᠢᠬᠠᠭᠠᠳ ᠶᠠᠪᠤᠭᠠᠳ ᠦᠭᠬᠦᠯ᠎ᠡ᠃

ᠨᠤᠭᠤᠰᠤᠨ ᠤ᠋ ᠮᠠᠭᠤᠬᠠᠢ ᠳᠡᠭᠳᠡᠭᠡᠬᠡᠢ ᠢᠩᠭᠢᠵᠦ ᠪᠣᠳᠣᠯ᠎ᠠ᠃

— — ᠨᠠᠮ᠎ᠠ ᠶ᠋ᠢ ᠦᠵᠡᠰᠢ ᠦᠭᠡᠢ ᠮᠠᠭᠤᠬᠠᠢ ᠪᠣᠯᠬᠣᠷ ᠨᠣᠬᠠᠢ ᠬᠦᠷᠲᠡᠯ᠎ᠡ ᠲᠣᠭᠣᠵᠤ ᠢᠲᠡᠭᠰᠡᠨ ᠦᠭᠡᠢ ᠰᠢᠦ ᠳᠡ!

ᠨᠤᠭᠤᠰᠤᠨ ᠤ᠋ ᠮᠠᠭᠤᠬᠠᠢ ᠳᠡᠭᠳᠡᠭᠡᠬᠡᠢ ᠳᠠᠬᠢᠭᠠᠳ ᠯᠠ ᠣᠢ ᠪᠠᠷ ᠭᠠᠭᠴᠠᠭᠠᠷ ᠢ᠋ᠶ᠋ᠠᠨ ᠲᠡᠨᠦᠵᠦ ᠡᠬᠢᠯᠡᠯ᠎ᠡ᠃ ᠲᠡᠨᠳᠡ ᠨᠢᠭᠡ ᠲᠠᠷᠢᠶᠠᠴᠢᠨ ᠲᠠᠢ ᠲᠠᠭᠠᠷᠠᠵᠤ᠂ ᠲᠠᠷᠢᠶᠠᠴᠢᠨ ᠲᠡᠭᠦᠨ ᠊ᠢ ᠡᠬᠡᠨᠡᠷ ᠬᠡᠦᠬᠡᠳ ᠦ᠋ᠳ ᠳᠡᠭᠡᠷ᠎ᠡ ᠪᠡᠨ ᠠᠪᠴᠤ ᠣᠴᠢᠪᠠ᠂ ᠭᠡᠪᠡᠴᠦ ᠲᠡᠨᠳᠡ ᠬᠦᠷᠲᠡᠯ᠎ᠡ ᠭᠡᠷ ᠲᠦ᠍ ᠨᠢ ᠠᠮᠢᠳᠤᠷᠠᠳᠠᠭ ᠮᠤᠤᠷ ᠲᠡᠭᠦᠨ ᠊ᠢ ᠵᠣᠪᠠᠭᠠᠵᠤ ᠪᠠᠶ᠋ᠢᠯ᠎ᠠ᠃

ᠢᠩᠭᠢᠭᠡᠳ ᠲᠠᠷᠢᠶᠠᠴᠢᠨ ᠤ᠋ ᠭᠡᠷ ᠡᠴᠡ ᠶᠠᠪᠤᠵᠠᠢ᠃

ᠤᠳᠠᠯ ᠦᠭᠡᠢ ᠬᠠᠪᠤᠷ ᠪᠣᠯᠤᠯ᠎ᠠ᠃ ᠪᠦᠬᠦ ᠵᠦᠢᠯ ᠳᠠᠬᠢᠨ ᠰᠣᠶᠣᠭᠠᠯᠠᠵᠤ ᠡᠪᠡᠰᠦ ᠨᠣᠭᠣᠭ᠎ᠠ ᠤᠷᠭᠤᠯ᠎ᠠ᠃

ᠠᠯᠬᠤᠭᠰᠠᠭᠠᠷ ᠠᠯᠬᠤᠭᠰᠠᠭᠠᠷ ᠲᠡᠷᠡ ᠨᠢᠭᠡᠨ ᠨᠠᠭᠤᠷ ᠣᠯᠵᠤ ᠬᠠᠷᠠᠪᠠ᠃

ᠳᠠᠬᠢᠨ ᠤᠰᠤ ᠬᠠᠷᠠᠭᠰᠠᠨ ᠳ᠋ᠠᠭᠠᠨ ᠮᠠᠰᠢ ᠶᠡᠬᠡ ᠪᠠᠶᠠᠷᠯᠠᠵᠠᠢ᠃

ᠨᠠᠭᠤᠷ ᠤᠷᠤᠭᠤ ᠣᠶ᠋ᠢᠷᠠᠤᠠᠴᠤ ᠣᠴᠢᠭᠠᠳ ᠦᠵᠡᠰᠬᠦᠯᠡᠩᠲᠦ ᠬᠤᠨ ᠰᠡᠯᠢᠵᠦ ᠪᠠᠶ᠋ᠢᠬᠤ ᠶ᠋ᠢ ᠬᠠᠷᠠᠯ᠎ᠠ᠃

ᠲᠡᠷᠡ ᠳᠣᠣᠷ᠎ᠠ ᠪᠠᠨ ᠯᠠ ᠬᠤᠨ ᠳ᠋ᠤ᠌ ᠳᠤᠷᠠᠯᠠᠵᠠᠢ᠃

ᠨᠤᠭᠤᠰᠤᠨ ᠤ᠋ ᠮᠠᠭᠤᠬᠠᠢ ᠳᠡᠭᠳᠡᠭᠡᠬᠡᠢ ᠥᠪᠡᠷ ᠡᠴᠡ ᠪᠡᠨ ᠢᠴᠢᠵᠦ ᠲᠣᠯᠣᠭᠠᠢ ᠪᠠᠨ ᠭᠤᠲᠤᠶ᠋ᠢᠯᠠᠭᠠᠯ᠎ᠠ᠃

ᠲᠣᠩᠭᠣᠶ᠋ᠢᠬᠤ ᠳ᠋ᠤ᠌ ᠪᠠᠨ ᠤᠰᠤᠨ ᠳ᠋ᠤ᠌ ᠥᠪᠡᠷ ᠦ᠋ᠨ ᠢ᠋ᠶ᠋ᠡᠨ ᠳᠦᠷᠰᠦ ᠶ᠋ᠢ ᠬᠠᠷᠠᠭᠠᠳ ᠠᠯᠮᠠᠶ᠋ᠢᠷᠠᠵᠤ ᠣᠷᠬᠢᠯ᠎ᠠ᠃

ᠲᠡᠷᠡ ᠮᠠᠭᠤᠬᠠᠢ ᠳᠡᠭᠳᠡᠭᠡᠬᠡᠢ ᠪᠢᠰᠢ ᠪᠣᠯᠵᠠᠢ᠃

ᠴᠢᠷᠠᠶ᠋ᠢᠯᠢᠬ ᠵᠠᠯᠠᠭᠤ ᠬᠤᠨ ᠪᠣᠯᠵᠤ ᠬᠤᠪᠢᠷᠠᠭᠰᠠᠨ ᠪᠠᠶ᠋ᠢᠪᠠ᠃

ᠠᠬ᠎ᠠ ᠡᠭᠡᠴᠢ ᠨᠠᠷ ᠠ᠋ᠴᠠ ᠪᠠᠨ ᠶᠠᠭᠠᠬᠢᠭᠠᠳ ᠥᠭᠡᠷ᠎ᠡ ᠪᠠᠶ᠋ᠢᠬᠰᠠᠨ ᠢ᠋ᠶ᠋ᠠᠨ ᠲᠡᠭᠡᠬᠦ ᠳ᠋ᠦ᠍ ᠯᠡ ᠡᠣᠶ᠋ᠢᠯᠠᠭᠠᠭᠰᠠᠨ᠂

ᠶᠠᠭᠠᠬᠢᠭᠠᠳ ᠭᠡᠪᠡᠯ ᠲᠡᠷᠡ ᠪᠣᠯ ᠬᠤᠨ᠂ ᠴᠠᠭᠠᠳᠤᠭᠤᠯᠠ ᠨᠢ ᠨᠤᠭᠤᠰᠤ ᠪᠠᠶ᠋ᠢᠬᠰᠠᠨ ᠶᠤᠮ᠃

ᠲᠡᠷᠡ ᠠᠩᠬ᠎ᠠ ᠬᠠᠷᠠᠭᠠᠳ ᠳᠤᠷᠠᠯᠠᠭᠰᠠᠨ ᠦᠵᠡᠰᠬᠦᠯᠡᠩᠲᠦ ᠬᠤᠨ ᠲᠠᠢ ᠪᠠᠨ ᠭᠡᠷᠯᠡᠵᠦ ᠠᠮᠤᠷ ᠰᠠᠢᠬᠠᠨ ᠳ᠋ᠠᠭᠠᠨ ᠵᠢᠷᠭᠠᠭᠰᠠᠨ ᠭᠡᠨ᠎ᠡ᠃

 

   ᠦᠰᠦᠭ ᠠᠮᠢᠯᠠᠭᠤᠯᠵᠤ ᠬᠠᠲᠠᠭᠰᠠᠨ ᠨᠢ ᠄ ᠪᠦᠷᠢᠨᠴᠡᠴᠡᠭ

   ᠬᠢᠨᠠᠭᠰᠠᠨ ᠨᠢ ᠄ ᠮᠥᠴᠢᠷ᠂ ᠪᠠᠶᠠᠷᠴᠡᠴᠡᠭ᠂ ᠣᠶᠤᠨ