ᠶᠢᠷᠲᠢᠨᠴᠦ ᠶᠢᠨ ᠭᠤᠷᠪᠠ – < ᠪᠠ᠊ ᠂ ᠫᠠ > ᠶ᠋ᠢᠨ ᠠᠶ᠋ᠢᠮᠠᠭ Ертөнцийн гурав – < Ба ᠂ Па > ин аймаг
ᠶᠢᠷᠲᠢᠨᠴᠦ ᠶᠢᠨ ᠭᠤᠷᠪᠠ – < ᠪᠠ᠊ ᠂ ᠫᠠ > ᠶ᠋ᠢᠨ ᠠᠶ᠋ᠢᠮᠠᠭ
ᠪᠠ ᠶ᠋ᠢᠨ ᠠᠶ᠋ᠢᠮᠠᠭ
ᠭᠤᠷᠪᠠᠨ ᠰᠠᠶ᠋ᠢᠨ
ᠪᠠᠷᠳᠠᠮ ᠣᠮᠣᠭ ᠤᠨ ᠪᠠᠭ᠎ᠠ ᠨᠢ ᠰᠠᠶ᠋ᠢᠨ
ᠪᠠᠭᠠᠰᠤᠨ ᠣᠪᠣᠭ᠎ᠠ ᠶ᠋ᠢᠨ ᠶᠡᠬᠡ ᠨᠢ ᠰᠠᠶ᠋ᠢᠨ
ᠪᠢᠴᠢᠭ ᠨᠣᠮ ᠤᠨ ᠭᠦᠨ ᠨᠢ ᠰᠠᠶ᠋ᠢᠨ
ᠭᠤᠷᠪᠠᠨ ᠰᠠᠶ᠋ᠢᠬᠠᠨ
ᠪᠠᠭ᠎ᠠ ᠬᠡᠦᠬᠡᠳ ᠦᠨ ᠢᠨᠢᠶᠡᠳᠦᠮ ᠨᠢ ᠰᠠᠶ᠋ᠢᠬᠠᠨ
ᠪᠠᠭᠴᠠ ᠬᠦᠵᠢᠰ ᠦᠨ ᠥᠨᠥᠷ ᠨᠢ ᠰᠠᠶ᠋ᠢᠬᠠᠨ
ᠪᠠᠶ᠋ᠢᠰᠢᠩ ᠭᠡᠷ ᠦᠨ ᠠᠭᠤᠳᠠᠮ ᠨᠢ ᠰᠠᠶ᠋ᠢᠬᠠᠨ
ᠭᠤᠷᠪᠠᠨ ᠬᠦᠭᠡᠷᠦᠭᠦᠨ
ᠪᠠᠯᠴᠢᠷ ᠬᠡᠦᠬᠡᠳ ᠨᠢᠭᠡ ᠬᠦᠭᠡᠷᠦᠭᠦᠨ
ᠪᠠᠷᠢᠭ᠎ᠠ ᠦᠭᠡᠢ ᠤᠨᠠᠭ᠎ᠠ ᠨᠢᠭᠡ ᠬᠦᠭᠡᠷᠦᠭᠦᠨ
ᠪᠣᠶ᠋ᠢᠵᠢᠵᠤ ᠪᠠᠶ᠋ᠢᠭ᠎ᠠ ᠬᠡᠦᠬᠡᠳ ᠨᠢᠭᠡ ᠬᠦᠭᠡᠷᠦᠭᠦᠨ
ᠭᠤᠷᠪᠠᠨ ᠲᠣᠮᠣ
ᠪᠠᠶ᠋ᠢᠰᠢᠩ ᠪᠠᠷᠢᠭ᠎ᠠ ᠳᠤ ᠠᠰᠠᠷ ᠨᠢᠭᠡ ᠲᠣᠮᠣ
ᠪᠠᠭ᠎ᠠ ᠬᠡᠦᠬᠡᠳ ᠲᠦ ᠲᠡᠪᠡᠷᠢᠭᠡ ᠨᠢᠭᠡ ᠲᠣᠮᠣ
ᠪᠠᠷᠳᠠᠮ ᠡᠷ᠎ᠡ ᠳᠦ ᠦᠭᠡ ᠨᠢᠭᠡ ᠲᠣᠮᠣ
ᠭᠤᠷᠪᠠᠨ ᠬᠠᠩᠬᠤ ᠦᠭᠡᠢ
ᠪᠠᠶᠠᠳ ᠠᠰᠢᠬ ᠢᠶ᠋ᠠᠷ ᠬᠠᠩᠬᠤ ᠦᠭᠡᠢ
ᠳᠠᠯᠠᠢ ᠤᠰᠤ ᠪᠠᠷ ᠬᠠᠩᠬᠤ ᠦᠭᠡᠢ
ᠮᠡᠷᠭᠡᠳ ᠡᠷᠳᠡᠮ ᠢᠶ᠋ᠡᠷ ᠬᠠᠩᠬᠤ ᠦᠭᠡᠢ
ᠭᠤᠷᠪᠠᠨ ᠪᠣᠬᠢᠷ
ᠪᠠᠶ᠋ᠢᠭᠠᠯᠢ ᠶᠢᠷᠲᠢᠨᠴᠦ ᠳᠦ ᠨᠣᠪᠰᠢ ᠪᠣᠬᠢᠷ
ᠪᠠᠶ᠋ᠢᠰᠢᠩ ᠭᠡᠷ ᠲᠤ ᠬᠣᠭ ᠪᠣᠬᠢᠷ
ᠪᠠᠶᠠᠷ ᠵᠢᠷᠭᠠᠯ ᠳᠤ ᠵᠣᠪᠠᠭᠤᠷᠢ ᠪᠣᠬᠢᠷ
ᠭᠤᠷᠪᠠᠨ ᠠᠮᠠᠷᠠᠭ
ᠪᠠᠭᠠᠷᠠᠩ ᠬᠥᠮᠦᠨ ᠨᠣᠬᠠᠢ ᠳᠤ ᠠᠮᠠᠷᠠᠭ
ᠪᠢᠯᠳᠠᠤᠴᠢ ᠬᠥᠮᠦᠨ ᠨᠣᠶᠠᠨ ᠳᠤ ᠠᠮᠠᠷᠠᠭ
ᠪᠠᠬᠠᠲᠤ ᠡᠬᠡᠨᠡᠷ ᠬᠡᠨ ᠳᠦ ᠴᠤ᠌ ᠠᠮᠠᠷᠠᠭ
ᠭᠤᠷᠪᠠᠨ ᠲᠠᠨᠢᠬᠤ
ᠪᠠᠭᠰᠢ ᠶ᠋ᠢᠨ ᠪᠣᠢ ᠳᠤ ᠡᠷᠳᠡᠮ ᠨᠢᠭᠡ ᠲᠠᠨᠢᠬᠤ
ᠠᠭᠲᠠ ᠶ᠋ᠢᠨ ᠪᠣᠢ ᠳᠤ ᠭᠠᠵᠠᠷ ᠨᠢᠭᠡ ᠲᠠᠨᠢᠬᠤ
ᠠᠪᠤ ᠶ᠋ᠢᠨ ᠪᠣᠢ ᠳᠤ ᠬᠥᠮᠦᠨ ᠨᠢᠭᠡ ᠲᠠᠨᠢᠬᠤ
ᠭᠤᠷᠪᠠᠨ ᠶᠡᠬᠡ
ᠪᠠᠯᠠᠢ ᠮᠤᠩᠬᠠᠭ ᠤᠳ ᠤᠨ ᠪᠠᠷᠳᠠᠮ ᠨᠢ ᠶᠡᠬᠡ
ᠪᠠᠷᠳᠠᠮ ᠲᠡᠨᠡᠭ ᠤᠳ ᠤᠨ ᠣᠮᠣᠭ ᠨᠢ ᠶᠡᠬᠡ
ᠪᠠᠯᠴᠢᠷ ᠪᠢᠷᠠᠭᠤ ᠨᠤᠭᠤᠳ ᠤᠨ ᠠᠭᠠᠰᠢ ᠨᠢ ᠶᠡᠬᠡ
ᠭᠤᠷᠪᠠᠨ ᠬᠦᠴᠦᠲᠡᠢ
ᠪᠠᠯᠠᠷ ᠣᠢ ᠳᠤ ᠪᠠᠷᠰ ᠨᠢᠭᠡ ᠬᠦᠴᠦᠲᠡᠢ
ᠪᠠᠶ᠋ᠢᠯᠳᠤᠵᠤ ᠲᠤᠯᠤᠯᠳᠤᠬᠤ ᠳᠤ ᠵᠡᠪᠰᠡᠭ ᠨᠢᠭᠡ ᠬᠦᠴᠦᠲᠡᠢ
ᠪᠠᠭᠠᠲᠤᠷ ᠡᠷ᠎ᠡ ᠳᠦ ᠪᠣᠳᠣᠯᠭ᠎ᠠ ᠨᠢᠭᠡ ᠬᠦᠴᠦᠲᠡᠢ
ᠭᠤᠷᠪᠠᠨ ᠠᠳᠠᠯᠢ
ᠪᠠᠶᠠᠨ ᠬᠥᠮᠦᠨ ᠦ ᠰᠡᠳᠬᠢᠯ ᠬᠥᠯ ᠦᠭᠡᠢ ᠤᠰᠤ ᠠᠳᠠᠯᠢ
ᠪᠠᠭᠠᠲᠤᠷ ᠬᠥᠮᠦᠨ ᠦ ᠰᠡᠳᠬᠢᠯ ᠤᠷᠭᠤᠭ᠎ᠠ ᠬᠠᠳᠠ ᠠᠳᠠᠯᠢ
ᠪᠠᠯᠠᠮᠠᠳ ᠬᠥᠮᠦᠰ ᠦᠨ ᠰᠡᠳᠬᠢᠯ ᠡᠪᠦᠯ ᠦᠨ ᠰᠢᠭᠤᠷᠭ᠎ᠠ ᠠᠳᠠᠯᠢ
ᠭᠤᠷᠪᠠᠨ ᠰᠠᠶ᠋ᠢᠬᠠᠨ
ᠪᠠᠷᠳᠠᠮ ᠣᠮᠣᠷᠬᠠᠭ ᠤᠨ ᠪᠠᠭ᠎ᠠ ᠨᠢ ᠰᠠᠶ᠋ᠢᠬᠠᠨ
ᠪᠠᠶᠠᠰᠬᠤᠯᠠᠩ ᠰᠡᠷᠭᠦᠯᠡᠩ ᠦᠨ ᠶᠡᠬᠡ ᠨᠢ ᠰᠠᠶ᠋ᠢᠬᠠᠨ
ᠪᠠᠭᠰᠢ ᠬᠥᠮᠦᠨ ᠦ ᠰᠤᠷᠭᠠᠯ ᠨᠢ ᠰᠠᠶ᠋ᠢᠬᠠᠨ
ᠭᠤᠷᠪᠠᠨ ᠣᠯᠠᠨ
ᠪᠠᠷᠢᠯᠳᠤᠵᠤ ᠣᠷᠣᠯᠳᠣᠬᠤ ᠦᠭᠡᠢ ᠥᠶᠡᠰ ᠪᠥᠬᠡ ᠢᠳᠡᠲᠡᠨ ᠣᠯᠠᠨ
ᠪᠠᠷᠰ ᠢᠷᠪᠢᠰ ᠦᠭᠡᠢ ᠦᠶᠡᠰ ᠪᠤᠰᠤᠳ ᠠᠮᠢᠲᠠᠳ ᠣᠯᠠᠨ
ᠪᠠᠭᠰᠢ ᠡᠷᠳᠡᠮᠲᠡᠨ ᠦᠭᠡᠢ ᠥᠶᠡᠰ ᠪᠠᠬᠠᠳᠤᠮ᠎ᠠ ᠮᠡᠷᠭᠡᠳ ᠣᠯᠠᠨ
ᠭᠤᠷᠪᠠᠨ ᠤᠳᠠᠭᠠᠨ
ᠪᠠᠲᠤᠯᠠᠪᠤᠷᠢ ᠦᠭᠡᠢ ᠶᠠᠪᠤᠳᠠᠯ ᠪᠦᠲᠦᠬᠦ ᠳᠦ ᠤᠳᠠᠭᠠᠨ
ᠪᠠᠷᠳᠠᠮ ᠵᠠᠩ ᠲᠠᠢ ᠬᠥᠮᠦᠨ ᠳᠠᠪᠰᠢᠬᠤ ᠳᠤ ᠤᠳᠠᠭᠠᠨ
ᠪᠠᠷ᠎ᠠ ᠦᠭᠡᠢ ᠬᠥᠮᠦᠨ ᠢᠷᠡᠬᠦ ᠳᠦ ᠤᠳᠠᠭᠠᠨ
ᠭᠤᠷᠪᠠᠨ ᠬᠣᠭᠣᠰᠣᠨ
ᠪᠠᠷᠢᠵᠤ ᠲᠠᠯᠪᠢᠵᠤ ᠪᠠᠶ᠋ᠢᠪᠠᠴᠤ ᠵᠡᠭᠦᠲᠦ ᠬᠣᠭᠣᠰᠣᠨ
ᠪᠠᠷᠠᠶ᠋ᠢᠵᠤ ᠢᠷᠠᠶ᠋ᠢᠵᠤ ᠪᠠᠶ᠋ᠢᠪᠠᠴᠤ ᠵᠡᠷᠭᠡᠯᠭᠡᠨ ᠬᠣᠭᠣᠰᠣᠨ
ᠪᠠᠷᠬᠢᠷᠠᠴᠤ ᠴᠠᠷᠬᠢᠷᠠᠵᠤ ᠪᠠᠶ᠋ᠢᠪᠠᠴᠤ ᠴᠤᠤᠷᠢᠶ᠎ᠠ ᠬᠣᠭᠣᠰᠣᠨ
ᠭᠤᠷᠪᠠᠨ ᠦᠭᠡᠢ
ᠪᠠᠶ᠋ᠢᠯᠲᠤᠭᠰᠠᠨ ᠬᠣᠶᠠᠷ ᠡᠲᠡᠭᠡᠳ ᠲᠣᠷ ᠰᠠᠶ᠋ᠢᠨ ᠰᠠᠨᠠᠬ᠋᠎ᠠ ᠦᠭᠡᠢ
ᠴᠣᠬᠢᠯᠲᠤᠭᠰᠠᠨ ᠬᠣᠶᠠᠷ ᠬᠥᠮᠦᠨ ᠳ᠋ᠤᠷ ᠰᠠᠶ᠋ᠢᠨ ᠭᠠᠷ ᠦᠭᠡᠢ
ᠬᠡᠷᠡᠯᠲᠦᠬ᠋ᠰᠡᠨ ᠬᠣᠶᠠᠷ ᠡᠵᠡᠨ ᠳ᠋ᠤᠷ ᠰᠠᠶ᠋ᠢᠨ ᠠᠮᠠ ᠦᠭᠡᠢ
ᠭᠤᠷᠪᠠᠨ ᠠᠪᠬᠤ
ᠪᠠᠲᠤ ᠴᠢᠩ ᠵᠣᠷᠢᠬ ᠶ᠋ᠢᠠᠷ ᠨᠣᠮ ᠦ᠋ᠨ ᠰᠢᠮ᠎ᠡ ᠶ᠋ᠢ ᠠᠪᠬᠤ
ᠪᠠᠬᠠᠲᠤᠬᠤ ᠰᠠᠶ᠋ᠢᠬᠠᠨ ᠦᠭᠡᠰ ᠶ᠋ᠢᠡᠷ ᠮᠡᠷᠭᠡᠳ ᠦ᠋ᠨ ᠡᠷᠲᠡᠮ ᠊ᠢ ᠠᠪᠬᠤ
ᠪᠠᠶᠠᠷᠲᠤ ᠰᠠᠶ᠋ᠢᠬᠠᠨ ᠴᠢᠷᠠᠢ ᠪᠠᠷ ᠣᠯᠠᠨ ᠪ ᠳᠤᠷ᠎ᠠ ᠶ᠋ᠢ ᠠᠪᠬᠤ
ᠭᠤᠷᠪᠠᠨ ᠭᠠᠯᠵᠠᠭᠤᠷᠠᠬᠤ
ᠪᠠᠭᠰᠢ ᠶ᠋ᠢᠨ ᠡᠵᠡᠬᠦᠢ ᠳᠦ ᠱᠠᠪᠢ ᠨᠢᠭᠡ ᠭᠠᠯᠵᠠᠭᠤᠷᠠᠬᠤ
ᠯᠠᠮᠠ ᠶ᠋ᠢᠨ ᠡᠵᠡᠬᠦᠢ ᠳᠦ ᠪᠠᠨᠲᠢ ᠨᠢᠭᠡ ᠭᠠᠯᠵᠠᠭᠤᠷᠠᠬᠤ
ᠪᠣᠷᠣᠬ᠋᠎ᠠ ᠶ᠋ᠢᠨ ᠡᠵᠡᠬᠦᠢ ᠳᠦ ᠰᠢᠭᠦᠲᠡᠷᠢ ᠨᠢᠭᠡ ᠭᠠᠯᠵᠠᠭᠤᠷᠠᠬᠤ
ᠭᠤᠷᠪᠠᠨ ᠴᠣᠯᠠ
ᠪᠠᠭᠠᠲᠤᠷ ᠭᠡᠳᠡᠭ ᠪᠠᠶ᠋ᠢᠯᠲᠤᠭᠠᠨ ᠪ ᠴᠣᠯᠠ
ᠪᠠᠭᠰᠢ ᠭᠡᠳᠡᠭ ᠰᠤᠷᠭᠠᠭᠴᠢ ᠶ᠋ᠢᠨ ᠴᠣᠯᠠ
ᠪᠠᠷᠰ ᠭᠡᠳᠡᠭ ᠠᠮᠢᠲᠠᠨ ᠪ ᠴᠣᠯᠠ
ᠭᠤᠷᠪᠠᠨ ᠪᠣᠯᠤᠨ᠎ᠠ
ᠪᠣᠲᠣᠯᠬ᠋ᠠ ᠠᠷᠪᠢᠤᠠᠪᠠᠯ ᠡᠪᠡᠤᠠᠴᠢᠨ ᠪᠣᠯᠤᠨ᠎ᠠ
ᠪᠣᠷᠣᠭᠠᠨ ᠠᠷᠪᠢᠤᠠᠪᠠᠯ ᠭᠠᠴᠢᠬ ᠪᠣᠯᠤᠨ᠎ᠠ
ᠪᠣᠯᠵᠣᠬ᠋᠎ᠠ ᠠᠷᠪᠢᠤᠠᠪᠠᠯ ᠬᠣᠭᠣᠰᠣᠨ ᠪᠣᠯᠤᠨ᠎ᠠ
ᠭᠤᠷᠪᠠᠨ ᠨᠥᠬᠥᠷ
ᠪᠣᠲᠣᠯᠬ᠋ᠠ ᠰᠠᠶ᠋ᠢᠲᠠᠢ ᠬᠥᠮᠦᠨ ᠳᠦ ᠪᠤᠮ ᠨᠥᠬᠥᠷ
ᠪᠤᠷᠤᠭᠤ ᠪᠣᠲᠣᠯᠬ᠋ᠠ ᠲᠠᠢ ᠬᠦᠮᠦᠨ ᠳᠦ ᠪᠣᠣᠪᠣ ᠨᠥᠬᠥᠷ
ᠪᠣᠯᠬᠢ ᠵᠠᠩᠲᠠᠢ ᠬᠦᠮᠦᠨ ᠳᠦ ᠬᠦᠴᠦ ᠨᠥᠬᠥᠷ
ᠭᠤᠷᠪᠠᠨ ᠰᠢᠨᠵᠢ
ᠪᠤᠰᠤᠳ ᠊ᠢ ᠡᠯᠡᠭᠯᠡᠬᠦ ᠶ᠋ᠢᠨ ᠤᠷᠢᠳ ᠥᠪᠡᠷ ᠦ᠋ᠨ ᠪᠡᠶ᠎ᠡ ᠪᠡᠨ ᠰᠢᠵᠢ
ᠮᠡᠷᠭᠡᠯᠡᠨ ᠬᠡᠯᠡᠬᠦ ᠶ᠋ᠢᠨ ᠤᠷᠢᠳ ᠥᠪᠡᠷ ᠦ᠋ᠨ ᠭᠡᠮ ᠶ᠋ᠢᠡᠨ ᠰᠢᠨᠵᠢ
ᠮᠡᠲᠡᠮᠡᠬᠡᠶ᠋ᠢᠷᠡᠨ ᠵᠢᠮᠡᠯᠡᠬᠦ ᠶ᠋ᠢᠨ ᠤᠷᠢᠳ ᠥᠪᠡᠷ ᠦ᠋ᠨ ᠮᠡᠲᠡᠯᠭᠡ ᠪᠡᠨ ᠰᠢᠨᠵᠢ
ᠭᠤᠷᠪᠠᠨ ᠦᠨᠡᠨ
ᠪᠤᠯᠠᠭ ᠦ᠋ᠨ ᠤᠰᠤ ᠪᠤᠷᠬᠢᠯᠵᠤ ᠪᠠᠶ᠋ᠢᠪᠠᠴᠤ ᠬᠦᠢᠲᠡᠨ ᠨᠢ ᠦᠨᠡᠨ
ᠪᠣᠭᠣᠯᠴᠢ ᠵᠠᠩᠲᠠᠨ ᠣᠷᠬᠢᠵᠤ ᠪᠠᠶ᠋ᠢᠪᠠᠴᠤ ᠪᠢᠯᠲᠠᠤᠠᠴᠢ ᠨᠢ ᠦᠨᠡᠨ
ᠪᠤᠷᠤᠭᠤ ᠰᠠᠨᠠᠭᠠᠲᠠᠨ ᠢᠨᠢᠶᠡᠵᠦ ᠪᠠᠶ᠋ᠢᠪᠠᠴᠤ ᠬᠣᠣᠷᠲᠠᠢ ᠨᠢ ᠦᠨᠡᠨ
ᠭᠤᠷᠪᠠᠨ ᠬᠡᠷᠡᠭᠲᠡᠢ
ᠪᠤᠤᠷᠠᠨ ᠲᠡᠮᠡᠭᠡᠨ ᠳᠦ ᠪᠦᠢᠯᠨ ᠪᠤᠷᠠᠨᠲᠠᠭ ᠬᠡᠷᠡᠭᠲᠡᠢ
ᠪᠤᠯᠪᠠᠷᠠᠢ ᠬᠡᠦᠬᠡᠨ ᠳᠦ ᠵᠠᠰᠠᠯ ᠵᠢᠮᠰᠡᠭ ᠬᠡᠷᠡᠭᠲᠡᠢ
ᠪᠣᠭᠣᠯ ᠵᠠᠷᠤᠴᠠ ᠳᠦ ᠪᠢᠯᠲᠠᠤᠴᠢ ᠴᠢᠷᠠᠢ ᠬᠡᠷᠡᠭᠲᠡᠢ
ᠭᠤᠷᠪᠠᠨ ᠶᠡᠬᠡ
ᠪᠣᠲᠣᠯᠬ᠋ᠠ ᠦᠭᠡᠢ ᠬᠦᠮᠦᠨ ᠤᠨᠲᠠᠬᠤ ᠨᠢ ᠨᠢᠭᠡ ᠶᠡᠬᠡ
ᠪᠤᠶᠠᠨ ᠦᠭᠡᠢ ᠬᠦᠮᠦᠨ ᠢᠲᠡᠬᠦ ᠨᠢ ᠨᠢᠭᠡ ᠶᠡᠬᠡ
ᠪᠣᠯᠭᠣᠮᠵᠢ ᠦᠭᠡᠢ ᠬᠦᠮᠦᠨ ᠣᠷᠬᠢᠬᠤ ᠨᠢ ᠨᠢᠭᠡ ᠶᠡᠬᠡ
ᠭᠤᠷᠪᠠᠨ ᠲᠣᠭᠠᠴᠠ
ᠪᠦᠷᠬᠦᠭ ᠡᠲᠤᠷ ᠊ᠢ ᠰᠥᠨᠢ ᠯᠤᠭᠡ ᠲᠣᠭᠠᠴᠠ
ᠪᠦᠲᠡᠬᠢ ᠡᠷ᠎ᠡ ᠶ᠋ᠢ ᠡᠮ᠎ᠡ ᠯᠣᠭᠡ ᠲᠣᠭᠠᠴᠠ
ᠪᠤᠷᠤᠩᠬᠤᠢ ᠬᠦᠮᠦᠨ ᠊ᠢ ᠴᠢᠨᠣ᠎ᠠ ᠯᠤᠬ᠋᠎ᠠ ᠲᠣᠭᠠᠴᠠ
ᠭᠤᠷᠪᠠᠨ ᠰᠠᠶ᠋ᠢᠨ
ᠪᠦᠰᠡ ᠳᠠᠯᠠᠢ ᠶ᠋ᠢ ᠴᠢᠩᠭᠠᠯᠠᠵᠤ ᠶᠠᠪᠤᠪᠠᠯ ᠰᠠᠶ᠋ᠢᠨ
ᠪᠦᠰᠡᠭᠦᠢ ᠡᠮᠡᠰ ᠊ᠢ ᠡᠵᠡᠯᠡᠵᠦ ᠶᠠᠪᠤᠪᠠᠯ ᠰᠠᠶ᠋ᠢᠨ
ᠪᠦᠷᠢᠯᠭᠡᠭᠴᠢ ᠬᠦᠮᠦᠨ ᠊ᠢ ᠬᠣᠷᠢᠬᠯᠠᠵᠤ ᠶᠠᠪᠤᠪᠠᠯ ᠰᠠᠶ᠋ᠢᠨ
ᠭᠤᠷᠪᠠᠨ ᠦᠨᠡᠨ
ᠪᠤᠯᠠᠭ ᠦ᠋ᠨ ᠤᠰᠤ ᠪᠣᠷᠭᠢᠯᠠᠵᠤ ᠪᠠᠶ᠋ᠢᠪᠠᠴᠤ ᠬᠦᠢᠲᠡᠨ ᠭᠡᠳᠡᠭ ᠦᠨᠡᠨ
ᠪᠤᠷᠬᠠᠨ ᠲᠩᠷᠢ ᠶ᠋ᠢ ᠳᠠᠬᠢᠵᠤ ᠪᠠᠶ᠋ᠢᠪᠠᠴᠤ ᠲᠤᠰᠠ ᠦᠭᠡᠢ ᠭᠡᠳᠡᠭ ᠨᠢ ᠦᠨᠡᠨ
ᠪᠤᠷᠤᠭᠤ ᠰᠠᠨᠠᠭᠠᠲᠠᠨ ᠢᠨᠢᠶᠡᠵᠦ ᠪᠠᠶ᠋ᠢᠪᠠᠴᠤ ᠬᠠᠷᠠᠲᠠᠢ ᠭᠡᠳᠡᠭ ᠦᠨᠡᠨ
ᠭᠤᠷᠪᠠᠨ ᠴᠥᠭᠡᠨ
ᠪᠣᠯᠭᠣᠮᠵᠢ ᠲᠠᠢ ᠪᠣᠯᠪᠠᠯ ᠪᠤᠷᠤᠭᠤ ᠨᠢᠭᠡ ᠴᠥᠭᠡᠨ
ᠪᠣᠯᠵᠣᠬ᠋᠎ᠠ ᠲᠠᠢ ᠪᠣᠯᠪᠠᠯ ᠰᠠᠭᠠᠳ ᠨᠢᠭᠡ ᠴᠥᠭᠡᠨ
ᠪᠣᠲᠣᠯᠬ᠋ᠠ ᠲᠠᠢ ᠪᠣᠯ ᠭᠡᠨᠡᠲᠡᠯ ᠨᠢᠭᠡ ᠴᠥᠭᠡᠨ
ᠭᠤᠷᠪᠠᠨ ᠲᠦᠯᠬᠢᠭᠦᠷ
ᠪᠠᠭᠰᠢ ᠡᠷᠲᠡᠮ ᠦ᠋ᠨ ᠨᠢᠭᠡ ᠲᠦᠯᠬᠢᠭᠦᠷ
ᠠᠭᠠᠷ ᠠᠮᠢᠲᠤᠷᠠᠯ ᠦ᠋ᠨ ᠨᠢᠭᠡ ᠲᠦᠯᠬᠢᠭᠦᠷ
ᠠᠷᠬ᠋᠎ᠠ ᠠᠵᠢᠯ ᠦ᠋ᠨ ᠨᠢᠭᠡ ᠲᠦᠯᠬᠢᠭᠦᠷ
ᠭᠤᠷᠪᠠᠨ ᠢᠨᠠᠭ
ᠪᠠᠶᠠᠨ ᠬᠥᠮᠦᠨ ᠳᠦ ᠪᠣᠭᠣᠯ ᠢᠨᠠᠭ
ᠪᠠᠭᠠᠷᠠᠩ ᠬᠥᠮᠦᠨ ᠳᠦ ᠨᠣᠬᠠᠢ ᠢᠨᠠᠭ
ᠪᠢᠯᠲᠠᠤᠴᠢ ᠬᠥᠮᠦᠨ ᠳᠦ ᠨᠣᠶᠠᠨ ᠢᠨᠠᠭ
ᠭᠤᠷᠪᠠᠨ ᠣᠯᠠᠨ
ᠪᠠᠶᠠᠨ ᠲᠠᠢ ᠭᠠᠵᠠᠷ ᠪᠣᠭᠣᠯ ᠨᠢᠭᠡ ᠣᠯᠠᠨ
ᠪᠤᠶᠠᠨ ᠲᠠᠢ ᠭᠠᠵᠠᠷ ᠨᠢᠭᠦᠯ ᠨᠢᠭᠡ ᠣᠯᠠᠨ
ᠪᠤᠷᠬᠠᠨ ᠲᠠᠢ ᠭᠠᠵᠠᠷ ᠪᠣᠭ ᠨᠢᠭᠡ ᠣᠯᠠᠨ
ᠭᠤᠷᠪᠠᠨ ᠪᠠᠷᠲᠠᠮ
ᠪᠠᠷᠲᠠᠬ᠋ᠠ ᠰᠠᠶ᠋ᠢᠲᠠᠢ ᠦᠨᠡᠭᠡ ᠨᠢᠭᠡ ᠪᠠᠷᠲᠠᠮ
ᠪᠠᠭᠠᠯ ᠰᠠᠶ᠋ᠢᠲᠠᠢ ᠪᠠᠶ᠋ᠢᠰᠢᠩ ᠨᠢᠭᠡ ᠪᠠᠷᠲᠠᠮ
ᠪᠠᠭᠰᠢ ᠰᠠᠶ᠋ᠢᠲᠠᠢ ᠱᠠᠪᠢ ᠨᠢᠭᠡ ᠪᠠᠷᠲᠠᠮ
ᠭᠤᠷᠪᠠᠨ ᠤᠲᠠᠭᠠᠨ
ᠪᠡᠯᠡᠤᠠᠬᠡᠯ ᠦᠭᠡᠢ ᠠᠵᠢᠯ ᠦ᠋ᠨ ᠪᠦᠲᠦᠬᠦ ᠨᠢ ᠤᠲᠠᠭᠠᠨ
ᠪᠦᠷᠬᠦᠭᠡᠰᠦ ᠦᠭᠡᠢ ᠲᠣᠭᠣᠭᠠᠨ ᠪ ᠬᠥᠭᠡᠷᠬᠦ ᠨᠢ ᠤᠲᠠᠭᠠᠨ
ᠪᠡᠯᠡᠨ ᠪᠠᠶ᠋ᠢᠬᠰᠠᠨ ᠪᠤᠲᠠᠭᠠᠨ ᠪ ᠪᠤᠴᠠᠯᠬᠤ ᠨᠢ ᠤᠲᠠᠭᠠᠨ
ᠭᠤᠷᠪᠠᠨ ᠳᠡᠶ᠋ᠢᠯᠬᠦ
ᠪᠡᠬᠢ ᠰᠡᠤᠠᠬᠢᠯ ᠶ᠋ᠢᠡᠷ ᠮᠢᠩᠬ᠋᠎ᠠ ᠶ᠋ᠢ ᠳᠡᠶ᠋ᠢᠯᠬᠦ
ᠪᠢᠷ᠎ᠠ ᠬᠦᠴᠦ ᠪᠡᠷ ᠨᠢᠭᠡ ᠶ᠋ᠢ ᠳᠡᠶ᠋ᠢᠯᠬᠦ
ᠪᠢᠴᠢᠭ ᠡᠷᠲᠡᠮ ᠶ᠋ᠢᠡᠷ ᠠᠯᠢᠪᠠ ᠶ᠋ᠢ ᠳᠡᠶ᠋ᠢᠯᠬᠦ
ᠭᠤᠷᠪᠠᠨ ᠰᠠᠶ᠋ᠢᠨ
ᠪᠡᠶ᠎ᠡ ᠡᠷᠡᠭᠦᠯ ᠨᠢᠭᠡ ᠰᠠᠶ᠋ᠢᠨ
ᠪᠢᠴᠢᠭ ᠡᠷᠲᠡᠮ ᠨᠢᠭᠡ ᠰᠠᠶ᠋ᠢᠨ
ᠶᠣᠰᠣ ᠮᠣᠷᠠᠯ ᠨᠢᠭᠡ ᠰᠠᠶ᠋ᠢᠨ
ᠭᠤᠷᠪᠠᠨ ᠳᠡᠶ᠋ᠢᠯᠬᠦ
ᠪᠢᠯᠲᠠᠷ ᠬᠦᠴᠦ ᠪᠡᠷ ᠨᠢᠭᠡ ᠶ᠋ᠢ ᠳᠡᠶ᠋ᠢᠯᠬᠦ
ᠪᠠᠬᠠᠷᠤᠮ᠎ᠠ ᠣᠶᠤᠨ ᠶ᠋ᠢᠠᠷ ᠮᠢᠩᠬ᠋᠎ᠠ ᠶ᠋ᠢ ᠳᠡᠶ᠋ᠢᠯᠬᠦ
ᠪᠢᠴᠢᠭ ᠡᠷᠲᠡᠮ ᠶ᠋ᠢᠡᠷ ᠲᠦᠮᠡ ᠶ᠋ᠢ ᠳᠡᠶ᠋ᠢᠯᠬᠦ
ᠭᠤᠷᠪᠠᠨ ᠴᠢᠮᠡᠭ
ᠪᠢᠷ ᠪᠡᠬᠡᠰ ᠭᠠᠷ ᠲᠠᠭᠠᠨ ᠴᠢᠮᠡᠭ
ᠪᠢᠴᠢᠭ ᠰᠤᠲᠤᠷ ᠰᠢᠷᠡᠭᠡᠨ ᠳ᠋ᠡᠭᠡᠨ ᠴᠢᠮᠡᠭ
ᠪᠢᠯᠢᠭ ᠤᠬᠠᠭᠠᠨ ᠴᠡᠭᠡᠵᠢᠨ ᠳ᠋ᠡᠭᠡᠨ ᠴᠢᠮᠡᠭ
ᠭᠤᠷᠪᠠᠨ ᠲᠦᠰᠢᠶ᠎ᠡ
ᠪᠠᠶ᠋ᠢᠰᠢᠩ ᠭᠡᠷ ᠲᠦ ᠪᠠᠭᠠᠨ᠎ᠠ ᠨᠢᠭᠡ ᠲᠦᠰᠢᠶ᠎ᠡ
ᠪᠠᠭᠠᠲᠤᠷ ᠬᠥᠮᠦᠨ ᠳᠦ ᠵᠡᠪᠰᠡᠭ ᠨᠢᠭᠡ ᠲᠦᠰᠢᠶ᠎ᠡ
ᠪᠠᠶᠠᠨ ᠬᠥᠮᠦᠨ ᠳᠦ ᠴᠠᠭᠠᠵᠠ ᠨᠢᠭᠡ ᠲᠦᠰᠢᠶ᠎ᠡ
ᠭᠤᠷᠪᠠᠨ ᠵᠥᠪ
ᠪᠠᠭᠠᠲᠤᠷ ᠰᠠᠶ᠋ᠢᠨ ᠪᠣᠯᠤᠶ᠎ᠠ ᠭᠡᠪᠡᠯ ᠡᠷᠲᠡᠮ ᠰᠤᠷᠬᠤ ᠵᠥᠪ
ᠪᠠᠬᠠᠷᠤᠮ᠎ᠠ ᠰᠠᠶ᠋ᠢᠨ ᠪᠣᠯᠤᠶ᠎ᠠ ᠭᠡᠪᠡᠯ ᠪᠡᠶ᠎ᠡ ᠪᠡᠨ ᠬᠢᠴᠢᠶᠡᠬᠦ ᠵᠥᠪ
ᠪᠠᠶᠠᠨ ᠰᠠᠶ᠋ᠢᠨ ᠪᠣᠯᠤᠶ᠎ᠠ ᠭᠡᠪᠡᠯ ᠪᠤᠶᠠᠨ ᠦᠢᠯᠡᠤᠠᠬᠦ ᠵᠥᠪ
ᠭᠤᠷᠪᠠᠨ ᠰᠠᠶ᠋ᠢᠬᠠᠨ
ᠪᠣᠷᠣ ᠲᠡᠮᠡᠭᠡ ᠶ᠋ᠢᠨ ᠪᠤᠷᠠᠨᠲᠠᠭ ᠰᠠᠶ᠋ᠢᠬᠠᠨ
ᠪᠤᠭᠤᠷᠤᠯ ᠠᠪᠤ ᠶ᠋ᠢᠨ ᠰᠤᠷᠭᠠᠯ ᠰᠠᠶ᠋ᠢᠬᠠᠨ
ᠪᠣᠲᠣᠵᠤ ᠣᠯᠬᠤ ᠳᠦ ᠣᠶᠤᠨ ᠰᠠᠶ᠋ᠢᠬᠠᠨ
ᠭᠤᠷᠪᠠᠨ ᠬᠥᠭᠡᠷᠦᠬᠦᠨ
ᠪᠤᠢ ᠨᠢ ᠠᠷᠢᠯᠤᠭᠰᠠᠨ ᠬᠡᠦᠬᠡᠳ ᠨᠢᠭᠡ ᠬᠥᠭᠡᠷᠦᠬᠦᠨ
ᠪᠣᠷᠪᠢ ᠶ᠋ᠢ ᠳᠠᠭᠠᠭᠰᠠᠨ ᠭᠥᠯᠥᠭᠡ ᠨᠢᠭᠡ ᠬᠥᠭᠡᠷᠦᠬᠦᠨ
ᠪᠤᠯᠭᠢᠵᠤ ᠲᠣᠭᠯᠠᠭᠰᠠᠨ ᠤᠨᠠᠬ᠋᠎ᠠ ᠨᠢᠭᠡ ᠬᠥᠭᠡᠷᠦᠬᠦᠨ
ᠭᠤᠷᠪᠠᠨ ᠬᠡᠴᠡᠭᠦᠦ
ᠪᠣᠲᠣᠭᠣ ᠲᠠᠢ ᠢᠩᠭᠡ ᠶ᠋ᠢᠨ ᠪᠤᠶ᠋ᠢᠯᠠᠬᠤ ᠨᠢ ᠬᠡᠴᠡᠭᠦᠦ
ᠪᠤᠬ᠎ᠠ ᠪᠢᠷᠠᠭᠤ ᠶ᠋ᠢᠨ ᠠᠭᠠᠰᠢᠯᠠᠬᠤ ᠨᠢ ᠬᠡᠴᠡᠭᠦᠦ
ᠪᠣᠷᠣᠭᠠᠨ ᠰᠠᠯᠬᠢᠨ ᠪ ᠳᠣᠭᠰᠢᠷᠠᠬᠤ ᠨᠢ ᠬᠡᠴᠡᠭᠦᠦ
ᠭᠤᠷᠪᠠᠨ ᠵᠢᠭᠰᠢᠭᠦᠷᠢᠲᠡᠢ
ᠪᠤᠰᠤᠳ ᠊ᠢ ᠳᠣᠷᠣᠮᠵᠢᠯᠠᠬᠤ ᠨᠢᠭᠡ ᠵᠢᠭᠰᠢᠭᠦᠷᠢᠲᠡᠢ
ᠪᠤᠯᠢᠶᠠᠵᠤ ᠳᠡᠭᠡᠷᠡᠮᠳᠡᠬᠦ ᠨᠢᠭᠡ ᠵᠢᠭᠰᠢᠭᠦᠷᠢᠲᠡᠢ
ᠪᠦᠷᠢᠯᠭᠡᠨ ᠰᠦᠢᠳᠭᠡᠬᠦ ᠨᠢᠭᠡ ᠵᠢᠭᠰᠢᠭᠦᠷᠢᠲᠡᠢ
ᠭᠤᠷᠪᠠᠨ ᠲᠠᠰᠤᠷᠠᠬᠤ ᠦᠭᠡᠢ
ᠪᠣᠭᠣᠯ ᠬᠥᠮᠦᠨ ᠠ᠋ᠴᠠ ᠪᠤᠷᠤᠭᠤ ᠲᠠᠰᠤᠷᠠᠬᠤ ᠦᠭᠡᠢ
ᠪᠤᠷᠤᠭᠤ ᠭᠠᠵᠠᠷ ᠠ᠋ᠴᠠ ᠰᠢᠭᠦᠳᠡᠷᠢ ᠲᠠᠰᠤᠷᠠᠬᠤ ᠦᠭᠡᠢ
ᠪᠤᠷᠤᠭᠤ ᠨᠣᠮᠲᠠᠨ ᠠ᠋ᠴᠠ ᠤᠷᠰᠢᠬ ᠲᠠᠰᠤᠷᠠᠬᠤ ᠦᠭᠡᠢ
ᠭᠤᠷᠪᠠᠨ ᠡᠯᠴᠢ
ᠪᠣᠷᠣᠭᠠᠨ ᠤ ᠡᠮᠦᠨ᠎ᠡ ᠰᠠᠯᠬᠢ ᠡᠯᠴᠢ
ᠪᠣᠣᠬᠠᠢ ᠶ᠋ᠢᠨ ᠡᠮᠦᠨ᠎ᠡ ᠬᠡᠷᠢᠶ᠎ᠡ ᠡᠯᠴᠢ
ᠪᠣᠭᠳᠠ ᠶ᠋ᠢᠨ ᠡᠮᠦᠨ᠎ᠡ ᠪᠠᠨᠳᠢ ᠡᠯᠴᠢ
ᠭᠤᠷᠪᠠᠨ ᠨᠢᠭᠡ
ᠪᠤᠮᠠᠨ ᠦᠭᠡ ᠶ᠋ᠢᠨ ᠪᠣᠭᠣᠮᠲᠠ ᠨᠢ ᠨᠢᠭᠡ
ᠪᠣᠭᠣᠯ ᠵᠠᠷᠤᠴᠠ ᠶ᠋ᠢᠨ ᠠᠵᠢᠯ ᠨᠢ ᠨᠢᠭᠡ
ᠪᠤᠬ᠎ᠠ ᠪᠢᠷᠠᠭᠤ ᠶ᠋ᠢᠨ ᠠᠭᠠᠰᠢ ᠨᠢ ᠨᠢᠭᠡ
ᠭᠤᠷᠪᠠᠨ ᠲᠠᠷᠬᠠᠬᠤ
ᠪᠤᠵᠠᠷ ᠬᠢᠵᠢᠭ ᠢ ᠡᠰᠡ ᠰᠡᠷᠭᠡᠶ᠋ᠢᠯᠡᠪᠡᠰᠦ ᠡᠪᠡᠳᠴᠢᠨ ᠲᠠᠬᠤᠯ ᠲᠠᠷᠬᠠᠬᠤ
ᠪᠤᠷᠤᠭᠤ ᠶᠠᠪᠤᠳᠠᠯ ᠳᠤ ᠵᠢᠳᠬᠦᠪᠡᠰᠦ ᠵᠥᠪ ᠶᠠᠪᠤᠳᠠᠯ ᠲᠠᠷᠬᠠᠬᠤ
ᠪᠤᠵᠠᠷ ᠠᠰᠢᠬ ᠲᠤ᠌ ᠰᠢᠨᠤᠪᠠᠰᠤ ᠥᠪᠡᠷ ᠤᠨ ᠬᠡᠰᠢᠭ ᠲᠠᠷᠬᠠᠬᠤ
ᠭᠤᠷᠪᠠᠨ ᠵᠥᠪ
ᠪᠣᠳᠣᠯᠭ᠎ᠠ ᠮᠠᠭᠤᠲᠤ ᠶ᠋ᠢᠨ ᠦᠭᠡ ᠶ᠋ᠢ ᠰᠡᠷᠡᠮᠵᠢᠯᠡᠵᠦ ᠶᠠᠪᠤᠬᠤ ᠨᠢ ᠵᠥᠪ
ᠪᠤᠵᠠᠷ ᠰᠠᠮᠠᠭᠤᠨ ᠤᠶ᠋ᠢᠯᠠ ᠶ᠋ᠢ ᠴᠡᠭᠡᠷᠯᠡᠵᠦ ᠶᠠᠪᠤᠬᠤ ᠨᠢ ᠵᠥᠪ
ᠪᠣᠯᠪᠠᠰᠤᠨ ᠶᠣᠰᠣ ᠮᠣᠷᠠᠯ ᠢ ᠬᠢᠴᠢᠶᠡᠵᠦ ᠶᠠᠪᠤᠬᠤ ᠨᠢ ᠵᠥᠪ
ᠭᠤᠷᠪᠠᠨ ᠡᠵᠡᠮᠳᠡᠬᠦ
ᠪᠤᠷᠬᠠᠨ ᠦᠭᠡᠢ ᠭᠠᠵᠠᠷ ᠪᠤᠮᠪᠠ ᠡᠵᠡᠮᠳᠡᠬᠦ
ᠪᠤᠬ᠎ᠠ ᠦᠭᠡᠢ ᠭᠠᠵᠠᠷ ᠪᠢᠷᠠᠭᠤ ᠡᠵᠡᠮᠳᠡᠬᠦ
ᠪᠣᠷᠣᠭᠠᠨ ᠦᠭᠡᠢ ᠭᠠᠵᠠᠷ ᠰᠢᠭᠦᠳᠡᠷᠢ ᠡᠵᠡᠮᠳᠡᠬᠦ
ᠭᠤᠷᠪᠠᠨ ᠲᠤᠩᠭᠠᠯᠠᠭ
ᠪᠤᠯᠠᠩᠭᠢᠷ ᠦᠭᠡᠢ ᠤᠰᠤ ᠨᠢᠭᠡ ᠲᠤᠩᠭᠠᠯᠠᠭ
ᠪᠤᠯᠪᠠᠷᠠᠢ ᠬᠡᠦᠬᠡᠳ ᠤᠨ ᠨᠢᠳᠦ ᠨᠢᠭᠡ ᠲᠤᠩᠭᠠᠯᠠᠭ
ᠪᠤᠳᠤᠯᠢᠶᠠᠨ ᠦᠭᠡᠢ ᠶᠠᠪᠤᠳᠠᠯ ᠨᠢᠭᠡ ᠲᠤᠩᠭᠠᠯᠠᠭ
ᠭᠤᠷᠪᠠᠨ ᠲᠡᠮᠳᠡᠭ
ᠪᠤᠶᠠᠨ ᠢᠶ᠋ᠠᠨ ᠬᠦᠯᠢᠶᠡᠪᠡᠯ ᠦᠭᠡᠶ᠋ᠢᠷᠡᠬᠦ ᠶ᠋ᠢᠨ ᠲᠡᠮᠳᠡᠭ
ᠪᠤᠷᠬᠠᠨ ᠢᠶ᠋ᠠᠨ ᠢᠲᠡᠭᠡᠪᠡᠯ ᠦᠬᠦᠬᠦ ᠶ᠋ᠢᠨ ᠲᠡᠮᠳᠡᠭ
ᠪᠣᠳᠣᠯ ᠢᠶ᠋ᠠᠨ ᠪᠠᠷᠢᠮᠲᠠᠯᠠᠪᠠᠯ ᠭᠡᠨᠡᠳᠡᠬᠦ ᠶ᠋ᠢᠨ ᠲᠡᠮᠳᠡᠭ
ᠭᠤᠷᠪᠠᠨ ᠲᠠᠷᠬᠠᠬᠤ
ᠪᠤᠶᠠᠨᠲᠤ ᠰᠠᠶ᠋ᠢᠨ ᠤᠶ᠋ᠢᠯᠠ ᠳ᠋ᠤᠷ ᠬᠢᠴᠢᠶᠡᠪᠡᠰᠦ ᠪᠤᠷᠤᠭᠤ ᠮᠥᠷ ᠲᠠᠷᠬᠠᠬᠤ
ᠪᠤᠰᠤᠳ ᠤᠨ ᠡᠳ᠋ ᠠᠰᠢᠬ ᠲᠤᠷ ᠰᠢᠨᠤᠪᠠᠰᠤ ᠪᠤᠶᠠᠨ ᠬᠡᠰᠢᠭ ᠲᠠᠷᠬᠠᠬᠤ
ᠪᠤᠷᠤᠭᠤ ᠰᠠᠨᠠᠭᠠᠲᠠᠨ ᠯᠤᠬ᠋᠎ᠠ ᠨᠥᠬᠥᠷᠯᠡᠪᠡᠰᠦ ᠰᠠᠶ᠋ᠢᠨ ᠶᠠᠪᠤᠳᠠᠯ ᠲᠠᠷᠬᠠᠬᠤ
ᠭᠤᠷᠪᠠᠨ ᠬᠠᠲᠠᠭᠤ
ᠪᠣᠯᠣᠳ ᠲᠡᠮᠦᠷ ᠤᠨ ᠴᠢᠨᠠᠷ ᠨᠢᠭᠡ ᠬᠠᠲᠠᠭᠤ
ᠪᠣᠳᠣᠯᠭ᠎ᠠ ᠰᠠᠨᠠᠭᠠᠨ ᠳᠤ ᠵᠣᠷᠢᠬ ᠨᠢᠭᠡ ᠬᠠᠲᠠᠭᠤ
ᠪᠤᠷᠤᠭᠤ ᠨᠣᠮᠲᠠᠨ ᠤ ᠦᠭᠡ ᠨᠢᠭᠡ ᠬᠠᠲᠠᠭᠤ
ᠭᠤᠷᠪᠠᠨ ᠣᠯᠠᠨ
ᠪᠤᠷᠤᠭᠤᠳᠠᠭᠰᠠᠨ ᠬᠥᠮᠦᠨ ᠳᠤ ᠶᠠᠯ᠎ᠠ ᠨᠢᠭᠡ ᠣᠯᠠᠨ
ᠵᠦᠳᠡᠭᠰᠡᠨ ᠬᠥᠮᠦᠨ ᠳᠤ ᠨᠣᠶᠠᠨ ᠨᠢᠭᠡ ᠣᠯᠠᠨ
ᠪᠣᠳᠣᠯᠭ᠎ᠠ ᠮᠠᠭᠤᠲᠠᠨ ᠳᠤ ᠥᠰᠲᠡᠨ ᠨᠢᠭᠡ ᠣᠯᠠᠨ
ᠭᠤᠷᠪᠠᠨ ᠣᠯᠠᠨ
ᠪᠤᠷᠬᠠᠨ ᠲᠠᠢ ᠭᠠᠵᠠᠷ ᠪᠤᠭ ᠨᠢᠭᠡ ᠣᠯᠠᠨ
ᠪᠤᠶᠠᠨ ᠲᠠᠢ ᠭᠠᠵᠠᠷ ᠨᠢᠭᠦᠯ ᠨᠢᠭᠡ ᠣᠯᠠᠨ
ᠪᠣᠭᠣᠯ ᠲᠠᠢ ᠭᠠᠵᠠᠷ ᠪᠠᠶᠠᠨ ᠨᠢᠭᠡ ᠣᠯᠠᠨ
ᠭᠤᠷᠪᠠᠨ ᠲᠣᠭᠠᠴᠠ
ᠪᠦᠷᠬᠦᠭ ᠡᠳᠦᠷ ᠢ ᠰᠥᠨᠢ ᠯᠤᠭᠡ ᠲᠣᠭᠠᠴᠠ
ᠪᠦᠳᠡᠬᠢ ᠡᠷ᠎ᠡ ᠶ᠋ᠢ ᠡᠮ᠎ᠡ ᠯᠤᠭᠡ ᠲᠣᠭᠠᠴᠠ
ᠪᠤᠷᠤᠩᠬᠤᠢ ᠬᠥᠮᠦᠨ ᠢ ᠠᠳᠤᠭᠤᠰᠤ ᠯᠤᠭ᠎ᠠ ᠲᠣᠭᠠᠴᠠ
ᠭᠤᠷᠪᠠᠨ ᠦᠨᠡᠨ
ᠪᠦᠯᠦᠭᠯᠡᠵᠦ ᠶᠠᠪᠤᠭᠰᠠᠨ ᠱᠠᠭᠠᠵᠠᠭᠠᠢ ᠪᠠᠷᠰ ᠢ ᠳᠡᠶ᠋ᠢᠯᠬᠦ ᠦᠨᠡᠨ
ᠪᠦᠯᠬᠦᠮᠳᠡᠵᠦ ᠶᠠᠪᠤᠭᠰᠠᠨ ᠬᠥᠮᠦᠰ ᠪᠤᠰᠤᠳ ᠢ ᠳᠡᠶ᠋ᠢᠯᠬᠦ ᠦᠨᠡᠨ
ᠪᠦᠷᠬᠦᠭᠳᠡᠵᠦ ᠪᠠᠶ᠋ᠢᠬᠰᠠᠨ ᠨᠠᠷᠠ ᠡᠭᠦᠯᠡ ᠶ᠋ᠢ ᠳᠡᠶ᠋ᠢᠯᠬᠦ ᠦᠨᠡᠨ
ᠭᠤᠷᠪᠠᠨ ᠲᠣᠭᠣᠷᠢᠬᠤ
ᠪᠦᠭᠳᠦᠷ ᠡᠯᠵᠢᠭᠡ ᠢᠩ ᠨᠢᠭᠡ ᠲᠣᠭᠣᠷᠢᠬᠤ
ᠪᠦᠰᠡᠯᠡᠭᠦᠷ ᠣᠭᠣᠰᠣᠷ ᠭᠡᠷ ᠨᠢᠭᠡ ᠲᠣᠭᠣᠷᠢᠬᠤ
ᠪᠥᠭᠦᠲᠡ ᠣᠯᠠᠨ ᠲᠤᠯᠬ᠋ᠠ ᠨᠢᠭᠡ ᠲᠣᠭᠣᠷᠢᠬᠤ
ᠭᠤᠷᠪᠠᠨ ᠣᠨᠲᠣᠣ
ᠪᠦᠬᠡ ᠪᠦᠬᠡ ᠶ᠋ᠢᠨ ᠪᠥᠭᠰᠢᠬᠦ ᠨᠢ ᠣᠨᠲᠣᠣ
ᠪᠦᠵᠦᠩ ᠲᠡᠤᠯᠠᠢ ᠶ᠋ᠢᠨ ᠭᠦᠶᠦᠬᠦ ᠨᠢ ᠣᠨᠲᠣᠣ
ᠪᠤᠬ᠎ᠠ ᠪᠤᠬ᠎ᠠ ᠶ᠋ᠢᠨ ᠮᠥᠭᠡᠷᠡᠬᠦ ᠨᠢ ᠣᠨᠲᠣᠣ
ᠫᠠ ᠶ᠋ᠢᠨ ᠠᠶ᠋ᠢᠮᠠᠭ
ᠭᠤᠷᠪᠠᠨ ᠴᠢᠮᠡᠭ
ᠫᠠᠩᠰᠠ ᠠᠯᠴᠢᠭᠤᠷ ᠲᠣᠯᠣᠭᠠᠢ ᠳ᠋ᠠᠭᠠᠨ ᠴᠢᠮᠡᠭ
ᠪᠠᠭᠪᠠᠬᠠᠢ ᠠᠮᠢᠲᠠᠨ ᠰᠥᠨᠢ ᠳ᠋ᠡᠭᠡᠨ ᠴᠢᠮᠡᠭ
ᠫᠤᠤ ᠵᠡᠪᠰᠡᠭ᠋ ᠪᠡᠶ᠎ᠡ ᠳ᠋ᠡᠭᠡᠨ ᠴᠢᠮᠡᠭ
ᠭᠤᠷᠪᠠᠨ ᠳᠣᠬᠢᠶ᠎ᠠ
ᠫᠣᠣᠵᠢᠩ ᠳᠤᠤᠭᠠᠷᠪᠠᠯ ᠪᠠᠶᠠᠷ ᠪᠣᠯᠬᠤ ᠶ᠋ᠢᠨ ᠳᠣᠬᠢᠶ᠎ᠠ
ᠫᠤᠤ ᠳᠤᠤᠭᠠᠷᠪᠠᠯ ᠵᠣᠪᠠᠭᠤᠷᠢ ᠪᠣᠯᠬᠤ ᠶ᠋ᠢᠨ ᠳᠣᠬᠢᠶ᠎ᠠ
ᠲᠠᠬᠢᠶ᠎ᠠ ᠳᠤᠤᠭᠠᠷᠪᠠᠯ ᠭᠡᠭᠡ ᠣᠷᠣᠬᠤ ᠶ᠋ᠢᠨ ᠳᠣᠬᠢᠶ᠎ᠠ
ᠦᠰᠦᠭ ᠠᠮᠢᠯᠠᠭᠤᠯᠤᠭᠴᠢ ᠄ ᠳ᠋ᠦ᠋ᠩ ᠹᠧᠩ ᠂ ᠮᠢᠩᠭᠠᠳ ᠴᠢᠮᠡᠭ ᠂ ᠬᠠᠷᠠᠨᠤᠳ ᠲᠤᠶᠠᠭ᠎ᠠ ᠂ ᠣᠶᠤᠨᠲᠤᠨᠠᠯ ᠂ ᠬᠠᠲᠠᠴᠢ ᠤᠷᠠᠨ᠎ᠠ
ᠬᠢᠨᠠᠭᠴᠢ ᠄ ᠮᠢᠩᠭᠠᠳ ᠴᠢᠮᠡᠭ ᠂ ᠬᠠᠷᠠᠨᠤᠳ ᠲᠤᠶᠠᠭ᠎ᠠ
