ᠲᠡᠷᠭᠡᠨ ᠦ᠌ ᠢᠷᠦᠭᠡᠯ- ᠣᠷᠳᠣᠰ ᠮᠣᠩᠭᠣᠯ ᠤ᠋ᠨ ᠰᠠᠭᠠᠳᠠᠭ- ᠬᠡᠷᠡᠢᠳ ᠤᠨ ᠪ·ᠬᠡᠢᠷᠦᠪТэргэний ерөөл-ордос монголын саадаг-хэрэйдийн б·Хийрүб ᠢᠷᠥᠭᠡᠯ ᠮᠠᠭᠲᠠᠭᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠡᠷᠭᠡᠨ ᠦ᠌ ᠢᠷᠦᠭᠡᠯ- ᠣᠷᠳᠣᠰ ᠮᠣᠩᠭᠣᠯ ᠤ᠋ᠨ ᠰᠠᠭᠠᠳᠠᠭ- ᠬᠡᠷᠡᠢᠳ ᠤᠨ ᠪ·ᠬᠡᠢᠷᠦᠪТэргэний ерөөл-ордос монголын саадаг-хэрэйдийн б·Хийрүб

ᠲᠡᠷᠭᠡᠨ ᠦ᠌ ᠢᠷᠦᠭᠡᠯ- ᠣᠷᠳᠣᠰ ᠮᠣᠩᠭᠣᠯ ᠤ᠋ᠨ ᠰᠠᠭᠠᠳᠠᠭ- ᠬᠡᠷᠡᠢᠳ ᠤᠨ ᠪ·ᠬᠡᠢᠷᠦᠪТэргэний ерөөл-ордос монголын саадаг-хэрэйдийн б·Хийрүб

2023-05-22

551

ᠲᠡᠷᠭᠡᠨ ᠦ᠌ ᠢᠷᠦᠭᠡᠯ- ᠣᠷᠳᠣᠰ ᠮᠣᠩᠭᠣᠯ ᠤ᠋ᠨ ᠰᠠᠭᠠᠳᠠᠭ

    ᠵᠣᠬᠢᠶᠠᠭ᠍ᠴᠢ᠂ ᠢᠷᠦᠭᠡᠯᠴᠢ ᠬᠡᠷᠡᠢᠳ ᠤᠨ ᠪ·ᠬᠡᠢᠷᠦᠪ


ᠤᠸᠮ ᠰᠠᠢᠨ ᠠᠮᠤᠭᠤᠯᠠᠩ ᠲᠠᠨ ᠪᠣᠯᠲᠤᠭᠠᠢ! 

ᠤᠯᠠᠮ ᠰᠠᠢᠨ ᠵᠢᠷᠭᠠᠯᠠᠩ ᠲᠠᠨ ᠪᠣᠯᠲᠤᠭᠠᠢ!
ᠡᠷᠲᠡ ᠢᠵᠠᠭᠤᠷ ᠴᠠᠭ ᠠ᠋ᠴᠠ ᠤᠯᠠᠮᠵᠢᠯᠠᠵᠤ ᠢᠷᠡᠭᠰᠡᠨ
ᠡᠵᠡᠨ ᠲᠡᠭᠷᠢ ᠡᠴᠡ ᠡᠰᠢ ᠲᠡᠢ
ᠡᠷᠳᠡᠨᠢ ᠶ᠋ᠢᠨ ᠬᠦᠯᠦᠭ ᠮᠣᠷᠢ ᠶᠢ ᠣᠷᠣᠯᠠᠭᠰᠠᠨ
ᠡᠳᠦᠭᠡ ᠴᠠᠭ ᠤ᠋ᠨ ᠬᠦᠯᠦᠭ ᠭᠡᠭᠴᠢ ᠪᠣᠯᠪᠠᠰᠤ

ᠬᠤᠪᠢᠯᠭᠠᠨ ᠡᠷᠳᠡᠨᠢ ᠶ᠋ᠢᠨ ᠰᠢᠨᠵᠢ ᠲᠡᠢ
ᠬᠤᠷᠳᠤᠨ ᠳᠥᠷᠪᠡᠨ ᠬᠦᠷᠳᠦ ᠲᠡᠢ
ᠬᠦᠳᠡᠷ ᠪᠦᠳᠦᠭᠦᠨ ᠪᠡᠶ᠎ᠡ ᠲᠡᠢ
ᠬᠦᠩᠭᠢᠨᠡᠮ᠎ᠡ ᠰᠠᠢᠬᠠᠨ ᠳᠠᠭᠤ ᠲᠠᠢ

ᠬᠣᠶ᠋ᠢᠨ᠎ᠠ ᠡᠮᠦᠨ᠎ᠡ ᠪᠡᠨ ᠭᠢᠯᠠᠯᠵᠠᠮ᠎ᠠ ᠲᠣᠳᠣᠬᠠᠨ ᠳ᠋ᠧᠩ ᠲᠡᠢ
ᠬᠣᠮᠪᠣᠭᠣᠷ ᠰᠠᠢᠬᠠᠨ ᠵᠠᠯᠠᠭᠤᠷ ᠪᠠᠷᠢᠭᠤᠯ ᠲᠠᠢ
ᠬᠣᠶ᠋ᠢᠰᠢ ᠤᠷᠤᠭᠰᠢ ᠪᠠᠨ ᠠᠩᠬᠠᠷᠤᠨ ᠦᠵᠡᠳᠡᠭ
ᠬᠣᠶᠠᠷ ᠴᠢᠬᠢᠨ ᠲᠣᠯᠢ ᠲᠠᠢ ᠪᠢᠯᠡ

ᠭᠡᠳᠡᠷᠭᠦ  ᠪᠠᠨ ᠲᠦᠷᠦᠭᠦᠯᠡᠭᠡᠳ ᠬᠡᠷᠰᠡᠦᠯᠡᠵᠦ ᠶᠠᠪᠤᠳᠠᠭ
ᠬᠢᠷᠠᠬᠠᠶ᠋ᠢᠴᠢ ᠮᠡᠷᠭᠡᠨ ᠵᠢᠯᠣᠭᠣᠴᠢ ᠲᠠᠢ
ᠬᠣᠩᠭᠢᠨᠠᠮ᠎ᠠ ᠳᠠᠩᠭᠢᠨᠠᠮ᠎ᠠ ᠪᠦᠷᠢᠶ᠎ᠡ ᠪᠡᠷ ᠢ᠋ᠶ᠋ᠡᠨ
ᠬᠣᠶ᠋ᠢᠲᠠᠢ ᠤᠷᠢᠲᠠᠢ ᠬᠢ ᠶ᠋ᠢ ᠪᠡᠨ ᠰᠡᠷᠡᠮᠵᠢᠯᠡᠭᠦᠯᠳᠡᠭ

ᠴᠡᠴᠡᠭ ᠬᠤᠸᠠᠷ ᠢ᠋ᠶ᠋ᠠᠷ ᠴᠢᠮᠡᠭᠲᠡᠭᠰᠡᠨ
ᠴᠢᠯᠠᠭᠤᠨ ᠲᠣᠰᠣᠨ ᠤᠮᠳᠠ ᠲᠠᠢ
ᠴᠢᠭᠯᠡᠵᠦ ᠶᠠᠪᠤᠬᠤ ᠬᠠᠷᠠᠯᠲᠠ ᠲᠠᠢ
ᠴᠢᠩᠭ᠎ᠠ ᠨᠠᠷᠢᠨ ᠳᠦᠷᠢᠮ ᠲᠡᠢ

ᠨᠢᠮᠪᠠᠢ ᠵᠥᠭᠡᠯᠡᠨ ᠰᠠᠭᠤᠳᠠᠯ ᠲᠠᠢ
ᠨᠢᠰᠬᠦ ᠮᠡᠲᠦ ᠲᠦᠷᠭᠡᠨ
ᠨᠡᠯᠦᠭᠡᠷ ᠠᠭᠤᠳᠠᠮ ᠶᠢᠷᠲᠢᠨᠴᠦ ᠶ᠋ᠢ
ᠨᠢᠭᠡᠨ ᠭᠱᠠᠨ ᠳ᠋ᠤᠷ ᠡᠷᠭᠢᠴᠢᠬᠡᠮᠡᠷ

ᠮᠢᠩᠭᠠᠨ ᠪᠠᠷ᠎ᠠ ᠶ᠋ᠢᠨ ᠭᠠᠵᠠᠷ ᠊ᠢ
ᠮᠢᠨᠦ᠋ᠲ ᠴᠠᠭ ᠢ᠋ᠶ᠋ᠠᠷ ᠲᠣᠪᠴᠢᠯᠠᠳᠠᠭ
ᠲᠦᠮᠡᠨ ᠪᠠᠷ᠎ᠠ ᠶ᠋ᠢᠨ ᠭᠠᠵᠠᠷ ᠊ᠢ ᠴᠦ᠍
ᠲᠦᠳᠡᠯ ᠦᠭᠡᠢ ᠲᠤᠭᠤᠯᠳᠠᠭ

ᠰᠠᠨᠠᠭᠰᠠᠨ ᠭᠠᠵᠠᠷ ᠰᠠᠭᠠᠳ ᠦᠭᠡᠢ ᠬᠦᠷᠳᠡᠭ
ᠰᠠᠳᠤᠨ ᠣᠯᠠᠨ ᠲᠥᠷᠥᠯ ᠳᠠᠶᠠᠭᠠᠷ ᠊ᠢ
ᠰᠠᠢᠨ ᠰᠠᠢᠬᠠᠨ ᠪᠣᠯᠭᠠᠳᠠᠭ

ᠬᠤᠪᠢᠯᠠᠢ ᠬᠠᠭᠠᠨ ᠠ᠋ᠴᠠ ᠤᠯᠠᠮᠵᠢᠯᠠᠵᠤ ᠢᠷᠡᠭᠰᠡᠨ
ᠬᠤᠷᠮᠤᠰᠲᠠ ᠲᠩᠷᠢ ᠶ᠋ᠢᠨ ᠬᠦᠯᠦᠭ ᠮᠣᠷᠢ ᠶ᠋ᠢ ᠣᠷᠣᠯᠠᠭᠰᠠᠨ
ᠡᠷᠳᠡᠨᠢ ᠶ᠋ᠢᠨ ᠠᠯᠲᠠᠨ ᠬᠤᠷ ᠰᠠᠭᠠᠳᠠᠭ ᠊ᠢ ᠵᠠᠯᠠᠭᠰᠠᠨ
ᠬᠤᠪᠢᠯᠭᠠᠨ ᠰᠢᠳᠢᠲᠦ ᠰᠦᠯᠳᠡ ᠪᠣᠯᠤᠭᠰᠠᠨ᠂ ᠪᠣᠯᠤᠭᠰᠠᠨ
ᠮᠠᠩᠯᠠᠢ ᠶᠡᠬᠡ ᠡᠨᠡ ᠲᠡᠷᠭᠡ ᠪᠡᠨ

ᠬᠠᠷ᠎ᠠ ᠲᠣᠯᠣᠭᠠᠶ᠋ᠢᠲᠤ ᠬᠣᠨᠢᠨ ᠰᠢᠭᠦᠰᠦ 
ᠬᠠᠯᠢᠮᠠᠭ ᠥᠭᠡᠬᠦ ᠰᠢᠷ᠎ᠠ ᠲᠣᠰᠣ ᠪᠠᠷ ᠢᠷᠦᠭᠡᠵᠦ ᠮᠢᠯᠢᠶᠠᠮᠤᠢ!
ᠬᠤᠷᠠᠨ ᠴᠤᠭᠯᠠᠷᠠᠭᠰᠠᠨ
ᠲᠥᠷᠥᠯ ᠪᠦᠭᠦᠳᠡ ᠶ᠋ᠢᠨ ᠢ᠋ᠶ᠋ᠡᠨ ᠲᠥᠪ ᠳᠤᠮᠳᠠ
ᠡᠩᠬᠡ ᠠᠮᠤᠭᠤᠯᠠᠩ ᠴᠡᠩᠭᠡᠨ ᠵᠢᠷᠭᠠᠬᠤ ᠶ᠋ᠢᠨ ᠪᠡᠯᠭᠡ ᠲᠡᠢ ᠪᠣᠯᠲᠤᠭᠠᠢ!

  2008
ᠣᠨ ᠤ᠋ ᠰᠠᠷ᠎ᠠ ᠶᠢᠨ3 ᠤ᠋ ᠡᠳᠦᠷ ᠪᠢᠴᠢᠪᠡ

   ᠦᠰᠦᠭ ᠠᠮᠢᠯᠠᠭᠤᠯᠤᠭᠴᠢ ᠄ ᠬᠡᠷᠡᠢᠳ ᠨᠠᠷᠠᠰᠤ
   ᠦᠰᠦᠭ ᠬᠠᠲᠠᠭᠰᠠᠨ ᠨᠢ᠄ᠲᠣᠲᠣᠭᠡᠷᠡᠯ
   
ᠬᠢᠨᠠᠭᠴᠢ ᠄ ᠣᠤᠠᠬᠠᠨᠰᠣ ‍ᠠ᠋᠂ ᠭᠠᠷᠮ᠎ᠠ