ᠪᠠᠶᠠᠨ ᠨᠠᠮᠤᠷ ‍ᠤᠨ ᠮᠠᠭᠲᠠᠭᠠᠯ Баян намрын магтаал ᠢᠷᠥᠭᠡᠯ ᠮᠠᠭᠲᠠᠭᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠶᠠᠨ ᠨᠠᠮᠤᠷ ‍ᠤᠨ ᠮᠠᠭᠲᠠᠭᠠᠯ Баян намрын магтаал

ᠪᠠᠶᠠᠨ ᠨᠠᠮᠤᠷ ‍ᠤᠨ ᠮᠠᠭᠲᠠᠭᠠᠯ Баян намрын магтаал

2023-05-21

414

ᠪᠠᠶᠠᠨ ᠨᠠᠮᠤᠷ ‍ᠤᠨ ᠮᠠᠭᠲᠠᠭᠠᠯ


 ᠡᠭᠡᠰᠢᠭᠲᠦ ᠬᠤᠭᠤᠷ ‍ᠢᠶ᠋ᠠᠨ ᠳᠠᠲᠠᠯ᠎ᠠ ᠳ᠋ᠠ
 ᠡᠷᠬᠢᠪᠴᠢ ᠎ᠶ᠋ᠢ ᠨᠢ ᠮᠤᠰᠬᠢᠭᠠᠳ ᠬᠥᠭᠯᠡᠯ᠎ᠡ ᠳ᠋ᠠ
 ᠡᠯᠪᠡᠭ ᠬᠤᠷᠢᠶᠠᠯᠲᠠ ᠎ᠲᠠᠢ ᠨᠠᠮᠤᠷ ‍ᠢᠶ᠋ᠠᠨ
 ᠡᠭᠡᠰᠢᠭᠯᠡᠨ ᠡᠭᠡᠰᠢᠭᠯᠡᠨ ᠬᠣᠯᠪᠣᠶ᠎ᠠ ᠳ᠋ᠠ ᠃ 
 ᠲᠠᠪᠤᠨ ᠲᠠᠷᠢᠶ᠎ᠠ ᠬᠠᠯᠢᠭᠤᠷᠠᠭᠰᠠᠨ
 ᠲᠠᠩᠰᠤᠭ ᠰᠠᠶ᠋ᠢᠬᠠᠨ ᠨᠠᠮᠤᠷ ᠰᠢᠦ ᠂
 ᠲᠠᠷᠢᠶᠠᠴᠢᠨ ᠲᠦᠮᠡᠨ ‍ᠢ ‍ᠪᠠᠶᠠᠰᠬᠠᠭᠰᠠᠨ
 ᠲᠡᠯᠭᠡᠷ ᠰᠠᠶ᠋ᠢᠬᠠᠨ ᠨᠠᠮᠤᠷ ᠰᠢᠦ ᠂
 ᠵᠢᠯ ᠵᠢᠯ ᠲᠠᠢ ᠡᠲᠡᠭᠡᠳ ᠶᠤᠮ ᠂
 ᠵᠦᠢᠲᠡᠢ ᠰᠠᠶ᠋ᠢᠬᠠᠨ ᠨᠠᠮᠤᠷ ᠰᠢᠦ ᠃
 ᠵᠣᠭᠣᠰ ᠪᠤᠳᠠᠭ᠎ᠠ ᠎ᠪᠠᠷ ᠡᠯᠪᠡᠭ ᠶᠤᠮ ᠂
 ᠵᠢᠷᠭᠠᠯᠲᠠᠢ ᠰᠠᠶ᠋ᠢᠬᠠᠨ ᠨᠠᠮᠤᠷ ᠰᠢᠦ ᠃
 ᠣᠨ ᠣᠨ ᠲᠠᠢ ᠣᠨᠳᠣᠣ ᠶᠤᠮ ᠂
 ᠣᠷᠣᠯᠭ᠎ᠠ ᠰᠠᠶ᠋ᠢᠲᠠᠢ ᠨᠠᠮᠤᠷ ᠰᠢᠦ ᠃
 ᠣᠯᠠᠨ ᠲᠦᠮᠡᠨ ᠪ ᠰᠡᠳᠬᠢᠯ  ‍ᠢ
 ᠤᠷᠮᠠᠰᠢᠭᠤᠯᠵᠤ ᠴᠢᠳᠠᠭᠰᠠᠨ ᠨᠠᠮᠤᠷ ᠰᠢᠦ ᠃
 ᠬᠥᠮᠦᠨ ᠬᠥᠮᠦᠨ ‍ᠦ ᠬᠦᠴᠦ ᠎ᠶ᠋ᠢ
 ᠬᠥᠳᠡᠯᠭᠡᠵᠦ ᠴᠢᠳᠠᠭᠰᠠᠨ ᠨᠠᠮᠤᠷ ᠰᠢᠦ ᠂
 ᠬᠥᠳᠡᠯᠮᠦᠷᠢ ᠲᠡᠮᠡᠴᠡᠯ ‍ᠦᠨ ᠤᠷᠤᠯᠳᠤᠭᠠᠨ  ‍ᠢ 
 ᠥᠷᠨᠢᠭᠦᠯᠵᠦ ᠴᠢᠳᠠᠭᠰᠠᠨ ᠨᠠᠮᠤᠷ ᠰᠢᠦ ᠃
 ᠭᠡᠷ ᠭᠡᠷ ‍ᠦᠨ ᠢᠳᠡᠪᠬᠢᠵᠢᠯ  ‍ᠢ
 ᠪᠠᠳᠠᠷᠠᠭᠤᠯᠵᠤ ᠴᠢᠳᠠᠭᠰᠠᠨ ᠨᠠᠮᠤᠷ ᠰᠢᠦ ᠂
 ᠭᠡᠰᠢᠭᠦᠨ ᠲᠦᠮᠡᠨ ‍ᠦ ᠵᠣᠷᠢᠭ  ‍ᠢ
 ᠳᠠᠶ᠋ᠢᠴᠢᠯᠠᠵᠤ ᠴᠢᠳᠠᠭᠰᠠᠨ ᠨᠠᠮᠤᠷ ᠰᠢᠦ ᠃
 ᠱᠠᠩ ᠎ᠲᠠᠢ ᠲᠠᠷᠢᠶᠠᠨ ‍ᠤ ᠬᠢᠨᠢ ᠵᠢᠷᠤᠬ᠎ᠠ ᠨᠢ ᠨᠢᠭᠡ ᠂
 ᠱᠣᠣᠭᠢᠭᠠᠳ ᠳᠠᠪᠠᠯᠭᠠᠯᠠᠬᠤ ᠨᠠᠶ᠋ᠢᠭᠤᠭ᠎ᠠ ᠨᠢ ᠨᠢᠭᠡ ᠂
 ᠰᠢᠷᠠᠯᠠᠭᠠᠳ ᠪᠣᠯᠪᠠᠰᠤᠷᠠᠭᠰᠠᠨ ᠥᠩᠭᠡ ᠨᠢ ᠨᠢᠭᠡ ᠂
 ᠱᠠᠯᠠᠮᠠᠭᠠᠶ᠋ᠢᠯᠠᠨ ᠬᠠᠳᠤᠬᠤ ᠎ᠶ᠋ᠢᠨ ᠵᠣᠷᠢᠭ ᠨᠢ ᠨᠢᠭᠡ ᠂
 ᠢᠪᠠᠯᠵᠠᠭᠠᠳ ᠬᠠᠯᠢᠭᠤᠷᠠᠬᠤ ᠎ᠠ᠋ᠴᠠ ᠭᠡᠰᠡᠭ ᠨᠢ ᠨᠢᠭᠡ ᠂ 
 ᠢᠷᠯᠡᠭᠰᠡᠨ ᠬᠠᠳᠤᠭᠤᠷ ‍ᠤᠨ ᠬᠢᠨᠢ ᠭᠠᠩ ᠨᠢ ᠨᠢᠭᠡ ᠂
 ᠢᠳᠡᠪᠬᠢᠯᠡᠨ ᠬᠠᠳᠤᠬᠤ ᠎ᠠ᠋ᠴᠠ ᠵᠣᠷᠢᠭ ᠨᠢ ᠨᠢᠭᠡ ᠂
 ᠢᠨᠢᠶᠡᠯᠴᠡᠭᠡᠳ ᠬᠥᠭᠡᠷᠥᠯᠳᠦᠬᠦ ᠎ᠡᠴᠡ ᠨᠠᠷᠭᠢᠶᠠᠨ ᠨᠢ ᠨᠢᠭᠡ ᠂
 ᠪᠥᠯᠥᠭᠯᠡᠭᠡᠳ ᠮᠣᠷᠳᠠᠬᠤ ᠎ᠠ᠋ᠴᠠ ᠠᠢ᠍ᠢ᠍ᠯ ᠨᠢ ᠨᠢᠭᠡ ᠂ 
 ᠪᠥᠯᠬᠦᠮᠳᠡᠭᠡᠳ ᠠᠵᠢᠯᠯᠠᠬᠤ ᠎ᠠ᠋ᠴᠠ ᠨᠥᠬᠦᠷᠯᠡᠯ ᠨᠢ ᠨᠢᠭᠡ ᠂
 ᠪᠥᠭᠴᠥᠢᠭᠡᠳ ᠬᠠᠳᠤᠬᠤ ᠎ᠠ᠋ᠴᠠ ᠡᠪ ᠨᠢ ᠨᠢᠭᠡ ᠂
 ᠪᠠᠭᠠᠲᠤᠷᠯᠠᠨ ᠬᠤᠷᠢᠶᠠᠬᠤ ᠎ᠠ᠋ᠴᠠ ᠡᠷᠴᠢ ᠨᠢ ᠨᠢᠭᠡ ᠂
 ᠲᠠᠷᠢᠶᠠᠴᠢᠨ ᠲᠦᠮᠡᠨ ᠪᠠᠶᠠᠷᠯᠠᠬᠤ ᠎ᠳ᠋ᠠᠭᠠᠨ
 ᠲᠠᠬᠢᠶᠠᠨ ᠳᠠᠭᠤᠨ ‍ᠢᠶ᠋ᠠᠷ ᠡᠷᠲᠡᠯᠡᠵᠦ ᠯᠡ ᠪᠤᠢ ᠂
 ᠲᠠᠩᠰᠤᠭ ᠨᠠᠮᠤᠷ ‍ᠤᠨ ᠬᠤᠷᠢᠶᠠᠯᠲᠠ ᠭᠡᠳ
 ᠲᠡᠷᠭᠡᠯ ᠰᠠᠷᠠ ᠎ᠶ᠋ᠢ ᠤᠭᠲᠤᠵᠤ ᠯᠡ ᠪᠣᠢ ᠃
 ᠭᠡᠰᠢᠭᠦᠨ ᠲᠦᠮᠡᠨ ᠪᠠᠶᠠᠰᠬᠤ ᠎ᠳ᠋ᠠᠭᠠᠨ
 ᠭᠡᠭᠡᠷᠡᠬᠦ ᠎ᠡᠴᠡ ᠡᠮᠦᠨ᠎ᠡ ᠮᠣᠷᠳᠠᠵᠤ ᠯᠡ ᠪᠣᠢ ᠂
 ᠣᠯᠠᠨ ᠲᠦᠮᠡᠨ ᠴᠢᠨᠢ ᠣᠮᠣᠭᠰᠢᠬᠤ ᠎ᠳ᠋ᠠᠭᠠᠨ
 ᠣᠳᠣᠳ ‍ᠢ ᠤᠭᠲᠤᠭᠠᠳ ᠠᠵᠢᠯᠯᠠᠵᠤ ᠯᠡ ᠪᠣᠢ ᠃
 ᠡᠭᠦᠳᠡ ᠎ᠪᠡᠨ ᠲᠦᠭᠵᠢᠵᠦ ᠣᠨᠢᠰᠤᠯᠠᠭᠠᠳ
 ᠥᠷᠯᠥᠭᠡ ᠦᠳᠡᠰᠢ ᠎ᠶ᠋ᠢ ᠲᠡᠮᠡᠴᠡᠵᠡᠢ ᠂
 ᠥᠯᠥᠭᠡᠢ ᠎ᠲᠡᠢ ᠨᠢᠯᠬ᠎ᠠ ᠬᠡᠦᠬᠡᠳ ‍ᠢ ᠎ᠪᠡᠨ
 ᠦᠵᠦᠭᠦᠷ ᠎ᠲᠦ᠍ ᠨᠢ ᠠᠪᠠᠴᠢᠭᠠᠳ ᠠᠵᠢᠯᠯᠠᠵᠠᠢ ᠃
 ᠬᠠᠨᠵᠤᠨ ᠎ᠠ᠋ᠴᠠ ᠎ᠪᠠᠨ ᠪᠣᠰᠬᠤ ᠦᠭᠡᠢ ᠪᠠᠶ᠋ᠢᠭᠰᠠᠨ ᠬᠥᠮᠦᠨ
 ᠬᠠᠳᠤᠭᠤᠷ ‍ᠢᠶ᠋ᠠᠨ ᠪᠢᠯᠡᠭᠦᠳᠡᠭᠡᠳ ᠰᠠᠨᠳᠤᠷᠴᠠᠢ ᠂
 ᠬᠠᠰᠢᠶᠠᠨ ᠎ᠠ᠋ᠴᠠ ᠎ᠪᠠᠨ ᠭᠠᠷᠬᠤ ᠦᠭᠡᠢ ᠪᠠᠶ᠋ᠢᠭᠰᠠᠨ ᠬᠥᠮᠦᠨ
 ᠬᠠᠨᠴᠤᠢ ᠰᠢᠮᠠᠯᠠᠭᠠᠳ ᠤᠷᠣᠯᠴᠠᠵᠠᠢ ᠃
 ᠳᠠᠬᠤᠯ ᠡᠪᠡᠳᠴᠢᠨ ᠎ᠲᠡᠢ ᠪᠠᠶ᠋ᠢᠭᠰᠠᠨ ᠬᠥᠮᠦᠨ
 ᠲᠡᠩᠬᠡᠷᠡᠵᠦ ᠪᠣᠰᠤᠭᠠᠳ ᠰᠠᠶ᠋ᠢᠵᠢᠷᠠᠵᠠᠢ ᠂
 ᠲᠠᠪᠠ ᠎ᠪᠠᠷ ‍ᠢᠶ᠋ᠠᠨ ᠵᠠᠯᠠᠷᠠᠵᠤ ᠪᠠᠶ᠋ᠢᠭᠰᠠᠨ ᠬᠥᠮᠦᠨ
 ᠲᠣᠭᠣᠷᠢᠬᠤ ᠎ᠪᠠᠨ ᠮᠠᠷᠲᠠᠭᠠᠳ ᠵᠠᠰᠠᠷᠠᠵᠠᠢ  ᠃
 ᠬᠥᠭᠰᠢᠨ ᠪᠤᠭᠤᠷᠤᠯ ᠨᠠᠰᠤᠲᠠᠨ ᠎ᠨᠤᠭᠤᠳ
 ᠬᠦᠴᠦ ᠎ᠪᠡᠨ ᠬᠠᠠᠮᠲᠤᠷᠠᠭᠠᠳ ᠳᠤᠰᠠᠯᠠᠯᠴᠠᠵᠠᠢ ᠂
 ᠬᠡᠦᠬᠡᠳ ᠪᠢᠴᠢᠬᠠᠨ ᠪᠠᠭᠠᠴᠤᠳ ᠪᠠᠰᠠ
 ᠬᠠᠳᠤᠵᠤ ᠬᠤᠷᠢᠶᠠᠭᠠᠳ ᠳᠡᠮᠵᠢᠯᠴᠡᠵᠡᠢ ᠃
 ᠨᠠᠮᠤᠷ ‍ᠤᠨ ᠨᠠᠷᠠᠨ ᠲᠥᠭᠡᠨᠡᠭ ᠭᠡᠳ
 ᠪᠠᠰᠤᠵᠤ ᠬᠠᠳᠤᠬᠤ ᠨᠢ ᠣᠯᠠᠨ ᠪᠤᠢ ᠂
 ᠨᠠᠰᠤᠲᠠᠨ ᠪᠣᠯᠣᠭᠰᠠᠨ ᠴᠤ᠌ ᠬᠣᠴᠣᠷᠬᠤ ᠦᠭᠡᠢ ᠭᠡᠳ
 ᠪᠠᠭᠠᠲᠤᠷᠯᠠᠵᠤ ᠬᠠᠳᠤᠬᠤ ᠨᠢ ᠠᠷᠪᠢᠨ ᠪᠤᠢ ᠃
 ᠠᠢ᠍ᠢ᠍ᠯ ᠡᠷᠦᠬᠡ ᠎ᠨᠤᠭᠦᠳ ᠬᠣᠭᠣᠷᠤᠨᠳᠤ ᠎ᠪᠠᠨ
 ᠮᠥᠷᠥᠢᠴᠡᠵᠦ ᠬᠠᠳᠤᠬᠤ ᠨᠢ ᠠᠷᠪᠢᠨ ᠪᠤᠢ ᠂
 ᠠᠭᠰᠢᠷᠠᠭ᠎ᠠ ᠵᠠᠯᠠᠭᠤᠴᠤᠳ ᠳᠣᠲᠣᠷ᠎ᠠ ᠎ᠪᠠᠨ
 ᠤᠷᠤᠯᠳᠤᠵᠠᠭᠠᠵᠤ ᠬᠠᠳᠤᠬᠤ ᠨᠢ ᠣᠯᠠᠨ ᠪᠤᠢ ᠃
 ᠰᠠᠭᠠᠭ ᠨᠠᠷᠢᠮᠤ ᠮᠢᠨᠢ ᠲᠥᠷᠥᠯ᠎ᠡ ᠭᠡᠳ
 ᠰᠠᠭᠠᠬᠠᠯᠲᠠ ᠠᠢ᠍ᠢ᠍ᠯ ‍ᠢᠶ᠋ᠠᠷ ‍ᠢᠶ᠋ᠠᠨ ᠬᠡᠯᠡᠯᠴᠡᠵᠦ ᠯᠠ ᠪᠤᠢ ᠂
 ᠰᠠᠨᠠᠭᠰᠠᠨ ᠎ᠠ᠋ᠴᠠ ᠡᠯᠪᠡᠭ ᠬᠣᠷᠢᠶᠠᠴᠢᠬᠠᠯ᠎ᠡ ᠭᠡᠳ
 ᠰᠠᠩ ᠬᠥᠮᠥᠷᠭᠡ ᠎ᠪᠡᠨ ᠶᠡᠬᠡᠳᠬᠡᠵᠦ ᠯᠡ ᠪᠤᠢ ᠃
 ᠪᠤᠷᠴᠠᠭ ᠰᠢᠰᠢ ᠮᠢᠨᠢ ᠲᠥᠷᠦᠴᠢᠯ᠎ᠡ ᠭᠡᠳ
 ᠪᠤᠯᠲᠤ ᠣᠯᠠᠨ ‍ᠢᠶ᠋ᠠᠷ ‍ᠢᠶ᠋ᠠᠨ ᠶᠠᠷᠢᠯᠴᠠᠵᠤ ᠯᠠ ᠪᠤᠢ ᠂
 ᠪᠣᠳᠤᠭᠰᠠᠨ ᠎ᠠ᠋ᠴᠠ ᠬᠠᠷᠢᠨ ᠳᠠᠪᠠᠴᠢᠬᠠᠯ᠎ᠠ ᠭᠡᠳ
 ᠪᠤᠭᠤᠷᠤᠯ ᠨᠠᠰᠤᠲᠠᠨ ᠎ᠨᠤᠭᠤᠳ ᠨᠢ ᠮᠥᠰᠢᠶᠡᠵᠦ ᠯᠡ ᠪᠤᠢ ᠃
 ᠬᠠᠪᠤᠷ ‍ᠤᠨ ᠪᠡᠯᠡᠳᠬᠡᠯ ᠨᠢ ᠨᠠᠮᠤᠷ ᠎ᠲᠤ᠌ ᠭᠡᠵᠦ
 ᠬᠥᠭᠰᠢᠳ ᠨᠠᠰᠤᠲᠠᠳ ᠶᠠᠷᠢᠯᠴᠠᠳᠠᠭ ᠰᠠᠨ ᠂
 ᠬᠠᠷᠢᠭᠤᠴᠠᠯᠭ᠎ᠠ ᠎ᠶ᠋ᠢᠨ ᠰᠠᠶ᠋ᠢᠨ ᠨᠢ ᠬᠤᠷᠢᠶᠠᠯᠲᠠ ᠎ᠳ᠋ᠤ᠌ ᠭᠡᠵᠦ
 ᠬᠥᠮᠦᠨ ᠪᠦᠬᠦᠨ ᠮᠠᠭᠲᠠᠳᠠᠭ ᠰᠠᠨ ᠃
 ᠪᠠᠭᠰᠢ ᠎ᠶ᠋ᠢᠨ ᠰᠠᠶ᠋ᠢᠨ ᠨᠢ ᠬᠥᠮᠦᠵᠢᠯ ᠎ᠳ᠋ᠦ᠍ ᠭᠡᠵᠦ
 ᠪᠠᠭ᠎ᠠ ᠶᠡᠬᠡ ᠎ᠪᠡᠷ ‍ᠢᠶ᠋ᠡᠨ ᠬᠡᠯᠡᠯᠴᠡᠳᠡᠭ ᠰᠠᠨ ᠂
 ᠪᠠᠶᠠᠵᠢ ‍ᠤᠨ ᠰᠠᠭᠤᠷᠢ ᠨᠢ ᠬᠥᠳᠡᠯᠮᠦᠷᠢ ᠎ᠳ᠋ᠦ᠍ ᠭᠡᠵᠦ
 ᠪᠦᠭᠦᠳᠡ ᠣᠯᠠᠨ ‍ᠢᠶ᠋ᠠᠷ ‍ᠢᠶ᠋ᠠᠨ ᠦᠨᠡᠯᠡᠳᠡᠭ ᠰᠠᠨ ᠃
 ᠪᠣᠷᠣᠭᠠᠨ ᠰᠠᠯᠬᠢᠨ ᠎ᠳ᠋ᠤ᠌ ᠬᠣᠣᠷᠲᠠᠭᠳᠠᠭᠰᠠᠨ ᠦᠭᠡᠢ
 ᠪᠠᠬᠠᠷᠤᠮ᠎ᠠ ᠰᠠᠶ᠋ᠢᠬᠠᠨ ᠨᠠᠮᠤᠷ ᠰᠢᠦ ᠂
 ᠪᠣᠭᠣᠵᠢ ᠎ᠲᠠᠢ ᠲᠠᠷᠢᠶ᠎ᠠ ᠎ᠶ᠋ᠢ ᠸᠠᠯᠠᠭᠣᠯᠣᠭᠰᠠᠨ ᠦᠭᠡᠢ
 ᠪᠠᠶᠠᠷᠯᠠᠭᠣᠯᠣᠮ᠎ᠡ ᠰᠠᠶ᠋ᠢᠬᠠᠨ ᠨᠠᠮᠤᠷ ᠰᠢᠦ ᠃
 ᠮᠥᠨᠳᠥᠷ ᠬᠢᠷᠠᠭᠤᠨ ᠎ᠳ᠋ᠤ᠌ ᠳᠠᠭᠠᠷᠢᠭᠳᠠᠭᠰᠠᠨ ᠦᠭᠡᠢ
 ᠮᠠᠰᠢ ᠰᠠᠶ᠋ᠢᠬᠠᠨ ᠨᠠᠮᠤᠷ ᠰᠢᠦ ᠂
 ᠮᠠᠯ ᠭᠠᠬᠠᠢ ᠎ᠳ᠋ᠤ᠌ ᠰᠦᠢᠳᠬᠡᠭᠳᠡᠭᠰᠡᠨ ᠦᠭᠡᠢ
 ᠮᠠᠭᠲᠠᠭᠠᠯ ᠰᠠᠶ᠋ᠢᠲᠠᠢ ᠨᠠᠮᠤᠷ ᠰᠢᠦ ᠃
 ᠳᠠᠭᠠᠭᠠᠴᠢᠯᠠᠯᠲᠠ ᠎ᠶ᠋ᠢᠨ ᠳᠥᠷᠢᠮ ‍ᠢ ᠶᠠᠪᠤᠭᠤᠯᠤᠭᠰᠠᠨ ᠎ᠠ᠋ᠴᠠ
 ᠣᠷᠣᠯᠭ᠎ᠠ ᠭᠡᠳᠡᠭ ᠴᠢᠨᠢ ᠬᠡᠮᠵᠢᠶ᠎ᠡ ᠦᠭᠡᠢ ᠂
 ᠲᠠᠷᠬᠠᠨ ᠣᠳᠣᠬᠢᠴᠢᠯᠠᠯᠲᠠ ᠵᠦᠭ ᠵᠠᠮᠨᠠᠭᠰᠠᠨ ᠎ᠠ᠋ᠴᠠ
 ᠣᠮᠣᠭ ᠭᠡᠳᠡᠭ ᠴᠢᠨᠢ ᠬᠢᠵᠠᠭᠠᠷ ᠦᠭᠡᠢ ᠃
 ᠬᠠᠷᠢᠭᠤᠴᠠᠯᠭ᠎ᠠ ᠎ᠶ᠋ᠢᠨ ᠳᠥᠷᠢᠮ ‍ᠢ ᠬᠡᠷᠡᠭᠵᠢᠭᠦᠯᠦᠭᠰᠡᠨ ᠎ᠡᠴᠡ
 ᠬᠤᠷᠢᠶᠠᠯᠲᠠ ᠭᠡᠳᠡᠭ ᠴᠢᠨᠢ ᠶᠠᠷᠢᠶᠠᠨ ᠥᠬᠡᠢ ᠂
 ᠬᠠᠰᠢᠷ ᠲᠠᠷᠢᠶᠠᠴᠢᠨ ᠤ ᠴᠠᠷᠮᠠᠶ᠋ᠢᠭᠰᠠᠨ ᠎ᠠ᠋ᠴᠠ
 ᠤᠨᠠᠯᠲᠠ ᠭᠡᠳᠡᠭ ᠴᠢᠨᠢ ᠬᠡᠯᠡᠯᠭᠡᠨ ᠦᠭᠡᠢ   ᠃
 ᠪᠠᠳᠮ᠎ᠠ ᠯᠢᠩᠬᠤ᠎ᠠ ᠴᠡᠴᠡᠭ  ‍ᠦᠳ  ‍ᠢ
 ᠪᠠᠬᠠᠷᠴᠤ ᠰᠣᠨᠢᠷᠬᠠᠭᠠᠳ ᠪᠠᠷᠠᠨ᠎ᠠ ‍ᠤᠤ ᠳ᠋ᠠ  ⁈
 ᠪᠠᠶᠠᠨ ᠨᠠᠮᠤᠷ ‍ᠤᠨ ᠬᠤᠷᠢᠶᠠᠯᠲᠠ ᠎ᠪᠠᠨ
 ᠪᠠᠬᠠᠳᠤᠵᠤ ᠬᠣᠯᠪᠤᠭᠠᠳ ᠪᠠᠷᠠᠨ᠎ᠠ ‍ᠤᠤ ᠳ᠋ᠠ  ⁈
 ᠲᠠᠯ᠎ᠠ ᠨᠤᠲᠤᠭ ‍ᠤᠨ ᠴᠡᠴᠡᠭ  ‍ᠦᠳ  ‍ᠢ
 ᠲᠣᠭᠣᠷᠢᠵᠤ ᠦᠵᠡᠭᠡᠳ ᠪᠠᠷᠠᠨ᠎ᠠ ‍ᠤᠤ ᠳ᠋ᠠ ⁈
 ᠲᠠᠩᠰᠤᠭ ᠨᠠᠮᠤᠷ ‍ᠤᠨ ᠬᠤᠷᠢᠶᠠᠯᠲᠠ ᠎ᠶ᠋ᠢ  
 ᠲᠣᠭᠠᠴᠢᠵᠤ ᠳᠠᠭᠤᠯᠠᠭᠠᠳ ᠳᠠᠭᠣᠰᠣᠨ᠎ᠡ ‍ᠤᠤ ᠳ᠋ᠠ ⁈

      ᠦᠰᠦᠭ ᠠᠮᠢᠯᠠᠭᠤᠯᠤᠭᠴᠢ ᠄ ᠰᠠᠷᠠᠭᠣᠨ
         ᠬᠢᠨᠠᠭᠴᠢ ᠄ ᠣᠳᠬᠠᠨᠰᠤ᠎ᠡ