ᠶᠢᠷᠲᠢᠨᠴᠦ ᠶᠢᠨ ᠭᠤᠷᠪᠠ – < ᠨᠠ᠊ > ᠶ᠋ᠢᠨ ᠠᠶ᠋ᠢᠮᠠᠭ Ертөнцийн гурав – < На > ин аймаг
ᠶᠢᠷᠲᠢᠨᠴᠦ ᠶᠢᠨ ᠭᠤᠷᠪᠠ – < ᠨᠠ᠊ > ᠶ᠋ᠢᠨ ᠠᠶ᠋ᠢᠮᠠᠭ
ᠭᠤᠷᠪᠠᠨ ᠬᠠᠷ᠎ᠠ
ᠨᠠᠶ᠋ᠢᠷ ᠦᠭᠡᠢ ᠬᠤᠷᠢᠮ ᠨᠢᠭᠡ ᠬᠠᠷ᠎ᠠ
ᠨᠠᠭᠠᠲᠤᠮ ᠦᠭᠡᠢ ᠵᠤᠨ ᠨᠢᠭᠡ ᠬᠠᠷ᠎ᠠ
ᠨᠢᠲᠦ ᠦᠭᠡᠢ ᠵᠠᠮ ᠨᠢᠭᠡ ᠬᠠᠷ᠎ᠠ
ᠭᠤᠷᠪᠠᠨ ᠬᠠᠷ᠎ᠠ
ᠨᠠᠷᠠ ᠨᠢ ᠲᠤᠩᠭᠠᠯᠠᠭ ᠪᠣᠯᠪᠠᠴᠤ ᠡᠲᠦᠷ ᠨᠢ ᠬᠠᠷ᠎ᠠ
ᠨᠠᠩᠴᠢᠳ ᠨᠢ ᠲᠤᠩᠭᠠᠯᠠᠭ ᠪᠣᠯᠪᠠᠴᠤ ᠨᠡᠷ᠎ᠡ ᠨᠢ ᠬᠠᠷ᠎ᠠ
ᠨᠢᠲᠦ ᠨᠢ ᠲᠤᠩᠭᠠᠯᠠᠭ ᠪᠣᠯᠪᠠᠴᠤ ᠬᠥᠮᠥᠰᠬᠡ ᠨᠢ ᠬᠠᠷ᠎ᠠ
ᠭᠤᠷᠪᠠᠨ ᠬᠠᠷᠠᠩᠭᠤᠢ
ᠨᠠᠷᠠ ᠦᠭᠡᠢ ᠡᠲᠦᠷ ᠨᠢᠭᠡ ᠬᠠᠷᠠᠩᠭᠤᠢ
ᠨᠢᠲᠦ ᠦᠭᠡᠢ ᠠᠮᠢᠲᠤᠷᠠᠯ ᠨᠢᠭᠡ ᠬᠠᠷᠠᠩᠭᠤᠢ
ᠨᠠᠮ ᠦᠭᠡᠢ ᠨᠡᠶ᠋ᠢᠭᠡᠮ ᠨᠢᠭᠡ ᠬᠠᠷᠠᠩᠭᠤᠢ
ᠭᠤᠷᠪᠠᠨ ᠲᠠᠲᠠᠭᠤ
ᠨᠠᠪᠴᠢ ᠦᠭᠡᠢ ᠴᠡᠴᠡᠭ ᠨᠢᠭᠡ ᠲᠠᠲᠠᠭᠤ
ᠨᠠᠮᠠᠬ᠋ᠠ ᠦᠭᠡᠢ ᠮᠣᠲᠣ ᠨᠢᠭᠡ ᠲᠠᠲᠠᠭᠤ
ᠨᠠᠮᠤᠭ ᠦᠭᠡᠢ ᠲᠠᠯ᠎ᠠ ᠨᠢᠭᠡ ᠲᠠᠲᠠᠭᠤ
ᠭᠤᠷᠪᠠᠨ ᠴᠡᠭᠴᠡ
ᠨᠠᠭᠤᠷ ᠲᠤ ᠰᠠᠭᠤᠭᠰᠠᠨ ᠨᠤᠭᠤᠰᠤ ᠨᠢᠭᠡ ᠴᠡᠭᠴᠡ
ᠬᠥᠯᠥᠭ ᠮᠣᠷᠢᠨ ᠪ ᠳᠡᠯ ᠨᠢᠭᠡ ᠴᠡᠭᠴᠡ
ᠬᠦᠷᠭᠡᠨ ᠳ᠋ᠤ᠌ ᠮᠣᠷᠲᠠᠭᠰᠠᠨ ᠬᠡᠦᠬᠡᠨ ᠨᠢᠭᠡ ᠴᠡᠭᠴᠡ
ᠭᠤᠷᠪᠠᠨ ᠬᠤᠭᠤᠰ
ᠨᠠᠷᠭᠢᠶᠠᠨ ᠦᠭᠡᠢ ᠨᠠᠭᠠᠲᠤᠮ ᠨᠢᠭᠡ ᠬᠤᠭᠤᠰ
ᠨᠠᠭᠠᠴᠤ ᠦᠭᠡᠢ ᠵᠢᠭᠡ ᠨᠢᠭᠡ ᠬᠤᠭᠤᠰ
ᠨᠠᠷᠠᠰᠤ ᠦᠭᠡᠢ ᠠᠭᠤᠯᠠ ᠨᠢᠭᠡ ᠬᠤᠭᠤᠰ
ᠭᠤᠷᠪᠠᠨ ᠰᠢᠷᠦᠭᠦᠨ
ᠨᠠᠭᠤᠷ ᠲᠤ ᠣᠷᠣᠭᠰᠠᠨ ᠵᠢᠭᠠᠰᠤ ᠨᠢᠭᠡ ᠰᠢᠷᠦᠭᠦᠨ
ᠨᠦᠬᠡᠨ ᠳ᠋ᠤ᠌ ᠣᠷᠣᠭᠰᠠᠨ ᠵᠠᠷᠠᠬ᠋ᠠ ᠨᠢᠭᠡ ᠰᠢᠷᠦᠭᠦᠨ
ᠨᠢᠲᠦᠨ ᠳ᠋ᠤ᠌ ᠣᠷᠣᠭᠰᠠᠨ ᠬᠣᠭ ᠨᠢᠭᠡ ᠰᠢᠷᠦᠭᠦᠨ
ᠭᠤᠷᠪᠠᠨ ᠬᠠᠷᠰᠢ
ᠨᠠᠪᠲᠠᠭᠠᠷ ᠨᠣᠬᠠᠢ ᠬᠤᠯᠠᠭᠠᠶ᠋ᠢᠴᠢ ᠳ᠋ᠤ᠌ ᠬᠠᠷᠰᠢ
ᠨᠠᠷᠠᠨ ᠪ ᠭᠡᠷᠡᠯ ᠪᠠᠭᠪᠠᠬᠠᠢ ᠳ᠋ᠤ᠌ ᠬᠠᠷᠰᠢ
ᠨᠠᠭᠠᠲᠤᠮ ᠦᠭᠡ ᠶᠠᠪᠤᠲᠠᠯ ᠳ᠋ᠤ᠌ ᠬᠠᠷᠰᠢ
ᠭᠤᠷᠪᠠᠨ ᠭᠠᠰᠢᠭᠤᠨ
ᠨᠠᠭᠤᠷ ᠦ᠋ᠨ ᠳᠠᠪᠤᠰᠤ ᠨᠢᠭᠡ ᠭᠠᠰᠢᠭᠤᠨ
ᠠᠭᠤᠯᠠᠨ ᠪ ᠵᠢᠮᠢᠰ ᠨᠢᠭᠡ ᠭᠠᠰᠢᠭᠤᠨ
ᠳᠠᠯᠠᠢ ᠶ᠋ᠢᠨ ᠤᠰᠤ ᠨᠢᠭᠡ ᠭᠠᠰᠢᠭᠤᠨ
ᠭᠤᠷᠪᠠᠨ ᠡᠷᠬᠢᠮ
ᠨᠠᠰᠤᠲᠠᠨ ᠶ᠋ᠢᠠᠨ ᠬᠦᠨᠲᠦᠯᠡᠬᠦ ᠨᠢᠭᠡ ᠡᠷᠬᠢᠮ
ᠨᠠᠷᠢᠨ ᠮᠡᠲᠡᠬᠦ ᠪᠠᠰᠠ ᠨᠢᠭᠡ ᠡᠷᠬᠢᠮ
ᠨᠡᠶ᠋ᠢᠭᠡᠮ ᠲᠡᠢ ᠲᠠᠨᠢᠯᠴᠠᠬᠤ ᠨᠢᠭᠡ ᠡᠷᠬᠢᠮ
ᠭᠤᠷᠪᠠᠨ ᠬᠣᠭᠣᠰᠣᠨ
ᠨᠠᠶ᠋ᠢᠯᠵᠠᠭᠤᠷ ᠦᠭᠡᠢ ᠭᠣᠣ ᠨᠢᠭᠡ ᠬᠣᠭᠣᠰᠣᠨ
ᠨᠠᠶ᠋ᠢᠷ ᠦᠭᠡᠢ ᠬᠤᠷᠢᠮ ᠨᠢᠭᠡ ᠬᠣᠭᠣᠰᠣᠨ
ᠨᠠᠶ᠋ᠢᠲᠠᠨ ᠦᠭᠡᠢ ᠰᠦᠮ᠎ᠡ ᠨᠢᠭᠡ ᠬᠣᠭᠣᠰᠣᠨ
ᠭᠤᠷᠪᠠᠨ ᠣᠬᠢ
ᠨᠠᠷᠭᠢᠮ᠎ᠠ ᠵᠠᠯᠠᠭᠤ ᠨᠠᠰᠤᠨ ᠪ ᠣᠬᠢ
ᠨᠠᠮᠢᠷᠠᠬ᠋ᠠ ᠬᠤᠷ᠎ᠠ ᠪᠣᠷᠣᠭᠠᠨ ᠪ ᠣᠬᠢ
ᠨᠠᠮᠤᠷ ᠴᠠᠭ ᠤᠯᠠᠷᠢᠯ ᠦ᠋ᠨ ᠣᠬᠢ
ᠭᠤᠷᠪᠠᠨ ᠨᠡᠮᠡᠷᠢ
ᠨᠠᠰᠤᠨ ᠳ᠋ᠤ᠌ ᠬᠣᠨᠣᠭ ᠨᠢᠭᠡ ᠨᠡᠮᠡᠷᠢ
ᠴᠠᠰᠤᠨ ᠳ᠋ᠤ᠌ ᠬᠢᠷᠠᠭᠤ ᠨᠢᠭᠡ ᠨᠡᠮᠡᠷᠢ
ᠳᠠᠯᠠᠢ ᠳ᠋ᠤ᠌ ᠳᠤᠰᠤᠯ ᠨᠢᠭᠡ ᠨᠡᠮᠡᠷᠢ
ᠭᠤᠷᠪᠠᠨ ᠬᠠᠲᠠᠭᠤ
ᠨᠠᠭᠠᠴᠤ ᠬᠥᠮᠦᠨ ᠪ ᠨᠢᠲᠤᠷᠬ᠋ᠠ ᠨᠢᠭᠡ ᠬᠠᠲᠠᠭᠤ
ᠵᠢᠭᠡ ᠬᠥᠮᠦᠨ ᠪ ᠰᠡᠤᠠᠬᠢᠯ ᠨᠢᠭᠡ ᠬᠠᠲᠠᠭᠤ
ᠦᠨᠡᠨᠴᠢ ᠬᠥᠮᠦᠨ ᠪ ᠦᠭᠡ ᠨᠢᠭᠡ ᠬᠠᠲᠠᠭᠤ
ᠭᠤᠷᠪᠠᠨ ᠮᠠᠭᠤ
ᠨᠠᠰᠤᠨ ᠳ᠋ᠠᠭᠠᠨ ᠶᠠᠪᠤᠭᠠᠳ ᠳᠡᠪᠦᠯᠬᠦ ᠦᠭᠡᠢ ᠮᠠᠭᠤ
ᠨᠠᠮᠤᠷ ᠲᠠᠭᠠᠨ ᠶᠠᠪᠤᠭᠠᠳ ᠲᠠᠷᠭᠤᠯᠠᠬᠤ ᠦᠭᠡᠢ ᠮᠠᠭᠤ
ᠨᠠᠶ᠋ᠢᠷ ᠲᠠᠭᠠᠨ ᠶᠠᠪᠤᠭᠠᠳ ᠭᠥᠷᠯᠡᠯᠲᠦᠬᠦ ᠦᠭᠡᠢ ᠮᠠᠭᠤ
ᠭᠤᠷᠪᠠᠨ ᠰᠠᠶ᠋ᠢᠬᠠᠨ
ᠨᠠᠰᠤᠲᠠᠨ ᠠᠪᠤ ᠶ᠋ᠢᠨ ᠰᠤᠷᠭᠠᠯ ᠨᠢᠭᠡ ᠰᠠᠶ᠋ᠢᠬᠠᠨ
ᠨᠠᠮ ᠵᠠᠰᠠᠭ ᠦ᠋ᠨ ᠢᠪᠡᠭᠡᠯ ᠨᠢᠭᠡ ᠰᠠᠶ᠋ᠢᠬᠠᠨ
ᠨᠠᠷᠠ ᠰᠠᠷᠠᠨ ᠪ ᠭᠡᠷᠡᠯ ᠨᠢᠭᠡ ᠰᠠᠶ᠋ᠢᠬᠠᠨ
ᠭᠤᠷᠪᠠᠨ ᠪᠤᠤ ᠬᠡᠯᠡ
ᠨᠠᠢ᠍ᠮᠠᠨ ᠰᠠᠷ᠎ᠠ ᠶ᠋ᠢᠨ ᠲᠠᠷᠢᠶ᠎ᠠ ᠶ᠋ᠢ ᠬᠥᠬᠡ ᠭᠡᠵᠦ ᠪᠤᠤ ᠬᠡᠯᠡ
ᠨᠠᠶᠠᠨ ᠨᠠᠰᠤᠲᠠᠢ ᠡᠪᠦᠭᠡᠳ ᠊ᠢ ᠵᠠᠯᠠᠭᠤ ᠭᠡᠵᠦ ᠪᠤᠤ ᠬᠡᠯᠡ
ᠨᠢᠯᠬ᠎ᠠ ᠪᠠᠬ᠋᠎ᠠ ᠬᠡᠦᠬᠡᠳ ᠊ᠢ ᠮᠠᠭᠤ ᠭᠡᠵᠦ ᠪᠤᠤ ᠬᠡᠯᠡ
ᠭᠤᠷᠪᠠᠨ ᠲᠤᠰᠠᠲᠠᠢ
ᠨᠠᠰᠤᠲᠠᠨ ᠡᠪᠦᠭᠡᠳ ᠦᠷ᠎ᠡ ᠳ᠋ᠡᠭᠡᠨ ᠨᠢᠭᠡ ᠲᠤᠰᠠᠲᠠᠢ
ᠨᠠᠮᠢᠷᠠᠬ᠋ᠠ ᠬᠤᠷ᠎ᠠ ᠤᠷᠭᠤᠮᠠᠯ ᠳ᠋ᠤ᠌ ᠨᠢᠭᠡ ᠲᠤᠰᠠᠲᠠᠢ
ᠨᠠᠷᠠᠨ ᠪ ᠭᠡᠷᠡᠯ ᠠᠯᠢᠪᠠ ᠳ᠋ᠤ᠌ ᠨᠢᠭᠡ ᠲᠤᠰᠠᠲᠠᠢ
ᠭᠤᠷᠪᠠᠨ ᠠᠪᠬᠤ
ᠨᠠᠷᠠ ᠤᠨᠠᠪᠠᠯ ᠰᠠᠷ᠎ᠠ ᠵᠠᠯᠭᠠᠨ ᠠᠪᠬᠤ
ᠨᠠᠰᠤ ᠠᠬᠢᠪᠠᠯ ᠬᠡᠦᠬᠡᠳ ᠵᠠᠯᠭᠠᠨ ᠠᠪᠬᠤ
ᠨᠠᠮᠤᠷ ᠡᠴᠦᠰᠯᠡᠪᠡᠯ ᠡᠪᠦᠯ ᠵᠠᠯᠭᠠᠨ ᠠᠪᠬᠤ
ᠭᠤᠷᠪᠠᠨ ᠪᠠᠶ᠋ᠢᠨ᠎ᠠ
ᠨᠠᠪᠴᠢ ᠵᠤᠯᠭᠠᠷᠠᠪᠠᠯ ᠳᠠᠬᠢᠨ ᠨᠠᠬᠢᠶᠠᠯᠠᠬᠤ ᠴᠠᠭ ᠪᠠᠶ᠋ᠢᠨ᠎ᠠ
ᠨᠠᠷᠠ ᠤᠨᠠᠪᠠᠯ ᠳᠠᠬᠢᠨ ᠮᠠᠨᠲᠤᠬᠤ ᠴᠠᠭ ᠪᠠᠶ᠋ᠢᠨ᠎ᠠ
ᠨᠠᠰᠤ ᠪᠠᠷᠠᠪᠠᠯ ᠳᠠᠬᠢᠨ ᠵᠠᠯᠭᠠᠮᠵᠢᠯᠠᠬᠤ ᠴᠠᠭ ᠪᠠᠶ᠋ᠢᠨ᠎ᠠ
ᠡᠷ᠎ᠡ ᠶ᠋ᠢᠨ ᠭᠤᠷᠪᠠᠨ ᠪᠠᠬ᠎ᠠ
ᠨᠠᠭᠠᠲᠤᠮ ᠦ᠋ᠨ ᠨᠢᠭᠡ ᠪᠠᠬ᠎ᠠ
ᠠᠪᠠ ᠶ᠋ᠢᠨ ᠨᠢᠭᠡ ᠪᠠᠬ᠎ᠠ
ᠡᠷᠲᠡᠮ ᠦ᠋ᠨ ᠨᠢᠭᠡ ᠪᠠᠬ᠎ᠠ
ᠭᠤᠷᠪᠠᠨ ᠵᠦᠢ
ᠨᠠᠰᠤᠲᠠᠢ ᠪᠤᠭᠤᠷᠤᠯ ᠶ᠋ᠢᠠᠨ ᠬᠦᠨᠲᠦᠯᠡᠵᠦ ᠶᠠᠪᠤᠪᠠᠯ ᠵᠦᠢ
ᠨᠢᠯᠬ᠎ᠠ ᠪᠠᠬ᠋᠎ᠠ ᠶ᠋ᠢ ᠪᠡᠨ ᠠᠰᠠᠷᠠᠵᠤ ᠶᠠᠪᠤᠪᠠᠯ ᠵᠦᠢ
ᠨᠠᠮ ᠵᠠᠰᠠᠭ ᠶ᠋ᠢᠠᠨ ᠳᠠᠭᠠᠵᠤ ᠶᠠᠪᠤᠪᠠᠯ ᠵᠦᠢ
ᠭᠤᠷᠪᠠᠨ ᠲᠡᠮᠲᠡᠭ
ᠨᠣᠬᠠᠢ ᠬᠡᠯᠡ ᠪᠡᠨ ᠭᠠᠷᠭᠠᠪᠠᠯ ᠬᠠᠯᠠᠭᠤᠨ ᠪ ᠲᠡᠮᠲᠡᠭ
ᠲᠠᠬᠢᠶ᠎ᠠ ᠭᠠᠯᠠᠭᠤ ᠳᠤᠤᠭᠠᠷᠪᠠᠯ ᠭᠡᠭᠡᠷᠡᠬᠦ ᠶ᠋ᠢᠨ ᠲᠡᠮᠲᠡᠭ
ᠡᠯᠵᠢᠭᠡ ᠬᠥᠯ ᠶ᠋ᠢᠡᠨ ᠡᠷᠭᠦᠪᠡᠯ ᠬᠦᠢᠲᠡᠨ ᠪ ᠲᠡᠮᠲᠡᠭ
ᠭᠤᠷᠪᠠᠨ ᠦᠭᠡᠢ
ᠨᠣᠬᠠᠢ ᠶ᠋ᠢᠨ ᠠᠮᠠᠨ ᠳ᠋ᠤ᠌ ᠵᠠᠭᠠᠨ ᠪ ᠰᠣᠶᠣᠬ᠋ᠠ ᠤᠷᠭᠤᠬᠤ ᠦᠭᠡᠢ
ᠨᠣᠶᠠᠳ ᠦ᠋ᠨ ᠬᠣᠲᠣᠭᠣᠲᠣᠨ ᠳ᠋ᠤ᠌ ᠥᠷᠥᠰᠢᠶᠡᠯ ᠡᠯᠪᠡᠷᠢᠯ ᠪᠠᠶ᠋ᠢᠬᠤ ᠦᠭᠡᠢ
ᠨᠣᠬᠠᠢ ᠶ᠋ᠢᠨ ᠭᠡᠲᠡᠰᠦᠨ ᠳ᠋ᠤ᠌ ᠰᠢᠷ᠎ᠠ ᠲᠣᠰᠣ ᠵᠣᠬᠢᠬᠤ ᠦᠭᠡᠢ
ᠭᠤᠷᠪᠠᠨ ᠲᠦᠲᠡ
ᠨᠠᠰᠤᠨ ᠲᠤᠷᠰᠢᠲᠠ ᠠᠮᠢᠲᠤᠷᠠᠬᠤ ᠠ᠋ᠴᠠ ᠡᠮ᠎ᠡ ᠨᠥᠬᠥᠷ ᠲᠦᠲᠡ
ᠨᠣᠶᠠᠳ ᠦ᠋ᠨ ᠬᠡᠷᠡᠭ ᠊ᠢ ᠤᠯᠠᠮᠵᠢᠯᠠᠬᠤ ᠠ᠋ᠴᠠ ᠵᠠᠷᠤᠴᠠ ᠪᠣᠭᠣᠯ ᠲᠦᠲᠡ
ᠨᠠᠪᠴᠢ ᠴᠡᠴᠡᠭ ᠊ᠢ ᠤᠮᠲᠠᠯᠠᠬᠤ ᠠ᠋ᠴᠠ ᠬᠤᠷ᠎ᠠ ᠤᠰᠤ ᠲᠦᠲᠡ
ᠭᠤᠷᠪᠠᠨ ᠰᠠᠶ᠋ᠢᠬᠠᠨ
ᠨᠠᠷᠠᠨ ᠪ ᠭᠡᠷᠡᠯ ᠳ᠋ᠤ᠌ ᠳᠡᠯᠭᠡᠷᠡᠭᠰᠡᠨ ᠴᠡᠴᠡᠭ ᠰᠠᠶ᠋ᠢᠬᠠᠨ
ᠨᠠᠮ ᠦ᠋ᠨ ᠡᠨᠡᠷᠢᠯ ᠳ᠋ᠤ᠌ ᠪᠣᠶ᠋ᠢᠵᠢᠬᠰᠠᠨ ᠪᠠᠭᠠᠴᠤᠳ ᠰᠠᠶ᠋ᠢᠬᠠᠨ
ᠨᠠᠰᠤᠲᠠᠨ ᠪ ᠰᠤᠷᠭᠠᠯ ᠳ᠋ᠤ᠌ ᠬᠦᠮᠦᠵᠢᠭᠰᠡᠨ ᠬᠣᠶ᠋ᠢᠴᠢ ᠰᠠᠶ᠋ᠢᠬᠠᠨ
ᠭᠤᠷᠪᠠᠨ ᠴᠣᠮᠴᠣᠭ
ᠨᠠᠭᠤᠷ ᠦ᠋ᠨ ᠵᠠᠬ᠎ᠠ ᠳ᠋ᠤ᠌ ᠨᠤᠭᠤᠰᠤ ᠴᠣᠮᠴᠣᠭ
ᠨᠣᠶᠠᠳ ᠦ᠋ᠨ ᠵᠠᠬ᠎ᠠ ᠳ᠋ᠤ᠌ ᠬᠢᠶ᠎ᠡ ᠴᠣᠮᠴᠣᠭ
ᠨᠣᠬᠠᠢ ᠶ᠋ᠢᠨ ᠵᠠᠬ᠎ᠠ ᠳ᠋ᠤ᠌ ᠮᠤᠤᠷ ᠴᠣᠮᠴᠣᠭ
ᠭᠤᠷᠪᠠᠨ ᠲᠤᠰᠠ
ᠨᠠᠮ ᠦ᠋ᠨ ᠪᠣᠲᠣᠯᠬ᠋ᠠ ᠠᠷᠠᠳ ᠲᠤ ᠲᠤᠰᠠ
ᠨᠠᠷᠠᠨ ᠪ ᠭᠡᠷᠡᠯ ᠠᠯᠢᠪᠠ ᠳ᠋ᠤ᠌ ᠲᠤᠰᠠ
ᠨᠠᠮᠢᠷᠠᠬ᠋ᠠ ᠬᠤᠷ᠎ᠠ ᠤᠷᠭᠤᠮᠠᠯ ᠳ᠋ᠤ᠌ ᠲᠤᠰᠠ
ᠭᠤᠷᠪᠠᠨ ᠬᠤᠲᠠᠯ
ᠨᠡᠬᠡᠢ ᠴᠢᠷᠬᠦ ᠡᠪᠡᠰᠦ ᠦᠭᠡᠢ ᠭᠡᠳᠡᠭ ᠨᠢᠭᠡ ᠬᠤᠲᠠᠯ
ᠰᠢᠪᠠᠭᠤ ᠰᠠᠭᠤᠬᠤ ᠬᠠᠲᠠ ᠦᠭᠡᠢ ᠭᠡᠳᠡᠭ ᠨᠢᠭᠡ ᠬᠤᠲᠠᠯ
ᠬᠢᠯᠭᠠᠰᠤ ᠪᠠᠭᠲᠠᠬᠤ ᠨᠦᠬᠡ ᠦᠭᠡᠢ ᠭᠡᠳᠡᠭ ᠨᠢᠭᠡ ᠬᠤᠲᠠᠯ
ᠭᠤᠷᠪᠠᠨ ᠴᠢᠬᠤᠯᠠ
ᠨᠡᠶ᠋ᠢᠭᠡᠮ ᠳ᠋ᠤ᠌ ᠬᠦᠴᠦ ᠪᠡᠨ ᠡᠷᠭᠦᠬᠦ ᠨᠢᠭᠡ ᠴᠢᠬᠤᠯᠠ
ᠨᠡᠶ᠋ᠢᠲᠡ ᠳ᠋ᠤ᠌ ᠵᠢᠤᠠᠬᠦᠯ ᠶ᠋ᠢᠡᠨ ᠦᠵᠡᠭᠦᠯᠬᠦ ᠨᠢᠭᠡ ᠴᠢᠬᠤᠯᠠ
ᠨᠡᠯᠢᠶᠡᠳ ᠶᠠᠭᠤᠮ᠎ᠠ ᠶ᠋ᠢ ᠮᠡᠲᠡᠬᠦ ᠨᠢᠭᠡ ᠴᠢᠬᠤᠯᠠ
ᠭᠤᠷᠪᠠᠨ ᠰᠠᠶ᠋ᠢᠨ
ᠨᠡᠷ᠎ᠡ ᠲᠥᠷᠥ ᠪᠡᠨ ᠮᠠᠨᠲᠤᠭᠤᠯᠵᠤ ᠶᠠᠪᠤᠬᠤ ᠨᠢ ᠰᠠᠶ᠋ᠢᠨ
ᠨᠡᠮᠡᠷᠢ ᠵᠢᠤᠠᠬᠦᠯ ᠶ᠋ᠢᠡᠨ ᠡᠷᠭᠦᠵᠦ ᠶᠠᠪᠤᠬᠤ ᠨᠢ ᠰᠠᠶ᠋ᠢᠨ
ᠨᠡᠶ᠋ᠢᠭᠡᠮ ᠨᠡᠶ᠋ᠢᠲᠡ ᠶ᠋ᠢ ᠠᠵᠢᠬᠯᠠᠵᠤ ᠶᠠᠪᠤᠬᠤ ᠨᠢ ᠰᠠᠶ᠋ᠢᠨ
ᠭᠤᠷᠪᠠᠨ ᠠᠶᠤᠬᠤ
ᠨᠡᠷ᠎ᠡ ᠨᠢᠲᠠᠷ ᠮᠠᠨᠲᠤᠭᠰᠠᠳ ᠨᠢᠭᠤᠷ ᠶ᠋ᠢᠠᠨ ᠪᠠᠷᠠᠬᠤ ᠠ᠋ᠴᠠ ᠠᠶᠤᠬᠤ
ᠨᠡᠭᠦᠲᠠᠯᠯᠡᠵᠦ ᠢᠷᠡᠭᠰᠡᠨ ᠴᠠᠭᠠᠴᠢᠳ ᠬᠥᠭᠡᠭᠡᠭᠲᠡᠵᠦ ᠶᠠᠪᠤᠬᠤ ᠠ᠋ᠴᠠ ᠠᠶᠤᠬᠤ
ᠨᠡᠯᠦᠭᠡᠷ ᠠᠰᠢᠬ ᠲᠠᠢ ᠪᠠᠶᠠᠳ ᠳᠣᠷᠣᠶ᠋ᠢᠲᠠᠵᠤ ᠪᠠᠭᠤᠷᠠᠬᠤ ᠠ᠋ᠴᠠ ᠠᠶᠤᠬᠤ
ᠭᠤᠷᠪᠠᠨ ᠰᠠᠶ᠋ᠢᠬᠠᠨ
ᠨᠡᠭᠡᠭᠡᠭᠲᠡᠭᠦᠯᠦᠨ ᠰᠤᠲᠤᠯᠬᠤ ᠳ᠋ᠤ᠌ ᠡᠷᠲᠡᠮ ᠰᠠᠶ᠋ᠢᠬᠠᠨ
ᠨᠡᠬᠡᠮᠵᠢᠯᠡᠨ ᠬᠥᠭᠡᠭᠡᠬᠦ ᠳ᠋ᠤ᠌ ᠲᠠᠤᠯᠠᠢ ᠰᠠᠶ᠋ᠢᠬᠠᠨ
ᠨᠡᠬᠡᠵᠦ ᠣᠶᠣᠬᠤ ᠳ᠋ᠤ᠌ ᠣᠶ᠋ᠢᠯᠠ ᠰᠠᠶ᠋ᠢᠬᠠᠨ
ᠭᠤᠷᠪᠠᠨ ᠬᠡᠷᠡᠭᠲᠡᠢ
ᠨᠢᠯᠵᠠᠷᠠᠢ ᠨᠣᠭᠣᠬ᠋᠎ᠠ ᠳ᠋ᠤ᠌ ᠬᠤᠷ᠎ᠠ ᠨᠢᠭᠡ ᠬᠡᠷᠡᠭᠲᠡᠢ
ᠨᠢᠯᠬ᠎ᠠ ᠬᠡᠦᠬᠡᠳ ᠲᠤ ᠰᠤᠷᠭᠠᠯ ᠨᠢᠭᠡ ᠬᠡᠷᠡᠭᠲᠡᠢ
ᠨᠢᠲᠦᠨ ᠪ ᠡᠪᠡᠤᠠᠴᠢᠨ ᠳ᠋ᠤ᠌ ᠡᠮ ᠨᠢᠭᠡ ᠬᠡᠷᠡᠭᠲᠡᠢ
ᠭᠤᠷᠪᠠᠨ ᠲᠠᠯᠠᠭᠠᠷ
ᠨᠢᠲᠦ ᠦᠭᠡᠢ ᠰᠣᠬᠣᠷ ᠲᠤ ᠡᠷᠲᠡᠨᠢ ᠨᠢᠭᠡ ᠲᠠᠯᠠᠭᠠᠷ
ᠨᠢᠭᠤᠷ ᠦᠭᠡᠢ ᠬᠦᠮᠦᠨ ᠳ᠋ᠤ᠌ ᠨᠠᠶ᠋ᠢᠷ ᠨᠢᠭᠡ ᠲᠠᠯᠠᠭᠠᠷ
ᠨᠥᠬᠦᠷᠰᠡᠭ ᠦᠭᠡᠢ ᠬᠦᠮᠦᠨ ᠳ᠋ᠤ᠌ ᠡᠶ᠎ᠡ ᠨᠢᠭᠡ ᠲᠠᠯᠠᠭᠠᠷ
ᠭᠤᠷᠪᠠᠨ ᠠᠲᠠᠯᠢ
ᠨᠣᠶᠠᠨ ᠬᠦᠮᠦᠨ ᠪ ᠰᠡᠤᠠᠬᠢᠯ ᠦᠲᠡᠰᠢ ᠶ᠋ᠢᠨ ᠨᠠᠷᠠ ᠲᠠᠢ ᠠᠲᠠᠯᠢ
ᠨᠣᠮᠣᠬᠠᠨ ᠬᠦᠮᠦᠨ ᠪ ᠰᠡᠤᠠᠬᠢᠯ ᠥᠷᠯᠥᠭᠡ ᠶ᠋ᠢᠨ ᠨᠠᠷᠠ ᠲᠠᠢ ᠠᠲᠠᠯᠢ
ᠨᠠᠶ᠋ᠢᠷᠲᠠᠢ ᠬᠦᠮᠦᠨ ᠪ ᠰᠡᠤᠠᠬᠢᠯ ᠦᠲᠡ ᠶ᠋ᠢᠨ ᠨᠠᠷᠠ ᠲᠠᠢ ᠠᠲᠠᠯᠢ
ᠭᠤᠷᠪᠠᠨ ᠰᠠᠶ᠋ᠢᠨ
ᠨᠣᠭᠲᠤᠲᠤ ᠨᠣᠮᠣᠬᠠᠨ ᠢᠶ᠋ᠠᠨ ᠤᠨᠤᠬᠤ ᠳᠤ ᠪᠡᠶ᠎ᠡ ᠳᠤ ᠰᠠᠶ᠋ᠢᠨ
ᠯᠣᠩᠬᠣᠲᠤ ᠰᠠᠷᠬᠤᠳ ᠢᠶ᠋ᠠᠨ ᠪᠠᠷᠢᠬᠤ ᠳᠤ ᠨᠠᠶ᠋ᠢᠷ ᠲᠤ᠌ ᠰᠠᠶ᠋ᠢᠨ
ᠨᠥᠬᠥᠷ ᠲᠠᠨ ᠲᠠᠢ ᠪᠠᠨ ᠤᠴᠠᠷᠠᠬᠤ ᠳᠤ ᠰᠡᠳᠬᠢᠯ ᠳᠤ ᠰᠠᠶ᠋ᠢᠨ
ᠭᠤᠷᠪᠠᠨ ᠶᠣᠰᠣᠲᠠᠢ
ᠨᠢᠭᠡ ᠠ᠋ᠴᠠ ᠠᠷᠪᠢᠨ ᠪᠣᠯᠵᠤ ᠬᠤᠪᠢᠷᠠᠬᠤ ᠶᠣᠰᠣᠲᠠᠢ
ᠨᠢᠯᠬ᠎ᠠ ᠠ᠋ᠴᠠ ᠥᠭᠡᠯᠡᠢ ᠪᠣᠯᠵᠤ ᠬᠤᠪᠢᠷᠠᠬᠤ ᠶᠣᠰᠣᠲᠠᠢ
ᠨᠢᠷᠠᠢ ᠠ᠋ᠴᠠ ᠬᠠᠲᠠᠭᠤ ᠪᠣᠯᠵᠤ ᠬᠤᠪᠢᠷᠠᠬᠤ ᠶᠣᠰᠣᠲᠠᠢ
ᠭᠤᠷᠪᠠᠨ ᠮᠡᠳᠡᠬᠦ ᠦᠭᠡᠢ
ᠨᠢᠭᠡ ᠶ᠋ᠢ ᠮᠡᠳᠡᠭᠡᠳ ᠬᠣᠶᠠᠷ ᠢ ᠮᠡᠳᠡᠬᠦ ᠦᠭᠡᠢ
ᠨᠢᠭᠦᠯ ᠢ ᠮᠡᠳᠡᠭᠡᠳ ᠪᠤᠶᠠᠨ ᠢ ᠮᠡᠳᠡᠬᠦ ᠦᠭᠡᠢ
ᠨᠢᠮᠭᠡᠨ ᠢ ᠮᠡᠳᠡᠭᠡᠳ ᠵᠤᠵᠠᠭᠠᠨ ᠢ ᠮᠡᠳᠡᠬᠦ ᠦᠭᠡᠢ
ᠭᠤᠷᠪᠠᠨ ᠦᠭᠡᠢ
ᠨᠠᠷᠠ ᠶ᠋ᠢ ᠳᠠᠭᠠᠪᠠᠯ ᠳᠠᠭᠠᠷᠠᠬᠤ ᠦᠭᠡᠢ
ᠨᠠᠮ ᠢ ᠳᠠᠭᠠᠪᠠᠯ ᠥᠯᠥᠰᠬᠦ ᠦᠭᠡᠢ
ᠨᠥᠬᠥᠳ ᠢ ᠳᠠᠭᠠᠪᠠᠯ ᠭᠡᠨᠡᠳᠡᠬᠦ ᠦᠭᠡᠢ
ᠭᠤᠷᠪᠠᠨ ᠠᠳᠠᠯᠢ
ᠨᠢᠭᠡ ᠮᠤᠤᠷ ᠠᠯᠠᠪᠠᠯ ᠳᠣᠯᠣᠭᠠᠨ ᠭᠡᠯᠦᠩ ᠠᠯᠠᠭᠰᠠᠨ ᠲᠠᠢ ᠠᠳᠠᠯᠢ
ᠳᠣᠯᠣᠭᠠᠨ ᠭᠡᠯᠦᠩ ᠠᠯᠠᠪᠠᠯ ᠨᠢᠭᠡ ᠰᠤᠪᠤᠷᠭ᠎ᠠ ᠨᠤᠷᠠᠭᠠᠭᠰᠠᠨ ᠲᠠᠢ ᠠᠳᠠᠯᠢ
ᠨᠢᠭᠡ ᠰᠤᠪᠤᠷᠭ᠎ᠠ ᠨᠤᠷᠠᠭᠠᠪᠠᠯ ᠨᠢᠭᠡ ᠰᠦᠷᠦᠭ ᠠᠳᠤᠭᠤ ᠬᠣᠷᠣᠭᠰᠠᠨ ᠲᠠᠢ ᠠᠳᠠᠯᠢ
ᠭᠤᠷᠪᠠᠨ ᠶᠠᠪᠤᠨ᠎ᠠ
ᠨᠣᠬᠠᠢ ᠮᠢᠩᠭᠠᠨ ᠭᠠᠵᠠᠷ ᠶᠠᠪᠤᠪᠠᠴᠤ ᠪᠠᠭᠠᠰᠤ ᠢᠳᠡᠵᠦ ᠶᠠᠪᠤᠨ᠎ᠠ
ᠴᠢᠨᠣ᠎ᠠ ᠮᠢᠩᠭᠠᠨ ᠭᠠᠵᠠᠷ ᠶᠠᠪᠤᠪᠠᠴᠤ ᠮᠢᠬ᠎ᠠ ᠢᠳᠡᠵᠦ ᠶᠠᠪᠤᠨ᠎ᠠ
ᠯᠠᠮᠠ ᠮᠢᠩᠭᠠᠨ ᠭᠠᠵᠠᠷ ᠶᠠᠪᠤᠪᠠᠴᠤ ᠬᠡᠭᠡᠯᠢ ᠢᠳᠡᠵᠦ ᠶᠠᠪᠤᠨ᠎ᠠ
ᠭᠤᠷᠪᠠᠨ ᠦᠭᠡᠢ
ᠨᠣᠬᠠᠢ ᠴᠠᠷ ᠢᠶ᠋ᠠᠨ ᠳᠣᠯᠢᠶᠠᠭᠠᠳ ᠲᠠᠷᠭᠤᠯᠠᠬᠤ ᠦᠭᠡᠢ
ᠨᠣᠶᠠᠳ ᠬᠡᠭᠡᠯᠢ ᠢᠳᠡᠭᠡᠳ ᠪᠠᠶᠠᠵᠢᠬᠤ ᠦᠭᠡᠢ
ᠨᠣᠮᠯᠠᠯ ᠶᠣᠰᠣ ᠶ᠋ᠢ ᠪᠠᠷᠢᠮᠲᠠᠯᠠᠭᠠᠳ ᠳᠡᠭᠵᠢᠷᠡᠬᠦ ᠦᠭᠡᠢ
ᠭᠤᠷᠪᠠᠨ ᠦᠨᠡᠨ
ᠨᠣᠮ ᠦᠭᠡᠢ ᠯᠠᠮᠠ ᠬᠤᠷᠠᠯ ᠠ᠋ᠴᠠ ᠠᠶᠤᠬᠤ ᠦᠨᠡᠨ
ᠨᠣᠯᠤᠤᠷ ᠦᠭᠡᠢ ᠢᠮᠠᠭ᠎ᠠ ᠡᠪᠦᠯ ᠠ᠋ᠴᠠ ᠠᠶᠤᠬᠤ ᠦᠨᠡᠨ
ᠨᠤᠲᠤᠭ ᠦᠭᠡᠢ ᠲᠡᠨᠦᠭᠦᠯᠴᠢ ᠬᠥᠭᠡᠭᠡᠬᠦ ᠠ᠋ᠴᠠ ᠠᠶᠤᠬᠤ ᠦᠨᠡᠨ
ᠭᠤᠷᠪᠠᠨ ᠰᠠᠶ᠋ᠢᠬᠠᠨ
ᠨᠤᠲᠤᠭᠯᠠᠵᠤ ᠰᠠᠭᠤᠬᠤ ᠳᠤ ᠨᠤᠲᠤᠭ ᠰᠠᠶ᠋ᠢᠬᠠᠨ
ᠨᠣᠮᠯᠠᠵᠤ ᠰᠠᠭᠤᠬᠤ ᠳᠤ ᠪᠢᠴᠢᠭ ᠰᠠᠶ᠋ᠢᠬᠠᠨ
ᠨᠣᠶ᠋ᠢᠷᠯᠠᠵᠤ ᠰᠠᠭᠤᠬᠤ ᠳᠤ ᠨᠣᠶ᠋ᠢᠷ ᠰᠠᠶ᠋ᠢᠬᠠᠨ
ᠭᠤᠷᠪᠠᠨ ᠠᠳᠠ
ᠨᠢᠳᠦᠨ ᠳᠤ ᠣᠷᠣᠭᠰᠠᠨ ᠬᠣᠭ ᠠᠳᠠ
ᠰᠢᠳᠦᠨ ᠳᠤ ᠣᠷᠣᠭᠰᠠᠨ ᠮᠢᠬ᠎ᠠ ᠠᠳᠠ
ᠮᠢᠬᠠᠨ ᠳᠤ ᠣᠷᠣᠭᠰᠠᠨ ᠥᠷᠭᠦᠭᠡᠰᠦ ᠠᠳᠠ
ᠭᠤᠷᠪᠠᠨ ᠢᠯᠡᠬᠡᠨ
ᠨᠢᠭᠤᠪᠠᠴᠤ ᠨᠢᠷᠤᠭᠤ ᠨᠢ ᠨᠢᠭᠡ ᠢᠯᠡᠬᠡᠨ
ᠳᠠᠯᠳᠠᠯᠠᠪᠠᠴᠤ ᠳᠠᠯᠤ ᠨᠢ ᠨᠢᠭᠡ ᠢᠯᠡᠬᠡᠨ
ᠳᠤᠲᠠᠭᠠᠪᠠᠴᠤ ᠮᠥᠷ ᠨᠢ ᠨᠢᠭᠡ ᠢᠯᠡᠬᠡᠨ
ᠭᠤᠷᠪᠠᠨ ᠰᠢᠯᠲᠠᠭ
ᠨᠢᠴᠦᠭᠦᠨ ᠯᠠᠮᠠ ᠳᠤ ᠨᠣᠮ ᠨᠢᠭᠡ ᠰᠢᠯᠲᠠᠭ
ᠵᠠᠯᠬᠠᠭᠤ ᠬᠥᠮᠦᠨ ᠳᠤ ᠡᠪᠡᠳᠴᠢᠨ ᠨᠢᠭᠡ ᠰᠢᠯᠲᠠᠭ
ᠠᠯᠵᠠᠭᠤ ᠡᠮᠡᠰ ᠲᠤ᠌ ᠠᠩᠭ᠎ᠠ ᠨᠢᠭᠡ ᠰᠢᠯᠲᠠᠭ
ᠭᠤᠷᠪᠠᠨ ᠬᠠᠷᠠᠩᠭᠤᠢ
ᠨᠣᠮ ᠦᠭᠡᠢ ᠪᠠᠨᠳᠢ ᠶ᠋ᠢᠨ ᠴᠡᠭᠡᠵᠢ ᠨᠢᠭᠡ ᠬᠠᠷᠠᠩᠭᠤᠢ
ᠬᠣᠨᠢ ᠦᠭᠡᠢ ᠠᠶ᠋ᠢᠯ ᠤᠨ ᠬᠣᠲᠠ ᠨᠢᠭᠡ ᠬᠠᠷᠠᠩᠭᠤᠢ
ᠡᠷᠳᠡᠮ ᠦᠭᠡᠢ ᠪᠠᠭᠰᠢ ᠶ᠋ᠢᠨ ᠱᠠᠪᠢ ᠨᠢᠭᠡ ᠬᠠᠷᠠᠩᠭᠤᠢ
ᠭᠤᠷᠪᠠᠨ ᠬᠦᠨᠳᠦᠲᠡᠢ
ᠨᠣᠶᠠᠨ ᠬᠥᠮᠦᠨ ᠨᠤᠲᠤᠭ ᠲᠠᠭᠠᠨ ᠬᠦᠨᠳᠦᠲᠡᠢ
ᠨᠣᠮ ᠲᠠᠢ ᠬᠥᠮᠦᠨ ᠬᠠᠮᠢᠭ᠎ᠠ ᠴᠤ᠌ ᠬᠦᠨᠳᠦᠲᠡᠢ
ᠡᠷᠳᠡᠮ ᠲᠠᠢ ᠬᠥᠮᠦᠨ ᠬᠡᠨ ᠳᠤ ᠴᠤ᠌ ᠬᠦᠨᠳᠦᠲᠡᠢ
ᠭᠤᠷᠪᠠᠨ ᠳᠡᠭᠡᠷ᠎ᠡ
ᠨᠣᠶᠠᠳ ᠤᠨ ᠴᠤᠭᠯᠠᠭ᠎ᠠ ᠶᠠᠮᠤᠨ ᠳᠡᠭᠡᠷ᠎ᠡ
ᠨᠣᠬᠠᠢ ᠶ᠋ᠢᠨ ᠴᠤᠭᠯᠠᠭ᠎ᠠ ᠶᠠᠰᠤᠨ ᠳᠡᠭᠡᠷ᠎ᠡ
ᠨᠤᠭᠤᠰᠤ ᠶ᠋ᠢᠨ ᠴᠤᠭᠯᠠᠭ᠎ᠠ ᠤᠰᠤᠨ ᠳᠡᠭᠡᠷ᠎ᠡ
ᠭᠤᠷᠪᠠᠨ ᠲᠡᠮᠳᠡᠭ
ᠨᠣᠶᠠᠨᠴᠢ ᠰᠤᠷᠲᠠᠯ ᠬᠥᠨᠳᠡᠶ᠋ᠢᠷᠡᠬᠦ ᠶ᠋ᠢᠨ ᠲᠡᠮᠳᠡᠭ
ᠨᠣᠮᠣᠬᠠᠨ ᠳᠠᠷᠤᠤ ᠳᠠᠪᠰᠢᠬᠤ ᠶ᠋ᠢᠨ ᠲᠡᠮᠳᠡᠭ
ᠨᠣᠮᠲᠠᠨ ᠰᠤᠷᠤᠯᠴᠠᠪᠠᠯ ᠭᠡᠭᠡᠷᠡᠬᠦ ᠶ᠋ᠢᠨ ᠲᠡᠮᠳᠡᠭ
ᠭᠤᠷᠪᠠᠨ ᠲᠠᠶ᠋ᠢᠪᠤᠩ
ᠨᠣᠮ ᠰᠠᠶ᠋ᠢᠲᠤ ᠶ᠋ᠢᠨ ᠰᠠᠨᠠᠭ᠎ᠠ ᠲᠠᠶ᠋ᠢᠪᠤᠩ
ᠨᠣᠬᠠᠢ ᠰᠠᠶ᠋ᠢᠲᠤ ᠶ᠋ᠢᠨ ᠬᠣᠲᠠ ᠲᠠᠶ᠋ᠢᠪᠤᠩ
ᠨᠣᠶᠠᠨ ᠰᠠᠶ᠋ᠢᠲᠤ ᠶ᠋ᠢᠨ ᠠᠷᠠᠳ ᠲᠠᠶ᠋ᠢᠪᠤᠩ
ᠭᠤᠷᠪᠠᠨ ᠪᠣᠯᠬᠤ
ᠨᠣᠶᠠᠳ ᠦᠭᠡᠶ᠋ᠢᠷᠡᠪᠡᠯ ᠳᠡᠭᠡᠷᠡᠮ ᠪᠣᠯᠬᠤ
ᠪᠠᠶᠠᠳ ᠦᠭᠡᠶ᠋ᠢᠷᠡᠪᠡᠯ ᠬᠤᠯᠠᠭᠠᠶ᠋ᠢᠴᠢ ᠪᠣᠯᠬᠤ
ᠢᠷᠭᠡᠳ ᠦᠭᠡᠶ᠋ᠢᠷᠡᠪᠡᠯ ᠪᠠᠳᠢᠷᠴᠢᠨ ᠪᠣᠯᠬᠤ
ᠭᠤᠷᠪᠠᠨ ᠵᠦᠢ
ᠨᠣᠶᠠᠨᠴᠢ ᠰᠤᠷᠲᠠᠯ ᠢ ᠲᠠᠶᠠᠭᠳᠠᠬᠤ ᠨᠢ ᠵᠦᠢ
ᠨᠣᠮ ᠰᠤᠲᠤᠷ ᠊ᠢ ᠬᠢᠴᠢᠶᠡᠬᠦ ᠨᠢ ᠵᠦᠢ
ᠨᠣᠮᠤᠬᠠᠨ ᠳᠠᠷᠤᠤ ᠶ᠋ᠢ ᠰᠤᠷᠬᠤ ᠨᠢ ᠵᠦᠢ
ᠭᠤᠷᠪᠠᠨ ᠬᠠᠲᠠᠭᠤ
ᠨᠣᠮ ᠦᠭᠡᠢ ᠯᠠᠮᠠ ᠶ᠋ᠢᠨ ᠦᠭᠡ ᠬᠠᠲᠠᠭᠤ
ᠨᠣᠭᠲᠣ ᠦᠭᠡᠢ ᠡᠯᠵᠢᠭᠡᠨ ᠳ᠋ᠤ᠌ ᠡᠷᠡᠦ ᠬᠠᠲᠠᠭᠤ
ᠨᠣᠯᠤᠤᠷ ᠦᠭᠡᠢ ᠢᠮᠠᠭᠠᠨ ᠳ᠋ᠤ᠌ ᠦᠰᠦ ᠬᠠᠲᠠᠭᠤ
ᠭᠤᠷᠪᠠᠨ ᠬᠥᠭᠡᠷᠦᠬᠦᠢ
ᠨᠣᠶᠠᠨ ᠪᠠᠶ᠋ᠢᠭᠠᠳ ᠪᠠᠭᠤᠷᠠᠭᠴᠢ ᠨᠢᠭᠡ ᠬᠥᠭᠡᠷᠦᠬᠦᠢ
ᠪᠠᠶᠠᠨ ᠪᠠᠶ᠋ᠢᠭᠠᠳ ᠬᠣᠭᠣᠰᠤᠷᠠᠭᠴᠢ ᠨᠢᠭᠡ ᠬᠥᠭᠡᠷᠦᠬᠦᠢ
ᠮᠡᠷᠭᠡᠨ ᠪᠠᠶ᠋ᠢᠭᠠᠳ ᠮᠤᠩᠬᠠᠷᠠᠬᠤ ᠨᠢᠭᠡ ᠬᠥᠭᠡᠷᠦᠬᠦᠢ
ᠭᠤᠷᠪᠠᠨ ᠪᠠᠷᠲᠠᠮ
ᠨᠣᠶᠠᠳ ᠰᠠᠶ᠋ᠢᠲᠠᠢ ᠠᠯᠪᠠᠲᠤ ᠠᠷᠠᠳ ᠨᠢᠭᠡ ᠪᠠᠷᠲᠠᠮ
ᠨᠣᠬᠠᠢ ᠰᠠᠶ᠋ᠢᠲᠠᠢ ᠬᠣᠲᠠ ᠬᠦᠷᠢᠶ᠎ᠡ ᠨᠢᠭᠡ ᠪᠠᠷᠲᠠᠮ
ᠨᠣᠮ ᠰᠠᠶ᠋ᠢᠲᠠᠢ ᠯᠠᠮᠠ ᠬᠤᠸᠠᠷᠠᠭ ᠨᠢᠭᠡ ᠪᠠᠷᠲᠠᠮ
ᠭᠤᠷᠪᠠᠨ ᠠᠯᠲᠠᠬᠤ ᠦᠭᠡᠢ
ᠨᠣᠬᠠᠢ ᠬᠠᠮᠢᠬ᠋᠎ᠠ ᠶᠠᠪᠤᠪᠠᠴᠤ ᠪᠠᠭᠠᠰᠤ ᠢᠲᠡᠬᠦ ᠪᠡᠨ ᠠᠯᠲᠠᠬᠤ ᠦᠭᠡᠢ
ᠨᠣᠶᠠᠳ ᠬᠠᠮᠢᠬ᠋᠎ᠠ ᠣᠴᠢᠪᠠᠴᠤ ᠬᠡᠭᠡᠯᠢ ᠢᠲᠡᠬᠦ ᠪᠡᠨ ᠠᠯᠲᠠᠬᠤ ᠦᠭᠡᠢ
ᠨᠤᠭᠤᠰᠤ ᠬᠠᠮᠢᠬ᠋᠎ᠠ ᠬᠦᠷᠪᠡᠴᠦ ᠤᠰᠤᠨ ᠳ᠋ᠤ᠌ ᠱᠤᠩᠪᠠᠬᠤ ᠪᠠᠨ ᠠᠯᠲᠠᠬᠤ ᠦᠭᠡᠢ
ᠭᠤᠷᠪᠠᠨ ᠰᠠᠶ᠋ᠢᠬᠠᠨ
ᠨᠠᠭᠤᠷ ᠲᠤ ᠤᠷᠭᠤᠭᠰᠠᠨ ᠬᠤᠯᠤᠰᠤ ᠨᠢᠭᠡ ᠰᠠᠶ᠋ᠢᠬᠠᠨ
ᠨᠤᠲᠤᠭᠯᠠᠵᠤ ᠰᠠᠭᠤᠭᠰᠠᠨ ᠭᠠᠵᠠᠷ ᠨᠢᠭᠡ ᠰᠠᠶ᠋ᠢᠬᠠᠨ
ᠨᠠᠪᠴᠢ ᠴᠡᠴᠡᠭ ᠦ᠋ᠨ ᠳᠡᠯᠭᠡᠷᠡᠬᠦ ᠨᠢᠭᠡ ᠰᠠᠶ᠋ᠢᠬᠠᠨ
ᠭᠤᠷᠪᠠᠨ ᠴᠢᠮᠡᠭ
ᠨᠠᠷᠠ ᠰᠠᠷ᠎ᠠ ᠤᠭᠲᠠᠷᠭᠤᠢ ᠳ᠋ᠠᠭᠠᠨ ᠴᠢᠮᠡᠭ
ᠨᠠᠶ᠋ᠢᠷ ᠬᠦᠷ ᠬᠣᠷᠢᠮ ᠳ᠋ᠠᠭᠠᠨ ᠴᠢᠮᠡᠭ
ᠨᠠᠪᠴᠢ ᠴᠡᠴᠡᠭ ᠲᠠᠯ᠎ᠠ ᠳ᠋ᠠᠭᠠᠨ ᠴᠢᠮᠡᠭ
ᠭᠤᠷᠪᠠᠨ ᠰᠠᠶ᠋ᠢᠨ
ᠨᠣᠶ᠋ᠢᠷ ᠲᠦ ᠰᠡᠷᠭᠡᠭ ᠨᠢᠭᠡ ᠰᠠᠶ᠋ᠢᠨ
ᠨᠣᠮ ᠳ᠋ᠤ᠌ ᠮᠡᠷᠭᠡᠨ ᠨᠢᠭᠡ ᠰᠠᠶ᠋ᠢᠨ
ᠨᠣᠣᠰᠣ ᠳ᠋ᠤ᠌ ᠨᠣᠯᠤᠤᠷ ᠨᠢᠭᠡ ᠰᠠᠶ᠋ᠢᠨ
ᠭᠤᠷᠪᠠᠨ ᠪᠣᠯᠬᠤ ᠦᠭᠡᠢ
ᠨᠣᠶᠠᠨ ᠬᠥᠮᠦᠨ ᠊ᠢ ᠢᠲᠡᠭᠡᠵᠦ ᠨᠢᠭᠡ ᠪᠣᠯᠬᠤ ᠦᠭᠡᠢ
ᠨᠣᠶ᠋ᠢᠲᠠᠨ ᠮᠤᠲᠤ ᠶ᠋ᠢ ᠲᠦᠰᠢᠵᠦ ᠨᠢᠭᠡ ᠪᠣᠯᠬᠤ ᠦᠭᠡᠢ
ᠨᠣᠬᠠᠢ ᠮᠤᠤᠷ ᠊ᠢ ᠢᠲᠡᠭᠡᠵᠦ ᠨᠢᠭᠡ ᠪᠣᠯᠬᠤ ᠦᠭᠡᠢ
ᠭᠤᠷᠪᠠᠨ ᠲᠣᠭᠲᠠᠪᠤᠷᠢ ᠦᠭᠡᠢ
ᠨᠣᠯᠤᠤᠷ ᠨᠢᠭᠡ ᠬᠥᠪᠪᠦᠭᠡᠴᠢ
ᠨᠣᠬᠠᠢ ᠨᠢᠭᠡ ᠰᠢᠷᠪᠠᠭᠠᠴᠢ
ᠨᠣᠶᠠᠨ ᠨᠢᠭᠡ ᠤᠷᠪᠠᠭᠠᠴᠢ
ᠭᠤᠷᠪᠠᠨ ᠲᠥᠷᠥᠯ
ᠨᠤᠭᠤᠰᠤ ᠲᠠᠬᠢᠶ᠎ᠠ ᠨᠢᠰᠬᠦ ᠦᠭᠡᠢ ᠪᠣᠯᠪᠠᠴᠤ ᠵᠢᠭᠦᠷᠲᠡᠨ ᠪ ᠲᠥᠷᠥᠯ
ᠨᠡᠭᠦᠷᠡᠰᠦ ᠲᠦᠯᠡᠰᠢ ᠶ᠋ᠢᠨ ᠴᠣᠭᠴᠠ ᠨᠢ ᠴᠢᠯᠠᠭᠤ ᠪᠣᠯᠪᠠᠴᠤ ᠰᠢᠲᠡᠭᠠᠯᠬ᠋ᠠ ᠶ᠋ᠢᠨ ᠲᠥᠷᠥᠯ
ᠨᠠᠷᠠᠰᠤ ᠮᠠᠶ᠋ᠢᠯᠠᠰᠤ ᠦ᠋ᠨ ᠴᠢᠨᠠᠷ ᠨᠢ ᠣᠨᠲᠣᠣ ᠪᠣᠯᠪᠠᠴᠤ ᠮᠣᠲᠣᠨ ᠪ ᠲᠥᠷᠥᠯ
ᠭᠤᠷᠪᠠᠨ ᠭᠡᠮᠰᠢᠯ
ᠨᠤᠮᠤ ᠦᠭᠡᠢ ᠶᠠᠪᠤᠪᠠᠯ ᠠᠪᠠ ᠳᠡᠭᠡᠷ᠎ᠡ ᠪᠡᠨ ᠭᠡᠮᠰᠢᠯ
ᠨᠣᠮ ᠦᠭᠡᠢ ᠯᠠᠮᠠ ᠬᠤᠷᠠᠯ ᠳᠡᠭᠡᠷ᠎ᠡ ᠪᠡᠨ ᠭᠡᠮᠰᠢᠯ
ᠨᠣᠯᠤᠤᠷ ᠦᠭᠡᠢ ᠢᠮᠠᠬ᠋ᠠ ᠡᠪᠤᠯ ᠦ᠋ᠨ ᠴᠠᠭ ᠲᠦ ᠭᠡᠮᠰᠢᠯ
ᠭᠤᠷᠪᠠᠨ ᠭᠡᠩᠰᠢᠭᠦᠦ
ᠨᠤᠷᠮ᠎ᠠ ᠶ᠋ᠢᠨ ᠭᠡᠩᠰᠢᠭᠦᠦ ᠬᠠᠷ᠎ᠠ ᠭᠡᠩᠰᠢᠭᠦᠦ
ᠮᠢᠬ᠎ᠠ ᠶ᠋ᠢᠨ ᠭᠡᠩᠰᠢᠭᠦᠦ ᠤᠯᠠᠭᠠᠨ ᠭᠡᠩᠰᠢᠭᠦᠦ
ᠰᠦ᠋ ᠶ᠋ᠢᠨ ᠭᠡᠩᠰᠢᠭᠦᠦ ᠴᠠᠭᠠᠨ ᠭᠡᠩᠰᠢᠭᠦᠦ
ᠭᠤᠷᠪᠠᠨ ᠰᠢᠷᠦᠭᠦᠨ
ᠨᠥᠬᠡᠨ ᠳ᠋ᠤ᠌ ᠣᠷᠣᠭᠰᠠᠨ ᠬᠣᠭ ᠨᠢᠭᠡ ᠰᠢᠷᠦᠭᠦᠨ
ᠨᠥᠬᠥᠷ ᠶ᠋ᠢᠡᠨ ᠡᠵᠡᠯᠡᠭᠰᠡᠨ ᠡᠮ᠎ᠡ ᠨᠢᠭᠡ ᠰᠢᠷᠦᠭᠦᠨ
ᠨᠥᠬᠥᠳ ᠶ᠋ᠢᠡᠨ ᠬᠤᠲᠠᠯᠲᠤᠭᠰᠠᠨ ᠵᠠᠯᠢᠬᠠᠢ ᠨᠢᠭᠡ ᠰᠢᠷᠦᠭᠦᠨ
ᠭᠤᠷᠪᠠᠨ ᠰᠠᠶ᠋ᠢᠬᠠᠨ
ᠨᠥᠬᠥᠷ ᠣᠯᠠᠨ ᠬᠥᠮᠦᠨ ᠨᠢᠭᠡ ᠰᠠᠶ᠋ᠢᠬᠠᠨ
ᠨᠥᠮᠥᠷᠢ ᠳ᠋ᠤ᠌ ᠪᠠᠶ᠋ᠢᠬᠤ ᠭᠡᠷ ᠨᠢᠭᠡ ᠰᠠᠶ᠋ᠢᠬᠠᠨ
ᠨᠥᠬᠦᠭᠡᠰᠦ ᠦᠭᠡᠢ ᠬᠤᠪᠴᠠᠰᠤ ᠨᠢᠭᠡ ᠰᠠᠶ᠋ᠢᠬᠠᠨ
ᠦᠰᠦᠭ ᠠᠮᠢᠯᠠᠭᠤᠯᠤᠭᠴᠢ ᠄ ᠳ᠋ᠦ᠋ᠩ ᠹᠧᠩ ᠂ ᠮᠢᠩᠭᠠᠳ ᠴᠢᠮᠡᠭ ᠂ ᠬᠠᠷᠠᠨᠤᠳ ᠲᠤᠶᠠᠭ᠎ᠠ
ᠬᠢᠨᠠᠭᠴᠢ ᠄ ᠮᠢᠩᠭᠠᠳ ᠴᠢᠮᠡᠭ ᠂ ᠬᠠᠷᠠᠨᠤᠳ ᠲᠤᠶᠠᠭ᠎ᠠ
