1. ᠲᠡᠷᠢᠭᠦᠨ ᠨᠢᠭᠤᠷ >
  2. ᠨᠡᠪᠲᠡᠷᠡᠭᠦᠯᠭᠡ >
  3. ᠯᠤᠤᠰ ᠤᠨ ᠭᠦᠩᠵᠦЛусын гүнж

ᠯᠤᠤᠰ ᠤᠨ ᠭᠦᠩᠵᠦЛусын гүнж

2022-01-04

1041

   ᠡᠷᠲᠡ ᠤᠷᠢᠳᠤ ᠴᠠᠭ ᠲᠤ᠌ ᠳᠠᠯᠠᠢ ᠶ᠋ᠢᠨ ᠬᠦᠴᠦᠲᠡᠢ ᠲᠠᠪᠢᠯᠭᠠᠨ ᠳᠣᠣᠷ᠎ᠠ᠂ ᠨᠢᠭᠡᠨ ᠶᠢᠷᠲᠢᠨᠴᠦ ᠪᠠᠢᠵᠠᠢ ᠭᠡᠨ᠎ᠡ᠃ ᠭᠠᠵᠠᠷ ᠳᠡᠭᠡᠷᠡᠬᠢ ᠬᠠᠭᠠᠳ ᠪᠢᠲᠡᠭᠡᠢ ᠬᠡᠯᠡ᠂ ᠡᠷᠳᠡᠮᠲᠡᠳ ᠮᠡᠷᠭᠡᠳ ᠴᠦ᠍ ᠦᠯᠦ ᠮᠡᠳᠡᠬᠦ ᠲᠡᠷᠡ ᠶᠢᠷᠲᠢᠨᠴᠦ ᠮᠠᠰᠢ ᠡᠷᠲᠡᠨ ᠦ᠌ ᠬᠢ ᠲᠡᠳᠦᠢ ᠦᠭᠡᠢ᠂ ᠲᠡᠭᠦᠨ ᠢ᠋ ᠬᠠᠷᠠᠭᠰᠠᠨ ᠬᠡᠨ ᠴᠦ᠍ ᠪᠣᠯᠪᠠ᠂ ᠠᠵᠠ ᠵᠢᠷᠭᠠᠯ ᠢ᠋ᠶ᠋ᠠᠷ ᠮᠥᠩᠬᠡᠳᠡ ᠪᠢᠯᠬᠠᠬᠤ ᠲᠡᠢᠮᠦ ᠯᠡ ᠭᠠᠢᠬᠠᠮᠰᠢᠭᠲᠠᠢ ᠶᠢᠷᠲᠢᠨᠴᠦ ᠪᠠᠢᠵᠠᠢ ᠭᠡᠨ᠎ᠡ᠂ ᠭᠡᠪᠡᠴᠦ ᠲᠡᠷᠡ ᠭᠠᠢᠬᠠᠯᠲᠠᠢ ᠶᠢᠷᠲᠢᠨᠴᠦ ᠶ᠋ᠢ ᠬᠡᠨ ᠴᠦ᠍ ᠨᠢᠳᠦ ᠪᠡᠷ ᠬᠠᠷᠠᠬᠤ ᠪᠣᠯᠤᠮᠵᠢ ᠦᠭᠡᠢ᠂ ᠳᠡᠯᠡᠬᠡᠢ ᠶ᠋ᠢᠨ ᠬᠥᠮᠦᠨ ᠦ᠌ ᠨᠢᠳᠦᠨ ᠳ᠋ᠦ᠍ ᠦᠯᠦ ᠦᠵᠡᠭᠳᠡᠬᠦ ᠤᠴᠢᠷ ᠲᠥᠰᠦᠭᠡᠯᠡᠬᠦ ᠶᠠᠮᠠᠷ ᠴᠤ᠌ ᠪᠣᠯᠤᠮᠵᠢ ᠦᠭᠡᠢ ᠶᠦ᠍ᠮ᠃ ᠲᠡᠢᠮᠦ ᠡᠴᠡ ᠮᠡᠳᠡᠳᠡᠭ ᠮᠡᠲᠦ ᠰᠠᠢᠷᠬᠠᠨ ᠶᠠᠷᠢᠬᠤ ᠬᠡᠨ ᠨᠢᠭᠡᠨ ᠡᠴᠡ ᠳᠠᠷᠤᠢ ᠵᠠᠢ ᠪᠠᠨ ᠪᠠᠷᠢᠬᠤ ᠶ᠋ᠢ ᠵᠥᠪᠯᠡᠵᠦ ᠪᠠᠢᠨ᠎ᠠ᠂ ᠭᠡᠬᠦ ᠳ᠋ᠦ᠍ ᠪᠡᠨ ᠨᠠᠳᠠ ᠠ᠋ᠴᠠ ᠪᠣᠯ ᠪᠢᠰᠢ ᠰᠢᠦ᠂ ᠤᠴᠢᠷ ᠨᠢ ᠪᠢ ᠡᠨᠡ ᠭᠠᠢᠬᠠᠯᠲᠠᠢ ᠶᠢᠷᠲᠢᠨᠴᠦ ᠶ᠋ᠢᠨ ᠨᠢᠭᠡ ᠬᠡᠰᠡᠭ ᠪᠣᠯᠤᠭᠠᠳ ᠶᠡᠬᠡ ᠤᠳᠠᠵᠤ ᠪᠠᠢᠭ᠎ᠠ ᠪᠢᠯᠡ᠂ ᠲᠡᠢᠮᠦ ᠡᠴᠡ ᠪᠣᠯᠵᠤ ᠥᠩᠭᠡᠷᠡᠭᠰᠡᠨ ᠬᠡᠳᠦ ᠶ᠋ᠢ ᠴᠦ᠍ ᠷᠢᠳᠢ ᠰᠢᠳᠢ ᠶ᠋ᠢᠨ ᠵᠦᠢᠯᠡᠰ ᠢ᠋ ᠪᠠᠭ᠎ᠠ ᠭᠡᠯᠲᠡ ᠦᠭᠡᠢ ᠭᠡᠷᠡᠴᠢ ᠨᠢ ᠪᠣᠯᠤᠭᠰᠠᠭᠠᠷ ᠢᠷᠡᠭᠰᠡᠨ ᠶᠦ᠍ᠮ ᠶᠦ᠍ᠮ᠂ ᠬᠠᠷᠢᠨ ᠥᠨᠥᠳᠥᠷ ᠲᠠ ᠪᠦᠬᠦᠨ ᠳ᠋ᠦ᠍ ᠡᠨᠡ ᠶᠢᠷᠲᠢᠨᠴᠦ ᠶ᠋ᠢᠨ ᠭᠦᠨ ᠳ᠋ᠦ᠍ ᠪᠣᠯᠤᠭᠰᠠᠨ ᠨᠢᠭᠡᠨ ᠲᠡᠦᠬᠡ ᠶ᠋ᠢ ᠥᠭᠦᠯᠡᠶ᠎ᠡ᠂ ᠬᠠᠮᠲᠤ ᠳ᠋ᠤ᠌ ᠪᠠᠨ ᠶᠠᠪᠤᠵᠠᠭᠠᠶ᠎ᠠ᠃
ᠮᠠᠨ ᠤ᠋ ᠬᠠᠭᠠᠨ ᠣᠺᠲ᠋ᠣᠹᠢᠤᠰ ᠢ᠋ ᠬᠠᠷᠠ ᠳᠠ᠂ ᠡᠨᠡ ᠶᠢᠷᠲᠢᠨᠴᠦ ᠶ᠋ᠢᠨ ᠬᠠᠮᠤᠭ ᠤ᠋ᠨ ᠰᠠᠢᠨ ᠤᠳᠤᠷᠢᠳᠤᠭᠴᠢ᠃ ᠲᠡᠷᠡᠪᠡᠷ ᠮᠷᠪᠠᠯᠠᠨᠳ᠋ ᠢ᠋ ᠠᠵᠠ ᠵᠢᠷᠭᠠᠯ ᠢ᠋ᠶ᠋ᠠᠷ ᠳᠦᠭᠦᠷᠡᠩ ᠪᠠᠢᠯᠭᠠᠬᠤ ᠶ᠋ᠢᠨ ᠲᠤᠯᠠᠳᠠ ᠪᠦᠬᠦ ᠵᠦᠢᠯ ᠢ᠋ ᠬᠢᠳᠡᠭ᠂ ᠵᠢᠭᠠᠰᠤᠨ ᠢᠷᠡᠭᠡᠳ ᠭᠡᠳ ᠯᠡ ᠪᠦᠬᠦ ᠵᠦᠢᠯ ᠭᠠᠢᠬᠠᠯᠲᠠᠢ ᠰᠠᠶᠢᠬᠠᠨ ᠪᠠᠢᠯ᠎ᠠ᠂ ᠪᠠᠰᠠ ᠭᠦᠩᠵᠦ ᠮᠡᠨᠳᠦᠯᠡᠭᠰᠡᠨ ᠢ᠋ ᠬᠡᠯᠡᠬᠦ ᠬᠡᠷᠡᠭᠲᠡᠢ ᠪᠠᠢᠬ᠎ᠠ᠃
《ᠲᠡᠭᠦᠨ ᠢ᠋< ᠺᠠᠢᠯᠢ> ᠭᠡᠵᠦ ᠨᠡᠷᠡᠯᠡᠶ᠎ᠡ》 ᠬᠥᠥᠭ᠂ ᠺᠠᠢᠯᠢ ᠭᠦᠩᠵᠦ ᠶᠠᠮᠠᠷ ᠬᠥᠭᠡᠷᠦᠬᠦᠨ ᠶᠦ᠍ᠮ ᠪᠣᠢ
《ᠬᠠ ᠬᠠ ᠬᠠ》
ᠺᠠᠢᠯᠢ ᠭᠦᠩᠵᠦ ᠶ᠋ᠢᠨ ᠦᠰᠦ ᠶᠠᠭ ᠯᠠ ᠳᠠᠯᠠᠢ ᠶ᠋ᠢᠨ ᠡᠪᠡᠰᠦ ᠮᠡᠲᠦ ᠭᠡᠷᠡᠯᠲᠦᠨ ᠭᠢᠯᠠᠯᠵᠠᠳᠠᠭ᠂ ᠪᠠᠰᠠ ᠪᠢᠴᠢᠬᠠᠨ ᠨᠢᠳᠦ ᠨᠢ ᠶᠠᠭ ᠯᠠ ᠰᠤᠪᠤᠳ ᠮᠡᠲᠦ
《ᠬᠠ ᠬᠠ ᠬᠠ》
《ᠣ᠂ ᠦ᠂ ᠲᠡᠷᠡ ᠠᠩᠬᠠᠨ ᠤ᠋ ᠪᠥᠮᠪᠥᠭᠡᠯᠢᠭ ᠢ᠋ᠶ᠋ᠡᠨ ᠬᠠᠭᠠᠯᠴᠢᠬᠠᠯ᠎ᠠ》
《ᠬᠠ ᠬᠠ ᠬᠠ》《ᠬᠢ ᠬᠢ ᠬᠢ》 ᠭᠡᠪᠡᠴᠦ ᠳᠠᠯᠠᠢ ᠶ᠋ᠢᠨ ᠲᠦᠷᠢᠯᠭᠡ ᠥᠭᠡᠷᠡᠴᠢᠯᠡᠭᠳᠡᠭᠰᠡᠨ ᠨᠢ ᠭᠦᠨ ᠨᠣᠢᠷ ᠠ᠋ᠴᠠ ᠰᠡᠷᠡᠭᠰᠡᠨ ᠬᠣᠷᠣᠨ ᠰᠠᠨᠠᠭᠠᠲᠤ ᠴᠢᠳᠬᠥᠷ ᠫᠢᠨᠠᠷᠠ ᠶ᠋ᠢᠨ ᠠᠩᠬᠠᠷᠤᠯ ᠢ᠋ ᠮᠠᠨ ᠤ᠋ ᠶᠢᠷᠲᠢᠨᠴᠦ ᠤᠷᠤᠭᠤ ᠴᠢᠭᠯᠡᠭᠦᠯᠬᠦ ᠨᠢ ᠲᠡᠷᠡ᠃
《ᠳᠠᠯᠠᠢ ᠶ᠋ᠢᠨ ᠠᠭᠤᠤ ᠬᠠᠭᠠᠨ ᠣᠺᠲ᠋ᠣᠹᠢᠤᠰ ᠪᠣᠯᠤᠨ ᠲᠡᠭᠦᠨ ᠦ᠌ ᠭᠡᠷᠭᠡᠢ ᠬᠠᠲᠤᠨ ᠮᠠᠷᠢᠨᠠ ᠨᠠᠷ ᠤ᠋ᠨ ᠮᠡᠨᠳᠦ ᠶ᠋ᠢ ᠠᠢᠯᠠᠳᠬᠠᠶ᠎ᠠ! ᠫᠢᠨᠠᠷᠠ ᠮᠢᠨᠦ ᠪᠡᠶ᠎ᠡ ᠲᠠᠨ ᠤ᠋ ᠭᠦᠩᠵᠦ ᠳ᠋ᠦ᠍ ᠪᠡᠯᠡᠭ ᠠᠪᠴᠢᠷᠠᠭᠰᠠᠨ ᠶᠤᠮ᠂ ᠲᠡᠭᠦᠨ ᠢ᠋ ᠳᠠᠯᠠᠢ ᠲᠠᠩᠭᠢᠰ ᠤ᠋ᠨ ᠬᠠᠮᠤᠭ ᠤ᠋ᠨ ᠬᠥᠭᠡᠷᠦᠬᠦᠨ ᠭᠡᠵᠦ ᠳᠤᠭᠤᠯᠤᠯ᠎ᠠ》
《ᠪᠠᠶᠠᠷᠯᠠᠯ᠎ᠠ ᠫᠢᠨᠠᠷᠠ ᠲᠡᠷᠡ ᠦᠨᠡᠬᠡᠷ ᠬᠠᠮᠤᠭ ᠤ᠋ᠨ ᠬᠥᠭᠡᠷᠦᠬᠦᠨ ᠨᠢ ᠰᠢᠦ》
《ᠪᠢ ᠲᠡᠭᠦᠨ ᠢ᠋ ᠭᠠᠭᠴᠠᠬᠠᠨ ᠬᠠᠷᠠᠵᠤ ᠪᠣᠯᠬᠤ ᠰᠠᠨ ᠪᠣᠯᠪᠠ ᠤᠤ? ᠲᠡᠭᠦᠨ ᠢ᠋ ᠠᠵᠢᠭᠯᠠᠨ᠎ᠠ ᠭᠡᠬᠦ ᠡᠴᠡ ᠰᠡᠳᠬᠢᠯ ᠲᠣᠭᠲᠠᠬᠤ ᠦᠭᠡᠢ ᠪᠠᠢᠨ᠎ᠠ》
《ᠡᠩ᠁ ᠶᠠᠭᠤ ᠬᠢᠵᠦ᠂ ᠨᠠᠭᠠᠳᠤ ᠰᠠᠨᠠᠭ᠎ᠠ ᠴᠢᠨᠢ ᠲᠡᠢᠮᠦ ᠰᠠᠶᠢᠬᠠᠨ ᠰᠣᠨᠣᠰᠤᠭᠳᠠᠬᠤ ᠦᠭᠡᠢ ᠯᠡ ᠪᠠᠢᠨ᠎ᠠ ᠰᠢᠦ᠂ ᠡᠮᠦᠨ᠎ᠡ ᠨᠢ ᠬᠢᠭᠰᠡᠨ ᠵᠦᠢᠯ ᠢ᠋ ᠴᠢᠨᠢ ᠪᠣᠳᠣᠭᠰᠠᠨ ᠴᠤ᠌ ᠭᠡᠰᠡᠨ᠂ ᠲᠡᠭᠡᠬᠦ ᠪᠡᠷ᠁》
《 ᠣᠺᠲ᠋ᠣᠹᠢᠤᠰ ᠴᠢ ᠨᠠᠮ᠎ᠠ ᠶ᠋ᠢ ᠢᠷᠭᠡᠳ ᠦ᠋ᠨ ᠢ᠋ᠶ᠋ᠡᠨ ᠡᠮᠦᠨ᠎ᠡ ᠡᠪ ᠦᠭᠡᠢ ᠪᠠᠢᠳᠠᠯ ᠳ᠋ᠤ᠌ ᠣᠷᠣᠭᠤᠯᠵᠤ ᠪᠠᠢᠨ᠎ᠠ》
《ᠨᠠᠮ᠎ᠠ ᠶ᠋ᠢ ᠦᠨᠡᠬᠡᠷ ᠥᠷᠥᠰᠢᠶᠡᠭᠡᠷᠡᠢ! ᠭᠡᠬᠦ ᠳ᠋ᠦ᠍ ᠪᠡᠨ ᠡᠴᠢᠭᠡ ᠡᠬᠡᠴᠦᠳ ᠶᠠᠭᠤ ᠬᠢᠬᠦ ᠶᠣᠰᠣᠲᠠᠢ ᠲᠡᠭᠦᠨ ᠢ᠋ ᠯᠡ ᠬᠢᠵᠦ ᠪᠠᠢᠨ᠎ᠠ ᠪᠢᠲᠡᠭᠡᠢ ᠪᠤᠷᠤᠭᠤ ᠪᠠᠷ ᠤᠢᠯᠠᠭᠠᠷᠠᠢ》
《 ᠦ᠂ ᠬᠠ ᠬᠠ ᠬᠠ᠂ ᠵᠦᠭᠡᠷ ᠳᠡ ᠬᠠᠭᠠᠨᠲᠠᠨ ᠠ᠋᠂ ᠵᠦᠭᠡᠷ》 ᠫᠢᠨᠠᠷᠠ ᠨᠠᠭᠠᠨ᠎ᠠ ᠪᠠᠨ ᠢᠨᠢᠶᠡᠮᠰᠦᠭᠯᠡᠭᠰᠡᠨ ᠴᠦ᠍ ᠴᠠᠭᠠᠨ᠎ᠠ ᠪᠠᠨ ᠳᠤᠷ᠎ᠠ ᠦᠭᠡᠢᠴᠡᠭᠰᠡᠨ ᠬᠡᠪ ᠢ᠋ᠶ᠋ᠡᠷ ᠪᠠᠢᠯ᠎ᠠ᠂ ᠲᠡᠷᠡ ᠰᠥᠨᠢ ᠳ᠋ᠦ᠍ ᠪᠡᠨ ᠳ᠋ᠦ᠍ ᠬᠠᠭᠠᠨ ᠬᠠᠲᠤᠨ ᠬᠣᠶᠠᠷ ᠢ᠋ ᠤᠨᠲᠠᠭᠰᠠᠨ ᠬᠣᠢᠨ᠎ᠠ ᠫᠢᠨᠠᠷᠠ ᠵᠢᠭᠠᠰᠤ ᠪᠣᠯᠵᠤ ᠬᠤᠪᠢᠷᠠᠭᠠᠳ ᠬᠠᠭᠠᠨ ᠤ᠋ ᠣᠷᠳᠣᠨ ᠳ᠋ᠤ᠌ ᠨᠢᠭᠤᠴᠠ ᠪᠠᠷ ᠣᠷᠣᠵᠤ ᠢᠷᠡᠵᠡᠢ᠃
《 ᠦ᠂ ᠴᠢᠮ᠎ᠠ ᠶ᠋ᠢ ᠬᠥᠭᠡᠷᠦᠬᠦᠨ ᠭᠡᠳᠡᠭ ᠲᠦ᠍ ᠡᠷᠡᠭᠡᠯᠵᠡᠬᠦ ᠦᠭᠡᠢ ᠪᠠᠢᠨ᠎ᠠ᠂ ᠠᠶᠤᠮᠰᠢᠭᠲᠠᠢ ᠬᠥᠮᠦᠨ ᠪᠣᠯᠪᠠᠯ ᠬᠡᠳᠦᠢ ᠬᠥᠭᠡᠷᠦᠬᠦᠨ ᠪᠠᠢᠭᠠᠳ ᠶᠠᠮᠠᠷ ᠨᠡᠮᠡᠷᠢ ᠲᠡᠢ ᠪᠢᠯᠡ᠂ ᠠᠶᠤᠮᠰᠢᠭᠲᠠᠢ ᠬᠥᠮᠦᠨ ᠺᠠᠢᠯᠢ ᠭᠦᠩᠵᠦ ᠠ᠋᠂ ᠪᠢ ᠴᠢᠮ᠎ᠠ ᠳ᠋ᠤ᠌ ᠥᠭᠬᠦ ᠪᠡᠯᠡᠭ ᠪᠠᠢᠨ᠎ᠠ᠂ ᠠᠲᠠᠭᠠᠷᠬᠠᠯ᠂ ᠪᠠᠷᠳᠠᠮ ᠵᠠᠩ᠂ ᠠᠭᠤᠷ᠂ ᠮᠢᠨᠦ ᠭᠤᠷᠪᠠᠨ ᠳᠠᠭᠢᠨᠢ ᠴᠢᠮ᠎ᠠ ᠲᠠᠢ ᠬᠠᠮᠲᠤ ᠥᠰᠬᠦ ᠪᠣᠯᠤᠨ᠎ᠠ ᠴᠢ ᠲᠡᠳᠡᠨ ᠢ᠋ ᠬᠠᠷᠠᠬᠤ ᠦᠭᠡᠢ ᠴᠦ᠍ ᠲᠡᠳᠡ ᠦᠷᠭᠦᠯᠵᠢ᠂ ᠦᠷᠭᠦᠯᠵᠢ ᠴᠢᠮ᠎ᠠ ᠲᠠᠢ ᠬᠠᠮᠲᠤ ᠪᠠᠢᠨ᠎ᠠ᠂ ᠬᠡᠳᠦᠢᠪᠡᠷ ᠴᠢ ᠲᠡᠳᠡᠨ ᠢ᠋ ᠰᠣᠨᠣᠰᠬᠤ ᠦᠭᠡᠢ ᠪᠠᠢᠬᠤ ᠶ᠋ᠢ ᠬᠦᠰᠡᠪᠡᠴᠦ ᠲᠡᠢᠮᠦ ᠵᠦᠢᠯ ᠪᠣᠯᠬᠤ ᠦᠭᠡᠢ ᠭᠡᠳᠡᠭ ᠲᠦ᠍ ᠪᠢ ᠢᠲᠡᠭᠡᠯᠲᠡᠢ ᠪᠠᠢᠨ᠎ᠠ᠃ ᠬᠠ ᠬᠠ ᠬᠠ᠂ ᠤᠴᠢᠷ ᠨᠢ ᠨᠢᠭᠡᠨᠲᠡ ᠲᠡᠳᠡ ᠴᠢᠨᠦ ᠵᠢᠷᠦᠬᠡ ᠰᠡᠳᠬᠢᠯ ᠢ᠋ ᠡᠵᠡᠮᠳᠡᠴᠢᠬᠡᠪᠡᠯ ᠲᠡᠳᠡᠨ ᠡᠴᠡ ᠰᠠᠯᠬᠤ ᠲᠤᠩ ᠠᠮᠠᠷ ᠦᠭᠡᠢ ᠰᠢᠦ᠂ ᠬᠠ ᠬᠠ ᠬᠠ᠂ ᠪᠠᠶᠠᠷᠲᠠᠢ!》
《ᠠ᠂ ᠠ᠋᠂》
ᠬᠣᠷᠣᠨ ᠰᠠᠨᠠᠭᠠᠲᠠᠨ ᠤ᠋ ᠬᠡᠯᠡᠭᠰᠡᠨ ᠢ᠋ᠶ᠋ᠡᠷ ᠪᠦᠬᠦ ᠵᠦᠢᠯ ᠪᠣᠯᠵᠠᠢ᠂ ᠺᠠᠢᠯᠢ ᠭᠦᠩᠵᠦ ᠥᠰᠴᠦ ᠲᠣᠮᠣᠷᠠᠬᠤ ᠲᠣᠰᠤᠮ ᠲᠡᠭᠦᠨ ᠦ᠌ ᠵᠠᠩ ᠠᠭᠠᠰᠢ ᠤᠯᠠᠮ ᠮᠠᠭᠤᠳᠠᠭᠰᠠᠭᠠᠷ ᠯᠠ ᠪᠠᠢᠯ᠎ᠠ᠃ ᠡᠨᠡ ᠬᠢᠰᠤᠭ᠎ᠠ ᠶᠡᠬᠡ ᠭᠣᠶᠣ ᠬᠠᠷᠠᠭᠳᠠᠵᠤ ᠪᠠᠢᠬᠤ ᠴᠢᠨᠢ᠂ ᠴᠢ ᠡᠭᠦᠨ ᠢ᠋ ᠠᠪᠬᠤ ᠬᠡᠷᠡᠭᠲᠡᠢ᠃
《ᠨᠠᠳᠠ ᠳ᠋ᠤ᠌ ᠥᠭ!》
《ᠭᠡᠬᠦ ᠳ᠋ᠦ᠍ ᠪᠡᠨ ᠡᠨᠡ ᠴᠢᠨᠢ ᠮᠢᠨᠦ ᠰᠢᠦ ᠳᠡ》
《ᠨᠠᠮ᠎ᠠ ᠶ᠋ᠢ ᠭᠦᠩᠵᠦ ᠭᠡᠳᠡᠭ ᠢ᠋ ᠪᠢᠲᠡᠭᠡᠢ ᠮᠠᠷᠲᠠᠭᠠᠷᠠᠢ᠂ ᠪᠢ ᠬᠦᠰᠡᠭᠰᠡᠨ ᠢ᠋ᠶ᠋ᠡᠨ ᠠᠪᠬᠤ ᠶᠣᠰᠣᠲᠠᠢ》
《 ᠨᠧᠰᠸᠸᠢ ᠲᠢᠲᠢᠮ ᠬᠠᠮᠢᠭ᠎ᠠ ᠪᠠᠢᠨ᠎ᠠ?》
《ᠲᠠᠨ ᠳ᠋ᠤ᠌ ᠥᠭᠭᠦᠭᠰᠡᠨ ᠰᠢᠦ ᠳᠡ᠂ ᠺᠠᠢᠯᠢ》 ᠭᠦᠩᠵᠦ ᠲᠡᠢ ᠢᠩᠭᠢᠵᠦ ᠶᠠᠷᠢᠵᠤ ᠪᠣᠯᠬᠤ ᠦᠭᠡᠢ᠂ ᠲᠡᠭᠦᠨ ᠳ᠋ᠦ᠍ ᠬᠡᠨ ᠭᠡᠳᠡᠭ ᠢ᠋ᠶ᠋ᠡᠨ ᠬᠠᠷᠠᠭᠤᠯ ᠶᠠᠭ ᠣᠳᠣ ᠬᠠᠷᠠᠭᠤᠯ᠃
《ᠥ᠂ ᠲᠡᠢᠮᠦ ᠰᠢᠦ ᠨᠠᠮ᠎ᠠ ᠶ᠋ᠢ ᠮᠠᠷᠲᠠᠮᠠᠬᠠᠢ ᠭᠡᠵᠦ ᠪᠠᠢᠭ᠎ᠠ ᠪᠢᠵᠡ ᠳᠡ》
《ᠦᠭᠡᠢ ᠦᠭᠡᠢ᠂ ᠪᠢ ᠲᠡᠭᠡ ᠦᠭᠡᠢ᠂ ᠥᠷᠥᠰᠢᠶᠡᠭᠡᠷᠡᠢ ᠪᠢ ᠣᠳᠣᠬᠠᠨ ᠣᠯᠤᠭᠠᠳ ᠥᠭᠭᠦᠶ᠎ᠡ》
《ᠬᠡᠷᠡᠭ ᠦᠭᠡᠢ ᠳᠡ᠂ ᠴᠢᠮ᠎ᠠ ᠶ᠋ᠢ ᠬᠠᠯᠠᠯ᠎ᠠ》
《ᠶᠠᠭᠤ》
《 ᠺᠠᠢᠯᠢ ᠨᠣᠮᠣᠬᠠᠨ ᠳᠠᠯᠠᠢ ᠶ᠋ᠢᠨ ᠬᠦᠯᠦᠭ ᠪᠠᠭᠠᠲᠤᠷ ᠸᠡᠢᠪ ᠴᠢᠮ᠎ᠠ ᠲᠠᠢ ᠠᠭᠤᠯᠵᠠᠬᠤ ᠪᠠᠷ ᠢᠷᠡᠭᠡᠳ ᠪᠠᠢᠨ᠎ᠠ》
《ᠰᠠᠢᠨ ᠪᠠᠢᠨ᠎ᠠ ᠤᠤ? ᠭᠦᠩᠵᠦ》 ᠡᠨᠡ ᠪᠣᠯ ᠵᠢᠷ ᠦ᠋ᠨ ᠨᠢᠭᠡ ᠬᠦᠯᠦᠭ ᠪᠠᠭᠠᠲᠤᠷ ᠺᠠᠢᠯᠢ ᠬᠠᠷᠢᠨ ᠴᠢ ᠪᠣᠯ ᠭᠦᠩᠵᠦ ᠰᠢᠦ ᠳᠡ᠂ ᠴᠢ ᠬᠣᠩ ᠲᠠᠢᠵᠢ ᠠ᠋ᠴᠠ ᠪᠤᠰᠤᠳ ᠬᠥᠮᠦᠨ ᠳ᠋ᠦ᠍ ᠲᠣᠬᠢᠷᠠᠬᠤ ᠦᠭᠡᠢ ᠶᠠᠭᠠᠬᠢᠭᠰᠠᠨ ᠴᠤ᠌ ᠲᠣᠬᠢᠷᠠᠬᠤ ᠦᠭᠡᠢ᠃
《ᠦ᠂ ᠰᠠᠢᠨ ᠤᠤ? ᠴᠢ ᠶᠠᠭᠤ ᠭᠤᠶᠤᠬᠤ ᠪᠠᠷ ᠢᠷᠡᠭᠰᠡᠨ ᠶᠦ᠍ᠮ ᠪᠣᠢ?》
《 ᠺᠠᠢᠯᠢ》
《ᠡᠵᠢ ᠠ᠋᠂ ᠳᠠᠷᠠᠭ᠎ᠠ ᠨᠢ ᠨᠠᠮ᠎ᠠ ᠶ᠋ᠢ ᠵᠢᠷ ᠦ᠋ᠨ ᠨᠢᠭᠡ ᠬᠦᠯᠦᠭ ᠪᠠᠭᠠᠲᠤᠷ ᠪᠢᠰᠢ᠂ ᠬᠠᠷᠢᠨ ᠬᠠᠨ ᠬᠦᠦ ᠲᠡᠢ ᠠᠭᠤᠯᠵᠠᠭᠤᠯᠤᠭᠠᠷᠠᠢ᠂ ᠬᠡᠩ》
ᠲᠡᠢᠮᠦ ᠠ᠋᠂ ᠡᠢᠨ ᠬᠦ᠌ ᠭᠢᠯᠠᠯᠵᠠᠭᠰᠠᠨ ᠨᠣᠭᠣᠭᠠᠨ ᠦᠰᠦ ᠲᠡᠢ᠂ ᠰᠤᠪᠤᠳ ᠮᠡᠲᠦ ᠨᠢᠳᠦ ᠲᠡᠢ ᠪᠢᠴᠢᠬᠠᠨ ᠭᠦᠩᠵᠦ ᠠᠪᠤ ᠡᠵᠢ ᠶ᠋ᠢᠨ ᠢ᠋ᠶ᠋ᠡᠨ ᠪᠣᠯᠤᠨ ᠮᠠᠡᠪᠠᠯᠠᠨᠳ᠋ ᠤ᠋ᠨ ᠵᠢᠭᠠᠰᠤᠨ ᠢᠷᠭᠡᠳ ᠦ᠋ᠨ ᠲᠥᠰᠦᠪᠯᠡᠵᠦ ᠪᠠᠢᠭᠰᠠᠨ ᠰᠢᠭ᠋ ᠬᠥᠮᠦᠨ ᠪᠣᠯᠵᠤ ᠥᠰᠴᠦ ᠴᠢᠳᠠᠭᠰᠠᠨ ᠦᠭᠡᠢ᠃ ᠨᠢᠭᠡᠨ ᠡᠳᠦᠷ ᠭᠦᠩᠵᠦ ᠺᠠᠢᠯᠢ ᠨᠠᠢᠵᠠ ᠨᠤᠭᠤᠳ ᠲᠠᠢ ᠪᠠᠨ ᠬᠥᠭᠡᠭᠡᠴᠡᠯᠳᠦᠨ ᠲᠣᠭᠯᠠᠵᠤ ᠪᠠᠢᠭᠠᠳ ᠨᠢᠭᠡ ᠯᠡ ᠮᠡᠳᠡᠬᠦ ᠳ᠋ᠦ᠍ ᠣᠷᠳᠣᠨ ᠠ᠋ᠴᠠ ᠨᠡᠯᠢᠶᠡᠳ ᠬᠣᠯᠠᠳᠴᠢᠬᠠᠭᠰᠠᠨ ᠪᠠᠢᠵᠠᠢ ᠭᠡᠨ᠎ᠡ᠂ ᠺᠠᠢᠯᠢ ᠭᠦᠩᠵᠦ ᠨᠠᠢᠵᠠ ᠨᠤᠭᠤᠳ ᠢ᠋ᠶ᠋ᠠᠨ ᠪᠠᠷᠢᠬᠤ ᠪᠠᠷ ᠬᠥᠭᠡᠭᠡᠨ ᠲᠣᠭᠯᠠᠵᠤ ᠪᠠᠢᠯ᠎ᠠ᠃
《ᠬᠠ ᠬᠠ ᠬᠠ ᠬᠠ》 ᠭᠦᠩᠵᠦ ᠨᠠᠢᠵᠠ ᠨᠤᠭᠤᠳ ᠤ᠋ᠨ ᠢ᠋ᠶ᠋ᠠᠨ ᠠᠷᠤ ᠠ᠋ᠴᠠ ᠬᠥᠭᠡᠭᠡᠵᠦ ᠶᠠᠪᠤᠭᠠᠳ ᠭᠡᠨᠡᠳᠲᠡ ᠨᠢᠭᠡᠨ ᠵᠦᠢᠯ ᠬᠡᠷᠡᠯᠳᠦᠬᠦ ᠶ᠋ᠢ ᠣᠯᠵᠤ ᠬᠠᠷᠠᠵᠠᠢ᠂ ᠳᠠᠯᠠᠢ ᠶ᠋ᠢᠨ ᠭᠦᠨ ᠳ᠋ᠦ᠍ ᠨᠢᠭᠡᠨ ᠵᠦᠢᠯ ᠬᠡᠷᠡᠯᠳᠦᠵᠦ ᠪᠠᠢᠬᠤ ᠨᠢ ᠲᠡᠷᠡ ᠠ᠋᠂ ᠭᠦᠩᠵᠦ ᠶ᠋ᠢᠨ ᠰᠣᠨᠢᠭᠤᠴᠢ ᠵᠠᠩ ᠬᠥᠳᠡᠯᠵᠦ ᠲᠡᠷᠡ ᠬᠦ᠌ ᠭᠡᠷᠡᠯ ᠦ᠋ᠨ ᠵᠦᠭ ᠰᠡᠯᠢᠭᠰᠡᠭᠡᠷ ᠨᠢᠭᠡ ᠯᠡ ᠮᠡᠳᠡᠬᠦ ᠳ᠋ᠦ᠍ ᠨᠠᠢᠵᠠ ᠨᠤᠭᠤᠳ ᠠ᠋ᠴᠠ ᠪᠠᠨ ᠬᠡᠴᠢᠨᠡᠨ ᠶᠡᠬᠡ ᠬᠣᠯᠠᠳᠤᠭᠰᠠ ᠪᠠᠨ ᠴᠤ᠌ ᠮᠡᠳᠡᠭᠰᠡᠨ ᠦᠭᠡᠢ᠃
《ᠲᠡᠷᠡ ᠶᠠᠭᠤ ᠪᠣᠢ?》
ᠭᠡᠷᠡᠯ ᠲᠣᠭᠣᠰᠤᠲᠤᠭᠤᠯᠤᠨ ᠰᠡᠯᠢᠵᠦ ᠶᠠᠪᠤᠬᠤ ᠳ᠋ᠤ᠌ ᠪᠠᠨ ᠭᠦᠩᠵᠦ ᠬᠠᠵᠠᠭᠤᠬᠠᠨ ᠳ᠋ᠤ᠌ ᠨᠢ ᠬᠠᠳᠠ ᠪᠠᠢᠭᠰᠠᠨ ᠢ᠋ ᠴᠦ᠍ ᠣᠭᠲᠣᠬᠠᠨ ᠴᠤ᠌ ᠠᠩᠵᠠᠭᠠᠷᠠᠵᠤ ᠬᠠᠷᠠᠵᠤ ᠴᠢᠳᠠᠭᠰᠠᠨ ᠦᠭᠡᠢ᠂ ᠲᠡᠭᠡᠭᠡᠳ 《ᠠ᠂》 ᠭᠦᠩᠵᠦ ᠲᠡᠷᠡ ᠳᠣᠣᠷ᠎ᠠ ᠪᠠᠨ ᠤᠬᠠᠭ᠎ᠠ ᠠᠯᠲᠠᠨ ᠤᠨᠠᠯ᠎ᠠ᠃ ᠭᠡᠲᠡᠯ᠎ᠡ ᠭᠡᠨᠡᠳᠲᠡ ᠲᠡᠷᠡ ᠬᠦ᠌ ᠬᠡᠷᠡᠯᠳᠦᠵᠦ ᠪᠠᠢᠭᠰᠠᠨ ᠵᠦᠢᠯᠡᠰ ᠡᠷᠭᠢᠯᠳᠦᠨ ᠡᠷᠭᠢᠯᠳᠦᠨ ᠤᠯᠠᠮ ᠲᠣᠳᠣᠷᠠᠵᠤ ᠳᠠᠯᠠᠢ ᠶ᠋ᠢᠨ ᠰᠢᠳᠢᠲᠦ ᠳᠠᠭᠢᠨᠢ ᠪᠸᠨᠠᠢᠨᠠ ᠭᠠᠷᠴᠤ ᠢᠷᠡᠬᠦ ᠨᠢ ᠲᠡᠷᠡ ᠠ᠋᠂
《ᠪᠢ ᠢᠩᠭᠢᠨ᠎ᠡ ᠴᠦ᠍ ᠭᠡᠵᠦ ᠮᠡᠳᠡᠵᠦ ᠪᠠᠢᠭᠰᠠᠨ ᠶᠤᠮ ᠠ᠋᠂ ᠫᠢᠨᠠᠷᠠ ᠶ᠋ᠢᠨ ᠮᠠᠭᠤ ᠰᠢᠪᠰᠢᠯᠭᠡ ᠴᠢᠮ᠎ᠠ ᠶ᠋ᠢ ᠮᠡᠳᠡᠭᠰᠡᠨ ᠪᠠᠢᠨ᠎ᠠ᠂
ᠳᠠᠯᠠᠢ ᠶ᠋ᠢᠨ ᠬᠠᠤᠯᠢ ᠶ᠋ᠢᠨ ᠳᠣᠣᠷ᠎ᠠ᠂ ᠪᠢ ᠴᠢᠨᠦ ᠳᠣᠲᠣᠷ᠎ᠠ ᠣᠨ ᠤᠳᠠᠭᠠᠨ ᠵᠢᠯ ᠪᠠᠢᠭᠰᠠᠨ ᠮᠠᠭᠤ ᠢᠷᠣ᠎ᠠ ᠶ᠋ᠢᠨ ᠰᠢᠪᠰᠢᠯᠭᠡ ᠶ᠋ᠢ ᠠᠷᠢᠯᠭᠠᠵᠤ ᠴᠢᠳᠠᠬᠤ ᠦᠭᠡᠢ ᠴᠦ᠍ ᠲᠡᠳᠡᠨ ᠢ᠋ ᠢᠯᠠᠬᠤ ᠳ᠋ᠤ᠌ ᠴᠢᠨᠢ ᠴᠢᠮ᠎ᠠ ᠳ᠋ᠤ᠌ ᠲᠤᠰᠠᠯᠠᠨ᠎ᠠ᠂ ᠪᠢ ᠴᠢᠮ᠎ᠠ ᠳ᠋ᠤ᠌ ᠥᠭᠭᠢᠶᠡᠮᠦᠷ᠂ ᠨᠢᠩᠵᠢᠨ ᠰᠡᠳᠬᠢᠯ᠂ ᠡᠶᠡᠯᠳᠡᠭ ᠳᠠᠷᠤᠤ ᠵᠠᠩ ᠢ᠋ ᠪᠡᠯᠭᠡᠯᠡᠶ᠎ᠡ᠃ ᠲᠡᠳᠡ ᠴᠢᠮ᠎ᠠ ᠲᠠᠢ ᠬᠠᠮᠲᠤ ᠪᠠᠢᠵᠤ ᠵᠥᠪ ᠵᠠᠮ ᠢ᠋ ᠵᠢᠭᠠᠵᠤ ᠥᠭᠬᠦ ᠪᠣᠯᠤᠨ᠎ᠠ᠂ ᠭᠡᠬᠦ ᠳ᠋ᠦ᠍ ᠪᠡᠨ ᠲᠡᠳᠡᠨ ᠢ᠋ ᠰᠠᠢᠨ ᠰᠣᠨᠣᠰᠬᠤ ᠡᠰᠡᠬᠦ ᠡᠴᠡ ᠴᠢᠨᠢ ᠰᠢᠯᠲᠠᠭᠠᠯᠠᠬᠤ ᠪᠣᠯᠤᠨ᠎ᠠ᠂ ᠠᠮᠵᠢᠯᠲᠠ ᠬᠦᠰᠡᠶ᠎ᠡ᠂ ᠭᠦᠩᠵᠦ ᠮᠢᠨᠢ!》
《ᠠ᠂ ᠭᠦᠩᠵᠦ ᠤᠤ ᠳᠠ? ᠺᠠᠢᠯᠢ ᠭᠦᠩᠵᠦ ᠠ᠋᠂ ᠰᠡᠷᠡᠭᠡᠷᠡᠢ!》
《ᠠ᠂ ᠠ᠂ ᠶᠠᠭᠤ ᠪᠣᠢ? ᠴᠢ ᠤᠤ? ᠪᠢ ᠬᠠᠮᠢᠭ᠎ᠠ ᠪᠠᠢᠨ᠎ᠠ?》
《ᠡᠨᠡ ᠭᠠᠵᠠᠷ ᠭᠦᠩᠵᠦ ᠪᠠᠢᠬᠤ ᠳ᠋ᠤ᠌ ᠲᠡᠢᠮᠦ ᠵᠣᠬᠢᠮᠵᠢᠲᠢ ᠪᠢᠰᠢ ᠠ᠋! ᠲᠠ ᠢᠩᠭᠢᠬᠦ ᠳ᠋ᠦ᠍ ᠵᠦᠭᠡᠷ ᠪᠢᠵᠡ ᠳᠡ?》
《ᠪᠢ ᠨᠠᠢᠵᠠ ᠨᠤᠭᠤᠳ ᠲᠠᠢ ᠪᠠᠨ ᠲᠣᠭᠯᠠᠵᠤ ᠶᠠᠪᠤᠭᠰᠠᠨ᠂ ᠭᠡᠲᠡᠯ᠎ᠡ ᠨᠢᠭᠡᠨ ᠭᠡᠷᠡᠯ ᠬᠠᠷᠠᠭᠳᠠᠭᠰᠠᠨ᠂ ᠮᠢᠨᠦ ᠪᠡᠶ᠎ᠡ᠂᠂᠂ ᠠ᠂ ᠨᠢᠭᠡ ᠯᠡ ᠰᠠᠢᠨ ᠪᠢᠰᠢ ᠪᠠᠢᠨ᠎ᠠ᠃》
《ᠠ᠂ ᠪᠢ ᠲᠠᠨ ᠢ᠋ ᠣᠷᠳᠣᠨ ᠳ᠋ᠤ᠌ ᠲᠠᠨᠢ ᠬᠦᠷᠭᠡᠭᠡᠳ ᠥᠭᠭᠦᠶ᠎ᠡ᠂
ᠠᠯᠢᠪ》
ᠪᠠᠢᠵᠤ ᠪᠠᠢᠭᠠᠷᠠᠢ! ᠲᠡᠷᠡ ᠴᠢᠮ᠎ᠠ ᠶ᠋ᠢ ᠬᠦᠷᠭᠡᠵᠦ ᠥᠭᠭᠦᠨ᠎ᠡ ᠭᠡᠵᠡᠢ ᠤᠤ? ᠶᠡᠷᠦ ᠳ᠋ᠦ᠍ ᠪᠡᠨ ᠨᠢᠭᠡ ᠬᠦᠯᠦᠭ ᠪᠠᠭᠠᠲᠤᠷ ᠤᠤ ᠳᠠ᠂ ᠲᠡᠭᠦᠨ ᠦ᠌ ᠣᠷᠣᠨ ᠳ᠋ᠤ᠌ ᠭᠠᠭᠴᠠᠭᠠᠷ ᠢ᠋ᠶ᠋ᠠᠨ ᠶᠠᠪᠤᠪᠠᠯ ᠳᠡᠭᠡᠷ᠎ᠡ ᠦᠭᠡᠢ ᠤᠤ!
《 ᠬᠡᠩ᠂ ᠪᠢ ᠶᠭᠠᠭᠢᠭᠠᠳ᠂᠂᠂᠂》
ᠴᠢ ᠬᠡᠨ ᠡᠴᠡ ᠴᠦ᠍ ᠢᠯᠡᠭᠦᠦ ᠪᠢᠰᠢ ᠰᠢᠦ ᠳᠡ᠂ ᠥᠪᠡᠷ ᠢ᠋ ᠪᠡᠨ ᠪᠢᠲᠡᠭᠡᠢ ᠶᠡᠬᠡ ᠳ᠋ᠦ᠍ ᠪᠣᠳᠣ᠂ ᠪᠠᠷᠳᠠᠮ ᠵᠠᠩ ᠠ᠋ᠴᠠ ᠢᠯᠡᠭᠦᠦ ᠳᠠᠷᠤᠤ ᠵᠠᠩ ᠬᠥᠮᠦᠨ ᠢ᠋ ᠴᠢᠮᠡᠳᠡᠭ᠃
《ᠠ᠋᠂ ᠦᠨᠡᠨ ᠳ᠋ᠦ᠍ ᠪᠡᠨ ᠲᠡᠭᠡᠪᠡᠯ ᠰᠠᠢᠨ ᠯᠠ ᠪᠠᠢᠨ᠎ᠠ᠂ ᠪᠠᠶᠠᠷᠯᠠᠯ᠎ᠠ》
《ᠭᠡᠬᠦ ᠳ᠋ᠦ᠍ ᠪᠡᠨ ᠴᠢ ᠶᠠᠭᠠᠬᠢᠭᠠᠳ ᠨᠠᠳᠠ ᠳ᠋ᠤ᠌ ᠲᠤᠰᠠᠯᠠᠵᠤ ᠪᠠᠢᠭ᠎ᠠ ᠪᠣᠢ? ᠪᠢ ᠴᠢᠮ᠎ᠠ ᠳ᠋ᠤ᠌ ᠰᠠᠢᠨ ᠬᠠᠨᠲᠤᠭ᠎ᠠ ᠦᠭᠡᠢ ᠰᠢᠦ ᠳᠡ》
《ᠬᠦᠯᠦᠭ ᠪᠠᠭᠠᠲᠤᠷ ᠤ᠋ᠨ ᠬᠤᠪᠢ ᠳ᠋ᠤ᠌ ᠲᠤᠰᠠᠯᠠᠮᠵᠢ ᠬᠡᠷᠡᠭᠲᠡᠢ ᠬᠥᠮᠦᠨ ᠳ᠋ᠦ᠍ ᠲᠤᠰᠠᠯᠠᠬᠤ ᠨᠢ ᠮᠢᠨᠦ ᠡᠭᠦᠷᠭᠡ ᠶᠦ᠍ᠮ ᠯᠡ ᠳᠡ》
《ᠬᠠᠷᠢᠨ ᠴᠢ ᠬᠠᠨ ᠬᠦᠦ ᠪᠡᠨ ᠣᠯᠤᠭᠰᠠᠨ ᠤᠤ?》
《ᠣᠳᠣᠬᠠᠨ ᠳ᠋ᠤ᠌ ᠪᠠᠨ ᠦᠭᠡᠢ᠂ ᠭᠡᠬᠦ ᠳ᠋ᠦ᠍ ᠪᠡᠨ ᠤᠳᠠᠬᠤ ᠦᠭᠡᠢ》
《ᠲᠡᠭᠡᠪᠡᠯ ᠠᠮᠵᠢᠯᠲᠠ ᠬᠦᠰᠡᠶ᠎ᠡ》
《ᠪᠠᠶᠠᠷᠯᠠᠯ᠎ᠠ》
《ᠠ᠋᠂᠂ ᠠ᠂᠂》
《ᠭᠦᠩᠵᠦ ᠠ᠋᠂ ᠶᠠᠭᠠᠬᠢᠭᠰᠠᠨ ᠪᠣᠢ?》
《ᠨᠠᠮ᠎ᠠ ᠶ᠋ᠢ ᠠᠭᠤᠴᠢᠯᠠᠭᠠᠷᠠᠢ! ᠪᠢ ᠳᠠᠬᠢᠨ ᠰᠡᠯᠢᠵᠦ ᠴᠢᠳᠠᠬᠤ ᠦᠭᠡᠢ ᠨᠢ ᠠ᠋᠂ ᠵᠢᠭᠠᠬᠠᠨ ᠠᠮᠠᠷᠠᠪᠠᠯ ᠳᠤᠷ᠎ᠠ ᠦᠭᠡᠢᠴᠡᠬᠦ ᠦᠭᠡᠢ ᠪᠢᠵᠡ ᠳᠡ?》
《ᠮᠡᠳᠡᠭᠡᠵᠢ ᠪᠣᠯᠤᠯ ᠦᠭᠡᠢ ᠶᠠᠭᠠᠬᠢᠬᠤᠪ᠂ ᠥᠯᠥᠰᠴᠦ ᠪᠠᠢᠨ᠎ᠠ ᠤᠤ?》
《ᠶᠠᠭᠤ᠂ ᠮᠠᠰᠢ ᠶᠡᠬᠡ》
《ᠪᠢ ᠶᠠᠪᠤᠭᠠᠳ ᠢᠳᠡᠬᠦ ᠶᠠᠭᠤᠮ᠎ᠠ ᠣᠯᠤᠭᠠᠳ ᠢᠷᠡᠶ᠎ᠡ᠂ ᠴᠢᠮ᠎ᠠ ᠶ᠋ᠢ ᠦᠯᠡᠳᠡᠭᠡᠪᠡᠯ ᠵᠦᠭᠡᠷ ᠪᠢᠵᠡ ᠳᠡ?》
《ᠡᠩ》
ᠸᠡᠢᠪ ᠬᠦᠯᠦᠭ ᠪᠠᠭᠠᠲᠤᠷ ᠢ᠋ ᠶᠠᠪᠤᠬᠤ ᠬᠣᠢᠭᠤᠷ᠂ ᠺᠠᠢᠯᠢ ᠭᠦᠩᠵᠦ ᠲᠡᠭᠦᠨ ᠲᠡᠢ ᠶᠠᠮᠠᠷ ᠮᠠᠭᠤᠬᠠᠢ ᠬᠠᠷᠢᠴᠠᠵᠤ ᠪᠠᠢᠭᠰᠠᠨ ᠢ᠋ᠶ᠋ᠠᠨ ᠣᠢᠯᠠᠭᠠᠵᠠᠢ᠂ ᠦᠨᠡᠬᠡᠷ ᠮᠠᠭᠤᠬᠠᠢ ᠰᠠᠨᠠᠭᠳᠠᠵᠠᠢ ᠭᠡᠨ᠎ᠡ᠃ ᠤᠳᠠᠯ ᠦᠭᠡᠢ ᠸᠡᠢᠪ ᠳᠠᠯᠠᠢ ᠶ᠋ᠢᠨ ᠠᠯᠢᠮ᠎ᠠ ᠪᠠᠷᠢᠭᠰᠠᠭᠠᠷ ᠢᠷᠡᠵᠡᠢ᠃
《ᠮᠠᠢ᠂ ᠪᠢ ᠡᠭᠦᠨ ᠢ᠋ ᠯᠡ ᠣᠯᠤᠯ᠎ᠠ᠂ ᠠᠭᠤᠴᠢᠯᠠᠭᠠᠷᠠᠢ!》
《ᠠᠮᠲᠠᠲᠠᠢ ᠬᠠᠷᠠᠭᠳᠠᠵᠤ ᠪᠠᠢᠨ᠎ᠠ᠂》
ᠴᠢ ᠲᠡᠭᠦᠨ ᠲᠡᠢ ᠬᠤᠪᠢᠶᠠᠬᠤ ᠬᠡᠷᠡᠭᠲᠡᠢ ᠰᠢᠦ᠂ ᠪᠤᠰᠤᠳ ᠲᠠᠢ ᠬᠤᠪᠢᠶᠠᠯᠴᠠᠬᠤ ᠨᠢ ᠮᠠᠰᠢ ᠰᠠᠢᠬᠠᠨ ᠬᠡᠷᠡᠭ ᠰᠢᠦ ᠳᠡ᠂ ᠦᠭᠡᠢ᠂ ᠪᠢᠳᠡ ᠬᠣᠭᠣᠯᠠ ᠪᠠᠨ ᠬᠤᠪᠢᠶᠠᠯᠴᠠᠳᠠᠭ ᠦᠭᠡᠢ᠂ ᠴᠢ ᠣᠢᠯᠭᠠᠵᠤ ᠪᠠᠢᠨ᠎ᠠ ᠤᠤ? ᠴᠢ ᠣᠢᠯᠠᠭᠠᠵᠤ ᠪᠠᠢᠨ᠎ᠠ ᠤᠤ?
《ᠮᠠᠢ᠂ ᠡᠭᠦᠨ ᠢ᠋ ᠢᠳᠡ》
《ᠠ᠂ ᠭᠡᠬᠦ ᠳ᠋ᠦ᠍ ᠪᠡᠨ ᠴᠢ ᠶᠡᠬᠡ ᠥᠯᠥᠰᠴᠦ ᠪᠠᠢᠨ᠎ᠠ ᠭᠡᠰᠡᠨ ᠰᠢᠦ ᠳᠡ》
《ᠴᠢ ᠴᠦ᠍ ᠭᠡᠰᠡᠨ ᠥᠯᠥᠰᠦᠭᠡ ᠦᠭᠡᠢ ᠭᠡᠵᠡᠢ ᠤᠤ?》
《ᠪᠠᠶᠠᠷᠯᠠᠯ᠎ᠠ》
ᠺᠠᠢᠯᠢ ᠭᠦᠩᠵᠦ᠂ ᠸᠡᠢᠪ ᠬᠦᠯᠦᠭ ᠪᠠᠭᠠᠲᠤᠷ ᠬᠣᠶᠠᠷ ᠢ᠋ ᠣᠷᠳᠣᠨ ᠳ᠋ᠤ᠌ ᠡᠷᠭᠢᠨ ᠣᠴᠢᠬᠤ ᠳ᠋ᠤ᠌ ᠬᠠᠭᠠᠨ ᠬᠠᠲᠤᠨ ᠬᠣᠶᠠᠷ ᠶᠡᠬᠡ ᠰᠠᠨᠠᠭ᠎ᠠ ᠵᠣᠪᠠᠨ ᠬᠦᠯᠢᠶᠡᠵᠦ ᠪᠠᠢᠯ᠎ᠠ᠃
《ᠴᠢ ᠢᠩᠭᠢᠬᠦ ᠳ᠋ᠦ᠍ ᠬᠠᠮᠢᠭ᠎ᠠ ᠪᠠᠢᠭᠰᠠᠨ ᠪᠣᠢ? ᠪᠢᠳᠡ ᠴᠢᠮ᠎ᠠ ᠳ᠋ᠤ᠌ ᠶᠡᠬᠡ ᠰᠠᠨᠠᠭ᠎ᠠ ᠵᠣᠪᠠᠯ᠎ᠠ》 ᠺᠠᠢᠯᠢ ᠭᠦᠩᠵᠦ ᠲᠡᠳᠡᠨ ᠳ᠋ᠦ᠍ ᠪᠣᠯᠤᠭᠰᠠᠨ ᠪᠦᠬᠦ ᠶᠠᠪᠤᠳᠠᠯ ᠢ᠋ ᠬᠡᠯᠡᠵᠡᠢ᠂ ᠬᠦᠯᠦᠭ ᠪᠠᠭᠠᠲᠤᠷ ᠲᠤ᠌ ᠭᠡᠷ ᠲᠦ᠍ ᠨᠢ ᠬᠦᠷᠭᠡᠵᠦ ᠥᠭᠭᠦᠭᠰᠡᠨ ᠳ᠋ᠦ᠍ ᠮᠠᠰᠢ ᠶᠡᠬᠡ ᠲᠠᠯᠠᠷᠬᠠᠭᠰᠠᠨ ᠢ᠋ᠶ᠋ᠠᠨ ᠢᠯᠡᠷᠬᠡᠢᠯᠡᠵᠡᠢ ᠭᠡᠨ᠎ᠡ᠃《ᠲᠠᠯᠠᠷᠬᠠᠬᠤ ᠬᠡᠷᠡᠭ ᠦᠭᠡᠢ᠂ ᠡᠨᠡ ᠶᠡᠷᠦ ᠳ᠋ᠦ᠍ ᠪᠠᠨ ᠯᠠ᠂᠂》
《ᠰᠠᠢᠨ ᠪᠠᠢᠨ᠎ᠠ? ᠴᠢ ᠺᠠᠢᠯᠢ ᠭᠦᠩᠵᠦ ᠪᠠᠢᠬᠤ ᠨᠢ ᠠ᠋》
《ᠡᠩ᠂᠂᠂》
《 ᠦ᠂ ᠬᠡ ᠬᠡ᠂᠂ ᠪᠢᠳᠡ ᠪᠠᠷᠤᠭ ᠮᠠᠷᠲᠠᠬᠤ ᠰᠢᠬᠠᠵᠠᠢ᠂ ᠺᠠᠢᠯᠢ᠂ ᠡᠨᠡ ᠪᠣᠯ ᠠᠲ᠋ᠯᠠᠨᠲ ᠳᠠᠯᠠᠢ ᠶ᠋ᠢᠨ ᠬᠤᠨ ᠲᠠᠢᠵᠢ ᠭᠧᠯᠢᠸᠡᠷ᠂ ᠴᠢᠮ᠎ᠠ ᠲᠠᠢ ᠠᠭᠤᠯᠵᠠᠬᠤ ᠪᠠᠷ ᠢᠷᠡᠭᠰᠡᠨ ᠶᠦ᠍ᠮ》
《 ᠦ᠂ ᠬᠡᠷᠪᠡ ᠴᠢᠮ᠎ᠠ ᠶ᠋ᠢ ᠨᠠᠳᠠ ᠲᠠᠢ ᠬᠠᠮᠲᠤ᠂ ᠮᠠᠨ ᠤ᠋ ᠬᠠᠭᠠᠨᠲᠤ ᠤᠯᠤᠰ ᠢ᠋ᠶ᠋ᠠᠷ ᠵᠣᠴᠢᠯᠠᠪᠠᠯ ᠮᠠᠰᠢ ᠶᠡᠬᠡ ᠪᠠᠶᠠᠷᠯᠠᠬᠤ ᠰᠠᠨ᠂ ᠮᠠᠨ ᠤ᠋ ᠣᠷᠳᠣᠨ ᠡᠨᠡ ᠶᠢᠷᠲᠢᠨᠴᠦ ᠶ᠋ᠢᠨ ᠬᠠᠮᠤᠭ ᠤ᠋ᠨ ᠡᠷᠲᠡᠨ ᠦ᠌᠂ ᠬᠠᠮᠤᠭ ᠤ᠋ᠨ ᠦᠵᠡᠰᠭᠦᠯᠡᠩᠲᠢ ᠭᠠᠵᠠᠷ ᠰᠢᠦ》
ᠺᠠᠢᠯᠢ ᠭᠦᠩᠵᠦ᠂ ᠭᠧᠯᠢᠸᠡᠷ ᠬᠠᠨ ᠬᠦᠦ ᠲᠡᠢ ᠠᠭᠤᠯᠵᠠᠵᠤ ᠪᠠᠢᠬᠤ ᠳ᠋ᠤ᠌ ᠪᠠᠨ ᠲᠡᠭᠦᠨ ᠳ᠋ᠦ᠍ ᠨᠢᠭᠡ ᠯᠡ ᠲᠠᠭᠠᠯᠠᠭᠳᠠᠬᠤ ᠦᠭᠡᠢ ᠪᠠᠢᠭ᠎ᠠ ᠶ᠋ᠢ ᠣᠢᠯᠠᠭᠠᠵᠠᠢ᠂ ᠲᠡᠷᠡᠪᠡᠷ ᠥᠪᠡᠷ ᠦ᠋ᠨ ᠡᠷᠬᠡ ᠮᠠᠲᠠᠯ᠂ ᠡᠳ᠋ ᠬᠥᠷᠥᠩᠭᠡ ᠶ᠋ᠢᠨ ᠲᠤᠬᠠᠢ ᠶᠠᠷᠢᠭᠠᠳ ᠪᠠᠢᠭᠰᠠᠨ ᠨᠢ ᠶᠠᠭᠠᠬᠢᠭᠠᠳ ᠴᠤ᠌ ᠶᠤᠮ ᠭᠦᠩᠵᠦ ᠳ᠋ᠦ᠍ ᠡᠭᠳᠡᠭᠦᠴᠡᠯ ᠢ᠋ ᠨᠢ ᠲᠥᠷᠥᠭᠦᠯᠦᠭᠰᠡᠨ ᠶᠦ᠍ᠮ ᠭᠡᠨ᠎ᠡ᠃
《ᠴᠢ ᠬᠤᠨ ᠲᠠᠢᠵᠢ ᠶ᠋ᠢ ᠣᠯᠴᠢᠬᠠᠬᠤ ᠰᠢᠭ᠋ ᠪᠣᠯᠤᠯ᠎ᠠ》 ᠺᠠᠢᠯᠢ ᠸᠡᠢᠪ ᠤᠷᠤᠭᠤ ᠬᠠᠷᠠᠬᠤ ᠦᠶ᠎ᠡ ᠳ᠋ᠦ᠍ ᠲᠡᠭᠦᠨ ᠢ᠋ ᠬᠡᠴᠢᠨᠡᠭᠡᠨ ᠥᠬᠥᠭᠡᠷᠳᠡᠮ᠎ᠡ᠂ ᠪᠠᠰᠠ ᠬᠠᠯᠠᠮᠵᠢᠲᠠᠢ ᠪᠠᠢᠭᠰᠠᠨ ᠢ᠋ ᠨᠢ ᠤᠬᠠᠭᠠᠷᠠᠵᠠᠢ ᠭᠡᠨ᠎ᠡ᠃
《ᠬᠠᠨ ᠬᠦᠦ ᠭᠧᠯᠢᠸᠡᠷ᠂ ᠨᠠᠮ᠎ᠠ ᠶ᠋ᠢ ᠥᠷᠥᠰᠢᠶᠡᠭᠡᠷᠡᠢ! ᠪᠢ ᠲᠠᠨ ᠤ᠋ ᠤᠷᠢᠯᠭ᠎ᠠ ᠶ᠋ᠢ ᠬᠦᠯᠢᠶᠡᠨ ᠠᠪᠴᠤ ᠴᠢᠳᠠᠬᠤ ᠦᠭᠡᠢ ᠨᠢ ᠠ᠋᠂ ᠪᠠᠰᠠ ᠬᠡᠷᠪᠡ ᠲᠠ ᠡᠢᠮᠦ ᠪᠠᠢᠳᠠᠯ ᠲᠠᠢ ᠪᠠᠢᠪᠠᠯ ᠪᠢ ᠲᠠᠨ ᠲᠠᠢ ᠭᠡᠷᠯᠡᠬᠦ ᠶ᠋ᠢ ᠬᠦᠰᠡᠬᠦ ᠦᠭᠡᠢ ᠪᠠᠢᠨ᠎ᠠ》
《ᠶᠠᠭᠤ᠂ ᠶᠠᠭᠠᠬᠢᠭᠠᠳ? ᠪᠢ ᠪᠣᠯ ᠠᠲ᠋ᠯᠠᠨᠲ ᠳᠠᠯᠠᠢ ᠶ᠋ᠢᠨ ᠬᠤᠨ ᠲᠠᠢᠵᠢ ᠭᠧᠯᠢᠸᠡᠷ ᠰᠢᠦ ᠳᠡ᠂ ᠨᠠᠳᠠ ᠠ᠋ᠴᠠ ᠪᠠᠶᠠᠨ ᠨᠢᠭᠡ ᠴᠦ᠍ ᠬᠥᠮᠦᠨ ᠪᠠᠢᠬᠤ ᠦᠭᠡᠢ》
《ᠶᠠᠭᠤ ᠯᠠ ᠳᠠ᠂ ᠨᠠᠳᠠ ᠳ᠋ᠤ᠌ ᠡᠳ᠋ ᠪᠠᠶᠠᠯᠢᠭ ᠲᠡᠢᠮᠦ ᠴᠦ᠍ ᠴᠢᠬᠤᠯᠠ ᠪᠢᠰᠢ!》
《ᠦ᠂ ᠬᠥᠥᠭ》
《ᠶᠠᠭᠤ?》
《ᠨᠠᠮ᠎ᠠ ᠶ᠋ᠢ ᠥᠷᠥᠰᠢᠶᠡᠭᠡᠷᠡᠢ》
ᠴᠢ ᠴᠢᠨᠢ ᠶᠠᠭᠤ ᠬᠢᠭᠡᠳ ᠪᠠᠢᠭ᠎ᠠ ᠶᠤᠮ ᠪᠣᠢ? ᠲᠡᠭᠦᠨ ᠳ᠋ᠦ᠍ ᠬᠠᠮᠤᠭ ᠤ᠋ᠨ ᠰᠠᠢᠬᠠᠨ ᠣᠷᠳᠣᠨ ᠪᠠᠢᠳᠠᠭ ᠭᠡᠯ᠎ᠡ ᠰᠢᠦ ᠳᠡ! ᠦᠭᠡᠢ ᠳᠡ! ᠺᠠᠢᠯᠢ ᠴᠢᠨᠦ ᠵᠥᠪ ᠰᠠᠢᠬᠠᠨ ᠰᠡᠳᠬᠢᠯ᠂ ᠬᠠᠢᠷ᠎ᠠ ᠪᠣᠯ ᠡᠨᠡ ᠶᠢᠷᠲᠢᠨᠴᠦ ᠶ᠋ᠢᠨ ᠪᠦᠬᠦ ᠡᠳ᠋ ᠪᠠᠶᠠᠯᠢᠭ ᠠ᠋ᠴᠠ ᠢᠯᠡᠭᠦᠦ ᠦᠨ᠎ᠡ ᠴᠠᠨ᠎ᠠ ᠲᠠᠢ᠃
《ᠴᠢ ᠶᠠᠭᠠᠬᠢᠵᠤ ᠨᠠᠮ᠎ᠠ ᠶ᠋ᠢ ᠢᠩᠭᠢᠵᠦ ᠦᠯᠦ ᠣᠢᠰᠢᠶᠠᠵᠤ ᠵᠢᠷᠦᠬᠡᠯᠡᠨ᠎ᠡ ᠪᠣᠢ? ᠡᠭᠦᠨ ᠦ᠌ ᠪᠡᠨ ᠱᠠᠩ ᠢ᠋ ᠴᠢ ᠬᠡᠵᠢᠶ᠎ᠡ ᠨᠢᠭᠡᠨ ᠴᠠᠭ ᠲᠤ᠌ ᠬᠦᠷᠲᠡᠬᠦ ᠯᠡ ᠪᠣᠯᠤᠨ᠎ᠠ ᠳᠠ》
《ᠠ᠁》
《ᠬᠦᠢ᠂ ᠢᠩᠭᠢᠨ᠎ᠡ ᠭᠡᠵᠦ ᠰᠠᠨᠠᠯᠲᠠ ᠦᠭᠡᠢ ᠰᠢᠦ》
《ᠶᠠᠭᠤ᠂ ᠶᠡᠷᠦ ᠳ᠋ᠦ᠍ ᠪᠡᠨ ᠡᠨᠡ ᠬᠦᠯᠦᠭ ᠪᠠᠭᠠᠲᠤᠷ ᠤᠤ?》
《ᠮᠠᠭᠠᠳ ᠦᠭᠡᠢ᠂ ᠭᠡᠬᠦ ᠳ᠋ᠦ᠍ ᠪᠡᠨ ᠶᠠᠳᠠᠵᠤ ᠯᠠ ᠡᠮᠡᠭᠲᠡᠢ ᠬᠥᠮᠦᠨ ᠢ᠋ ᠬᠦᠨᠳᠦᠯᠡᠵᠦ ᠮᠡᠳᠡᠨ᠎ᠡ》
ᠡᠨᠡ ᠪᠦᠬᠦᠨ ᠢ᠋ ᠴᠢᠮᠡᠭᠡ ᠦᠭᠡᠢᠬᠡᠨ ᠠᠵᠢᠵᠤ ᠵᠣᠭᠰᠣᠭᠰᠠᠨ ᠬᠠᠭᠠᠨᠲᠠᠨ᠄《ᠬᠠᠨ ᠬᠦᠦ ᠭᠧᠯᠢᠸᠡᠷ᠂ ᠲᠠ ᠮᠠᠭᠠᠳ ᠦᠭᠡᠢ ᠠᠲ᠋ᠯᠠᠨᠲ ᠤ᠋ᠨ ᠬᠤᠨ ᠲᠠᠢᠵᠢ ᠪᠣᠯᠬᠤ ᠶᠤᠮ᠂ ᠭᠡᠪᠡᠴᠦ ᠮᠢᠨᠦ ᠥᠬᠢᠨ ᠳ᠋ᠦ᠍ ᠳᠠᠬᠢᠵᠤ ᠪᠢᠲᠡᠭᠡᠢ ᠣᠢᠷᠠᠳᠤᠭᠠᠷᠠᠢ! ᠪᠣᠳᠣᠯ ᠢ᠋ᠶ᠋ᠠᠨ ᠥᠭᠡᠷᠡᠴᠢᠯᠡᠬᠦ ᠡᠴᠡ ᠮᠢᠨᠢ ᠡᠮᠦᠨ᠎ᠡ ᠡᠨᠳᠡ ᠡᠴᠡ ᠶᠠᠪᠤᠭᠲᠤᠨ᠂ ᠬᠠᠮᠠᠭᠠᠯᠠᠭᠴᠢᠳ ᠠ᠋᠂》
《ᠭᠦᠩᠵᠦ ᠲᠠ ᠵᠦᠭᠡᠷ ᠪᠢᠵᠡ ᠳᠡ?》
《 ᠸᠡᠢᠪ᠂ ᠪᠢ ᠭᠧᠯᠢᠸᠡᠷ ᠬᠠᠨ ᠬᠦᠦ ᠳ᠋ᠦ᠍ ᠳᠤᠷ᠎ᠠ ᠦᠭᠡᠢ᠂ ᠬᠠᠷᠢᠨ ᠴᠢ ᠨᠠᠳᠠ ᠳ᠋ᠤ᠌ ᠲᠠᠭᠠᠯᠠᠭᠳᠠᠳᠠᠭ᠂ ᠤᠴᠢᠷ ᠨᠢ ᠴᠢ ᠰᠠᠢᠬᠠᠨ ᠰᠡᠳᠬᠢᠯ ᠲᠡᠢ ᠰᠠᠢᠨ ᠬᠥᠮᠦᠨ ᠰᠢᠦ ᠳᠡ》 ᠭᠦᠩᠵᠦ ᠶ᠋ᠢ ᠡᠢᠨ ᠬᠦ᠌ ᠬᠡᠯᠡᠮᠡᠭᠴᠡ ᠳᠠᠯᠠᠢ ᠶ᠋ᠢᠨ ᠴᠢᠳᠬᠥᠷ ᠫᠢᠨᠠᠷᠠ ᠶ᠋ᠢᠨ ᠲᠡᠭᠦᠨ ᠳ᠋ᠦ᠍ ᠬᠢᠭᠰᠡᠨ ᠰᠢᠪᠰᠢᠯᠭᠡ ᠪᠡᠶ᠎ᠡ ᠡᠨᠡ ᠨᠢ ᠭᠠᠷᠴᠤ ᠵᠠᠮᠬᠠᠷᠠᠨ ᠠᠯᠠᠭ᠎ᠠ ᠪᠣᠯᠤᠯ᠎ᠠ᠃
《ᠶᠠᠭᠤ? ᠪᠠᠢᠵᠤ ᠪᠣᠯᠤᠮ᠎ᠠ ᠦᠭᠡᠢ ᠶᠦ᠍ᠮ》
《 ᠫᠢᠨᠠᠷᠠ》
《ᠶᠠᠭᠤ᠂᠂》
《ᠴᠢᠮ᠎ᠠ ᠶ᠋ᠢ ᠪᠤᠷᠤᠭᠤ ᠶᠠᠭᠤᠮ᠎ᠠ ᠬᠢᠭᠰᠡᠨ ᠪᠣᠯᠬᠣᠷ ᠴᠢᠨᠢ ᠪᠢ ᠭᠦᠨ ᠨᠥᠢᠷᠦᠨ ᠳ᠋ᠦ᠍ ᠠᠪᠲᠠᠭᠤᠯᠤᠭᠰᠠᠨ ᠶᠤᠮ᠂ ᠭᠡᠪᠡᠴᠦ ᠴᠢ ᠡᠭᠦᠨ ᠡᠴᠡ ᠣᠭᠲᠣᠬᠠᠨ ᠴᠤ᠌ ᠰᠤᠷᠤᠯᠴᠠᠭᠰᠠᠨ ᠦᠭᠡᠢ᠂ ᠪᠢ ᠴᠢᠮ᠎ᠠ ᠶ᠋ᠢ ᠳᠠᠬᠢᠨ ᠭᠦᠨ ᠨᠥᠢᠷᠤᠨ ᠤ᠋ ᠱᠣᠷᠣᠩ ᠳ᠋ᠤ᠌ ᠬᠣᠷᠢᠵᠤ ᠪᠠᠢᠨ᠎ᠠ》
《ᠦᠭᠡᠢ ᠠ᠋᠁》
ᠡᠨᠡ ᠶᠠᠪᠤᠳᠠᠯ ᠠ᠋ᠴᠠ ᠬᠣᠢᠰᠢ ᠺᠠᠢᠯᠢ ᠭᠦᠩᠵᠦ ᠶᠠᠭ ᠪᠤᠰᠤᠳ ᠤ᠋ᠨ ᠲᠥᠰᠥᠭᠡᠯᠡᠳᠡᠭ ᠪᠠᠢᠭᠰᠠᠨ ᠰᠢᠭ᠋ ᠰᠠᠢᠬᠠᠨ ᠰᠡᠳᠬᠢᠯᠲᠡᠢ ᠨᠢᠭᠡᠨ ᠪᠣᠯᠵᠠᠢ ᠭᠡᠨ᠎ᠡ᠃
ᠸᠡᠢᠪ ᠭᠦᠩᠵᠦ ᠳ᠋ᠦ᠍ ᠤᠬᠠᠭᠠᠨ ᠦᠭᠡᠢ ᠳᠤᠷᠠᠯᠠᠵᠠᠢ ᠂ ᠲᠡᠳᠡ ᠨᠢᠵᠢᠭᠡᠷ ᠬᠤᠷᠢᠮ ᠬᠢᠵᠡᠢ ᠭᠡᠨ᠎ᠡ᠂ ᠰᠢᠳᠢᠲᠦ ᠳᠠᠭᠢᠨᠢ ᠪᠸᠨᠠᠢᠨᠠ ᠶ᠋ᠢᠨ ᠪᠡᠯᠡᠭ ᠥᠭᠭᠢᠶᠡᠮᠦᠷ᠂ ᠨᠢᠩᠵᠢᠨ ᠰᠡᠳᠬᠢᠯ᠂ ᠡᠶᠡᠯᠳᠡᠭ ᠳᠠᠷᠤᠤ ᠵᠠᠩ ᠭᠦᠩᠵᠦ ᠳ᠋ᠦ᠍ ᠡᠭᠦᠷᠢᠳᠡ ᠬᠠᠳᠠᠭᠠᠯᠠᠭᠳᠠᠨ ᠦᠯᠡᠳᠡᠵᠡᠢ᠂ ᠳᠠᠷᠤᠤ᠂ ᠡᠶᠡᠯᠳᠡᠭ᠂ ᠥᠭᠭᠢᠶᠡᠮᠦᠷ ᠪᠠᠢᠬᠤ ᠨᠢ ᠪᠤᠰᠤᠳ ᠲᠤ᠌ ᠲᠡᠳᠦᠢ ᠦᠭᠡᠢ ᠥᠪᠡᠷᠲᠡᠭᠡᠨ ᠴᠦ᠍ ᠲᠤᠰᠠᠲᠠᠢ ᠭᠡᠳᠡᠭ ᠢ᠋ ᠦᠷᠭᠦᠯᠵᠢ ᠰᠠᠨᠠᠭᠤᠯᠵᠤ ᠪᠠᠢᠳᠠᠭ ᠪᠣᠯᠵᠠᠢ᠃
ᠦ᠂ ᠪᠢ ᠬᠡᠨ ᠪᠣᠢ ᠭᠡᠵᠡᠢ ᠤᠤ?
ᠪᠢ ᠪᠣᠯ ᠮᠠᠷᠪᠠᠯᠠᠢᠳ᠋ ᠤ᠋ᠨ ᠬᠠᠭᠠᠨᠲᠤ ᠤᠯᠤᠰ ᠪᠠᠢᠨ᠎ᠠ!

   ᠦᠰᠦᠭ ᠠᠮᠢᠯᠠᠭᠤᠯᠤᠭᠴᠢ᠄ ᠰᠡᠷᠭᠦᠯᠡᠩ᠂ ᠰᠣᠯᠤᠩᠭᠣᠣ᠎ᠠ᠂ ᠬᠣᠩ ᠮᠧᠢ
   ᠦᠰᠦᠭ ᠬᠠᠲᠠᠭᠰᠠᠨ ᠨᠢ᠄ ᠬᠣᠩ ᠮᠧᠢ
   ᠬᠢᠨᠠᠭᠴᠢ᠄ ᠢᠷᠡᠭᠡᠳᠦᠢ᠂ ᠣᠳᠬᠠᠨᠰᠣ᠎ᠠ᠂ ᠭᠠᠷᠤᠮ᠎ᠠ᠂ ᠰ· ᠳᠣᠷᠣᠨ᠎ᠠ᠂ ᠠᠯᠲᠠᠨᠬᠤᠶᠠᠭ᠂ ᠨᠣᠮ ᠡᠷᠳᠡᠨᠢ