1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠧᠺ ᠪᠠ ᠪᠤᠷᠴᠠᠭ ᠤᠨ ᠮᠣᠳᠣЖек ба буурцгийн мод

ᠵᠧᠺ ᠪᠠ ᠪᠤᠷᠴᠠᠭ ᠤᠨ ᠮᠣᠳᠣЖек ба буурцгийн мод

2022-01-05

432

ᠵᠧᠺ ᠪᠠ ᠪᠤᠷᠴᠠᠭ ᠤᠨ ᠮᠣᠳᠣ

ᠡᠷᠲᠡ ᠤᠷᠢᠳᠤ ᠶ᠋ᠢᠨ ᠴᠠᠭ ᠲᠤ ᠵᠸᠺ ᠭᠡᠬᠦ ᠵᠢᠭᠠᠯ ᠬᠦᠦ ᠲᠣᠰᠬᠣᠨ ᠤ᠋ ᠣᠢᠷᠠᠯᠴᠠᠭᠠᠬᠢ ᠵᠢᠵᠢᠭᠬᠡᠨ ᠪᠠᠢᠰᠢᠩ ᠳ᠋ᠤ᠌ ᠡᠵᠢ ᠲᠡᠢ ᠪᠡᠨ ᠬᠠᠮᠲᠤ ᠠᠮᠢᠳᠤᠷᠠᠳᠠᠭ ᠪᠠᠢᠵᠠᠢ᠃
ᠲᠡᠳᠡᠨ ᠳ᠋ᠦ᠍ ᠮᠥᠩᠭᠥ ᠣᠯᠬᠤ ᠡᠬᠢ ᠡᠭᠦᠰᠪᠦᠷᠢ ᠪᠠᠢᠭᠰᠠᠨ ᠦᠭᠡᠢ᠂ ᠥᠯ ᠵᠠᠯᠭᠠᠭᠤᠯᠬᠤ ᠶ᠋ᠢᠨ ᠲᠤᠯᠠᠳᠠ ᠲᠡᠳᠡᠨ ᠪᠦᠬᠦ ᠶᠠᠭᠤᠮ᠎ᠠ ᠪᠠᠨ ᠵᠠᠷᠤᠵᠠᠢ᠃
ᠲᠡᠳᠡᠨ ᠳ᠋ᠦ᠍ ᠵᠥᠪᠬᠡᠨ ᠰᠦᠨ ᠦ᠌ ᠦᠨᠢᠶ᠎ᠡ ᠯᠡ ᠦᠯᠡᠳᠡᠭᠰᠡᠨ ᠪᠠᠢᠪᠠ᠃
ᠲᠡᠳᠡ ᠶᠠᠳᠠᠭᠤ ᠪᠣᠯᠬᠣᠷ ᠵᠸᠺ ᠪᠣᠯᠤᠨ ᠵᠸᠺ ᠦ᠋ᠨ ᠡᠵᠢ ᠣᠯᠠᠨ ᠰᠥᠨᠢ ᠬᠣᠭᠣᠰᠣᠨ ᠬᠣᠳᠣᠭᠣᠳᠣ ᠲᠠᠢ ᠤᠨᠲᠠᠳᠠᠭ ᠪᠠᠢᠪᠠ᠃
ᠵᠸᠺ ᠥᠷᠯᠥᠭᠡ ᠪᠦᠷᠢ ᠦᠨᠢᠶ᠎ᠡ ᠪᠡᠨ ᠰᠠᠭᠠᠳᠠᠭ ᠴᠤ᠌ ᠦᠨᠢᠶᠡᠨ ᠦ᠌ ᠰᠦ ᠠᠪᠬᠤ ᠶ᠋ᠢᠨ ᠲᠤᠯᠠᠳᠠ ᠲᠡᠵᠢᠭᠡᠯ ᠥᠭᠬᠦ ᠶᠣᠰᠣᠲᠠᠢ᠂ ᠪᠠᠰᠠ ᠲᠡᠳᠡᠨ ᠳ᠋ᠦ᠍ ᠮᠥᠩᠭᠥ ᠪᠠᠢᠭᠰᠠᠨ ᠦᠭᠡᠢ᠂ ᠲᠡᠭᠡᠭᠡᠳ ᠵᠸᠺ ᠦ᠋ᠨ ᠡᠵᠢ ᠨᠢᠭᠡ ᠶᠠᠭᠤᠮ᠎ᠠ ᠪᠣᠳᠣᠵᠤ ᠣᠯᠤᠯ᠎ᠠ᠃ ᠡᠵᠢ ᠨᠢ ᠵᠸᠺ ᠳᠡᠭᠡᠷ᠎ᠡ ᠣᠴᠢᠵᠤ ᠭᠠᠭᠴᠠ ᠦᠨᠢᠶ᠎ᠡ ᠪᠡᠨ ᠬᠤᠳᠠᠯᠳᠤ ᠭᠡᠵᠡᠢ᠃
ᠵᠸᠺ᠄ ᠣᠢᠯᠠᠭᠠᠯ᠎ᠠ ᠡᠵᠢ ᠠ᠋᠃
ᠵᠸᠺ ᠦᠨᠢᠶ᠎ᠡ ᠪᠡᠨ ᠵᠠᠷᠤᠬᠤ ᠪᠠᠷ ᠵᠠᠬ᠎ᠠ ᠤᠷᠤᠭᠤ ᠶᠠᠪᠤᠬᠤ ᠵᠠᠮ ᠳ᠋ᠠᠭᠠᠨ ᠶᠡᠬᠡ ᠬᠠᠴᠢᠨ ᠲᠥᠷᠬᠦ ᠲᠡᠢ ᠡᠪᠦᠭᠡᠨ ᠲᠡᠢ ᠲᠠᠭᠠᠷᠠᠯᠳᠤᠪᠠ ᠭᠡᠨ᠎ᠡ᠂
ᠡᠪᠦᠭᠡᠨ᠄ ᠥᠷᠯᠥᠭᠡᠨ ᠦ᠌ ᠮᠡᠨᠳᠦ ᠵᠸᠺ?
ᠵᠸᠺ᠄ ᠥᠷᠯᠥᠭᠡᠨ ᠦ᠌ ᠮᠡᠨᠳᠦ᠂
ᠡᠪᠦᠭᠡᠨ᠄ ᠡᠨᠡ ᠦᠨᠢᠶ᠎ᠡ ᠶ᠋ᠢ ᠬᠠᠮᠢᠭᠠᠰᠢ ᠪᠠᠨ ᠠᠪᠴᠤ ᠶᠠᠪᠤᠵᠤ ᠪᠠᠢᠭ᠎ᠠ ᠶᠤᠮ ᠪᠣᠢ ᠵᠢᠭᠠᠯ ᠠ᠋?
ᠵᠸᠺ᠄ ᠪᠢ ᠦᠨᠢᠶ᠎ᠡ ᠪᠡᠨ ᠬᠤᠳᠠᠯᠳᠤᠬᠤ ᠪᠠᠷ ᠵᠠᠬ᠎ᠠ ᠤᠷᠤᠭᠤ ᠶᠠᠪᠤᠵᠤ ᠪᠠᠢᠨ᠎ᠠ᠃
ᠡᠪᠦᠭᠡᠨ᠄ ᠦ᠁ ᠬᠦᠦ ᠮᠢᠨᠢ ᠳᠡ᠂ ᠲᠡᠭᠡᠬᠦ ᠶ᠋ᠢᠨ ᠲᠤᠯᠠᠳᠠ ᠲᠡᠢᠮᠦ ᠬᠣᠯᠠ ᠶᠠᠪᠤᠬᠤ ᠬᠡᠷᠡᠭ ᠦᠭᠡᠢ ᠰᠢᠦ ᠳᠡ᠂ ᠦᠨᠢᠶ᠎ᠡ ᠶ᠋ᠢ ᠪᠡᠨ ᠨᠠᠳᠠ ᠳ᠋ᠤ᠌ ᠥᠭᠴᠢᠬᠡ᠂ ᠪᠢ ᠬᠤᠳᠠᠯᠳᠤᠵᠤ ᠠᠪᠤᠶ᠎ᠠ᠂
ᠵᠸᠺ᠄ ᠲᠠ ᠮᠢᠨᠦ ᠦᠨᠢᠶ᠎ᠡ ᠶ᠋ᠢ ᠠᠪᠤᠭᠠᠳ ᠣᠷᠣᠨ ᠳ᠋ᠤ᠌ ᠨᠢ ᠨᠠᠳᠠᠳᠤ ᠶᠠᠭᠤ ᠥᠭᠬᠦ ᠶᠦᠮ
ᠪᠣᠢ?
ᠡᠪᠦᠭᠡᠨ᠄ ᠨᠠᠳᠠᠳᠤ ᠴᠢᠮ᠎ᠠ ᠰᠢᠭ᠋ ᠰᠠᠢᠬᠠᠨ ᠬᠦᠦ ᠳ᠋ᠦ᠍ ᠥᠭᠬᠦ ᠣᠨᠴᠠᠭᠠᠢ ᠶᠠᠭᠤᠮ᠎ᠠ ᠪᠠᠢᠭ᠎ᠠ ᠰᠢᠦ᠂
ᠵᠸᠺ᠄ ᠲᠡᠷᠡ ᠴᠢᠨᠢ ᠶᠠᠭᠤ ᠶᠤᠮ?
ᠡᠪᠦᠭᠡᠨ᠄ ᠪᠢ ᠴᠢᠮ᠎ᠠ ᠳ᠋ᠤ᠌ ᠲᠠᠪᠤᠨ ᠰᠢᠷᠬᠡᠭ ᠰᠢᠳᠢᠲᠦ ᠪᠤᠭᠤᠷᠴᠠᠭ ᠥᠭᠭᠦᠨ᠎ᠡ᠃
ᠵᠸᠺ ᠪᠦᠷ ᠶᠠᠭᠠᠬᠢᠬᠤ ᠪᠠᠨ ᠮᠡᠳᠡᠬᠦ ᠪᠡᠨ ᠪᠠᠢᠯ᠎ᠠ᠂᠃
ᠵᠸᠺ᠄ ᠡᠨᠡ ᠪᠤᠭᠤᠷᠴᠠᠭ ᠨᠢᠭᠡ ᠯᠡ ᠥᠭᠡᠷ᠎ᠡ ᠶᠦᠮ ᠠ᠂ ᠪᠤᠭᠤᠷᠴᠠᠭ ᠭᠠᠢᠬᠠᠮᠠᠷ ᠬᠠᠴᠢᠨ ᠬᠠᠷᠠᠭᠳᠠᠵᠤ ᠪᠠᠢᠪᠠ᠂ ᠠᠪᠤᠷᠭᠤ ᠲᠣᠮᠣ ᠪᠤᠭᠤᠷᠴᠠᠭ ᠪᠠᠢᠯ᠎ᠠ᠃ ᠶᠠᠮᠠᠷ ᠨᠢᠭᠡ ᠡᠩ ᠦ᠋ᠨ ᠪᠤᠭᠤᠷᠴᠠᠭ ᠠ᠋ᠴᠠ ᠲᠣᠮᠣ᠃
ᠵᠸᠺ᠄ ᠡᠨᠡ ᠪᠤᠷᠴᠠᠭ ᠨᠠᠳᠠ ᠳ᠋ᠤ᠌ ᠬᠡᠷᠡᠭ ᠦᠭᠡᠢ᠂ ᠪᠢ ᠡᠭᠦᠨ ᠢ᠋ᠶ᠋ᠡᠷ ᠶᠡᠷᠦ ᠨᠢ ᠶᠠᠭᠠᠬᠢᠬᠤ ᠶᠤᠮ ᠪᠣᠢ?
ᠡᠪᠦᠭᠡᠨ᠄ ᠡᠨᠡ ᠡᠩ ᠦ᠋ᠨ ᠨᠢᠭᠡ ᠪᠤᠭᠤᠷᠴᠠᠭ ᠪᠢᠰᠢ ᠠ᠋᠂ ᠵᠢᠭᠠᠯ ᠠ᠂ ᠷᠢᠳᠢ ᠰᠢᠳᠢ ᠲᠡᠢ ᠶᠦᠮ ᠰᠢᠦ᠃
ᠵᠡᠺ᠄ ᠷᠢᠳᠢ ᠰᠢᠳᠢ ᠲᠡᠢ! ᠦᠨᠡᠨ ᠤᠤ? ᠲᠡᠭᠡᠭᠡᠳ ᠶᠠᠮᠠᠷ ᠷᠢᠳᠢ ᠰᠢᠳᠢ ᠲᠡᠢ ᠶᠦᠮ ᠪᠣᠢ?
ᠡᠪᠦᠭᠡᠨ᠄ ᠡᠨᠡ ᠪᠤᠭᠤᠷᠴᠠᠭ ᠶᠡᠬᠡ ᠷᠢᠳᠢ ᠰᠢᠳᠢ ᠲᠡᠢ ᠪᠣᠯᠬᠣᠷ ᠡᠳᠡᠨ ᠢ᠋ ᠭᠠᠵᠠᠷ ᠲᠤ ᠰᠠᠭᠤᠯᠭᠠᠬᠤ ᠶᠤᠮ ᠪᠣᠯ ᠭᠠᠭᠴᠠᠬᠠᠨ ᠰᠥᠨᠢ ᠶ᠋ᠢᠨ ᠳᠣᠲᠣᠷ᠎ᠠ ᠲᠩᠷᠢ ᠳ᠋ᠦ᠍ ᠬᠦᠷᠲᠡᠯ᠎ᠡ ᠤᠷᠭᠤᠭᠰᠠᠨ ᠪᠠᠢᠨ᠎ᠠ᠃
ᠵᠸᠺ ᠢᠲᠡᠭᠡᠵᠡᠢ᠂ ᠷᠢᠳᠢ ᠰᠢᠳᠢ ᠲᠡᠢ ᠭᠡᠬᠦ ᠪᠡᠷ ᠨᠢ ᠦᠨᠢᠶ᠎ᠡ ᠪᠡᠨ ᠪᠤᠭᠤᠷᠴᠠᠭ ᠢ᠋ᠶ᠋ᠠᠷ ᠰᠣᠯᠢᠵᠤ ᠣᠷᠬᠢᠪᠠ᠃
ᠡᠪᠦᠭᠡᠨ᠄ ᠵᠠ᠂ ᠴᠢ ᠣᠳᠣ ᠢᠩᠭᠢᠭᠡᠳ ᠦᠨᠢᠶ᠎ᠡ ᠪᠡᠷ ᠢ᠋ᠶ᠋ᠡᠨ ᠰᠣᠯᠢᠵᠤ ᠠᠪᠤᠯ᠎ᠠ ᠰᠢᠦ᠃
ᠵᠡᠺ ᠡᠵᠢ ᠳ᠋ᠡᠭᠡᠨ ᠦᠵᠡᠭᠦᠯᠬᠦ ᠰᠠᠨ ᠭᠡᠵᠦ ᠶᠡᠬᠡ ᠳᠣᠭᠳᠣᠯᠤᠯ᠎ᠠ ᠃ ᠭᠡᠷ ᠲᠡᠭᠡᠨ ᠬᠠᠷᠢᠬᠤ ᠵᠠᠮ ᠳ᠋ᠠᠭᠠᠨ ᠵᠸᠺ ᠢᠨᠢᠶᠡᠮᠰᠦᠭᠯᠡᠵᠦ ᠬᠠᠯᠠᠭᠠᠰᠤ ᠤᠷᠤᠭᠤ ᠪᠠᠨ ᠭᠠᠷ ᠢ᠋ᠶ᠋ᠠᠨ ᠶᠠᠪᠤᠭᠤᠯᠤᠯ᠎ᠠ᠃
ᠵᠸᠺ᠄ ᠡᠨᠡ ᠪᠤᠷᠴᠠᠭ ᠢ᠋ ᠬᠠᠷᠠ ᠳᠠ ᠡᠵᠢ ᠠ᠋᠂᠂ ᠶᠡᠬᠡ ᠷᠢᠳᠢ ᠰᠢᠳᠢ ᠲᠡᠢ ᠰᠢᠦ᠂
ᠡᠵᠢ᠄ ᠶᠠᠭᠤ! ᠴᠢ ᠦᠨᠢᠶ᠎ᠡ ᠪᠡᠨ ᠡᠨᠡ ᠬᠠᠴᠢᠨ ᠪᠤᠭᠤᠷᠴᠠᠭ ᠢ᠋ᠶ᠋ᠠᠷ ᠰᠣᠯᠢᠴᠢᠬᠠᠵᠤ ᠪᠠᠢᠭ᠎ᠠ ᠶᠤᠮ ᠤᠤ?
ᠵᠸᠺ᠄ ᠳᠡᠭᠡᠯ ᠦᠭᠡᠢ ᠶᠠᠭᠠᠬᠢᠬᠤᠪ ᠡᠵᠢ ᠠ᠋᠂
ᠡᠵᠢ᠄ ᠴᠢ ᠦᠨᠢᠶ᠎ᠡ ᠪᠡᠨ ᠪᠤᠭᠤᠷᠴᠠᠭ ᠢ᠋ᠶ᠋ᠠᠷ ᠰᠣᠯᠢᠭᠰᠠᠨ ᠪᠠᠢᠨ᠎ᠠ ᠰᠢᠦ ᠳᠡ᠂ ᠶᠠᠮᠠᠷ ᠤᠬᠠᠭᠠᠨ ᠦᠭᠡᠢ ᠶᠦ᠍ᠮ ᠪᠣᠢ᠂
ᠡᠵᠢ ᠨᠢ ᠠᠭᠤᠷᠯᠠᠭᠠᠳ ᠪᠤᠷᠴᠠᠭ ᠢ᠋ ᠴᠣᠩᠬᠣ ᠪᠠᠷ ᠭᠠᠷᠭᠠᠭᠠᠳ ᠰᠢᠳᠡᠴᠢᠬᠡᠯ᠎ᠡ᠃
ᠡᠵᠢ᠄ ᠶᠠᠭᠠᠬᠢᠳᠠᠭ ᠲᠡᠨᠡᠭ ᠬᠦᠦ ᠪᠣᠢ!
ᠵᠸᠺ ᠶᠡᠬᠡ ᠭᠤᠨᠢᠭᠲᠠᠢ ᠪᠠᠢᠪᠠ᠂ ᠳᠡᠭᠡᠪᠦᠷ ᠦ᠋ᠨ ᠬᠥᠨᠳᠡᠢ ᠳ᠋ᠡᠬᠢ ᠵᠢᠵᠢᠭᠬᠡᠨ ᠥᠷᠥᠭᠡ ᠤᠷᠤᠭᠤ ᠪᠠᠨ ᠭᠦᠶᠦᠯ᠎ᠡ᠂ ᠲᠡᠭᠡᠭᠡᠳ ᠢᠩᠭᠢᠵᠦ ᠪᠣᠳᠣᠵᠤ ᠭᠡᠨ᠎ᠡ《ᠪᠢ ᠶᠠᠭᠠᠬᠢᠵᠤ ᠲᠡᠢᠮᠦ ᠤᠬᠠᠭᠠᠨ ᠦᠭᠡᠢ ᠪᠠᠢᠵᠤ ᠴᠢᠳᠠᠪᠠ᠂ ᠪᠢ ᠦᠨᠢᠶ᠎ᠡ ᠪᠡᠨ ᠪᠤᠷᠴᠠᠭ ᠢ᠋ᠶ᠋ᠠᠷ ᠰᠣᠯᠢᠴᠢᠬᠠᠭᠰᠠᠨ ᠰᠢᠦ ᠳᠡ᠂ ᠠ᠋᠁ ᠠ᠋᠁》ᠣᠷᠣᠨ ᠳ᠋ᠠᠭᠠᠨ ᠤᠬᠢᠯᠠᠭᠰᠠᠭᠠᠷ ᠣᠷᠣᠢ ᠶ᠋ᠢᠨ ᠬᠣᠭᠣᠯᠠ ᠪᠠᠨ ᠴᠤ᠌ ᠢᠳᠡᠯ ᠦᠭᠡᠢ ᠤᠨᠲᠠᠭᠠᠳ ᠥᠭᠭᠦᠯ᠎ᠡ᠃
ᠮᠠᠷᠭᠠᠰᠢ ᠥᠷᠯᠥᠭᠡ ᠨᠢ ᠨᠠᠷᠠ ᠮᠠᠨᠳᠤᠬᠤ ᠳ᠋ᠤ᠌ ᠵᠸᠺ ᠰᠡᠷᠢᠭᠡᠳ ᠴᠣᠩᠬᠣ ᠪᠠᠷ ᠭᠠᠳᠠᠭᠰᠢ ᠬᠠᠷᠠᠯ᠎ᠠ᠂ ᠲᠩᠷᠢ ᠳ᠋ᠦ᠍ ᠬᠦᠷᠦᠭᠰᠡᠨ ᠥᠨᠳᠥᠷ ᠪᠤᠭᠤᠷᠴᠠᠭ ᠤ᠋ᠨ ᠡᠰᠢ ᠶ᠋ᠢ ᠬᠠᠷᠠᠭᠠᠳ ᠵᠸᠺ ᠶᠡᠬᠡ ᠯᠡ ᠭᠠᠢᠬᠠᠵᠠᠢ᠂
ᠵᠸᠺ᠄᠂ ᠠ᠋ ᠁ᠪᠤᠷᠬᠠᠨ ᠮᠢᠨᠢ᠂ ᠦᠨᠡᠬᠡᠷ ᠷᠢᠳᠢ ᠰᠢᠳᠢ ᠲᠡᠢ ᠪᠤᠭᠤᠷᠴᠠᠭ ᠪᠠᠢᠵᠠᠢ᠃
ᠲᠡᠷᠡ ᠪᠤᠭᠤᠷᠴᠠᠭ ᠤ᠋ᠨ ᠮᠣᠳᠣ ᠤᠷᠤᠭᠤ ᠠᠪᠠᠷᠢᠬᠤ ᠪᠠᠷ ᠰᠢᠢᠳᠦᠯ᠎ᠡ᠃ ᠪᠤᠭᠤᠷᠴᠠᠭ ᠤ᠋ᠨ ᠮᠣᠳᠣ ᠲᠩᠷᠢ ᠳ᠋ᠦ᠍ ᠬᠦᠷᠲᠡᠯ᠎ᠡ ᠤᠷᠭᠤᠵᠠᠢ᠂ ᠬᠥᠭᠡᠷᠦᠬᠦᠢ ᠵᠸᠺ ᠠᠪᠠᠷᠢᠭᠰᠠᠭᠠᠷ ᠠᠪᠠᠷᠢᠭᠰᠠᠭᠠᠷ ᠡᠴᠦᠰ ᠲᠦ᠋ᠨᠢ ᠡᠭᠦᠯᠡᠰ ᠬᠥᠪᠴᠦ ᠪᠠᠢᠭ᠎ᠠ ᠶ᠋ᠢ ᠬᠠᠷᠠᠪᠠ ᠭᠡᠨ᠎ᠡ᠃
ᠵᠸᠺ᠄ ᠦ᠁᠂ ᠶᠠᠩᠵᠤ ᠲᠠᠢ ᠶᠤᠮ ᠠ᠂ ᠡᠨᠡ ᠳᠡᠭᠡᠷ᠎ᠡ ᠡᠴᠡ ᠪᠦᠬᠦ ᠶᠠᠭᠤᠮ᠎ᠠ ᠵᠢᠵᠢᠭᠬᠡᠨ ᠬᠠᠷᠠᠭᠳᠠᠵᠤ ᠪᠠᠢᠨ᠎ᠠ᠂ ᠳᠠᠬᠢᠭᠠᠳ ᠵᠢᠭᠠᠬᠠᠨ ᠠᠪᠠᠷᠢᠲᠠᠯ᠎ᠠ ᠲᠡᠷᠡ ᠨᠠᠷᠠᠨ ᠤ᠋ ᠭᠡᠷᠡᠯ ᠳ᠋ᠦ᠍ ᠭᠢᠯᠲᠠᠭᠠᠨᠠᠭᠰᠠᠨ ᠠᠪᠤᠷᠭᠤ ᠲᠣᠮᠣ ᠠᠯᠲᠠᠨ ᠬᠠᠭᠠᠯᠭᠠᠨ ᠳ᠋ᠤ᠌ ᠬᠦᠷᠪᠡ᠂
ᠵᠸᠺ᠄ ᠠ!᠁
ᠴᠠᠭᠠᠰᠢ ᠪᠠᠨ ᠶᠠᠪᠤᠲᠠᠯ᠎ᠠ ᠬᠠᠭᠠᠯᠭ᠎ᠠ ᠳᠡᠯᠭᠡᠭᠳᠡᠯ᠎ᠡ᠂ ᠲᠩᠷᠢ ᠳ᠋ᠡᠬᠢ ᠡᠵᠡᠨᠲᠦ ᠭᠦᠷᠦᠨ ᠪᠠᠢᠪᠠ᠂
ᠷᠢᠳᠢ ᠰᠢᠳᠢ ᠶ᠋ᠢᠨ ᠮᠡᠲᠦ!
ᠵᠸᠺ ᠡᠵᠡᠨᠲᠦ ᠭᠦᠷᠦᠨ ᠦ᠌ ᠭᠤᠸ᠎ᠠ ᠰᠠᠢᠬᠠᠨ ᠳ᠋ᠤ᠌ ᠠᠯᠮᠠᠢᠷᠠᠵᠠᠢ᠂ ᠡᠵᠡᠨᠲᠦ ᠭᠦᠷᠦᠨ ᠤᠷᠤᠭᠤ ᠣᠷᠣᠬᠤ ᠳ᠋ᠠᠭᠠᠨ ᠲᠡᠷᠡ ᠠᠶᠤᠮᠰᠢᠭᠲᠠᠢ ᠠᠪᠤᠷᠭᠤ ᠪᠡᠶ᠎ᠡ ᠲᠡᠢ ᠬᠥᠮᠦᠨ ᠰᠠᠨᠳᠠᠯᠢ ᠳᠡᠭᠡᠷ᠎ᠡ ᠤᠨᠲᠠᠵᠤ ᠪᠠᠢᠬᠤ ᠶ᠋ᠢ ᠬᠠᠷᠠᠪᠠ᠂ ᠵᠸᠺ ᠪᠤᠷᠴᠠᠭ ᠤ᠋ᠨ ᠮᠣᠳᠣ ᠪᠠᠷ ᠠᠪᠠᠷᠢᠭᠠᠳ ᠶᠡᠬᠡ ᠥᠯᠥᠰᠴᠡᠢ᠂ ᠲᠡᠢᠮᠦ ᠡᠴᠡ ᠳᠣᠲᠣᠭᠰᠢ ᠪᠠᠨ ᠣᠷᠣᠭᠠᠳ ᠰᠡᠮᠡᠭᠡᠷᠬᠡᠨ ᠭᠠᠯ ᠲᠣᠭᠣᠭ᠎ᠠ ᠤᠷᠤᠭᠤ ᠶᠠᠪᠤᠯ᠎ᠠ᠂ ᠭᠠᠯ ᠲᠣᠭᠣᠭᠠᠨ ᠳ᠋ᠤ᠌ ᠰᠢᠨ᠎ᠡ ᠵᠢᠮᠢᠰ᠂ ᠰᠦ ᠬᠠᠷᠠᠭᠳᠠᠪᠠ᠂ ᠵᠢᠮᠢᠰ ᠤᠷᠤᠭᠤ ᠭᠠᠷ ᠢ᠋ᠶ᠋ᠠᠨ ᠰᠤᠩᠭᠠᠭᠠᠳ ᠶᠠᠭ ᠠᠪᠬᠤ ᠶ᠋ᠢᠨ ᠳᠠᠪᠠᠭᠠᠨ ᠳᠡᠭᠡᠷ᠎ᠡ ᠴᠢᠩᠭ᠎ᠠ ᠴᠢᠮᠡᠭᠡ ᠭᠠᠷᠬᠤ ᠨᠢ ᠲᠡᠷᠡ᠂
ᠵᠸᠺ᠄ ᠠ᠋᠁! ᠡᠨᠡ ᠣᠳᠣ ᠶᠠᠭᠤᠨ ᠴᠢᠮᠡᠭᠡ ᠪᠣᠢ?
ᠵᠸᠺ ᠶᠡᠬᠡ ᠠᠶᠤᠵᠠᠢ᠂ ᠵᠢᠵᠢᠭᠬᠡᠨ ᠨᠦᠬᠡᠨ ᠳᠣᠲᠣᠷ᠎ᠠ ᠨᠢᠭᠤᠭᠳᠠᠬᠤ ᠪᠠᠷ ᠭᠦᠶᠦᠯ᠎ᠡ᠃
ᠠᠪᠤᠷᠭᠤ ᠪᠡᠶᠡᠲᠦ᠄ ᠬᠢ ᠬᠠᠢ ᠬᠣᠣ ᠭᠦᠮ᠁᠂ ᠠᠩᠭ᠌ᠯᠢ ᠬᠥᠮᠦᠨ ᠦ᠌ ᠴᠢᠰᠤ ᠦᠨᠦᠷᠲᠦᠭᠡᠳ ᠪᠠᠢᠨ᠎ᠠ᠂ ᠦᠬᠦᠭᠰᠡᠨ ᠴᠤ᠌ ᠪᠠᠢᠭ᠂ ᠠᠮᠢᠳᠤ ᠴᠤ᠌ ᠪᠠᠢᠭ᠂ ᠪᠢ ᠲᠡᠷᠡ ᠬᠥᠮᠦᠨ ᠢ᠋ ᠣᠯᠵᠤ ᠢᠳᠡᠬᠦ ᠳ᠋ᠡᠭᠡᠨ ᠯᠡ ᠢᠳᠡᠬᠦ ᠪᠣᠯᠤᠨ᠎ᠠ ᠭᠠᠢᠭᠤᠢ᠂ ᠰᠢᠷᠠᠭᠰᠠᠨ ᠲᠠᠯᠬᠠᠨ ᠳᠡᠭᠡᠷ᠎ᠡ ᠲᠠᠯᠪᠢᠭᠰᠠᠨ ᠬᠥᠮᠦᠨ ᠡᠴᠡ ᠢᠯᠡᠭᠦᠦ ᠠᠮᠲᠠᠲᠠᠢ ᠶᠠᠭᠤᠮ᠎ᠠ ᠭᠡᠵᠦ ᠬᠠᠮᠢᠭ᠎ᠠ ᠴᠤ᠌ ᠪᠠᠢᠬᠤ ᠦᠭᠡᠢ᠂ ᠠᠮ ᠠᠮᠲᠠᠲᠠᠢ᠂ ᠬᠡᠩ ᠬᠡᠩ ᠬᠡᠩ᠁
ᠠᠪᠤᠷᠭᠤ ᠪᠡᠶᠡᠲᠦ ᠶᠠᠮᠠᠷ ᠴᠤ᠌ ᠬᠥᠮᠦᠨ ᠣᠯᠵᠤ ᠴᠢᠳᠠᠭᠰᠠᠨ ᠦᠭᠡᠢ᠂ ᠲᠡᠢᠮᠦ ᠡᠴᠡ ᠰᠢᠷᠡᠭᠡᠨ ᠳᠡᠭᠡᠷ᠎ᠡ ᠪᠠᠢᠭᠰᠠᠨ ᠬᠣᠭᠣᠯᠠ ᠪᠠᠨ ᠢᠳᠡᠯ᠎ᠡ᠃
ᠵᠸᠺ᠄ ᠠ᠋᠂ ᠠ᠋᠂᠂ ᠠ᠋᠁
ᠠᠪᠤᠷᠭᠤ ᠪᠡᠶᠡᠲᠦ᠄ ᠬᠡ ᠠ᠁᠁
ᠲᠡᠷᠡ ᠠᠯᠲᠠᠨ ᠵᠣᠭᠣᠰ ᠲᠠᠢ ᠬᠡᠲᠡᠪᠴᠢ ᠪᠡᠨ ᠭᠠᠷᠭᠠᠵᠤ ᠢᠷᠡᠯ᠎ᠡ᠂ ᠵᠣᠭᠣᠰ ᠢ᠋ᠶ᠋ᠠᠨ ᠲᠣᠭᠠᠯᠠᠭᠠᠳ ᠰᠢᠷᠡᠭᠡᠨ ᠳᠡᠭᠡᠷ᠎ᠡ ᠲᠠᠯᠪᠢᠵᠤ ᠣᠷᠬᠢᠪᠠ᠃
ᠲᠡᠭᠡᠭᠡᠳ ᠲᠡᠷᠡ ᠤᠨᠲᠠᠬᠤ ᠪᠠᠷ ᠶᠠᠪᠤᠯ᠎ᠠ᠃
ᠵᠸᠺ ᠨᠢᠭᠤᠭᠳᠠᠭᠰᠠᠨ ᠭᠠᠵᠠᠷ ᠠ᠋ᠴᠠ ᠪᠠᠨ ᠰᠡᠮᠡᠭᠡᠷᠬᠡᠨ ᠭᠠᠷᠴᠤ ᠠᠯᠲᠠᠨ ᠵᠣᠭᠣᠰ ᠲᠠᠢ ᠬᠡᠦᠳᠡᠢ ᠶ᠋ᠢ ᠠᠪᠬᠤ ᠪᠠᠷ ᠰᠢᠢᠳᠦᠯ᠎ᠡ᠂ ᠡᠵᠢ ᠨᠢ ᠲᠡᠭᠦᠨ ᠳ᠋ᠦ᠍ ᠠᠭᠤᠷᠯᠠᠬᠤ ᠪᠠᠨ ᠪᠣᠯᠢᠨ᠎ᠠ ᠭᠡᠵᠦ ᠪᠣᠳᠣᠵᠠᠢ᠃
ᠵᠸᠺ᠄ ᠠ᠁᠂ ᠡᠨᠡ ᠶᠡᠬᠡ ᠬᠦᠨᠳᠦ ᠶᠦᠮ ᠠ᠂ ᠡᠭᠦᠨ ᠢ᠋ ᠠᠪᠤᠭᠠᠳ ᠡᠨᠳᠡ ᠡᠴᠡ ᠵᠢᠭᠤᠲᠠᠨ᠎ᠠ᠃
ᠠᠯᠲᠠ ᠲᠠᠢ ᠬᠡᠦᠳᠡᠢ ᠶ᠋ᠢ ᠠᠪᠤᠭᠠᠳ ᠪᠤᠷᠴᠠᠭ ᠤ᠋ᠨ ᠮᠣᠳᠣ ᠪᠠᠷ ᠭᠤᠯᠭᠤᠨ ᠪᠠᠭᠤᠯ᠎ᠠ᠃ ᠭᠡᠷ ᠲᠡᠭᠡᠨ ᠣᠴᠢᠭᠠᠳ ᠡᠵᠢ ᠳ᠋ᠡᠭᠡᠨ ᠠᠯᠲᠠᠨ ᠵᠣᠭᠣᠰ ᠢ᠋ᠶ᠋ᠠᠨ ᠥᠭᠪᠡ᠃
ᠡᠵᠢ᠄ ᠱᠤᠤᠳᠠᠢ ᠳᠦᠭᠦᠷᠡᠩ ᠠᠯᠲᠠ ᠤᠤ᠂ ᠬᠡᠩ᠂ ᠡᠭᠦᠨ ᠢ᠋ ᠬᠠᠮᠢᠭ᠎ᠠ ᠠ᠋ᠴᠠ ᠠᠪᠤᠭᠰᠠᠨ ᠶᠤᠮ?
ᠵᠸᠺ ᠪᠣᠯᠤᠭᠰᠠᠨ ᠶᠠᠪᠤᠳᠠᠯ ᠢ᠋ ᠪᠦᠭᠦᠳᠡ ᠶ᠋ᠢ ᠨᠢ ᠡᠵᠢ ᠳ᠋ᠡᠭᠡᠨ ᠶᠠᠷᠢᠯ᠎ᠠ᠂ ᠠᠯᠲᠠ ᠲᠠᠢ ᠪᠣᠯᠤᠭᠰᠠᠨ ᠳ᠋ᠠᠭᠠᠨ᠂ ᠪᠠᠰᠠ ᠬᠦᠦ ᠪᠡᠨ ᠡᠰᠡᠨ ᠮᠡᠨᠳᠦ ᠡᠷᠭᠢᠵᠦ ᠢᠷᠡᠭᠰᠡᠨ ᠳ᠋ᠦ᠍ ᠡᠵᠢ ᠨᠢ ᠶᠡᠬᠡᠳᠡ ᠪᠠᠶᠠᠷᠯᠠᠵᠠᠢ᠃
ᠬᠡᠳᠦ ᠬᠣᠨᠣᠭ ᠤ᠋ᠨ ᠳᠠᠷᠠᠭ᠎ᠠ᠂ ᠵᠸᠺ ᠳᠠᠬᠢᠭᠠᠳ ᠪᠤᠭᠤᠷᠴᠠᠭ ᠤ᠋ᠨ ᠮᠣᠳᠣ ᠤᠷᠤᠭᠤ ᠠᠪᠠᠷᠢᠯ᠎ᠠ᠃ ᠳᠡᠭᠡᠭᠰᠢ ᠪᠡᠨ ᠠᠪᠠᠷᠢᠭᠰᠠᠭᠠᠷ ᠠᠪᠤᠷᠭᠤ ᠪᠡᠶᠡᠲᠦ ᠶ᠋ᠢᠨ ᠪᠠᠢᠰᠢᠩ ᠳ᠋ᠤ᠌ ᠬᠦᠷᠪᠡ᠂ ᠠᠪᠤᠷᠭᠤ ᠪᠡᠶᠡᠲᠦ ᠳᠠᠬᠢᠭᠠᠳ ᠯᠠ ᠤᠨᠲᠠᠵᠤ ᠪᠠᠢᠯ᠎ᠠ᠂ ᠭᠡᠪᠡᠴᠦ ᠡᠨᠡ ᠤᠳᠠᠭ᠎ᠠ ᠲᠡᠷᠡ ᠬᠤᠷᠬᠢᠷᠠᠵᠤ ᠪᠠᠢᠪᠠ᠂ ᠶᠡᠬᠡ ᠴᠢᠩᠭ᠎ᠠ ᠬᠤᠷᠬᠢᠷᠠᠵᠤ ᠪᠠᠢᠭᠰᠠᠨ ᠪᠣᠯᠬᠣᠷ ᠵᠸᠺ ᠶᠠᠭᠠᠷᠠᠨ ᠨᠢᠭᠡ ᠨᠦᠬᠡ ᠤᠷᠤᠭᠤ ᠣᠷᠣᠵᠤ ᠴᠢᠬᠢ ᠪᠡᠨ ᠳᠠᠷᠤᠯ᠎ᠠ᠂ ᠠᠪᠤᠷᠭᠤ ᠪᠡᠶᠡᠲᠦ ᠰᠡᠷᠢᠯ᠎ᠡ᠂ ᠵᠸᠺ ᠠᠶᠤᠭᠰᠠᠨ ᠳ᠋ᠠᠭᠠᠨ ᠶᠠᠭᠠᠷᠠᠨ ᠭᠦᠶᠦᠵᠦ ᠣᠷᠣᠨ ᠳᠣᠣᠷ᠎ᠠ ᠨᠢᠭᠤᠭᠳᠠᠪᠠ᠂
ᠠᠪᠤᠷᠭᠤ ᠪᠡᠶᠡᠲᠦ᠄ ᠬᠢ ᠬᠠᠢ ᠬᠣᠣ ᠭᠦᠮ᠂ ᠠᠩᠭ᠌ᠯᠢ ᠬᠥᠮᠦᠨ ᠦ᠌ ᠴᠢᠰᠤ ᠦᠨᠦᠷᠲᠦᠭᠡᠳ ᠪᠠᠢᠬᠤ ᠰᠢᠭ᠋ ᠯᠡ᠂ ᠠᠮᠢᠳᠤ ᠴᠤ᠌ ᠪᠠᠢᠭ᠂ ᠦᠭᠡᠢ ᠴᠤ᠌ ᠪᠠᠢᠭ᠂ ᠪᠢ ᠲᠡᠷᠡ ᠬᠥᠮᠦᠨ ᠢ᠋ ᠣᠯ ᠪᠦᠷᠵᠤ ᠢᠳᠡᠨ᠎ᠡ᠂ ᠰᠢᠷᠠᠭᠰᠠᠨ ᠲᠠᠯᠬᠠᠨ ᠳᠡᠭᠡᠷ᠎ᠡ ᠲᠠᠯᠪᠢᠭᠰᠠᠨ ᠬᠥᠮᠦᠨ ᠡᠴᠡ ᠢᠯᠡᠭᠦᠦ ᠠᠮᠲᠠᠲᠠᠢ ᠶᠠᠭᠤᠮ᠎ᠠ ᠭᠡᠵᠦ ᠬᠠᠮᠢᠭ᠎ᠠ ᠴᠤ᠌ ᠪᠠᠢᠬᠤ ᠦᠭᠡᠢ᠂ ᠠᠮ᠂ ᠠᠮ᠂ ᠠᠮᠲᠠᠲᠠᠢ! ᠡᠩ ᠡᠩ ᠡᠩ
ᠡᠨᠳᠡ ᠶᠠᠮᠠᠷ ᠴᠤ᠌ ᠬᠥᠮᠦᠨ ᠠᠯᠠᠭ᠎ᠠ ᠪᠠᠢᠨ᠎ᠠ᠃
ᠠᠪᠤᠷᠭᠤ ᠪᠡᠶᠡᠲᠦ ᠬᠡᠨ ᠢ᠋ ᠴᠤ᠌ ᠣᠯᠤᠭᠰᠠᠨ ᠦᠭᠡᠢ᠃ ᠳᠠᠷᠠᠭ᠎ᠠ ᠨᠢ ᠨᠢᠭᠡ ᠲᠠᠬᠢᠶ᠎ᠠ ᠭᠠᠷᠭᠠᠵᠤ ᠢᠷᠡᠭᠡᠳ ᠬᠠᠰᠬᠢᠷᠪᠠ᠃
ᠠᠪᠤᠷᠭᠤ ᠪᠡᠶᠡᠲᠦ᠄ ᠣᠳᠣᠬᠠᠨ ᠠᠯᠲᠠᠨ ᠥᠨᠳᠡᠭᠡ ᠭᠠᠷᠭ᠎ᠠ᠂ ᠠ ᠬᠠ ᠬᠠ ᠬᠠ ᠬᠠ ᠬᠠ ᠬᠠ᠁
ᠲᠠᠬᠢᠶ᠎ᠠ ᠠᠯᠲᠠᠨ ᠥᠨᠳᠡᠭᠡ ᠭᠠᠷᠭᠠᠯ᠎ᠠ᠂ ᠥᠨᠳᠡᠭᠡ ᠶ᠋ᠢ ᠨᠢ ᠠᠪᠤᠷᠭᠤ ᠪᠡᠶᠡᠲᠦ ᠰᠠᠭᠰᠤᠨ ᠳ᠋ᠤ᠌ ᠨᠡᠮᠡᠭᠡᠳ ᠤᠨᠲᠠᠬᠤ ᠪᠠᠷ ᠶᠠᠪᠤᠵᠠᠢ᠃ ᠠᠪᠤᠷᠭᠤ ᠪᠡᠶᠡᠲᠦ ᠶ᠋ᠢ ᠳᠣᠲᠣᠭᠰᠢ ᠪᠠᠨ ᠣᠷᠣᠬᠤ ᠳ᠋ᠤ᠌᠂ ᠵᠸᠺ ᠵᠠᠮ ᠳ᠋ᠤ᠌ ᠴᠡᠪᠡᠷ ᠪᠣᠯᠤᠭᠰᠠᠨ ᠢ᠋ ᠮᠡᠳᠡᠪᠡ᠃ ᠥᠨᠥᠬᠢ ᠲᠠᠬᠢᠶ᠎ᠠ ᠶ᠋ᠢ ᠠᠪᠤᠭᠠᠳ ᠪᠤᠭᠤᠷᠴᠠᠭ ᠤ᠋ᠨ ᠮᠣᠳᠣ ᠤᠷᠤᠭᠤ ᠶᠠᠭᠠᠷᠠᠨ ᠶᠠᠪᠤᠯ᠎ᠠ᠃ ᠭᠡᠷ ᠲᠡᠭᠡᠨ ᠬᠠᠷᠢᠭᠰᠠᠨ ᠤ᠋ ᠳᠠᠷᠠᠭ᠎ᠠ ᠲᠡᠷᠡ ᠡᠵᠢ ᠳ᠋ᠡᠭᠡᠨ ᠪᠦᠬᠦ ᠶᠠᠪᠤᠳᠠᠯ ᠢ᠋ ᠶᠠᠷᠢᠪᠠ᠃
ᠵᠸᠺ᠄ ᠬᠠᠷᠠ ᠳᠠ ᠡᠵᠢ ᠠ᠋᠂ ᠡᠨᠡ ᠤᠳᠠᠭ᠎ᠠ ᠪᠢ ᠲᠠᠬᠢᠶ᠎ᠠ ᠠᠪᠴᠢᠷᠠᠯ᠎ᠠ᠂ ᠠᠯᠲᠠᠨ ᠥᠨᠳᠡᠭᠡ ᠭᠠᠷᠭᠠᠳᠠᠭ ᠶᠤᠮ᠃ ᠶᠠᠭᠠᠬᠢᠳᠠᠭ ᠢ᠋ ᠨᠢ ᠬᠠᠷᠠᠵᠤ ᠪᠠᠢ᠄《 ᠣᠳᠣᠬᠠᠨ ᠠᠯᠲᠠᠨ ᠥᠨᠳᠡᠭᠡ ᠭᠠᠷᠭ᠎ᠠ᠂ ᠬᠠ᠂ ᠬᠠ》
ᠵᠸᠺ ᠦ᠋ᠨ ᠡᠵᠢ ᠶᠡᠬᠡ ᠪᠠᠶᠠᠷᠯᠠᠵᠠᠢ᠃
ᠵᠸᠺ ᠭᠤᠷᠪᠠᠳᠠᠬᠢ ᠤᠳᠠᠭ᠎ᠠ ᠪᠠᠨ ᠪᠤᠭᠤᠷᠴᠠᠭ ᠤ᠋ᠨ ᠮᠣᠳᠣ ᠤᠷᠤᠭᠤ ᠠᠪᠠᠷᠢᠵᠤ ᠠᠪᠤᠷᠭᠤ ᠪᠡᠶᠡᠲᠦ ᠶ᠋ᠢᠨ ᠡᠵᠡᠨᠲᠦ ᠭᠦᠷᠦᠨ ᠳ᠋ᠦ᠍ ᠣᠴᠢᠪᠠ᠂ ᠡᠨᠡ ᠤᠳᠠᠭ᠎ᠠ ᠠᠪᠤᠷᠭᠤ ᠪᠡᠶᠡᠲᠦ ᠶᠡᠬᠡ ᠰᠠᠢᠬᠠᠨ ᠪᠣᠰᠤᠭ᠎ᠠ ᠶᠠᠲᠤᠭᠠᠨ ᠳᠡᠭᠡᠷ᠎ᠡ ᠬᠥᠭᠵᠢᠮ ᠲᠣᠭᠯᠠᠵᠤ ᠪᠠᠢᠬᠤ ᠶ᠋ᠢ ᠬᠠᠷᠠᠪᠠ᠂ ᠵᠸᠺ ᠰᠢᠷᠡᠭᠡᠨ ᠳᠣᠣᠷ᠎ᠠ ᠨᠢᠭᠤᠭᠳᠠᠯ᠎ᠠ᠃
ᠠᠪᠤᠷᠭᠤ ᠪᠡᠶᠡᠲᠦ᠄ ᠬᠢ ᠬᠠᠢ ᠬᠣᠣ ᠭᠦᠮ᠂ ᠠᠩᠭ᠌ᠯᠢ ᠬᠥᠮᠦᠨ ᠦ᠌
ᠴᠢᠰᠤ ᠦᠨᠦᠷᠲᠦᠭᠡᠳ ᠪᠠᠢᠬᠤ ᠴᠢᠨᠢ᠂ ᠠᠮᠢᠳᠤ ᠴᠤ᠌ ᠪᠠᠢᠭ᠂ ᠦᠬᠦᠭᠰᠡᠨ ᠴᠤ᠌ ᠪᠠᠢᠭ ᠂ ᠪᠢ ᠲᠡᠭᠦᠨ ᠢ᠋ ᠣᠯᠵᠤ ᠢᠳᠡᠬᠦ ᠳ᠋ᠡᠭᠡᠨ ᠯᠡ ᠢᠳᠡᠨ᠎ᠡ᠂ ᠰᠢᠷᠠᠭᠰᠠᠨ ᠲᠠᠯᠬᠠᠨ ᠳᠡᠭᠡᠷ᠎ᠡ ᠲᠠᠯᠪᠢᠭᠰᠠᠨ ᠬᠥᠮᠦᠨ ᠡᠴᠡ ᠢᠯᠡᠭᠦᠦ ᠠᠮᠲᠠᠲᠠᠢ ᠶᠠᠭᠤᠮ᠎ᠠ ᠭᠡᠵᠦ ᠬᠠᠮᠢᠭ᠎ᠠ ᠴᠤ᠌ ᠪᠠᠢᠬᠤ ᠦᠭᠡᠢ ᠰᠢᠦ ᠳᠡ᠂ ᠠᠮ᠂ ᠠᠮᠲᠠᠲᠠᠢ! ᠥᠨᠥᠳᠥᠷ
ᠪᠢ ᠶᠠᠭᠠᠬᠢᠵᠤ ᠬᠢᠵᠦ ᠪᠠᠢᠭᠠᠳ ᠴᠤ᠌ ᠲᠡᠷᠡ ᠠᠩᠭ᠌ᠯᠢ ᠬᠥᠮᠦᠨ ᠢ᠋ ᠣᠯᠤᠨ᠎ᠠ᠃
ᠬᠠᠮᠢᠭ᠎ᠠ ᠰᠠᠢ ᠦᠭᠡᠢ ᠬᠠᠢᠭᠰᠠᠨ ᠪᠣᠯᠪᠠᠴᠤ ᠣᠯᠳᠠᠭᠰᠠᠨ ᠦᠭᠡᠢ᠃
ᠮᠠᠰᠢ ᠶᠡᠬᠡ ᠶᠠᠳᠠᠷᠠᠭᠰᠠᠨ ᠪᠣᠯᠬᠣᠷ ᠲᠡᠷᠡ ᠤᠨᠲᠠᠬᠤ ᠪᠠᠷ ᠶᠠᠪᠤᠯ᠎ᠠ᠃ ᠲᠡᠷᠡ ᠬᠣᠭᠣᠷᠣᠨᠳᠣ ᠵᠸᠺ ᠪᠣᠰᠤᠭ᠎ᠠ ᠶᠠᠲᠤᠭ᠎ᠠ ᠶ᠋ᠢ ᠠᠪᠤᠭᠠᠳ ᠶᠠᠭ ᠶᠠᠪᠤᠬᠤ ᠭᠡᠵᠦ ᠪᠠᠢᠯ᠎ᠠ᠃ ᠭᠡᠨᠡᠳᠲᠡ ᠰᠢᠳᠢᠲᠦ ᠶᠠᠲᠤᠭ᠎ᠠ ᠢᠩᠭᠢᠵᠦ ᠬᠠᠰᠬᠢᠷᠪᠠ ᠄《ᠲᠤᠰᠠᠯᠠᠭᠠᠷᠠᠢ ᠡᠵᠡᠨ ᠮᠢᠨᠢ ᠨᠠᠳᠠ ᠳ᠋ᠤ᠌ ᠲᠤᠰᠠᠯᠠᠭᠠᠴᠢ᠂ ᠨᠢᠭᠡ ᠬᠦᠦ ᠨᠠᠮ᠎ᠠ ᠶ᠋ᠢ ᠬᠤᠯᠠᠭᠠᠢᠯᠠᠵᠤ ᠪᠠᠢᠨ᠎ᠠ᠂ ᠨᠠᠮ᠎ᠠ ᠶ᠋ᠢ ᠲᠠᠨ ᠠ᠋ᠴᠠ ᠠᠪᠴᠤ ᠶᠠᠪᠤᠬᠤ ᠨᠢ 》 ᠂
ᠠᠪᠤᠷᠭᠤ ᠪᠡᠶᠡᠲᠦ ᠭᠡᠨᠡᠳᠲᠡ ᠰᠡᠷᠢᠭᠡᠳ ᠵᠸᠺ ᠢ᠋ ᠪᠣᠰᠤᠭ᠎ᠠ ᠶᠠᠲᠤᠭ᠎ᠠ ᠲᠠᠢ ᠶᠠᠪᠤᠬᠤ ᠶ᠋ᠢ ᠬᠠᠷᠠᠪᠠ᠂
ᠠᠭᠤᠷᠯᠠᠭᠰᠠᠨ ᠠᠪᠤᠷᠭᠤ ᠪᠡᠶᠡᠲᠦ ᠵᠸᠺ ᠦ᠋ᠨ ᠠᠷᠤ ᠠ᠋ᠴᠠ ᠭᠦᠶᠦᠯ᠎ᠡ᠃
ᠠᠪᠤᠷᠭᠤ ᠪᠡᠶᠡᠲᠦ᠄ᠮᠢᠨᠦ ᠲᠠᠬᠢᠶ᠎ᠠ ᠶ᠋ᠢ ᠪᠠᠰᠠ ᠤᠭᠤᠲᠠ ᠲᠠᠢ ᠠᠯᠲᠠ ᠶ᠋ᠢ ᠴᠢ ᠬᠤᠯᠠᠭᠠᠢᠯᠠᠵᠠᠢ᠂ ᠡᠭᠦᠨ ᠦ᠌ ᠴᠢᠨᠢ ᠲᠥᠯᠥᠭᠡ ᠪᠢ ᠴᠢᠮ᠎ᠠ ᠶ᠋ᠢ ᠰᠢᠢᠳᠬᠡᠨ᠎ᠡ᠃
ᠭᠡᠪᠡᠴᠦ ᠵᠸᠺ ᠬᠡᠲᠦᠷᠬᠡᠢ ᠬᠤᠷᠳᠤᠨ ᠪᠠᠢᠪᠠ᠂ ᠲᠡᠷᠡ ᠪᠤᠭᠤᠷᠴᠠᠭ ᠤ᠋ᠨ ᠮᠣᠳᠣ ᠪᠠᠷ ᠬᠠᠷ᠎ᠠ ᠬᠤᠷᠳᠤ ᠪᠠᠷ ᠢ᠋ᠶ᠋ᠠᠨ ᠭᠤᠯᠭᠤᠨ ᠪᠠᠭᠤᠯ᠎ᠠ᠃ ᠬᠠᠭᠤᠷᠲᠠᠭᠰᠠᠨ ᠢ᠋ᠶ᠋ᠠᠨ ᠮᠡᠳᠡᠭᠰᠡᠨ ᠠᠪᠤᠷᠭᠤ ᠪᠡᠶᠡᠲᠦ ᠲᠡᠭᠦᠨ ᠦ᠌ ᠠᠷᠤ ᠠ᠋ᠴᠠ ᠳᠠᠭᠠᠯ᠎ᠠ᠃ ᠵᠸᠺ ᠭᠤᠯᠭᠤᠭᠠᠳ ᠯᠠ᠂ ᠭᠤᠯᠭᠤᠭᠠᠳ ᠯᠠ᠂ ᠪᠤᠭᠤᠷᠴᠠᠭ ᠤ᠋ᠨ ᠮᠣᠳᠣ ᠪᠠᠷ ᠠᠯᠢ ᠪᠣᠯᠬᠣᠷ ᠬᠤᠷᠳᠤᠨ ᠪᠠᠭᠤᠭᠠᠳ ᠭᠡᠷ ᠡᠴᠡ ᠪᠡᠨ ᠰᠦᠬᠡ ᠠᠪᠴᠢᠷᠠᠵᠠᠢ᠂ ᠵᠸᠺ ᠪᠤᠷᠴᠠᠭ ᠤ᠋ᠨ ᠮᠣᠳᠣ ᠶ᠋ᠢ ᠴᠠᠪᠴᠢᠵᠤ ᠡᠬᠢᠯᠡᠯ᠎ᠡ᠃ ᠪᠤᠷᠴᠠᠭ ᠤ᠋ᠨ ᠮᠣᠳᠣ ᠲᠠᠰᠤᠷᠠᠵᠤ ᠠᠪᠤᠷᠭᠤ ᠪᠡᠶᠡᠲᠦ ᠤᠨᠠᠵᠤ ᠭᠡᠳᠡᠰᠦ ᠨᠢ ᠬᠠᠭᠠᠷᠠᠵᠠᠢ᠂ ᠳᠡᠭᠡᠷ᠎ᠡ ᠡᠴᠡ ᠨᠢ ᠪᠤᠷᠴᠠᠭ ᠤ᠋ᠨ ᠮᠣᠳᠣ ᠳᠠᠷᠤᠵᠤ ᠤᠨᠠᠪᠠ᠃
ᠵᠸᠺ ᠦ᠋ᠨ ᠡᠵᠢ ᠡᠭᠦᠨ ᠢ᠋ ᠬᠠᠷᠠᠭᠠᠳ ᠶᠡᠬᠡᠳᠡ ᠰᠠᠨᠳᠤᠷᠴᠠᠢ᠂ ᠵᠸᠺ ᠢ᠋ ᠪᠡᠨ ᠡᠨᠡ ᠲᠠᠯ᠎ᠠ ᠠ᠋ᠴᠠ ᠪᠣᠯᠢᠭᠤᠯᠤᠭ᠎ᠠ ᠦᠭᠡᠢ ᠨᠢ ᠥᠪᠡᠷ ᠦ᠋ᠨ ᠬᠢᠨ ᠪᠤᠷᠤᠭᠤ ᠭᠡᠳᠡᠭ ᠢ᠋ ᠣᠢᠯᠠᠭᠠᠪᠠ᠃ ᠵᠸᠺ ᠰᠢᠨᠤᠯ ᠳ᠋ᠤ᠌ ᠪᠠᠨ ᠬᠥᠲᠥᠯᠦᠭᠳᠡᠵᠦ᠂ ᠡᠨᠡ ᠪᠦᠭᠦᠳᠡ ᠡᠴᠡ ᠪᠣᠯᠵᠤ ᠠᠮᠢ ᠪᠠᠨ ᠠᠯᠳᠠᠵᠤ ᠮᠡᠳᠡᠬᠦ ᠪᠡᠷ ᠪᠠᠢᠯ᠎ᠠ᠂ ᠲᠡᠭᠡᠭᠡᠳ ᠵᠸᠺ ᠳᠡᠭᠡᠷ᠎ᠡ ᠣᠴᠢᠵᠤ ᠬᠠᠷᠠᠮᠰᠠᠭᠰᠠᠨ ᠰᠡᠳᠬᠢᠯ ᠢ᠋ᠶ᠋ᠡᠷ ᠪᠦᠭᠦᠳᠡ ᠶ᠋ᠢ ᠲᠠᠢᠯᠪᠤᠷᠢᠯᠠᠵᠤ ᠥᠭᠴᠡᠢ᠃
ᠵᠸᠺ ᠦ᠋ᠨ ᠡᠵᠢ᠄ ᠵᠸᠺ᠂ ᠴᠢᠮ᠎ᠠ ᠪᠠᠷ ᠶᠠᠭᠤᠮ᠎ᠠ ᠬᠤᠯᠠᠭᠠᠢᠯᠠᠭᠤᠯᠤᠭᠰᠠᠨ ᠢ᠋ ᠮᠢᠨᠢ ᠠᠭᠤᠴᠢᠯᠠᠭᠠᠷᠠᠢ᠂ ᠪᠢ ᠴᠢᠮ᠎ᠠ ᠶ᠋ᠢ ᠰᠤᠷᠭᠠᠬᠤ ᠶᠣᠰᠣᠲᠠᠢ ᠪᠠᠢᠵᠠᠢ᠂ ᠠᠪᠤᠷᠭᠤ ᠪᠡᠶᠡᠲᠦ ᠴᠢᠮ᠎ᠠ ᠶ᠋ᠢ ᠪᠠᠷᠢᠭᠰᠠᠨ ᠪᠣᠯ ᠶᠠᠭᠠᠬᠢᠬᠤ ᠪᠠᠢᠭᠰᠠᠨ ᠪᠣᠢ᠂ ᠴᠢ ᠥᠨᠥᠳᠥᠷ ᠨᠠᠳᠠ ᠲᠠᠢ ᠢᠩᠭᠢᠭᠡᠳ ᠪᠠᠢᠵᠤ ᠪᠠᠢᠬᠤ ᠦᠭᠡᠢ ᠪᠠᠢᠯ᠎ᠠ᠂ ᠠ᠋᠁ ᠠ᠋᠁
ᠵᠸᠺ᠄ ᠡᠵᠢ ᠠ᠋᠂ ᠪᠢ ᠥᠨᠥᠳᠥᠷ ᠰᠠᠢᠨ ᠰᠤᠷᠭᠠᠮᠵᠢ ᠠᠪᠤᠯ᠎ᠠ᠂ ᠪᠢ ᠰᠠᠢᠨ ᠬᠥᠳᠡᠯᠮᠦᠷᠢᠯᠡᠵᠦ ᠮᠥᠩᠭᠥ ᠣᠯᠬᠤ ᠪᠣᠯᠤᠨ᠎ᠠ᠃
ᠵᠸᠺ ᠡᠵᠢ ᠲᠡᠢ ᠪᠡᠨ ᠶᠡᠬᠡ ᠪᠠᠶᠠᠨ ᠪᠣᠯᠵᠤ᠂ ᠠᠮᠤᠷ ᠰᠠᠢᠬᠠᠨ ᠳ᠋ᠠᠭᠠᠨ ᠵᠢᠷᠭᠠᠭᠰᠠᠨ ᠶᠤᠮ᠃

   ᠦᠰᠦᠭ ᠠᠮᠢᠯᠠᠭᠤᠯᠤᠭᠴᠢ᠄ ᠠᠯᠲᠠᠨᠬᠤᠶᠠᠭ ᠂ ᠪᠠᠳᠠᠷᠠᠯᠲᠤ 
   ᠦᠰᠦᠭ ᠬᠠᠲᠠᠭᠴᠢ᠄ ᠢᠷᠠᠭᠤᠬᠠᠨ 
   ᠦᠰᠦᠭ ᠬᠢᠨᠠᠭᠴᠢ᠄ ᠰᠡᠷᠭᠦᠯᠡᠩ ᠂ᠢᠷᠡᠭᠡᠳᠦᠢ᠂ ᠭᠠᠷᠮ᠎ᠠ