ᠪᠦᠲᠦᠨ᠎ᠡ ᠦᠨᠡᠭᠡ ᠬᠣᠶᠠᠷ-ᠦᠯᠢᠭᠡᠷ7Бөднө үнэг хоёр-Үлгэр ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠲᠦᠨ᠎ᠡ ᠦᠨᠡᠭᠡ ᠬᠣᠶᠠᠷ-ᠦᠯᠢᠭᠡᠷ7Бөднө үнэг хоёр-Үлгэр

ᠪᠦᠲᠦᠨ᠎ᠡ ᠦᠨᠡᠭᠡ ᠬᠣᠶᠠᠷ-ᠦᠯᠢᠭᠡᠷ7Бөднө үнэг хоёр-Үлгэр

ᠠᠩᠭᠢᠯᠠᠯ:ᠳᠣᠮᠣᠭ ᠦᠯᠢᠭᠡᠷ
2023-05-21

392

ᠪᠦᠲᠦᠨ᠎ᠡ ᠦᠨᠡᠭᠡ ᠬᠣᠶᠠᠷ

  ᠥᠨᠥᠳᠥᠷ ᠪᠢ ᠲᠠ ᠪᠦᠬᠦᠨ ᠳ᠋ᠦ᠍ ᠪᠡᠨ ᠪᠦᠲᠦᠨ᠎ᠡ ᠦᠨᠡᠭᠡ ᠬᠣᠶᠠᠷ ᠭᠡᠰᠡᠨ ᠦᠯᠢᠭᠡᠷ  ᠊ᠢ ᠤᠩᠰᠢᠵᠤ ᠥᠭᠬᠦᠶ᠎ᠡ ᠃

ᠡᠷᠲᠡ ᠤᠷᠢᠳᠤ ᠶᠢᠨ ᠴᠠᠭ ᠲᠤ᠌ ᠡᠭᠡᠷᠡᠮ᠎ᠡ ᠴᠠᠭᠠᠨ ᠬᠥᠳᠡᠭᠡ  ᠪᠡᠷ ᠰᠢᠩᠰᠢᠭᠴᠢ ᠨᠢᠭᠡᠨ ᠦᠨᠡᠭᠡ ᠪᠤᠲᠠᠨ ᠤ᠋ ᠢᠷᠣᠭᠠᠷ᠎ ᠲᠤ ᠪᠠᠶ᠋ᠢᠬᠤ ᠪᠦᠲᠦᠨ᠎ᠡ ᠶ᠋ᠢᠨ ᠵᠤᠯᠵᠠᠭ᠎ᠠ ᠶ᠋ᠢ ᠣᠯᠵᠤ ᠦᠵᠡᠭᠡᠳ ᠰᠢᠯᠦᠰᠦ ᠨᠢ ᠭᠣᠭᠣᠵᠢᠵᠤ᠂ ᠠᠮᠲᠠᠲᠠᠢ ᠢᠳᠡᠰᠢ ᠣᠯᠤᠯ᠎ᠠ ᠭᠡᠳ ᠪᠠᠶᠠᠷᠯᠠᠵᠤ ᠪᠠᠶ᠋ᠢᠲᠠᠯ᠎ᠠ ᠪᠦᠲᠦᠨ᠎ᠡ ᠰᠢᠪᠠᠭᠤ ᠢᠷᠡᠭᠡᠳ᠄ ᠦᠨᠡᠭᠡ ᠨᠣᠶᠠᠨᠲᠠᠨ ᠠ᠋ ᠲᠠ ᠮᠢᠨᠦ ᠦᠷ᠎ᠡ ᠠᠴᠢ ᠶ᠋ᠢᠨ ᠲᠥᠯᠥᠭᠡ ᠪᠤᠶᠠᠨ ᠦᠢᠯᠡᠳᠦᠭᠡᠴᠢ᠂ ᠪᠢ ᠲᠠᠨ ᠤ᠋ ᠥᠯᠥᠰᠴᠦ ᠪᠠᠶ᠋ᠢᠬ᠋᠎ᠠ ᠶ᠋ᠢ ᠴᠢᠨᠢ ᠮᠡᠳᠡᠨ᠎ᠡ ᠯᠠ ᠳᠠ ᠭᠡᠵᠦ ᠭᠤᠶᠤᠭᠰᠠᠨ ᠳ᠋ᠤ᠌ ᠦᠨᠡᠭᠡ᠄ ᠵᠠ᠂ ᠶᠠᠭᠠᠬᠢᠬᠤᠪ᠂ ᠪᠢ ᠲᠡᠭᠡᠪᠡᠯ ᠴᠢᠨᠦ ᠵᠤᠯᠵᠠᠭ᠎ᠠ ᠶ᠋ᠢ ᠢᠳᠡᠬᠦ ᠪᠡᠨ ᠪᠣᠯᠢᠶ᠎ᠠ ᠂ ᠴᠢᠮ᠎ᠠ ᠳ᠋ᠤ᠌ ᠲᠡᠭᠡᠭᠡᠳ ᠮᠢᠨᠦ ᠭᠡᠳᠡᠰᠦ ᠶ᠋ᠢ ᠴᠠᠳᠬᠠᠬᠤ ᠶᠠᠮᠠᠷ ᠠᠷᠭ᠎ᠠ ᠪᠠᠶ᠋ᠢᠬ᠋᠎ᠠ ᠶᠤᠮ ᠳᠠ ᠭᠡᠰᠡᠨ ᠳ᠋ᠦ᠍ ᠪᠦᠲᠦᠨ᠎ᠡ ᠰᠢᠪᠠᠭᠤ᠄ ᠦᠨᠡᠭᠡ ᠭᠤᠸᠠᠢ᠂ ᠲᠠ ᠲᠡᠭᠡᠪᠡᠯ ᠨᠠᠮ᠎ᠠ ᠶ᠋ᠢ ᠳᠠᠭᠤ ᠦᠭᠡᠢ ᠳᠠᠭᠠᠭᠠᠳ ᠶᠠᠪᠤ᠂ ᠴᠠᠳᠬᠠᠬᠤ ᠠᠷᠭ᠎ᠠ ᠶ᠋ᠢ ᠴᠢᠨᠢ ᠪᠢ ᠣᠯᠵᠤ ᠦᠭᠬᠦᠶ᠎ᠡ ᠭᠡᠳ ᠦᠨᠡᠭᠡ ᠶ᠋ᠢ ᠳᠠᠭᠠᠭᠤᠯᠤᠭᠰᠠᠭᠠᠷ ᠨᠢᠭᠡᠨ ᠪᠠᠶᠠᠨ ᠠᠶ᠋ᠢᠯ ᠤ᠋ᠨ ᠬᠠᠵᠠᠭᠤ ᠳ᠋ᠤ᠌ ᠠᠪᠴᠢᠷᠠᠵᠤ ᠰᠠᠭᠤᠯᠭᠠᠭᠠᠳ ᠥᠪᠡᠷ ᠢ᠋ᠶ᠋ᠡᠨ ᠪᠠᠶᠠᠨ ᠠᠶ᠋ᠢᠯ ᠤ᠋ᠨ ᠦᠷᠭᠦᠭᠡᠨ ᠦ᠌ ᠲᠣᠲᠣᠭᠣᠨ ᠳᠡᠭᠡᠷ᠎ᠡ ᠰᠠᠭᠤᠵᠠᠢ ᠭᠡᠨ᠎ᠡ᠃

ᠪᠠᠶᠠᠨ ᠠᠶ᠋ᠢᠯ ᠤ᠋ᠨ ᠬᠢᠨ ᠪᠦᠭᠦᠳᠡᠭᠡᠷ ᠢ᠋ᠶ᠋ᠡᠨ ᠬᠥᠳᠡᠯᠵᠦ ᠪᠦᠲᠦᠨ᠎ᠡ ᠶ᠋ᠢ ᠭᠡᠷ ᠡᠴᠡ ᠪᠡᠨ ᠬᠥᠭᠡᠭᠡᠭᠡᠳ ᠬᠣᠯᠠᠳᠠᠭᠤᠯᠵᠠᠢ ᠭᠡᠨ᠎ᠡ᠃ ᠡᠨᠡ ᠵᠠᠪᠰᠠᠷ ᠦᠨᠡᠭᠡ ᠪᠠᠶᠠᠨ ᠠᠶ᠋ᠢᠯ ᠤ᠋ᠨ ᠬᠠᠮᠤᠭ ᠶᠠᠭᠤᠮ᠎ᠠ ᠶ᠋ᠢ ᠴᠠᠳᠲᠠᠯ᠎ᠠ ᠢᠳᠡᠭᠡᠳ ᠦᠯᠡᠳᠡᠭᠰᠡᠨ ᠮᠢᠬ᠎ᠠ ᠢᠳᠡᠭᠡ ᠶ᠋ᠢ ᠨᠢ ᠡᠶ᠋ᠢᠰᠢ ᠲᠡᠶ᠋ᠢᠰᠢ ᠨᠢ ᠲᠠᠷᠠᠭᠠᠭᠠᠳ ᠶᠠᠪᠤᠵᠠᠢ ᠭᠡᠨ᠎ᠡ᠃

ᠦᠨᠡᠭᠡ ᠮᠠᠷᠭᠠᠰᠢ ᠡᠳᠦᠷ ᠨᠢ ᠪᠠᠰᠠ ᠯᠠ ᠭᠡᠳᠡᠰᠦ ᠨᠢ ᠥᠯᠥᠰᠦᠭᠡᠳ ᠪᠦᠲᠦᠨ᠎ᠡ ᠶ᠋ᠢᠨ ᠵᠤᠯᠵᠠᠭ᠎ᠠ ᠶ᠋ᠢ ᠢᠳᠡᠬᠦ ᠭᠡᠵᠦ ᠪᠠᠶ᠋ᠢᠲᠠᠯ᠎ᠠ ᠪᠦᠲᠦᠨ᠎ᠡ ᠬᠦᠷᠴᠦ ᠢᠷᠡᠭᠡᠳ ᠦᠨᠡᠭᠡᠨ ᠡᠴᠡ ᠳᠠᠬᠢᠭᠠᠳ ᠪᠤᠶᠠᠨ ᠬᠢᠬᠦ ᠶ᠋ᠢ ᠭᠤᠶᠤᠵᠠᠢ ᠭᠡᠨ᠎ᠡ᠃

ᠦᠨᠡᠭᠡ᠄ ᠬᠡᠷᠪᠡ ᠲᠡᠶ᠋ᠢᠮᠦ ᠶᠦ᠍ᠮ ᠪᠣᠯ ᠨᠠᠮ᠎ᠠ ᠶ᠋ᠢ ᠠᠭᠤᠷ ᠤᠴᠠᠭᠠᠷ ᠠ᠋ᠴᠠ ᠨᠢ ᠭᠠᠷᠭᠠᠵᠤ ᠨᠢᠭᠡᠨ ᠰᠠᠢᠬᠠᠨ ᠢᠨᠢᠶᠡᠯᠭᠡ ᠳᠡ ᠭᠡᠵᠡᠢ᠃

ᠪᠦᠲᠦᠨ᠎ᠡ ᠦᠨᠡᠭᠡ ᠶ᠋ᠢ ᠳᠠᠭᠠᠭᠤᠯᠤᠨ ᠨᠢᠰᠦᠭᠰᠡᠭᠡᠷ ᠨᠥᠬᠥᠭᠡ ᠪᠠᠶᠠᠨ ᠠᠶ᠋ᠢᠯ ᠤ᠋ᠨ ᠬᠠᠵᠠᠭᠤ ᠳ᠋ᠤ᠌ ᠢᠷᠡᠭᠡᠳ ᠦᠨᠡᠭᠡ ᠶ᠋ᠢ ᠬᠣᠯᠠ ᠭᠡᠭᠴᠢ ᠰᠠᠭᠤᠯᠭᠠᠭᠠᠳ ᠭᠠᠳᠠᠨ᠎ᠠ ᠪᠠᠨ ᠰᠤᠷ ᠡᠯᠳᠡᠵᠦ ᠪᠠᠶ᠋ᠢᠬ᠋᠎ᠠ ᠪᠠᠶᠠᠨ ᠤ᠋ ᠲᠣᠯᠣᠭᠠᠢ ᠳᠡᠭᠡᠷ᠎ᠡ ᠪᠦᠲᠦᠨ᠎ᠡ ᠰᠢᠪᠠᠭᠤ ᠠᠯᠭᠤᠷᠬᠠᠨ ᠰᠠᠭᠤᠵᠠᠢ ᠭᠡᠨ᠎ᠡ᠃ ᠦᠨᠢᠶ᠎ᠡ ᠰᠠᠭᠠᠵᠤ ᠪᠠᠶ᠋ᠢᠬᠰᠠ ᠪᠠᠶᠠᠨ ᠤ᠋ ᠡᠬᠡᠨᠡᠷ ᠨᠥᠬᠥᠷ ᠦ᠋ᠨ ᠢ᠋ᠶ᠋ᠡᠨ ᠲᠣᠯᠣᠭᠠᠢ ᠳᠡᠭᠡᠷ᠎ᠡ ᠰᠠᠭᠤᠭᠰᠠᠨ ᠪᠦᠲᠦᠨ᠎ᠡ ᠰᠢᠪᠠᠭᠤ ᠶ᠋ᠢ ᠦᠵᠡᠭᠡᠳ ᠄ ᠡᠪᠦᠭᠡᠨ ᠠ᠋ ᠪᠢᠲᠡᠭᠡᠢ ᠬᠥᠳᠡᠯᠦᠭᠡᠷᠡᠢ ᠂ ᠨᠥᠬᠥᠭᠡ ᠪᠦᠲᠦᠨ᠎ᠡ ᠰᠢᠪᠠᠭᠤ ᠴᠢᠨᠢ ᠢᠷᠡᠭᠡᠳ ᠲᠣᠯᠣᠭᠠᠢ ᠳᠡᠭᠡᠷ᠎ᠡ ᠴᠢᠨᠢ ᠰᠠᠭᠤᠴᠢᠬᠠᠯ᠎ᠠ᠂ ᠪᠢ ᠰᠡᠮᠡᠭᠡᠷᠬᠡᠨ ᠣᠴᠢᠭᠠᠳ ᠰᠢᠯᠪᠢᠭᠦᠷ ᠢ᠋ᠶ᠋ᠡᠷ ᠢ᠋ᠶ᠋ᠡᠨ ᠴᠣᠬᠢᠭᠠᠳ ᠠᠪᠤᠶ᠎ᠠ ᠭᠡᠵᠡᠢ᠃ ᠲᠡᠭᠡᠭᠡᠳ ᠪᠠᠶᠠᠨ ᠤ᠋ ᠪᠦᠰᠡᠭᠦᠢ ᠤᠷᠲᠤ ᠰᠢᠯᠪᠢᠭᠦᠷ ᠢ᠋ᠶ᠋ᠡᠨ ᠠᠪᠤᠭᠠᠳ ᠠᠷᠤ ᠠ᠋ᠴᠠ ᠨᠢ ᠮᠢᠷᠢᠶᠠᠵᠤ ᠭᠡᠲᠡᠵᠦ ᠣᠴᠢᠭᠠᠳ ᠬᠦᠴᠦᠲᠡᠶ᠋ᠢᠬᠡᠨ ᠴᠣᠬᠢᠭᠰᠠᠨ ᠳ᠋ᠤ᠌ ᠪᠦᠲᠦᠨ᠎ᠡ ᠶ᠋ᠢ ᠪᠢᠰᠢ᠂ ᠭᠡᠷ ᠦ᠋ᠨ ᠡᠵᠡᠨ ᠦ᠌ ᠲᠣᠯᠣᠭᠠᠢ ᠶ᠋ᠢ ᠴᠣᠬᠢᠴᠢᠬᠠᠵᠠᠢ᠃

ᠡᠭᠦᠨ ᠊ᠢ ᠨᠢ ᠬᠠᠷᠠᠭᠰᠠᠨ ᠦᠨᠡᠭᠡ ᠡᠯᠢᠭᠡ ᠪᠡᠨ ᠬᠥᠰᠢᠭᠡᠲᠡᠯ᠎ᠡ ᠢᠨᠢᠶᠡᠵᠦ ᠪᠠᠰᠠ ᠦᠯᠡᠳᠡᠭᠰᠡᠨ ᠮᠢᠬ᠎ᠠ ᠢᠳᠡᠭᠡᠨ ᠡᠴᠡ ᠨᠢ ᠬᠠᠨᠲᠠᠯ᠎ᠠ ᠢᠳᠡᠭᠡᠳ ᠪᠠᠶᠠᠷ ᠲᠠᠢ ᠪᠠᠷ ᠭᠡᠷ ᠲᠡᠭᠡᠨ ᠬᠠᠷᠢᠵᠠᠢ ᠭᠡᠨ᠎ᠡ᠃

ᠦᠨᠡᠭᠡ ᠳᠠᠷᠠᠭ᠎ᠠ   ᠡᠳᠦᠷ ᠪᠠᠰᠠ ᠯᠠ ᠥᠯᠥᠰᠴᠦ ᠪᠦᠲᠦᠨ᠎ᠡ   ᠶ᠋ᠢᠨ ᠵᠤᠯᠵᠠᠭ᠎ᠠ ᠶ᠋ᠢ ᠬᠠᠶ᠋ᠢᠵᠤ ᠢᠷᠡᠭᠡᠳ ᠶᠠᠭ ᠢᠳᠡᠬᠦ ᠭᠡᠵᠦ ᠪᠠᠶ᠋ᠢᠲᠠᠯ᠎ᠠ ᠮᠥᠨ ᠯᠡ ᠪᠦᠲᠦᠨ᠎ᠡ ᠰᠢᠪᠠᠭᠤ ᠬᠦᠷᠴᠦ ᠢᠷᠡᠭᠡᠳ᠄ ᠦᠷ᠎ᠡ ᠠᠴᠢ ᠳ᠋ᠤ᠌ ᠮᠢᠨᠢ ᠪᠤᠶᠠᠨ ᠤᠶ᠋ᠢᠯᠡᠲᠦᠭᠡᠳ ᠠᠮᠢ ᠶ᠋ᠢ ᠨᠢ ᠠᠪᠤᠷᠠᠭᠠᠴᠢ ᠭᠡᠰᠡᠨ ᠳ᠋ᠦ᠍ ᠦᠨᠡᠭᠡ᠄ ᠴᠢ ᠨᠠᠮ᠎ᠠ ᠶ᠋ᠢ ᠴᠠᠳᠬᠠᠵᠤ ᠨᠢᠭᠡ ᠦᠵᠡᠯ᠎ᠡ᠂ ᠢᠨᠢᠶᠡᠯᠭᠡᠵᠦ ᠨᠢᠭᠡ ᠦᠵᠡᠯ᠎ᠡ᠂ ᠣᠳᠣ ᠬᠠᠷᠢᠨ ᠨᠠᠮ᠎ᠠ ᠶ᠋ᠢ ᠴᠢᠳᠠᠳᠠᠭ ᠶᠤᠮ ᠪᠣᠯ ᠠᠶᠤᠯᠭᠠᠴᠢᠬ᠎ᠠ᠂ ᠲᠡᠭᠡᠪᠡᠯ ᠪᠢ ᠭᠤᠷᠪᠠᠨ ᠤᠳᠠᠭ᠎ᠠ ᠶ᠋ᠢᠨ ᠭᠣᠮᠣᠳᠠᠯ ᠢ᠋ᠶ᠋ᠠᠨ ᠪᠠᠷᠠᠭᠠᠳ ᠴᠢᠨᠦ ᠵᠤᠯᠵᠠᠭᠠᠨ ᠳ᠋ᠤ᠌ ᠳᠠᠬᠢᠵᠤ ᠬᠡᠵᠢᠶ᠎ᠡ ᠴᠦ᠍ ᠣᠶ᠋ᠢᠷᠠᠤᠠᠬᠤ ᠦᠭᠡᠢ ᠭᠡᠵᠡᠢ᠃ ᠪᠦᠲᠦᠨ᠎ᠡ ᠰᠢᠪᠠᠭᠤ᠄ ᠪᠣᠯᠤᠨ᠎ᠠ᠂ ᠬᠠᠷᠢᠨ ᠲᠠ ᠨᠢᠳᠦ ᠪᠡᠨ ᠲᠠᠰᠤ ᠠᠨᠢᠴᠢᠬ᠎ᠠ᠂ ᠲᠡᠭᠡᠭᠡᠳ ᠨᠠᠮ᠎ᠠ ᠶ᠋ᠢ ᠳᠠᠭᠠᠭᠠᠳ ᠶᠠᠪᠤ ᠭᠡᠰᠡᠨ ᠳ᠋ᠦ᠍ ᠦᠨᠡᠭᠡ ᠄ ᠪᠣᠯᠣᠯᠭᠦᠢ ᠶᠠᠭᠠᠬᠢᠬᠤᠪ ᠭᠡᠳ ᠵᠥᠪᠰᠢᠶᠡᠷᠡᠵᠡᠢ ᠭᠡᠨ᠎ᠡ᠃

ᠪᠦᠲᠦᠨ᠎ᠡ ᠰᠢᠪᠠᠭᠤ ᠦᠨᠡᠭᠡᠨ ᠦ᠌ ᠨᠢᠳᠦ ᠶ᠋ᠢ ᠠᠨᠢᠭᠤᠯᠤᠭᠠᠳ ᠠᠷᠤ ᠠ᠋ᠴᠠ ᠪᠠᠨ ᠳᠠᠭᠠᠭᠤᠯᠤᠭᠠᠳ ᠶᠠᠪᠤᠵᠠᠢ ᠭᠡᠨ᠎ᠡ᠃

ᠪᠦᠲᠦᠨ᠎ᠡ᠂ ᠬᠣᠯᠠ ᠠ᠋ᠴᠠ ᠢᠷᠡᠵᠦ ᠶᠠᠪᠤᠭ᠎ᠠ ᠨᠣᠬᠠᠢ ᠳᠠᠭᠠᠭᠤᠯᠤᠭᠰᠠᠨ ᠠᠩᠴᠢᠨ ᠊ᠢ ᠦᠵᠡᠭᠡᠳ᠂ ᠵᠢᠯᠠᠭ᠎ᠠ ᠤᠷᠤᠭᠤ ᠣᠷᠣᠭᠤᠯᠤᠭᠠᠳ ᠦᠨᠡᠭᠡ ᠶ᠋ᠢ ᠠᠩᠴᠢᠨ ᠤ᠋ ᠵᠦᠭ ᠣᠶ᠋ᠢᠷᠠᠲᠤᠭᠤᠯᠵᠤ ᠪᠠᠶ᠋ᠢᠯ᠎ᠠ ᠃

ᠨᠡᠯᠢᠶᠡᠳ ᠣᠶ᠋ᠢᠷᠠᠬᠠᠨ ᠳᠥᠭᠥᠵᠦ ᠣᠴᠢᠭᠠᠳ᠄ ᠵᠠ᠂ ᠦᠨᠡᠭᠡ ᠭᠤᠸᠠᠢ᠂ ᠣᠳᠣ ᠨᠢᠳᠦ ᠪᠡᠨ ᠨᠡᠬᠡᠭᠡ᠂ ᠦᠷ᠎ᠡ ᠠᠴᠢ  ᠶ᠋ᠢᠨ ᠮᠢᠨᠢ ᠠᠮᠢ ᠪᠠᠷ ᠨᠠᠭᠠᠳᠤᠭᠰᠠᠨ ᠴᠢᠮ᠎ᠠ ᠶ᠋ᠢ ᠠᠶᠤᠬᠤ ᠠᠶᠤᠯ ᠲᠤᠯᠭᠠᠷᠠᠬᠤ ᠨᠢ ‍ᠤᠤ ? ᠡᠰᠡᠬᠦᠯ᠎ᠡ ᠲᠤᠯᠭᠠᠷᠠᠬᠤ ᠦᠭᠡᠢ ᠵᠢᠭᠤᠲᠠᠬᠤ ᠨᠢ ‍ᠤᠤ ? ᠣᠳᠣ ᠦᠵᠡᠶ᠎ᠡ ᠳᠡ ᠭᠡᠵᠦ ᠪᠦᠲᠦᠨ᠎ᠡ ᠰᠢᠪᠠᠭᠤ ᠬᠡᠯᠡᠬᠦ ᠳ᠋ᠦ᠍ ᠮᠣᠷᠢᠲᠠᠢ ᠬᠥᠮᠦᠰ ᠳᠣᠪᠲᠣᠯᠤᠨ ᠢᠷᠡᠵᠦ ᠨᠣᠬᠠᠳ ᠴᠤ᠌ ᠦᠨᠡᠭᠡ ᠶ᠋ᠢ ᠪᠣᠭᠣᠷᠯᠠᠵᠠᠢ ᠭᠡᠨ᠎ᠡ᠃

ᠡᠭᠦᠨ ᠊ᠢ ᠦᠵᠡᠭᠰᠡᠨ ᠦᠨᠡᠭᠡ ᠠᠶᠤᠬᠤ ᠳ᠋ᠠᠭᠠᠨ ᠬᠠᠷ᠎ᠠ ᠡᠷᠴᠢ ᠪᠡᠷ ᠢ᠋ᠶ᠋ᠡᠨ ᠵᠢᠭᠤᠲᠠᠵᠠᠢ ᠭᠡᠨ᠎ᠡ᠃

ᠬᠠᠷᠢᠨ ᠡᠭᠦᠨ ᠊ᠢ ᠬᠠᠷᠠᠭᠰᠠᠨ ᠪᠦᠲᠦᠨ᠎ᠡ ᠰᠢᠪᠠᠭᠤ ᠄ ᠦᠨᠡᠭᠡ ᠨᠣᠶᠠᠨᠲᠠᠨ ᠲᠠ ᠠᠶᠤᠭᠰᠠᠨ ‍ᠤᠤ ? ᠡᠰᠡᠬᠦᠯ᠎ᠡ ᠲᠠᠪᠠᠲᠠᠢ ᠰᠠᠢᠬᠠᠨ ᠪᠠᠶ᠋ᠢᠬᠰᠠ ‍ᠤᠤ ? ᠪᠠᠰᠠ ᠵᠢᠭᠠᠬᠠᠨ ᠳᠤᠲᠠᠭᠤᠳᠠᠴᠢᠬᠠᠪᠠ ‍ᠤᠤ ? ᠭᠡᠰᠡᠨ ᠳ᠋ᠦ᠍ ᠦᠨᠡᠭᠡᠨ ᠦ᠌ ᠠᠭᠤᠷ ᠨᠢ ᠬᠦᠷᠴᠦ ᠪᠦᠲᠦᠨ᠎ᠡ ᠶ᠋ᠢᠨ ᠤᠷᠲᠤ ᠰᠠᠢᠬᠠᠨ ᠰᠡᠭᠦᠯ ᠡᠴᠡ ᠨᠢ ᠵᠠᠭᠤᠭᠰᠠᠨ ᠳ᠋ᠤ᠌ ᠪᠦᠲᠦᠨ᠎ᠡ ᠶ᠋ᠢᠨ ᠰᠡᠭᠦᠯ ᠣᠭᠣᠲᠣᠷ ᠪᠣᠯᠵᠤ᠂ ᠬᠠᠷᠢᠨ ᠦᠨᠡᠭᠡ ᠤᠷᠲᠤ ᠠ᠋ᠴᠠ ᠤᠷᠲᠤ ᠰᠡᠭᠦᠯ ᠲᠡᠢ ᠪᠣᠯᠵᠠᠢ᠃

ᠦᠨᠡᠭᠡ ᠬᠠᠷ᠎ᠠ ᠮᠠᠭᠤ ᠰᠠᠨᠠᠭᠠᠨ  ᠤ᠋ ᠪᠠᠨ ᠦᠷ᠎ᠡ ᠪᠡᠷ ᠬᠠᠷᠠᠩᠭᠤᠢ ᠨᠦᠬᠡᠨ ᠳ᠋ᠦ᠍ ᠬᠡᠪᠲᠡᠬᠦ ᠪᠣᠯᠵᠠᠢ ᠭᠡᠨ᠎ᠡ᠃ ᠪᠦᠲᠦᠨ᠎ᠡ ᠬᠡᠲᠦᠶ᠋ᠢᠪᠡᠷ ᠣᠭᠣᠲᠣᠷ ᠰᠡᠭᠦᠯ ᠲᠡᠢ ᠪᠤᠯᠤᠭᠰᠠ ᠭᠡᠯ᠎ᠡ ᠴᠦ᠍ ᠥᠪᠡᠷ ᠦ᠋ᠨ ᠳᠤᠷ᠎ᠠ ᠪᠠᠷ ᠢ᠋ᠶ᠋ᠠᠨ ᠨᠢᠰᠦᠨ ᠶᠠᠪᠤᠬᠤ ᠪᠣᠯᠵᠠᠢ᠃

 

   ᠦᠰᠦᠭ ᠠᠮᠢᠯᠠᠭᠤᠯᠤᠭᠴᠢ ᠄ ᠢᠷᠡᠬᠦᠦ

   ᠬᠢᠨᠠᠭᠴᠢ ᠄ ᠮᠥᠴᠢᠷ ᠂ ᠾᠦᠩ ᠸᠧᠢ