ᠲᠠᠪᠤᠨ ᠬᠣᠰᠢᠭᠤ ᠮᠠᠯ ᠤ᠋ᠨ ᠮᠠᠭᠲᠠᠭᠠᠯ- ᠢᠷᠦᠭᠡᠯᠴᠢ ᠳ ∙ ᠡᠩᠬᠡᠲᠦᠪᠰᠢᠨTavan khoshuu malyn magtaal. Yeröölch D.EnkhtüvshinТаван хошуу малын магтаал. Ерөөлч Д.Энхтүвшин
ᠲᠠᠪᠤᠨ ᠬᠣᠰᠢᠭᠤ ᠮᠠᠯ ᠤ᠋ᠨ ᠮᠠᠭᠲᠠᠭᠠᠯ
ᠢᠷᠦᠭᠡᠯᠴᠢ᠄ ᠳ᠂ ᠡᠩᠬᠡᠲᠦᠪᠰᠢᠨ
ᠮᠠᠨ ᠤ᠋ ᠤᠯᠤᠰ ᠤ᠋ᠨ ᠰᠦᠯᠳᠡ ᠡᠷᠳᠡᠨᠢ ᠪᠣᠯᠤᠭᠰᠠᠨ
ᠮᠠᠯᠴᠢᠨ ᠲᠦᠮᠡᠨ ᠦ᠌ ᠪᠠᠶᠠᠷ ᠵᠢᠪᠬᠤᠯᠠᠩ ᠪᠣᠯᠤᠭᠰᠠᠨ
ᠲᠠᠪᠤᠨ ᠬᠣᠰᠢᠭᠤ ᠮᠠᠯ ᠰᠦᠷᠦᠭ ᠦ᠋ᠨ ᠢ᠋ᠶ᠋ᠡᠨ ᠮᠠᠭᠲᠠᠭᠠᠯ ᠢ᠋
ᠲᠠ ᠪᠦᠬᠦᠨ ᠳ᠋ᠡᠭᠡᠨ ᠰᠣᠨᠢᠷᠬᠠᠭᠤᠯᠤᠨ ᠬᠡᠯᠡᠶ᠎ᠡ!
ᠬᠣᠨᠢᠨ ᠰᠦᠷᠦᠭ ᠡᠴᠡ ᠪᠡᠨ ᠡᠬᠢᠯᠡᠶ᠎ᠡ
ᠬᠣᠷᠣᠭ᠎ᠠ ᠬᠣᠲᠠ ᠪᠠᠨ ᠴᠢᠮᠡᠭᠯᠡᠭᠰᠡᠨ
ᠬᠣᠩᠬᠣᠷ ᠳᠦᠭᠦᠷᠡᠩ ᠪᠢᠯᠬᠠᠭᠰᠠᠨ
ᠬᠣᠩᠬᠣᠷ ᠰᠦ ᠨᠢ ᠮᠡᠯᠲᠡᠯᠵᠡᠭᠰᠡᠨ
ᠬᠣᠭᠣᠷᠮᠠᠭ ᠲᠠᠷᠠᠭ ᠨᠢ ᠳᠡᠯᠭᠡᠷᠡᠭᠰᠡᠨ
ᠬᠣᠲᠠᠯᠠᠨ ᠢᠷᠡᠵᠦ ᠬᠤᠷᠠᠨ ᠵᠣᠭᠰᠣᠳᠠᠭ
ᠬᠣᠨᠳᠣᠨ ᠴᠠᠭᠠᠨ ᠵᠢᠰᠦᠲᠡᠢ
ᠬᠣᠨᠢᠨ ᠣᠯᠠᠨ ᠰᠦᠷᠦᠭ ᠢ᠋ ᠴᠢᠨᠢ
ᠬᠤᠷᠠᠭᠠᠯᠠᠨ ᠲᠥᠯᠯᠡᠬᠦ ᠦᠶ᠎ᠡ ᠳ᠋ᠦ᠍
ᠬᠠᠭᠤᠷᠠᠢ ᠪᠠᠭᠤᠴᠠ ᠶ᠋ᠢ ᠨᠢ ᠪᠠᠢᠵᠠᠭᠠᠭᠰᠠᠨ
ᠬᠤᠵᠢᠷ ᠱᠦ ᠶ᠋ᠢ ᠨᠢ ᠳᠡᠪᠢᠰᠦᠭᠰᠡᠨ
ᠬᠠᠰᠢᠶ᠎ᠠ ᠬᠣᠷᠣᠭ᠎ᠠ ᠶ᠋ᠢ ᠵᠠᠰᠠᠭᠰᠠᠨ
ᠬᠠᠯᠠᠭᠤᠴᠠᠨ ᠳᠤᠯᠠᠭᠠᠨ ᠬᠡᠪᠲᠡᠯᠭᠡ ᠲᠡᠢ
ᠬᠦᠷᠦᠪᠡ ᠨᠢᠯᠬ᠎ᠠ ᠶ᠋ᠢᠨ ᠲᠠᠰᠤᠯᠭ᠎ᠠ ᠲᠠᠢ
ᠡᠪᠦᠯ ᠵᠤᠨ ᠤ᠋ ᠪᠡᠯᠡᠳᠬᠡᠯ ᠲᠡᠢ
ᠤᠰᠤ ᠨᠢ ᠬᠥᠯᠳᠡᠳᠡᠭ ᠦᠭᠡᠢ ᠬᠤᠳᠳᠤᠭ ᠲᠠᠢ
ᠠᠨᠠᠭᠠᠬᠤ ᠤᠬᠠᠭᠠᠨ ᠤ᠋ ᠡᠮᠨᠡᠯᠭᠡ ᠲᠡᠢ
ᠠᠵᠢᠯᠯᠠᠬᠤ ᠬᠡᠮᠵᠢᠶᠡᠨ ᠦ᠌ ᠵᠢᠵᠢᠭᠦᠷ ᠲᠡᠢ
ᠬᠥᠪᠥᠩ ᠵᠥᠭᠡᠯᠡᠨ ᠨᠣᠣᠰᠣ ᠪᠠᠷ ᠢ᠋ᠶ᠋ᠠᠨ
ᠬᠥᠷᠥᠰᠥᠯᠢᠭ ᠵᠤᠵᠠᠭᠠᠨ ᠠᠷᠠᠰᠤ ᠪᠠᠷ ᠢ᠋ᠶ᠋ᠠᠨ
ᠬᠥᠯᠳᠡᠭᠦᠦ ᠲᠦᠭᠦᠬᠡᠢ ᠡᠳ᠋ ᠢ᠋ᠶ᠋ᠡᠷ ᠢ᠋ᠶ᠋ᠡᠨ
ᠦᠢᠯᠡᠳᠪᠦᠷᠢ ᠠᠷᠠᠳ ᠲᠦᠮᠡᠨ ᠦ᠌ ᠪᠡᠨ
ᠬᠡᠷᠡᠭᠴᠡᠭᠡ ᠶ᠋ᠢ ᠬᠠᠩᠭᠠᠭᠰᠠᠨ
ᠬᠠᠪᠲᠠᠭᠠᠢ ᠳᠥᠷᠪᠡᠯᠵᠢᠨ ᠤᠭᠤᠴᠠ ᠲᠠᠢ
ᠬᠠᠳᠤᠭᠤᠷ ᠳᠦᠭᠦᠷᠡᠩ ᠰᠡᠭᠦᠯ ᠲᠡᠢ
ᠬᠠᠯᠠᠭᠤᠨ ᠳᠤᠯᠠᠭᠠᠨ ᠢᠯᠴᠢ ᠲᠡᠢ
ᠬᠠᠮᠤᠭ ᠤ᠋ᠨ ᠴᠢᠬᠤᠯᠠ ᠠᠰᠢᠭ ᠲᠠᠢ
ᠣᠪᠣᠭ᠎ᠠ ᠲᠣᠯᠣᠭᠠᠢᠳ ᠪᠦᠷᠬᠦᠭᠰᠡᠨ
ᠣᠯᠠᠨ ᠵᠠᠭᠤ ᠪᠠᠷ ᠰᠠᠭᠤᠷᠢᠯᠠᠭᠰᠠᠨ
ᠣᠢᠷ᠎ᠠ ᠬᠣᠯᠠ ᠶ᠋ᠢᠨ ᠬᠠᠷᠠᠭᠤᠯᠤᠭᠠ ᠲᠠᠢ
ᠤᠰᠤᠨ ᠵᠠᠮ ᠤ᠋ᠨ ᠪᠡᠯᠴᠢᠭᠡᠷ ᠲᠡᠢ
ᠳᠠᠭᠠᠨ᠎ᠠ ᠨᠣᠭᠣᠭ᠎ᠠ ᠨᠢ ᠬᠠᠩᠬᠤᠯᠤᠭᠰᠠᠨ
ᠲᠠᠷᠢᠶ᠎ᠠ ᠪᠤᠳᠠᠭ᠎ᠠ ᠰᠢᠭ᠋ ᠦᠷᠡᠵᠢᠭᠰᠡᠨ
ᠲᠠᠩᠰᠤᠭ ᠪᠠᠶᠠᠨ ᠰᠦᠷᠦᠭ ᠨᠢ
ᠬᠣᠨᠢᠨ ᠰᠦᠷᠦᠭ ᠪᠢᠯᠡ᠃
ᠢᠮᠠᠭᠠᠨ ᠰᠦᠷᠦᠭ ᠢ᠋ ᠨᠢ ᠬᠡᠯᠡᠪᠡᠯ᠄
ᠬᠠᠲᠠᠭ᠎ᠠ ᠮᠢᠩᠭᠠᠯᠢᠭ ᠵᠢᠰᠦᠲᠡᠢ
ᠭᠠᠩᠭᠠᠩ ᠬᠡᠭᠡᠨᠴᠢᠷ ᠮᠠᠶᠢᠭᠲᠠᠢ
ᠬᠣᠨᠢᠨ ᠳ᠋ᠤ᠌ ᠨᠢ ᠬᠠᠨᠢ ᠲᠠᠢ
ᠬᠣᠲᠠᠨ ᠳ᠋ᠤ᠌ ᠨᠢ ᠪᠠᠷ᠎ᠠ ᠲᠠᠢ
ᠰᠡᠯᠡᠮ᠎ᠡ ᠵᠠᠢᠳᠠᠩ ᠡᠪᠡᠷ ᠲᠡᠢ
ᠰᠡᠢᠳᠡᠩ ᠪᠣᠰᠤᠭ᠎ᠠ ᠴᠢᠬᠢ ᠲᠡᠢ
ᠰᠢᠩᠭᠡᠨ ᠨᠠᠷᠢᠬᠠᠨ ᠳᠠᠭᠤ ᠲᠠᠢ
ᠤᠭᠤᠷᠠᠭ ᠰᠦ ᠪᠡᠷ ᠢ᠋ᠶ᠋ᠡᠨ ᠠᠷᠪᠢᠩᠬᠠᠨ
ᠢᠬᠡᠷ᠎ᠡ ᠭᠣᠣᠯᠳᠠᠭᠤ ᠢᠰᠢᠭᠡᠯᠡᠳᠡᠭ
ᠰᠤᠪᠤᠳ ᠤ᠋ᠨ ᠡᠷᠳᠡᠨᠢ ᠰᠢᠭ ᠨᠣᠯᠤᠤᠷ ᠲᠠᠢ
ᠰᠢᠭᠤᠷᠬᠠᠢ ᠬᠥᠩᠭᠡᠨ ᠬᠥᠳᠡᠯᠭᠡᠭᠡᠨ ᠲᠡᠢ
ᠬᠣᠨᠢ ᠶ᠋ᠢ ᠨᠢ ᠪᠠᠭᠠᠬᠠᠨ ᠳᠠᠭᠠᠭᠤᠯᠤᠮᠲᠠᠭᠠᠢ
ᠬᠣᠷᠣᠭᠠᠨ ᠤ᠋ ᠮᠤᠬᠤᠷ ᠢ᠋ ᠡᠵᠡᠯᠡᠮᠡᠲᠡᠭᠡᠢ
ᠨᠥᠬᠥᠳ ᠢ᠋ ᠵᠢᠭᠠᠬᠠᠨ ᠭᠠᠳᠠᠭᠤᠷᠯᠠᠮᠲᠠᠭᠠᠢ
ᠨᠥᠮᠥᠷᠢ ᠶ᠋ᠢ ᠲᠦᠷᠭᠡᠨ ᠣᠯᠣᠮᠲᠠᠭᠠᠢ
ᠠᠰᠬ᠎ᠠ ᠬᠠᠳᠠᠨ ᠳ᠋ᠤ᠌ ᠨᠢ ᠠᠪᠠᠷᠢᠮᠠᠲᠠᠭᠠᠢ
ᠠᠮᠲᠠᠲᠤ ᠤᠷᠭᠤᠮᠠᠯ ᠳ᠋ᠤ᠌ ᠨᠢ ᠰᠢᠯᠢᠮᠲᠡᠬᠡᠢ
ᠳᠤᠯᠠᠭᠠᠨ ᠬᠠᠰᠢᠶᠠᠨ ᠳ᠋ᠤ᠌ ᠪᠠᠢᠷᠢᠯᠠᠭᠰᠠᠨ
ᠡᠷᠳᠡᠨᠢᠲᠦ ᠪᠠᠶᠠᠨ ᠰᠦᠷᠦᠭ ᠨᠢ
ᠢᠮᠠᠭᠠᠨ ᠰᠦᠷᠦᠭ ᠪᠢᠯᠡ᠃
ᠦᠬᠡᠷ ᠮᠥᠷᠭᠥᠳᠡᠭ ᠦᠭᠡᠢ
ᠦᠨᠢᠶ᠎ᠡ ᠰᠤᠪᠠᠢᠷᠠᠭᠤᠯᠳᠠᠭ ᠦᠭᠡᠢ
ᠲᠤᠭᠤᠯᠭ᠎ᠠ ᠬᠦᠵᠦᠭᠦᠦ ᠨᠢ ᠪᠦᠳᠦᠭᠦᠷᠡᠭᠰᠡᠨ
ᠲᠣᠬᠣᠮ ᠢ᠋ᠶ᠋ᠠᠷ ᠨᠢ ᠪᠦᠷᠵᠦᠢᠭᠰᠡᠨ
ᠪᠥᠭᠡᠷᠡᠩᠬᠡᠢ ᠡᠪᠡᠷ ᠲᠡᠢ
ᠪᠥᠭᠲᠦᠭᠡᠷ ᠰᠡᠷᠪᠡᠭᠡ ᠲᠡᠢ
ᠲᠤᠷᠠᠵᠤ ᠡᠴᠢᠵᠦ ᠶᠠᠳᠠᠷᠠᠭ᠎ᠠ ᠦᠭᠡᠢ
ᠲᠤᠭᠤᠯ ᠮᠢᠬ᠎ᠠ ᠪᠠᠨ ᠪᠠᠷᠠᠭ᠎ᠠ ᠦᠭᠡᠢ
ᠤᠭᠲᠤᠨ ᠢᠷᠡᠵᠦ ᠤᠷᠤᠮᠳᠠᠵᠤ ᠮᠥᠭᠡᠷᠡᠳᠡᠭ
ᠤᠯᠠᠭᠠᠨ ᠬᠦᠷᠡᠩ ᠪᠤᠬᠠᠨ ᠤ᠋ ᠮᠠᠨᠢ
ᠤᠤᠯ ᠢᠵᠢᠯᠢ ᠰᠦᠷᠦᠭ ᠨᠢ ᠭᠡᠪᠡᠯ᠄
ᠰᠡᠪᠡᠭ ᠰᠠᠢᠲᠠᠢ ᠰᠠᠷᠯᠤᠭ ᠨᠤᠭᠤᠳ
ᠰᠠᠢᠬᠠᠨ ᠪᠡᠶ᠎ᠡ ᠲᠡᠢ ᠬᠠᠢᠨᠤᠭ ᠨᠤᠭᠤᠳ
ᠰᠠᠮᠨᠠᠨ ᠠᠪᠳᠠᠭ ᠭᠦᠪᠦᠷ ᠲᠡᠢ
ᠰᠠᠢᠨ ᠤᠭᠰᠠᠭᠠᠨ ᠤ᠋ ᠦᠨᠢᠶ᠎ᠡ ᠨᠦ᠍ᠭᠦᠳ
ᠷᠠᠰᠢᠶᠠᠨ ᠪᠤᠯᠠᠭ ᠰᠦ ᠪᠡᠷ ᠢ᠋ᠶ᠋ᠡᠨ
ᠠᠷᠠᠳ ᠲᠦᠮᠡᠨ ᠢ᠋ ᠪᠡᠨ ᠬᠠᠩᠭᠠᠭᠰᠠᠨ
ᠠᠷᠠᠰᠤ ᠰᠢᠷᠢ ᠪᠡᠷ ᠵᠤᠵᠠᠭᠠᠨ
ᠠᠰᠢᠭ ᠰᠢᠮ᠎ᠡ ᠪᠡᠷ ᠶᠡᠬᠡᠬᠡᠨ
ᠰᠠᠯᠠᠭ᠎ᠠ ᠳᠥᠷᠪᠡᠨ ᠲᠤᠭᠤᠷᠠᠢ ᠲᠠᠢ
ᠰᠠᠬᠤᠯᠠᠭ ᠠᠷᠪᠢᠨ ᠬᠥᠭᠡᠪᠦᠷ ᠲᠡᠢ
ᠲᠡᠷᠭᠡᠨ ᠳ᠋ᠦ᠍ ᠣᠷᠣᠪᠠᠯ ᠲᠡᠩᠬᠡᠯ ᠲᠡᠢ
ᠲᠡᠷᠰᠬᠦᠳ ᠨᠢ ᠬᠥᠳᠡᠯᠪᠡᠯ ᠶᠠᠳᠠᠷᠠᠭ᠎ᠠ ᠲᠠᠢ
ᠵᠠᠭᠠᠨ ᠠ᠋ᠴᠠ ᠳᠤᠲᠠᠬᠤ ᠦᠭᠡᠢ ᠴᠢᠳᠠᠯ ᠲᠠᠢ
ᠵᠢᠭᠠᠰᠤᠨ ᠠ᠋ᠴᠠ ᠳᠤᠲᠠᠬᠤ ᠦᠭᠡᠢ ᠤᠰᠤᠴᠢᠨ
ᠵᠠᠮ ᠲᠠᠭᠠᠷᠠᠪᠠᠯ ᠴᠤᠪᠤᠳᠠᠭ
ᠵᠠᠯᠬᠠᠭᠤ ᠨᠢ ᠬᠦᠷᠪᠡᠯ ᠬᠡᠪᠲᠡᠳᠡᠭ
ᠬᠡᠭᠡᠷ᠎ᠡ ᠶ᠋ᠢᠨ ᠪᠡᠯᠴᠢᠭᠡᠷ ᠲᠦ᠍ ᠬᠡᠪᠲᠡᠩᠬᠡᠢ
ᠬᠡᠯᠡ ᠪᠡᠨ ᠣᠷᠢᠶᠠᠵᠤ ᠢᠳᠡᠮᠡᠬᠡᠢ
ᠨᠠᠨᠵᠢᠨ ᠱᠣᠭᠣᠭᠠᠨ ᠡᠪᠡᠷ ᠲᠡᠢ
ᠨᠠᠷᠢᠨ ᠭᠣᠶᠣᠮᠰᠣᠭ ᠰᠡᠭᠦᠯ ᠲᠡᠢ
ᠬᠦᠵᠦᠭᠦᠦ ᠰᠡᠷᠪᠡᠭᠡ ᠨᠢ ᠲᠡᠪᠬᠡᠢᠭᠰᠡᠨ
ᠬᠥᠬᠥ ᠳᠠᠯᠢᠩ ᠨᠢ ᠰᠡᠷᠪᠡᠢᠭᠰᠡᠨ
ᠬᠦᠳᠡᠷ ᠴᠢᠬᠢᠷᠡᠭ ᠰᠢᠨᠵᠢ ᠲᠡᠢ
ᠲᠥᠭᠡᠷᠢᠵᠦ ᠶᠡᠷᠦ ᠦᠵᠡᠭᠡ ᠦᠭᠡᠢ
ᠲᠥᠯ ᠶᠡᠷᠦᠳᠡᠭᠡᠨ ᠠᠯᠳᠠᠳᠠᠭ ᠦᠭᠡᠢ
ᠴᠤᠪᠤᠨ ᠢᠷᠡᠭᠡᠳ ᠴᠤᠭᠯᠠᠷᠠᠨ ᠰᠠᠭᠠᠯᠠᠭᠠᠳᠠᠭ
ᠰᠦᠨ ᠳᠠᠯᠠᠢ ᠰᠦᠷᠦᠭ ᠦ᠋ᠨ ᠳᠡᠭᠡᠵᠢ ᠨᠢ
ᠦᠬᠡᠷ ᠰᠦᠷᠦᠭ ᠠ᠋ !
ᠠᠪᠤ ᠶ᠋ᠢᠨ ᠬᠦᠦ ᠶ᠋ᠢᠨ ᠤᠨᠤᠭ᠎ᠠ ᠪᠣᠯᠤᠭᠰᠠᠨ
ᠠᠷᠠᠳ ᠤ᠋ᠨ ᠨᠠᠭᠠᠳᠤᠮ ᠤ᠋ᠨ ᠴᠢᠮᠡᠭ ᠪᠣᠯᠤᠭᠰᠠᠨ
ᠠᠵᠠ ᠬᠡᠢᠮᠣᠷᠢ ᠶ᠋ᠢᠨ ᠬᠢᠨᠢ ᠲᠩᠷᠢ ᠪᠣᠯᠤᠭᠰᠠᠨ
ᠠᠳᠤᠭᠤᠨ ᠰᠦᠷᠦᠭ ᠢ᠋ ᠨᠢ ᠬᠡᠯᠡᠪᠡᠯ᠄
ᠬᠥᠭᠡᠪᠦᠷᠯᠡᠨ ᠳᠡᠯᠯᠡᠭᠰᠡᠨ ᠠᠳᠤᠭᠤ ᠨᠤᠭᠤᠳ
ᠬᠦᠷᠦᠪᠡ ᠨᠢᠯᠬ᠎ᠠ ᠤᠨᠠᠭ᠎ᠠ ᠨᠤᠭᠤᠳ
ᠬᠥᠭᠰᠢᠨ ᠵᠠᠯᠠᠭᠤ ᠭᠡᠭᠦᠦ ᠮᠣᠷᠢᠳ
ᠤᠶᠠᠳᠠᠭ ᠭᠦᠶᠦᠳᠡᠭ ᠬᠦᠯᠦᠭ ᠨᠦ᠍ᠭᠦᠳ
ᠤᠷᠭ᠎ᠠ ᠴᠢᠩᠭ᠎ᠠ ᠮᠣᠷᠢ ᠨᠤᠭᠤᠳ
ᠠᠭᠳᠠᠯᠠᠨ ᠬᠥᠩᠭᠡᠯᠡᠭᠰᠡᠨ ᠦᠷᠢᠶ᠎ᠡ ᠨᠦ᠍ᠭᠦᠳ
ᠠᠪᠬᠠᠯᠵᠢ ᠰᠡᠷᠭᠦᠯᠡᠩ ᠪᠠᠢᠳᠠᠰᠤ ᠨᠤᠭᠤᠳ
ᠰᠢᠨ᠎ᠠ ᠰᠠᠢᠲᠠᠢ ᠭᠡᠭᠦᠦ ᠨᠦ᠍ᠭᠦᠳ
ᠰᠢᠨ᠎ᠡ ᠪᠡᠷ ᠰᠤᠷᠭᠠᠭᠰᠠᠨ ᠳᠠᠭ᠎ᠠ ᠨᠤᠭᠤᠳ
ᠡᠪᠯᠡᠭᠦᠯᠦᠨ ᠨᠡᠢᠯᠡᠭᠦᠯᠪᠡᠯ ᠡᠷ᠎ᠡ ᠶ᠋ᠢᠨ ᠬᠡᠢᠮᠣᠷᠢ
ᠠᠳᠤᠭᠤᠨ ᠰᠦᠷᠦᠭ ᠨᠢ ᠪᠦᠷᠢᠳᠳᠡᠭ ᠶᠦᠮ ᠪᠠᠢᠨ᠎ᠠ
ᠡᠯᠮᠢᠭ ᠳᠣᠭᠰᠢᠨ ᠢ᠋ ᠨᠢ ᠰᠤᠷᠭᠠᠵᠤ ᠪᠠᠢᠶ᠎ᠠ
ᠡᠳ᠋ᠯᠡᠨ ᠣᠨᠣᠭᠤᠯᠭᠠ ᠶ᠋ᠢ ᠨᠢ ᠦᠵᠡᠭᠦᠯᠵᠦ ᠪᠠᠢᠶ᠎ᠠ
ᠵᠠᠷᠢᠮ ᠨᠢᠭᠡ ᠮᠣᠷᠢᠳ ᠤ᠋ᠨ ᠢ᠋ᠶ᠋ᠠᠨ
ᠵᠠᠩ ᠶᠠᠪᠤᠳᠠᠯ ᠠ᠋ᠴᠠ ᠨᠢ ᠬᠡᠯᠡᠪᠡᠯ
ᠰᠡᠳᠬᠢᠯ ᠰᠡᠷᠭᠦᠭᠡᠮ᠎ᠡ ᠠᠯᠬᠤᠭᠤᠯᠤᠭᠰᠠᠨ
ᠰᠠᠩᠰᠠᠯᠠᠨ ᠪᠠᠢᠵᠤ ᠵᠢᠷᠣᠭᠠᠯᠠᠭᠰᠠᠨ
ᠬᠠᠵᠠᠭᠠᠷ ᠳᠠᠷᠤᠮ᠎ᠠ ᠲᠡᠮᠡᠦᠯᠦᠭᠰᠡᠨ
ᠬᠠᠳᠠᠨ ᠳᠡᠭᠡᠷ᠎ᠡ ᠳᠤᠭᠲᠤᠷᠤᠭᠰᠠᠨ
ᠬᠠᠲᠠᠷᠢᠨ ᠡᠷᠭᠢᠵᠦ ᠠᠷᠠᠯᠵᠠᠭᠰᠠᠨ
ᠬᠠᠳᠠ ᠲᠠᠢ ᠭᠠᠵᠠᠷ ᠭᠠᠩ ᠲᠠᠢ ᠶᠤᠮ ᠰᠢᠭ᠋
ᠬᠠᠷᠠᠩᠭᠤᠢ ᠰᠥᠨᠢ ᠳ᠋ᠧᠩᠯᠦ ᠲᠡᠢ ᠶᠦᠮ ᠰᠢᠭ
ᠬᠠᠵᠠᠭᠠᠷ ᠪᠤᠯᠢᠶᠠᠮ᠎ᠠ ᠠᠭᠰᠤᠮ ᠴᠤ᠌ ᠪᠣᠢ
ᠪᠤᠷᠤᠭᠤ ᠵᠥᠪ ᠦᠭᠡᠢ ᠨᠣᠮᠣᠬᠠᠨ ᠴᠤ᠌ ᠪᠣᠢ
ᠪᠤᠯᠭᠢᠨ ᠴᠠᠮᠨᠠᠳᠠᠭ ᠡᠷᠭᠢᠴᠡᠭᠡ ᠴᠦ᠍ ᠪᠣᠢ
ᠵᠠ ᠲᠡᠷᠡ ᠪᠦᠭᠦᠳᠡ ᠶ᠋ᠢ ᠨᠢ ᠲᠣᠭᠠᠴᠢᠵᠤ
ᠶᠠᠭᠠᠬᠢᠵᠤ ᠪᠠᠷᠠᠬᠤ ᠪᠣᠢ᠃
ᠲᠡᠮᠡᠭᠡᠨ ᠰᠦᠷᠦᠭ ᠢ᠋ᠶ᠋ᠡᠨ ᠮᠠᠭᠲᠠᠶ᠎ᠠ᠄
ᠵᠠᠩ ᠰᠠᠢᠲᠠᠢ ᠵᠠᠯᠠᠭᠤ ᠨᠠᠰᠤᠲᠠᠢ
ᠨᠣᠣᠰᠣ ᠰᠠᠢᠲᠠᠢ ᠨᠣᠮᠣᠬᠠᠨ ᠲᠥᠯᠥᠪ
ᠰᠢᠷᠡᠭᠡ ᠲᠡᠭᠰᠢᠬᠡᠨ ᠪᠦᠬᠦ ᠲᠡᠢ
ᠰᠢᠯᠢ ᠪᠡᠷ ᠳᠦᠭᠦᠷᠡᠩ ᠵᠣᠭᠳᠣᠷ ᠲᠠᠢ
ᠰᠢᠯᠢᠮᠡᠯ ᠰᠠᠢᠬᠠᠨ ᠨᠣᠣᠰᠣ ᠲᠠᠢ
ᠰᠢᠯᠢᠨ ᠲᠤᠩᠭᠠᠯᠠᠭᠬᠠᠨ ᠨᠢᠳᠦ ᠲᠡᠢ
ᠰᠢᠮ᠎ᠡ ᠰᠦ ᠪᠡᠷ ᠢ᠋ᠶ᠋ᠡᠨ ᠠᠷᠪᠢᠩᠬᠠᠨ
ᠥᠨᠳᠥᠷ ᠭᠤᠸᠠᠯᠢᠭ ᠴᠣᠭᠴᠠ ᠲᠠᠢ
ᠥᠷᠭᠡᠨ ᠵᠤᠵᠠᠭᠠᠨ ᠲᠠᠪᠠᠬᠠᠢ ᠲᠠᠢ
ᠥᠪᠡᠷᠲᠡᠭᠡᠨ ᠪᠥᠮᠪᠥᠯᠵᠡᠩᠬᠡᠨ ᠰᠡᠭᠦᠯ ᠲᠡᠢ
ᠡᠪᠦᠯ ᠦ᠋ᠨ ᠬᠦᠢᠲᠡᠨ ᠳ᠋ᠦ᠍ ᠲᠡᠰᠪᠦᠷᠢᠲᠡᠢ
ᠥᠯ ᠬᠣᠭᠣᠯᠠ ᠳᠠᠭᠠᠭᠠᠬᠤ ᠳ᠋ᠤ᠌ ᠪᠠᠨ ᠰᠠᠢᠨ
ᠠᠯᠲᠠᠨ ᠰᠢᠷᠭᠠᠯ ᠵᠢᠰᠦᠲᠡᠢ
ᠠᠯᠤᠰ ᠤ᠋ᠨ ᠬᠣᠯᠠ ᠪᠠᠷ ᠪᠡᠯᠴᠢᠭᠡᠷ ᠲᠡᠢ
ᠠᠢᠯ ᠬᠣᠲᠠ ᠪᠠᠨ ᠨᠡᠭᠦᠯᠭᠡᠳᠡᠭ
ᠠᠷᠭᠠᠯ ᠤᠰᠤ ᠪᠠᠨ ᠲᠠᠲᠠᠳᠠᠭ
ᠬᠠᠰᠢᠶ᠎ᠠ ᠬᠣᠷᠣᠭ᠎ᠠ ᠬᠠᠳᠤᠯᠠᠩ ᠪᠣᠷᠳᠣᠭ᠎ᠠ
ᠬᠠᠮᠤᠭ ᠠᠵᠢᠯ ᠢ᠋ ᠨᠤᠭᠤᠯᠵᠤ ᠥᠭᠳᠡᠭ
ᠠᠴᠢ ᠲᠤᠰᠠ ᠶ᠋ᠢ ᠨᠢ ᠦᠨᠡᠯᠡᠭᠡᠳ ᠪᠠᠷᠠᠬᠤ ᠦᠭᠡᠢ
ᠠᠰᠢᠭ ᠰᠢᠮ᠎ᠡ ᠶ᠋ᠢ ᠨᠢ ᠮᠠᠭᠲᠠᠭᠠᠳ ᠪᠠᠷᠠᠬᠤ ᠦᠭᠡᠢ
ᠰᠢᠷᠡᠭᠡ ᠰᠠᠢᠬᠠᠨ ᠰᠢᠯᠢᠳᠡᠭ ᠠᠳᠠ ᠨᠤᠭᠤᠳ
ᠰᠢᠯᠢ ᠪᠡᠨ ᠱᠦᠷᠭᠦᠭᠰᠡᠨ ᠪᠣᠭᠣᠷᠤᠨ ᠲᠠᠢᠯᠤᠭ ᠨᠤᠭᠤᠳ
ᠦᠢ ᠣᠯᠠᠨ ᠢᠩᠭᠡ
ᠦᠶ᠎ᠡ ᠶ᠋ᠢᠨ ᠣᠯᠠᠨ ᠪᠣᠲᠣᠭᠣ ᠲᠣᠷᠣᠮ
ᠡᠶᠡᠯᠳᠡᠨ ᠨᠡᠢᠯᠡᠭᠰᠡᠨ ᠲᠡᠨᠢᠭᠡᠷ ᠭᠣᠪᠢ ᠶ᠋ᠢᠨ
ᠲᠩᠷᠢᠯᠢᠭ ᠰᠠᠢᠬᠠᠨ ᠲᠡᠮᠡᠭᠡᠨ ᠰᠦᠷᠦᠭ ᠮᠢᠨᠢ
ᠪᠦᠷᠢᠳᠳᠡᠭ ᠶᠦᠮ ᠪᠠᠢᠨ᠎ᠠ᠃
ᠲᠡᠩᠬᠡᠭᠡ ᠴᠢᠳᠠᠯ ᠢ᠋ ᠨᠢ ᠰᠠᠭᠤᠯᠭᠠᠵᠤ ᠪᠠᠢ
ᠲᠡᠰᠪᠦᠷᠢ ᠬᠠᠲᠠᠭᠤᠵᠢᠯ ᠢ᠋ ᠨᠢ ᠣᠯᠭᠣᠵᠤ ᠪᠠᠢ
ᠬᠠᠮᠠᠷ ᠠᠮᠠ ᠶ᠋ᠢ ᠨᠢ ᠬᠠᠢᠷᠠᠯᠠᠵᠤ ᠪᠠᠢ
ᠬᠠᠴᠢ ᠶ᠋ᠢᠨ ᠬᠣᠮᠲᠠᠢ ᠤᠨᠤᠵᠤ ᠡᠳ᠋ᠯᠡᠵᠦ ᠪᠠᠢ
ᠲᠠᠭᠠᠯᠠᠯ ᠲᠠᠢ ᠪᠡᠯᠴᠢᠭᠡᠷ ᠲᠦ᠋ᠨᠢ ᠭᠠᠷᠭᠠᠵᠤ ᠪᠠᠢ
ᠲᠠᠷᠭᠤ ᠬᠦᠴᠦ ᠶ᠋ᠢ ᠨᠢ ᠠᠬᠢᠭᠤᠯᠵᠤ ᠪᠠᠢ
ᠲᠠᠪᠠᠲᠠᠢ ᠰᠠᠢᠬᠠᠨ ᠤᠰᠤᠯᠠᠵᠤ ᠪᠠᠢ
ᠵᠤᠨᠵᠢᠨ ᠨᠠᠮᠤᠷᠵᠢᠨ ᠣᠲᠣᠷᠯᠠᠵᠤ
ᠵᠤᠵᠠᠭᠠᠨ ᠲᠠᠷᠭᠤ ᠶ᠋ᠢ ᠨᠢ ᠠᠬᠢᠭᠤᠯᠵᠤ
ᠡᠪᠦᠯᠵᠢᠨ ᠬᠠᠪᠤᠷᠵᠢᠨ ᠠᠷᠠᠴᠢᠯᠠᠵᠤ
ᠦᠨᠡᠲᠡᠢ ᠲᠠᠷᠭᠤ ᠶ᠋ᠢ ᠨᠢ ᠣᠷᠣᠭᠤᠯᠵᠤ
ᠠᠷᠪᠢᠨ ᠪᠠᠶᠠᠨ ᠰᠦᠷᠦᠭ ᠢ᠋ᠶ᠋ᠡᠨ
ᠠᠷᠪᠠᠢ ᠪᠤᠳᠠᠭ᠎ᠠ ᠰᠢᠭ᠋ ᠥᠰᠬᠡᠵᠦ
ᠲᠣᠭᠣᠭ᠎ᠠ ᠲᠣᠭᠣᠭ᠎ᠠ ᠪᠠᠷ ᠰᠦ ᠪᠡᠨ ᠬᠥᠭᠡᠷᠦᠭᠦᠯᠵᠦ
ᠲᠣᠰᠣ ᠥᠷᠥᠮ᠎ᠡ ᠠᠷᠪᠢᠨᠲᠠᠢ
ᠬᠤᠪᠢᠩ ᠬᠤᠪᠢᠩ ᠢ᠋ᠶ᠋ᠠᠷ ᠠᠢᠷᠠᠭ ᠢ᠋ᠶ᠋ᠠᠨ ᠰᠥᠩᠨᠡᠵᠦ
ᠬᠤᠪᠢᠩ ᠢ᠋ᠶ᠋ᠠᠷ ᠳᠦᠭᠦᠷᠡᠩ ᠨᠤᠭᠤᠷᠠᠭ᠎ᠠ ᠪᠠᠨ ᠲᠣᠭᠣᠷᠢᠭᠤᠯᠵᠤ
ᠠᠵᠢᠯᠯᠠᠭᠠᠨ ᠤ᠋ ᠰᠠᠢᠨ ᠢ᠋ᠶ᠋ᠠᠷ ᠠᠪᠤᠷᠭᠤ ᠮᠠᠯᠴᠢᠨ ᠪᠣᠯᠵᠤ
ᠪᠠᠶᠠᠯᠢᠭ ᠶᠡᠬᠡ ᠪᠦᠲᠦᠭᠡᠯ ᠢ᠋ᠶ᠋ᠡᠷ ᠢ᠋ᠶ᠋ᠡᠨ ᠪᠠᠭᠠᠲᠤᠷ ᠮᠠᠯᠴᠢᠨ ᠪᠣᠯᠵᠤ
ᠳᠡᠭᠵᠢᠨ ᠬᠥᠭᠵᠢᠨ ᠶᠠᠪᠤᠬᠤ ᠶ᠋ᠢᠨ
ᠳᠡᠭᠡᠭᠰᠢ ᠴᠠᠰᠢ ᠪᠠᠨ ᠥᠷᠨᠢᠬᠦ ᠶ᠋ᠢᠨ
ᠥᠯᠵᠡᠢ ᠪᠡᠯᠭᠡᠲᠦ ᠢᠷᠦᠭᠡᠯ ᠢ᠋
ᠥᠷᠭᠡᠨ ᠣᠯᠠᠨ ᠮᠠᠯᠴᠢᠨ ᠲᠦᠮᠡᠨ ᠳ᠋ᠡᠭᠡᠨ
ᠥᠭᠡᠳᠡ ᠥᠭᠡᠳᠡ ᠪᠡᠨ
ᠳᠡᠭᠡᠭᠰᠢ ᠲᠡᠭᠡᠭᠡᠰᠢ ᠪᠡᠨ ᠳᠡᠪᠰᠢᠭᠦᠯᠦᠨ ᠪᠠᠷᠢᠶ᠎ᠠ
ᠬᠤᠷᠤᠢ! ᠬᠤᠷᠤᠢ! ᠬᠤᠷᠤᠢ!
ᠦᠰᠦᠭ ᠠᠮᠢᠯᠠᠭᠤᠯᠤᠭᠴᠢ᠄ ᠵᠢᠷᠠᠨᠲᠠᠢ
ᠦᠰᠦᠭ ᠬᠠᠲᠠᠭᠴᠢ᠄ ᠵᠢᠷᠠᠨᠲᠠᠢ
ᠬᠢᠨᠠᠭᠴᠢ᠄ ᠬᠦᠩᠭᠠᠷ᠂ ᠤᠤᠭᠠᠨᠵᠢᠳ
ᠠᠳᠤᠭᠤᠨ ᠤ ᠪᠡᠶ᠎ᠡ ᠶᠢᠨ ᠡᠯ᠎ᠡ ᠡᠷᠬᠡᠲᠡᠨ ᠦ ᠨᠡᠷᠡᠢᠳᠦᠯ

