ᠮᠣᠩᠭᠣᠯ ᠪᠥᠬᠡ ᠶ᠋ᠢᠨ ᠮᠠᠭᠲᠠᠭᠠᠯ Монгол бөхийн магтаал
ᠮᠣᠩᠭᠣᠯ ᠪᠥᠬᠡ ᠶ᠋ᠢᠨ ᠮᠠᠭᠲᠠᠭᠠᠯ
ᠥᠨᠢᠷ ᠣᠯᠠᠨ ᠮᠣᠩᠭᠣᠯ ᠳᠤ
ᠥᠨᠢ ᠤᠲᠠᠭᠠᠨ ᠳᠡᠯᠭᠡᠷᠡᠭᠰᠡᠨ᠂
ᠡᠷ᠎ᠡ ᠶ᠋ᠢᠨ ᠭᠤᠷᠪᠠᠨ ᠨᠠᠭᠠᠲᠤᠮ ᠦ᠋ᠨ
ᠡᠩ ᠲᠡᠷᠢᠭᠦᠨ ᠳ᠋ᠤᠨᠢ ᠣᠷᠣᠭᠰᠠᠨ ᠂
ᠮᠣᠩᠭᠣᠯ ᠪᠥᠬᠡ ᠶ᠋ᠢᠨ ᠲᠤᠬᠠᠢ ᠬᠣᠯᠪᠣᠭᠰᠠᠨ
ᠮᠤᠩ ᠦᠭᠡᠢ ᠣᠯᠠᠨ ᠮᠠᠭᠲᠠᠭᠠᠯ ᠲᠠᠢ ᠂
ᠮᠣᠩᠭᠣᠯ ᠪᠥᠬᠡ ᠪᠡᠨ ᠮᠠᠭᠲᠠᠶ᠎ᠠ ᠭᠡᠵᠦ
ᠮᠠᠨ ᠪ ᠦᠨᠲᠦᠰᠦᠲᠡᠨ ᠭᠦᠰᠡᠭᠰᠡᠭᠡᠷ ᠃
ᠾᠦᠩᠨᠦ ᠱᠦᠩᠨᠥ ᠶ᠋ᠢᠨ ᠦᠶ᠎ᠡ ᠡᠴᠡ
ᠬᠦᠴᠦᠲᠦ ᠪᠥᠬᠡ ᠶ᠋ᠢᠨ ᠠᠯᠲᠠᠷ ᠲᠠᠢ ᠂
ᠬᠥᠬᠡ ᠮᠣᠩᠭᠣᠯ ᠦ᠋ᠨ ᠦᠶ᠎ᠡ ᠡᠴᠡ
ᠬᠦᠲᠡᠷ ᠪᠠᠷᠰ ᠦ᠋ᠨ ᠴᠣᠯᠠ ᠲᠠᠢ ᠂
ᠤᠯᠤᠰ ᠦ᠋ᠨ ᠨᠠᠶ᠋ᠢᠷ ᠦ᠋ᠨ ᠪᠥᠬᠡ ᠪᠡᠨ
ᠣᠶᠤᠨ ᠪᠢᠯᠢᠭ ᠶ᠋ᠢᠡᠨ ᠰᠢᠪᠬᠠᠵᠤ ᠂
ᠤᠶᠠᠩᠭᠠᠯᠠᠨ ᠳᠠᠭᠤᠯᠠᠵᠤ ᠦᠵᠡᠶ᠎ᠡ ᠭᠡᠵᠦ
ᠤᠤᠯ ᠠ᠋ᠴᠠ ᠪᠢ ᠬᠦᠰᠡᠭᠰᠡᠨ ᠶᠤᠮ ᠃
ᠴᠡᠯᠮᠡᠭ᠋ ᠠᠭᠠᠷ ᠲᠤᠨᠤᠯᠵᠠᠭᠰᠠᠨ
ᠴᠡᠴᠡᠭᠲᠦ ᠲᠠᠯ᠎ᠠ ᠶ᠋ᠢᠨ ᠥᠷᠥᠴᠡᠨ ᠳᠤ
ᠴᠢᠭᠢᠭ ᠦ᠋ᠨ ᠦᠨᠦᠷ ᠬᠠᠩᠬᠤᠯᠤᠭᠰᠠᠨ
ᠬᠥᠬᠡᠪᠤᠯᠠᠭ ᠦ᠋ᠨ ᠵᠦᠯᠭᠡᠨ ᠳᠡᠭᠡᠷ᠎ᠡ ᠂
ᠨᠠᠶ᠋ᠢᠷ ᠦ᠋ᠨ ᠲᠠᠭᠲᠤ ᠴᠣᠭᠴᠠᠯᠠᠵᠤ
ᠨᠠᠭᠠᠲᠤᠮ ᠦ᠋ᠨ ᠬᠤᠷᠠᠯ ᠡᠬᠢᠯᠡᠯ᠎ᠡ ᠂
ᠨᠠᠢ᠍ᠮᠠᠨ ᠵᠣᠪᠬᠢᠰ ᠮᠠᠯᠴᠢᠳ
ᠨᠢᠰᠬᠦ ᠮᠡᠲᠦ ᠪᠡᠷ ᠴᠤᠭᠯᠠᠷᠠᠯ᠎ᠠ ᠃
ᠬᠥᠷ ᠨᠠᠭᠠᠲᠤᠮ ᠭᠡᠳᠡᠭ ᠴᠢᠨᠢ
ᠬᠥᠲᠡᠭᠡ ᠨᠤᠲᠤᠭ ᠦ᠋ᠨ ᠴᠢᠮᠡᠭ ᠮᠥᠨ ᠂
ᠬᠥᠲᠡᠯᠮᠦᠷᠢᠴᠢ ᠣᠯᠠᠨ ᠮᠠᠯᠴᠢᠳ ᠦ᠋ᠨ
ᠬᠦᠰᠡᠵᠦ ᠢᠷᠡᠭᠰᠡᠨ ᠮᠥᠷᠥᠭᠡᠲᠦᠯ ᠮᠥᠨ ᠃
ᠪᠥᠬᠡ ᠬᠡᠲᠦᠢ ᠳᠤ ᠲᠠᠯᠪᠢᠬᠤ ᠪᠤᠢ ? ᠭᠡᠵᠦ
ᠪᠦᠭᠦᠲᠡᠭᠡᠷ ᠰᠤᠷᠠᠭ ᠲᠠᠯᠪᠢᠯ᠎ᠠ ᠂
ᠪᠦᠲᠦᠭᠦᠨ ᠲᠠᠷᠭᠤᠨ ᠵᠠᠯᠠᠭᠤᠴᠤᠳ
ᠪᠥᠬᠡ ᠳᠤ ᠣᠷᠣᠬᠤ ᠪᠠᠷ ᠪᠡᠯᠡᠤᠠᠬᠡᠨᠡ ᠃
ᠲᠠᠯ᠎ᠠ ᠨᠤᠲᠤᠭ ᠦ᠋ᠨ ᠵᠠᠯᠠᠭᠤᠴᠤᠳ
ᠲᠠᠪᠠ ᠪᠠᠷ ᠶ᠋ᠢᠠᠨ ᠥᠰᠦᠭᠰᠡᠨ ᠤᠯᠤᠰ ᠡ ᠂
ᠲᠠᠷᠠᠭ ᠰᠦ᠋ ᠪᠡᠨ ᠤᠤᠭᠤᠭᠠᠳ
ᠲᠠᠮᠢᠷᠵᠢᠭᠠᠳ ᠪᠣᠶ᠋ᠢᠵᠢᠬᠰᠠᠨ ᠡᠷᠡᠰ ᠡ ᠃
ᠲᠠᠯ᠎ᠠ ᠶ᠋ᠢᠨ ᠨᠣᠭᠣᠭᠠᠨ ᠵᠦᠯᠭᠡᠨ ᠳᠤ
ᠲᠠᠲᠠᠬ᠋ᠠ ᠴᠢᠯᠡᠭᠡ ᠪᠡᠨ ᠭᠠᠷᠭᠠᠭᠰᠠᠨ ᠰᠠᠨᠵᠠᠢ ᠂
ᠲᠠᠭᠠᠲᠠᠢ ᠴᠠᠭᠠᠨ ᠮᠠᠩᠬᠠᠨ ᠳᠡᠭᠡᠷ᠎ᠡ
ᠲᠠᠭᠠᠷᠠᠭᠰᠠᠭᠠᠷ ᠪᠠᠷᠢᠯᠲᠤᠵᠤ ᠰᠤᠷᠤᠭᠰᠠᠨ ᠰᠠᠨᠵᠠᠢ ᠃
ᠮᠠᠯᠵᠢᠬᠤ ᠣᠷᠣᠨ ᠪ ᠵᠠᠯᠠᠭᠤᠴᠤᠳ
ᠮᠠᠷᠢᠶ᠎ᠠ ᠮᠢᠬ᠎ᠠ ᠪᠠᠷ ᠭᠠᠶ᠋ᠢᠬᠠᠯᠲᠠᠢ ᠂
ᠮᠠᠨ ᠪ ᠨᠢᠲᠦ ᠪᠡᠷ ᠦᠵᠡᠬᠦ ᠳᠤ
ᠮᠠᠭᠲᠠᠭᠠᠯ ᠪᠦᠷᠢᠳᠦᠭᠰᠡᠨ ᠤᠯᠤᠰ ᠡ ᠃
ᠬᠣᠶ᠋ᠢᠰᠢ ᠬᠠᠨᠲᠤᠭᠤᠯᠵᠤ ᠪᠠᠷᠢᠬᠰᠠᠨ
ᠬᠣᠣᠰ ᠴᠠᠭᠠᠨ ᠮᠠᠶ᠋ᠢᠬᠠᠨ ᠠ᠋ᠴᠠ
ᠬᠤᠪᠴᠠᠯᠠᠵᠤ ᠵᠣᠲᠣᠭᠯᠠᠭᠰᠠᠨ ᠪᠥᠬᠡᠴᠦᠳ
ᠬᠣᠶᠠᠷ ᠭᠠᠷᠯᠠᠭᠠᠳ ᠭᠠᠷᠤᠯ᠎ᠠ ᠃
ᠦᠵᠡᠬᠦ ᠨᠢᠲᠦ ᠶ᠋ᠢ ᠨᠢ ᠯᠠᠪᠯᠠᠬᠤ ᠳᠤ
ᠥᠷ ᠦ᠋ᠨ ᠭᠡᠷᠡᠯᠲᠦ ᠴᠣᠯᠮᠣᠨ ᠮᠡᠲᠦ ᠂
ᠥᠨᠲᠥᠷ ᠪᠦᠲᠦᠭᠦᠨ ᠪᠠᠶ᠋ᠢᠲᠠᠯ ᠊ᠢ ᠨᠢ
ᠦᠵᠡᠭᠰᠡᠭᠡᠷ ᠬᠥᠮᠦᠰ ᠰᠦᠷᠲᠡᠮᠡᠷ ᠡ ᠃
ᠬᠥᠷᠪᠡᠨ ᠤᠷᠪᠠᠨ ᠭᠢᠰᠬᠢᠬᠦ ᠳ᠋ᠤᠨᠢ
ᠬᠥᠷᠥᠰᠥᠲᠦ ᠭᠠᠵᠠᠷ ᠣᠪᠣᠯᠵᠠᠨ᠎ᠠ ᠂
ᠬᠦᠴᠦ ᠪᠡᠨ ᠭᠠᠷᠭᠠᠨ ᠲᠦᠯᠬᠢᠪᠡᠯ
ᠬᠦᠬᠡᠮᠳᠦᠭ ᠠᠭᠤᠯᠠ ᠴᠤ᠌ ᠰᠠᠵᠢᠯᠠᠨ᠎ᠠ ᠃
ᠬᠡᠢ ᠨᠢ ᠬᠦᠷᠦᠭᠡᠳ ᠬᠠᠩᠬᠠᠶ᠋ᠢᠯᠠ
ᠬᠡᠨ ᠲᠡᠢ ᠲᠠᠭᠠᠷᠠᠬᠤ ᠪᠠᠨ ᠪᠠᠷᠤᠭᠯᠠᠯ᠎ᠠ
ᠬᠡᠲᠦᠨ ᠨᠤᠭᠤᠯᠤᠬ᠋ᠠ ᠥᠩᠭᠡᠷᠡᠲᠡᠯ᠎ᠡ
ᠬᠢᠴᠢᠶᠡᠯᠯᠡᠬᠦ ᠠᠷᠬ᠋᠎ᠠ ᠪᠠᠨ ᠨᠢᠬᠲᠠᠯᠠᠯᠠ ᠃
ᠭᠠᠭᠴᠠ ᠲᠠᠲᠠᠭᠠᠳ ᠤᠨᠠᠭᠠᠶ᠎ᠠ ᠭᠡᠵᠦ
ᠭᠠᠯᠵᠠᠭᠤ ᠬᠦᠴᠦ ᠨᠢ ᠪᠠᠲᠠᠷᠠᠵᠤ ᠪᠠᠶ᠋ᠢᠨ᠎ᠠ ᠂
ᠭᠠᠷ ᠦ᠋ᠨ ᠦᠵᠦᠭᠦᠷ ᠰᠠᠪᠠᠴᠢᠬᠠᠶᠠ ᠭᠡᠵᠦ
ᠭᠠᠪᠰᠢᠭᠠᠢ ᠠᠷᠬ᠋᠎ᠠ ᠪᠠᠨ ᠪᠢᠰᠢᠯᠭᠠᠵᠤ ᠪᠠᠶ᠋ᠢᠨ᠎ᠠ ᠃
ᠪᠥᠬᠡ ᠶ᠋ᠢᠨ ᠵᠢᠬᠰᠠᠭᠠᠯ ᠦ᠋ᠨ ᠳᠠᠨᠳᠠ ᠠ᠋ᠴᠠ
ᠪᠦᠲᠦᠭᠦᠨ ᠬᠣᠭᠣᠯᠠᠢ ᠬᠦᠩᠭᠢᠨᠡᠨ᠎ᠡ ᠂
《 ᠪᠥᠬᠡ ᠪᠡᠨ ᠳᠠᠯᠪᠢ ! 》 ᠭᠡᠵᠦ ᠴᠤᠤᠷᠢᠶᠠᠲᠤᠯ᠎ᠠ
ᠪᠦᠭᠦᠲᠡᠭᠡᠷ ᠲᠠᠪᠬᠡᠷᠦᠨ ᠪᠣᠰᠤᠯ᠎ᠠ ᠃
ᠠᠯᠲᠠ ᠮᠥᠩᠭᠥᠨ ᠵᠣᠲᠤᠭ ᠦ᠋ᠳ ᠨᠢ
ᠠᠭᠠᠷ ᠦ᠋ᠨ ᠨᠠᠷᠠᠨ ᠳᠤ ᠭᠢᠯᠠᠯᠵᠠᠨ᠎ᠠ ᠂
ᠠᠷᠪᠠᠨ ᠥᠩᠭᠡ ᠶ᠋ᠢᠨ ᠵᠠᠩᠭᠢᠶ᠎ᠠ ᠨᠢ
ᠠᠷᠰᠯᠠᠨ ᠪ ᠵᠣᠭᠲᠣᠷ ᠰᠢᠭ᠋ ᠬᠡᠶ᠋ᠢᠰᠦᠯᠡ ᠃
ᠭᠠᠩᠭᠠᠩ ᠴᠠᠭᠠᠨ ᠥᠮᠥᠲᠥ ᠨᠢ
ᠭᠠᠵᠠᠷ ᠰᠢᠭᠦᠷᠦᠨ ᠭᠦᠭᠯᠨᠷᠡᠵᠤ ᠪᠠᠶ᠋ᠢᠨ᠎ᠠ ᠂
ᠭᠠᠷ ᠬᠥᠯ ᠦ᠋ᠨ ᠪᠤᠯᠴᠢᠩ ᠨᠢ
ᠭᠠᠩ ᠪᠥᠮᠪᠥᠭᠡ ᠰᠢᠭ᠌ ᠵᠠᠩᠭᠢᠷᠠᠵᠤ ᠪᠠᠶ᠋ᠢᠨ᠎ᠠ ᠃
ᠡᠷᠢᠶᠡᠨ ᠪᠠᠷᠰ ᠦ᠋ᠨ ᠲᠤᠤᠬᠤᠤ
ᠡᠪᠦᠳᠦᠭ ᠊ᠢ ᠨᠢ ᠲᠡᠪᠡᠷᠢᠨ ᠬᠡᠷᠡᠯᠲᠦᠵᠦ ᠪᠠᠶ᠋ᠢᠨ᠎ᠠ ᠂
ᠦᠵᠡᠬᠦ ᠬᠣᠶᠠᠷ ᠨᠢᠲᠦ ᠨᠢ
ᠥᠯᠮᠡᠢ ᠥᠭᠡᠲᠡ ᠨᠢ ᠭᠥᠯᠢᠢᠵᠦ ᠪᠠᠶ᠋ᠢᠨ᠎ᠠ ᠃
ᠬᠠᠨ᠎ᠠ ᠶ᠋ᠢᠨ ᠠᠷ ᠲᠠᠢ ᠭᠤᠲᠤᠯ ᠨᠢ
ᠬᠠᠭᠵᠠᠷᠠᠨᠠ ᠭᠡᠵᠦ ᠴᠤ᠌ ᠪᠠᠶ᠋ᠢᠨ᠎ᠠ ᠤᠤ ᠳ᠋ᠠ ᠂
ᠬᠠᠨᠲᠠᠭᠠᠢ ᠪᠤᠭᠤ ᠶ᠋ᠢᠨ ᠰᠤᠷ ᠨᠣᠭᠲᠣ
ᠲᠠᠰᠤᠷᠠᠨ᠎ᠠ ᠭᠡᠵᠦ ᠴᠤ᠌ ᠪᠠᠶ᠋ᠢᠨ᠎ᠠ ᠤᠤ ᠳ᠋ᠠ ᠃
ᠬᠣᠶᠠᠷ ᠵᠢᠭᠦᠷ ᠦ᠋ᠨ ᠪᠥᠬᠡ
ᠳᠠᠷᠠᠬ᠋᠎ᠠ ᠳᠠᠷᠠᠬ᠋᠎ᠠ ᠪᠠᠷ ᠮᠠᠭᠰᠢᠯᠠ ᠂
ᠬᠤᠨ ᠭᠠᠯᠠᠭᠤᠨ ᠰᠥᠷᠦᠭ
ᠳᠠᠪᠳᠠᠷᠢᠵᠤ ᠪᠠᠶ᠋ᠢᠬᠤ ᠠᠲᠠᠯᠢ ᠡ ᠃
ᠭᠠᠷ ᠶ᠋ᠢᠠᠨ ᠲᠠᠪᠢᠨ ᠮᠠᠭᠰᠢᠬᠤ ᠨᠢ
ᠭᠠᠷᠤᠲᠢ ᠵᠢᠭᠦᠷ ᠶ᠋ᠢᠡᠨ ᠳᠡᠯᠭᠡᠭᠰᠡᠨ ᠰᠢᠭ᠌
ᠭᠠᠵᠠᠷ ᠲᠠᠪᠬᠡᠷᠤᠨ ᠵᠣᠭᠰᠣᠬᠤ ᠨᠢ
ᠭᠠᠯ ᠯᠤᠤ ᠪᠠᠭᠤᠬᠤ ᠮᠡᠲᠦ ᠡ ᠃
ᠠᠯᠬᠤᠵᠤ ᠭᠢᠰᠬᠢᠬᠦ ᠲᠥᠯᠥᠪ ᠨᠢ ᠨᠢᠭᠡ
ᠠᠯᠠᠭ ᠨᠢᠲᠦᠨ ᠪ ᠬᠠᠷᠠᠴᠠ ᠨᠢ ᠨᠢᠭᠡ ᠂
ᠠᠯᠲᠠ ᠮᠥᠩᠭᠥᠨ ᠵᠣᠲᠤᠭ ᠨᠢ ᠨᠢᠭᠡ
ᠠᠷᠬ᠋᠎ᠠ ᠤᠬᠠᠭᠠᠨ ᠪᠣᠲᠣᠯᠬ᠋ᠠ ᠨᠢ ᠨᠢᠭᠡ ᠃
ᠬᠠᠮᠤᠭ ᠦ᠋ᠨ ᠲᠦᠷᠦᠭᠦᠦ ᠨᠤᠭᠤᠯᠤᠬ᠋ᠠ
ᠬᠠᠲᠠᠭᠤ ᠰᠢᠷᠦᠭᠦᠨ ᠶ᠋ᠢᠡᠷ ᠡᠬᠢᠯᠡᠨ᠎ᠡ ᠂
ᠬᠠᠷᠠᠵᠤ ᠦᠵᠡᠬᠦ ᠶ᠋ᠢᠨ ᠵᠠᠪ ᠦᠭᠡᠢ
ᠬᠠᠰᠢᠷ ᠳᠣᠬᠢ ᠪᠠᠷ ᠭᠠᠷᠲᠠᠯ᠎ᠠ ᠃
ᠬᠡᠢ ᠲᠠᠲᠠᠪᠠᠯ ᠬᠡᠷᠦᠵᠦ ᠴᠣᠬᠢᠨ᠎ᠠ
ᠬᠡᠲᠦᠨ ᠳᠠᠪᠬᠤᠷ ᠰᠤᠭᠰᠤᠷᠴᠤ ᠴᠣᠬᠢᠨ᠎ᠠ ᠂
ᠬᠢᠲᠡᠯ ᠪᠦᠬᠦᠨ ᠢᠶᠡᠨ ᠭᠠᠷᠭᠠᠵᠤ ᠴᠣᠬᠢᠨ᠎ᠠ
ᠭᠡᠴᠡᠭᠦᠦ ᠭᠡᠳᠡᠭ ᠢᠶᠡᠨ ᠦᠵᠡᠭᠦᠯᠵᠦ ᠴᠣᠬᠢᠨ᠎ᠠ ᠃
ᠬᠠᠷᠠᠬᠤ ᠨᠢᠲᠦ ᠶᠢ ᠯᠠᠪᠯᠠᠵᠤ ᠴᠣᠬᠢᠨ᠎ᠠ
ᠬᠠᠮᠤᠭ ᠠᠷᠬ᠋᠎ᠠ ᠪᠠᠨ ᠭᠠᠷᠭᠠᠵᠤ ᠴᠣᠬᠢᠨ᠎ᠠ ᠂
ᠬᠠᠪᠢᠲᠠᠵᠤ ᠢᠷᠡᠪᠡᠯ ᠵᠠᠶ᠋ᠢᠯᠠᠵᠤ ᠴᠣᠬᠢᠨ᠎ᠠ
ᠬᠠᠵᠠᠭᠤ ᠪᠠᠷ ᠨᠢ ᠭᠠᠷᠪᠠᠯ ᠲᠤᠰᠴᠤ ᠴᠣᠬᠢᠨ᠎ᠠ ᠃
ᠤᠷᠭᠤᠬ᠋ᠠ ᠬᠠᠲᠠ ᠰᠢᠭ᠋ ᠵᠣᠭᠰᠣᠭᠠᠳ
ᠤᠬᠠᠬ᠋ᠠ ᠨᠢ ᠭᠠᠷᠤᠭᠰᠠᠨ ᠪᠥᠬᠡᠴᠦᠳ ᠪᠤᠢ ᠂
ᠤᠯᠠᠮ ᠬᠣᠶ᠋ᠢᠨ᠎ᠠ ᠪᠠᠨ ᠴᠢᠩᠭᠠᠷᠠᠬᠤ
ᠤᠶᠠᠬ᠋ᠠ ᠪᠥᠬᠡᠴᠦᠳ ᠴᠦ᠍ ᠣᠯᠠᠨ ᠪᠤᠢ ᠃
ᠨᠠᠶ᠋ᠢᠷ ᠪᠦᠬᠦᠨ ᠳ᠋ᠦ᠍ ᠲᠡᠷᠢᠭᠦᠯᠡᠳᠡᠭ
ᠨᠡᠷ᠎ᠡ ᠲᠡᠢ ᠪᠥᠬᠡᠴᠦᠳ ᠴᠦ᠍ ᠤᠯᠠᠨ ᠪᠤᠢ ᠂
ᠨᠢᠭᠡ ᠨᠢᠭᠡ ᠪᠡᠷ ᠣᠶ᠋ᠢᠴᠢᠬᠰᠠᠭᠠᠷ
ᠨᠠᠭᠤᠢ ᠰᠠᠶ᠋ᠢᠨ ᠨᠢ ᠦᠯᠡᠲᠡᠯ᠎ᠡ ᠃
ᠬᠠᠯᠠᠭᠤᠨ ᠨᠥᠬᠥᠷᠯᠡᠯ ᠨᠢᠭᠡᠲᠦᠭᠡᠷ ᠭᠡᠳ
ᠠᠯᠢ ᠨᠢ ᠪᠣᠯᠪᠠᠴᠤ ᠭᠡᠴᠢᠶᠡᠵᠤ ᠂
ᠠᠬᠢᠨ ᠲᠠᠬᠢᠨ ᠨᠤᠭᠤᠯᠤᠭᠰᠠᠭᠠᠷ
ᠠᠯᠢ ᠬᠦᠴᠦᠲᠡᠢ ᠨᠢ ᠦᠯᠡᠲᠡᠯ᠎ᠡ ᠃
ᠪᠢᠷ᠎ᠠ ᠴᠢᠲᠠᠯ ᠲᠠᠢ ᠨᠢᠭᠡ ᠨᠢ
ᠪᠠᠷᠢᠭᠠᠳ ᠠᠪᠬᠤ ᠪᠠᠷ ᠣᠷᠣᠯᠲᠣᠯᠠ ᠂
ᠪᠠᠭᠠᠰᠢ ᠮᠡᠬᠡ ᠲᠡᠢ ᠨᠥᠭᠦᠭᠡ ᠨᠢ
ᠪᠠᠬᠠᠨ ᠥᠲᠥᠭᠡᠨ ᠡᠷᠭᠢᠯᠲᠦᠯᠡ ᠃
ᠳᠡᠮ ᠰᠠᠶ᠋ᠢᠲᠠᠢ ᠨᠢᠭᠡ ᠨᠢ
ᠳᠡᠭᠡᠭᠡ ᠬᠢᠭᠡᠳ ᠠᠮᠵᠢᠨ᠎ᠠ ᠂
ᠳᠡᠮᠡᠢ ᠯᠡ ᠪᠠᠶ᠋ᠢᠬᠰᠠᠨ ᠨᠥᠭᠦᠭᠡ ᠨᠢ
ᠳᠡᠭᠡᠭᠰᠢ ᠪᠡᠨ ᠬᠠᠨᠲᠤᠭᠠᠳ ᠣᠶ᠋ᠢᠴᠢᠨᠠ ᠂
ᠵᠠᠶ᠋ᠢᠯᠠᠭᠠᠳ ᠭᠠᠷᠲᠠᠯ᠎ᠠ ᠲᠦᠯᠬᠢᠨ᠎ᠡ
ᠵᠠᠪ ᠢ ᠨᠢ ᠥᠭᠬᠦ ᠦᠭᠡᠢ ᠬᠥᠮᠥᠷᠢᠨ᠎ᠡ ᠂
ᠵᠠᠪᠲᠤᠵᠤ ᠠᠪᠤᠪᠠᠯ ᠡᠷᠭᠢᠭᠦᠯᠦᠨ᠎ᠡ
ᠵᠠᠪᠰᠢᠶᠠᠨ ᠪᠦᠬᠦᠨ ᠢᠶᠠᠨ ᠭᠠᠷᠭᠠᠨ᠎ᠠ ᠃
ᠮᠥᠩᠭᠥᠨ ᠵᠣᠲᠣᠭ ᠭᠢᠯᠠᠯᠵᠠᠨ᠎ᠠ
ᠮᠥᠷ ᠮᠥᠷ ᠢᠶᠠᠷ ᠲᠣᠩᠭᠣᠷᠤᠨᠠ ᠂
ᠮᠡᠬᠡ ᠪᠥᠬᠥᠨ ᠢᠶᠡᠨ ᠭᠠᠷᠭᠠᠨ᠎ᠠ
ᠮᠡᠷᠭᠡᠵᠢᠯ ᠪᠥᠬᠥᠨ ᠢᠶᠡᠨ ᠭᠠᠶ᠋ᠢᠬᠠᠭᠤᠯᠤᠨᠠ ᠃
ᠲᠡᠷᠢᠭᠦᠨ ᠳᠡᠳ᠋ ᠢ ᠢᠯᠭᠠᠬᠤ
ᠲᠡᠮᠡᠴᠡᠯ ᠤᠨ ᠵᠣᠷᠢᠬ ᠬᠦᠭᠵᠢᠨ᠎ᠡ ᠂
ᠲᠡᠩᠬᠡᠭᠡ ᠲᠠᠮᠢᠷ ᠨᠢ ᠡᠷᠴᠢᠯᠡᠵᠦ
ᠲᠡᠩᠴᠡᠬᠦ ᠬᠦᠴᠦᠨ ᠴᠢᠩᠭᠠᠷᠠᠨ᠎ᠠ ᠃
ᠠᠤᠠᠬᠤᠭᠠᠳ ᠠᠪᠬᠤ ᠬᠦᠴᠦᠨ ᠳ᠋ᠦ᠍ᠨᠢ
ᠠᠷᠪᠠᠭᠠᠳ ᠲᠣᠪᠣᠷᠤᠤ ᠰᠤᠭᠤᠷᠠᠯᠠ᠂
ᠠᠷᠤᠨᠰᠢ ᠪᠠᠨ ᠰᠠᠵᠢᠬᠤ ᠴᠢᠲᠠᠯ ᠳ᠋ᠤᠨᠢ
ᠠᠷᠪᠠᠭᠠᠳ ᠠᠯᠬᠤᠮ ᠰᠠᠵᠢᠬᠲᠠᠯᠠ ᠃
ᠨᠥᠷᠢᠨ ᠨᠣᠴᠣᠭᠠᠳ ᠢᠷᠡᠬᠦ ᠳ᠋ᠤᠨᠢ
ᠨᠥᠭᠦᠭᠡ ᠬᠥᠯ ᠢ ᠨᠢ ᠴᠣᠬᠢᠨ᠎ᠠ᠂
ᠨᠤᠭᠤᠰᠤᠯᠠᠨ ᠳᠠᠷᠤᠭᠠᠳ ᠢᠷᠡᠬᠦ ᠳ᠋ᠦ᠍ᠨᠢ
ᠨᠤᠭᠤᠯᠵᠤ ᠠᠪᠤᠭᠠᠳ ᠬᠥᠮᠥᠷᠢᠨ᠎ᠡ ᠃
ᠵᠥᠭᠡᠯᠡᠨ ᠢᠷᠡᠪᠡᠯ ᠲᠠᠲᠠᠨ᠎ᠠ
ᠵᠥᠷᠢᠵᠦ ᠭᠠᠷᠬᠤ ᠳ᠋ᠤᠨᠢ ᠴᠣᠬᠢᠨ᠎ᠠ ᠂
ᠵᠦᠭ ᠢ ᠨᠢ ᠥᠭᠬᠦ ᠦᠭᠡᠢ ᠬᠠᠪᠰᠤᠷᠤᠨ᠎ᠠ
ᠵᠥᠪ ᠪᠤᠷᠤᠭᠤ ᠪᠠᠷ ᠡᠷᠭᠢᠭᠦᠯᠦᠨ᠎ᠡ ᠃
ᠭᠠᠷᠠᠬ᠎ᠠ ᠠᠲᠠᠯᠢ ᠠᠤᠠᠬᠤᠵᠤ
ᠭᠠᠷ ᠤᠨ ᠦᠵᠦᠭᠦᠷ ᠡᠷᠭᠢᠭᠦᠯᠦᠨ᠎ᠡ ᠂
ᠭᠠᠪᠰᠢᠭᠠᠢ ᠬᠦᠴᠦᠨ ᠴᠢᠲᠠᠯ ᠳ᠋ᠦ᠍ᠨᠢ
ᠭᠠᠵᠠᠷ ᠬᠥᠲᠡᠯᠬᠦ ᠠᠲᠠᠯᠢ ᠠ᠋ ᠃
ᠰᠤᠷᠤᠭᠰᠠᠨ ᠪᠦᠬᠦᠨ ᠢᠶᠠᠨ ᠭᠠᠷᠭᠠᠯ᠎ᠠ
ᠰᠤᠭᠤᠨᠠᠭ ᠲᠠᠲᠠᠨ ᠣᠷᠣᠯ᠎ᠠ ᠂
ᠰᠣᠷᠭᠣᠭ ᠤᠬᠠᠭᠠᠨ ᠢᠶᠠᠨ ᠦᠵᠡᠭᠦᠯᠦᠯ᠎ᠡ
ᠰᠤᠮᠤᠲᠠᠨ ᠲᠦᠷᠭᠡᠯᠡᠨ ᠣᠷᠣᠯ᠎ᠠ᠃
ᠬᠣᠭᠣᠰᠣᠨ ᠬᠦᠴᠦ ᠪᠣᠯᠬᠤ ᠴᠤ᠌ ᠪᠢᠰᠢ
ᠬᠤᠷᠴᠠ ᠱᠠᠯᠠᠮᠠᠭᠠᠢ ᠴᠢᠬᠤᠯᠠ ᠪᠠᠶ᠋ᠢᠨ᠎ᠠ ᠂
ᠬᠦᠨᠲᠦᠷᠡᠭᠡ ᠡᠭᠦᠷᠭᠡ ᠪᠣᠯᠬᠤ ᠴᠤ᠌ ᠪᠢᠰᠢ
ᠬᠥᠯ ᠤᠨ ᠡᠷᠲᠡᠮ ᠭᠡᠴᠡᠭᠦᠦ ᠪᠠᠶ᠋ᠢᠨ᠎ᠠ ᠃
ᠠᠷᠤ ᠳᠡᠭᠡᠭᠡ ᠠᠰ ᠳᠡᠭᠡᠭᠡ
ᠠᠷᠪᠠᠨ ᠭᠤᠷᠪᠠᠨ ᠭᠣᠬ᠎ᠠ ᠲᠠᠢ ᠳᠡᠭᠡᠭᠡ ᠂
ᠠᠯᠮᠠᠰ ᠳᠡᠭᠡᠭᠡ ᠲᠡᠮᠦᠷ ᠳᠡᠭᠡᠭᠡ
ᠠᠯᠲᠠᠷᠠᠰᠢ ᠦᠭᠡᠢ ᠭᠣᠷᠬᠢ ᠳᠡᠭᠡᠭᠡ ᠃
ᠳᠠᠩ ᠳᠡᠭᠡᠭᠡ ᠳᠠᠪᠬᠤᠷ ᠳᠡᠭᠡᠭᠡ
ᠳᠠᠯᠠᠨ ᠬᠣᠶᠠᠷ ᠬᠤᠪᠢᠯᠭᠠᠨ ᠳᠡᠭᠡᠭᠡ ᠂
ᠳᠠᠷᠠᠭᠠᠯᠠᠨ ᠢᠷᠡᠬᠦ ᠴᠠᠬᠢᠯᠭᠠᠨ ᠳᠡᠭᠡᠭᠡ ᠂
ᠳᠠᠩᠴᠤ ᠭᠡᠴᠡᠭᠦᠦ ᠣᠨᠢᠰᠤᠲᠤ ᠳᠡᠭᠡᠭᠡ ᠃
ᠡᠪᠦᠳᠦᠭ ᠦᠨ ᠥᠷᠥᠭᠡᠯ ᠥᠯᠮᠡᠢ ᠥᠷᠥᠭᠡᠯ
ᠡᠭᠴᠡ ᠥᠷᠥᠭᠡᠯ ᠡᠰᠡᠷᠭᠦ ᠥᠷᠥᠭᠡᠯ ᠂
ᠡᠷᠭᠢᠵᠦ ᠬᠥᠷᠪᠡᠬᠦ ᠵᠡᠪᠡ ᠲᠡᠢ ᠥᠷᠥᠭᠡᠯ
ᠡᠪ ᠲᠡᠢ ᠢᠷᠡᠪᠡᠯ ᠳᠠᠪᠬᠤᠷ ᠥᠷᠥᠭᠡᠯ ᠃
ᠳᠡᠮ ᠪᠥᠬᠥᠨ ᠢᠶᠡᠨ ᠭᠠᠷᠭᠠᠵᠤ
ᠳᠡᠭᠡᠷ᠎ᠡ ᠳᠣᠣᠷ᠎ᠠ ᠨᠢ ᠣᠷᠣᠭᠰᠠᠭᠠᠷ
ᠲᠡᠷᠢᠭᠦᠨ ᠳᠡᠳ᠋ ᠨᠢ ᠰᠢᠯᠭᠠᠷᠠᠯ᠎ᠠ
ᠳᠡᠰ ᠳᠠᠷᠠᠬ᠋᠎ᠠ ᠪᠠᠷ ᠵᠣᠭᠰᠣᠯ᠎ᠠ ᠃
ᠲᠡᠷᠢᠭᠦᠨ ᠪᠥᠬᠡ ᠳᠦ ᠠᠭᠲᠠ
ᠲᠡᠭᠦᠨ ᠤ ᠳᠠᠷᠠᠬ᠋᠎ᠠ ᠷᠠᠲᠢᠣ᠋ ᠂
ᠳ᠋ᠤᠭᠠᠷ ᠲᠤ ᠣᠷᠣᠭᠰᠠᠨ ᠪᠥᠬᠡᠴᠦᠳ
ᠲᠣᠷᠬ᠋᠎ᠠ ᠳᠤᠷᠳᠤᠩ ᠱᠠᠩᠨᠠᠪᠠ ᠃
ᠠᠪᠤᠷᠭᠤ ᠴᠣᠯᠠ ᠲᠠᠢ ᠪᠥᠬᠡᠴᠦᠳ
ᠠᠯᠬᠤᠬ᠋ᠠ ᠲᠠᠭᠠᠷᠠᠭᠤᠯᠤᠨ ᠮᠠᠭᠰᠢᠯᠠ ᠂
ᠠᠷᠤ ᠭᠠᠵᠠᠷ ᠤᠨ ᠪᠠᠭᠠᠲᠤᠷᠴᠤᠳ ᠤᠨ
ᠠᠯᠲᠠᠷ ᠨᠡᠷ᠎ᠡ ᠨᠢ ᠮᠠᠨᠲᠤᠯᠠ ᠃
ᠦᠰᠦᠭ ᠠᠮᠢᠯᠠᠭᠤᠯᠤᠭᠴᠢ ᠄ ᠲᠤᠶᠠᠬ᠋᠎ᠠ ᠂ ᠣᠶᠤᠨᠴᠢᠮᠡᠭ
ᠬᠢᠨᠠᠭᠴᠢ ᠪᠠᠭᠰᠢ ᠂ ᠣᠣᠬᠠᠭᠰᠣᠡ
