ᠶᠢᠷᠲᠢᠨᠴᠦ ᠶᠢᠨ ᠭᠤᠷᠪᠠ – < ᠥ᠊ 7 > ᠶ᠋ᠢᠨ ᠠᠶ᠋ᠢᠮᠠᠭ Ертөнцийн гурав – < Ү > ин аймаг
ᠶᠢᠷᠲᠢᠨᠴᠦ ᠶᠢᠨ ᠭᠤᠷᠪᠠ – < ᠥ᠊ 7 > ᠶ᠋ᠢᠨ ᠠᠶ᠋ᠢᠮᠠᠭ
ᠦ ᠶ᠋ᠢᠨ ᠠᠶ᠋ᠢᠮᠠᠭ
ᠭᠤᠷᠪᠠᠨ ᠨᠣᠭᠣᠭᠠᠨ
ᠥᠨᠲᠥᠷ ᠠᠭᠤᠯᠠᠨ ᠪ ᠨᠠᠷᠠᠰᠤ ᠨᠢᠭᠡ ᠨᠣᠭᠣᠭᠠᠨ
ᠥᠩᠭᠡᠲᠦ ᠰᠣᠯᠣᠩᠬ᠋᠎ᠠ ᠶ᠋ᠢᠨ ᠡᠮᠵᠢᠶᠡᠷᠢ ᠨᠢᠭᠡ ᠨᠣᠭᠣᠭᠠᠨ
ᠦᠨᠡᠲᠦ ᠪᠣᠯᠣᠷ ᠦ᠋ᠨ ᠥᠩᠭᠡ ᠨᠢᠭᠡ ᠨᠣᠭᠣᠭᠠᠨ
ᠭᠤᠷᠪᠠᠨ ᠬᠠᠷᠠᠩᠭᠤᠢ
ᠥᠷ ᠦ᠋ᠨ ᠨᠢᠭᠡ ᠬᠠᠷᠠᠩᠭᠤᠢ
ᠦᠲᠡᠰᠢ ᠶ᠋ᠢᠨ ᠨᠢᠭᠡ ᠬᠠᠷᠠᠩᠭᠤᠢ
ᠦᠬᠦᠬᠦ ᠶ᠋ᠢᠨ ᠨᠢᠭᠡ ᠬᠠᠷᠠᠩᠭᠤᠢ
ᠭᠤᠷᠪᠠᠨ ᠰᠠᠶ᠋ᠢᠬᠠᠨ
ᠦᠷᠡᠵᠢᠭᠡᠳ ᠵᠠᠯᠭᠠᠮᠵᠢᠯᠠᠬᠤ ᠳᠤ ᠦᠷ᠎ᠡ ᠨᠢᠭᠡ ᠰᠠᠶ᠋ᠢᠬᠠᠨ
ᠥᠰᠦᠭᠡᠳ ᠥᠲᠡᠯᠬᠦ ᠳᠤ ᠡᠷ᠎ᠡ ᠡᠮ᠎ᠡ ᠰᠠᠶ᠋ᠢᠬᠠᠨ
ᠲᠥᠷᠥᠭᠡᠳ ᠥᠰᠬᠡᠬᠦ ᠳᠤ ᠠᠪᠤ ᠡᠵᠢ ᠰᠠᠶ᠋ᠢᠬᠠᠨ
ᠭᠤᠷᠪᠠᠨ ᠬᠠᠶ᠋ᠢᠷᠠᠬᠠᠨ
ᠦᠨᠦᠷ ᠮᠡᠲᠡᠬᠦ ᠦᠭᠡᠢ ᠬᠥᠮᠦᠨ ᠳᠤ ᠵᠠᠭᠠᠷ ᠬᠠᠶ᠋ᠢᠷᠠᠬᠠᠨ
ᠦᠵᠡᠭᠡᠳ ᠮᠡᠲᠡᠬᠦ ᠦᠭᠡᠢ ᠬᠥᠮᠦᠨ ᠳᠤ ᠡᠷᠲᠡᠨᠢ ᠬᠠᠶ᠋ᠢᠷᠠᠬᠠᠨ
ᠤᠴᠢᠷ ᠮᠡᠲᠡᠬᠦ ᠦᠭᠡᠢ ᠬᠥᠮᠦᠨ ᠳᠤ ᠦᠭᠡ ᠬᠠᠶ᠋ᠢᠷᠠᠬᠠᠨ
ᠭᠤᠷᠪᠠᠨ ᠬᠦᠨᠲᠦ
ᠥᠭᠴᠦ ᠪᠠᠶ᠋ᠢᠲᠠᠯ᠎ᠠ ᠬᠦᠷᠭᠡᠨ ᠨᠢᠭᠡ ᠬᠦᠨᠲᠦ
ᠰᠢᠪᠠᠷ ᠪᠠᠶ᠋ᠢᠲᠠᠯ᠎ᠠ ᠭᠡᠷ ᠨᠢᠭᠡ ᠬᠦᠨᠲᠦ
ᠱᠠᠯᠲᠠᠩ ᠪᠠᠶ᠋ᠢᠲᠠᠯ᠎ᠠ ᠯᠠᠮᠠ ᠨᠢᠭᠡ ᠬᠦᠨᠲᠦ
ᠭᠤᠷᠪᠠᠨ ᠵᠣᠪᠠᠲᠠᠭ
ᠦᠬᠡᠷ ᠲᠠᠭᠤᠭᠰᠠᠨ ᠬᠥᠮᠦᠨ ᠭᠦᠷᠦᠨ ᠬᠦᠷᠲᠡᠯ᠎ᠡ ᠪᠡᠨ ᠵᠣᠪᠠᠲᠠᠭ
ᠦᠷ᠎ᠡ ᠮᠠᠭᠤᠲᠤ ᠬᠥᠮᠦᠨ ᠦᠬᠦᠨ ᠦᠬᠦᠲᠡᠯ᠎ᠡ ᠪᠡᠨ ᠵᠣᠪᠠᠲᠠᠭ
ᠦᠨᠲᠦᠰᠦ ᠮᠠᠭᠤᠲᠤ ᠬᠥᠮᠦᠨ ᠤᠨᠠᠨ ᠤᠨᠠᠲᠠᠯ᠎ᠠ ᠪᠠᠨ ᠵᠣᠪᠠᠲᠠᠭ
ᠭᠤᠷᠪᠠᠨ ᠡᠷᠬᠢᠮ
ᠦᠨᠡᠬᠡᠷ ᠰᠠᠨᠠᠬ᠋᠎ᠠ ᠠᠮᠤᠷ ᠨᠢ ᠵᠢᠷᠭᠠᠯᠠᠩ ᠦ᠋ᠨ ᠡᠷᠬᠢᠮ
ᠦᠨᠡᠨ ᠡᠷᠲᠡᠮ ᠰᠤᠷᠤᠭᠰᠠᠨ ᠨᠢ ᠴᠢᠮᠡᠭ ᠦ᠋ᠨ ᠡᠷᠬᠢᠮ
ᠦᠷᠭᠦᠯᠵᠢ ᠬᠤᠲᠠᠯ ᠬᠡᠯᠡᠬᠦ ᠦᠭᠡᠢ ᠨᠢ ᠬᠥᠮᠦᠨ ᠪ ᠡᠷᠬᠢᠮ
ᠭᠤᠷᠪᠠᠨ ᠳᠡᠭᠡᠳᠦ
ᠦᠭᠡᠢ ᠶᠠᠲᠠᠭᠤ ᠳ᠋ᠤᠷ ᠥᠭᠯᠢᠭᠡ ᠥᠭᠬᠦ ᠢᠨᠤ ᠪᠠᠶᠠᠯᠢᠬ ᠦ᠋ᠨ ᠳᠡᠭᠡᠳᠦ
ᠦᠷᠭᠦᠯᠵᠢ ᠬᠠᠭᠤᠷᠮᠠᠭ ᠦᠭᠡᠢ ᠬᠥᠮᠦᠨ ᠢᠨᠤ ᠨᠥᠬᠥᠷ ᠦ᠋ᠨ ᠳᠡᠭᠡᠳᠦ
ᠦᠨᠡᠬᠡᠷ ᠰᠠᠨᠠᠬ᠋᠎ᠠ ᠰᠡᠤᠠᠬᠢᠯ ᠠᠮᠤᠷ ᠠᠨᠤ ᠵᠢᠷᠭᠠᠯ ᠦ᠋ᠨ ᠳᠡᠭᠡᠳᠦ
ᠭᠤᠷᠪᠠᠨ ᠬᠣᠯᠠ
ᠦᠭᠡᠭᠦᠷᠡᠭᠰᠡᠨ ᠬᠥᠮᠦᠨ ᠳᠤ ᠠᠰᠢᠬ ᠬᠣᠯᠠ
ᠥᠯᠥᠰᠦᠭᠰᠡᠨ ᠬᠥᠮᠦᠨ ᠳᠤ ᠢᠲᠡᠭᠡᠨ ᠬᠣᠯᠠ
ᠥᠰᠢᠭᠰᠡᠨ ᠬᠥᠮᠦᠨ ᠳᠤ ᠨᠥᠬᠥᠷ ᠬᠣᠯᠠ
ᠭᠤᠷᠪᠠᠨ ᠬᠣᠯᠠ
ᠦᠬᠦᠭᠰᠡᠨ ᠬᠥᠮᠦᠨ ᠳᠤ ᠨᠠᠷᠠ ᠨᠢᠭᠡ ᠬᠣᠯᠠ
ᠬᠠᠷᠠᠮᠴᠢ ᠬᠥᠮᠦᠨ ᠳᠤ ᠬᠠᠨᠢ ᠨᠢᠭᠡ ᠬᠣᠯᠠ
ᠬᠠᠱᠠᠩ ᠮᠣᠷᠢᠨ ᠳᠤ ᠭᠠᠵᠠᠷ ᠨᠢᠭᠡ ᠬᠣᠯᠠ
ᠭᠤᠷᠪᠠᠨ ᠦᠭᠡᠢ
ᠥᠯᠥᠨ ᠶ᠋ᠢᠡᠷ ᠡᠪᠡᠳᠦᠭᠰᠡᠨ ᠬᠥᠮᠦᠨ ᠶᠣᠶ᠋ᠢᠯᠠᠬᠤ ᠦᠭᠡᠢ
ᠥᠪᠡᠷ ᠲᠡᠭᠡᠨ ᠤᠨᠠᠭᠰᠠᠨ ᠬᠡᠦᠬᠡᠳ ᠤᠬᠢᠯᠠᠬᠤ ᠦᠭᠡᠢ
ᠡᠳᠦᠷ ᠢᠶ᠋ᠠᠷ ᠲᠣᠭᠣᠷᠢᠬᠰᠠᠨ ᠬᠥᠮᠦᠨ ᠬᠠᠰᠬᠢᠷᠬᠤ ᠦᠭᠡᠢ
ᠭᠤᠷᠪᠠᠨ ᠠᠶᠤᠬᠤ ᠦᠭᠡᠢ
ᠦᠨᠡᠨ ᠶᠣᠰᠣ ᠵᠢᠰᠤᠷ ᠠ᠋ᠴᠠ ᠠᠶᠤᠬᠤ ᠦᠭᠡᠢ
ᠦᠨᠡᠨᠴᠢ ᠬᠥᠮᠦᠨ ᠬᠣᠪᠴᠢ ᠠ᠋ᠴᠠ ᠠᠶᠤᠬᠤ ᠦᠭᠡᠢ
ᠦᠨᠡᠨ ᠠᠯᠲᠠ ᠭᠠᠯ ᠠ᠋ᠴᠠ ᠠᠶᠤᠬᠤ ᠦᠭᠡᠢ
ᠭᠤᠷᠪᠠᠨ ᠦᠭᠡᠢ
ᠥᠰᠲᠡᠨ ᠳᠠᠶ᠋ᠢᠰᠤᠨ ᠮᠥᠬᠥᠪᠡᠴᠦ ᠮᠥᠨ ᠴᠢᠨᠠᠷ ᠨᠢ ᠬᠤᠪᠢᠷᠠᠬᠤ ᠦᠭᠡᠢ
ᠠᠷᠢᠶᠠᠲᠠᠨ ᠴᠢᠨᠣ᠎ᠠ ᠬᠥᠭᠰᠢᠷᠡᠪᠡᠴᠦ ᠤᠯᠠᠢ ᠦᠵᠡᠬᠦ ᠪᠠᠨ ᠵᠣᠭᠰᠣᠬᠤ ᠦᠭᠡᠢ
ᠦᠨᠡᠭᠡᠨ ᠱᠤᠯᠤᠮ ᠬᠡᠷᠬᠢᠪᠡᠴᠦ ᠬᠤᠯᠵᠢᠨ ᠵᠠᠩ ᠢᠶ᠋ᠠᠨ ᠭᠡᠭᠡᠬᠦ ᠦᠭᠡᠢ
ᠭᠤᠷᠪᠠᠨ ᠪᠡᠷᠬᠡ
ᠦᠨᠡᠭᠡᠨ ᠵᠣ᠋ ᠲᠠᠢ ᠮᠣᠷᠢ ᠶ᠋ᠢ ᠣᠯᠵᠤ ᠤᠨᠤᠬᠤ ᠪᠡᠷᠬᠡ
ᠦᠨᠡᠨ ᠰᠡᠳᠬᠢᠯ ᠲᠠᠢ ᠬᠥᠮᠦᠨ ᠢ ᠣᠯᠵᠤ ᠨᠥᠬᠥᠷᠯᠡᠬᠦ ᠪᠡᠷᠬᠡ
ᠥᠷᠭᠡᠨ ᠮᠡᠳᠡᠯᠭᠡ ᠲᠠᠢ ᠡᠷᠳᠡᠮᠲᠡᠨ ᠢ ᠣᠯᠵᠤ ᠲᠠᠨᠢᠬᠤ ᠪᠡᠷᠬᠡ
ᠭᠤᠷᠪᠠᠨ ᠦᠭᠡᠢ
ᠥᠨᠳᠥᠷ ᠠᠭᠤᠯᠠ ᠶ᠋ᠢᠨ ᠣᠷᠣᠢ ᠳᠤ ᠤᠰᠤ ᠲᠣᠭᠲᠠᠬᠤ ᠦᠭᠡᠢ
ᠥᠨᠳᠥᠷ ᠰᠡᠳᠬᠢᠯ ᠲᠠᠢ ᠬᠥᠮᠦᠨ ᠳᠤ ᠬᠡᠰᠢᠭ ᠲᠣᠭᠲᠠᠬᠤ ᠦᠭᠡᠢ
ᠦᠯᠢᠶᠡᠬᠦ ᠵᠠᠩ ᠲᠠᠢ ᠬᠥᠮᠦᠨ ᠳᠤ ᠦᠭᠡ ᠲᠣᠭᠲᠠᠬᠤ ᠦᠭᠡᠢ
ᠭᠤᠷᠪᠠᠨ ᠪᠤᠭ
ᠦᠭᠡ ᠠᠷᠪᠢᠳᠠᠪᠠᠯ ᠴᠢᠬᠢᠨ ᠳᠤ ᠨᠢᠭᠡ ᠪᠤᠭ
ᠥᠬᠢᠨ ᠥᠲᠡᠯᠪᠡᠯ ᠭᠡᠷ ᠲᠤ᠌ ᠨᠢᠭᠡ ᠪᠤᠭ
ᠦᠨᠡᠰᠦ ᠶᠡᠬᠡᠳᠪᠡᠯ ᠲᠤᠯᠭ᠎ᠠ ᠳᠤ ᠨᠢᠭᠡ ᠪᠤᠭ
ᠭᠤᠷᠪᠠᠨ ᠪᠣᠯᠠᠢ
ᠦᠨᠡᠨ ᠢ ᠵᠠᠯᠭᠢᠬᠤ ᠰᠦᠰᠦᠭ ᠨᠢᠭᠡ ᠪᠣᠯᠠᠢ
ᠣᠯᠠᠨ ᠢ ᠵᠣᠪᠠᠭᠠᠬᠤ ᠨᠣᠶᠠᠳ ᠨᠢᠭᠡ ᠪᠣᠯᠠᠢ
ᠤᠯᠤᠰ ᠢ ᠡᠪᠳᠡᠬᠦ ᠬᠤᠲᠤᠭᠴᠢᠨ ᠨᠢᠭᠡ ᠪᠣᠯᠠᠢ
ᠭᠤᠷᠪᠠᠨ ᠦᠮᠡᠬᠡᠢ
ᠦᠬᠡᠷ ᠱᠠᠷ ᠤᠨ ᠬᠠᠮᠠᠷ ᠨᠢᠭᠡ ᠦᠮᠡᠬᠡᠢ
ᠦᠯᠢᠶᠡᠭᠰᠡᠨ ᠭᠦᠵᠡᠭᠡ ᠶ᠋ᠢᠨ ᠳᠣᠲᠣᠷ ᠨᠢᠭᠡ ᠦᠮᠡᠬᠡᠢ
ᠦᠬᠦᠭᠰᠡᠨ ᠮᠠᠯ ᠤᠨ ᠰᠡᠭ ᠨᠢᠭᠡ ᠦᠮᠡᠬᠡᠢ
ᠭᠤᠷᠪᠠᠨ ᠥᠰᠢᠶᠡᠲᠡᠢ
ᠦᠨᠡᠨ ᠦᠭᠡ ᠬᠡᠯᠡᠭᠰᠡᠳ ᠬᠥᠮᠦᠨ ᠳᠤ ᠥᠰᠢᠶᠡᠲᠡᠢ
ᠥᠨᠳᠥᠷ ᠮᠣᠳᠣ ᠪᠠᠷᠢᠬᠰᠠᠳ ᠨᠣᠬᠠᠢ ᠳᠤ ᠥᠰᠢᠶᠡᠲᠡᠢ
ᠤᠯᠠᠢ ᠲᠠᠲᠠᠭᠰᠠᠨ ᠭᠠᠵᠠᠷ ᠲᠤ᠌ ᠦᠬᠡᠷ ᠥᠰᠢᠶᠡᠲᠡᠢ
ᠭᠤᠷᠪᠠᠨ ᠳᠡᠭᠦᠦ
ᠦᠭᠡᠶ᠋ᠢᠭᠦᠦ ᠬᠥᠮᠦᠨ ᠦᠬᠦᠭᠰᠡᠨ ᠬᠥᠮᠦᠨ ᠤ ᠳᠡᠭᠦᠦ
ᠪᠠᠶᠠᠨ ᠬᠥᠮᠦᠨ ᠨᠣᠶᠠᠨ ᠬᠥᠮᠦᠨ ᠤ ᠳᠡᠭᠦᠦ
ᠬᠤᠳᠠᠯᠴᠢ ᠬᠥᠮᠦᠨ ᠬᠤᠯᠠᠭᠠᠶ᠋ᠢᠴᠢ ᠬᠥᠮᠦᠨ ᠤ ᠳᠡᠭᠦᠦ
ᠭᠤᠷᠪᠠᠨ ᠰᠠᠶ᠋ᠢᠬᠠᠨ
ᠦᠷ᠎ᠡ ᠬᠡᠦᠬᠡᠳ ᠨᠢᠭᠡ ᠰᠠᠶ᠋ᠢᠬᠠᠨ
ᠡᠷᠳᠡᠮ ᠮᠡᠳᠡᠯᠭᠡ ᠨᠢᠭᠡ ᠰᠠᠶ᠋ᠢᠬᠠᠨ
ᠡᠴᠢᠭᠡ ᠡᠬᠡ ᠨᠢᠭᠡ ᠰᠠᠶ᠋ᠢᠬᠠᠨ
ᠭᠤᠷᠪᠠᠨ ᠡᠷᠳᠡᠨᠢ
ᠥᠯᠥᠰᠬᠦ ᠳᠤ ᠠᠭᠤᠰᠬᠢ ᠨᠢᠭᠡ ᠡᠷᠳᠡᠨᠢ
ᠳᠠᠭᠠᠷᠠᠬᠤ ᠳᠤ ᠲᠠᠬᠤ ᠨᠢᠭᠡ ᠡᠷᠳᠡᠨᠢ
ᠶᠠᠳᠠᠷᠠᠬᠤ ᠳᠤ ᠬᠦᠯᠦᠭ ᠨᠢᠭᠡ ᠡᠷᠳᠡᠨᠢ
ᠭᠤᠷᠪᠠᠨ ᠳᠡᠭᠡᠷ᠎ᠡ
ᠦᠰᠦᠨ ᠤ ᠬᠠᠷ᠎ᠠ ᠨᠢ ᠳᠡᠭᠡᠷ᠎ᠡ
ᠦᠨᠡᠭᠡᠨ ᠤ ᠤᠯᠠᠭᠠᠨ ᠨᠢ ᠳᠡᠭᠡᠷ᠎ᠡ
ᠦᠭᠡᠨ ᠤ ᠦᠨᠡᠨ ᠨᠢ ᠳᠡᠭᠡᠷ᠎ᠡ
ᠭᠤᠷᠪᠠᠨ ᠳᠡᠭᠡᠷ᠎ᠡ
ᠦᠭᠡᠨ ᠤ ᠴᠥᠭᠡᠨ ᠨᠢ ᠳᠡᠭᠡᠷ᠎ᠡ
ᠥᠰ ᠤᠨ ᠦᠭᠡᠢ ᠨᠢ ᠳᠡᠭᠡᠷ᠎ᠡ
ᠦᠬᠡᠷ ᠤᠨ ᠣᠯᠠᠨ ᠨᠢ ᠳᠡᠭᠡᠷ᠎ᠡ
ᠭᠤᠷᠪᠠᠨ ᠴᠢᠳᠠᠬᠤ ᠦᠭᠡᠢ
ᠦᠨᠳᠦᠰᠦ ᠮᠠᠭᠤᠲᠠᠢ ᠮᠣᠳᠣ ᠠᠰᠬᠠᠨ ᠤᠷᠭᠤᠵᠤ ᠴᠢᠳᠠᠬᠤ ᠦᠭᠡᠢ
ᠦᠵᠡᠯ ᠮᠠᠭᠤᠲᠠᠢ ᠬᠥᠮᠦᠨ ᠦᠨᠡᠨ ᠢ ᠪᠠᠷᠢᠮᠲᠠᠯᠠᠵᠤ ᠴᠢᠳᠠᠬᠤ ᠦᠭᠡᠢ
ᠦᠭᠡ ᠮᠠᠭᠤᠲᠠᠢ ᠬᠥᠮᠦᠨ ᠦᠨᠡᠨ ᠢ ᠬᠡᠯᠡᠵᠦ ᠴᠢᠳᠠᠬᠤ ᠦᠭᠡᠢ
ᠭᠤᠷᠪᠠᠨ ᠪᠣᠯᠳᠠᠭ
ᠦᠬᠡᠷ ᠤᠨ ᠮᠢᠬ᠎ᠠ ᠤᠳᠠᠭᠠᠨ ᠳ᠋ᠠᠭᠠᠨ ᠡᠮ ᠨᠢᠭᠡ ᠪᠣᠯᠳᠠᠭ
ᠬᠣᠨᠢᠨ ᠤ ᠮᠢᠬ᠎ᠠ ᠤᠳᠠᠭᠠᠨ ᠳ᠋ᠠᠭᠠᠨ ᠬᠣᠣᠷ ᠨᠢᠭᠡ ᠪᠣᠯᠳᠠᠭ
ᠦᠭᠡᠶ᠋ᠢᠭᠦᠦ ᠬᠥᠮᠦᠨ ᠤᠳᠠᠭᠠᠨ ᠳ᠋ᠠᠭᠠᠨ ᠪᠠᠶᠠᠨ ᠨᠢᠭᠡ ᠪᠣᠯᠳᠠᠭ
ᠭᠤᠷᠪᠠᠨ ᠭᠠᠯᠵᠠᠭᠤ
ᠦᠶᠡᠷ ᠠ᠋ᠴᠠ ᠢᠷᠡᠭᠰᠡᠨ ᠤᠰᠤ ᠨᠢᠭᠡ ᠭᠠᠯᠵᠠᠭᠤ
ᠡᠪᠦᠯ ᠴᠠᠭ ᠲᠤ᠌ ᠣᠷᠣᠭᠰᠠᠨ ᠪᠤᠤᠷ᠎ᠠ ᠨᠢᠭᠡ ᠭᠠᠯᠵᠠᠭᠤ
ᠥᠯᠥᠩ ᠠ᠋ᠴᠠ ᠨᠣᠴᠣᠭᠰᠠᠨ ᠭᠠᠯ ᠨᠢᠭᠡ ᠭᠠᠯᠵᠠᠭᠤ
ᠭᠤᠷᠪᠠᠨ ᠵᠢᠷᠭᠠᠯᠲᠠᠢ
ᠦᠳᠡ ᠶ᠋ᠢᠨ ᠨᠠᠷᠠᠨ ᠲᠤᠩᠭᠠᠯᠠᠭ ᠪᠣᠯ ᠥᠷᠭᠡᠨ ᠲᠢᠪ ᠵᠢᠷᠭᠠᠯᠲᠠᠢ
ᠦᠶ᠎ᠡ ᠶ᠋ᠢᠨ ᠨᠥᠬᠥᠳ ᠣᠯᠠᠨ ᠪᠣᠯ ᠦᠶᠡᠷᠬᠡᠵᠦ ᠰᠠᠭᠤᠬᠤ ᠵᠢᠷᠭᠠᠯᠲᠠᠢ
ᠥᠲᠡᠯᠦᠭᠡ ᠨᠠᠰᠤᠲᠠᠨ ᠬᠠᠮᠲᠤ ᠪᠣᠯ ᠡᠷᠦᠬᠡ ᠭᠡᠷ ᠵᠢᠷᠭᠠᠯᠲᠠᠢ
ᠭᠤᠷᠪᠠᠨ ᠬᠣᠪᠣᠷ
ᠦᠨᠡᠨ ᠡᠪᠡᠳᠴᠢᠨ ᠪᠦᠬᠦᠨ ᠢ ᠲᠠᠨᠢᠬᠤ ᠡᠮᠴᠢ ᠬᠣᠪᠣᠷ
ᠦᠷᠭᠦᠯᠵᠢ ᠴᠢᠨᠦ ᠦᠭᠡ ᠶ᠋ᠢ ᠳᠠᠭᠠᠨ ᠶᠠᠪᠤᠭᠴᠢ ᠬᠣᠪᠣᠷ
ᠦᠨᠡᠨᠬᠦ ᠲᠤᠰᠠᠲᠠᠢ ᠪᠦᠬᠦᠨ ᠢ ᠵᠢᠭᠠᠵᠤ ᠦᠭᠭᠦᠭᠴᠢᠳ ᠬᠣᠪᠣᠷ
ᠭᠤᠷᠪᠠᠨ ᠪᠠᠶᠠᠷᠯᠠᠬᠤ
ᠦᠯᠦ ᠬᠠᠩᠬᠤ ᠬᠣᠪᠳᠣᠭ ᠰᠠᠨᠠᠭᠠᠲᠠᠨ ᠡᠳ᠋ ᠮᠠᠯ ᠳ᠋ᠤᠷ ᠪᠠᠶᠠᠷᠯᠠᠬᠤ
ᠦᠯᠡᠮᠵᠢ ᠳᠡᠭᠡᠳᠦ ᠶᠡᠬᠡᠰ ᠦᠨᠡᠨ ᠵᠥᠪ ᠶᠠᠪᠤᠪᠠᠰᠤ ᠪᠠᠶᠠᠷᠯᠠᠬᠤ
ᠦᠷᠭᠦᠯᠵᠢ ᠬᠥᠭᠡᠷᠮᠡᠲᠡᠭᠡᠢ ᠵᠠᠩᠲᠤ ᠬᠥᠮᠦᠨ ᠮᠡᠳᠡᠪᠡᠰᠦ ᠪᠠᠶᠠᠷᠯᠠᠬᠤ
ᠭᠤᠷᠪᠠᠨ ᠶᠠᠭᠤᠨ ᠬᠡᠷᠡᠭ
ᠦᠮᠡᠬᠡᠢ ᠪᠠᠭᠠᠰᠤ ᠢᠳᠡᠭᠴᠢ ᠨᠣᠬᠠᠢ ᠭᠠᠬᠠᠢ ᠳ᠋ᠤᠷ ᠰᠠᠶ᠋ᠢᠨ ᠦᠨᠦᠷ ᠶᠠᠭᠤᠨ ᠬᠡᠷᠡᠭ
ᠦᠵᠡᠬᠦ ᠨᠢᠳᠦ ᠦᠭᠡᠢ ᠰᠣᠬᠣᠷ ᠬᠥᠮᠦᠨ ᠳ᠋ᠤᠷ ᠵᠤᠯᠠ ᠶ᠋ᠢᠨ ᠭᠡᠷᠡᠯ ᠶᠠᠭᠤᠨ ᠬᠡᠷᠡᠭ
ᠦᠯᠦ ᠰᠢᠩᠭᠡᠬᠦ ᠪᠠᠳᠭᠠᠨᠠ ᠡᠪᠡᠳᠴᠢᠲᠦ ᠬᠥᠮᠦᠨ ᠳ᠋ᠤᠷ ᠰᠠᠶ᠋ᠢᠨ ᠢᠳᠡᠭᠡᠨ ᠶᠠᠭᠤᠨ ᠬᠡᠷᠡᠭ
ᠭᠤᠷᠪᠠᠨ ᠬᠣᠯᠠ
ᠦᠵᠡᠭᠳᠡᠭᠴᠢ ᠣᠭᠲᠠᠷᠭᠤᠢ ᠶ᠋ᠢᠨ ᠠᠭᠠᠷ ᠪᠠ ᠳᠡᠯᠡᠬᠡᠢ ᠬᠣᠶᠠᠷ ᠤᠨ ᠵᠠᠪᠰᠠᠷ ᠶᠡᠬᠡ ᠬᠣᠯᠠ
ᠥᠷᠭᠡᠨ ᠶᠡᠬᠡ ᠭᠠᠳᠠᠭᠠᠳᠤ ᠳᠠᠯᠠᠢ ᠶ᠋ᠢᠨ ᠬᠣᠶᠠᠷ ᠵᠠᠬ᠎ᠠ ᠨᠢ ᠲᠡᠭᠦᠨ ᠡᠴᠡ ᠬᠣᠯᠠ
ᠦᠭᠡᠶ᠋ᠢᠭᠦᠦ ᠠᠷᠠᠳ ᠤᠨ ᠣᠶᠤᠨ ᠪᠠ ᠳᠡᠭᠡᠳᠦ ᠨᠣᠮ ᠬᠣᠶᠠᠷ ᠲᠡᠭᠦᠨ ᠡᠴᠡ ᠬᠣᠯᠠ
ᠭᠤᠷᠪᠠᠨ ᠰᠣᠬᠣᠷ
ᠦᠵᠡᠬᠦ ᠨᠢᠳᠦ ᠦᠭᠡᠢ ᠢᠨᠤ ᠨᠢᠭᠡᠳᠦᠭᠡᠷ ᠰᠣᠬᠣᠷ
ᠦᠨᠡᠨ ᠨᠣᠮ ᠦᠭᠡᠢ ᠢᠨᠤ ᠬᠣᠶᠠᠳᠤᠭᠠᠷ ᠰᠣᠬᠣᠷ
ᠥᠷᠥᠰᠢᠶᠡᠯ ᠵᠢᠷᠤᠮ ᠦᠭᠡᠢ ᠢᠨᠤ ᠭᠤᠷᠪᠠᠳᠤᠭᠠᠷ ᠰᠣᠬᠣᠷ
ᠭᠤᠷᠪᠠᠨ ᠦᠯᠦ ᠳᠠᠰᠤᠷᠠᠬᠤ
ᠦᠨᠢᠳᠡ ᠨᠦᠬᠥᠷᠯᠡᠨ ᠥᠯᠥ ᠴᠢᠳᠠᠭᠴᠢᠳ ᠤᠨ ᠪᠠᠶᠠᠰᠬᠤ ᠭᠣᠮᠣᠳᠠᠬᠤ ᠥᠯᠥ ᠲᠠᠰᠤᠷᠠᠬᠤ
ᠥᠪᠡᠷ ᠦᠨ ᠡᠳ᠋ ᠢᠳᠡᠭᠡᠨ ᠢ ᠬᠠᠶ᠋ᠢᠷᠠᠯᠠᠭᠴᠢᠳ ᠤᠨ ᠬᠡᠷᠡᠭᠦᠯ ᠵᠢᠭᠤᠷᠠᠭᠠᠨ ᠦᠯᠦ ᠲᠠᠰᠤᠷᠠᠬᠤ
ᠥᠰᠯᠡᠬᠦ ᠰᠡᠳᠬᠢᠯ ᠪᠣᠳᠣᠯ ᠡᠪᠦᠷᠯᠡᠭᠴᠢᠳ ᠦᠨ ᠬᠣᠤᠷᠯᠠᠬᠤ ᠰᠠᠨᠠᠭ᠎ᠠ ᠦᠯᠦ ᠲᠠᠰᠤᠷᠠᠬᠤ
ᠭᠤᠷᠪᠠᠨ ᠮᠠᠭᠤ
ᠦᠨᠡᠨ ᠭᠤᠷᠪᠠᠨ ᠡᠷᠳᠡᠨᠢ ᠶ᠋ᠢ ᠦᠯᠦ ᠰᠢᠲᠦᠭᠴᠢᠳ ᠦᠨ ᠵᠠᠶᠠᠭ᠎ᠠ ᠮᠠᠭᠤ
ᠦᠢᠯᠡ ᠶ᠋ᠢᠨ ᠦᠷ᠎ᠡ ᠶ᠋ᠢ ᠦᠯᠦ ᠬᠠᠶ᠋ᠢᠬᠤᠷᠤᠭᠴᠢᠳ ᠤᠨ ᠤᠬᠠᠭᠠᠨ ᠮᠠᠭᠤ
ᠦᠷᠭᠦᠯᠵᠢ ᠰᠢᠨᠤᠯ ᠲᠠᠴᠢᠶᠠᠩᠭᠤᠢ ᠯᠤᠭ᠎ᠠ ᠨᠠᠶ᠋ᠢᠯᠡᠭᠴᠢᠳ ᠦᠨ ᠠᠪᠢᠶᠠᠰ ᠮᠠᠭᠤ
ᠭᠤᠷᠪᠠᠨ ᠬᠠᠭᠤᠷᠮᠠᠴᠢ
ᠦᠯᠦ ᠪᠥᠲᠥᠭᠡᠭᠴᠢ ᠦᠭᠡ ᠪᠡᠷ ᠢᠶ᠋ᠠᠨ ᠬᠠᠭᠤᠷᠮᠠᠴᠢ
ᠦᠨᠡᠭᠡ ᠰᠡᠭᠦᠯ ᠢᠶ᠋ᠡᠷ ᠢᠶ᠋ᠡᠨ ᠬᠠᠭᠤᠷᠮᠠᠴᠢ
ᠥᠩᠭᠡᠨ ᠢᠶ᠋ᠡᠷ ᠨᠠᠶ᠋ᠢᠯᠡᠭᠰᠡᠨ ᠢᠨᠠᠭ ᠬᠠᠭᠤᠷᠮᠠᠴᠢ
ᠭᠤᠷᠪᠠᠨ ᠳᠦᠰᠢᠭ
ᠦᠶ᠎ᠡ ᠶ᠋ᠢᠨ ᠨᠦᠬᠦᠳ ᠪᠡᠶ᠎ᠡ ᠳ᠋ᠤᠷ ᠳᠦᠰᠢᠭ
ᠦᠷ᠎ᠡ ᠬᠡᠦᠬᠡᠳ ᠳᠡᠭᠡᠳᠦᠰ ᠲᠣᠷ ᠳᠦᠰᠢᠭ
ᠡᠪᠦᠭᠡᠳ ᠭᠦᠭᠰᠢᠳ ᠦᠷ᠎ᠡ ᠳ᠋ᠤᠷ ᠳᠦᠰᠢᠭ
ᠭᠤᠷᠪᠠᠨ ᠰᠠᠶ᠋ᠢᠨ
ᠦᠯᠦ ᠪᠣᠯᠬᠤ ᠵᠤᠶ᠋ᠢᠯᠡᠰ ᠢ ᠭᠡᠭᠡᠨ ᠴᠢᠳᠠᠪᠠᠰᠤ ᠰᠠᠶ᠋ᠢᠨ
ᠦᠷᠭᠦᠯᠵᠢ ᠪᠤᠶᠠᠨ ᠲᠠᠢ ᠰᠡᠳᠬᠢᠯ ᠢᠶ᠋ᠡᠷ ᠶᠠᠪᠤᠪᠠᠰᠤ ᠰᠠᠶ᠋ᠢᠨ
ᠦᠨᠳᠦᠷ ᠪᠣᠭᠣᠨᠢ ᠶ᠋ᠢ ᠲᠡᠩᠴᠡᠭᠦᠯᠵᠦ ᠴᠢᠳᠠᠪᠠᠰᠤ ᠰᠠᠶ᠋ᠢᠨ
ᠭᠤᠷᠪᠠᠨ ᠪᠡᠷᠬᠡ
ᠦᠭᠡᠷ᠎ᠡ ᠦᠮᠴᠢᠲᠦ ᠬᠥᠮᠦᠨ ᠢ ᠬᠡᠯᠡᠬᠦᠶ᠎ᠡ ᠪᠡᠷᠬᠡ
ᠦᠷᠭᠦᠭᠡᠰᠦᠲᠦ ᠭᠠᠵᠠᠷ ᠬᠥᠯ ᠭᠢᠰᠬᠢᠬᠦᠶᠡ ᠪᠡᠷᠬᠡ
ᠥᠷᠥᠭᠡᠰᠦᠨ ᠡᠮ᠎ᠡ ᠯᠤᠭ᠎ᠠ ᠬᠡᠯᠡᠯᠴᠡᠬᠦᠶ᠎ᠡ ᠪᠡᠷᠬᠡ
ᠭᠤᠷᠪᠠᠨ ᠡᠷᠬᠢᠮ
ᠥᠰᠬᠦ ᠨᠠᠰᠤ ᠨᠢᠭᠡ ᠡᠷᠬᠢᠮ
ᠦᠷᠭᠦᠯᠵᠢ ᠰᠤᠷᠤᠯᠴᠠᠬᠤ ᠨᠢᠭᠡ ᠡᠷᠬᠢᠮ
ᠥᠭᠡᠳᠡᠯᠡᠬᠦ ᠢᠷᠡᠭᠡᠳᠦᠢ ᠨᠢᠭᠡ ᠡᠷᠬᠢᠮ
ᠭᠤᠷᠪᠠᠨ ᠰᠠᠶ᠋ᠢᠬᠠᠨ
ᠦᠷ ᠦᠨ ᠴᠣᠯᠮᠣᠨ ᠨᠢᠭᠡ ᠰᠠᠶ᠋ᠢᠬᠠᠨ
ᠦᠷ᠎ᠡ ᠠᠴᠢ ᠨᠢᠭᠡ ᠰᠠᠶ᠋ᠢᠬᠠᠨ
ᠦᠶ᠎ᠡ ᠶ᠋ᠢᠨ ᠨᠦᠬᠦᠳ ᠨᠢᠭᠡ ᠰᠠᠶ᠋ᠢᠬᠠᠨ
ᠭᠤᠷᠪᠠᠨ ᠬᠣᠪᠣᠷ
ᠦᠬᠡᠨᠴᠡ ᠬᠥᠮᠦᠨ ᠢ ᠮᠠᠭᠲᠠᠭᠴᠢ ᠨᠢᠭᠡ ᠬᠣᠪᠣᠷ
ᠦᠮᠡᠬᠡᠢ ᠰᠠᠨᠠᠭᠠᠲᠠᠨ ᠢ ᠲᠣᠭᠣᠭᠴᠢ ᠨᠢᠭᠡ ᠬᠣᠪᠣᠷ
ᠦᠭᠡᠶ᠋ᠢᠭᠦᠦ ᠬᠥᠮᠦᠨ ᠢ ᠥᠮᠥᠭᠯᠡᠭᠴᠢ ᠨᠢᠭᠡ ᠬᠣᠪᠣᠷ
ᠭᠤᠷᠪᠠᠨ ᠮᠤᠬᠤᠷ
ᠦᠭᠡᠢ ᠭᠡᠭᠴᠢ ᠦᠭᠡᠨ ᠦ ᠮᠤᠬᠤᠷ
ᠦᠬᠦᠨ᠎ᠡ ᠭᠡᠭᠴᠢ ᠠᠮᠢᠨ ᠤ ᠮᠤᠬᠤᠷ
ᠦᠬᠡᠶ᠋ᠢᠷᠡᠨᠡ ᠭᠡᠭᠴᠢ ᠠᠮᠢᠳᠤᠷᠠᠯ ᠤᠨ ᠮᠤᠬᠤᠷ
ᠭᠤᠷᠪᠠᠨ ᠬᠠᠶ᠋ᠢᠷᠠᠲᠠᠢ
ᠦᠬᠦᠬᠦ ᠳᠦ ᠠᠮᠢ ᠨᠢᠭᠡ ᠬᠠᠶ᠋ᠢᠷᠠᠲᠠᠢ
ᠥᠲᠡᠯᠬᠦ ᠳᠦ ᠨᠠᠰᠤ ᠨᠢᠭᠡ ᠬᠠᠶ᠋ᠢᠷᠠᠲᠠᠢ
ᠦᠭᠡᠶ᠋ᠢᠷᠡᠬᠦ ᠳᠤ ᠡᠳ᠋ ᠨᠢᠭᠡ ᠬᠠᠶ᠋ᠢᠷᠠᠲᠠᠢ
ᠭᠤᠷᠪᠠᠨ ᠪᠥᠬᠡ
ᠦᠬᠦᠬᠦ ᠦᠭᠡᠢ ᠬᠥᠮᠦᠨ ᠦ ᠠᠮᠢ ᠨᠢ ᠪᠥᠬᠡ
ᠢᠴᠢᠬᠦ ᠦᠭᠡᠢ ᠬᠥᠮᠦᠨ ᠦ ᠨᠢᠭᠤᠷ ᠨᠢ ᠪᠥᠬᠡ
ᠡᠮ᠎ᠡ ᠦᠭᠡᠢ ᠬᠥᠮᠦᠨ ᠦ ᠦᠢᠯᠡ ᠨᠢ ᠪᠥᠬᠡ
ᠭᠤᠷᠪᠠᠨ ᠪᠢᠲᠡᠭᠡᠢ ᠳᠤᠷᠠᠳ
ᠥᠩᠭᠡᠷᠡᠭᠰᠡᠨ ᠬᠣᠶ᠋ᠢᠨ᠎ᠠ ᠡᠮᠦᠨᠡᠬᠢ ᠶ᠋ᠢ ᠨᠢ ᠪᠢᠲᠡᠭᠡᠢ ᠳᠤᠷᠠᠳ
ᠦᠬᠡᠶ᠋ᠢᠷᠡᠭᠰᠨ ᠬᠣᠶ᠋ᠢᠨ᠎ᠠ ᠪᠠᠶᠠᠨ ᠢ ᠨᠢ ᠪᠢᠲᠡᠭᠡᠢ ᠳᠤᠷᠠᠳ
ᠦᠬᠦᠭᠰᠡᠨ ᠬᠣᠶ᠋ᠢᠨ᠎ᠠ ᠰᠠᠶ᠋ᠢᠨ ᠢ ᠨᠢ ᠪᠢᠲᠡᠭᠡᠢ ᠳᠤᠷᠠᠳ
ᠭᠤᠷᠪᠠᠨ ᠬᠤᠷᠴᠠ
ᠦᠬᠦᠬᠦ ᠬᠥᠮᠦᠨ ᠦ ᠨᠢᠳᠦ ᠨᠢᠭᠡ ᠬᠤᠷᠴᠠ
ᠦᠭᠡᠶ᠋ᠢᠷᠡᠬᠦ ᠬᠥᠮᠦᠨ ᠦ ᠰᠢᠳᠦ ᠨᠢᠭᠡ ᠬᠤᠷᠴᠠ
ᠡᠭᠦᠯᠡᠨ ᠡᠴᠡ ᠭᠠᠷᠤᠭᠰᠠᠨ ᠨᠠᠷᠠ ᠨᠢᠭᠡ ᠬᠤᠷᠴᠠ
ᠦᠰᠦᠭ ᠠᠮᠢᠯᠠᠭᠤᠯᠤᠭᠴᠢ ᠄ ᠳ᠋ᠦ᠋ᠩ ᠹᠧᠩ ᠂ ᠮᠢᠩᠭᠠᠳ ᠴᠢᠮᠡᠭ ᠂ ᠬᠠᠳᠠᠴᠢ ᠤᠷᠠᠨ᠎ᠠ
ᠬᠢᠨᠠᠭᠴᠢ ᠄ ᠮᠢᠩᠭᠠᠳ ᠴᠢᠮᠡᠭ ᠂ ᠬᠠᠷᠠᠨᠤᠳ ᠲᠤᠶᠠᠭ᠎ᠠ
