ᠡᠷᠳᠡᠨᠢ ᠲᠤᠨᠤᠮᠠᠯ ᠨᠡᠷᠡᠲᠦ ᠰᠤᠳᠤᠷ ᠣᠷᠣᠰᠢᠪᠠ -  9 Эрдэнэ тунамал нэрт судар оршив - 9 ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠷᠳᠡᠨᠢ ᠲᠤᠨᠤᠮᠠᠯ ᠨᠡᠷᠡᠲᠦ ᠰᠤᠳᠤᠷ ᠣᠷᠣᠰᠢᠪᠠ -  9 Эрдэнэ тунамал нэрт судар оршив - 9

ᠡᠷᠳᠡᠨᠢ ᠲᠤᠨᠤᠮᠠᠯ ᠨᠡᠷᠡᠲᠦ ᠰᠤᠳᠤᠷ ᠣᠷᠣᠰᠢᠪᠠ -  9 Эрдэнэ тунамал нэрт судар оршив - 9

ᠠᠩᠭᠢᠯᠠᠯ:ᠲᠡᠦᠬᠡ ᠰᠣᠶᠣᠯ
2023-05-20

218

ᠡᠷᠳᠡᠨᠢ ᠲᠤᠨᠤᠮᠠᠯ ᠨᠡᠷᠡᠲᠦ ᠰᠤᠳᠤᠷ ᠣᠷᠣᠰᠢᠪᠠ -  9


       ᠬᠠᠭᠠᠨ ᠬᠠᠲᠤᠨ ᠲᠡᠷᠢᠭᠦᠲᠡᠨ ᠠᠷᠪᠠᠨ ᠬᠣᠶᠠᠷ  ᠲᠦᠮᠡᠳ ᠦ᠋ᠨ ᠶᠡᠬᠡ ᠪᠠᠭ᠎ᠠ ᠨᠣᠶᠠᠳ ᠲᠤᠷ 
       ᠬᠠᠮᠤᠭ ᠢ᠋ ᠮᠡᠳᠡᠭᠴᠢ ᠳᠠᠯᠠᠢ ᠯᠠᠮ᠎ᠠ ᠥᠪᠡᠷ ᠢ᠋ᠶ᠋ᠡᠨ  ᠵᠠᠷᠯᠢᠭ ᠪᠣᠯᠵᠤ : 
       《 ᠭᠠᠢᠬᠠᠮᠰᠢᠭ᠋ ᠪᠣᠭᠳᠠ ᠡᠰᠷᠦᠨ ᠶᠡᠬᠡ ᠬᠦᠴᠦᠲᠦ ᠴᠡᠭᠷᠡᠸᠡᠷᠳᠢ ᠠᠯᠲᠠᠨ ᠬᠠᠭᠠᠨ ᠠ᠋ᠴᠠ ᠮᠠᠨᠤ ᠂ 
       ᠬᠠᠮᠤᠭ ᠲᠥᠷᠥᠯ ᠲᠤᠲᠤᠮ ᠳ᠋ᠤᠷ ᠪᠤᠶᠠᠨ ᠪᠢᠯᠢᠭ ᠦ᠋ᠨ ᠴᠢᠭᠤᠯᠭᠠᠨ ᠢ᠋ ᠬᠤᠷᠢᠶᠠᠭᠰᠠᠨ ᠤ᠋ ᠬᠦᠴᠦᠨ ᠢ᠋ᠶ᠋ᠡᠷ ᠂ 
       ᠡᠷᠬᠡᠲᠦ ᠬᠦᠴᠦᠲᠦ ᠬᠠᠭᠠᠨ ᠬᠥᠮᠦᠨ ᠪᠣᠯ ᠤ᠋ᠨ ᠲᠥᠷᠥᠭᠡᠳ ᠂ 
       ᠡᠷᠳᠡᠨᠢ ᠪᠤᠷᠬᠠᠨ ᠤ᠋ ᠱᠠᠰᠢᠨ ᠬᠢᠭᠡᠳ ᠶᠢᠷᠲᠢᠨᠴᠦ ᠶ᠋ᠢᠨ ᠲᠥᠷᠥ ᠶ᠋ᠢ ᠲᠥᠪᠰᠢᠨ᠎ᠡ ᠪᠠᠷᠢᠵᠤ ᠂ 
       ᠡᠨᠡ ᠵᠦᠭ ᠦ᠋ᠨ ᠠᠮᠢᠲᠠᠨ ᠤ᠋ ᠲᠤᠰᠠ ᠶ᠋ᠢ ᠶᠡᠬᠡ ᠲᠠ ᠦᠢᠯᠡᠳᠦᠭᠰᠡᠨ ᠪᠥᠯᠥᠭᠡ ᠃ 
       ᠡᠷᠭᠢᠨ ᠲᠡᠢᠮᠦ ᠪᠤᠶᠠᠨ ᠤ᠋ ᠠᠴᠢ ᠦᠷ᠎ᠡ ᠶ᠋ᠢ ᠪᠣᠯᠪᠠᠰᠤᠷᠠᠭᠰᠠᠨ ᠤ᠋ ᠬᠦᠴᠦ ᠪᠡᠷ ᠂ 
       ᠪᠤᠷᠬᠠᠨ ᠤ᠋ ᠱᠠᠰᠢᠨ ᠴᠤᠯᠤᠢᠳᠡᠭᠰᠡᠨ ᠲᠡᠷᠡ ᠤᠴᠢᠷ ᠲᠤᠷ ᠨᠢᠭᠦᠯᠡᠰᠬᠦᠢ ᠪᠡᠷ ᠢᠷᠡᠵᠦ ᠂ 
       ᠪᠣᠳᠢᠰᠤᠩ ᠠᠯᠲᠠᠨ ᠬᠠᠭᠠᠨ ᠮᠣᠩᠭᠣᠯ ᠤᠯᠤᠰ ᠲᠤᠷ ᠲᠤᠰᠠᠯᠠᠨ ᠲᠥᠷᠥᠯ ᠣᠯᠵᠤ ᠂ 
       ᠪᠣᠯᠵᠢᠮᠳᠠᠶ᠎ᠠ ᠥᠴᠦᠬᠡᠨ ᠢᠳᠡᠷ ᠴᠠᠭ ᠲᠠᠭᠠᠨ ᠬᠠᠲᠠᠭᠤ ᠳᠣᠭᠰᠢᠨ ᠤ᠋① ᠡᠷᠬᠡ ᠳ᠋ᠡᠭᠡᠨ ᠣᠷᠣᠭᠤᠯᠵᠤ ᠂ 
       ᠪᠣᠭᠳᠠ ᠢᠷᠦᠭᠡᠷ ᠢ᠋ᠶ᠋ᠡᠷ ᠲᠠᠬᠢᠯ ᠤ᠋ᠨ ᠣᠷᠣᠨ ᠨᠠᠮ᠎ᠠ ᠯᠤᠭ᠎ᠠ ᠤᠴᠠᠷᠠᠯᠳᠤᠵᠤ ᠂ 
— — — — 
①《 ᠬᠠᠲᠠᠭᠤ ᠳᠣᠭᠰᠢᠨ ᠤ᠋ 》 ᠭᠡᠳᠡᠭ ᠨᠢ 《 ᠬᠠᠲᠠᠭᠤ ᠳᠣᠭᠰᠢᠨ ᠢ᠋ 》ᠭᠡᠰᠡᠨ ᠦᠭᠡ ᠃ 

       ᠡᠷᠬᠡᠲᠦ ᠪᠤᠷᠬᠠᠨ ᠤ᠋ ᠱᠠᠰᠢᠨ ᠤ᠋ ᠡᠨᠡ ᠵᠦᠭ ᠲᠦ᠍ᠷ ᠲᠤᠯᠭᠤᠷᠠᠴᠠ ᠪᠠᠢᠭᠤᠯᠤᠭᠠᠳ ᠂ 
       ᠡᠷᠲᠡᠨ ᠦ᠌ ᠳᠥᠷᠪᠡᠨ ᠲᠢᠪ ① ᠢ᠋ ᠡᠵᠡᠯᠡᠭᠴᠢ ᠴᠡᠭᠷᠡᠸᠡᠷᠳᠢ ᠬᠠᠭᠠᠨ ᠮᠡᠲᠦ ᠂ 
       ᠡᠢᠮᠦ ᠶᠡᠬᠡ ᠪᠣᠭᠳᠠ ᠶ᠋ᠢᠨ ᠭᠡᠭᠡᠨ ᠬᠡᠭᠦᠷᠢ ᠦᠳᠡᠯᠡ ᠳ᠋ᠣᠷᠢ ᠬᠠᠳ ᠮᠡᠲᠦ ᠂ 
       ᠡᠨᠡ ᠠᠯᠲᠠᠨ ᠳᠡᠯᠡᠬᠡᠢ ᠳ᠋ᠦ᠍ᠷ ᠣᠷᠣᠰᠢᠭᠤᠯᠪᠠᠰᠤ ᠪᠡᠯᠬᠡᠰ ᠢᠨᠤ ᠶᠠᠭᠢᠨ ᠤᠬᠠᠮᠤᠢ ! 
       ᠭᠡᠭᠡᠨ ᠬᠡᠭᠦᠷᠢ  ᠢᠨᠦ ᠬᠠᠢᠯᠵᠤ ᠪᠡᠯᠬᠡᠰ ᠢ᠋ ᠢᠨᠦ ᠤᠬᠠᠪᠠᠰᠤ ᠂ 
       ᠭᠡᠲᠦᠯᠭᠡᠭᠴᠢ ᠪᠤᠷᠬᠠᠨ ᠪᠠᠭᠰᠢ ᠶ᠋ᠢᠨ ᠰᠤᠪᠤᠷᠭ᠎ᠠ ᠮᠡᠲᠦ ᠪᠤᠰᠬᠠᠪᠠᠰᠤ ᠂ 
       ᠭᠡᠮ ᠦᠭᠡᠢ ᠠᠴᠢ ᠲᠤᠰᠠ  ᠢᠨᠤ ᠶᠡᠬᠡ ᠪᠤᠶᠤ ! 》 ᠭᠡᠮᠡᠨ ᠵᠠᠷᠯᠢᠭ ᠪᠣᠯᠪᠠᠰᠤ ᠂ 
       ᠬᠡᠯᠡᠯᠴᠡᠵᠦ ᠬᠠᠭᠠᠨ ᠬᠠᠲᠤᠨ ᠶᠡᠬᠡ ᠪᠠᠭ᠎ᠠ ᠨᠣᠶᠠᠳ ᠵᠥᠪᠰᠢᠶᠡᠷᠡᠨ ᠠᠢᠯᠠᠳᠬᠠᠪᠠᠰᠤ ᠂ 
       ᠸᠴᠢᠷ᠎ᠠ ᠳ᠋ᠠᠷ᠎ᠠ ᠳ᠋ᠠᠯᠠᠢ ᠯᠠᠮ᠎ᠠ ᠭᠠᠬᠠᠢ ᠵᠢᠯ ② ᠦ᠋ᠨ ᠭᠤᠷᠪᠠᠨ ᠰᠠᠷᠠ ᠶ᠋ᠢᠨ ᠬᠣᠷᠢᠨ ᠵᠢᠷᠭᠤᠭᠠᠨ᠎ᠠ ᠂ 
       ᠤᠷᠢᠳᠤ ᠲᠡᠭᠦᠨᠴᠢᠯᠡᠨ ᠢᠷᠡᠭᠰᠡᠳ ᠦ᠋ᠨ ᠭᠡᠭᠡᠨ ᠬᠡᠭᠦᠷ ᠦ᠋ᠨ ᠶᠣᠰᠣᠭᠠᠷ ᠮᠠᠨᠳᠠᠯ ᠡᠭᠦᠳᠴᠦ ᠂ 
       ᠦᠯᠡᠮᠵᠢ ᠨᠣᠮ ᠤ᠋ᠨ ᠲᠥᠷᠥ ᠪᠡᠷ ᠲᠠᠬᠢᠯ ᠪᠣᠯᠭᠠᠨ ᠬᠠᠢᠯᠤᠭᠰᠠᠨ ᠴᠠᠭ ᠲᠤᠷ ᠂ 
— — — — 
① ᠪᠤᠷᠬᠠᠨ ᠤ᠋ ᠱᠠᠰᠢᠨ ᠤ᠋ ᠨᠣᠮ ᠪᠢᠴᠢᠭ ᠲᠣᠷ ᠥᠭᠦᠯᠡᠭᠰᠡᠨ ᠰᠦᠮᠪᠦᠷ ᠠᠭᠤᠯᠠ ᠶ᠋ᠢᠨ ᠲᠣᠭᠣᠷᠢᠨ ᠳ᠋ᠠᠬᠢ ᠳᠥᠷᠪᠡᠨ ᠲᠢᠪ ᠢ᠋ ᠬᠡᠯᠡᠵᠡᠢ ᠃ ᠲᠡᠷᠡ ᠳᠥᠷᠪᠡᠨ ᠲᠢᠪ ᠭᠡᠳᠡᠭ ᠨᠢ ᠂ ᠡᠮᠦᠨ᠎ᠡ ᠴᠠᠮᠪᠤ  ᠳ᠋ᠢᠪ ᠂ ᠬᠢᠲᠠᠳ ᠰᠤᠳᠤᠷ ᠲᠤ᠌ 南瞻部洲  ᠭᠡᠳᠡᠭ ᠂ ᠳᠣᠷᠣᠨ᠎ᠠ ᠦᠯᠡᠮᠵᠢ ᠪᠡᠶᠡᠲᠦ ᠲᠢᠪ ᠂ ᠬᠢᠲᠠᠳ ᠰᠤᠳᠤᠷ ᠲᠤ᠌ 东胜神洲  ᠭᠡᠨ᠎ᠡ ᠂ ᠥᠷᠥᠨ᠎ᠡ ᠦᠬᠡᠷ ᠡᠳ᠋ᠯᠡᠭᠴᠢ ᠲᠢᠪ ᠂ ᠬᠢᠲᠠᠳ ᠪᠢᠴᠢᠭ ᠲᠦ᠍西牛货洲  ᠭᠡᠨ᠎ᠡ ᠂ ᠤᠮᠠᠷ᠎ᠠ ᠮᠠᠭᠤ ᠳᠠᠭᠤᠲᠤ ᠲᠢᠪ ᠂ ᠬᠢᠲᠠᠳ ᠰᠤᠷᠣᠷ ᠲᠤ᠌北俱卢洲  ᠭᠡᠨ᠎ᠡ ᠃ 
②ᠤᠯᠠᠭᠠᠨ ᠡᠮ᠎ᠡ ᠭᠠᠬᠠᠢ ᠵᠢᠯ ᠂ ᠳᠠᠷᠤᠢ ᠸᠠᠨ ᠯᠢ ᠶ᠋ᠢᠨ ᠠᠷᠪᠠᠨ ᠲᠠᠪᠤᠳᠤᠭᠠᠷ ᠣᠨ 《1587 》᠃ 

       ᠣᠭᠲᠠᠷᠭᠤᠢ ᠶ᠋ᠢᠨ ᠥᠩᠭᠡ ᠬᠬᠢᠷ ᠦᠭᠡᠢ ᠳᠤᠩᠭᠠᠯᠠᠨ ᠭᠡᠭᠡᠨ ᠪᠣᠯᠤᠭᠠᠳ ᠂ 
       ᠲᠠᠪᠤᠨ ᠥᠩᠭᠡ ᠰᠣᠯᠣᠩᠭ᠎ᠠ ᠤᠷᠭᠤᠯᠵᠤ ᠰᠡᠴᠡᠭ ᠦ᠋ᠨ ᠬᠤᠷ᠎ᠠ ᠣᠷᠣᠪᠠᠢ ᠂ 
       ᠲᠠᠩᠰᠤᠭ ᠭᠠᠢᠬᠠᠮᠰᠢᠭ ᠪᠡᠯᠬᠡᠰ ᠬᠣᠲᠠᠯᠠ ᠪᠦᠭᠦᠳᠡ  ᠲᠠ ᠦᠵᠡᠭᠳᠡᠪᠡᠢ ᠂ 
       ᠲᠠᠪᠤᠨ ᠰᠡᠢᠪᠠᠷ ᠣᠳᠤᠭᠰᠠᠳ ᠤ᠋ᠨ ᠬᠥᠷᠥᠩᠭᠡ ᠦᠰᠦᠭ ① ᠭᠠᠷᠪᠠᠢ ᠂ 
       ᠲᠡᠭᠰᠢ ᠬᠠᠮᠤᠭ ᠶᠡᠬᠡ ᠤᠯᠤᠰ ᠦᠯᠡᠮᠵᠢ ᠮᠠᠰᠢ ᠰᠠᠢᠰᠢᠶᠠᠨ ᠭᠠᠢᠬᠠᠯᠳᠤᠪᠠᠢ ᠃ 
       ᠬᠣᠢᠨᠠ ᠪᠠᠰᠠ ᠭᠡᠭᠡᠨ ᠬᠡᠭᠦᠷ ᠦ᠋ᠨ ᠬᠣᠮᠬᠠᠨ ᠤ᠋ ᠠᠮᠠᠰᠠᠷᠢ ᠨᠡᠬᠡᠵᠦ ᠂ 
       ᠬᠤᠷᠢᠶᠠᠵᠤ ᠠᠯᠲᠠᠨ ᠰᠠᠪᠠ ᠳ᠋ᠤᠷ ᠡᠷᠳᠡᠨᠢ ᠵᠢᠭᠦᠴᠡ ᠪᠡᠷ ᠠᠪᠬᠤᠢ ᠳ᠋ᠤᠷ ᠂ 
       ᠬᠤᠲᠤᠭ ᠲᠤ᠌ ᠬᠠᠭᠠᠨ ᠤ᠋ ᠭᠡᠭᠡᠨ ᠬᠡᠭᠦᠷ ᠦ᠋ᠨ ᠠᠮᠤᠷᠯᠢᠩᠭᠤᠢ ᠳᠡᠯᠭᠡᠷᠡᠩᠭᠦᠢ ᠡᠷᠬᠡ ᠲᠣᠭᠰᠢᠨ ᠪᠤᠷᠬᠠᠨ ᠪᠠ ᠂ 
       ᠬᠣᠩᠰᠢᠮ ᠪᠣᠳᠢᠰᠤᠩ ᠤ᠋ᠨ ᠦᠷᠡ ᠴᠠᠭᠠᠨ ᠾᠷᠢ ‍ᠮᠮᠠ ᠦᠰᠦᠭ② ᠦ᠋ᠳ ᠲᠡᠷᠢᠭᠦᠲᠡᠨ ᠂ 
       ᠰᠠᠬᠠᠷᠠᠯ ᠦᠭᠡᠢ ᠪᠡᠶ᠎ᠡ ᠬᠡᠯᠡ ᠰᠡᠳᠬᠢᠯ ᠦ᠋ᠨ ᠰᠢᠲᠦᠭᠡᠨ ᠲᠠᠪ᠊ᠬᠤᠷᠯᠠᠭᠤᠯᠵᠤ ᠬᠠᠷᠭᠠᠭᠠᠳ ᠂ 
       ᠰᠡᠢᠪᠠᠷ ᠣᠳᠤᠭᠰᠠᠳ ᠤ᠋ᠨ ᠬᠥᠷᠥᠩᠭᠡ ᠦᠰᠦᠭ ᠲᠡᠷᠢᠭᠦᠲᠡᠨ ᠂ 
— — — — 
① ᠤᠳᠬ᠎ᠠ ᠠᠨᠤ ᠡᠮᠦᠨ᠎ᠡ ᠬᠡᠰᠡᠭ ᠲᠦ᠍ ᠭᠠᠷᠤᠭᠰᠠᠨ 《 ᠦᠷ᠎ᠡ ᠦᠰᠦᠭ 》 ᠲᠡᠢ ᠠᠳᠠᠯᠢ ᠃ 
②ᠾᠷᠢ ᠦᠰᠦᠭ ᠭᠡᠳᠡᠭ ᠨᠢ ᠤᠸᠠ ᠮᠠ᠋ ᠸᠢ ᠫᠠᠳ᠋ ᠮᠧ ᠾᠤᠤ ᠵᠢᠷᠭᠤᠭᠠᠨ ᠦᠰᠦᠭ ᠢ᠋ ᠬᠡᠯᠡᠨ᠎ᠡ ᠃ ᠦᠷ᠎ᠡ ᠦᠰᠦᠭ ᠪᠠ ᠬᠥᠷᠥᠩᠭᠡ ᠦᠰᠦᠭ ᠭᠡᠳᠡᠭ ᠨᠢ ᠾᠷᠢ ᠦᠰᠦᠭ ᠦ᠋ᠨ ᠮᠣᠩᠭᠣᠯ ᠣᠷᠴᠢᠭᠤᠯᠭ᠎ᠠ ᠃ 

       ᠰᠡᠴᠡᠯᠡᠯ ᠦᠭᠡᠢ O ) ᠤᠸᠠ ᠬᠣᠩ ᠳ᠋ᠷᠠᠩ ᠾᠷᠢ ᠊ᠮᠮᠨ ᠠ᠋ ᠊ᠮᠮᠨ ᠬᠡᠮᠡᠬᠦ ᠦᠰᠦᠭ ᠦ᠋ᠳ 
       ᠰᠡᠴᠡ ᠲᠠᠪᠤᠨ ᠥᠩᠭᠡ ᠰᠤᠪᠤᠳ ᠡᠷᠢᠭᠡ ᠭᠢᠯᠬᠢᠭᠰᠡᠨ ᠮᠡᠲᠦ ᠳᠣᠲᠣᠷᠬᠠᠶ᠎ᠠ ᠭᠠᠷᠪᠠᠢ ᠃ 
       ᠴᠠᠭᠠᠨ ᠯᠠᠪᠠᠢ ᠲᠦᠪᠰᠢᠶᠡᠷᠡᠬᠦᠶ᠎ᠡ ᠣᠷᠣᠩᠬᠢ ᠳ᠋ᠤ᠌ ᠪᠠ ᠂ 
       ᠴᠠᠭᠯᠠᠰᠢ ᠦᠭᠡᠢ ᠲᠠᠪᠤᠨ ᠥᠩᠭᠡ ᠱᠠᠷᠢᠯ① ᠨᠤᠭᠤᠳ ᠪᠠ ᠂ 
       ᠴᠠᠭ ᠦᠭᠡᠢ ᠪᠡᠯᠬᠡᠰ ᠬᠣᠲᠣᠯᠠ  ᠲᠠ ᠦᠵᠡᠭᠳᠡᠭᠰᠡᠨ ᠳ᠋ᠦ᠍ᠷ ᠰᠦᠰᠦᠯ ᠦ᠋ᠨ ᠪᠢᠰᠢᠷᠡᠵᠦ ᠂ 
       ᠲᠠᠪᠤᠨ ᠥᠩᠭᠡ ᠤᠯᠤᠰ ᠲᠤᠰ ᠲᠤᠰ ᠪᠦᠷᠢ ᠮᠥᠷᠭᠥᠯ ᠦ᠋ᠨ ᠣᠷᠣᠨ ᠪᠣᠯᠭᠠᠨ ᠠᠪᠤᠪᠠᠢ ᠂ 
       ᠲᠡᠳᠦᠢ ᠭᠠᠢᠬᠠᠮᠰᠢᠭ᠋ ᠲᠤ᠌ ᠭᠡᠭᠡᠨ ᠬᠡᠭᠦᠷᠢ ᠡᠷᠲᠡᠨ ᠦ᠌ ᠰᠡᠢᠪᠠᠷ ᠣᠲᠣᠭᠰᠠᠳ ᠤ᠋ᠨ ᠂ 
       ᠲᠡᠭᠰᠢ ᠱᠠᠷᠢᠯ ᠳ᠋ᠤ᠌ ᠰᠤᠪᠤᠷᠭᠠᠨ ᠤ᠋ ᠶᠣᠰᠣᠭᠠᠷ ᠡᠷᠳᠡᠨᠢ ᠠᠯᠲᠠᠨ ᠮᠥᠩᠭᠥᠨ ᠢ᠋ᠶ᠋ᠡᠷ ᠪᠣᠳᠢᠴᠢᠳ ᠬᠡᠮᠡᠬᠦ 
       ᠲᠡᠨᠳᠡᠴᠡ ᠪᠠᠯᠪᠤ ᠶ᠋ᠢᠨ ᠤᠷᠠᠨ ᠢ᠋ᠶ᠋ᠠᠷ ᠠᠬᠤᠢ ᠶᠡᠬᠡ  ᠲᠠ ᠡᠭᠦᠳᠦᠨ ᠣᠷᠣᠰᠢᠭᠤᠯᠵᠤ ᠪᠦᠷ ᠦ᠋ᠨ ᠃ 
       ᠵᠣᠣ ᠰᠢᠭᠡᠮᠦᠨᠢ ᠰᠦᠮ᠎ᠡ ᠶ᠋ᠢᠨ ᠪᠠᠷᠠᠭᠤᠨ ᠡᠲᠡᠭᠡᠳ ᠲᠣᠷ ᠵᠢᠪᠠᠠᠤᠯᠠᠩ ᠳ᠋ᠤ᠌ ᠬᠥᠬᠡ ᠤᠷᠲᠤ ᠬᠠᠷᠰᠢ ᠪᠣᠰᠬᠠᠵᠤ ᠪᠠᠢᠭᠤᠯᠤᠭᠠᠳ ᠂ 
— — — —
①ᠰᠠᠨᠰᠺᠷᠢᠲ ᠦᠭᠡ charila ᠶᠢᠨ ᠠᠪᠢᠶᠠᠴᠢᠯᠠᠭᠰᠠᠨ ᠣᠷᠴᠢᠭᠤᠯᠭ᠎ᠠ ᠪᠣᠯᠤᠨ᠎ᠠ ᠃ ᠪᠤᠷᠬᠠᠨ ᠪᠠ ᠪᠣᠭᠳᠠᠰ ᠤ᠋ᠨ ᠬᠡᠭᠦᠷ ᠶᠠᠰᠤᠨ ᠢ᠋ ᠬᠡᠯᠡᠨ᠎ᠡ ᠃ 

       ᠵᠣᠬᠢᠰᠲᠠᠶ᠎ᠠ ᠵᠴᠢᠷ᠎ᠠ ᠪᠠᠨᠢ① ᠶ᠋ᠢᠨ ᠬᠤᠪᠢᠯᠭᠠᠨ  ᠷᠵᠠᠷᠤᠩ ᠬᠤᠲᠤᠭ ᠲᠤ᠌ ᠲᠡᠷᠢᠭᠦᠲᠡᠨ ᠂ 
       ᠵᠢᠴᠢ ᠳᠥᠷᠪᠡᠨ ᠠᠢᠮᠠᠭ ᠬᠤᠸᠠᠷᠠᠭ ᠤ᠋ᠳ ᠠᠷᠪᠠᠢ ᠰᠠᠴᠤᠵᠤ ᠬᠤᠲᠤᠭ ᠣᠷᠣᠰᠢᠭᠤᠯᠵᠤ ᠲᠠᠯᠪᠢᠪᠠᠢ ᠃ 
       ᠠᠯᠳᠠᠷᠰᠢᠭᠰᠠᠨ ᠲᠡᠭᠦᠰ ᠴᠣᠭ ᠲᠤ᠌  ᠸᠴᠢᠷ᠎ᠠ ᠳ᠋ᠠᠷ᠎ᠠ ᠳᠠᠯᠠᠢ ᠯᠠᠮ᠎ᠠ ᠶ᠋ᠢ ᠲᠡᠷᠡ ᠤᠴᠢᠷ ᠲᠤᠷ ᠂ 
       ᠠᠷᠪᠠᠨ ᠬᠣᠶᠠᠷ ᠲᠦᠮᠡᠳ ᠦ᠋ᠨ ᠥᠭᠯᠢᠭᠡ ᠶ᠋ᠢᠨ ᠡᠵᠡᠳ ᠨᠣᠶᠠᠳ ᠲᠤᠰ ᠲᠤᠰ ᠪᠦᠷᠢ ᠵᠠᠯᠠᠵᠤ ᠂ 
       ᠠᠰᠤᠷᠤ ᠮᠠᠰᠢ ᠪᠤᠶᠠᠨ ᠪᠠᠷᠠᠮᠢᠳ ᠢ᠋ ᠴᠠᠭᠯᠠᠰᠢ ᠦᠭᠡᠢ ᠡᠷᠭᠦᠵᠦ ᠪᠦᠷ ᠦ᠋ᠨ ᠂ 
       ᠠᠷᠢᠭᠤᠨ ᠪᠤᠷᠬᠠᠨ ᠤ᠋ ᠱᠠᠰᠢᠨ ᠳ᠋ᠤᠷ ᠤᠯᠠᠮ ᠪᠠᠰᠠ ᠵᠡᠷᠭᠡ ᠪᠡᠷ ᠣᠷᠣᠪᠠᠢ ᠃ 
       ᠪᠠᠰᠠ ᠪᠠᠷ ᠬᠦᠨᠳᠦᠯᠡᠨ ᠬᠠᠭᠠᠨ ᠳᠠᠢᠴᠢᠩ②  ᠲᠡᠷᠢᠭᠦᠲᠡᠨ ᠬᠠᠷᠠᠴᠢᠨ ᠲᠦᠮᠡᠨ ᠢ᠋ᠶ᠋ᠡᠷ ᠂ 
       ᠪᠠᠭᠰᠢ ᠢᠯᠠᠭᠤᠭᠰᠠᠨ ᠳᠠᠯᠠᠢ ᠯᠠᠮ᠎ᠠ ᠶ᠋ᠢ ᠵᠠᠯᠠᠵᠤ ᠬᠦᠰᠡᠬᠦᠢ ᠰᠡᠳᠬᠢᠯ ᠦ᠋ᠨ ᠡᠭᠦᠳᠡᠨᠴᠡ ᠂ 
       ᠪᠠᠷᠠᠮᠢᠳ ᠥᠭᠯᠢᠭᠡ ᠲᠡᠷᠢᠭᠦᠲᠡᠨ ᠢ᠋ ᠴᠠᠭᠯᠠᠰᠢ ᠦᠭᠡᠢ ᠡᠷᠭᠦᠵᠦ ᠪᠦᠷ ᠦ᠋ᠨ ᠃ 
       ᠪᠠᠶᠠᠰᠬᠤᠯᠠᠩ ᠳᠠᠶ᠎ᠠ ᠨᠣᠮ ᠤ᠋ᠨ ᠬᠤᠷᠢᠮ ᠤ᠋ᠳ ᠢ᠋ᠶ᠋ᠠᠷ ᠴᠡᠩᠭᠡᠯᠳᠦᠵᠦ ᠰᠠᠭᠤᠨ ᠠᠲᠠᠯ᠎ᠠ ᠂ 
— — — —
①ᠰᠠᠨᠰᠷᠺᠷᠢᠲ ᠦᠭᠡ pani ᠶᠢᠨ ᠠᠪᠢᠶᠠᠴᠢᠯᠠᠭᠰᠠᠨ ᠣᠷᠴᠢᠭᠤᠯᠭ᠎ᠠ ᠂ ᠭᠠᠷ ᠭᠡᠬᠦ ᠤᠳᠬ᠎ᠠ ᠲᠠᠢ ᠃ ᠸᠴᠢᠷ᠎ᠠ ᠪᠠᠨᠢ ᠭᠡᠬᠦ ᠶ᠋ᠢ ᠮᠣᠩᠭᠣᠯ ᠢ᠋ᠶ᠋ᠠᠷ ᠸᠴᠢᠷ ᠪᠠᠷᠢᠭᠴᠢ ᠭᠡᠬᠦ ᠪᠤᠶᠤ ᠲᠥᠪᠡᠳ ᠢ᠋ᠶ᠋ᠡᠷ ᠲᠤᠷᠴᠢᠴᠠᠩ ᠭᠡᠵᠦ ᠭᠠᠷ ᠲᠠᠭᠠᠨ  ᠸᠴᠢᠷ ᠪᠠᠷᠢᠭᠰᠠᠨ   ᠪᠣᠳᠢᠰᠠᠳ᠋ᠸ᠎ᠠ ᠪᠤᠷᠬᠠᠨ ᠢ᠋ ᠬᠡᠯᠡᠨ᠎ᠡ ᠃  
②ᠳᠠᠢᠴᠢᠩ ᠭᠡᠳᠡᠭ ᠨᠢ ᠡᠮᠦᠨ᠎ᠡ ᠬᠡᠰᠡᠭ ᠲᠦ᠍ ᠭᠠᠷᠤᠭᠰᠠᠨ ᠬᠥᠨᠳᠡᠯᠡᠨ ᠳᠠᠢᠴᠢᠩ ᠂ ᠪᠠᠢᠬᠤᠨᠲᠠᠢ ᠬᠥᠨᠳᠡᠯᠡᠨ ᠬᠠᠭᠠᠨ ᠤ᠋ ᠠᠪᠠᠭ᠎ᠠ ᠪᠣᠯᠤᠨ᠎ᠠ ᠃ 

       ᠬᠤᠯᠤᠭᠠᠨ᠎ᠠ① ᠵᠢᠯ ᠳ᠋ᠦ᠍ ᠬᠠᠷᠠᠴᠢᠨ ᠤ᠋ ᠵᠢᠭᠠᠰᠤᠲᠠᠢ ᠨᠡᠷᠡᠲᠦ ᠭᠠᠵᠠᠷ᠎ᠠ ② 
       ᠬᠤᠲᠤᠭ ᠲᠤ᠌ ᠳᠠᠯᠠᠢ ᠯᠠᠮ᠎ᠠ ᠬᠠᠮᠤᠭ ᠠᠮᠢᠲᠠᠨ ᠳ᠋ᠤᠷ ᠮᠥᠩᠬᠡ ᠪᠤᠰᠤ ᠶ᠋ᠢᠨ ᠳᠦᠷᠢ ᠦᠵᠦᠭᠦᠯᠦᠭᠰᠡᠨ ᠳ᠋ᠦ᠍ᠷ ᠂ 
       ᠬᠣᠲᠣᠯᠠ ᠪᠦᠭᠦᠳᠡᠭᠡᠷ ᠪᠤᠷᠬᠠᠨ ᠤ᠋ ᠱᠠᠷᠢᠯ ᠳ᠋ᠤ᠌ ᠰᠤᠪᠤᠷᠭᠠᠨ ᠡᠭᠦᠳᠴᠦ ᠂ 
       ᠬᠤᠪᠢᠯᠭᠠᠨ ᠳᠠᠯᠠᠢ ᠯᠠᠮ᠎ᠠ ᠶ᠋ᠢᠨ ᠭᠡᠭᠡᠨ ᠬᠡᠭᠦᠷᠢ ᠵᠣᠣ ᠰᠢᠭᠡᠮᠦᠨᠢ ᠶ᠋ᠢᠨ ᠤᠮᠠᠷᠠ ᠵᠦᠭ ᠲᠦ᠍ᠷ ᠣᠷᠣᠰᠢᠭᠤᠯᠪᠠᠢ ᠃  
       ᠬᠠᠮᠤᠭ ᠢ᠋ ᠮᠡᠳᠡᠭᠴᠢ ᠸᠴᠢᠷ᠎ᠠ ᠳ᠋ᠠᠷ᠎ᠠ ᠳ᠋ᠠᠯᠠᠢ ᠯᠠᠮ᠎ᠠ ᠥᠪᠡᠷ ᠢ᠋ᠶ᠋ᠡᠨ ᠪᠥᠭᠡᠳ ᠂ 
       ᠬᠠᠮᠤᠭ ᠠᠮᠢᠳᠠᠨ᠎ᠠ ᠮᠥᠩᠬᠡ ᠪᠤᠰᠤ ᠶ᠋ᠢᠨ ᠳᠦᠷᠢ ᠦᠵᠦᠭᠦᠯᠦᠭᠡᠳ ᠂ 
       ᠭᠠᠢᠬᠠᠮᠰᠢᠭ᠋ ᠪᠤᠷᠬᠠᠨ ᠤ᠋ ᠱᠠᠰᠢᠨ ᠢ᠋ ᠳᠡᠯᠭᠡᠷᠡᠭᠦᠯᠬᠦ ᠶ᠋ᠢᠨ ᠲᠤᠯᠠ ᠨᠢᠷᠸᠠᠨ ③ ᠪᠣᠯᠤᠭᠠᠳ ᠂ 
       ᠬᠠᠷᠢᠨ ᠪᠠᠰᠠ ᠡᠨᠡ ᠵᠦᠭ ᠳᠠᠬᠢᠨ ᠢ᠋ ᠨᠢᠭᠦᠯᠡᠰ ᠦ᠋ᠨ ᠰᠡᠳᠬᠢᠵᠦ ᠪᠦᠷ ᠦ᠋ᠨ ᠃  
       ᠴᠡᠭᠷᠡᠸᠠᠷᠳ᠋ᠢ ᠡᠰᠷᠦᠨ ᠶᠡᠬᠡ ᠬᠦᠴᠦ ᠳ᠋ᠦ᠍ ᠠᠯᠲᠠᠨ ᠬᠠᠭᠠᠨ ᠤ᠋ ᠠᠴᠢ ᠬᠥᠪᠡᠭᠦᠨ ᠠᠨᠤ ᠂ 
— — — — 
①ᠰᠢᠷ᠎ᠠ ᠡᠷ᠎ᠡ ᠬᠤᠯᠤᠭᠠᠨ᠎ᠠ ᠵᠢᠯ ᠂ ᠸᠠᠨ ᠯᠢ ᠶ᠋ᠢᠨ ᠠᠷᠪᠠᠨ ᠵᠢᠷᠭᠤᠳᠤᠭᠠᠷ ᠣᠨ (1588) ᠃  
②ᠲᠤᠬᠠᠢ ᠶ᠋ᠢᠨ ᠦᠶ᠎ᠡ ᠳ᠋ᠦ᠍ ᠬᠠᠷᠠᠴᠢᠨ ᠲᠦᠮᠡᠨ ᠴᠢᠭᠤᠯᠤᠯᠲᠤ ᠬᠠᠭᠠᠯᠭ᠎ᠠ ᠶ᠋ᠢᠨ ᠭᠠᠳᠠᠨ᠎ᠠ ᠺᠠᠢ ᠫᠢᠩ (开平) ᠣᠷᠴᠢᠮ ᠢ᠋ᠶ᠋ᠠᠷ ᠨᠣᠲᠣᠭ᠍ᠰᠢᠨ ᠮᠠᠯᠵᠢᠨ ᠪᠠᠢᠵᠠᠢ ᠃ᠡᠨᠳᠡ ᠳᠤᠷᠠᠳᠤᠭᠰᠠᠨ ᠵᠢᠭᠠᠰᠤᠲᠠᠢ ᠭᠡᠳᠡᠭ ᠨᠢ ᠡᠳᠦᠭᠡ ᠶ᠋ᠢᠨ ᠰᠢᠯᠤᠭᠤᠨ ᠬᠥᠬᠡ ᠬᠤᠰᠢᠭᠤᠨ ᠤ᠋ ᠰᠠᠩ ᠤ᠋ᠨ  ᠳᠠᠯᠠᠢ ᠨᠢᠭᠡᠳᠦᠯ ᠦ᠋ᠨ ᠵᠢᠭᠠᠰᠤᠲᠠᠢ ᠨᠠᠭᠤᠷ ᠢ᠋ ᠬᠡᠯᠡᠨ᠎ᠡ ᠃ 
③ᠰᠠᠨᠰᠺᠷᠢᠲ ᠦᠭᠡ nirvana ᠪᠣᠯᠤᠨ᠎ᠠ ᠃ ᠤᠭ ᠤᠳᠬ᠎ᠠ ᠨᠢ ᠲᠦᠷᠦᠬᠦᠢ ᠦᠬᠦᠬᠦᠢ ᠶ᠋ᠢᠨ ᠭᠠᠰᠢᠭᠤᠨ ᠠ᠋ᠴᠠ  ᠠᠩᠭᠢᠵᠢᠷᠠᠵᠤ  ᠥᠯᠢᠰᠢ ᠦᠭᠡᠢ ᠮᠥᠩᠬᠡ ᠶ᠋ᠢᠨ ᠬᠦᠰᠡᠯᠡᠩᠲᠦ ᠣᠷᠣᠨ ᠳ᠋ᠤ᠌ ᠬᠦᠷᠬᠦ ᠶ᠋ᠢ ᠥᠭᠦᠯᠡᠵᠡᠢ ᠃ ᠬᠣᠵᠢᠮ ᠨᠢ ᠬᠤᠪᠢᠯᠭᠠᠨ ᠯᠠᠮ᠎ᠠ ᠨᠠᠷ ᠤ᠋ᠨ ᠨᠠᠰᠤᠨ ᠡᠴᠦᠰᠯᠡᠬᠦ ᠶ᠋ᠢ ᠥᠭᠦᠯᠡᠬᠦ ᠪᠣᠯᠵᠠᠢ ᠃ 

       ᠴᠠᠭ ᠦᠭᠡᠢ ᠰᠦᠰᠦᠭ ᠪᠢᠰᠢᠷᠡᠯ ᠳ᠋ᠦ᠍ ᠰᠦᠮᠪᠦᠷ ᠰᠡᠴᠡᠨ ᠴᠥᠭᠦᠭᠦᠷ ① ᠂  ᠪᠢᠬ᠌ᠴᠤᠭ ᠪᠢᠬᠢᠵᠢ ② ᠬᠣᠶᠠᠷ ᠠ᠋ᠴᠠ ᠂ 
       ᠴᠠᠭᠠᠨ ᠪᠤᠶᠠᠨ ᠳ᠋ᠤ᠌ ᠰᠠᠷᠠ ᠳ᠋ᠠ ᠦᠬᠡᠷ ᠵᠢᠯ③ ᠳ᠋ᠦ᠍ᠷ ᠬᠤᠪᠢᠯᠭᠠᠨ ᠤ᠋ ᠪᠡᠶ᠎ᠡ ᠪᠡᠷ ᠂ 
       ᠴᠠᠭᠯᠠᠰᠢ ᠦᠭᠡᠢ ᠡᠯᠳᠡᠪ ᠵᠦᠢᠯ ᠳ᠋ᠦ᠍  ᠪᠡᠯᠬᠡᠰ ᠢ᠋ ᠦᠵᠦᠭᠦᠯ ᠦ᠋ᠨ ᠲᠦᠷᠪᠡᠢ ᠃  
       ᠬᠠᠨ ᠲᠡᠭᠷᠢ ᠨᠠᠷ ᠣᠭᠲᠠᠷᠭᠤᠢ ᠠ᠋ᠴᠠ ᠰᠡᠴᠡᠭ ᠦ᠋ᠨ ᠬᠤᠷᠠᠰ ᠢ᠋ ᠣᠷᠣᠭᠤᠯᠪᠠᠢ ᠂ 
       ᠬᠠᠮᠤᠭ ᠢ᠋ ᠮᠡᠳᠡᠭᠴᠢ ᠤᠮᠠᠢ ᠠ᠋ᠴᠠ ᠭᠠᠷᠤᠭᠠᠳ ᠰᠡᠴᠡ ᠵᠢᠷᠭᠤᠭᠠᠨ ᠦᠰᠦᠭ ᠢ᠋ ᠳᠣᠲᠣᠷᠠᠬᠠᠶ᠎ᠠ ᠤᠩᠰᠢᠪᠠᠢ ᠂ 
       ᠭᠠᠢᠬᠠᠮᠰᠢᠭ᠋ ᠲᠤ᠌ ᠬᠤᠸᠠᠷᠠᠭ ᠤ᠋ᠳ ᠨᠣᠮ ᠤ᠋ᠨ ᠳᠠᠭᠤᠨ ᠢ᠋ ᠡᠰᠷᠦᠨ ᠳᠠᠭᠤᠨ ᠢ᠋ᠶ᠋ᠠᠷ ᠳᠠᠭᠤᠷᠢᠰᠬᠠᠪᠠᠢ ᠂ 
       ᠬᠠᠮᠤᠭ ᠪᠦᠭᠦᠳᠡ ᠶᠡᠬᠡ ᠤᠯᠤᠰ ᠦᠵᠡᠵᠦ ᠦᠯᠡᠮᠵᠢ ᠮᠠᠰᠢ ᠰᠠᠢᠰᠢᠶᠠᠨ ᠮᠠᠭᠲᠠᠪᠠᠢ ᠃ 
— — — — 
①ᠠᠯᠲᠠᠨ ᠬᠠᠭᠠᠨ ᠤ᠋ ᠠᠴᠢ ᠂ ᠰᠡᠩᠭᠡ ᠳᠦᠭᠦᠷᠡᠩ ᠬᠠᠭᠠᠨ ᠤ᠋ ᠲᠠᠪᠤᠳᠤᠭᠠᠷ ᠬᠥᠪᠡᠭᠦᠨ ᠪᠣᠯᠤᠨ᠎ᠠ ᠃ ᠪᠠᠰᠠ ᠳᠥᠭᠥᠮᠴᠢᠯᠡᠨ ᠰᠦᠮᠪᠦᠷ ᠲᠠᠢᠵᠢ ᠭᠡᠳᠡᠭ ᠃ 《 ᠪᠦᠭᠦᠳᠡ ᠡᠨᠠᠢᠷᠠᠮᠳᠠᠬᠤ ᠮᠣᠩᠭᠣᠯ ᠠᠷᠠᠳ ᠤᠯᠤᠰ ᠤ᠋ᠨ ᠲᠡᠦᠬᠡ 》 (ᠲᠡᠷᠢᠭᠦᠨ ᠪᠤᠳᠠᠢ ) ᠳ᠋ᠤ᠌ ᠰᠦᠮᠪᠦᠷ ᠊ᠢ ᠬᠠᠷᠢᠨ ᠠᠯᠲᠠᠨ ᠬᠠᠭᠠᠨ ᠤ᠋ ᠳᠡᠭᠦᠦ ᠭᠡᠰᠡᠨ ᠨᠢ ᠪᠤᠷᠤᠭᠤ ᠪᠣᠯᠵᠠᠢ ᠃ᠪᠤᠷᠤᠭᠤ ᠪᠣᠯᠤᠭᠰᠠᠨ ᠤ᠋ ᠰᠢᠯᠲᠠᠭᠠᠨ ᠨᠢ ᠰᠢᠶᠣᠤ ᠳᠠ ᠾᠧᠩ ᠦ᠋ᠨ ᠪᠢᠴᠢᠭᠰᠡᠨ 《 ᠪᠧᠢ ᠯᠦ᠍ ᠹᠧᠩ ᠰᠦ᠍  》 ( 北掳风俗) ᠪᠢᠴᠢᠭ ᠲᠡᠬᠢ ᠲᠡᠮᠳᠡᠭᠯᠡᠯ ᠢ᠋ ᠪᠤᠷᠤᠭᠤ ᠣᠢᠯᠠᠭᠠᠭᠰᠠᠨ ᠠ᠋ᠴᠠ ᠪᠣᠯᠵᠠᠢ ᠃ ᠲᠡᠭᠦᠨ ᠳ᠋ᠦ᠍ 《 ᠰᠦᠮᠪᠦᠷ ᠲᠠᠢᠵᠢ ᠪᠠᠷ ᠱᠠᠩ ᠭᠦ (上谷) ᠭᠠᠵᠠᠷ ᠤ᠋ᠨ ᠪᠠᠷᠠᠭᠤᠨ ᠬᠣᠢᠲᠤ ᠣᠷᠣᠨ ᠳ᠋ᠤᠷ ᠨᠤᠲᠤᠭᠰᠢᠨ ᠰᠠᠭᠤᠳᠠᠭ ᠂ ᠡᠳᠦᠭᠡ ᠶ᠋ᠢᠨ ᠱᠦᠨ ᠢ ᠸᠠᠩ ᠤ᠋ᠨ ᠲᠥᠷᠥᠭᠰᠡᠨ ᠳᠡᠭᠦᠦ ᠪᠥᠯᠥᠭᠡ 》 ᠭᠡᠵᠡᠢ ᠃ ᠰᠢᠶᠣᠤ ᠳᠠ ᠾᠧᠩ ᠦ᠋ᠨ ᠡᠨᠡ ᠪᠢᠴᠢᠭ ᠪᠣᠯ ᠸᠠᠨ ᠯᠢ ᠶ᠋ᠢᠨ ᠬᠣᠷᠢᠨ ᠬᠣᠶᠠᠳᠤᠭᠠᠷ ᠣᠨ (1594 ) ᠳ᠋ᠦ᠍ ᠪᠢᠴᠢᠭᠳᠡᠭᠰᠡᠨ ᠪᠢᠯᠡ ᠃ ᠡᠭᠦᠨ ᠳ᠋ᠦ᠍ ᠳᠤᠷᠠᠳᠤᠭᠰᠠᠨ ᠱᠦᠨ ᠢ ᠸᠠᠩ ᠭᠡᠳᠡᠭ ᠨᠢ ᠠᠯᠲᠠᠨ ᠬᠠᠭᠠᠨ ᠢ᠋ ᠵᠢᠭᠠᠭᠰᠠᠨ ᠪᠤᠰᠤ ᠂ ᠬᠠᠷᠢᠨ ᠰᠡᠩᠭᠡ ᠳᠦᠭᠦᠷᠡᠩ ᠬᠠᠭᠠᠨ ᠤ᠋ ᠠᠬᠠᠮᠠᠳ ᠬᠥᠪᠡᠭᠦᠨ ᠭᠤᠲᠠᠭᠠᠷ ᠦᠶ᠎ᠡ ᠶ᠋ᠢᠨ ᠱᠦᠨ ᠢ ᠸᠠᠩ ᠨᠠᠮᠤᠳᠠᠢ ᠰᠡᠴᠡᠨ ᠬᠠᠭᠠᠨ ᠢ᠋ ᠵᠢᠭᠠᠭᠰᠠᠨ ᠪᠢᠯᠡ ᠃ 
② ᠪᠠᠢᠵᠢ ᠶ᠋ᠢᠨ ᠣᠨᠳᠣᠣ ᠪᠢᠴᠢᠯᠭᠡ ᠂ ᠲᠠᠢᠵᠢ ᠬᠥᠮᠦᠨ ᠦ᠌ ᠬᠠᠲᠤᠨ ᠢ᠋ ᠪᠠᠢᠵᠢ ᠭᠡᠵᠦ ᠬᠦᠨᠳᠦᠳᠬᠡᠨ ᠳᠠᠭᠤᠳᠠᠳᠠᠭ ᠃ 
③ ᠰᠢᠷ᠎ᠠ ᠡᠮ᠎ᠡ ᠦᠬᠡᠷ ᠵᠢᠯ ᠂ ᠸᠠᠨ ᠯᠢ ᠶ᠋ᠢᠨ ᠠᠷᠪᠠᠨ ᠳᠣᠯᠣᠳᠤᠭᠠᠷ ᠣᠨ (1589 ) ᠃ 

       ᠰᠢᠷᠠ ᠨᠣᠬᠠᠢ ᠵᠢᠯ᠎ᠡ ①ᠲᠡᠭᠦᠨ ᠦ᠌ ᠬᠣᠢᠨᠠ ᠷᠵᠢ ᠷᠤᠩ ᠬᠤᠲᠤᠭ ᠲᠤ᠌ ᠡᠬᠢᠯᠡᠨ ᠳ᠋ᠠᠯᠠᠢ ᠯᠠᠮ᠎ᠠ ᠶ᠋ᠢᠨ ᠬᠦᠷᠢᠶ᠎ᠡ ᠬᠦᠷᠭᠡᠨ ᠂  
       ᠰᠢᠯᠤᠭᠤᠨ ᠪᠣᠳᠢᠰᠤᠩ ᠠᠯᠲᠠᠨ ᠬᠠᠭᠠᠨ ᠤ᠋ ᠤᠷᠤᠭᠤᠯ ᠣᠭᠤᠷᠴᠠᠭ ᠤᠯᠤᠰ ᠢ᠋ ᠵᠠᠩᠭᠢᠯᠠᠨ ᠂ 
       ᠰᠢᠮᠳᠠᠵᠤ ᠨᠠᠮᠤᠲᠠᠢ ᠰᠡᠴᠡᠨ ᠬᠠᠭᠠᠨ ᠵᠥᠩᠭᠡᠨ ᠬᠠᠲᠤᠨ ᠪᠤᠳᠠᠰᠢᠷᠢ ᠬᠣᠩ ᠲᠠᠢᠵᠢ ᠡᠬᠢᠯᠡᠨ  ᠲᠦᠮᠡᠳ ᠢ᠋ᠶ᠋ᠡᠷ ᠂ 
       ᠰᠢᠯᠭᠠᠷᠠᠵᠤ ᠬᠠᠢᠳᠠᠭ ᠮᠣᠷᠳᠠᠭᠠᠳ ᠬᠥᠬᠡ ᠨᠠᠭᠤᠷ ᠲᠤᠷ ᠠᠮᠤᠭᠤᠯᠠᠩ᠎ᠡ ᠪᠠᠷᠰ ᠵᠢᠯ᠎ᠡ ② ᠬᠦᠷᠴᠦ ᠪᠦᠷ ᠦ᠋ᠨ ᠃  
       ᠷᠵᠢ  ᠷᠤᠩ ᠬᠤᠲᠤᠭ ᠲᠤ᠌ ᠡᠬᠢᠯᠡᠨ ᠳᠠᠯᠠᠢ ᠯᠠᠮ᠎ᠠ ᠶ᠋ᠢᠨ ᠴᠠᠭᠠᠨ ᠬᠦᠷᠢᠶ᠎ᠡ ᠶ᠋ᠢ ᠬᠦᠷᠭᠡᠭᠦᠯᠵᠦ ᠂ 
       ᠡᠷᠳᠡᠨᠢ ᠢᠯᠠᠭᠤᠭᠰᠠᠨ ᠵᠣᠣ ᠰᠢᠭᠡᠮᠦᠨᠢ ᠶ᠋ᠢᠨ ᠡᠮᠦᠨ᠎ᠡ ᠲᠠᠬᠢᠯ ᠪᠠᠷᠠᠮᠢᠳ ᠢ᠋ ᠡᠷᠭᠦᠷ᠎ᠡ ᠢᠯᠡᠭᠡᠵᠦ ᠂ 
       ᠡᠯᠴᠢ ᠳᠣᠷᠵᠢ  ᠪᠠᠭᠰᠢ ᠳᠠᠷᠬᠠᠨ ᠮᠡᠳᠡᠭᠡᠴᠢ ᠲᠡᠷᠢᠭᠦᠲᠡᠨ ᠢ᠋ᠶ᠋ᠡᠷ ᠬᠥᠷᠭᠡᠭᠦᠯᠦᠭᠰᠡᠨ ᠳ᠋ᠦ᠍ᠷ ᠂ 
       ᠡᠷᠬᠡᠲᠦ ᠬᠠᠭᠠᠨ ᠬᠠᠲᠤᠨ ᠤ᠋ ᠵᠠᠷᠯᠢᠭ ᠢ᠋ᠶ᠋ᠠᠷ ᠰᠠᠭᠠᠲᠠᠯ ᠦᠭᠡᠢ ᠶᠠᠪᠤᠵᠤ ᠬᠦᠷᠦᠭᠡᠳ ᠂  
       ᠬᠣᠲᠠᠯᠠ ᠢᠯᠠᠭᠤᠭᠰᠠᠨ ᠵᠣᠣ ᠰᠢᠭᠡᠮᠦᠨᠢ ᠲᠡᠷᠢᠭᠦᠲᠡᠨ ᠰᠦᠮ᠎ᠡ ᠬᠡᠢᠳ ᠲᠣᠷ ᠪᠤᠶᠠᠨ ᠢ᠋ᠶ᠋ᠠᠨ ᠡᠷᠭᠦᠵᠦ ᠂ 
       ᠬᠤᠲᠤᠭ ᠲᠤ᠌ ᠳᠠᠯᠠᠢ ᠯᠠᠮ᠎ᠠ ᠶ᠋ᠢᠨ ᠴᠠᠭᠠᠨ ᠬᠦᠷᠢᠶ᠎ᠡ ᠲᠡᠷᠢᠭᠦᠲᠡᠨ ᠬᠤᠸᠠᠷᠠᠭ ᠤ᠋ᠳ ᠢ᠋ ᠠᠮᠤᠭᠤᠯᠠᠩ ᠬᠦᠷᠭᠡᠵᠦ ᠂ 
       ᠬᠤᠪᠢᠯᠭᠠᠨ ᠳᠡᠭᠡᠳᠦ ᠯᠠᠮ᠎ᠠ ᠨᠠᠷ ᠠ᠋ᠴᠠ ᠢᠷᠦᠭᠡᠷ ᠬᠤᠲᠤᠭ ᠢ᠋ ᠣᠷᠣᠰᠢᠭᠤᠯᠵᠤ ᠂ 
       ᠬᠤᠷᠳᠤᠨ᠎ᠠ ᠮᠥᠩᠬᠡ ᠭᠠᠵᠠᠷ᠎ᠠ ᠠ᠋ᠴᠠ ᠡᠩᠬᠡ ᠠᠮᠤᠭᠤᠯᠠᠩ ᠶᠠᠪᠤᠵᠤ ᠢᠷᠡᠪᠡᠢ ᠃ 
— — — — 
① ᠡᠨᠡᠬᠦ ᠰᠢᠷ᠎ᠠ ᠨᠣᠬᠠᠢ ᠵᠢᠯ ( ᠸᠠᠨ ᠯᠢ ᠶ᠋ᠢᠨ ᠬᠣᠷᠢᠨ ᠵᠢᠷᠭᠤᠳᠤᠭᠠᠷ ᠣᠨ ᠂ 1598 ) ᠭᠡᠳᠡᠭ ᠨᠢ ᠰᠢᠷ᠎ᠠ ᠡᠮ᠎ᠡ ᠦᠬᠡᠷ ᠵᠢᠯ ( ᠸᠠᠨ ᠯᠢ ᠶ᠋ᠢᠨ ᠠᠷᠪᠠᠨ ᠳᠣᠯᠣᠳᠤᠭᠠᠷ ᠣᠨ ᠂1589 ) ᠯᠦ᠍ᠭᠡ ᠡᠨᠳᠡᠭᠦᠷᠡᠭᠰᠡᠨ ᠪᠣᠯᠤᠯᠲᠠᠢ ᠃ 
② ᠴᠠᠭᠠᠨ ᠡᠷ᠎ᠡ ᠪᠠᠷᠰ ᠵᠢᠯ ᠂ ᠸᠠᠨ ᠯᠢ ᠶ᠋ᠢᠨ ᠠᠷᠪᠠᠨ ᠨᠠᠢ᠍ᠮᠠᠳᠤᠭᠠᠷ ᠣᠨ (1590 ) ᠃ 

       ᠬᠠᠭᠠᠨ ᠬᠠᠲᠤᠨ ᠪᠠᠰᠠ ᠪᠠᠷ ᠪᠠᠷᠰ ᠵᠢᠯᠡ ᠥᠪᠡᠷ ᠢ᠋ᠶ᠋ᠡᠨ ᠴᠠᠪᠴᠢᠶᠠᠯ ᠤ᠋ᠨ ᠰᠦᠮ᠎ᠡ ᠳ᠋ᠦ᠍ᠷ ᠂ 
       ᠭᠠᠢᠬᠠᠮᠰᠢᠭ᠋ ᠲᠤ᠌ ᠰᠾᠬᠠᠯᠤᠩ ᠴᠣᠷᠵᠢ  ᠯᠠᠮ᠎ᠠ ᠶ᠋ᠢ ᠵᠠᠯᠠᠵᠤ ᠢᠷᠡᠭᠦᠯᠦᠭᠡᠳ ᠂ 
       ᠬᠠᠢᠷᠠᠯᠠᠬᠤ ᠮᠡᠲᠦ ᠪᠤᠶᠠᠨ ᠪᠠᠷᠠᠮᠢᠳ ᠢ᠋ ᠠᠬᠤᠢ ᠶᠡᠬᠡ  ᠳᠡ ᠡᠷᠭᠦᠵᠦ ᠪᠦᠷ ᠦ᠋ᠨ ᠂ 
       ᠬᠠᠪᠢᠶ᠎ᠠ ᠳ᠋ᠤ᠌ ᠰᠤᠳᠤᠷ ᠳᠠᠨᠳᠠᠷᠢᠰ ᠤ᠋ᠨ ᠡᠭᠦᠳᠡᠨ ᠡᠴᠡ ᠡᠯᠳᠡᠪ ᠵᠦᠢᠯ ᠳ᠋ᠦ᠍ ᠨᠣᠮ ᠤ᠋ᠳ ᠢ᠋ ᠰᠣᠨᠣᠰᠪᠠᠢ ᠃  
       ᠳᠡᠭᠦᠨᠦ ᠬᠣᠢᠨᠠ ᠴᠠᠭᠠᠨ ᠲᠠᠤᠯᠠᠢ ᠵᠢᠯ ᠦ᠋ᠨ ①ᠬᠤᠪᠢᠯᠭᠠᠨ ᠰᠡᠷᠡᠳᠡ ②ᠪᠤᠬ᠎ᠠ ᠶ᠋ᠢᠨ ᠭᠣᠣᠯ ᠳ᠋ᠤᠷ ᠂ 
       ᠳᠡᠭᠡᠳᠦ ᠰᡁᠨᠬᠣᠯᠠᠩ ᠴᠣᠷᠵᠢ ᠲᠡᠷᠢᠭᠦᠲᠡᠨ ᠰᠢᠷ᠎ᠠ ᠤᠯᠠᠭᠠᠨ ᠮᠠᠯᠠᠭ᠎ᠠ ᠲᠠᠨ ③ᠦ ᠬᠤᠸᠠᠷᠠᠭ ᠤ᠋ᠳ ᠢ᠋ ᠴᠢᠭᠤᠯᠭᠠᠵᠤ ᠂ 
       ᠳᠡᠯᠭᠡᠷᠡᠩᠭᠦᠢ ᠶᠡᠬᠡ ᠪᠤᠶᠠᠨ ᠪᠠᠷᠠᠮᠢᠳ ᠢ᠋ ᠴᠠᠭᠯᠠᠰᠢ ᠦᠭᠡᠢ ᠡᠷᠭᠦᠵᠦ ᠪᠦᠷ ᠦ᠋ᠨ ᠂ 
       ᠲᠡᠭᠰᠢᠳᠡ ᠠᠬᠤᠢ ᠶᠡᠬᠡ ᠢᠷᠥᠬᠡᠷ ᠪᠤᠶᠠᠨ ᠢ᠋ ᠨᠡᠢᠲᠡ ᠦᠢᠯᠡᠳᠦᠭᠰᠡᠨ ᠲᠡᠢᠮᠦ ᠪᠣᠯᠠᠢ ᠃  
       ᠪᠠᠰᠠ ᠪᠠᠷ ᠬᠠᠭᠠᠨ ᠬᠠᠲᠤᠨ ᠠᠴᠢ ᠬᠣᠩ ᠲᠠᠢᠵᠢ ④ᠲᠡᠷᠢᠭᠦᠲᠡᠨ ᠲᠦᠮᠡᠳ ᠦ᠋ᠨ ᠨᠣᠶᠠᠳ ᠂ 
— — — —  
①ᠴᠠᠭᠠᠨ ᠡᠮ᠎ᠡ ᠲᠠᠤᠯᠠᠢ ᠵᠢᠯ ᠂ ᠸᠠᠨ ᠯᠢ ᠶ᠋ᠢᠨ ᠠᠷᠪᠠ ᠶᠢᠰᠦᠳᠦᠭᠡᠷ ᠣᠨ (1519) ᠃ 
②ᠬᠤᠪᠢᠯᠭᠠᠨ ᠰᠠᠷ᠎ᠠ ᠭᠡᠳᠡᠭ ᠨᠢ ᠴᠠᠭᠠᠨ ᠰᠠᠷ᠎ᠠ ᠶ᠋ᠢ ᠬᠡᠯᠡᠨ᠎ᠡ ᠃ 
③ᠰᠢᠷ᠎ᠠ ᠶ᠋ᠢᠨ ᠱᠠᠰᠢᠨ ᠪᠠ ᠤᠯᠠᠭᠠᠨ ᠤ᠋ ᠱᠠᠰᠢᠨ ᠢ᠋ ᠥᠭᠦᠯᠡᠵᠦ ᠪᠣᠢ ᠃ ᠰᠢᠷ᠎ᠠ ᠶ᠋ᠢᠨ ᠱᠠᠰᠢᠨ ᠪᠣᠯ ᠰᠢᠷ᠎ᠠ ᠬᠤᠪᠴᠠᠳ ᠰᠢᠷ᠎ᠠ ᠮᠠᠯᠠᠭᠠᠢ ᠡᠮᠦᠰᠦᠨ᠎ᠡ ᠂ ᠤᠯᠠᠭᠠᠨ ᠤ᠋ ᠱᠠᠰᠢᠨ ᠪᠣᠯ ᠤᠯᠠᠭᠠᠨ ᠬᠤᠪᠴᠠᠳ ᠤᠯᠠᠭᠠᠨ ᠮᠠᠯᠠᠭᠠᠢ ᠡᠮᠦᠰᠦᠨ᠎ᠡ ᠂ ᠡᠢᠮᠦ ᠶ᠋ᠢᠨ ᠲᠤᠯᠠ ᠲᠡᠳᠡᠨ ᠢ᠋ ᠰᠢᠷ᠎ᠠ ᠮᠠᠯᠠᠭᠠᠢᠳᠠᠨ ᠂ ᠤᠯᠠᠭᠠᠨ ᠮᠠᠯᠠᠭᠠᠢᠳᠠᠨ ᠭᠡᠵᠦ ᠲᠤᠰ ᠲᠤᠰ ᠨᠡᠷᠡᠢᠳᠦᠨ ᠥᠭᠦᠯᠡᠬᠦ ᠪᠣᠯᠵᠠᠢ ᠃ 
④ ᠨᠠᠮᠤᠲᠠᠢ ᠰᠡᠴᠡᠨ ᠬᠠᠭᠠᠨ ᠤ᠋ ᠠᠴᠢ ᠪᠣᠱᠣᠭ ᠲᠤ᠌ ᠬᠣᠩ ᠲᠠᠶ᠋ᠢᠵᠢ ᠃ 

       ᠪᠠᠷᠠᠭᠤᠨ ᠡᠲᠡᠭᠡᠳ ᠦ᠋ᠨ ᠬᠢᠲᠠᠳ ᠲᠥᠪᠡᠳ ᠰᠢᠷᠠᠢᠭᠤᠷ ᠵᠠᠷᠯᠢᠭ ᠠ᠋ᠴᠠ ᠡᠲᠡᠭᠡᠳ ᠶᠠᠪᠤᠭᠰᠠᠨ ᠢ᠋ ᠭᠡᠰᠡᠭᠡᠵᠦ ᠂  
       ᠪᠠᠷᠢᠮᠲᠠᠯᠠᠵᠤ ᠥᠪᠡᠷ ᠦ᠋ᠨ ᠡᠷᠬᠡ ᠳ᠋ᠦ᠍ᠷ ᠣᠷᠣᠭᠤᠯᠤᠭᠠᠳ ᠲᠠᠯᠪᠢᠵᠤ ᠪᠦᠷ ᠦ᠋ᠨ ᠂ 
       ᠪᠠᠶᠠᠰᠬᠤᠯᠠᠩ ᠲᠠᠶ᠎ᠠ ᠴᠠᠭᠠᠨ ᠲᠠᠤᠯᠠᠢ ᠵᠢᠯ᠎ᠡ ᠡᠰᠡᠨ ᠲᠥᠭᠡᠯ ᠬᠠᠷᠢᠵᠤ ᠪᠠᠭᠤᠪᠠᠢ ᠃  
       ᠬᠣᠢᠨᠠ ᠪᠠᠰᠠ ᠪᠠᠭᠤᠭᠠᠳ ᠰᠡᠴᠡ ᠬᠠᠷᠠ ᠯᠤᠤ ᠵᠢᠯ᠎ᠡ① ᠬᠠᠭᠠᠨ ᠡᠬᠢᠯᠡᠨ ᠬᠠᠮᠤᠭ ᠪᠦᠭᠦᠳᠡᠭᠡᠷ ᠂  
       ᠬᠤᠪᠢᠯᠭᠠᠨ ᠢ᠋ᠶ᠋ᠠᠷ ᠲᠥᠷᠥᠭᠰᠡᠨ ᠳᠠᠯᠠᠢ ᠯᠠᠮ᠎ᠠ② ᠳ᠋ᠤᠷ ᠬᠦᠰᠡᠬᠦᠢ ᠰᠡᠳᠬᠢᠯ ᠦ᠋ᠨ ᠡᠭᠦᠳᠡᠨᠴᠡ ᠮᠥᠷᠭᠥᠨ ᠂ 
       ᠬᠣᠲᠠᠯᠠ ᠪᠦᠭᠦᠳᠡᠭᠡᠷ ᠴᠠᠭᠠᠨ ᠨᠠᠬᠤᠢ ③ ᠨᠡᠷᠡᠲᠦ ᠭᠠᠵᠠᠷ᠎ᠠ ᠬᠦᠷᠦᠭᠡᠳ ᠂ 
       ᠬᠤᠲᠤᠭ ᠲᠤ᠌ ᠳᠠᠯᠠᠢ ᠯᠠᠮ᠎ᠠ ᠯᠤᠭ᠎ᠠ ᠡᠯᠳᠡᠪ ᠵᠦᠢᠯ ᠳ᠋ᠦ᠍ ᠪᠡᠯᠬᠡᠰ ᠢ᠋ ᠪᠡᠯᠭᠡᠯᠡᠵᠦ ᠠᠭᠤᠯᠵᠠᠯᠳᠤᠪᠠᠢ ᠃  
— — — — 
①ᠬᠠᠷ᠎ᠠ ᠡᠷ᠎ᠡ ᠯᠤᠤ ᠵᠢᠯ ᠂ ᠸᠠᠨ ᠯᠢ ᠶ᠋ᠢᠨ ᠬᠣᠷᠢᠳᠤᠭᠠᠷ ᠣᠨ (1592 )᠃ 
②ᠨᠠᠮᠤᠲᠠᠢ ᠰᠡᠴᠡᠨ ᠬᠠᠭᠠᠨ ᠤ᠋ ᠳᠡᠭᠦᠦ ᠰᠦᠮᠪᠦᠷ ᠲᠠᠢᠵᠢ ᠶ᠋ᠢᠨ ᠬᠥᠪᠡᠭᠦᠨ ᠳᠥᠲᠥᠭᠡᠷ ᠲᠥᠷᠥᠯ ᠦ᠋ᠨ ᠳᠠᠯᠠᠢ  ᠯᠠᠮ᠎ᠠ ᠶᠣᠨᠳᠣᠨᠵᠠᠮᠰᠤ ᠶ᠋ᠢ ᠬᠡᠯᠡᠵᠡᠢ ᠃ 
③ ( ᠪᠧᠢ ᠯᠦ᠍ ᠹᠧᠩ ᠰᠦ᠍ ) ᠪᠢᠴᠢᠭ ᠲᠡᠬᠢ ᠳᠠᠭᠠᠯᠳᠤᠭᠤᠯᠤᠯ ᠪᠣᠯᠬᠤ 《 ᠮᠣᠩᠭᠣᠯ ᠤ᠋ᠨ ᠦᠶ᠎ᠡ ᠵᠠᠯᠭᠠᠮᠵᠢᠯᠠᠯ 》 ᠳ᠋ᠤ᠌ ᠲᠡᠮᠳᠡᠭᠯᠡᠭᠰᠡᠨ ᠢ᠋ ᠦᠨᠳᠦᠰᠦᠯᠡᠪᠡᠯ᠂ ᠰᠦᠮᠪᠦᠷ ᠲᠠᠢᠵᠢ 《 ᠰᠢᠦᠸᠠᠨ  ᠹᠦ ᠬᠣᠲᠠ ᠶ᠋ᠢᠨ ᠬᠠᠷᠢᠶ᠎ᠠ ᠳᠣᠣᠷᠠᠲᠤ ᠪᠠᠷᠠᠭᠤᠨ ᠭᠠᠷᠤᠨ ᠵᠠᠮ ᠤ᠋ᠨ ᠴᠢᠭ ᠤᠮᠠᠷᠠᠲᠤ ᠬᠢᠯᠢ ᠶ᠋ᠢᠨ ᠭᠠᠳᠠᠨ᠎ᠠ ᠪᠠᠢᠭ᠎ᠠ ᠴᠠᠭᠠᠨ ᠨᠠᠭᠤᠷ (察哈猱儿 )ᠭᠡᠬᠦ ᠭᠠᠵᠠᠷ ᠲᠤᠷ ᠨᠤᠲᠤᠭᠯᠠᠨ ᠮᠡᠯᠵᠢᠮᠦᠢ 》 ᠭᠡᠵᠡᠢ ᠃ ᠡᠨᠳᠡ 《ᠴᠠᠭᠠᠨ ᠠᠬᠤᠢ 》 ᠭᠡᠰᠡᠨ ᠨᠢ ᠴᠠᠭᠠᠨ ᠨᠠᠭᠤᠷ ᠭᠡᠬᠦ ᠶ᠋ᠢᠨ ᠡᠨᠳᠡᠭᠦᠦ ᠪᠢᠴᠢᠯᠭᠡ ᠪᠣᠯᠤᠨ᠎ᠠ ᠃ ᠴᠠᠭᠠᠨ ᠨᠠᠭᠤᠷ ᠭᠡᠬᠦ ᠭᠠᠵᠠᠷ ᠪᠣᠯ ᠡᠳᠦᠭᠡ ᠶ᠋ᠢᠨ ᠤᠯᠠᠭᠠᠨᠴᠠᠪ ᠠᠢᠮᠠᠭ ᠤ᠋ᠨ ᠱᠠᠩᠳᠤ ᠰᠢᠶᠠᠨ(商都县) ᠤ᠋ ᠡᠮᠦᠨ᠎ᠡ ᠬᠢᠵᠠᠭᠠᠷ ᠲᠤ᠌ ᠪᠣᠢ ᠃  

       
       ᠳᠠᠯᠠᠢ ᠯᠠᠮ᠎ᠠ ᠠᠭᠤᠯᠵᠠᠵᠤ ᠨᠠᠢᠷᠠᠯᠳᠤᠨ ᠰᠠᠬᠤᠭᠤᠢ ᠤᠴᠢᠷ ᠲᠤᠷ ᠂ 
       ᠳᠠᠷᠤᠢ ᠳ᠋ᠤᠷ ᠨᠠᠨᠭᠢᠶᠠᠭᠠᠳ① ᠤᠯᠤᠰ ᠠ᠋ᠴᠠ ᠬᠣᠯᠢᠶ᠎ᠠ ᠮᠥᠩᠬᠡ ᠪᠡᠷ ᠲᠡᠷᠢᠭᠦᠲᠡᠨ ᠮᠢᠩᠭᠠᠨ ᠴᠡᠷᠢᠭ ᠂ 
       ᠳᠠᠬᠢ ᠪᠠᠰᠠ ᠭᠠᠯ ᠳ᠋ᠤ᠌ ᠨᠣᠶᠠᠨ② ᠳ᠋ᠤᠷ ᠤᠷᠪᠠᠵᠤ ᠣᠷᠣᠭᠰᠠᠨ ᠢ᠋ ᠲᠡᠭᠦ ᠶᠦ᠍ᠭᠡᠨ ᠡᠵᠡᠯᠡᠵᠦ ᠂ 
       ᠳᠡᠢᠮᠢᠩ ᠬᠠᠭᠠᠨ ᠤ᠋ ᠢᠯᠡᠭᠡᠭᠰᠡᠨ ᠡᠯᠴᠢᠰ ᠲᠣᠷ ᠶᠡᠬᠡ ᠲᠥᠷᠥ ᠶ᠋ᠢ ᠰᠠᠨᠠᠵᠤ ᠪᠦᠷ ᠦ᠋ᠨ ᠃ 
       ᠴᠠᠭᠯᠠᠰᠢ ᠦᠭᠡᠢ ᠪᠤᠶᠠᠨ ᠳ᠋ᠤ᠌ ᠨᠠᠮᠤᠲᠠᠢ ᠰᠡᠴᠡᠨ ᠬᠠᠭᠠᠨ ᠪᠠᠷᠢᠵᠤ ᠥᠭᠭᠦᠭᠰᠡᠨ ᠳ᠋ᠦ᠍ᠷ ᠂ 
       ᠴᠠᠭ ᠦᠭᠡᠢ ᠪᠡᠶᠡᠰᠴᠦ ᠬᠢᠲᠠᠳ ᠤᠯᠤᠰ ᠡᠩ ᠦᠭᠡᠢ ᠰᠠᠩ ᠡᠷᠡ ③ ᠭᠠᠷᠭᠠᠭᠰᠠᠨ ᠳ᠋ᠤᠷ ᠂  
       ᠴᠡᠬ᠌ᠷᠠᠸᠠᠷᠳ᠋ᠢ④ ᠬᠢᠲᠠᠳ ᠮᠣᠩᠭᠣᠯ ᠤ᠋ᠨ ᠶᠡᠬᠡ ᠲᠥᠷᠥ ᠶ᠋ᠢ ᠲᠦᠪᠰᠢᠳᠬᠡᠭᠡᠳ ᠂  
       ᠴᠡᠬ᠌ᠷᠠᠸᠠᠷᠳ᠋ᠢ ᠠᠯᠲᠠᠨ ᠬᠠᠭᠠᠨ ᠡᠪᠦᠭᠡ ᠶᠦ᠍ᠭᠡᠨ ᠪᠠᠢᠭᠤᠯᠤᠭᠰᠠᠨ ᠲᠥᠷᠥ ᠶ᠋ᠢ ᠰᠢᠨᠡᠳᠬᠡᠭᠰᠡᠨ ᠤᠴᠢᠷ ᠲᠡᠢᠮᠦ ᠪᠥᠯᠥᠭᠡ ᠃ 
— — — — 
①ᠨᠠᠩᠭᠢᠶᠠᠳ ᠭᠡᠬᠦ ᠶ᠋ᠢᠨ ᠣᠨᠳᠣᠣ ᠪᠢᠴᠢᠯᠭᠡ ᠃ 
②ᠰᠡᠩᠭᠡ ᠳᠦᠭᠦᠷᠡᠩ  ᠬᠠᠭᠠᠨ ᠤ᠋ ᠶᠢᠰᠦᠳᠦᠭᠡᠷ ᠬᠥᠪᠡᠭᠦᠨ ᠃ 
③ᠡᠷᠡ ᠭᠡᠳᠡᠭ ᠨᠢ 《 ᠨᠠᠷᠠ 》 ᠭᠡᠬᠦ ᠶ᠋ᠢᠨ ᠤᠢᠭᠤᠷᠵᠢᠨ ᠮᠣᠩᠭᠣᠯ ᠪᠢᠴᠢᠭ ᠦ᠋ᠨ ᠪᠢᠴᠢᠯᠭᠡ ᠃ ᠤᠢᠭᠤᠷᠵᠢᠨ ᠮᠣᠩᠭᠣᠯ ᠪᠢᠴᠢᠭ ᠲᠦ᠍ ᠡᠬᠡᠰᠢᠭ ᠠᠪᠢᠶ᠎ᠠ ᠦᠭᠡ ᠶ᠋ᠢᠨ ᠡᠬᠢᠨ ᠳ᠋ᠦ᠍ ᠣᠷᠣᠪᠠᠯ ᠴᠥᠮ ᠳᠢᠳᠡᠮ ᠳ᠋ᠦ᠍ ᠶᠠᠪᠤᠳᠠᠭ ᠃ ᠡᠭᠦᠨ ᠳ᠋ᠦ᠍ 《 ᠠᠷᠠ 》 ᠬᠡᠮᠡᠬᠦ ᠶ᠋ᠢᠨ ᠲᠠᠲᠠᠮ 《 ᠡ᠊ 》 ᠶ᠋ᠢ ᠠᠪᠤᠪᠠᠯ  《 ᠊ᠡᠷᠠ 》 ᠪᠣᠯᠤᠨ᠎ᠠ ᠃ᠡᠭᠦᠨ ᠡᠴᠡ ᠭᠠᠳᠠᠨ᠎ᠠ  ᠤᠢᠭᠤᠷᠵᠢᠨ ᠮᠣᠩᠭᠣᠯ ᠪᠢᠴᠢᠭ ᠲᠦ᠍ ᠶᠡᠬᠡᠮᠰᠦᠭ ᠪᠢᠴᠢᠭ ᠪᠠᠷᠢᠮᠲᠠ ᠳ᠋ᠤ᠌ ᠳᠤᠰᠤᠯ ᠲᠠᠯᠪᠢᠬᠤ ᠦᠭᠡᠢ ᠵᠠᠩᠰᠢᠯ ᠪᠠᠢᠳᠠᠭ ᠃ ᠡᠭᠦᠨᠴᠡ ᠦᠵᠡᠪᠡᠯ ᠡᠨᠳᠡ ᠪᠢᠴᠢᠭᠰᠡᠨ 《 ᠊ᠡᠷᠠ 》 ᠭᠡᠳᠡᠭ ᠨᠢ 《 ᠨᠠᠷᠠ 》 (nere ) ᠪᠣᠯᠤᠨ᠎ᠠ ᠃ 《 ᠰᠠᠩ ᠊ᠡᠷᠠ 》 (Sang nere ) ᠪᠣᠯ ᠡᠮᠦᠨᠡᠬᠢ ᠬᠡᠰᠡᠭ ᠲᠦ᠍ ᠪᠠᠢᠭ᠎ᠠ 《 ᠨᠡᠷ᠎ᠡ ᠰᠠᠩ 》 ᠭᠡᠬᠦ ᠯᠦ᠍ᠭᠡ ᠨᠢᠭᠡᠨ ᠠᠳᠠᠯᠢ ᠤᠳᠬ᠎ᠠ ᠲᠠᠢ ᠃ 
④ ᠴᠠᠬ᠌ᠷᠠᠸᠠᠷᠳᠢ ᠭᠡᠬᠦ ᠦᠰᠦᠭ ᠦ᠋ᠨ ᠳᠣᠣᠷ᠎ᠠ ᠨᠠᠮᠤᠳᠠᠢ ᠰᠡᠴᠡᠨ ᠬᠠᠭᠠᠨ ᠭᠡᠬᠦ ᠦᠭᠡ ᠣᠷᠬᠢᠭᠳᠠᠭᠰᠠᠨ ᠪᠣᠯᠤᠯᠲᠠᠢ ᠃ 

       ᠬᠤᠪᠢᠯᠭᠠᠨ ᠤ᠋ ᠪᠠᠶᠠᠪᠠᠷ ᠲᠤᠰᠠᠯᠠᠭᠴᠢ ᠳᠠᠯᠠᠢ ᠯᠠᠮ᠎ᠠ ᠶ᠋ᠢ ᠪᠤᠶᠠᠨ ᠳ᠋ᠤ᠌ ᠴᠠᠭᠠᠨ ᠨᠠᠭᠤᠷ ᠠ᠋ᠴᠠ ᠢᠨᠠᠷᠤ ᠂ 
       ᠬᠣᠲᠠᠯᠠ ᠠ᠋ᠴᠠ ᠡᠷᠭᠢᠨ ᠨᠠᠮᠤᠲᠠᠢ ᠰᠡᠴᠡᠨ ᠬᠠᠭᠠᠨ ᠡᠬᠢᠯᠡᠨ ᠬᠠᠮᠤᠭ ᠶᠡᠬᠡ ᠤᠯᠤᠰ ᠪᠦᠭᠦᠳᠡᠭᠡᠷ ᠂ 
       ᠬᠤᠷᠳᠤᠨ᠎ᠠ ᠥᠭᠯᠢᠭᠡ ᠪᠠᠷᠠᠮᠢᠳ ᠢ᠋ ᠡᠩ ᠦᠭᠡᠢ ᠡᠷᠭᠦᠵᠦ ᠪᠠᠷᠢᠭᠠᠳ ᠵᠠᠯᠠᠨ ᠠᠢᠯᠠᠳᠬᠠᠭᠰᠠᠨ ᠳ᠋ᠤᠷ ᠂ 
       ᠬᠤᠲᠤᠭ ᠲᠤ᠌ ᠳᠠᠯᠠᠢ ᠯᠠᠮ᠎ᠠ ᠶ᠋ᠢᠨ ᠵᠢᠯᠤᠭ᠎ᠠ ᠢᠨᠠᠭᠰᠢ ᠵᠠᠯᠠᠵᠤ ᠢᠷᠡᠬᠦᠢ  ᠰᠣᠨᠣᠰᠤᠭᠠᠳ ᠰᠡᠴᠡ ᠂  
       ᠡᠮᠦᠨᠠ  ᠢᠨᠤ  ᠭᠦᠨᠴᠤᠭ ᠲᠠᠢᠵᠢ ᠡᠬᠢᠯᠡᠨ ᠮᠣᠩᠭᠣᠯᠵᠢᠨ ᠲᠦᠮᠡᠳ ᠢ᠋ᠶ᠋ᠡᠷ ᠤᠭᠲᠤᠵᠤ ᠂
       ᠡᠷᠭᠢᠨ ᠬᠠᠮᠤᠭ ᠢ᠋ ᠮᠡᠳᠡᠭᠴᠢ ᠳᠠᠯᠠᠢ ᠯᠠᠮ᠎ᠠ ᠳ᠋ᠤᠷ ᠪᠠᠶᠠᠨ ᠵᠢᠷᠦᠬᠡᠨ ᠨᠡᠷᠡᠲᠦ ᠭᠠᠵᠠᠷ᠎ᠠ ᠬᠦᠷᠴᠦ ᠂ 
       ᠡᠷᠳᠡᠨᠢ ᠠᠯᠲᠠᠨ ᠮᠥᠩᠭᠥᠨ ᠲᠡᠷᠢᠭᠦᠲᠡᠨ ᠪᠡᠯᠡᠭ ᠪᠠᠷᠠᠮᠢᠳ ᠢ᠋ᠶ᠋ᠠᠨ ᠡᠷᠭᠦᠨ ᠪᠠᠷᠢᠵᠤ ᠂ 
       ᠡᠷᠬᠡᠲᠦ ᠬᠠᠭᠠᠨ ᠬᠠᠲᠤᠨ ᠡᠴᠢᠭᠡ ᠡᠬᠡ ᠶᠦ᠍ᠭᠡᠨ ᠤᠭᠲᠤᠭᠤᠯ ᠤ᠋ᠨ ᠢᠯᠡᠭᠡᠭᠰᠡᠨ ᠢ᠋ ᠠᠢᠯᠠᠳᠬᠠᠵᠤ ᠢᠷᠡᠨ ᠠᠲᠠᠯ᠎ᠠ ᠂ 
       ᠬᠠᠭᠠᠨ ᠬᠠᠲᠤᠨ ᠂ ᠠᠴᠢ ᠬᠣᠩ ᠲᠠᠢᠵᠢ ᠲᠡᠷᠢᠭᠦᠲᠡᠨ ᠬᠣᠲᠠᠯᠠ ᠪᠦᠭᠦᠳᠡᠭᠡᠷ ᠤᠭᠲᠤᠵᠤ ᠂ 
       ᠭᠠᠢᠬᠠᠮᠰᠢᠭ᠋ ᠲᠤ᠌ ᠢᠯᠠᠭᠤᠭᠰᠠᠨ ᠴᠢᠮᠡᠭ ᠲᠤᠭ ᠢ᠋ ᠰᠢᠬᠦᠷ ᠤᠷᠤᠩᠬ᠎ᠠ ᠬᠡᠢᠷᠢ ᠲᠡᠷᠢᠭᠦᠲᠡᠨ ᠢ᠋ ᠪᠠᠢᠭᠤᠯᠵᠤ ᠂ 
       ᠬᠠᠮᠤᠭ ᠢ᠋ᠶ᠋ᠠᠷ ᠡᠯᠳᠡᠪ ᠵᠦᠢᠯ ᠴᠠᠩ ᠬᠡᠩᠭᠡᠷᠭᠡ ᠪᠢᠪᠠ ᠪᠠᠯᠠᠷ ᠪᠦᠷᠢᠶ᠎ᠡ ᠪᠢᠰᠬᠢᠭᠦᠷ ᠬᠢᠭᠡᠳ ᠢ᠋ ᠳᠠᠭᠤᠷᠢᠰᠬᠠᠵᠤ ᠂ 
       ᠬᠠᠮᠤᠭ ᠢ᠋ ᠮᠡᠳᠡᠭᠡᠴᠢ ᠳ᠋ᠠᠯᠠᠢ ᠯᠠᠮ᠎ᠠ ᠶ᠋ᠢ ᠵᠣᠣ ᠰᠢᠭᠡᠮᠦᠨᠢ ᠶ᠋ᠢᠨ ᠡᠮᠦᠨᠠ ᠥᠭᠡᠳᠡ ᠪᠣᠯᠭᠠᠵᠤ ᠪᠠᠢᠭᠤᠯᠤᠭᠰᠠᠨ ᠳ᠋ᠤᠷ ᠂  
       ᠠᠯᠳᠠᠷᠰᠢᠭᠰᠠᠨ ᠲᠡᠭᠦᠰ ᠴᠣᠭ ᠲᠤ᠌ ᠸᠴᠢᠷ᠎ᠠ ᠳ᠋ᠠᠷ᠎ᠠ ᠳ᠋ᠠᠯᠠᠢ ᠯᠠᠮ᠎ᠠ ᠳᠥᠷᠪᠡᠨ ᠨᠠᠰᠤᠨ ᠳ᠋ᠤᠷ ᠢ᠋ᠶ᠋ᠠᠨ ᠂ 
       ᠠᠶᠤᠯ ᠦᠭᠡᠢ ᠠᠷᠰᠯᠠᠨ  ᠲᠤ ᠳᠠᠪᠠᠴᠠᠩ ᠤ᠋ᠨ ᠳ᠋ᠡᠭᠡᠷ᠎ᠡ ᠢᠨᠦ ᠂ 
       ᠠᠩᠬᠡᠷᠠᠲᠢ ᠭᠥᠷᠦᠭᠡᠰᠦᠨ ᠦ᠌ ᠠᠷᠠᠰᠤᠨ ᠤ᠋ ᠳᠡᠪᠢᠰᠴᠦ ᠰᠠᠭᠤᠭᠠᠳ ᠰᠡᠴᠡ ᠂ 
       ᠠᠰᠤᠷᠤ ᠮᠠᠰᠢ ᠳᠥᠷᠪᠡᠨ ᠵᠦᠢᠯ ᠬᠤᠸᠠᠷᠠᠭ ᠤ᠋ᠳ ᠤ᠋ᠨ ᠳᠤᠮᠳᠠ ᠂ 
       ᠡᠰᠷᠤ᠎ᠠ ᠶ᠋ᠢᠨ ᠡᠭᠡᠰᠢᠭ ᠢ᠋ᠶ᠋ᠡᠷ ᠨᠣᠮ ᠢ᠋ ᠨᠣᠮᠯᠠᠭᠰᠠᠨ ᠳ᠋ᠤᠷ ᠂  
       ᠬᠠᠭᠠᠨ ᠬᠠᠲᠤᠨ ᠲᠡᠷᠢᠭᠦᠲᠡᠨ ᠬᠠᠮᠤᠭ ᠪᠦᠭᠦᠳᠡᠭᠡᠷ ᠦᠯᠡᠮᠵᠢ ᠮᠠᠰᠢ ᠪᠢᠰᠢᠷᠡᠵᠦ ᠬᠦᠨᠳᠦᠯᠡᠪᠡᠢ ᠃ 
       ᠭᠠᠢᠬᠠᠮᠰᠢᠭ᠋ ᠲᠤ᠌ ᠵᠣᠬᠢᠰᠲᠤ ᠪᠤᠶᠠᠨ ᠪᠠᠷᠠᠮᠢᠳ ᠢ᠋ ᠲᠥᠭᠡᠳᠡᠯᠡ ᠡᠷᠭᠦᠵᠦ ᠪᠠᠷᠢᠪᠠᠢ ᠃ 
       ᠬᠠᠮᠤᠭ ᠪᠤᠷᠰᠠᠩ ᠬᠤᠸᠠᠷᠠᠭ ᠤ᠋ᠳ ᠤ᠋ᠨ ᠠᠢᠮᠠᠭ ᠢ᠋ ᠲᠡᠭᠰᠢ ᠬᠦᠨᠳᠦᠯᠡᠨ ᠲᠠᠬᠢᠪᠠᠢ ᠃ 
       ᠬᠠᠮᠤᠭ ᠢ᠋ ᠮᠡᠳᠡᠭᠴᠢ ᠥᠪᠡᠷ ᠢ᠋ᠶ᠋ᠡᠨ ᠪᠥᠭᠡᠳ ᠨᠣᠮ ᠤ᠋ᠨ ᠳᠠᠭᠤᠨ ᠢ᠋ ᠠᠷᠪᠠᠨ ᠵᠦᠭ ᠲᠦ᠍ᠷ ᠯᠤᠤᠰ ᠤ᠋ᠨ ᠳᠠᠭᠤᠨ ᠮᠡᠲᠦ ᠳᠠᠭᠤᠷᠢᠰᠠᠬᠠᠪᠠᠢ ᠃  
       ᠲᠡᠭᠦᠨ ᠦ᠌ ᠬᠣᠢᠨᠠ ᠬᠠᠷᠠ ᠮᠣᠭᠠᠢ ᠵᠢᠯ᠎ᠡ ① ᠬᠤᠪᠢᠯᠭᠠᠨ ᠰᠠᠷᠠ ᠶ᠋ᠢᠨ ᠢᠷᠥᠬᠡᠷ ᠢ᠋ ᠂ 
       ᠳᠡᠭᠡᠳᠦ ᠮᠥᠩᠬᠡ ᠭᠠᠵᠠᠷ ᠤ᠋ᠨ  ᠵᠣᠣ ᠰᠢᠭᠡᠮᠦᠨᠢ ᠶ᠋ᠢᠨ ᠡᠮᠦᠨᠡ ᠢᠷᠦᠭᠡᠬᠦ ᠶ᠋ᠢᠨ ᠶᠣᠰᠣᠭᠠᠷ ᠂ 
       ᠳ᠋ᠠᠯᠠᠢ ᠯᠠᠮ᠎ᠠ ᠲᠡᠷᠢᠭᠦᠲᠡᠨ ᠳᠥᠷᠪᠡᠨ ᠠᠢᠮᠠᠭ ᠬᠤᠸᠠᠷᠠᠭ ᠤ᠋ᠳ ᠤ᠋ᠨ ᠴᠢᠭᠤᠯᠭᠠᠨ ᠰᠡᠯᠲᠡ ᠪᠡᠷ ᠂ 
       ᠲᠡᠭᠰᠢ ᠬᠠᠮᠤᠭ ᠠᠮᠢᠲᠠᠨ ᠤ᠋ ᠲᠤᠰᠠ ᠶ᠋ᠢᠨ ᠲᠤᠯᠠ ᠦᠷᠭᠦᠯᠵᠢ ᠲᠠᠰᠤᠷᠠᠯ ᠦᠭᠡᠢ ᠢᠷᠦᠭᠡᠷ ᠢ᠋ ᠢᠷᠥᠭᠡᠯᠭᠡᠪᠡᠢ ᠃  
       ᠬᠤᠲᠤᠭ ᠲᠤ᠌ ᠳᠠᠯᠠᠢ ᠯᠠᠮ᠎ᠠ ᠶ᠋ᠢᠨ ᠰᠠᠢᠨ ᠠᠯᠳᠠᠷ ᠠᠷᠪᠠᠨ ᠵᠦᠭ ᠲᠦ᠍ᠷ ᠲᠥᠭᠡᠮᠡᠯ᠎ᠡ ᠰᠣᠨᠣᠰᠳᠠᠭᠰᠠᠨ ᠳ᠋ᠤᠷ᠂ 
— — — — 
① ᠬᠠᠷ᠎ᠠ ᠡᠮ᠎ᠡ ᠮᠣᠭᠠᠢ ᠵᠢᠯ᠎ᠡ ᠂ ᠸᠠᠨ ᠯᠢ ᠶ᠋ᠢᠨ ᠬᠣᠷᠢᠨ ᠨᠢᠭᠡᠳᠦᠭᠡᠷ ᠣᠨ (1593 )᠃ 

       ᠬᠣᠲᠠᠯᠠ ᠪᠦᠭᠦᠳᠡ ᠳᠥᠴᠢᠨ ᠲᠦᠮᠡᠨ ᠮᠣᠩᠭᠣᠯ ᠵᠡᠷᠭᠡᠪᠡᠷ ᠪᠢᠰᠢᠷᠡᠯ ᠢ᠋ ᠡᠭᠦᠰᠬᠡᠵᠦ ᠂ 
       ᠬᠤᠷᠢᠶᠠᠵᠤ ᠥᠭᠯᠢᠭᠡ ᠪᠠᠷᠠᠮᠢᠳ ᠢ᠋ ᠦᠯᠡᠮᠵᠢ ᠮᠠᠰᠢ ᠡᠷᠭᠦᠵᠦ ᠬᠦᠨᠳᠦᠯᠡᠨ ᠲᠠᠬᠢᠭᠰᠠᠨ ᠳ᠋ᠤᠷ ᠂ 
       ᠬᠤᠪᠢᠯᠭᠠᠨ ᠳᠠᠯᠠᠢ ᠯᠠᠮ᠎ᠠ ᠶ᠋ᠢᠨ ᠨᠠᠷᠠ ᠠᠯᠳᠠᠷ ᠱᠠᠰᠢᠨ ᠢ᠋ ᠠᠷᠪᠠᠨ ᠵᠦᠭ ᠲᠦ᠍ᠷ ᠠᠯᠳᠠᠷᠰᠢᠪᠠᠢ ᠃ 
       ᠬᠠᠷᠠ ᠯᠤᠤ ᠵᠢᠯ ᠡᠴᠡ ᠲᠡᠷᠢᠭᠦᠯᠡᠵᠦ ᠴᠠᠭᠠᠨ ᠬᠤᠯᠤᠭᠤᠨ᠎ᠠ ᠵᠢᠯ᠎ᠡ ᠬᠦᠷᠲᠡᠯ᠎ᠡ ᠂① 
       ᠬᠠᠮᠤᠭ ᠤ᠋ᠨ ᠡᠬᠡ ᠪᠢᠯᠢᠭ ᠪᠠᠷᠠᠮᠢᠳ ᠢ᠋ ᠣᠷᠴᠢᠭᠤᠯᠵᠤ ᠳᠡᠪᠲᠡᠷ ᠲᠣᠷ ᠣᠷᠣᠰᠢᠭᠤᠯᠪᠠᠢ ᠃ 
       ᠬᠠᠭᠠᠨ ᠬᠠᠲᠤᠨ ᠲᠡᠷᠢᠭᠦᠲᠡᠨ ᠬᠣᠲᠠᠯᠠ ᠪᠦᠭᠦᠳᠡᠭᠡᠷ  ᠵᠥᠪᠰᠢᠶᠡᠵᠦ ᠪᠦᠷ ᠦ᠋ᠨ ᠂ 
       ᠬᠠᠮᠤᠭ ᠢ᠋ ᠮᠡᠳᠡᠭᠴᠢ ᠳᠠᠯᠠᠢ ᠯᠠᠮ᠎ᠠ ᠶ᠋ᠢᠨ  ᠵᠠᠷᠯᠢᠭ ᠢ᠋ᠶ᠋ᠠᠷ ᠪᠠᠷᠠᠭᠤᠨ ᠡᠲᠡᠭᠡᠳ ᠮᠥᠩᠬᠡ ᠭᠠᠵᠠᠷ᠎ᠠ ᠂ 
       ᠮᠢᠩᠭᠠᠨ ᠲᠠᠪᠤᠨ ᠵᠠᠭᠤᠨ ᠰᠢᠵᠢᠷ ᠢ᠋ᠶ᠋ᠡᠷ ᠡᠭᠦᠳᠦᠭᠰᠡᠨ ᠮᠥᠩᠭᠥᠨ ᠮᠠᠨᠳᠠᠯ ᠢ᠋ ᠲᠡᠷᠢᠭᠦᠯᠡᠨ ᠂ 
       ᠮᠠᠰᠢ ᠡᠯᠳᠡᠪ ᠵᠦᠢᠯ ᠡᠷᠳᠡᠨᠢ ᠡᠳ᠋ ᠲᠠᠸᠠᠷ ᠨᠤᠭᠤᠳ ᠢ᠋ ᠮᠥᠩᠬᠡ ᠭᠠᠵᠠᠷ᠎ᠠ ᠬᠦᠷᠭᠡᠨ ᠂ 
       ᠢᠮᠠᠭᠲᠠ ᠢᠯᠠᠭᠤᠭᠰᠠᠨ ᠵᠣᠣ ᠰᠢᠭᠡᠮᠦᠨᠢ ᠳ᠋ᠦ᠍ᠷ ᠲᠠᠬᠢᠯ ᠥᠭᠯᠢᠭᠡ ᠪᠠᠷᠠᠮᠢᠳ ᠢ᠋ ᠡᠷᠭᠦᠨ ᠂ 
       ᠮᠠᠨᠵᠢᠨ ᠵᠠᠳ ②ᠬᠢᠭᠡᠳ ᠢ᠋ ᠲᠥᠭᠡᠬᠦᠢᠨ ᠲᠤᠯᠠ ᠡᠯᠴᠢ ᠰᠢᠷᠡᠭᠡ ᠳ᠋ᠦ᠍ ᠭᠦᠰᠢ ᠴᠣᠷᠴᠢ ③ ᠲᠡᠷᠢᠭᠦᠲᠡᠨ ᠂ 
— — — — 
① ᠬᠠᠷ᠎ᠠ ᠡᠷ᠎ᠡ ᠯᠤᠤ ᠵᠢᠯ ( ᠸᠠᠨ ᠯᠢ ᠶ᠋ᠢᠨ ᠬᠣᠷᠢᠳᠤᠭᠠᠷ ᠣᠨ ᠂1592 ᠣᠨ ) ᠠ᠋ᠴᠠ ᠴᠠᠭᠠᠨ ᠡᠷ᠎ᠡ ᠬᠤᠯᠤᠭᠠᠨ᠎ᠠ ᠵᠢᠯ ( ᠸᠠᠨ ᠯᠢ ᠶ᠋ᠢᠨ ᠬᠣᠷᠢᠨ ᠨᠠᠢ᠍ᠮᠠᠳᠤᠭᠠᠷ ᠣᠨ ᠂ 1600 ᠣᠨ ) ᠬᠦᠷᠲᠡᠯᠡᠬᠢ ᠶ᠋ᠢ ᠬᠡᠯᠡᠵᠦ ᠪᠣᠢ ᠃ 
② ᠡᠮᠦᠨ᠎ᠡ ᠬᠡᠰᠡᠭ ᠲᠦ᠍ ᠵᠠᠳ ᠮᠠᠨᠵᠠ ᠭᠡᠵᠦ ᠪᠢᠴᠢᠵᠡᠢ ᠃ 
③ ᠪᠠᠰᠠ ᠰᠢᠳᠢᠲᠦ ᠭᠠᠪᠴᠤ ᠭᠡᠨ᠎ᠡ ᠂ ᠳᠥᠲᠥᠭᠡᠷ ᠳᠠᠯᠠᠢ ᠯᠠᠮ᠎ᠠ ᠶ᠋ᠢᠨ ᠨᠣᠮ ᠤ᠋ᠨ ᠪᠠᠭᠰᠢ ᠂ ᠬᠥᠬᠡᠬᠣᠲᠠ ᠶ᠋ᠢᠨ ᠰᠢᠷᠡᠭᠡᠲᠦ ᠵᠣᠣ ᠶ᠋ᠢᠨ ᠠᠩᠬᠠᠳᠤᠭᠠᠷ ᠲᠥᠷᠥᠯ ᠦ᠋ᠨ ᠬᠤᠪᠢᠯᠭᠠᠨ ᠪᠣᠯᠬᠤ ᠰᠢᠷᠡᠭᠡᠲᠦ ᠭᠦᠰᠢ ᠴᠣᠷᠵᠢ ᠶ᠋ᠢ ᠬᠡᠯᠡᠨ᠎ᠡ ᠃ 

       ᠰᠠᠢᠳ ᠠ᠋ᠴᠠ ᠮᠣᠩᠭᠣᠯᠵᠢᠨ ᠤ᠋ ᠲᠥᠭᠡᠳᠦ ᠳᠠᠷᠬᠠᠨ ᠭᠦᠶᠡᠩ ᠲᠠᠢᠵᠢ ᠰᠢᠷᠠᠪ ᠵᠠᠮᠰᠤ ᠬᠢᠭᠡᠳ ᠂ 
       ᠰᠡᠴᠡ ᠣᠷᠣᠭᠠᠳ ᠤᠢᠭᠤᠷᠵᠢᠨ ᠠ᠋ᠴᠠ ᠤᠩ ᠭᠦᠰᠢ ᠵᠢᠰᠦᠲᠡᠢ ᠰᠠᠷᠮᠢᠯᠢ ᠬᠢᠭᠡᠳ ᠂ 
       ᠰᠠᠢᠳ ᠲᠦᠰᠢᠮᠡᠳ ᠲᠡᠷᠢᠭᠦᠲᠡᠨ ᠲᠠᠪᠤᠨ ᠠᠢᠮᠠᠭ ᠲᠤᠷᠰᠢᠭᠤᠯ ᠢ᠋ ᠴᠤᠭᠯᠠᠭᠤᠯᠤᠭᠠᠳ ᠂ 
       ᠰᠡᠴᠡᠯᠡᠯ ᠦᠭᠡᠢ ᠬᠠᠭᠠᠨ ᠬᠠᠲᠤᠨ ᠡᠮᠦᠨᠡ ᠡᠴᠡᠭᠡᠨ ᠵᠠᠬᠢᠷᠴᠤ ᠶᠠᠪᠤᠭᠤᠯᠪᠠᠢ ᠦᠳᠲᠡᠷ ᠪᠥᠭᠡᠳ ᠃ 
       ᠬᠤᠲᠤᠭ ᠲᠤ᠌ ᠳᠠᠯᠠᠢ ᠯᠠᠮ᠎ᠠ ᠶ᠋ᠢᠨ ᠠᠳᠢᠰᠲᠢᠳ ᠤ᠋ᠨ ᠢᠪᠡᠭᠡᠯ ᠢ᠋ᠶ᠋ᠡᠷ ᠂ 
       ᠬᠣᠲᠠᠯᠠ ᠶ᠋ᠢᠨ ᠡᠵᠡᠨ ᠬᠠᠭᠠᠨ ᠬᠠᠲᠤᠨ ᠤ᠋ ᠪᠤᠶᠠᠨ ᠤ᠋ ᠤᠴᠠᠷᠠᠯ ᠢ᠋ᠶ᠋ᠠᠷ ᠠᠮᠤᠭᠤᠯᠠᠩ ᠬᠦᠷᠴᠦ ᠂ 
       ᠬᠤᠪᠢᠯᠭᠠᠨ ᠵᠣᠣ ᠰᠢᠭᠡᠮᠦᠨᠢ ᠶ᠋ᠢᠨ ᠡᠮᠦᠨ᠎ᠡ ᠮᠠᠨᠳᠠᠯ ᠡᠷᠭᠦᠭᠡᠳ ᠪᠠᠷᠠᠮᠢᠳ ᠢ᠋ᠶ᠋ᠠᠷ ᠲᠦᠭᠡᠭᠡᠵᠦ ᠂ 
       ᠭᠤᠷᠪᠠᠨ ᠬᠡᠢᠳ  ① ᠲᠡᠷᠢᠭᠦᠲᠡᠨ ᠪᠰᠠᠮ᠎ᠠ ᠴᠥᠩᠭᠥᠷ ᠷᠰᠠᠩ ②ᠪᠷᠠᠰᠢ  ᠯᠤᠩᠪᠤ ③ᠤᠷᠢ ᠭᠦᠷᠪᠦᠯᠡᠨ ᠂ 
— — — — 
①  ᠺᠠᠯᠳᠠᠨ ᠰᠦᠮ᠎ᠡ (甘丹寺) ᠂ ᠵᠧᠪᠠᠩ ᠰᠦᠮ᠎ᠡ ᠂ ᠰᠸᠷ᠎ᠠ ᠰᠦᠮ᠎ᠡ ᠶ᠋ᠢ ᠬᠡᠯᠡᠵᠦ ᠪᠣᠢ ᠃  ᠺᠠᠯᠳᠠᠨ ᠰᠦᠮ᠎ᠡ ᠪᠣᠯ ᠯᡁᠡᠰᠨ ᠡᠴᠡ ᠵᠡᠭᠦᠨᠰᠢ  ᠲᠠᠪᠢᠨ ᠭᠠᠵᠠᠷ ᠤ᠋ᠨ ᠦᠵᠦᠭᠦᠷ ᠲᠦ᠍ ᠪᠣᠢ ᠂ 1409 ᠣᠨ ᠳ᠋ᠤ᠌ ᠴᠥᠩᠭᠡᠪᠡ ᠪᠠᠢᠭᠤᠯᠵᠠᠢ ᠃ ᠵᠧᠪᠠᠩ ᠰᠦᠮ᠎ᠡ ᠪᠣᠯ ᠯᡁᠡᠰᠨ ᠦ᠌ ᠪᠠᠷᠠᠭᠤᠨ ᠪᠡᠶ᠎ᠡ ᠳ᠋ᠦ᠍ ᠪᠣᠢ ᠂ 1416 ᠣᠨ ᠳ᠋ᠤ᠌ ᠴᠥᠩᠭᠡᠪᠡ ᠶ᠋ᠢᠨ ᠱᠠᠪᠢ ᠷᠠᠰᠢᠪᠠᠯᠲᠠᠨ ᠪᠠᠢᠭᠤᠯᠵᠠᠢ ᠃ ᠰᠸᠷ᠎ᠠ ᠰᠤᠮ᠎ᠠ ᠶ᠋ᠢ ᠪᠠᠰᠠ ᠠᠯᠲᠠᠨ ᠠᠭᠤᠯᠠ ᠶ᠋ᠢᠨ ᠰᠦᠮ᠎ᠡ  (金山寺) ᠭᠡᠨ᠎ᠡ ᠂  ᠯᡁᠡᠰᠨ ᠦ᠌ ᠬᠣᠢᠲᠤ ᠲᠠᠯ᠎ᠠ ᠳ᠋ᠤ᠌ ᠪᠣᠢ ᠂ 1419 ᠣᠨ ᠳ᠋ᠤᠷ ᠴᠥᠩᠬᠡᠪᠡ ᠶ᠋ᠢᠨ ᠨᠥᠭᠥᠭᠡ ᠱᠠᠪᠢ ᠱᠠᠬᠢᠶᠧᠰᠢ ᠪᠠᠢᠭᠤᠯᠵᠠᠢ ᠃ 
②ᠡᠨᠡ ᠰᠦᠮ᠎ᠡ ᠪᠣᠯ ᠰᠢ ᠺᠠᠩ (西康  ) ᠤ᠋ᠨ ᠯᠢ ᠳᠠᠩ  (理塘 ) ᠳ᠋ᠤ᠌ ᠪᠣᠢ ᠂ ᠪᠠᠰᠠ ᠯᠢ ᠳᠠᠩ ᠰᠦᠮ᠎ᠡ ᠭᠡᠵᠦ ᠳᠠᠭᠤᠳᠠᠨ᠎ᠠ ᠃ 1580 ᠣᠨ ᠳ᠋ᠤ᠌ ᠭᠤᠲᠠᠭᠠᠷ ᠳᠠᠯᠠᠢ ᠯᠠᠮ᠎ᠠ ᠪᠰᠦ᠋ᠨᠳ᠋ᠨᠠᠮ  ᠷᠬᠢᠡᠮᠰᠤ ᠪᠠᠢᠭᠤᠯᠵᠠᠢ ᠃ 
③ ᠷᠢᠭᠠᠠᠼ  ( 日喀则) ᠤ᠋ᠨ ᠡᠮᠦᠨ᠎ᠡ ᠪᠣᠢ ᠃ 1447 ᠣᠨ ᠳ᠋ᠤ᠌ ᠴᠥᠩᠭᠡᠪᠡ ᠶ᠋ᠢᠨ ᠱᠠᠪᠢ ᠠᠩᠬᠠᠳᠤᠭᠠᠷ ᠲᠥᠷᠥᠯ ᠦ᠋ᠨ ᠳᠠᠯᠠᠢ ᠯᠠᠮ᠎ᠠ ᠷᠭᠡᠨᠳᠦᠨ ᠷᠤᠪᠪᠠ ᠪᠠᠢᠭᠤᠯᠵᠠᠢ ᠃ 

       ᠦᠯᠡᠮᠵᠢ ᠬᠡᠲᠦᠷᠬᠡᠶ᠎ᠡ ᠪᠣᠯᠤᠭᠰᠠᠨ ᠬᠠᠮᠤᠭ ᠬᠡᠢᠳ ᠰᠦᠮ᠎ᠡ ᠨᠤᠭᠤᠳ ᠲᠤᠷ ᠂ 
       ᠦᠷᠭᠦᠯᠵᠢ ᠲᠠᠰᠤᠷᠠᠯ ᠦᠭᠡᠢ ᠥᠭᠯᠢᠭᠡ ᠪᠠᠷᠠᠮᠢᠳ ᠢ᠋ ᠡᠷᠭᠦᠭᠡᠳ ᠂ 
       ᠦᠨᠡᠬᠡᠷ ᠳᠠᠯᠠᠢ ᠯᠠᠮ᠎ᠠ ᠶ᠋ᠢᠨ ᠳᠡᠭᠡᠳᠦ ᠲᠥᠷᠥᠯ ᠳ᠋ᠦ᠍ᠷ ᠴᠢᠬᠤᠯᠠ ᠠᠭᠴᠢ ᠪᠰᠠᠩᠵᠤᠳ ᠪᠠ ① ᠲᠡᠷᠢᠭᠦᠲᠡᠨ ᠂ 
       ᠦᠯᠡᠮᠵᠢ ᠴᠠᠭᠠᠨ ᠬᠦᠷᠢᠶ᠎ᠡ ᠡᠬᠢᠯᠡᠨ ᠬᠤᠸᠠᠷᠠᠭ ᠤ᠋ᠳ ᠢ᠋ ᠵᠠᠯᠠᠵᠤ ᠢᠷᠡᠵᠦᠬᠦᠢ ᠃ 
       ᠲᠡᠭᠦᠰ ᠴᠣᠭ ᠲᠤ᠌ ᠪᠠᠶᠠᠰᠬᠤᠯᠠᠩ ᠤ᠋ᠨ ᠣᠷᠣᠨ ᠳ᠋ᠠᠬᠢ ᠬᠤᠸᠠᠷᠠᠭ ᠤ᠋ᠳ ᠤ᠋ᠨ ᠡᠷᠭᠢᠨ ᠲᠤᠯᠪᠠ ᠴᠣᠷᠵᠢ ᠬᠢᠭᠡᠳ ᠂ 
       ᠲᠡᠭᠦᠳᠡᠭᠡᠷᠡᠯ ᠦᠭᠡᠢ ᠶᠠᠷᠯᠤᠩ ᠬᠠᠭᠠᠨ ᠤ᠋ ᠡᠯᠴᠢ ᠬᠢᠭᠡᠳ ᠭᠤᠷᠪᠠᠨ ᠬᠡᠢᠳ ᠦ᠋ᠨ ᠡᠯᠴᠢᠰ ᠪᠠ ᠂ 
       ᠲᠥᠪᠡᠳ ᠦ᠋ᠨ ᠶᠡᠬᠡ ᠪᠠᠬ᠎ᠠ ᠨᠣᠶᠠᠳ ᠤ᠋ᠨ ᠡᠯᠴᠢᠰ ᠬᠣᠲᠠᠯᠠ ᠪᠦᠭᠦᠳᠡᠭᠡᠷ ᠂ 
       ᠲᠡᠭᠰᠢ ᠬᠠᠮᠤᠭ ᠢ᠋ ᠮᠡᠳᠡᠭᠴᠢ ᠳᠠᠯᠠᠢ ᠯᠠᠮ᠎ᠠ ᠶ᠋ᠢ ᠵᠠᠯᠠᠬᠤ ᠶ᠋ᠢᠨ ᠲᠤᠯᠠ ᠢᠷᠡᠭᠰᠡᠨ ᠪᠤᠶᠤ ᠃ 
       ᠢᠷᠡᠭᠡᠳ ᠰᠡᠴᠡ ᠲᠤᠯᠪᠠ ᠴᠣᠷᠵᠢ ᠪᠰᠠᠩᠵᠤᠳ ᠪᠠ ᠲᠡᠷᠢᠭᠦᠲᠡᠨ ᠲᠥᠪᠡᠳ ᠦ᠋ᠨ ᠮᠠᠷᠭᠢᠨ ᠯᠠᠮ᠎ᠠ ᠨᠠᠷ ᠂ 
       ᠢᠯᠠᠭᠤᠭᠰᠠᠨ ᠬᠤᠪᠢᠯᠭᠠᠨ ᠪᠡᠶ᠎ᠡ  ᠲᠤ ᠳᠠᠯᠠᠢ ᠯᠠᠮ᠎ᠠ ᠶ᠋ᠢᠨ ᠬᠤᠪᠢᠯᠭᠠᠨ ᠮᠥᠨ ᠪᠤᠶᠤ ᠪᠤᠰᠤ ᠪᠤᠶᠤ ᠭᠡᠮᠡᠨ ᠰᠡᠵᠢᠭᠯᠡᠭᠰᠡᠨ ᠳ᠋ᠦ᠍ᠷ ᠂ 
       ᠢᠯᠡᠳᠡ ᠳᠤᠲᠠᠷ᠎ᠠ ᠳᠠᠯᠠᠢ ᠪᠯᠠᠮ᠎ᠠ ᠪᠡᠯᠬᠡᠰ ᠢ᠋ ᠦᠵᠦᠭᠦᠯᠵᠦ ᠡᠴᠢᠨ᠎ᠡ ᠳ᠋ᠡᠬᠢ ᠦᠢᠯᠡᠰ ᠢ᠋ ᠤᠬᠠᠭᠰᠠᠨ ᠳ᠋ᠤᠷ᠂ 
       ᠢᠯᠠᠩᠭᠤᠶ᠎ᠠ ᠬᠠᠮᠤᠭ ᠢ᠋ ᠰᠦᠷ ᠢ᠋ᠶ᠋ᠡᠷ ᠳᠠᠷᠤᠭᠰᠠᠨ ᠳ᠋ᠤᠷ ᠰᠦᠰᠦᠯᠵᠦ ᠪᠢᠰᠢᠷᠡᠭᠡᠳ ᠬᠦᠨᠳᠦᠯᠡᠵᠦ ᠲᠡᠭᠡᠪᠡᠢ ᠃ 
       ᠲᠡᠭᠦᠨ ᠦ᠌ ᠬᠣᠢᠨ᠋ᠨ ᠬᠠᠮᠤᠭ ᠢ᠋ ᠮᠡᠳᠡᠭᠴᠢ ᠳᠠᠯᠠᠢ ᠯᠠᠮ᠎ᠠ ᠥᠪᠡᠷ ᠢ᠋ᠶ᠋ᠡᠨ ᠪᠥᠭᠡᠳ ᠂ 
— — — — 
① ᠰᠦᠮ᠎ᠡ ᠶ᠋ᠢᠨ ᠰᠠᠩ ᠤ᠋ᠨ ᠮᠡᠳᠡᠭᠡᠴᠢ ᠯᠠᠮ᠎ᠠ ᠃ 

       ᠲᠡᠭᠰᠢ ᠮᠣᠩᠭᠣᠯ ᠤ᠋ᠨ ᠣᠷᠣᠨ ᠳ᠋ᠠᠬᠢ ᠥᠭᠯᠢᠭᠡ ᠶ᠋ᠢᠨ ᠡᠵᠡᠳ ᠲᠣᠷ ᠢ᠋ᠶ᠋ᠠᠨ  ᠵᠠᠷᠯᠢᠭ ᠪᠣᠯᠵᠤ : 
       《 ᠲᠡᠨᠳᠡ ᠪᠠᠷᠠᠭᠤᠨ ᠡᠲᠡᠭᠡᠳ ᠮᠥᠩᠬᠡ ᠭᠠᠵᠠᠷ ᠤ᠋ᠨ ᠵᠣᠣ ᠰᠢᠭᠡᠮᠦᠨᠢ ᠶ᠋ᠢᠨ ᠡᠮᠦᠨ᠋ᠨ ᠡᠴᠡ ᠂ 
       ᠲᠡᠭᠦᠰ ᠢᠯᠠᠭᠤᠭᠰᠠᠨ ᠽᠦᠩᠭᠡᠪᠡ ᠶ᠋ᠢᠨ ᠰᠢᠷᠡᠭᠡᠨ ᠦ᠌ ᠴᠣᠷᠵᠢ ᠶ᠋ᠢᠨ ᠲᠣᠢᠨ ᠪᠣᠯᠬᠤ ᠶᠣᠰᠣ ᠲᠤ ᠪᠥᠯᠥᠭᠡ ᠪᠢ ! 》 
       ᠭᠡᠮᠡᠨ ᠵᠠᠷᠯᠢᠭ ᠪᠣᠯᠤᠭᠠᠳ ᠠᠢᠯᠠᠳᠳᠤᠭᠰᠠᠨ ᠤᠴᠢᠷ ᠲᠤᠷ ᠂ 
       ᠭᠡᠮ ᠦᠭᠡᠢ ᠶᠡᠬᠡᠡ᠋  ᠪᠠᠭ᠎ᠠ ᠨᠣᠶᠠᠳ ᠴᠢᠭᠤᠯᠤᠭᠠᠳ ᠂ 
       ᠬᠡᠯᠡᠯᠴᠡᠵᠦ ᠬᠠᠭᠠᠨ ᠬᠠᠲᠤᠨ ᠬᠠᠮᠤᠭ ᠪᠦᠭᠦᠳᠡᠭᠡᠷ ᠂ 
       ᠭᠡᠲᠦᠯᠭᠡᠭᠴᠢ ᠳᠠᠯᠠᠢ ᠯᠠᠮ᠎ᠠ ᠶ᠋ᠢᠨ  ᠵᠠᠷᠯᠢᠭ ᠤ᠋ᠨ ᠬᠠᠷᠢᠭᠤ ᠡᠢᠨ ᠭᠡᠮᠡᠨ ᠠᠢᠯᠠᠳᠬᠠᠪᠠᠢ : 
       《 ᠬᠠᠮᠤᠭ ᠠᠮᠢᠲᠠᠨ ᠢ᠋ ᠢᠯᠭᠠᠯ ᠦᠭᠡᠢ ᠨᠢᠭᠦᠯᠡᠰ ᠦ᠋ᠨ ᠪᠥᠭᠡᠳᠡᠯᠡ ᠂ 
       ᠬᠠᠢᠷᠠᠯᠠᠨ ᠥᠷᠥᠰᠢᠶᠡᠬᠦᠢ ᠰᠡᠳᠬᠢᠯ ᠢ᠋ᠶ᠋ᠡᠷ ᠡᠨᠡ ᠵᠦᠭ ᠲᠡᠭᠡᠨ ᠳᠤᠷᠠᠳᠤᠭᠠᠳ ᠰᠡᠴᠡ ᠂ 
       ᠭᠠᠢᠬᠠᠮᠰᠢᠭ᠋ ᠨᠢᠭᠦᠯᠡᠰᠬᠦᠢ ᠪᠡᠷ ᠮᠠᠨᠤ ᠬᠠᠳ ᠤ᠋ᠨ ᠤᠷᠤᠭ ᠲᠤᠷ ᠲᠥᠷᠥᠵᠦ ᠪᠥᠯᠥᠭᠡ ᠴᠢ ! 
       ᠬᠠᠮᠤᠭ ᠢ᠋ ᠮᠡᠳᠡᠭᠴᠢ ᠡᠨᠡ ᠵᠣᠣ ᠰᠢᠭᠡᠮᠦᠨᠢ ᠶ᠋ᠢᠨ ᠡᠮᠦᠨᠡ ᠲᠣᠢᠨ ᠪᠣᠯᠤᠨ ᠰᠣᠶᠣᠷᠬ᠎ᠠ  ! 》 ᠭᠡᠮᠡᠨ ᠥᠴᠢᠪᠡᠰᠦ ᠂ 
       ᠡᠷᠳᠡᠮ ᠲᠤ ᠳᠠᠯᠠᠢ ᠯᠠᠮ᠎ᠠ ᠵᠠᠷᠯᠢᠭ ᠪᠣᠯᠵᠤ ᠂ : 《 ᠳᠡᠭᠡᠳᠦᠰ ᠦ᠋ᠨ ᠶᠣᠰᠣᠭᠠᠷ ᠰᠢᠷᠡᠭᠡᠨ ᠦ᠌ ᠴᠣᠷᠵᠢ ᠠ᠋ᠴᠠ ᠪᠤᠰᠤ ᠂ 
       ᠡᠨᠡ ᠵᠦᠭ ᠲᠦ᠍ᠷ ᠨᠠᠳᠤᠷ ᠯᠠᠮ᠎ᠠ ᠪᠣᠯᠬᠤ ᠬᠥᠮᠦᠨ ᠦᠭᠡᠢ ᠪᠤᠶᠤ ! 
       ᠡᠷᠭᠢᠨ ᠠᠮᠢᠲᠠᠨ ᠤ᠋ ᠲᠤᠰᠠ ᠶ᠋ᠢᠨ ᠲᠤᠯᠠ ᠲᠣᠢᠨ ᠪᠣᠯᠤᠨ ᠣᠳᠤᠮᠤᠢ ᠂ ᠦᠯᠦ ᠢᠳᠬᠠᠨ ᠰᠣᠶᠣᠷᠬ᠎ᠠ ! 
       ᠡᠢᠮᠦ ᠰᠠᠢᠨ ᠦᠢᠯᠡ ᠳ᠋ᠦ᠍ᠷ ᠮᠢᠨᠦ ᠲᠤᠰᠠᠯᠠᠪᠠᠰᠤ ᠠᠴᠢ ᠲᠤᠰᠠ ᠢᠨᠤ ᠶᠡᠬᠡ ᠪᠤᠶᠤ ! 》ᠭᠡᠮᠡᠨ ᠦᠯᠦ ᠪᠣᠯᠤᠨ ᠶᠠᠪᠤᠬᠤᠢ ᠳ᠋ᠤᠷ ᠂ 
       ᠪᠠᠷᠠᠭᠤᠨ ᠭᠤᠷᠪᠠᠨ ᠲᠦᠮᠡᠨ ᠵᠡᠭᠦᠨ ᠭᠤᠷᠪᠠᠨ ᠲᠦᠮᠡᠨ ᠰᠦᠢ ᠬᠡᠴᠡ ᠦᠯᠡᠮ 
       ᠪᠠᠰᠠ ᠪᠠᠷ ᠬᠣᠶᠠᠷ ᠶᠡᠬᠡ ᠤᠯᠤᠰ ᠤ᠋ᠨ ᠲᠥᠷᠥ ᠬᠥᠳᠡᠯ ᠦ᠋ᠨ ᠵᠠᠪᠳᠤᠭᠰᠠᠨ ᠳ᠋ᠤᠷ ᠂ 
       ᠪᠠᠭᠰᠢ ᠢᠯᠠᠭᠤᠰᠠᠨ ᠳᠠᠯᠠᠢ ᠯᠠᠮ᠎ᠠ ᠥᠪᠡᠷ ᠢ᠋ᠶ᠋ᠡᠨ  ᠪᠥᠭᠡᠳ ᠂ 
       ᠪᠠᠶᠠᠰᠬᠤᠯᠠᠩ  ᠲᠤ ᠵᠣᠣ ᠰᠢᠭᠡᠮᠦᠨᠢ ᠶ᠋ᠢᠨ ᠡᠮᠦᠨᠡ ᠵᠢᠷᠭᠤᠭᠠᠨ ᠲᠦᠮᠡᠨ ᠢ᠋ ᠴᠢᠭᠤᠯᠭᠠᠭᠠᠳ ᠂ 
       ᠲᠡᠭᠰᠢ ᠨᠢᠭᠦᠯᠡᠰᠬᠦᠢ ᠰᠡᠳᠬᠢᠯ ᠦ᠋ᠨ ᠡᠭᠦᠳᠡᠴᠡ ᠡᠪᠳᠡᠷᠡᠯ ᠦᠭᠡᠢ ᠸᠴᠢᠷ ᠮᠡᠲᠦ ᠵᠠᠷᠯᠢᠭ ᠢ᠋ᠶ᠋ᠠᠷ ᠂ 
       ᠲᠡᠳᠡᠭᠡᠷ ᠵᠢᠷᠭᠤᠭᠠᠨ ᠲᠦᠮᠡᠨ ᠢ᠋ ᠤᠷᠠᠨ ᠠᠷᠭ᠎ᠠ ᠪᠠᠷ ᠡᠶ᠎ᠡ ᠲᠦᠷ ᠢ᠋ᠶ᠋ᠡᠨ ᠣᠷᠣᠭᠤᠯᠵᠤ ᠂ 
       ᠳᠡᠭᠡᠳᠦᠰ ᠦ᠋ᠨ ᠪᠠᠢᠭᠤᠯᠤᠭᠰᠠᠨ ᠲᠥᠷᠥ ᠱᠠᠰᠢᠨ ᠢ᠋ ᠵᠠᠰᠠᠨ ᠵᠣᠬᠢᠶᠠᠨ ᠵᠠᠰᠠᠭᠠᠳ ᠂ 
       ᠲᠡᠭᠦᠳᠡᠭᠡᠷᠡᠯ ᠦᠭᠡᠢ ᠶᠡᠬᠡ ᠤᠯᠤᠰ ᠤ᠋ᠨ ᠲᠥᠷᠥ ᠶ᠋ᠢ ᠡᠩᠬᠡ ᠠᠮᠤᠭᠤᠯᠵᠤ ᠪᠦᠷ ᠦ᠋ᠨ ᠃ 
       ᠨᠠᠰᠤᠳᠠ ᠬᠠᠮᠤᠭ ᠢ᠋ ᠮᠡᠳᠡᠭᠴᠢ ᠳᠠᠯᠠᠢ ᠯᠠᠮ᠎ᠠ ᠵᠠᠷᠯᠢᠭ ᠪᠣᠯᠵᠤ ᠡᠯᠡ ᠂ 
       ᠨᠠᠷᠮᠠᠢ ᠥᠭᠯᠢᠭᠡ ᠶ᠋ᠢᠨ ᠡᠵᠡᠳ ᠯᠤᠭ᠎ᠠ ᠪᠠᠨ ᠵᠥᠪᠰᠢᠶᠡᠯᠳᠦᠵᠦ ᠬᠠᠷᠠ ᠪᠠᠷᠰ ᠵᠢᠯᠡ①  ᠂ 
       ᠨᠠᠢᠮᠠᠨ ᠰᠠᠷᠠ ᠶ᠋ᠢᠨ ᠰᠠᠢᠨ ᠡᠳᠦᠷ ᠪᠠᠷᠠᠭᠤᠨ ᠡᠲᠡᠭᠡᠳ ᠮᠥᠩᠬᠡ ᠭᠠᠵᠠᠷ᠎ᠠ ᠥᠭᠡᠳᠡ ᠪᠣᠯᠬᠤᠢ ᠴᠠᠭ ᠲᠤᠷ ᠂ 
— — — — 
①ᠬᠠᠷᠠ ᠡᠷ᠎ᠡ ᠪᠠᠷᠰ ᠵᠢᠯ ᠂ ᠸᠠᠨ ᠯᠢ ᠶ᠋ᠢᠨ ᠭᠤᠴᠢᠳᠤᠭᠠᠷ ᠣᠨ (1602 ) ᠃ 

       ᠨᠠᠮᠤᠳᠠᠢ ᠰᠡᠴᠡᠨ ᠬᠠᠭᠠᠨ ᠵᠥᠩᠭᠡᠨ ᠬᠠᠲᠤᠨ ᠬᠣᠶᠠᠷ ᠂ ᠬᠠᠳ ᠤ᠋ᠨ ᠤᠷᠤᠭ ᠲᠤᠷ ᠬᠣᠪᠢᠯ ᠤ᠋ᠨ ᠲᠥᠷᠥᠭᠰᠡᠨ ᠦᠷ᠎ᠡ ᠶᠦ᠍ᠭᠡᠨ ᠂ 
       ᠬᠠᠮᠤᠭ ᠮᠡᠳᠡᠭᠴᠢ ᠳᠠᠯᠠᠢ ᠯᠠᠮ᠎ᠠ ᠠ᠋ᠴᠠ ᠬᠠᠭᠠᠴᠠᠨ ᠶᠠᠳᠠᠨ ᠪᠥᠭᠡᠳᠡᠯᠡ ᠡᠷᠬᠡ ᠦᠭᠡᠢ ᠂ 
       ᠭᠠᠢᠬᠠᠮᠰᠢᠭ᠋ ᠲᠤ᠌ ᠡᠯᠳᠡᠪ ᠵᠦᠢᠯ ᠬᠤᠪᠴᠠᠰᠤᠨ ᠴᠢᠮᠡᠭ ᠭᠡᠷ ᠲᠡᠷᠭᠡᠨ ᠲᠡᠷᠢᠭᠦᠲᠡᠨ ᠢ᠋ ᠪᠡᠯᠡᠳᠴᠦ ᠂ 
       ᠬᠠᠷᠢᠶ᠎ᠠ ᠲᠤ ᠤᠨᠤᠬᠤᠢ ᠬᠥᠯᠬᠦᠢ ᠲᠡᠮᠡᠭᠡᠨ ᠮᠣᠷᠢᠨ ᠯᠠᠤᠰᠠ ᠲᠡᠷᠢᠭᠦᠲᠡᠨ ᠬᠥᠯᠭᠡᠳ ᠢ᠋ ᠂ 
       ᠬᠠᠢᠷᠠᠯᠠᠬᠤ ᠮᠡᠲᠦ ᠡᠳ᠋ ᠲᠠᠸᠠᠷ ᠨᠤᠭᠤᠳ ᠢ᠋ ᠬᠤᠷᠢᠶᠠᠵᠤ 
       ᠠᠭᠤᠯᠠ ᠮᠡᠲᠦ ᠴᠣᠭᠴᠠᠯᠠᠭᠠᠳ ᠂ 
       ᠠᠯᠲᠠᠨ ᠰᠠᠪᠠ ᠳ᠋ᠤ᠌ ᠮᠥᠩᠭᠥᠨ ᠰᠠᠪᠠ ᠳ᠋ᠤᠷ ᠠᠯᠲᠠᠨ ᠢ᠋ ᠴᠤᠭᠯᠠᠵᠤ ᠳᠦᠭᠦᠷᠭᠡᠭᠡᠳ ᠂ 
       ᠠᠳᠠᠯᠢᠳᠬᠠᠰᠢ ᠦᠭᠡᠢ ᠽᠠᠮᠪᠤᠲᠢᠪ① ᠳᠠᠬᠢ ᠬᠡᠷᠡᠭᠯᠡᠭᠳᠡᠬᠦᠨ ᠢ᠋ ᠡᠷᠭᠦᠵᠦ ᠪᠦᠷ ᠦ᠋ᠨ ᠂ 
       ᠠᠯᠳᠠᠷᠰᠢᠭᠰᠠᠨ ᠲᠡᠭᠦᠰ ᠴᠣᠭ ᠲᠤ᠌ ᠸᠴᠢᠷ᠎ᠠ ᠳᠡᠷ᠎ᠡ ᠳᠠᠯᠠᠢ  ᠯᠠᠮ᠎ᠠ ᠶ᠋ᠢ ᠬᠦᠷᠭᠡᠬᠦ ᠶ᠋ᠢᠨ ᠲᠤᠯᠠ ᠂ 
       ᠪᠠᠶᠠᠭᠤᠳ ᠤ᠋ᠨ ᠴᠣᠢᠷ ᠵᠠᠮᠰᠤ ᠴᠣᠷᠵᠢ ᠲᠠᠢᠵᠢ ② ᠪᠠᠭ᠎ᠠ ᠬᠣᠷᠢᠶᠠᠨ ᠤ᠋ ᠤᠨᠪᠤ ᠲᠠᠢᠵᠢ ③ ᠂ 
— — — — 
① ᠪᠤᠷᠬᠠᠨ ᠤ᠋ ᠱᠠᠰᠢᠨ ᠤ᠋ ᠰᠤᠳᠤᠷ ᠨᠣᠮ ᠳ᠋ᠤᠷ ᠥᠭᠦᠯᠡᠭᠰᠡᠨ ᠳᠥᠷᠪᠡᠨ ᠲᠢᠪ ᠦ᠋ᠨ ᠨᠢᠭᠡ ᠪᠣᠯᠤᠨ᠎ᠠ ᠃ ᠡᠨᠡ ᠲᠢᠪ ᠲᠦ᠍ ᠴᠠᠮᠪᠤ ᠭᠡᠬᠦ ᠮᠣᠳᠣᠨ ᠤᠷᠭᠤᠬᠤ ᠪᠥᠭᠡᠳ ᠲᠡᠭᠦᠨ ᠦ᠌ ᠴᠡᠴᠡᠭ ᠨᠢ ᠠᠩᠬᠢᠯᠤᠮᠠᠯ ᠰᠠᠢᠬᠠᠨ ᠦᠨᠦᠷ ᠲᠡᠢ ᠭᠡᠨ᠎ᠡ ᠃ 
②ᠠᠯᠲᠠᠨ ᠬᠠᠭᠠᠨ ᠤ᠋ ᠠᠴᠢ ᠪᠠᠶᠠᠭᠤᠳ ᠪᠠᠭᠠᠲᠤᠷ ᠲᠠᠢᠵᠢ ᠶ᠋ᠢᠨ ᠲᠠᠪᠤᠳᠤᠭᠠᠷ ᠬᠥᠪᠡᠭᠦᠨ ᠂ ᠪᠠᠰᠠ ᠯᠠᠮ᠎ᠠ ᠲᠠᠢᠵᠢ ᠭᠡᠨ᠎ᠡ ᠃ 
③ᠰᠡᠩᠭᠡ ᠳᠦᠭᠦᠷᠡᠩ ᠬᠠᠭᠠᠨ ᠤ᠋ ᠠᠴᠢ ᠂ ᠭᠠᠯ ᠳ᠋ᠤ᠌ ᠨᠣᠶᠠᠨ ᠤ᠋ ᠬᠥᠪᠡᠭᠦᠨ ᠂ ᠪᠠᠰᠠ ᠣᠨᠪᠣ ᠴᠥᠭᠡᠬᠦᠷ ᠭᠡᠳᠡᠭ ᠃ 1628 ᠣᠨ ᠳ᠋ᠤ᠌ ᠳᠠᠢᠴᠢᠩ ᠤᠯᠤᠰ ᠲᠤ᠌ ᠣᠷᠣᠵᠤ ᠥᠭᠭᠦᠭᠡᠳ ᠵᠡᠭᠦᠨ ᠣᠷᠣᠨ ᠳ᠋ᠠᠬᠢ ᠲᠦᠮᠡᠳ ᠪᠠᠷᠠᠭᠤᠨ ᠭᠠᠷᠤᠨ ᠬᠤᠰᠢᠭᠤᠨ ᠤ᠋ ᠵᠠᠰᠠᠭ ᠨᠣᠶᠠᠨ ᠪᠣᠯᠪᠠ ᠃ 

        ᠪᠠᠰᠠ ᠪᠠᠷ ᠬᠠᠭᠠᠨ ᠤ᠋ ᠠᠴᠢ ᠪᠣᠱᠣᠭ ᠲᠤ᠌ ᠬᠣᠩ ᠲᠠᠢᠵᠢ ᠤᠪᠠᠶᠠᠨ ᠴᠥᠭᠡᠬᠦᠷ ᠲᠠᠢᠵᠢ ᠡᠬᠢᠯᠡᠨ ᠂ 
        ᠪᠠᠭᠰᠢ ᠨᠠᠷ ᠳᠠᠪᠠᠨᠠᠩ ᠦ᠋ᠳ ᠰᠠᠢᠳ ᠲᠦᠰᠢᠮᠡᠳ ᠲᠡᠷᠢᠭᠦᠲᠡᠨ ᠲᠠᠪᠤᠨ ᠠᠢᠮᠠᠭ ᠲᠤᠷᠰᠢᠭᠤᠯ ᠴᠡᠷᠢᠭ ᠢ᠋ᠶ᠋ᠡᠷ ᠂ 
        ᠪᠠᠶᠠᠰᠬᠤᠯᠠᠩ  ᠲᠤ ᠬᠠᠮᠤᠭ ᠢ᠋ ᠮᠡᠳᠡᠭᠴᠢ ᠳᠠᠯᠠᠢ ᠯᠠᠮ᠎ᠠ ᠶ᠋ᠢ ᠬᠦᠷᠭᠡᠭᠦᠯ ᠦ᠋ᠨ ᠢᠯᠡᠭᠡᠵᠦᠬᠦᠢ ᠃