1. ᠲᠡᠷᠢᠭᠦᠨ ᠨᠢᠭᠤᠷ >
  2. ᠨᠡᠪᠲᠡᠷᠡᠭᠦᠯᠭᠡ >
  3. ᠷᠦᠩᠫᠸᠯ ᠱᠲ᠋ᠢᠯᠢᠴᠭᠸРумпель штильцхен-Rumpelstiltskin

ᠷᠦᠩᠫᠸᠯ ᠱᠲ᠋ᠢᠯᠢᠴᠭᠸРумпель штильцхен-Rumpelstiltskin

2022-01-05

516

ᠷᠦᠩᠫᠸᠯ ᠱᠲ᠋ᠢᠯᠢᠴᠭᠸ

   ᠡᠷᠲᠡ ᠤᠷᠢᠳᠤ ᠶ᠋ᠢᠨ ᠴᠠᠭ ᠲᠤ᠌ ᠬᠠᠷᠠᠩᠭᠤᠢ ᠣᠢ ᠶ᠋ᠢᠨ ᠵᠠᠬ᠎ᠠ ᠳ᠋ᠤ᠌ ᠨᠢᠭᠡᠨ ᠵᠢᠵᠢᠭᠬᠡᠨ ᠡᠵᠡᠨᠲᠦ ᠭᠦᠷᠦᠨ ᠪᠠᠢᠪᠠ᠃ ᠣᠢ ᠳ᠋ᠤ᠌ ᠬᠣᠣᠷ ᠮᠠᠭᠤ ᠰᠠᠨᠠᠭᠠᠲᠠᠨ ᠠᠮᠢᠳᠤᠷᠠᠳᠠᠭ ᠲᠤᠬᠠᠢ ᠶᠠᠷᠢᠭᠳᠠᠳᠠᠭ ᠪᠠᠢᠪᠠ᠃
ᠭᠡᠰᠡᠨ ᠴᠦ᠍ ᠡᠵᠡᠨᠲᠦ ᠭᠦᠷᠦᠨ ᠦ᠌ ᠬᠥᠮᠦᠰ ᠵᠠᠯᠠᠭᠤ ᠬᠠᠭᠠᠨ ᠤ᠋ ᠤᠬᠠᠭᠠᠯᠢᠭ ᠬᠠᠭᠠᠨᠴᠢᠯᠠᠯ ᠤ᠋ᠨ ᠳᠣᠣᠷ᠎ᠠ ᠠᠵᠠ ᠵᠢᠷᠭᠠᠯ ᠲᠠᠢ ᠠᠮᠢᠳᠤᠷᠠᠳᠠᠭ ᠪᠠᠢᠪᠠ᠃
ᠲᠡᠨᠳᠡ ᠨᠢᠭᠡᠨ ᠶᠠᠳᠠᠭᠤ ᠲᠡᠭᠡᠷᠮᠡᠴᠢᠨ ᠥᠬᠢᠨ ᠲᠡᠢ ᠪᠡᠨ ᠠᠮᠢᠳᠤᠷᠠᠳᠠᠭ ᠪᠠᠢᠯ᠎ᠠ᠃ ᠥᠬᠢᠨ ᠨᠢ ᠦᠵᠡᠰᠬᠦᠯᠡᠩᠲᠡᠢ ᠰᠡᠳᠬᠢᠯ ᠲᠠᠲᠠᠮ᠎ᠠ᠂ ᠲᠡᠭᠡᠷᠮᠡᠴᠢᠨ ᠠᠮᠠᠨᠴᠢᠷ᠂ ᠪᠤᠰᠤᠳ ᠲᠤ᠌ ᠶᠠᠭᠤᠮ᠎ᠠ ᠶᠠᠷᠢᠬᠤ ᠳ᠋ᠤ᠌ ᠪᠠᠨ ᠨᠡᠮᠡᠵᠦ ᠬᠠᠴᠠᠷᠯᠠᠬᠤ ᠳᠤᠷᠠᠲᠠᠢ ᠨᠢᠭᠡᠨ ᠪᠠᠢᠪᠠ᠃ ᠲᠡᠭᠡᠷᠮᠡᠴᠢᠨ ᠣᠯᠠᠨ ᠬᠥᠮᠦᠨ ᠢ᠋ ᠣᠯᠠᠨ ᠤᠳᠠᠭ᠎ᠠ ᠬᠠᠭᠤᠷᠴᠠᠢ᠃ ᠢᠩᠭᠢᠭᠡᠳ ᠲᠡᠳᠡ ᠲᠡᠭᠡᠷᠮᠡᠴᠢᠨ ᠦ᠌ ᠲᠠᠯ᠎ᠠ ᠪᠠᠷ ᠬᠠᠭᠠᠨ ᠳ᠋ᠤ᠌ ᠭᠣᠮᠣᠳᠠᠯ ᠮᠡᠳᠡᠭᠦᠯᠪᠡ᠃
ᠬᠠᠭᠠᠨ ᠲᠡᠭᠡᠷᠮᠡᠴᠢᠨ ᠳ᠋ᠦ᠍ ᠰᠤᠷᠭᠠᠮᠵᠢ ᠥᠭᠬᠦ ᠪᠡᠷ ᠰᠢᠢᠳᠴᠦ ᠳᠠᠭᠤᠳᠠᠭᠤᠯᠵᠤ ᠭᠡᠨ᠎ᠡ᠃
《ᠡᠷᠬᠢᠮ ᠳᠡᠭᠡᠳᠦᠰ ᠮᠢᠨᠢ᠄ ᠲᠠᠨ ᠳ᠋ᠤ᠌ ᠪᠠᠷᠠᠯᠠᠬᠤ ᠪᠣᠯᠤᠮᠵᠢ ᠬᠠᠢᠷᠠᠯᠠᠭᠰᠠᠨ ᠳ᠋ᠤ᠌ ᠭᠢᠯᠠᠢᠯ᠎ᠠ᠂ ᠨᠢᠭᠡ ᠳ᠋ᠦ᠍ ᠲᠠ ᠮᠢᠨᠦ ᠲᠠᠯ᠎ᠠ ᠪᠠᠷ ᠮᠡᠳᠡᠬᠦ ᠦᠭᠡᠢ ᠪᠣᠯᠬᠣᠷ ᠪᠢ ᠲᠠᠨ ᠳ᠋ᠤ᠌ ᠥᠪᠡᠷ ᠦ᠋ᠨ ᠢ᠋ᠶ᠋ᠡᠨ ᠪᠣᠯᠤᠨ ᠥᠬᠢᠨ ᠦ᠌ ᠪᠡᠨ ᠲᠠᠯ᠎ᠠ ᠪᠠᠷ ᠶᠠᠷᠢᠮᠠᠷ ᠪᠠᠢᠨ᠎ᠠ》
《ᠵᠠ ᠳᠡᠭᠡᠯ ᠳᠡ ᠶᠠᠷᠢ᠂ ᠶᠠᠷᠢ》
《ᠮᠢᠨᠦ ᠥᠬᠢᠨ ᠡᠨᠡ ᠣᠷᠴᠢᠯᠠᠩ ᠤ᠋ᠨ ᠬᠠᠮᠤᠭ ᠤ᠋ᠨ ᠦᠵᠡᠰᠬᠦᠯᠡᠩᠲᠡᠢ ᠪᠦᠰᠡᠭᠦᠢ᠂ ᠭᠡᠪᠡᠴᠦ ᠲᠡᠭᠦᠨ ᠡᠴᠡ ᠭᠠᠳᠠᠨ᠎ᠠ ᠂ᠮᠢᠨᠦ ᠥᠬᠢᠨ ᠰᠦᠷᠡᠯ ᠢ᠋ᠶ᠋ᠡᠷ ᠠᠯᠲᠠ ᠡᠭᠡᠷᠴᠦ ᠴᠢᠳᠠᠨ᠎ᠠ》
ᠨᠠᠭᠠᠳᠤᠬᠢ ᠴᠢᠨᠢ ᠲᠤᠢᠯ ᠤ᠋ᠨ ᠲᠠᠭᠠᠲᠠᠢ ᠴᠢᠳᠠᠪᠤᠷᠢ ᠪᠠᠢᠨ᠎ᠠ᠃ ᠲᠠᠨ ᠤ᠋ ᠥᠬᠢᠨ ᠶᠠᠷᠢᠵᠤ ᠪᠠᠢᠭ᠎ᠠ ᠰᠢᠭ᠋ ᠲᠡᠢᠮᠦ ᠤᠬᠠᠭᠠᠯᠢᠭ ᠶᠤᠮ ᠪᠣᠯ ᠮᠢᠨᠦ ᠣᠷᠳᠣᠨ ᠳ᠋ᠤ᠌ ᠠᠪᠤᠭᠠᠳ ᠢᠷ᠎ᠡ᠂ ᠪᠢ ᠥᠬᠢᠨ ᠢ᠋ ᠴᠢᠨᠢ ᠰᠣᠷᠢᠵᠤ ᠦᠵᠡᠶ᠎ᠡ ᠯᠡ ᠳᠧ!
ᠥ ᠲᠡᠢᠮᠦ ᠯᠡ ᠳᠧ ᠲᠡᠢᠮᠦ ᠲᠡᠢᠮᠦ᠂ ᠲᠡᠭᠡᠶ᠎ᠡ ᠳᠡᠭᠡᠳᠦᠰ ᠮᠢᠨᠢ!
ᠲᠡᠭᠡᠷᠮᠡᠴᠢᠨ ᠭᠡᠷ ᠲᠡᠭᠡᠨ ᠬᠠᠷᠢᠵᠤ ᠥᠬᠢᠨ ᠳ᠋ᠡᠭᠡᠨ ᠪᠦᠭᠦᠳᠡ ᠶ᠋ᠢ ᠶᠠᠷᠢᠯ᠎ᠠ᠃
《ᠪᠢ ᠲᠠᠨ ᠳ᠋ᠤ᠌ ᠬᠡᠯᠡᠳᠡᠭ ᠰᠢᠦ ᠳᠧ᠂ ᠬᠥᠮᠦᠨ ᠳ᠋ᠦ᠍ ᠪᠢᠲᠡᠭᠡᠢ ᠬᠤᠳᠠᠯ ᠬᠡᠯᠡᠵᠦ ᠪᠠᠢᠭᠠᠴᠢ᠂ ᠢᠩᠭᠢᠭᠡᠳ ᠲᠠ ᠤᠷᠲᠤ ᠬᠡᠯᠡ ᠬᠦᠵᠦᠭᠦᠦ ᠣᠷᠢᠶᠠᠨ᠎ᠠ ᠭᠡᠳᠡᠭ ᠰᠢᠭ ᠪᠣᠯᠤᠯ᠎ᠠ》
ᠠᠪᠤ ᠨᠢ ᠬᠡᠯᠡᠬᠦ ᠦᠭᠡ ᠦᠭᠡᠢ ᠪᠣᠯᠵᠤ ᠥᠪᠡᠷ ᠡᠴᠡ ᠪᠡᠨ ᠢᠴᠢᠯ᠎ᠡ᠃
ᠲᠡᠷᠡ ᠬᠣᠶᠠᠷ ᠦᠢᠯᠡ ᠶ᠋ᠢᠨ ᠦᠷ᠎ᠡ ᠲᠡᠢ ᠪᠡᠨ ᠨᠢᠭᠤᠷ ᠲᠤᠯᠬᠤ ᠪᠠᠷ ᠣᠷᠳᠣᠨ ᠤᠷᠤᠭᠤ ᠶᠠᠪᠤᠪᠠ᠃
ᠦ ᠲᠠᠪᠠᠲᠠᠢ ᠮᠣᠷᠢᠯᠠ ᠨᠣᠶᠠᠨ ᠮᠢᠨᠢ ᠯᠡ᠂ ᠲᠠᠪᠠᠲᠠᠢ ᠮᠣᠷᠢᠯᠠ ᠦᠵᠡᠰᠬᠦᠯᠡᠩᠲᠦ ᠠᠪᠠᠬᠠᠢ ᠲᠠ ᠡᠴᠢᠭᠡ ᠶ᠋ᠢᠨ ᠢ᠋ᠶ᠋ᠡᠨ ᠬᠡᠯᠡᠭᠰᠡᠨ ᠰᠢᠭ ᠦᠵᠡᠰᠬᠦᠯᠡᠩᠲᠡᠢ ᠶᠦᠮ ᠪᠠᠢᠨ᠎ᠠ᠃
ᠲᠡᠭᠡᠬᠦ ᠪᠡᠷ ᠲᠠᠨ ᠢ᠋ ᠰᠦᠷᠡᠯ ᠢ᠋ᠶ᠋ᠡᠷ ᠠᠯᠲᠠ ᠡᠭᠡᠷᠡᠴᠦ ᠴᠢᠳᠠᠨ᠎ᠠ ᠭᠡᠵᠦ ᠨᠠᠢᠳᠠᠶ᠎ᠠ᠃
ᠴᠠᠭ ᠦᠷᠡᠭᠡᠳ ᠶᠠᠭᠠᠬᠢᠬᠤᠪ᠂ ᠵᠠ ᠨᠠᠮ᠎ᠠ ᠶ᠋ᠢ ᠳᠠᠭᠠᠭᠠᠳ ᠶᠠᠪᠤᠭᠠᠷᠠᠢ!
ᠬᠠᠭᠠᠨ ᠥᠪᠡᠷ ᠦ᠋ᠨ ᠪᠡᠶ᠎ᠡ ᠪᠡᠷ ᠢ᠋ᠶ᠋ᠡᠨ ᠥᠬᠢᠨ ᠢ᠋ ᠳᠠᠭᠠᠭᠤᠯᠤᠨ ᠳᠦᠭᠦᠷᠡᠩ ᠰᠦᠷᠡᠯ ᠲᠡᠢ ᠥᠷᠥᠭᠡᠨ ᠳ᠋ᠦ᠍ ᠣᠷᠣᠭᠤᠯᠵᠤ ᠡᠭᠡᠷᠦᠯ ᠥᠭᠪᠡ᠃
ᠵᠠ ᠣᠳᠣ ᠠᠵᠢᠯ ᠳ᠋ᠠᠭᠠᠨ ᠣᠷᠣ᠂ ᠮᠠᠷᠭᠠᠰᠢ ᠥᠷᠯᠥᠭᠡ ᠭᠡᠬᠦ ᠳ᠋ᠦ᠍ ᠰᠦᠷᠡᠯ ᠢ᠋ᠶ᠋ᠡᠷ ᠠᠯᠲᠠ ᠡᠭᠡᠷᠡᠭᠡ ᠦᠭᠡᠢ ᠪᠠᠢᠪᠠᠯ ᠲᠠ ᠠᠪᠤ ᠲᠠᠢ ᠪᠠᠨ ᠬᠠᠮᠲᠤ ᠠᠮᠢ ᠪᠠᠨ ᠠᠯᠳᠠᠨ᠎ᠠ ᠰᠢᠦ᠃
ᠬᠠᠷᠠᠭᠤᠯ ᠢ᠋ᠶ᠋ᠠᠨ ᠴᠠᠩᠭᠠᠳᠬ᠎ᠠ᠂ ᠶᠠᠭᠠᠬᠢᠭᠰᠠᠨ ᠴᠤ᠌ ᠵᠢᠭᠤᠲᠠᠭᠤᠯᠵᠤ ᠪᠣᠯᠬᠤ ᠦᠭᠡᠢ ᠰᠢᠦ᠃
ᠬᠥᠭᠡᠷᠦᠬᠦᠢ ᠮᠡᠯᠡᠷᠡ ᠥᠬᠢᠨ ᠶᠠᠭᠤ ᠭᠡᠬᠦ ᠪᠡᠨ ᠮᠡᠳᠡᠭᠰᠡᠨ ᠦᠭᠡᠢ ᠰᠡᠳᠬᠢᠯ ᠢ᠋ᠶ᠋ᠡᠨ ᠤᠨᠠᠭᠰᠠᠨ ᠳ᠋ᠠᠭᠠᠨ ᠥᠬᠢᠨ ᠱᠣᠷᠬᠢᠷᠠᠨ ᠤᠬᠢᠯᠠᠵᠤ ᠡᠬᠢᠯᠡᠪᠡ᠃
ᠭᠡᠨᠡᠳᠲᠡ ᠬᠤᠷᠴᠠ ᠭᠡᠷᠡᠯ ᠭᠢᠯᠠᠰᠴᠤ ᠠᠶᠤᠮᠰᠢᠭᠲᠠᠢ ᠳᠦᠷᠢ ᠲᠡᠢ ᠵᠢᠵᠢᠭᠬᠡᠨ ᠬᠥᠮᠦᠨ ᠭᠠᠷᠴᠤ ᠢᠷᠡᠯ᠎ᠡ᠃
ᠣᠷᠣᠢ ᠶ᠋ᠢᠨ ᠮᠡᠨᠳᠦ᠂ ᠲᠡᠭᠡᠷᠮᠡᠴᠢᠨ ᠦ᠌ ᠥᠬᠢᠨ ᠶᠠᠭᠤᠨ ᠳ᠋ᠤ᠌ ᠤᠬᠢᠯᠠᠪᠠ ᠪᠣᠢ?
ᠦ ᠪᠢ ᠰᠦᠷᠡᠯ ᠢ᠋ᠶ᠋ᠡᠷ ᠠᠯᠲᠠ ᠡᠭᠡᠷᠡᠬᠦ ᠶᠣᠰᠣᠲᠠᠢ᠂ ᠶᠠᠭᠠᠬᠢᠵᠤ ᠲᠡᠷᠡ ᠶ᠋ᠢ ᠭᠡᠬᠦ ᠪᠡᠨ ᠮᠡᠳᠡᠳᠡᠭ ᠦᠭᠡᠢ᠃
ᠦ ᠪᠢ ᠴᠢᠮ᠎ᠠ ᠳ᠋ᠤ᠌ ᠡᠭᠡᠷᠡᠵᠦ ᠦᠭᠭᠦᠪᠡᠯ ᠴᠢ ᠨᠠᠳᠠ ᠳ᠋ᠤ᠌ ᠶᠠᠭ ᠶᠠᠭᠤ ᠥᠭᠬᠦ ᠪᠣᠢ?
ᠪᠢ ᠴᠢᠮ᠎ᠠ ᠳ᠋ᠤ᠌ ᠵᠡᠭᠦᠯᠲᠡ ᠪᠡᠨ ᠥᠭᠴᠦ ᠪᠣᠯᠤᠨ᠎ᠠ᠃
ᠣᠳᠣᠢ ᠡᠷ᠎ᠡ ᠵᠡᠭᠦᠯᠲᠡ ᠶ᠋ᠢ ᠨᠢ ᠠᠪᠴᠤ ᠡᠭᠡᠷᠡᠭᠦᠯ ᠦ᠋ᠨ ᠡᠮᠦᠨ᠎ᠡ ᠰᠠᠭᠤᠭᠠᠳ ᠸᠠᠷ ᠸᠠᠷ ᠸᠠᠷ ᠭᠡᠵᠦ ᠭᠤᠷᠪᠠᠨᠲᠠ ᠡᠷᠭᠢᠭᠦᠯᠬᠦ ᠳ᠋ᠦ᠍ ᠳᠡᠮᠪᠡᠷᠢᠳᠡᠭᠦᠯᠵᠦ ᠳᠠᠷᠠᠭ᠎ᠠ ᠨᠢ ᠳᠠᠬᠢᠨ ᠠᠪᠴᠤ ᠸᠠᠷ ᠸᠠᠷ ᠸᠠᠷ ᠭᠡᠵᠦ ᠭᠤᠷᠪᠠ ᠡᠷᠭᠢᠭᠦᠯᠦᠭᠡᠳ ᠳᠦᠭᠦᠷᠭᠡᠯ᠎ᠡ᠃ ᠢᠩᠭᠢᠭᠡᠳ ᠥᠷᠯᠥᠭᠡ ᠪᠣᠯᠲᠠᠯ᠎ᠠ ᠦᠷᠭᠦᠯᠵᠢᠯᠡᠪᠡ᠂ ᠪᠦᠬᠦ ᠰᠦᠷᠡᠯ ᠢ᠋ ᠡᠭᠡᠷᠴᠦ ᠪᠦᠬᠦ ᠰᠠᠪᠠ ᠠᠯᠲᠠ ᠪᠠᠷ ᠳᠦᠭᠦᠷᠦᠯ᠎ᠡ᠃
ᠪᠠᠶᠠᠷᠯᠠᠯ᠎ᠠ ᠣᠳᠣᠢ ᠮᠢᠨᠢ᠂ ᠬᠡᠨ ᠭᠡᠳᠡᠭ ᠢ᠋ ᠴᠢᠨᠢ ᠮᠡᠳᠡᠵᠦ ᠪᠣᠯᠬᠤ ᠤᠤ᠂ ᠨᠡᠷ᠎ᠡ ᠴᠢᠨᠢ ᠬᠡᠨ ᠪᠣᠢ?
ᠣᠳᠣᠢ ᠢᠨᠢᠶᠡᠭᠡᠳ ᠲᠡᠷᠡ ᠳᠣᠣᠷ᠎ᠠ ᠪᠠᠨ ᠠᠯᠠᠭ᠎ᠠ ᠪᠣᠯᠴᠢᠬᠠᠯ᠎ᠠ᠃
ᠨᠠᠷᠠ ᠮᠠᠨᠳᠤᠬᠤ ᠳ᠋ᠤ᠌ ᠬᠠᠭᠠᠨ ᠣᠷᠣᠵᠤ ᠢᠷᠡᠯ᠎ᠡ᠂ ᠠᠯᠲᠠ ᠶ᠋ᠢ ᠬᠠᠷᠠᠭᠰᠠᠨ ᠬᠠᠭᠠᠨ ᠠᠯᠮᠠᠢᠷᠠᠵᠤ ᠣᠷᠬᠢᠪᠠ᠃
ᠠᠢ ᠪᠤᠷᠬᠠᠨ ᠮᠢᠨᠢ ᠰᠠᠭᠰᠠᠭᠤ ᠠᠪᠤ ᠶ᠋ᠢ ᠴᠢᠨᠢ ᠨᠠᠳᠠ ᠳ᠋ᠤ᠌ ᠬᠤᠳᠠᠯ ᠢ᠋ᠶ᠋ᠠᠷ ᠶᠠᠷᠢᠯ᠎ᠠ ᠭᠡᠵᠦ ᠪᠣᠳᠣᠭᠰᠠᠨ ᠶᠤᠮ᠂ ᠣᠳᠣ ᠶᠠᠪᠤᠵᠤ ᠠᠮᠠᠷᠠ᠂ ᠣᠷᠣᠢ ᠪᠢ ᠲᠠᠨ ᠲᠠᠢ ᠠᠭᠤᠯᠵᠠᠨ᠎ᠠ᠃
ᠲᠡᠭᠡᠷᠮᠡᠴᠢᠨ ᠦ᠌ ᠥᠬᠢᠨ᠂ ᠬᠠᠭᠠᠨ ᠥᠪᠡᠷ ᠢ᠋ ᠱᠠᠩᠨᠠᠭᠠᠳ ᠭᠡᠷ ᠲᠦ᠍ ᠨᠢ ᠲᠠᠢᠪᠤᠩ ᠪᠤᠴᠠᠭᠠᠨ᠎ᠠ ᠭᠡᠵᠦ ᠪᠣᠳᠣᠵᠠᠢ᠂ ᠭᠡᠪᠡᠴᠦ ᠣᠷᠣᠢ ᠪᠣᠯᠬᠤ ᠳ᠋ᠤ᠌ ᠰᠢᠨᠤᠯ ᠲᠠᠢ ᠬᠠᠭᠠᠨ ᠲᠡᠭᠦᠨ ᠢ᠋ ᠰᠦᠷᠡᠯ ᠳᠦᠭᠦᠷᠭᠡᠭᠰᠡᠨ ᠪᠠᠰᠠ ᠨᠢᠭᠡ ᠥᠷᠥᠭᠡᠨ ᠳ᠋ᠦ᠍ ᠣᠷᠣᠭᠤᠯᠪᠠ᠂ ᠡᠮᠦᠨᠡᠬᠢ ᠥᠷᠥᠭᠡᠨ ᠡᠴᠡ ᠲᠣᠮᠣ ᠥᠷᠥᠭᠡ ᠪᠠᠢᠯ᠎ᠠ᠃
ᠥᠪᠡᠷ ᠦ᠋ᠨ ᠢ᠋ᠶ᠋ᠡᠨ ᠪᠣᠯᠤᠨ ᠠᠪᠤ ᠶ᠋ᠢᠨ ᠢ᠋ᠶ᠋ᠡᠨ ᠠᠮᠢᠨ ᠳ᠋ᠤ᠌ ᠬᠠᠢᠷᠠᠲᠠᠢ ᠯᠠ ᠶᠤᠮ ᠪᠣᠯ ᠡᠨᠡ ᠶ᠋ᠢ ᠥᠨᠥ ᠰᠥᠨᠢ ᠠᠯᠲᠠ ᠪᠣᠯᠭᠠᠵᠤ ᠡᠭᠡᠷᠡᠭᠦᠯᠳᠡᠬᠦ ᠶᠣᠰᠣᠲᠠᠢ ᠰᠢᠦ᠂ ᠥᠬᠢᠨ ᠶᠠᠭᠤ ᠭᠡᠬᠦ ᠪᠡᠨ ᠮᠡᠳᠡᠭᠰᠡᠨ ᠦᠭᠡᠢ᠂ ᠲᠡᠭᠡᠭᠡᠳ ᠳᠠᠬᠢᠭᠠᠳ ᠯᠠ ᠤᠬᠢᠯᠠᠵᠤ ᠡᠬᠢᠯᠡᠯ᠎ᠡ᠃ ᠤᠳᠠᠯ ᠦᠭᠡᠢ ᠨᠥᠭᠦᠭᠡ ᠣᠳᠣᠢ ᠳᠠᠬᠢᠭᠠᠳ ᠭᠠᠷᠴᠤ ᠢᠷᠡᠪᠡ᠃
ᠤᠬᠢᠯᠠᠬᠤ ᠪᠠᠨ ᠪᠣᠯᠢ ᠥᠬᠢᠨ ᠮᠢᠨᠢ᠂ ᠡᠨᠡ ᠪᠦᠬᠦ ᠰᠦᠷᠡᠯ ᠢ᠋ ᠠᠯᠲᠠ ᠪᠣᠯᠭᠠᠵᠤ ᠡᠭᠡᠷᠡᠪᠡᠯ ᠴᠢ ᠨᠠᠳᠠ ᠳ᠋ᠤ᠌ ᠶᠠᠭ ᠶᠠᠭᠤ ᠥᠭᠬᠦ ᠪᠣᠢ? ᠥᠬᠢᠨ ᠬᠡᠰᠡᠭ ᠪᠣᠳᠣᠭᠠᠳ ᠭᠠᠷ ᠲᠤ᠌ ᠨᠢ ᠠᠯᠲᠠᠨ ᠪᠥᠭᠡᠵᠢ ᠪᠠᠢᠭ᠎ᠠ ᠶ᠋ᠢ ᠠᠩᠵᠠᠭᠠᠷᠠᠯ᠎ᠠ᠂ ᠣᠳᠣᠢ ᠳ᠋ᠤ᠌ ᠥᠭᠴᠦ ᠴᠢᠳᠠᠬᠤ ᠰᠡᠭᠦᠯᠴᠢ ᠶ᠋ᠢᠨ ᠭᠠᠭᠴᠠ ᠵᠦᠢᠯ᠃
ᠡᠨᠡ ᠪᠥᠭᠡᠵᠢ ᠶ᠋ᠢ ᠬᠤᠷᠤᠭᠤᠨ ᠠ᠋ᠴᠠ ᠮᠢᠨᠢ ᠠᠪ ᠳᠠ᠃
ᠣᠳᠣᠢ ᠡᠷ᠎ᠡ ᠪᠥᠭᠡᠵᠢ ᠶ᠋ᠢ ᠠᠪᠤᠭᠠᠳ ᠡᠭᠡᠷᠡᠭᠦᠯ ᠢ᠋ᠶ᠋ᠡᠷ ᠢ᠋ᠶ᠋ᠡᠨ ᠡᠭᠡᠷᠴᠦ ᠡᠬᠢᠯᠡᠯ᠎ᠡ᠂ ᠮᠠᠷᠭᠠᠰᠢ ᠥᠷᠯᠥᠭᠡ ᠨᠢ ᠭᠡᠬᠦ ᠳ᠋ᠦ᠍ ᠪᠦᠬᠦ ᠰᠦᠷᠡᠯ ᠢ᠋ ᠭᠢᠯᠠᠯᠵᠠᠭᠰᠠᠨ ᠠᠯᠲᠠ ᠪᠣᠯᠭᠠᠵᠤ ᠡᠭᠡᠷᠡᠭᠰᠡᠨ ᠪᠠᠢᠪᠠ᠃
ᠮᠠᠰᠢ ᠶᠡᠬᠡ ᠪᠠᠶᠠᠷᠯᠠᠯ᠎ᠠ ᠣᠳᠣᠢ ᠮᠢᠨᠢ᠂ ᠬᠡᠨ ᠭᠡᠳᠡᠭ ᠢ᠋ ᠴᠢᠨᠢ ᠮᠡᠳᠡᠵᠦ ᠪᠣᠯᠬᠤ ᠤᠤ? ᠭᠤᠶᠤᠶ᠎ᠠ
ᠣᠳᠣᠢ ᠢᠨᠢᠶᠡᠭᠡᠳ ᠲᠡᠷᠡ ᠳᠣᠣᠷ᠎ᠠ ᠪᠠᠨ ᠠᠯᠠᠭ᠎ᠠ ᠪᠣᠯᠴᠢᠬᠠᠪᠠ᠃
ᠬᠠᠭᠠᠨ ᠣᠷᠣᠵᠤ ᠢᠷᠡᠭᠡᠳ ᠬᠠᠷᠠᠭᠰᠠᠨ ᠵᠦᠢᠯ ᠳ᠋ᠡᠭᠡᠨ ᠶᠡᠬᠡᠳᠡ ᠪᠡᠶᠡᠰᠪᠡ᠃
ᠲᠡᠭᠷᠢ ᠮᠢᠨᠢ᠂ ᠲᠠ ᠮᠠᠨ ᠤ᠋ ᠡᠵᠡᠨᠲᠦ ᠭᠦᠷᠦᠨ ᠳ᠋ᠦ᠍ ᠵᠠᠶᠠᠭᠠᠭᠰᠠᠨ ᠪᠡᠯᠡᠭ ᠶᠦᠮ ᠪᠠᠢᠨ᠎ᠠ᠂ ᠲᠠᠨ ᠤ᠋ ᠠᠪᠢᠶᠠᠰ ᠢ᠋ ᠮᠠᠭᠲᠠᠨ ᠥᠭᠦᠯᠡᠰᠦᠭᠡᠢ᠂ ᠣᠳᠣ ᠤᠨᠲᠠᠵᠤ ᠠᠮᠠᠷᠠ ᠳᠠ᠂ ᠪᠢ ᠲᠠᠨ ᠲᠠᠢ ᠣᠷᠣᠢ ᠠᠭᠤᠯᠵᠠᠶ᠎ᠠ᠃
ᠨᠠᠷᠠ ᠵᠢᠷᠭᠠᠵᠤ ᠪᠠᠢᠬᠤ ᠳ᠋ᠤ᠌ ᠬᠠᠭᠠᠨ ᠥᠬᠢᠨ ᠳᠡᠭᠡᠷ᠎ᠡ ᠢᠷᠡᠪᠡ᠂ ᠳᠠᠬᠢᠭᠠᠳ ᠳᠦᠭᠦᠷᠡᠩ ᠰᠦᠷᠡᠯ ᠲᠡᠢ᠂ ᠪᠦᠷ ᠴᠦ᠍ ᠲᠣᠮᠣ ᠥᠷᠥᠭᠡᠨ ᠳ᠋ᠦ᠍ ᠠᠪᠴᠢᠷᠠᠵᠠᠢ᠃
ᠡᠨᠡ ᠶ᠋ᠢ ᠴᠦ᠍ ᠪᠠᠰᠠ ᠰᠥᠨᠢ ᠶ᠋ᠢᠨ ᠳᠣᠲᠣᠷ᠎ᠠ ᠡᠭᠡᠷᠡᠬᠦ ᠶᠣᠰᠣᠲᠠᠢ ᠰᠢᠦ᠂ ᠡᠨᠡ ᠶ᠋ᠢ ᠭᠦᠢᠴᠡᠭᠡᠵᠦ ᠴᠢᠳᠠᠪᠠᠯ ᠮᠢᠨᠦ ᠡᠬᠡᠨᠡᠷ ᠪᠣᠯᠤᠨ᠎ᠠ᠂ ᠡᠨᠡ ᠬᠣᠷᠸ᠎ᠠ ᠳ᠋ᠤ᠌ ᠨᠠᠳᠠ ᠳ᠋ᠤ᠌ ᠲᠠᠨ ᠠ᠋ᠴᠠ ᠢᠯᠡᠭᠦᠦ ᠬᠥᠮᠦᠨ ᠣᠯᠳᠠᠬᠤ ᠦᠭᠡᠢ ᠰᠢᠦ ᠳᠧ᠃
ᠥᠬᠢᠨ ᠢ᠋ ᠭᠠᠭᠴᠠᠭᠠᠷ ᠦᠯᠡᠳᠡᠮᠡᠭᠴᠡ ᠣᠳᠣᠢ ᠭᠤᠷᠪᠠᠳᠠᠬᠢ ᠪᠠᠨ ᠭᠠᠷᠴᠤ ᠢᠷᠡᠪᠡ᠃
ᠡᠨᠡ ᠤᠳᠠᠭ᠎ᠠ ᠰᠦᠷᠡᠯ ᠢ᠋ ᠡᠭᠡᠷᠡᠴᠦ ᠥᠭᠪᠡᠯ ᠴᠢ ᠨᠠᠳᠠ ᠶᠠᠭᠤ ᠥᠭᠬᠦ ᠪᠣᠢ?
ᠨᠠᠳᠠ ᠳ᠋ᠤ᠌ ᠥᠭᠬᠦ ᠶᠠᠭᠤᠮ᠎ᠠ ᠦᠯᠡᠳᠡᠭᠡ ᠦᠭᠡᠢ
ᠦ ᠦ 
ᠵᠠ ᠵᠠ ᠪᠢᠲᠡᠭᠡᠢ ᠤᠬᠢᠯᠠ
ᠲᠡᠭᠡᠪᠡᠯ ᠬᠠᠲᠤᠨ ᠪᠣᠯᠤᠭᠰᠠᠨ ᠤ᠋ ᠳᠠᠷᠠᠭ᠎ᠠ ᠠᠩᠬᠠᠨ ᠤ᠋ ᠬᠡᠦᠬᠡᠳ ᠢ᠋ᠶ᠋ᠡᠨ ᠨᠠᠳᠠ ᠳ᠋ᠤ᠌ ᠥᠭᠭᠦᠨ᠎ᠡ ᠭᠡᠵᠦ ᠠᠮᠠᠯᠠ
ᠥᠬᠢᠨ ᠳ᠋ᠦ᠍ ᠵᠥᠪᠰᠢᠶᠡᠷᠡᠬᠦ ᠡᠴᠡ ᠥᠭᠡᠷ᠎ᠡ ᠠᠷᠭ᠎ᠠ ᠪᠠᠢᠭᠰᠠᠨ ᠦᠭᠡᠢ᠃
ᠬᠡᠯᠡᠭᠰᠡᠨ ᠦᠭᠡ ᠪᠡᠨ ᠮᠠᠷᠲᠠᠬᠤ ᠦᠭᠡᠢ ᠭᠡᠵᠦ ᠨᠠᠳᠠ ᠳ᠋ᠤ᠌ ᠠᠮᠠᠯᠠ
ᠲᠡᠢᠮᠦ ᠠ᠋ ᠠᠮᠠᠯᠠᠵᠤ ᠪᠠᠢᠨ᠎ᠠ
ᠣᠳᠣᠢ ᠡᠷ᠎ᠡ ᠰᠦᠷᠡᠯ ᠡᠭᠡᠷᠡᠯ᠎ᠡ᠂ ᠤᠷᠢᠳᠤ ᠡᠮᠦᠨᠡᠬᠢ ᠡᠴᠡ ᠴᠦ᠍ ᠬᠤᠷᠳᠤᠨ ᠪᠦᠬᠦ ᠰᠦᠷᠡᠯ ᠢ᠋ ᠠᠯᠲᠠ ᠪᠣᠯᠭᠠᠵᠤ ᠡᠭᠡᠷᠡᠯ᠎ᠡ᠂ ᠥᠷᠯᠥᠭᠡ ᠬᠠᠭᠠᠨ ᠪᠦᠬᠦ ᠠᠵᠢᠯ ᠢ᠋ ᠬᠦᠰᠡᠭᠰᠡᠨ ᠶᠣᠰᠣᠭᠠᠷ ᠳᠠᠭᠤᠰᠬᠠᠭᠰᠠᠨ ᠢ᠋ ᠬᠠᠷᠠᠯ᠎ᠠ᠃
ᠠ᠋ ᠲᠡᠭᠷᠢ ᠮᠢᠨᠢ᠂ ᠲᠠ ᠥᠪᠡᠷ ᠢ᠋ ᠪᠡᠨ ᠬᠠᠩᠭᠠᠯᠲᠠᠢ ᠪᠠᠲᠤᠯᠠᠯ᠎ᠠ᠂ ᠪᠢ ᠲᠠᠨ ᠲᠠᠢ ᠮᠠᠷᠭᠠᠰᠢ ᠭᠡᠷᠯᠡᠨ᠎ᠡ ᠵᠠ ᠤᠤ
ᠲᠡᠭᠡᠷᠮᠡᠴᠢᠨ ᠦ᠌ ᠬᠥᠭᠡᠷᠦᠬᠦᠨ ᠥᠬᠢᠨ ᠬᠠᠲᠤᠨ ᠪᠣᠯᠤᠯ᠎ᠠ᠂ ᠬᠡᠳᠦᠨ ᠵᠢᠯ ᠦ᠋ᠨ ᠳᠠᠷᠠᠭ᠎ᠠ ᠲᠡᠷᠡ ᠨᠢᠭᠡᠨ ᠬᠡᠦᠬᠡᠳ ᠳᠦᠷᠦᠭᠦᠯᠦᠯ᠎ᠡ᠂ ᠣᠳᠣ ᠲᠡᠭᠡᠬᠦ ᠳ᠋ᠦ᠍ ᠠᠮᠠᠯᠠᠯᠲᠠ ᠪᠠᠨ ᠮᠠᠷᠲᠠᠵᠠᠢ᠃
ᠨᠢᠭᠡᠨ ᠡᠳᠦᠷ ᠥᠷᠥᠭᠡᠨ ᠳ᠋ᠡᠭᠡᠨ ᠭᠠᠭᠴᠠᠭᠠᠷ ᠢ᠋ᠶ᠋ᠠᠨ ᠪᠠᠢᠬᠤ ᠳ᠋ᠤ᠌ ᠨᠢ ᠣᠳᠣᠢ ᠡᠷ᠎ᠡ ᠥᠷᠥᠭᠡᠨ ᠳ᠋ᠦ᠍ ᠭᠠᠷᠴᠤ ᠢᠷᠡᠯ᠎ᠡ᠂ ᠠᠮᠠᠯᠠᠯᠲᠠ ᠪᠠᠨ ᠮᠠᠷᠲᠠᠭ᠎ᠠ ᠤᠤ ᠬᠠᠲᠤᠨᠲᠠᠨ ᠠ
ᠦᠭᠡᠢ ᠪᠢ ᠰᠠᠨᠠᠵᠤ ᠪᠠᠢᠨ᠎ᠠ᠂ ᠭᠡᠪᠡᠴᠦ ᠪᠢ ᠬᠡᠦᠬᠡᠳ ᠲᠡᠭᠡᠨ ᠮᠠᠰᠢ ᠶᠡᠬᠡ ᠬᠠᠢᠷᠠᠲᠠᠢ᠂ ᠪᠢ ᠲᠠᠨ ᠠ᠋ᠴᠠ ᠨᠢᠭᠡ ᠶᠠᠭᠤᠮ᠎ᠠ ᠭᠤᠶᠤᠵᠤ ᠪᠣᠯᠬᠤ ᠤᠤ?
ᠦ ᠪᠢ ᠣᠳᠣ ᠬᠠᠲᠤᠨ ᠪᠣᠯᠤᠭᠰᠠᠨ᠂ ᠬᠡᠦᠬᠡᠳ ᠦ᠋ᠨ ᠮᠢᠨᠢ ᠣᠷᠣᠨ ᠳ᠋ᠤ᠌ ᠨᠠᠳᠠ ᠠ᠋ᠴᠠ ᠶᠠᠭᠤ ᠬᠦᠰᠡᠭᠰᠡᠨ ᠢ᠋ᠶ᠋ᠡᠨ ᠬᠦᠰᠡᠵᠦ ᠪᠣᠯᠤᠨ᠎ᠠ᠂ ᠪᠢ ᠲᠠᠨ ᠳ᠋ᠤ᠌ ᠬᠦᠰᠡᠭᠰᠡᠨ ᠢ᠋ ᠴᠢᠨᠢ ᠥᠭᠴᠦ ᠴᠢᠳᠠᠨ᠎ᠠ
ᠦᠭᠡᠢ᠂ ᠨᠠᠳᠠ ᠳ᠋ᠤ᠌ ᠣᠷᠴᠢᠯᠠᠩ ᠤ᠋ᠨ ᠪᠦᠬᠦ ᠡᠷᠳᠡᠨᠢᠰ ᠡᠴᠡ ᠢᠯᠡᠭᠦᠦ ᠠᠮᠢᠳᠤ ᠶᠠᠭᠤᠮ᠎ᠠ ᠬᠡᠷᠡᠭᠲᠡᠢ
ᠣᠳᠣᠢ ᠮᠢᠨᠢ᠂ᠪᠢ ᠲᠠᠨ ᠠ᠋ᠴᠠ ᠭᠤᠶᠤᠵᠤ ᠪᠠᠢᠨ᠎ᠠ ᠭᠤᠶᠤᠶ᠎ᠠ᠂ ᠬᠡᠦᠬᠡᠳ ᠢ᠋ ᠮᠢᠨᠢ ᠦᠯᠡᠳᠡᠭᠡᠴᠢ ᠳᠧ ᠭᠤᠶᠤᠶ᠎ᠠ᠃
ᠣᠳᠣᠢ ᠡᠷ᠎ᠡ ᠲᠡᠭᠦᠨ ᠢ᠋ ᠦᠷᠦ ᠡᠪᠡᠳᠴᠡᠢ᠂ ᠲᠡᠷᠡ ᠨᠡᠷ᠎ᠡ ᠶ᠋ᠢ ᠨᠢ ᠳᠠᠭᠠᠬᠤ ᠭᠠᠭᠴᠠ ᠪᠣᠯᠵᠣᠯ ᠲᠠᠯᠪᠢᠪᠠ᠂ ᠪᠢ ᠲᠠᠨ ᠳ᠋ᠤ᠌ ᠭᠤᠷᠪᠠᠨ ᠡᠳᠦᠷ ᠥᠭᠭᠦᠶ᠎ᠡ᠂ ᠡᠨᠡ ᠬᠤᠭᠤᠴᠠᠭ᠎ᠠ ᠳᠠᠭᠤᠰᠬᠤ ᠳ᠋ᠤ᠌ ᠲᠠ ᠮᠢᠨᠦ ᠨᠡᠷ᠎ᠡ ᠶ᠋ᠢ ᠳᠠᠭᠠᠵᠤ ᠴᠢᠳᠠᠬᠤ ᠦᠭᠡᠢ ᠪᠣᠯ ᠬᠡᠦᠬᠡᠳ ᠢ᠋ᠶ᠋ᠡᠨ ᠨᠠᠳᠠ ᠳ᠋ᠤ᠌ ᠥᠭᠬᠦ ᠶᠣᠰᠣᠲᠠᠢ ᠰᠢᠦ ᠬᠠ ᠬᠠ᠃
ᠪᠠᠶᠠᠷᠯᠠᠯ᠎ᠠ ᠣᠳᠣᠢ ᠮᠢᠨᠢ᠂ ᠪᠢ ᠲᠠᠨ ᠤ᠋ ᠠᠯᠳᠠᠷ ᠢ᠋ ᠣᠯᠬᠤ ᠪᠣᠯᠤᠨ᠎ᠠ᠃
ᠵᠠ ᠵᠠ᠂ ᠪᠢ ᠮᠠᠷᠭᠠᠰᠢ ᠡᠷᠭᠢᠵᠦ ᠢᠷᠡᠨ᠎ᠡ᠃
ᠬᠠᠲᠤᠨ ᠰᠥᠨᠢᠵᠢᠨ ᠤᠷᠢᠳ ᠬᠣᠵᠢᠳ ᠰᠣᠨᠣᠰᠴᠤ ᠪᠠᠢᠭᠰᠠᠨ ᠨᠡᠷ᠎ᠡ ᠨᠤᠭᠤᠳ ᠢ᠋ᠶ᠋ᠠᠨ ᠪᠣᠳᠣᠪᠠ᠂ ᠮᠠᠷᠭᠠᠰᠢ ᠨᠢ ᠪᠠᠢᠵᠤ ᠪᠣᠯᠬᠤ ᠪᠦᠬᠦ ᠨᠡᠷᠡᠰ ᠢ᠋ ᠮᠡᠳᠡᠭᠦᠯᠬᠦ ᠪᠡᠷ ᠡᠯᠴᠢ ᠶᠠᠪᠤᠭᠤᠯᠪᠠ ᠭᠡᠨ᠎ᠡ᠃
ᠵᠠ ᠮᠢᠨᠦ ᠨᠡᠷ᠎ᠡ ᠶ᠋ᠢ ᠪᠣᠳᠣᠵᠤ ᠣᠯᠪᠠ ᠤᠤ?
ᠲᠡᠢᠮᠦ ᠠ᠋᠂ ᠲᠠᠨ ᠤ᠋ ᠨᠡᠷ᠎ᠡ ᠺᠡᠰᠹᠢᠷᠤ᠋
ᠬᠠ ᠬᠠ ᠮᠢᠨᠦ ᠨᠡᠷ᠎ᠡ ᠪᠢᠰᠢ ᠪᠠᠢᠨ᠎ᠠ
ᠲᠠᠨ ᠤ᠋ ᠨᠡᠷ᠎ᠡ ᠮᠸ᠋ᠷᠺᠶᠤᠷ
ᠦᠭᠡᠢ ᠳᠧ ᠪᠢᠰᠢ
ᠪᠠᠷᠲ᠋ᠠᠽᠠᠷ
ᠦᠭᠡᠢ ᠬᠠ ᠬᠠ
ᠬᠠᠲᠤᠨ ᠮᠡᠳᠡᠳᠡᠭ ᠪᠦᠬᠦ ᠨᠡᠷ᠎ᠡ ᠪᠡᠨ ᠳᠠᠪᠲᠠᠵᠤ ᠬᠡᠯᠡᠭᠡᠳ ᠡᠯᠴᠢ ᠶ᠋ᠢᠨ ᠥᠭᠭᠦᠭᠰᠡᠨ ᠪᠦᠬᠦ ᠵᠢᠭᠰᠠᠭᠠᠯᠲᠠ ᠶ᠋ᠢ ᠳᠠᠭᠤᠳᠠᠪᠠ᠂ ᠭᠡᠪᠡᠴᠦ ᠨᠡᠷ᠎ᠡ ᠬᠡᠯᠡᠪᠡᠯ ᠣᠳᠣᠢ ᠡᠷ᠎ᠡ ᠦᠭᠡᠢ ᠭᠡᠵᠦ ᠬᠡᠯᠡᠭᠡᠳ ᠢᠨᠢᠶᠡᠨ᠎ᠡ᠃
ᠡᠨᠡ ᠡᠳᠦᠷ ᠲᠡᠭᠡᠨ ᠬᠠᠩᠭᠠᠯᠲᠠ ᠲᠠᠢ᠂ ᠪᠢ ᠮᠠᠷᠭᠠᠰᠢ ᠡᠷᠭᠢᠵᠦ ᠢᠷᠡᠨ᠎ᠡ᠂ ᠪᠡᠯᠡᠳᠬᠡᠯ ᠲᠡᠢ ᠪᠠᠢᠭᠠᠷᠠᠢ᠃
ᠬᠣᠶᠠᠳᠠᠬᠢ ᠡᠳᠦᠷ ᠬᠠᠲᠤᠨ ᠬᠥᠷᠰᠢ ᠤᠯᠤᠰ ᠤᠷᠤᠭᠤ ᠬᠠᠮᠤᠭ ᠤ᠋ᠨ ᠥᠪᠡᠷᠮᠢᠴᠡ ᠳᠠᠪᠲᠠᠭᠳᠠᠰᠢ ᠦᠭᠡᠢ ᠨᠡᠷ᠎ᠡ ᠨᠤᠭᠤᠳ ᠢ᠋ ᠬᠠᠢᠯᠭᠠᠵᠤ ᠡᠯᠴᠢ ᠶᠠᠪᠤᠭᠤᠯᠵᠠᠢ᠃ ᠣᠳᠣᠢ ᠡᠷ᠎ᠡ ᠣᠷᠣᠢ ᠨᠢ ᠢᠷᠡᠯ᠎ᠡ᠂ ᠬᠠᠲᠤᠨ ᠵᠢᠭᠰᠠᠭᠠᠯᠲᠠ ᠪᠠᠨ ᠪᠠᠷᠢᠭᠠᠳ ᠪᠡᠯᠡᠨ ᠪᠠᠢᠵᠤ ᠪᠠᠢᠪᠠ᠃
ᠲᠠᠨ ᠤ᠋ ᠨᠡᠷ᠎ᠡ ᠰᠢᠷᠠᠭᠰᠠᠨ ᠬᠠᠪᠢᠷᠭ᠎ᠠ ᠤᠤ?
ᠬᠦ ᠬᠦ ᠬᠠ ᠬᠠ᠂ ᠮᠢᠨᠦ ᠨᠡᠷ᠎ᠡ ᠪᠢᠰᠢ ᠪᠠᠢᠨ᠎ᠠ᠃
ᠬᠤᠨᠠᠨ ᠬᠣᠯᠪᠣᠭ᠎ᠠ ᠤᠤ?
ᠬᠠ ᠬᠠ ᠦᠭᠡᠢ ᠳᠧ ᠪᠢᠰᠢ
ᠡᠭᠡᠷᠡᠭᠦᠯ ᠦ᠋ᠨ ᠰᠠᠭᠤᠷᠢ
ᠦᠭᠡᠢ ᠬᠦ ᠬᠦ
ᠬᠠᠲᠤᠨ ᠵᠢᠭᠰᠠᠭᠠᠯᠲᠠ ᠳ᠋ᠠᠬᠢ ᠪᠦᠬᠦ ᠨᠡᠷ᠎ᠡ ᠶ᠋ᠢ ᠬᠡᠯᠡᠭᠰᠡᠨ ᠴᠦ᠍ ᠨᠡᠷ᠎ᠡ ᠪᠦᠷᠢ ᠶ᠋ᠢᠨ ᠳᠠᠷᠠᠭ᠎ᠠ ᠣᠳᠣᠢ ᠡᠷ᠎ᠡ ᠦᠭᠡᠢ ᠭᠡᠵᠦ ᠬᠠᠷᠢᠭᠤᠯᠤᠨ᠎ᠠ᠃
ᠮᠠᠷᠭᠠᠰᠢ ᠰᠡᠭᠦᠯᠴᠢ ᠶ᠋ᠢᠨ ᠡᠳᠦᠷ ᠰᠢᠦ᠂ ᠬᠠᠲᠤᠨ ᠮᠢᠨᠢ ᠲᠠ ᠬᠡᠦᠬᠡᠳ ᠢ᠋ᠶ᠋ᠡᠨ ᠠᠪᠤᠷᠠᠵᠤ ᠴᠢᠳᠠᠬᠤ ᠦᠭᠡᠢ ᠯᠡ ᠪᠣᠯᠪᠠ ᠤᠤ? ᠬᠠ ᠬᠠ
ᠬᠠᠲᠤᠨ ᠰᠠᠨᠠᠭ᠎ᠠ ᠵᠣᠪᠠᠯ᠎ᠠ᠂ ᠭᠡᠪᠡᠴᠦ ᠭᠤᠷᠪᠠᠳᠠᠬᠢ ᠡᠳᠦᠷ ᠬᠠᠲᠤᠨ ᠡᠯᠴᠢ ᠡᠴᠡ ᠰᠣᠨᠢᠨ ᠶᠠᠭᠤᠮ᠎ᠠ ᠰᠣᠨᠣᠰᠤᠯ᠎ᠠ᠃
ᠪᠢ ᠰᠢᠨ᠎ᠡ ᠨᠡᠷ᠎ᠡ ᠨᠢᠭᠡ ᠶ᠋ᠢ ᠴᠦ᠍ ᠣᠯᠵᠤ ᠴᠢᠳᠠᠭᠰᠠᠨ ᠦᠭᠡᠢ᠂ ᠭᠡᠪᠡᠴᠦ ᠣᠢ ᠶ᠋ᠢᠨ ᠬᠠᠵᠠᠭᠤ ᠪᠠᠷ ᠶᠠᠪᠤᠵᠤ ᠪᠠᠢᠭᠠᠳ ᠥᠨᠳᠥᠷ ᠲᠤᠯᠤᠭᠠᠳ ᠥᠭᠡᠳᠡ ᠭᠠᠷᠲᠠᠯ᠎ᠠ ᠣᠢᠷᠠᠯᠴᠠᠭ᠎ᠠ ᠨᠢᠭᠡ ᠵᠢᠵᠢᠭ ᠪᠠᠢᠰᠢᠩ ᠪᠠᠢᠯ᠎ᠠ᠂ ᠪᠠᠢᠰᠢᠩ ᠤ᠋ᠨ ᠡᠮᠦᠨ᠎ᠡ ᠲᠦᠳᠡᠭ ᠭᠠᠯ ᠢ᠋ ᠲᠣᠭᠣᠷᠢᠭᠠᠳ ᠨᠢᠭᠡᠨ ᠵᠢᠵᠢᠭᠬᠡᠨ ᠬᠥᠮᠦᠨ ᠪᠥᠵᠢᠭᠯᠡᠵᠦ ᠥᠷᠥᠭᠡᠰᠦᠨ ᠬᠥᠯ ᠳᠡᠭᠡᠷ᠎ᠡ ᠪᠡᠨ ᠦᠰᠦᠷᠦᠨ ᠳᠠᠭᠤᠯᠠᠵᠤ ᠪᠠᠢᠭᠰᠠᠨ ᠶᠤᠮ᠂ ᠥᠨᠥᠳᠥᠷ ᠴᠢᠭᠯᠡᠨ᠎ᠡ᠂ ᠮᠠᠷᠭᠠᠰᠢ ᠢᠷᠡᠨ᠎ᠡ᠂ ᠮᠠᠷᠭᠠᠰᠢ ᠬᠠᠲᠤᠨ ᠤ᠋ ᠬᠡᠦᠬᠡᠳ ᠢᠷᠡᠨ᠎ᠡ ᠳᠧ ᠬᠦ ᠬᠦ᠂ ᠬᠡᠨ ᠴᠦ᠍ ᠮᠡᠳᠡᠬᠦ ᠦᠭᠡᠢ ᠰᠠᠢᠬᠠᠨ ᠳᠠ᠂ ᠮᠢᠨᠦ ᠨᠡᠷ᠎ᠡ ᠷᠦᠩᠫᠸᠯ ᠱᠲ᠋ᠢᠯᠢᠴᠭᠸ ᠬᠡ ᠬᠡ᠃
ᠶᠠᠭ ᠵᠥᠪ᠂ ᠶᠠᠮᠠᠷ ᠶᠡᠬᠡ ᠪᠠᠶᠠᠷᠯᠠᠵᠤ ᠪᠠᠢᠭ᠎ᠠ ᠶ᠋ᠢ ᠮᠢᠨᠢ ᠴᠢ ᠴᠦ᠍ ᠮᠡᠳᠡᠬᠦ ᠦᠭᠡᠢ ᠳᠧ᠃
ᠬᠠᠲᠤᠨ ᠲᠡᠷᠡ ᠳᠠᠷᠤᠢ ᠵᠡᠭᠦᠯᠲᠡ ᠪᠡᠨ ᠲᠠᠢᠯᠵᠤ ᠡᠯᠴᠢ ᠳ᠋ᠦ᠍ ᠱᠠᠩᠨᠠᠯ ᠪᠣᠯᠭᠠᠵᠤ ᠥᠭᠪᠡ᠂ ᠬᠡᠰᠡᠭ ᠬᠤᠭᠤᠴᠠᠭᠠᠨ ᠤ᠋ ᠳᠠᠷᠠᠭ᠎ᠠ ᠣᠳᠣᠢ ᠡᠷ᠎ᠡ ᠭᠠᠷᠴᠤ ᠢᠷᠡᠯ᠎ᠡ᠃
ᠵᠠ ᠬᠠᠲᠤᠨ ᠮᠢᠨᠢ᠂ ᠮᠢᠨᠦ ᠨᠡᠷ᠎ᠡ ᠬᠡᠨ ᠪᠢᠯᠡ᠃
ᠲᠠᠨ ᠢ᠋ ᠵᠸᠢᠺᠡ ᠭᠡᠳᠡᠭ ᠤᠤ
ᠦᠭᠡᠢ ᠬᠡ ᠬᠡ
ᠲᠠᠨ ᠹᠷᠢ ᠭᠡᠳᠡᠭ ᠤᠤ
ᠦᠭᠡᠢ ᠳᠧ ᠦᠭᠡᠢ ᠦᠭᠡᠢ
ᠲᠡᠭᠡᠪᠡᠯ ᠲᠠᠨ ᠤ᠋ ᠨᠡᠷ᠎ᠡ ᠷᠦᠩᠫᠸᠯ ᠱᠲ᠋ᠢᠯᠢᠴᠭᠸ ᠪᠠᠢᠬᠤ ᠨᠢ ᠠ᠋
ᠴᠢᠳᠬᠥᠷ ᠴᠢᠮ᠎ᠠ ᠳ᠋ᠤ᠌ ᠬᠡᠯᠡᠴᠢᠬᠡᠵᠡᠢ᠂ ᠴᠢᠳᠬᠥᠷ ᠴᠢᠮ᠎ᠠ ᠳ᠋ᠤ᠌ ᠬᠡᠯᠡᠴᠢᠬᠡᠵᠡᠢ᠃
ᠠᠭᠤᠷ ᠲᠠᠭᠠᠨ ᠭᠠᠵᠠᠷ ᠳᠡᠪᠰᠡᠲᠡᠯ᠎ᠡ ᠪᠠᠷᠠᠭᠤᠨ ᠬᠥᠯ ᠨᠢ ᠡᠪᠦᠳᠦᠭ ᠢ᠋ᠶ᠋ᠡᠨ ᠳᠠᠪᠠᠲᠠᠯ᠎ᠠ ᠭᠠᠵᠠᠷ ᠲᠤ᠌ ᠰᠢᠭᠢᠳᠴᠢᠬᠡᠪᠡ᠂ ᠳᠠᠷᠠᠭ᠎ᠠ ᠨᠢ ᠶᠡᠬᠡᠳᠡ ᠠᠭᠤᠷᠯᠠᠵᠤ ᠬᠣᠶᠠᠷ ᠭᠠᠷ ᠢ᠋ᠶ᠋ᠠᠷ ᠢ᠋ᠶ᠋ᠠᠨ ᠵᠡᠭᠦᠨ ᠬᠥᠯ ᠢ᠋ᠶ᠋ᠡᠨ ᠴᠢᠩᠭᠠᠭᠠᠳ ᠥᠪᠡᠷ ᠢ᠋ ᠪᠡᠨ ᠬᠣᠶᠠᠷ ᠬᠤᠪᠢᠶᠠᠴᠢᠬᠠᠪᠠ᠂ ᠢᠩᠭᠢᠭᠡᠳ ᠷᠦᠩᠫᠸᠯ ᠱᠲ᠋ᠢᠯᠢᠴᠭᠸ ᠪᠠᠢᠬᠤ ᠦᠭᠡᠢ ᠪᠣᠯᠤᠯ᠎ᠠ᠃
ᠢᠩᠭᠢᠭᠡᠳ ᠬᠠᠲᠤᠨ ᠬᠠᠭᠠᠨ ᠬᠡᠦᠬᠡᠨ ᠬᠣᠶᠠᠷ ᠲᠠᠢ ᠪᠠᠨ ᠠᠮᠤᠷ ᠰᠠᠢᠬᠠᠨ ᠳ᠋ᠠᠭᠠᠨ ᠵᠢᠷᠭᠠᠭᠰᠠᠨ ᠶᠤᠮ᠃

   ᠦᠰᠦᠭ ᠠᠮᠢᠯᠠᠭᠤᠯᠤᠭᠴᠢ᠄ᠨᠠᠷᠠᠨᠵᠦ᠋ᠭ᠂ ᠠᠰᠬ᠎ᠠ
   ᠦᠰᠦᠭ ᠬᠠᠲᠠᠭᠴᠢ᠄ ᠬᠠᠪᠤᠷᠵᠢᠶ᠎ᠠ
   ᠦᠰᠦᠭ ᠬᠢᠨᠠᠭᠴᠢ᠄ᠢᠷᠡᠭᠡᠳᠦᠢ᠂ ᠭᠠᠷᠮ᠎ᠠ᠂ ᠣᠳᠬᠠᠨᠰᠤᠸ᠎ᠠ