ᠬᠠᠭᠠᠨ ᠪ ᠰᠢᠨ᠎ᠡ ᠬᠤᠪᠴᠠᠰᠤ( ᠬᠡᠯᠡ ᠪᠢᠴᠢᠭ – ᠶᠢᠰᠦᠳᠦᠭᠡᠷ ᠳᠡᠪᠲᠡᠷ)Хааны шинэ хувцас( Хэл бичиг – Есдүгээр дэвтэр)
ᠬᠠᠭᠠᠨ ᠪ ᠰᠢᠨ᠎ᠡ ᠬᠤᠪᠴᠠᠰᠤ

ᠡᠷᠲᠡ ᠤᠷᠢᠳᠤ ᠴᠠᠭ ᠲᠤ᠌ ᠨᠢᠭᠡᠨ ᠬᠠᠭᠠᠨ ᠪᠠᠶ᠋ᠢᠵᠢ ᠪᠢᠯᠡ᠃ ᠲᠡᠷᠡ ᠬᠠᠭᠠᠨ ᠰᠢᠨ᠎ᠡ ᠰᠠᠢᠬᠠᠨ ᠬᠤᠪᠴᠠᠰᠤᠨ ᠳ᠋ᠤ᠌ ᠮᠠᠰᠢ ᠳᠤᠷ᠎ᠠ ᠲᠠᠢ ᠲᠤᠯᠠ ᠬᠠᠮᠤᠭ ᠮᠥᠩᠭᠥ ᠪᠡᠨ ᠬᠤᠪᠴᠠᠰᠤᠨ ᠤ᠋ ᠲᠥᠯᠥᠭᠡ ᠦᠷᠡᠳᠡᠭ ᠪᠥᠭᠡᠳ ᠴᠡᠷᠢᠭ ᠢ᠋ᠶ᠋ᠡᠨ ᠣᠭᠲᠣ ᠪᠣᠳᠣᠬᠤ ᠦᠭᠡᠢ᠂ ᠲᠢᠶᠠᠲᠷ ᠲᠤ᠌ ᠣᠴᠢᠬᠤ ᠦᠭᠡᠢ᠂ ᠠᠩ ᠬᠦᠷᠦᠭᠡ ᠬᠢᠬᠦ ᠦᠭᠡᠢ ᠪᠠᠶ᠋ᠢᠲᠠᠭ ᠪᠠᠶ᠋ᠢᠵᠠᠢ᠃ ᠬᠠᠭᠠᠨ ᠰᠢᠨ᠎ᠡ ᠬᠤᠪᠴᠠᠰᠤ ᠪᠠᠨ ᠦᠵᠡᠭᠦᠯᠬᠦ ᠳ᠋ᠦ᠍ ᠬᠡᠷᠡᠭ ᠲᠡᠢ ᠪᠣᠯ ᠡᠳᠡᠭᠡᠷ ᠊ᠢ ᠬᠠᠶᠠ ᠰᠠᠨᠠᠨ᠎ᠠ᠃ ᠡᠳᠦᠷ ᠪᠣᠯ ᠴᠠᠭ ᠪᠦᠷᠢ ᠳ᠋ᠦ᠍ ᠡᠮᠦᠰᠬᠦ ᠲᠤᠰᠬᠠᠢ ᠬᠤᠪᠴᠠᠰᠤ ᠲᠠᠢ ᠠᠭᠰᠠᠨ ᠪᠢᠯᠡ᠃ ᠪᠤᠰᠤᠳ ᠬᠠᠭᠠᠨ ᠸᠠᠩ ᠦ᠋ᠳ ᠊ᠢ ᠶᠡᠬᠡ ᠴᠢᠭᠤᠯᠭᠠᠨ ᠤ᠋ ᠲᠠᠩᠬᠢᠮ ᠳ᠋ᠤ᠌ ᠪᠣᠢ ᠭᠡᠳᠡᠭ ᠪᠣᠯ᠂ ᠡᠨᠡ ᠬᠠᠭᠠᠨ ᠊ᠢ ᠬᠠᠭᠠᠨ ᠬᠤᠪᠴᠠᠰᠤ ᠡᠮᠦᠰᠬᠦ ᠲᠠᠩᠬᠢᠮ ᠳ᠋ᠤ᠌ ᠰᠠᠭᠠᠲᠠᠵᠤ ᠪᠣᠢ ᠭᠡᠳᠡᠭ ᠪᠢᠯᠡ᠃
ᠬᠠᠭᠠᠨ ᠤ᠋ ᠶᠡᠬᠡ ᠨᠡᠶ᠋ᠢᠰᠯᠡᠯ ᠳ᠋ᠦ᠍ ᠣᠯᠠᠨ ᠴᠥᠮ ᠵᠢᠷᠭᠠᠯ ᠴᠡᠩᠭᠡᠯ ᠢ᠋ᠶ᠋ᠡᠷ ᠰᠠᠭᠤᠳᠠᠭ ᠪᠥᠭᠡᠳ ᠡᠳᠦᠷ ᠪᠦᠷᠢ ᠭᠠᠳᠠᠭᠠᠳᠤ ᠶ᠋ᠢᠨ ᠬᠥᠮᠦᠰ ᠣᠯᠠᠨ ᠢᠷᠡᠨ᠎ᠡ᠃ ᠨᠢᠭᠡᠨ ᠡᠳᠦᠷ ᠬᠣᠶᠠᠷ ᠯᠤᠶ᠋ᠢᠪᠠᠷᠴᠢᠨ ᠢᠷᠡᠵᠦ᠄
《 ᠪᠢᠳᠡ ᠪᠣᠯ ᠲᠠᠩᠰᠤᠭ ᠡᠳ᠋ ᠲᠣᠷᠭ᠎ᠠ ᠶ᠋ᠢ ᠨᠡᠬᠡᠳᠡᠭ ᠬᠥᠮᠦᠨ ᠮᠥᠨ᠃ ᠮᠠᠨ ᠤ᠋ ᠨᠡᠬᠡᠭᠰᠡᠨ ᠬᠬᠢᠪ ᠲᠣᠷᠭᠠᠨ ᠤ᠋ ᠥᠩᠭᠡ ᠬᠡ ᠶᠢᠷᠲᠢᠨᠴᠦ ᠳ᠋ᠦ᠍ ᠬᠣᠣᠰ ᠦᠭᠡᠢ ᠰᠠᠶᠢᠬᠠᠨ ᠠ᠋ᠴᠠ ᠭᠠᠳᠠᠨ᠎ᠠ ᠪᠠᠰᠠ ᠨᠢᠭᠡ ᠵᠦᠢᠯ ᠦ᠋ᠨ ᠡᠷᠳᠡᠮ ᠪᠣᠢ᠃ ᠲᠡᠷᠡ ᠡᠳ᠋ ᠢ᠋ᠶ᠋ᠡᠷ ᠬᠢᠭᠰᠡᠨ ᠬᠤᠪᠴᠠᠰᠤ ᠶ᠋ᠢ ᠦᠬᠡᠨᠴᠡ ᠲᠡᠨᠡᠭ ᠪᠤᠶᠤ ᠡᠰᠡᠬᠦᠯ᠎ᠡ ᠥᠪᠡᠷ ᠦ᠋ᠨ ᠲᠤᠰᠢᠶᠠᠯ ᠳ᠋ᠠᠭᠠᠨ ᠲᠡᠩᠴᠡᠬᠦ ᠦᠭᠡᠢ ᠬᠥᠮᠦᠨ ᠣᠯᠵᠤ ᠦᠵᠡᠳᠡᠭ ᠦᠭᠡᠢ ᠪᠢᠯᠡ 》ᠭᠡᠵᠦ ᠴᠤᠤ ᠲᠠᠷᠬᠠᠭᠠᠭᠰᠠᠨ ᠳ᠋ᠤ᠌ ᠬᠠᠭᠠᠨ ᠄ ᠠᠶ᠎ᠠ᠂ ᠶᠠᠮᠠᠷ ᠰᠣᠨᠢᠨ ᠡᠷᠳᠡᠮ ᠲᠡᠢ ᠬᠤᠪᠴᠠᠰᠤ ᠪᠣᠢ ! ᠪᠢ ᠲᠡᠭᠦᠨ ᠊ᠢ ᠣᠯᠪᠠᠯ᠂ ᠮᠢᠨᠦ ᠤᠯᠤᠰ ᠤ᠋ᠨ ᠳᠣᠲᠣᠷ᠎ᠠ ᠪᠣᠢ ᠰᠡᠴᠡᠨ ᠲᠡᠨᠡᠭ ᠬᠥᠮᠦᠨ ᠊ᠢ ᠢᠯᠭᠠᠨ ᠲᠠᠨᠢᠵᠤ᠂ ᠮᠢᠨᠦ ᠠᠯᠪᠠᠨ ᠤ᠋ ᠬᠥᠮᠦᠰ᠂ ᠨᠣᠭᠳᠠᠭᠰᠠᠨ ᠠᠯᠪᠠᠨ ᠲᠤᠰᠢᠶᠠᠯ ᠳ᠋ᠠᠭᠠᠨ ᠲᠡᠨᠭᠴᠡᠭᠰᠡᠨ ᠡᠰᠡᠬᠦ ᠶ᠋ᠢ ᠮᠡᠳᠡᠵᠦ ᠪᠣᠯᠤᠨ᠎ᠠ ᠭᠡᠵᠦ ᠰᠡᠳᠬᠢᠪᠡ᠃
ᠪᠢ ᠡᠨᠡ ᠡᠳ᠋ ᠊ᠢ ᠨᠡᠬᠡᠭᠦᠯᠰᠦᠭᠡᠢ ᠭᠡᠵᠦ ᠲᠡᠷᠡ ᠬᠣᠶᠠᠷ ᠯᠤᠶ᠋ᠢᠪᠠᠷᠴᠢᠨ ᠳ᠋ᠤ᠌ ᠬᠠᠭᠠᠨ ᠰᠠᠩ ᠠ᠋ᠴᠠ ᠥᠴᠢᠨᠡᠨ ᠲᠥᠴᠢᠨᠡᠨ ᠮᠥᠩᠭᠥ ᠭᠠᠷᠭᠠᠵᠤ ᠥᠭᠭᠦᠭᠰᠡᠨ ᠳ᠋ᠦ᠍ ᠲᠡᠷᠡ ᠬᠣᠶᠠᠷ ᠪᠠᠴᠢᠲᠤ ᠯᠤᠶ᠋ᠢᠪᠠᠷᠴᠢᠨ ᠡᠮᠦᠨ᠎ᠡ ᠪᠡᠨ ᠪᠥᠰ ᠨᠡᠬᠡᠬᠦ ᠮᠠᠰᠢᠨ ᠊ᠢ ᠬᠣᠶᠠᠷ ᠰᠠᠭᠤᠷᠢ ᠲᠠᠯᠪᠢᠵᠤ᠂ ᠬᠣᠭᠣᠰᠣᠨ ᠮᠠᠰᠢᠨ ᠤ᠋ ᠡᠮᠦᠨ᠎ᠡ ᠶᠡᠬᠡ ᠯᠡ ᠬᠢᠴᠢᠶᠡᠨ ᠨᠡᠬᠡᠬᠦ ᠪᠠᠶ᠋ᠢᠲᠠᠯ ᠭᠠᠷᠭᠠᠨ ᠰᠠᠭᠤᠵᠤ᠂ ᠲᠡᠷᠢᠭᠦᠨ ᠵᠡᠷᠭᠡ ᠶ᠋ᠢᠨ ᠰᠠᠢᠨ ᠲᠣᠷᠭ᠎ᠠ ᠮᠢᠨᠳᠠᠰᠤ᠂ ᠰᠢᠵᠢᠷ ᠠᠯᠲᠠ ᠶ᠋ᠢ ᠪᠠᠶ᠋ᠢᠨ ᠪᠠᠶ᠋ᠢᠨ ᠬᠠᠭᠠᠨ ᠰᠠᠩ ᠠ᠋ᠴᠠ ᠠᠪᠴᠢᠷᠠᠵᠤ᠂ ᠲᠤᠯᠤᠮ ᠳ᠋ᠠᠭᠠᠨ ᠬᠢᠵᠦ ᠬᠠᠭᠤᠴᠢᠨ ᠮᠠᠰᠢᠨ ᠤ᠋ ᠡᠮᠦᠨ᠎ᠡ ᠬᠠᠷᠠᠩᠭᠤᠢ ᠰᠥᠨᠢ ᠪᠣᠯᠲᠠᠯ᠎ᠠ ᠰᠠᠭᠤᠵᠤ ᠬᠢᠴᠢᠶᠡᠨ ᠨᠡᠬᠡᠬᠦ ᠳᠦᠷᠢ ᠦᠵᠡᠭᠦᠯᠦᠨ᠎ᠡ᠃
ᠬᠠᠭᠠᠨ ᠡᠨᠡ ᠬᠣᠶᠠᠷ ᠬᠡᠴᠢᠨᠡᠨ ᠨᠡᠬᠡᠭᠰᠡᠨ ᠪᠣᠯ ᠭᠡᠵᠦ ᠪᠣᠳᠣᠪᠠ᠃ ᠭᠡᠲᠡᠯ᠎ᠡ ᠲᠤᠰᠢᠶᠠᠯ ᠳ᠋ᠠᠭᠠᠨ ᠲᠡᠩᠴᠡᠬᠦ ᠦᠭᠡᠢ ᠪᠤᠶᠤ ᠲᠡᠨᠡᠭ ᠮᠠᠩᠬᠤᠤ ᠬᠥᠮᠦᠨ ᠪᠣᠯ ᠲᠡᠷᠡ ᠡᠳ᠋ ᠊ᠢ ᠣᠯᠵᠤ ᠦᠵᠡᠳᠡᠭ ᠦᠭᠡᠢ ᠭᠡᠵᠦ ᠰᠠᠨᠠᠵᠤ ᠳᠣᠲᠣᠷ᠎ᠠ ᠪᠠᠨ ᠪᠠᠬᠠᠨ ᠡᠮᠢᠶᠡᠪᠡᠴᠦ ᠪᠢ ᠬᠤᠪᠢ ᠳ᠋ᠠᠭᠠᠨ ᠵᠣᠪᠠᠯᠲᠠ ᠦᠭᠡᠢ ᠪᠢᠵᠡ ᠭᠡᠵᠦ ᠰᠡᠳᠬᠢᠪᠡ᠃ ᠭᠡᠪᠡᠴᠦ ᠲᠡᠷᠡ ᠡᠳ᠋ ᠊ᠢ ᠪᠠᠶ᠋ᠢᠴᠠᠭᠠᠨ ᠦᠵᠡᠭᠦᠯᠦᠷ᠎ᠡ ᠥᠭᠡᠷ᠎ᠡ ᠬᠥᠮᠦᠨ ᠊ᠢ ᠲᠣᠮᠢᠯᠠᠬᠤ ᠪᠠᠷ ᠲᠣᠭᠲᠠᠪᠠ᠃ ᠨᠡᠶ᠋ᠢᠰᠯᠡᠯ ᠦ᠋ᠨ ᠣᠯᠠᠨ ᠲᠦᠮᠡᠨ ᠴᠥᠮ ᠲᠡᠷᠡ ᠨᠡᠬᠡᠵᠦ ᠪᠣᠢ ᠡᠳ᠋ ᠦ᠋ᠨ ᠭᠠᠶ᠋ᠢᠬᠠᠮᠰᠢᠬᠲᠤ ᠴᠢᠳᠠᠯ ᠊ᠢ ᠰᠣᠨᠣᠰᠤᠭᠰᠠᠨ ᠲᠤᠯᠠ ᠬᠥᠮᠦᠨ ᠪᠦᠷᠢ ᠠᠶ᠋ᠢᠯ ᠠᠶ᠋ᠢᠮᠠᠭ ᠤ᠋ᠨ ᠢ᠋ᠶ᠋ᠠᠨ ᠲᠡᠨᠡᠭ ᠊ᠢ ᠦᠵᠡᠬᠦ ᠭᠡᠵᠦ ᠶᠡᠬᠡ ᠬᠦᠯᠢᠶᠡᠨ᠎ᠡ᠃ ᠬᠠᠭᠠᠨ᠄
《 ᠡᠪᠦᠭᠡᠨ ᠰᠢᠳᠠᠷ ᠰᠠᠶ᠋ᠢᠳ ᠢ᠋ᠶ᠋ᠠᠨ ᠶᠠᠪᠤᠭᠤᠯᠰᠤᠭᠠᠢ᠃ ᠲᠡᠷᠡ ᠪᠣᠯ ᠲᠤᠰᠢᠶᠠᠯ ᠳ᠋ᠠᠭᠠᠨ ᠴᠣᠬᠣᠮ ᠲᠡᠩᠴᠡᠬᠦ ᠰᠢᠳᠤᠷᠭᠤ ᠰᠡᠴᠡᠨ ᠬᠥᠮᠦᠨ ᠮᠥᠨ ᠲᠤᠯᠠ ᠲᠡᠷᠡ ᠡᠳ᠋ ᠊ᠢ ᠰᠠᠢᠨ ᠢ᠋ᠶ᠋ᠠᠷ ᠦᠵᠡᠵᠦ ᠴᠢᠳᠠᠬᠤ ᠪᠢᠯᠡ 》 ᠭᠡᠵᠦ ᠰᠠᠢᠬᠠᠨ ᠰᠠᠨᠠᠭᠠᠲᠤ ᠡᠪᠦᠭᠡᠨ ᠰᠠᠶ᠋ᠢᠳ ᠊ᠢ ᠶᠠᠪᠤᠭᠤᠯᠤᠭᠰᠠᠨ ᠳ᠋ᠤ᠌᠂ ᠡᠪᠦᠭᠡᠨ ᠰᠠᠶ᠋ᠢᠳ᠂ ᠲᠡᠷᠡ ᠬᠣᠶᠠᠷ ᠯᠤᠶ᠋ᠢᠪᠠᠷᠴᠢᠨ ᠤ᠋ ᠬᠣᠭᠣᠰᠣᠨ ᠮᠠᠰᠢᠨ ᠤ᠋ ᠡᠮᠦᠨ᠎ᠡ ᠰᠠᠭᠤᠵᠤ ᠨᠡᠬᠡᠬᠦ ᠳᠦᠷᠢᠮ ᠦᠵᠡᠭᠦᠯᠦᠨ ᠪᠠᠶ᠋ᠢᠬ᠋᠎ᠠ ᠭᠠᠵᠠᠷ ᠣᠴᠢᠭᠠᠳ᠂ ᠠᠢ ᠲᠡᠭᠷᠢ ᠮᠢᠨᠢ᠂ ᠨᠢᠳᠦᠨ ᠳ᠋ᠦ᠍ ᠦᠵᠡᠭᠳᠡᠬᠦ ᠶᠠᠭᠤᠮ᠎ᠠ ᠠᠯᠠᠭ᠎ᠠ ᠪᠠᠶ᠋ᠢᠨ᠎ᠠ ᠰᠢᠦ ᠭᠡᠵᠦ ᠪᠣᠳᠣᠭᠠᠳ ᠨᠢᠳᠦ ᠪᠡᠨ ᠪᠦᠯᠲᠡᠶ᠋ᠢᠯᠭᠡᠨ ※ ᠦᠵᠡᠬᠦ ᠳ᠋ᠦ᠍ ᠲᠡᠷᠡ ᠬᠣᠶᠠᠷ ᠯᠤᠶ᠋ᠢᠪᠠᠷᠴᠢᠨ᠂ ᠡᠪᠦᠭᠡᠨ ᠰᠠᠶ᠋ᠢᠳ ᠊ᠢ ᠣᠶ᠋ᠢᠷᠠᠲᠤᠨ ᠢᠷᠡᠵᠦ ᠦᠵᠡᠭᠲᠦᠨ ᠭᠡᠵᠦ᠂ ᠬᠣᠭᠣᠰᠣᠨ ᠭᠠᠵᠠᠷ ᠵᠢᠭᠠᠵᠤ᠂ ᠡᠨᠡ ᠲᠣᠷᠭᠠᠨ ᠤ᠋ ᠥᠩᠭᠡ ᠬᠡ ᠰᠠᠢᠬᠠᠨ ᠪᠠᠶ᠋ᠢᠨ᠎ᠠ ᠤᠤ ᠭᠡᠵᠦ ᠠᠰᠠᠭᠤᠭᠰᠠᠨ ᠳ᠋ᠤ᠌ ᠬᠥᠭᠡᠷᠦᠬᠦᠢ ᠲᠡᠷᠡ ᠡᠪᠦᠭᠡᠨ ᠰᠠᠶ᠋ᠢᠳ᠂ ᠨᠢᠳᠦ ᠪᠡᠨ ᠪᠦᠯᠲᠡᠶ᠋ᠢᠲᠡᠯᠡ ᠦᠵᠡᠪᠡᠴᠦ ᠬᠣᠭᠣᠰᠣᠨ ᠭᠠᠵᠠᠷ ᠶᠠᠭᠤᠨ ᠪᠠᠶ᠋ᠢᠬᠤ ᠠᠵᠢ᠃ ᠳᠡᠮᠡᠢ ᠯᠡ ᠪᠤᠯᠲᠠᠶ᠋ᠢᠲᠠᠯᠠ ᠦᠵᠡᠵᠦ ᠦᠵᠡᠭᠡᠳ᠂ ᠠᠢ ᠲᠡᠭᠷᠢ ᠮᠢᠨᠢ᠂ ᠪᠢ ᠲᠡᠨᠡᠭ ᠮᠠᠩᠬᠤᠤ ᠪᠠᠶ᠋ᠢᠨ᠎ᠠ ᠰᠢᠦ᠃ ᠡᠭᠦᠨ ᠊ᠢ ᠪᠤᠰᠤᠳ ᠲᠤ᠌ ᠮᠡᠳᠡᠭᠳᠡᠵᠦ ᠪᠣᠯᠬᠤ ᠦᠭᠡᠢ ᠰᠢᠦ᠃ ᠡᠰᠡᠬᠦᠯ᠎ᠡ ᠪᠢ ᠲᠤᠰᠢᠶᠠᠯ ᠳ᠋ᠠᠭᠠᠨ ᠲᠡᠩᠴᠡᠬᠦ ᠦᠭᠡᠢ ᠪᠠᠶ᠋ᠢᠨ᠎ᠠ ᠰᠢᠦ᠃ ᠶᠠᠭᠤ ᠴᠤ᠌ ᠪᠣᠯᠤᠭᠰᠠᠨ ᠡᠨᠡ ᠡᠳ᠋ ᠊ᠢ ᠦᠵᠡᠭᠰᠡᠨ ᠦᠭᠡᠢ ᠭᠡᠵᠦ ᠬᠡᠯᠡᠵᠦ ᠪᠣᠯᠬᠤ ᠦᠭᠡᠢ ᠭᠡᠵᠦ ᠪᠠᠶ᠋ᠢᠲᠠᠯ᠎ᠠ ᠲᠡᠷᠡ ᠬᠣᠶᠠᠷ ᠪᠠᠴᠢᠲᠤ ᠯᠤᠶ᠋ᠢᠪᠠᠷᠴᠢᠨ ᠤ᠋ ᠨᠢᠭᠡ ᠨᠢ᠄
《 ᠲᠠ ᠶᠠᠭᠤᠨ ᠳ᠋ᠤ᠌ ᠦᠭᠡ ᠳᠠᠭᠤᠨ ᠦᠭᠡᠢ ᠪᠠᠶ᠋ᠢᠬᠤ ᠪᠣᠢ ? 》 ᠭᠡᠰᠡᠨ ᠳ᠋ᠦ᠍᠂ ᠡᠪᠦᠭᠡᠨ ᠰᠠᠶ᠋ᠢᠳ ᠨᠢᠳᠦᠨ ᠳ᠋ᠡᠭᠡᠨ ᠰᠢᠯ ᠵᠡᠭᠦᠵᠦ᠄
《 ᠠᠶ᠎ᠠ᠂ ᠡᠨᠡ ᠶᠠᠭᠤᠲᠠᠢ ᠰᠠᠢᠬᠠᠨ ᠲᠣᠷᠭ᠎ᠠ ᠪᠣᠢ᠂ ᠥᠩᠭᠡ ᠬᠡ ᠨᠢ ᠶᠠᠭᠤᠲᠠᠢ ᠰᠠᠢᠬᠠᠨ ᠪᠣᠢ᠃ ᠲᠠᠨ ᠤ᠋ ᠨᠡᠬᠡᠭᠰᠡᠨ ᠡᠨᠡ ᠡᠳ᠋ ᠮᠢᠨᠦ ᠰᠠᠨᠠᠭᠠᠨ ᠳ᠋ᠤ᠌ ᠶᠡᠬᠡ ᠯᠡ ᠨᠡᠢᠯᠡᠯᠴᠡᠭᠰᠡᠨ ᠊ᠢ ᠪᠢ ᠬᠠᠭᠠᠨ ᠳ᠋ᠤ᠌ ᠤᠯᠠᠮᠵᠢᠯᠠᠨ ᠠᠶ᠋ᠢᠯᠠᠳᠬᠠᠰᠤᠭᠠᠢ 》ᠭᠡᠪᠡ᠃ ᠲᠡᠷᠡ ᠬᠣᠶᠠᠷ ᠯᠤᠶ᠋ᠢᠪᠠᠷᠴᠢᠨ ᠡᠪᠦᠭᠡᠨ ᠰᠠᠶ᠋ᠢᠳ ᠲᠤ᠌ ᠲᠠᠯ᠎ᠠ ᠥᠭᠴᠦ ᠶᠣᠰᠣᠯᠠᠭᠠᠳ᠂ ᠨᠡᠬᠡᠭᠰᠡᠨ ᠭᠡᠳᠡᠭ ᠲᠡᠷᠡ ᠡᠳ᠋ ᠦ᠋ᠨ ᠢ᠋ᠶ᠋ᠡᠨ ᠥᠩᠭᠡ ᠶ᠋ᠢ ᠵᠢᠭᠠᠵᠤ ᠶᠡᠷᠦ ᠪᠤᠰᠤ ᠶ᠋ᠢᠨ ᠬᠡ ᠶ᠋ᠢ ᠲᠠᠶ᠋ᠢᠯᠪᠤᠷᠢᠯᠠᠨ ᠬᠡᠯᠡᠭᠰᠡᠨ ᠳ᠋ᠦ᠍ ᠡᠪᠦᠭᠡᠨ ᠰᠠᠶ᠋ᠢᠳ ᠬᠢᠴᠢᠶᠡᠨ ᠰᠣᠨᠣᠰᠴᠤ ᠴᠡᠭᠡᠵᠢᠨ ᠳ᠋ᠡᠭᠡᠨ ᠲᠡᠮᠳᠡᠭᠯᠡᠭᠡᠳ᠂ ᠪᠤᠴᠠᠵᠤ ᠬᠠᠭᠠᠨ ᠳ᠋ᠠᠭᠠᠨ ᠮᠥᠨ ᠶᠣᠰᠣᠭᠠᠷ ᠨᠢ ᠠᠶ᠋ᠢᠯᠠᠤᠠᠬᠠᠪᠠ᠃
ᠲᠡᠷᠡ ᠬᠣᠶᠠᠷ ᠯᠤᠶ᠋ᠢᠪᠠᠷᠴᠢᠨ ᠡᠪᠦᠭᠡᠨ ᠰᠠᠶ᠋ᠢᠳ ᠊ᠢ ᠪᠤᠴᠠᠭᠰᠠᠨ ᠬᠣᠶ᠋ᠢᠨ᠎ᠠ᠂ ᠠᠯᠲᠠ᠂ ᠮᠥᠩᠭᠥ᠂ ᠲᠣᠷᠭ᠎ᠠ ᠶ᠋ᠢ ᠪᠠᠶ᠋ᠢᠨ ᠪᠠᠶ᠋ᠢᠨ ᠱᠠᠭᠠᠷᠳᠠᠨ᠂ ᠨᠡᠬᠡᠬᠦ ᠨᠢ ᠤᠷᠢᠳᠤᠬᠢ ᠠ᠋ᠴᠠ ᠨᠡᠩ ᠢᠯᠡᠭᠦᠦ ᠪᠣᠯᠤᠭᠠᠳ᠂ ᠠᠪᠴᠢᠷᠠᠭᠰᠠᠨ ᠪᠦᠭᠦᠳᠡ ᠶ᠋ᠢ ᠴᠥᠮ ᠥᠪᠡᠷ ᠦ᠋ᠨ ᠠᠪᠳᠠᠷ᠎ᠠ ᠲᠤᠯᠤᠮ ᠳ᠋ᠠᠭᠠᠨ ᠬᠢᠬᠦ ᠲᠤᠯᠠ ᠮᠠᠰᠢᠨ ᠳᠡᠭᠡᠷ᠎ᠡ ᠪᠡᠨ ᠲᠡᠷᠡ ᠠᠯᠲᠠ ᠮᠥᠩᠭᠥᠨ ᠡᠴᠡ ᠰᠢᠷᠬᠡᠭ ᠦ᠋ᠨ ᠲᠡᠳᠦᠢ ᠴᠦ᠍ ᠦᠭᠡᠢ᠂ ᠮᠥᠨ ᠯᠡ ᠤᠷᠢᠳᠤᠬᠢ ᠠᠳᠠᠯᠢ ᠬᠣᠭᠣᠰᠣᠨ ᠮᠠᠰᠢᠨ ᠤ᠋ ᠡᠮᠦᠨ᠎ᠡ ᠰᠠᠭᠤᠵᠤ ᠶᠡᠬᠡ ᠯᠡ ᠬᠢᠴᠢᠶᠡᠨ ᠨᠡᠬᠡᠬᠦ ᠪᠠᠶ᠋ᠢᠲᠠᠯ ᠦᠵᠡᠭᠦᠯᠦᠨ᠎ᠡ᠃
ᠬᠠᠭᠠᠨ ᠪᠠᠰᠠ ᠳᠠᠬᠢᠨ ᠨᠢᠭᠡ ᠲᠦᠰᠢᠮᠡᠯ ᠊ᠢ ᠶᠠᠪᠤᠭᠤᠯᠵᠤ ᠦᠵᠡᠭᠦᠯᠦᠭᠰᠡᠨ ᠳ᠋ᠦ᠍ ᠤᠷᠢᠳᠤᠬᠢ ᠰᠠᠶ᠋ᠢᠳ ᠤ᠋ᠨ ᠠᠳᠠᠯᠢ ᠪᠣᠯᠵᠤ ᠨᠢᠳᠦᠨ ᠦ᠌ ᠬᠠᠮᠤᠭ ᠬᠦᠴᠦᠨ ᠊ᠢ ᠰᠢᠪᠬᠠᠨ ᠭᠠᠷᠭᠠᠵᠤ᠂ ᠶᠠᠭᠠᠬᠢᠵᠤ ᠦᠵᠡᠪᠡᠴᠦ ᠬᠣᠭᠣᠰᠣᠨ ᠮᠠᠰᠢᠨ ᠠ᠋ᠴᠠ ᠥᠭᠡᠷ᠎ᠡ ᠶᠠᠭᠤᠮ᠎ᠠ ᠦᠵᠡᠭᠳᠡᠬᠦ ᠦᠭᠡᠢ ᠪᠠᠶ᠋ᠢᠪᠠ᠃ ᠭᠡᠲᠡᠯ᠎ᠡ ᠬᠣᠶᠠᠷ ᠯᠤᠶ᠋ᠢᠪᠠᠷᠴᠢᠨ᠄
《 ᠮᠠᠨ ᠤ᠋ ᠨᠡᠬᠡᠵᠦ ᠪᠠᠶ᠋ᠢᠬ᠋᠎ᠠ ᠡᠨᠡ ᠡᠳ᠋᠂ ᠠᠳᠠᠪᠠᠰᠢ(1) ᠲᠠᠩᠰᠤᠭ ᠰᠠᠢᠬᠠᠨ ᠡᠳ᠋ ᠪᠢᠵᠡ 》ᠭᠡᠳ ᠣᠭᠲᠣ ᠪᠠᠶ᠋ᠢᠬᠤ ᠦᠭᠡᠢ ᠡᠳ᠋ ᠦ᠋ᠨ ᠥᠩᠭᠡ ᠬᠡ ᠶ᠋ᠢ ᠲᠠᠶ᠋ᠢᠯᠪᠤᠷᠢᠯᠠᠨ ᠵᠢᠭᠠᠭᠰᠠᠨ ᠳ᠋ᠤ᠌ ᠲᠡᠷᠡ ᠲᠦᠰᠢᠮᠡᠯ᠄《 ᠪᠢ ᠲᠡᠨᠡᠭ ᠪᠢᠰᠢ ᠪᠢᠯᠡ᠂ ᠪᠣᠳᠣᠪᠠᠯ ᠡᠨᠡ ᠰᠠᠢᠬᠠᠨ ᠬᠡᠷᠬᠡᠮ ᠲᠤᠰᠢᠶᠠᠯ ᠳ᠋ᠠᠭᠠᠨ ᠲᠡᠩᠴᠡᠬᠦ ᠦᠭᠡᠢ ᠪᠠᠶ᠋ᠢᠬᠤ ᠨᠢ ᠪᠢᠵᠡ᠃ ᠡᠭᠦᠨ ᠊ᠢ ᠪᠢ ᠬᠥᠮᠦᠨ ᠳ᠋ᠦ᠍ ᠪᠤᠤ ᠮᠡᠳᠡᠭᠳᠡᠶ᠎ᠡ 》ᠭᠡᠳ ᠦᠵᠡᠭᠰᠡᠨ ᠦᠭᠡᠢ ᠡᠳ᠋ ᠦ᠋ᠨ ᠥᠩᠭᠡ ᠬᠡ ᠶ᠋ᠢ ᠱᠠᠭᠰᠢᠨ ᠮᠠᠭᠲᠠᠭᠠᠳ᠂ ᠬᠠᠭᠠᠨ ᠳ᠋ᠠᠭᠠᠨ ᠣᠴᠢᠵᠤ ᠭᠠᠶ᠋ᠢᠬᠠᠮᠰᠢᠬᠲᠠᠢ ᠰᠠᠢᠬᠠᠨ ᠡᠳ᠋ ᠪᠠᠶ᠋ᠢᠨ᠎ᠠ ᠭᠡᠵᠦ ᠠᠶ᠋ᠢᠯᠠᠤᠠᠬᠠᠪᠠ᠃
ᠬᠣᠲᠠ ᠶ᠋ᠢᠨ ᠣᠯᠠᠨ ᠬᠥᠮᠦᠨ ᠴᠥᠮ ᠡᠨᠡ ᠲᠠᠩᠰᠤᠭ ᠡᠳ᠋ ᠊ᠢ ᠭᠠᠶ᠋ᠢᠬᠠᠨ ᠬᠡᠯᠡᠯᠴᠡᠨ᠎ᠡ᠃ ᠬᠠᠭᠠᠨ ᠥᠪᠡᠷ ᠢ᠋ᠶ᠋ᠡᠨ ᠲᠡᠷᠡ ᠡᠳ᠋ ᠊ᠢ ᠦᠵᠡᠰᠦᠭᠡᠢ ᠭᠡᠵᠦ ᠨᠢᠭᠡᠨ ᠡᠳᠦᠷ ᠤᠷᠢᠲᠠᠵᠤ ᠣᠴᠢᠭᠰᠠᠨ ᠲᠦᠰᠢᠮᠡᠯ ᠦ᠋ᠨ ᠬᠠᠮᠲᠤ᠂ ᠰᠢᠳᠠᠷ ᠲᠤ᠌ ᠶᠠᠪᠤᠬᠤ ᠣᠯᠠᠨ ᠊ᠢ ᠰᠣᠩᠭᠣᠨ ᠳᠠᠭᠠᠭᠤᠯᠵᠤ᠂ ᠲᠡᠷᠡ ᠬᠣᠶᠠᠷ ᠵᠠᠯᠢᠲᠤ ᠯᠤᠶ᠋ᠢᠪᠠᠷᠴᠢᠨ ᠤ᠋ ᠡᠮᠦᠨ᠎ᠡ ᠣᠴᠢᠭᠰᠠᠨ ᠳ᠋ᠤ᠌᠂ ᠲᠡᠷᠡ ᠬᠣᠶᠠᠷ ᠬᠠᠭᠠᠨ ᠊ᠢ ᠦᠵᠡᠭᠡᠳ ᠤᠲᠠᠰᠤ ᠦᠭᠡᠢ ᠬᠣᠭᠣᠰᠣᠨ ᠮᠠᠰᠢᠨ ᠤ᠋ ᠡᠮᠦᠨ᠎ᠡ ᠰᠠᠭᠤᠵᠤ᠂ ᠬᠠᠮᠤᠭ ᠴᠢᠳᠠᠯ ᠢ᠋ᠶ᠋ᠠᠨ ᠭᠠᠷᠭᠠᠵᠤ ᠨᠡᠬᠡᠬᠦ ᠳᠦᠷᠢ ᠦᠵᠡᠭᠦᠯᠦᠨ᠎ᠡ᠃ ᠬᠣᠶᠠᠷ ᠰᠢᠳᠤᠷᠭᠤ ᠲᠦᠰᠢᠮᠡᠯ ᠣᠷᠣᠭᠰᠢ ᠳᠠᠪᠰᠢᠵᠤ᠂ ᠪᠤᠰᠤᠳ ᠬᠥᠮᠦᠨ ᠊ᠢ ᠲᠡᠷᠡ ᠨᠡᠬᠡᠵᠦ ᠪᠠᠶ᠋ᠢᠬ᠋᠎ᠠ ᠡᠳ᠋ ᠊ᠢ ᠦᠵᠡᠬᠦ ᠪᠣᠯᠪᠠ ᠤᠤ ᠭᠡᠵᠦ ᠬᠣᠭᠣᠰᠣᠨ ᠮᠠᠰᠢᠨ ᠤ᠋ ᠵᠦᠭ ᠵᠢᠭᠠᠵᠤ᠄
《 ᠬᠠᠭᠠᠨᠲᠠᠨ ᠡᠨᠡ ᠭᠠᠶ᠋ᠢᠬᠮᠰᠢᠬᠲᠤ ᠡᠳ᠋ ᠦ᠋ᠨ ᠥᠩᠭᠡ ᠬᠡ ᠶ᠋ᠢ ᠠᠩᠬᠠᠷᠤᠨ ᠦᠵᠡᠮᠦ᠂ ᠦᠨᠡᠬᠡᠷ ᠭᠠᠶ᠋ᠢᠠᠬᠠᠮᠰᠢᠬᠲᠠᠢ ᠪᠤᠰᠤ ᠤᠤ ? 》 ᠭᠡᠰᠡᠨ ᠳ᠋ᠦ᠍ ᠬᠠᠭᠠᠨ ᠭᠠᠶ᠋ᠢᠬᠠᠨ᠄《 ᠠᠶ᠎ᠠ᠂ ᠡᠨᠡ ᠶᠠᠮᠠᠷ ᠵᠢᠭᠲᠡᠢ ᠪᠣᠢ ? ᠮᠢᠨᠦ ᠨᠢᠳᠦᠨ ᠳ᠋ᠦ᠍ ᠶᠠᠭᠤᠮ᠎ᠠ ᠣᠭᠲᠣ ᠦᠵᠡᠭᠳᠡᠬᠦ ᠦᠭᠡᠢ ᠪᠠᠶ᠋ᠢᠨ᠎ᠠ᠃ ᠡᠨᠡ ᠶᠠᠮᠠᠷ ᠢᠷᠣ᠎ᠠ ᠪᠣᠢ ? ᠪᠢ ᠲᠡᠨᠡᠭ ᠮᠠᠩᠬᠤᠤ ᠪᠣᠯᠪᠠ ᠤᠤ᠂ ᠡᠰᠡᠪᠡᠯ ᠪᠢ ᠬᠠᠭᠠᠨ ᠤ᠋ ᠲᠤᠰᠢᠶᠠᠯ ᠳ᠋ᠠᠭᠠᠨ ᠲᠡᠩᠴᠡᠬᠦ ᠦᠭᠡᠢ ᠪᠠᠶ᠋ᠢᠬᠤ ᠶᠤᠮ ᠤᠤ ? ᠡᠨᠡ ᠶᠠᠮᠠᠷ ᠬᠡᠴᠡᠭᠦᠦ ᠬᠡᠷᠡᠭ ᠪᠢᠯᠡ ! 》ᠭᠡᠳ ᠥᠨᠳᠥᠷ ᠳᠠᠭᠤ ᠪᠠᠷ᠄
《 ᠠᠶ᠎ᠠ᠂ ᠶᠠᠭᠤᠲᠠᠢ ᠰᠠᠢᠬᠠᠨ ᠡᠳ᠋ ᠪᠣᠢ ? ᠮᠢᠨᠦ ᠰᠠᠨᠠᠭᠠᠨ ᠳ᠋ᠤ᠌ ᠴᠢᠪ ᠭᠡᠮᠡᠨ ᠨᠡᠶ᠋ᠢᠯᠡᠯᠴᠡᠪᠡ 》ᠭᠡᠵᠦ᠂ ᠲᠡᠷᠢᠭᠦᠨ ᠊ᠢ ᠵᠥᠪᠰᠢᠶᠡᠨ ᠭᠡᠬᠢᠵᠦ(2) ᠂ ᠬᠣᠭᠣᠰᠣᠨ ᠮᠠᠰᠢᠨ ᠊ᠢ ᠦᠵᠡᠨ ᠣᠭᠲᠣ ᠶᠠᠭᠤᠮ᠎ᠠ ᠦᠵᠡᠭᠳᠡᠭᠰᠡᠨ ᠦᠭᠡᠢ ᠪᠡᠨ ᠬᠡᠯᠡᠭᠰᠡᠨ ᠦᠭᠡᠢ ᠳ᠋ᠦ᠍᠂ ᠣᠯᠠᠨ ᠳᠠᠭᠠᠭᠰᠠᠳ ᠨᠢ ᠴᠥᠮ ᠨᠢᠳᠦ ᠪᠡᠨ ᠪᠦᠯᠲᠡᠶ᠋ᠢᠲᠡᠯᠡ ᠪᠡᠨ ᠦᠵᠡᠪᠡᠴᠦ᠂ ᠣᠭᠲᠣ ᠶᠠᠭᠤᠮ᠎ᠠ ᠣᠯᠵᠤ ᠦᠵᠡᠭᠰᠡᠨ ᠦᠭᠡᠢ ᠲᠤᠯᠠ ᠳᠡᠮᠡᠢ ᠯᠡ ᠬᠠᠭᠠᠨ ᠊ᠢ ᠳᠠᠭᠠᠵᠤ᠄
《 ᠠᠶ᠎ᠠ᠂ ᠶᠠᠭᠤᠲᠠᠢ ᠰᠠᠢᠬᠠᠨ ᠪᠣᠢ ! ᠠᠶ᠎ᠠ᠂ ᠶᠠᠭᠤᠲᠠᠢ ᠰᠠᠢᠬᠠᠨ ᠪᠣᠢ ! ᠦᠨᠡᠬᠡᠷ ᠭᠠᠶ᠋ᠢᠬᠠᠯᠲᠠᠢ᠂ ᠦᠨᠡᠬᠡᠷ ᠰᠠᠢᠬᠠᠨ ! 》ᠭᠡᠵᠦ ᠪᠦᠭᠦᠳᠡᠭᠡᠷ ᠶᠡᠬᠡ ᠯᠡ ᠪᠠᠶᠠᠷᠯᠠᠬᠤ ᠪᠠᠶ᠋ᠢᠲᠠᠯ ᠦᠵᠡᠭᠦᠯᠵᠦ᠂ ᠬᠠᠭᠠᠨ ᠊ᠢ ᠳᠠᠷᠠᠭ᠎ᠠ ᠡᠳᠦᠷ ᠶᠡᠬᠡ ᠶᠣᠰᠣᠯᠠᠯ ᠢ᠋ᠶ᠋ᠠᠷ ᠵᠠᠯᠠᠷᠠᠬᠤ ᠳ᠋ᠠᠭᠠᠨ ᠡᠨᠡ ᠡᠳ᠋ ᠢ᠋ᠶ᠋ᠡᠷ ᠬᠢᠭᠰᠡᠨ ᠬᠤᠪᠴᠠᠰᠤ ᠪᠠᠨ ᠡᠮᠦᠰᠦᠭᠲᠦᠨ ᠭᠡᠵᠦ ᠠᠶ᠋ᠢᠯᠠᠤᠠᠬᠠᠬᠰᠠᠨ ᠳ᠋ᠤ᠌ ᠬᠠᠭᠠᠨ ᠲᠡᠷᠡ ᠬᠣᠶᠠᠷ ᠯᠤᠶ᠋ᠢᠪᠠᠷᠴᠢᠨ ᠳ᠋ᠤ᠌ ᠭᠠᠪᠢᠶᠠᠨ ᠤ᠋ ᠵᠠᠭᠠᠯᠮᠠᠢ ᠲᠡᠮᠳᠡᠭ ᠱᠠᠩᠨᠠᠵᠤ᠂《 ᠬᠠᠭᠠᠨ ᠤ᠋ ᠰᠢᠳᠠᠷ ᠨᠠᠷᠢᠨ ᠨᠡᠬᠡᠭᠴᠢᠳ 》ᠭᠡᠵᠦ ᠴᠣᠯᠠ ᠥᠭᠪᠡ᠃ ᠶᠣᠰᠣᠯᠠᠯ ᠤ᠋ᠨ ᠤᠷᠢᠳ ᠰᠥᠨᠢ ᠲᠡᠷᠡ ᠬᠣᠶᠠᠷ ᠯᠤᠶ᠋ᠢᠪᠠᠷᠴᠢᠨ ᠨᠣᠶ᠋ᠢᠷ ᠦᠭᠡᠢ ᠬᠣᠨᠣᠵᠤ᠂ ᠠᠷᠪᠠ ᠭᠠᠷᠤᠢ ᠯᠠ ᠰᠢᠲᠠᠭᠠᠨ᠂ ᠬᠠᠭᠠᠨ ᠳ᠋ᠤ᠌ ᠰᠢᠨ᠎ᠡ ᠬᠤᠪᠴᠠᠰᠤ ᠣᠶᠣᠵᠤ ᠪᠠᠶ᠋ᠢᠬᠤ ᠪᠠᠶ᠋ᠢᠲᠠᠯ ᠦᠵᠡᠭᠦᠯᠵᠦ ᠬᠣᠭᠣᠰᠣᠨ ᠮᠠᠰᠢᠨ ᠠ᠋ᠴᠠ ᠨᠡᠬᠡᠭᠰᠡᠨ ᠡᠳ᠋ ᠊ᠢ ᠠᠪᠬᠤ ᠪᠠᠶ᠋ᠢᠲᠠᠯ ᠭᠠᠷᠭᠠᠵᠤ᠂ ᠲᠣᠮᠣ ᠬᠠᠶ᠋ᠢᠴᠢ ᠪᠠᠷ ᠬᠠᠶ᠋ᠢᠴᠢᠯᠠᠨ ᠤᠲᠠᠰᠤ ᠦᠭᠡᠢ ᠵᠡᠭᠦᠦ ᠪᠡᠷ ᠣᠶᠣᠵᠤ《 ᠵᠠ᠂ ᠬᠠᠭᠠᠨᠲᠠᠨ ᠲᠠᠨ ᠤ᠋ ᠬᠤᠪᠴᠠᠰᠤ ᠪᠡᠯᠡᠨ ᠪᠣᠯᠪᠠ 》 ᠭᠡᠰᠡᠨ ᠳ᠋ᠦ᠍ ᠬᠠᠭᠠᠨ ᠥᠪᠡᠷ ᠦ᠋ᠨ ᠪᠡᠶ᠎ᠡ ᠪᠡᠷ ᠣᠯᠠᠨ ᠨᠡᠷᠡᠲᠦ ᠲᠦᠰᠢᠮᠡᠯ ᠊ᠢ ᠳᠠᠭᠠᠭᠤᠯᠤᠨ ᠢᠷᠡᠪᠡ᠃
ᠬᠣᠶᠠᠷ ᠯᠤᠶ᠋ᠢᠪᠠᠷᠴᠢᠨ ᠶᠠᠭᠤᠮ᠎ᠠ ᠪᠠᠷᠢᠭᠰᠠᠨ ᠪᠠᠶ᠋ᠢᠲᠠᠯ ᠦᠵᠡᠭᠦᠯᠦᠨ ᠭᠠᠷ ᠢ᠋ᠶ᠋ᠠᠨ ᠡᠷᠭᠦᠵᠦ᠄
《 ᠦᠵᠡᠭᠲᠦᠨ ᠡᠨᠡ ᠪᠣᠯ ᠥᠮᠥᠳᠥ᠂ ᠡᠨᠡ ᠪᠣᠯ ᠴᠠᠮᠴᠠ᠂ ᠡᠨᠡ ᠪᠣᠯ ᠨᠥᠮᠥᠷᠭᠡ᠂ ᠡᠨᠡ ᠪᠣᠯ ᠪᠤᠰᠤᠳ ᠳᠣᠲᠣᠭᠠᠳᠤ ᠬᠤᠪᠴᠠᠰᠤ ᠮᠥᠨ᠃ ᠴᠥᠮ ᠠᠭᠠᠯᠵᠢᠨ ᠤ᠋ ᠰᠢᠯᠦᠰᠦ ᠮᠡᠲᠦ ᠬᠥᠩᠭᠡᠨ ᠲᠤᠯᠠ ᠡᠮᠦᠰᠦᠭᠰᠡᠨ ᠬᠥᠮᠦᠨ ᠣᠭᠲᠣ ᠡᠮᠦᠰᠦᠭᠰᠡᠨ ᠢ᠋ᠶ᠋ᠡᠨ ᠮᠡᠳᠡᠬᠦ ᠦᠭᠡᠢ᠂ ᠲᠡᠶ᠋ᠢᠮᠦ ᠰᠣᠨᠢᠨ ᠡᠷᠳᠡᠮ ᠲᠡᠢ ᠪᠣᠯᠠᠢ 》 ᠭᠡᠰᠡᠨ ᠳ᠋ᠦ᠍ ᠦᠨᠡᠨ ᠳ᠋ᠡᠭᠡᠨ ᠲᠡᠶ᠋ᠢᠮᠦ ᠬᠤᠪᠴᠠᠰᠤ ᠦᠭᠡᠢ ᠲᠤᠯᠠ ᠬᠠᠭᠠᠨ ᠊ᠢ ᠳᠠᠭᠠᠭᠰᠠᠨ ᠲᠦᠰᠢᠮᠡᠳ ᠪᠦᠭᠦᠳᠡᠭᠡᠷ ᠨᠢᠳᠦ ᠪᠡᠨ ᠪᠦᠯᠲᠡᠶ᠋ᠢᠯᠭᠡᠨ ᠬᠣᠭᠣᠰᠣᠨ ᠭᠠᠵᠠᠷ ᠊ᠢ ᠳᠡᠮᠡᠢ ᠯᠡ ᠰᠢᠷᠲᠡᠨ ᠦᠵᠡᠨ᠎ᠡ᠃ ᠬᠣᠶᠠᠷ ᠯᠤᠶ᠋ᠢᠪᠠᠷᠴᠢᠨ᠄
《 ᠬᠠᠭᠠᠨᠲᠠᠨ ᠬᠠᠭᠤᠴᠢᠨ ᠬᠤᠪᠴᠠᠰᠤ ᠪᠠᠨ ᠬᠠᠯᠠᠬᠤ ᠪᠣᠯᠪᠠ ᠤᠤ᠂ ᠪᠢᠳᠡ ᠲᠣᠯᠢᠨ ᠤ᠋ ᠡᠮᠦᠨ᠎ᠡ ᠬᠠᠭᠠᠨ ᠤ᠋ ᠰᠢᠨ᠎ᠡ ᠬᠤᠪᠴᠠᠰᠤ ᠶ᠋ᠢ ᠴᠢᠨᠢ ᠡᠮᠦᠰᠬᠡᠶᠡ 》ᠭᠡᠰᠡᠨ ᠳ᠋ᠦ᠍᠂ ᠬᠠᠭᠠᠨ ᠬᠠᠭᠤᠴᠢᠨ ᠬᠤᠪᠴᠠᠰᠤ ᠪᠠᠨ ᠲᠠᠶ᠋ᠢᠯᠪᠠ᠃ ᠬᠣᠶᠠᠷ ᠪᠠᠴᠢᠲᠡᠨ᠂ ᠬᠠᠭᠠᠨ ᠳ᠋ᠤ᠌ ᠰᠢᠨ᠎ᠡ ᠬᠤᠪᠴᠠᠰᠤ ᠶ᠋ᠢ ᠨᠢ ᠡᠮᠦᠰᠬᠡᠬᠦ ᠪᠠᠶ᠋ᠢᠲᠠᠯ ᠭᠠᠷᠭᠠᠵᠤ ᠠᠭᠠᠰᠢᠯᠠᠨ᠎ᠠ᠃ ᠬᠠᠭᠠᠨ ᠲᠣᠯᠢᠨ ᠤ᠋ ᠡᠮᠦᠨ᠎ᠡ ᠢᠨᠠᠭᠰᠢ ᠴᠢᠨᠠᠭᠰᠢ ᠶᠠᠪᠤᠵᠤ᠂ ᠪᠡᠶ᠎ᠡ ᠪᠡᠨ ᠦᠵᠡᠨ᠎ᠡ᠃ ᠣᠯᠠᠨ ᠪᠦᠭᠦᠳᠡᠭᠡᠷ᠄
《 ᠠᠶ᠎ᠠ᠂ ᠡᠨᠡ ᠬᠤᠪᠴᠠᠰᠤᠨ ᠤ᠋ ᠥᠩᠭᠡ ᠬᠡ ᠶᠠᠭᠤᠲᠠᠢ ᠦᠵᠡᠰᠬᠦᠯᠡᠩ ᠰᠠᠶᠢᠬᠠᠨ ᠪᠣᠢ᠃ ᠮᠠᠨ ᠤ᠋ ᠬᠠᠭᠠᠨ ᠳ᠋ᠤ᠌ ᠶᠠᠭᠤᠲᠠᠢ ᠰᠠᠢᠨ ᠵᠣᠬᠢᠬᠤ ᠠᠵᠢ᠃ ᠠᠶ᠎ᠠ᠂ ᠡᠨᠡ ᠦᠨᠡᠬᠡᠷ ᠵᠣᠬᠢᠬᠤ ᠠᠵᠢ᠃ ᠠᠶ᠎ᠠ᠂ ᠡᠨᠡ ᠦᠨᠡᠬᠡᠷ ᠮᠠᠰᠢ ᠡᠷᠬᠢᠮ ᠬᠤᠪᠴᠠᠰᠤ ᠪᠠᠶ᠋ᠢᠨ᠎ᠠ ! 》ᠭᠡᠵᠦ ᠬᠠᠰᠬᠢᠷᠤᠯᠳᠤᠪᠠ᠃ ᠭᠡᠲᠡᠯ᠎ᠡ ᠶᠣᠰᠣᠯᠠᠯ ᠊ᠢ ᠤᠳᠤᠷᠢᠳᠬᠤ ᠲᠦᠰᠢᠮᠡᠯ ᠢᠷᠡᠵᠦ᠄
《 ᠭᠠᠳᠠᠨ᠎ᠠ ᠶᠡᠬᠡ ᠶᠣᠰᠣᠯᠠᠯ ᠢ᠋ᠶ᠋ᠠᠷ ᠵᠠᠯᠠᠷᠠᠬᠤ ᠲᠥᠷᠥ ᠶ᠋ᠢᠨ ᠶᠡᠬᠡ ᠰᠢᠭᠦᠷ ᠊ᠢ ᠵᠠᠯᠠᠵᠤ᠂ ᠬᠠᠭᠠᠨ ᠊ᠢ ᠬᠦᠯᠢᠶᠡᠵᠦ ᠪᠠᠶ᠋ᠢᠨ᠎ᠠ 》ᠭᠡᠵᠦ ᠠᠶ᠋ᠢᠯᠠᠤᠠᠬᠠᠬᠰᠠᠨ ᠳ᠋ᠤ᠌ ᠬᠠᠭᠠᠨ᠄
《 ᠵᠠ᠂ ᠪᠢ ᠪᠡᠯᠡᠨ ᠪᠣᠯᠪᠠ 》ᠭᠡᠳ ᠡᠮᠦᠰᠦᠭᠰᠡᠨ ᠬᠤᠪᠴᠠᠰᠤ ᠴᠢᠮᠡᠭᠯᠡᠯ ᠢ᠋ᠶ᠋ᠡᠨ ᠨᠠᠷᠢᠪᠴᠢᠯᠠᠨ ᠦᠵᠡᠵᠦ ᠪᠠᠶ᠋ᠢᠬᠤ ᠪᠠᠶ᠋ᠢᠲᠠᠯ ᠭᠠᠷᠭᠠᠵᠤ᠂ ᠲᠣᠯᠢᠨ ᠤ᠋ ᠡᠮᠦᠨ᠎ᠡ ᠵᠣᠷᠢᠮᠠᠭ ᠢ᠋ᠶ᠋ᠠᠷ ᠨᠢᠭᠡ ᠬᠣᠶᠠᠷ ᠤᠳᠠᠭ᠎ᠠ ᠡᠷᠭᠢᠴᠡᠨ ᠪᠡᠶ᠎ᠡ ᠶ᠋ᠢ ᠦᠵᠡᠭᠡᠳ᠄
《 ᠡᠨᠡ ᠬᠤᠪᠴᠠᠰᠤ ᠨᠠᠳᠠ ᠶᠠᠪ ᠴᠠᠪ ᠵᠣᠬᠢᠭᠰᠠᠨ ᠪᠢᠰᠢ ᠦᠦ ? 》ᠭᠡᠳ ᠭᠠᠷᠤᠭᠰᠠᠨ ᠳ᠋ᠤ᠌ ᠬᠠᠭᠠᠨ ᠤ᠋ ᠨᠥᠮᠥᠷᠭᠡ ᠶ᠋ᠢᠨ ᠤᠷᠲᠤ ᠬᠣᠷᠮᠣᠢ ᠶ᠋ᠢ ᠪᠠᠷᠢᠬᠤ ᠬᠥᠮᠦᠰ ᠲᠡᠷᠡ ᠭᠠᠶ᠋ᠢᠬᠠᠮᠰᠢᠬᠲᠤ ᠬᠤᠪᠴᠠᠰᠤ ᠶ᠋ᠢ ᠦᠵᠡᠭᠳᠡᠬᠦ ᠦᠭᠡᠢ ᠭᠡᠵᠦ ᠬᠡᠯᠡᠬᠦ ᠡᠴᠡ ᠪᠡᠨ ᠡᠮᠢᠶᠡᠬᠦ ᠲᠤᠯᠠ ᠠᠷᠭ᠎ᠠ ᠪᠤᠶᠤ ᠭᠠᠷ ᠢ᠋ᠶ᠋ᠠᠨ ᠬᠠᠭᠠᠨ ᠤ᠋ ᠨᠥᠮᠥᠷᠭᠡ ᠶ᠋ᠢᠨ ᠬᠣᠷᠮᠣᠢ ᠶ᠋ᠢ ᠪᠠᠷᠢᠬᠤ ᠪᠠᠶ᠋ᠢᠲᠠᠯ ᠦᠵᠡᠭᠦᠯᠵᠦ ᠳᠡᠮᠡᠢ ᠯᠡ ᠭᠠᠷ ᠢ᠋ᠶ᠋ᠠᠨ ᠡᠷᠭᠦᠨ ᠶᠠᠪᠤᠨ᠎ᠠ᠃ ᠬᠠᠭᠠᠨ᠂ ᠲᠥᠷᠥ ᠶ᠋ᠢᠨ ᠶᠡᠬᠡ ᠰᠢᠬᠦᠷ ᠦ᠋ᠨ ᠳᠣᠣᠷ᠎ᠠ ᠮᠠᠰᠢ ᠶᠡᠬᠡᠮᠰᠦᠭ ᠪᠠᠶ᠋ᠢᠲᠠᠯ ᠢ᠋ᠶ᠋ᠠᠷ ᠵᠠᠯᠠᠷᠠᠨ ᠶᠠᠪᠤᠬᠤ ᠳ᠋ᠤ᠌᠂ ᠭᠤᠳᠤᠮᠵᠢ ᠵᠡᠭᠡᠯᠢ ᠶ᠋ᠢᠨ ᠭᠠᠵᠠᠷ ᠬᠤᠷᠠᠯᠳᠤᠭᠰᠠᠨ ᠢᠷᠭᠡᠨ᠂ ᠪᠠᠶ᠋ᠢᠰᠢᠩ ᠤ᠋ᠨ ᠴᠣᠩᠬᠣ ᠪᠠᠷ ᠦᠵᠡᠭᠴᠢ ᠣᠯᠠᠨ ᠪᠦᠭᠦᠳᠡᠭᠡᠷ᠄
《 ᠠᠶ᠎ᠠ᠂ ᠲᠡᠭᠷᠢ ᠠ᠋᠂ ᠮᠠᠨ ᠤ᠋ ᠬᠠᠭᠠᠨ ᠤ᠋ ᠬᠤᠪᠴᠠᠰᠤ ᠦᠨᠡᠬᠡᠷ ᠠᠳᠠᠯᠢᠳᠬᠠᠰᠢ ᠦᠭᠡᠢ ᠰᠠᠢᠬᠠᠨ ᠬᠤᠪᠴᠠᠰᠤ ᠪᠠᠶ᠋ᠢᠨ᠎ᠠ᠂ ᠬᠠᠭᠠᠨ ᠤ᠋ ᠪᠡᠶ᠎ᠡ ᠳ᠋ᠦ᠍ ᠶᠡᠬᠡ ᠯᠡ ᠵᠣᠬᠢᠰᠲᠠᠢ ᠰᠠᠶᠢᠬᠠᠨ ᠬᠤᠪᠴᠠᠰᠤ ᠪᠠᠶ᠋ᠢᠨ᠎ᠠ ! 》ᠭᠡᠵᠦ ᠲᠡᠮᠡᠴᠡᠯᠳᠦᠨ ᠬᠠᠰᠬᠢᠷᠤᠯᠳᠤᠵᠤ᠂ ᠥᠪᠡᠷ ᠦ᠋ᠨ ᠪᠡᠶ᠎ᠡ ᠶ᠋ᠢ ᠲᠡᠨᠡᠭ ᠮᠠᠩᠬᠤᠤ ᠪᠤᠶᠤ ᠡᠰᠡᠬᠦᠯ᠎ᠡ ᠠᠯᠪᠠᠨ ᠲᠤᠰᠢᠶᠠᠯ ᠳ᠋ᠠᠭᠠᠨ ᠲᠡᠩᠴᠡᠬᠦ ᠦᠭᠡᠢ ᠬᠥᠮᠦᠨ ᠭᠡᠵᠦ ᠬᠡᠯᠡᠭᠳᠡᠬᠦ ᠡᠴᠡ ᠵᠣᠪᠠᠬᠤ ᠲᠤᠯᠠ ᠡᠰᠡ ᠦᠵᠡᠭᠰᠡᠨ ᠴᠦ᠍ ᠦᠵᠡᠭᠰᠡᠨ ᠪᠠᠶ᠋ᠢᠲᠠᠯ ᠭᠠᠷᠭᠠᠨ ᠴᠤᠤᠭᠢᠯᠳᠤᠨᠠ᠃
ᠬᠠᠭᠠᠨ ᠤ᠋ ᠣᠯᠠᠨ ᠬᠤᠪᠴᠠᠰᠤᠨ ᠤ᠋ ᠳᠣᠲᠣᠷ᠎ᠠ ᠠ᠋ᠴᠠ ᠡᠭᠦᠨ ᠦ᠌ ᠠᠳᠠᠯᠢ ᠣᠯᠠᠨ ᠊ᠢ ᠭᠠᠶ᠋ᠢᠠᠬᠠᠭᠤᠯᠤᠭᠰᠠᠨ ᠬᠤᠪᠴᠠᠰᠤ ᠨᠢᠭᠡ ᠴᠦ᠍ ᠦᠭᠡᠢ ᠪᠢᠯᠡ᠃ ᠢᠩᠭᠢᠵᠦ ᠶᠠᠪᠤᠲᠠᠯ᠎ᠠ ᠭᠡᠨᠡᠳᠲᠡ ᠨᠢᠭᠡᠨ ᠪᠢᠴᠢᠬᠠᠨ ᠬᠡᠦᠬᠡᠳ᠄
《 ᠠᠶ᠎ᠠ᠂ ᠮᠠᠨ ᠤ᠋ ᠬᠠᠭᠠᠨ ᠴᠢᠷᠠᠮᠠᠨ ᠨᠢᠴᠦᠭᠦᠨ ᠶᠠᠪᠤᠵᠤ ᠪᠠᠶ᠋ᠢᠨ᠎ᠠ ! 》ᠭᠡᠵᠦ ᠬᠠᠰᠬᠢᠷᠤᠭᠰᠠᠨ ᠳ᠋ᠤ᠌᠂ ᠲᠡᠭᠦᠨ ᠦ᠌ ᠡᠴᠢᠭᠡ ᠨᠢ᠄
《 ᠠᠶ᠎ᠠ᠂ ᠲᠡᠭᠷᠢ ᠠ᠋᠂ ᠡᠨᠡ ᠪᠠᠭ᠎ᠠ ᠬᠡᠦᠬᠡᠳ ᠦ᠋ᠨ ᠭᠣᠶᠠᠴᠢ (3) ᠦᠭᠡᠢ ᠦᠨᠡᠨ ᠦᠭᠡ ᠶ᠋ᠢ ᠰᠣᠨᠣᠰᠤᠭᠲᠤᠨ 》ᠭᠡᠪᠡ᠃ ᠣᠯᠠᠨ ᠬᠥᠮᠦᠨ᠂ ᠲᠡᠷᠡ ᠬᠡᠦᠬᠡᠳ ᠦ᠋ᠨ ᠬᠡᠯᠡᠭᠰᠡᠨ ᠦᠭᠡ ᠶ᠋ᠢ ᠪᠡᠶ᠎ᠡ ᠪᠠᠶᠠᠨ ᠳ᠋ᠠᠭᠠᠨ ᠰᠠᠮ ᠳᠠᠮᠵᠢᠭᠤᠯᠤᠨ ᠬᠡᠯᠡᠭᠰᠡᠭᠡᠷ ᠬᠤᠷᠠᠭᠰᠠᠨ ᠣᠯᠠᠨ ᠪᠦᠭᠦᠳᠡ᠄
《 ᠡᠨᠡ ᠬᠠᠭᠠᠨ ᠬᠤᠪᠴᠠᠰᠤ ᠦᠭᠡᠢ ᠨᠢᠴᠦᠭᠦᠨ ᠶᠠᠪᠤᠵᠤ ᠪᠠᠶ᠋ᠢᠨ᠎ᠠ 》ᠭᠡᠯᠴᠡᠪᠡ᠃ ᠲᠡᠷᠡ ᠨᠢᠭᠡ ᠬᠡᠦᠬᠡᠳ᠄
《 ᠬᠠᠭᠠᠨ ᠤᠯᠠᠭᠠᠨ ᠨᠢᠴᠦᠭᠦᠨ ᠶᠠᠪᠤᠵᠤ ᠪᠠᠶ᠋ᠢᠨ᠎ᠠ 》ᠭᠡᠵᠦ ᠬᠠᠰᠬᠢᠷᠤᠨ ᠴᠤᠤᠭᠢᠯᠳᠤᠭᠰᠠᠨ ᠳ᠋ᠤ᠌ ᠬᠠᠭᠠᠨ᠂ ᠣᠯᠠᠨ ᠤ᠋ ᠬᠡᠯᠡᠯᠴᠡᠬᠦ ᠲᠡᠷᠡ ᠦᠭᠡ ᠶ᠋ᠢ ᠵᠥᠪ ᠭᠡᠵᠦ ᠪᠣᠳᠣᠵᠤ ᠣᠯᠤᠭᠠᠳ ᠶᠡᠬᠡᠳᠡ ᠢᠴᠢᠭᠰᠡᠨ ᠪᠣᠯᠪᠠᠴᠤ ᠠᠷᠭ᠎ᠠ ᠪᠤᠶᠤ ᠨᠢᠭᠡᠨᠲᠡ ᠢᠩᠭᠢᠵᠦ ᠭᠠᠷᠤᠭᠰᠠᠨ ᠠ᠋ᠴᠠ ᠬᠤᠪᠴᠠᠰᠤ ᠲᠠᠢ ᠬᠥᠮᠦᠨ ᠰᠢᠭ ᠶᠠᠪᠤᠬᠤ ᠠ᠋ᠴᠠ ᠥᠭᠡᠷ᠎ᠡ ᠠᠷᠭ᠎ᠠ ᠦᠭᠡᠢ ᠪᠣᠯᠪᠠ ᠭᠡᠵᠦ ᠤᠯᠠᠮ ᠶᠡᠬᠡᠮᠰᠦᠭ ᠪᠠᠶ᠋ᠢᠲᠠᠯ ᠭᠠᠷᠭᠠᠵᠤ ᠶᠠᠪᠤᠬᠤ ᠳ᠋ᠤ᠌ ᠬᠠᠭᠠᠨ ᠤ᠋ ᠨᠥᠮᠥᠷᠭᠡ ᠶ᠋ᠢᠨ ᠬᠣᠷᠮᠣᠢ ᠶ᠋ᠢ ᠶᠣᠰᠣᠯᠠᠨ ᠪᠠᠷᠢᠬᠤ ᠬᠥᠮᠦᠨ ᠴᠢᠷᠠᠢ ᠪᠠᠨ ᠲᠥᠪ ᠪᠣᠯᠭᠠᠵᠤ᠂ ᠬᠣᠷᠮᠣᠢ ᠶ᠋ᠢ ᠪᠠᠷᠢᠬᠤ ᠮᠡᠲᠦ ᠭᠠᠷ ᠢ᠋ᠶ᠋ᠠᠨ ᠡᠷᠭᠦᠨ ᠶᠠᠪᠤᠨ᠎ᠠ᠃
ᠵᠠᠰᠠᠯᠲᠠ᠄ ᠪᠦᠯᠲᠢᠢᠯᠭᠡᠨ ※ — ᠪᠦᠯᠲᠡᠶ᠋ᠢᠯᠭᠡᠨ᠃
ᠲᠠᠶ᠋ᠢᠯᠪᠤᠷᠢ᠄ (1) ᠠᠳᠠᠪᠠᠰᠢ — ᠦᠨᠡᠬᠡᠷ᠂ ᠴᠣᠬᠣᠮ ᠬᠦ᠃
(2) ᠭᠡᠬᠢᠵᠦ — ᠲᠣᠯᠣᠭᠠᠢ ᠳᠣᠬᠢᠵᠤ᠃
(3) ᠭᠣᠶᠠᠴᠢ — ᠬᠠᠭᠤᠷᠮᠠᠭ᠂ ᠵᠠᠰᠠᠳᠠᠭ ᠃
ᠢᠷᠡᠯᠲᠡ ᠄
ᠲᠠᠪᠤᠨ ᠵᠢᠯ ᠦ᠋ᠨ ᠳᠦᠷᠢᠮᠲᠦ ᠪᠠᠭ᠎ᠠ ᠰᠤᠷᠭᠠᠭᠤᠯᠢ ᠳ᠋ᠤ᠌ ᠦᠵᠡᠬᠦ < ᠬᠡᠯᠡ ᠪᠢᠴᠢᠭ > ᠶᠢᠰᠦᠳᠦᠭᠡᠷ ᠳᠡᠪᠲᠡᠷ ※
ᠥᠪᠥᠷ ᠮᠣᠩᠭᠣᠯ ᠤ᠋ᠨ ᠰᠤᠷᠭᠠᠨ ᠬᠥᠮᠦᠵᠢᠯ ᠦ᠋ᠨ ᠬᠡᠪᠯᠡᠯ ᠦ᠋ᠨ ᠬᠣᠷᠢᠶ᠎ᠠ ᠨᠠᠶ᠋ᠢᠷᠠᠭᠤᠯᠤᠨ ᠬᠡᠪᠯᠡᠭᠦᠯᠪᠡ
ᠥᠪᠥᠷ ᠮᠣᠩᠭᠣᠯ ᠤ᠋ᠨ ᠰᠢᠨᠬᠤᠸᠠ ᠨᠣᠮ ᠤ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠤ᠋ᠨ ᠮᠣᠩᠭᠣᠯ ᠪᠢᠴᠢᠭ ᠬᠡᠪᠯᠡᠬᠦ ᠦᠢᠯᠡᠳᠪᠦᠷᠢ ᠬᠡᠪᠯᠡᠪᠡ
1981 ᠣᠨ ᠤ᠋ 5 ᠰᠠᠷ᠎ᠠ ᠳ᠋ᠤ᠌ ᠬᠣᠶᠠᠳᠤᠭᠠᠷ ᠬᠡᠪ ᠢ᠋ ᠬᠢᠪᠡ
1984 ᠣᠨ ᠤ᠋ 4 ᠰᠠᠷ᠎ᠠ ᠳ᠋ᠤ᠌ ᠳᠥᠷᠪᠡᠳᠦᠭᠡᠷ ᠤᠳᠠᠭ᠎ᠠ ᠶ᠋ᠢᠨ ᠬᠡᠪᠯᠡᠯ ᠡᠴᠡ ᠰᠣᠩᠭᠣᠪᠠ ᠃
ᠦᠰᠦᠭ ᠠᠮᠢᠯᠠᠭᠤᠯᠤᠭᠴᠢ ᠄ ᠨᠠᠷᠠᠨᠰᠣᠶᠣᠯ
ᠬᠢᠨᠠᠭᠴᠢ ᠄ ᠣᠤᠠᠬᠠᠨᠰᠣ᠎ᠠ ᠂ ᠲᠣ᠋ · ᠨᠠᠨᠳᠢᠨ
