ᠰᠡᠤᠠᠬᠢᠯ ᠳᠤ ᠬᠣᠨᠣᠭᠰᠢᠬᠰᠠᠨ ᠭ · ᠴᠢᠩᠪᠠᠭᠠᠲᠤᠷ ᠦ᠋ᠨ ᠲᠤᠬᠠᠢ ᠳᠤᠷᠠᠰᠤᠮᠵᠢ - ᠣᠶᠤᠨᠭᠡᠷᠡᠯ Сэтгэлд хоногшихсон Г · Чинбаатарын тухай дурсамж - Оюунгэрэл
ᠰᠡᠤᠠᠬᠢᠯ ᠳᠤ ᠬᠣᠨᠣᠭᠰᠢᠬᠰᠠᠨ ᠭ · ᠴᠢᠩᠪᠠᠭᠠᠲᠤᠷ ᠦ᠋ᠨ ᠲᠤᠬᠠᠢ ᠳᠤᠷᠠᠰᠤᠮᠵᠢ
ᠣᠶᠤᠨᠭᠡᠷᠡᠯ
ᠭ · ᠴᠢᠩᠪᠠᠭᠠᠲᠤᠷ ᠭᠡᠬᠦ ᠬᠥᠮᠦᠨ ᠦ᠌ ᠠᠯᠳᠠᠷ ᠊ᠢ ᠲᠤᠭᠤᠯᠬᠤ ᠪᠦᠷᠢ ᠣᠯᠠᠩᠬᠢ ᠷᠠᠳᠢᠣ᠋ ᠰᠣᠨᠣᠰᠤᠭᠴᠢ ᠪᠤᠶᠤ ᠲᠧᠯᠸᠢᠰ ᠦᠵᠡᠭᠴᠢ ᠪᠦᠬᠦᠨ ᠦ᠌ ᠰᠡᠳᠬᠢᠯ ᠳ᠋ᠦ᠍ ᠬᠣᠨᠣᠭᠰᠢᠭᠰᠠᠨ ᠬᠠᠯᠠᠭᠤᠨ ᠳᠣᠲᠣᠨᠣ ᠬᠥᠮᠦᠨ ᠦ᠌ ᠨᠢᠭᠡ ᠭᠡᠳᠡᠭ ᠲᠦ᠍ ᠡᠷᠡᠭᠡᠯᠵᠡᠭᠡ ᠦᠭᠡᠢ ᠪᠠᠶ᠋ᠢᠨ᠎ᠠ ᠃ ᠮᠢᠨᠦ ᠬᠤᠪᠢ ᠳ᠋ᠤ᠌ 《 ᠦᠳᠡᠰᠢ ᠶ᠋ᠢᠨ ᠴᠢᠯᠥᠭᠡ 》 ᠰᠢᠭᠤᠳ ᠨᠡᠪᠲᠡᠷᠡᠭᠦᠯᠭᠡ ᠳ᠋ᠦ᠍ ᠴᠢᠩᠪᠠᠭᠠᠲᠤᠷ ᠤ᠋ᠨ ᠴᠡᠭᠡᠯᠬᠡᠨ ᠬᠣᠭᠣᠯᠠᠢ ᠲᠠᠢ ᠨᠢ ᠲᠠᠨᠢᠯᠴᠠᠭᠰᠠᠨ ᠴᠠᠭ ᠠ᠋ᠴᠠ ᠡᠬᠢᠯᠡᠵᠦ ᠂ ᠲᠡᠭᠦᠨ ᠦ᠌ ᠮᠡᠳᠡᠯᠭᠡ ᠭᠦᠨ ᠂ ᠲᠤᠬᠠᠶ᠋ᠢᠯᠠᠭᠰᠠᠨ ᠠᠵᠢᠯ ᠳ᠋ᠠᠭᠠᠨ ᠴᠠᠭᠠᠷᠠᠭᠰᠠᠨ ᠂ ᠠᠪᠢᠶᠠᠰᠯᠢᠭ ᠂ ᠱᠣᠭ ᠶᠦᠮᠦᠷᠯᠢᠭ ᠂ ᠤᠬᠠᠭᠠᠯᠢᠭ ᠬᠥᠲᠥᠯᠬᠦ ᠳ᠋ᠦ᠍ ᠥᠪᠡᠷ ᠦ᠋ᠨ ᠡᠷᠬᠡ ᠦᠭᠡᠢ ᠬᠥᠲᠥᠯᠦᠭᠳᠡᠵᠦ ᠦᠷᠭᠦᠯᠵᠢ ᠰᠢᠭᠤᠳ ᠨᠡᠪᠲᠡᠷᠡᠭᠦᠯᠭᠡ ᠳ᠋ᠦ᠍ᠨᠢ ᠣᠷᠣᠯᠴᠠᠬᠤ ᠪᠣᠯᠤᠭᠰᠠᠨ ᠮᠥᠷᠲᠡᠭᠡᠨ ᠠᠯᠪᠠᠨ ᠭᠡᠷ ᠦ᠋ᠨ ᠬᠢᠨᠢ ᠤᠲᠠᠰᠤ ᠪᠠᠷ ᠬᠠᠷᠢᠯᠴᠠᠬᠤ ᠪᠣᠯᠤᠭᠰᠠᠨ ᠪᠤᠶᠤ ᠵᠠᠬᠢᠳᠠᠯ ᠴᠢᠮᠡᠭᠡ ᠶ᠋ᠢᠨ ᠬᠣᠯᠪᠣᠭ᠎ᠠ ᠲᠠᠢ ᠪᠣᠯᠤᠯᠴᠠᠭᠰᠠᠨ ᠪᠠᠶ᠋ᠢᠯ᠎ᠠ ᠃ ᠭ · ᠴᠢᠩᠪᠠᠭᠠᠲᠤᠷ ᠦᠨᠡᠨ ᠳ᠋ᠡᠭᠡᠨ ᠨᠠᠰᠤ ᠪᠠᠷ ᠨᠠᠳᠠ ᠳ᠋ᠤ᠌ ᠳᠡᠭᠦᠦ ᠪᠣᠯᠳᠠᠭ ᠴᠤ᠌ ᠮᠡᠳᠡᠯᠭᠡ ᠰᠣᠶᠣᠯ ᠢ᠋ᠶ᠋ᠠᠷ ᠨᠠᠳᠠ ᠳ᠋ᠤ᠌ ᠪᠠᠭᠰᠢ ᠪᠣᠯᠳᠠᠭ ᠶᠤᠮ ᠃2003 ᠣᠨ ᠤ᠋ ᠵᠤᠨ ᠤ᠋ ᠰᠡᠭᠦᠯᠴᠢ ᠶ᠋ᠢᠨ 《 ᠦᠳᠡᠰᠢ ᠶ᠋ᠢᠨ ᠴᠢᠯᠥᠭᠡ 》 ᠰᠢᠭᠤᠳ ᠨᠡᠪᠲᠡᠷᠡᠭᠦᠯᠭᠡ ᠪᠡᠷ ᠭᠠᠷᠠᠭ ᠤ᠋ᠨ ᠳᠥᠷᠪᠡᠨ ᠦ᠌ 《 ᠥᠯᠵᠡᠢ ᠵᠠᠩᠭ᠎ᠠ 》 ᠳ᠋ᠤᠭᠠᠷ ᠲᠤ᠌ ᠤᠷᠠᠳ ᠤ᠋ᠨ ᠳᠤᠮᠳᠠᠳᠤ ᠬᠦᠩ ᠦ᠋ᠨ ᠬᠤᠰᠢᠭᠤᠨ ᠤ᠋ ᠬᠡᠪᠴᠢᠶᠡᠨ ᠳ᠋ᠦ᠍ ᠵᠠᠭᠤ ᠭᠠᠷᠤᠢ ᠵᠢᠯ ᠦ᠋ᠨ ᠬᠤᠭᠤᠴᠠᠭ᠎ᠠ ᠪᠠᠷ ᠠᠷᠠᠳ ᠤ᠋ᠨ ᠳᠤᠮᠳᠠ ᠳᠡᠯᠭᠡᠷᠡᠵᠦ ᠳᠠᠭᠤᠯᠠᠭᠳᠠᠭᠰᠠᠨ 《 ᠪᠤᠷᠮ᠎ᠠ 》 ᠭᠡᠬᠦ ᠮᠢᠨᠦ ᠴᠤᠭᠯᠠᠭᠤᠯᠵᠤ ᠡᠮᠬᠢᠳᠬᠡᠭᠰᠡᠨ ᠳᠠᠭᠤᠤ ᠶ᠋ᠢ ᠮᠢᠨᠢ ᠨᠡᠪᠲᠡᠷᠡᠭᠦᠯᠦᠨ ᠨᠠᠮᠠᠶ᠋ᠢ ᠪᠠᠶᠠᠰᠬᠠᠵᠤ ᠪᠠᠶ᠋ᠢᠯ᠎ᠠ ᠃ ᠰᠣᠨᠣᠰᠤᠭᠴᠢ ᠲᠦᠮᠡᠨ ᠦ᠌ ᠰᠣᠨᠣᠷ ᠊ᠢ ᠮᠢᠯᠢᠶᠠᠵᠤ ᠂ ᠲᠡᠭᠦᠨ ᠡᠴᠡ ᠰᠡᠭᠦᠯ ᠢ᠋ᠶ᠋ᠡᠷ ᠮᠢᠨᠦ ᠪᠢᠴᠢᠭᠰᠡᠨ 《 ᠵᠢᠷ ᠦ᠋ᠨ ᠨᠢᠭᠡᠨ ᠪᠠᠯ ᠠᠭᠤᠯᠠ ᠶ᠋ᠢᠨ ᠦᠵᠡᠮᠵᠢ 》 ᠭᠡᠬᠦ ᠨᠠᠶ᠋ᠢᠷᠠᠭᠤᠯᠤᠯ ᠤ᠋ᠨ ᠬᠡᠰᠡᠭ ᠪᠤᠰᠠᠭ ᠠ᠋ᠴᠠ 《 ᠦᠳᠡᠰᠢ ᠶ᠋ᠢᠨ ᠴᠢᠯᠥᠭᠡ 》 ᠰᠢᠭᠤᠳ ᠨᠡᠪᠲᠡᠷᠡᠭᠦᠯᠭᠡ ᠪᠡᠷ ᠰᠣᠨᠣᠰᠤᠭᠴᠢ ᠲᠦᠮᠡᠨ ᠳ᠋ᠡᠭᠡᠨ ᠲᠤᠭᠤᠯᠠᠭᠠᠵᠤ ᠪᠠᠶ᠋ᠢᠬᠰᠠᠨ ᠪᠢᠯᠡ ᠃ ᠡᠭᠦᠨ ᠡᠴᠡ ᠭᠠᠳᠠᠨ᠎ᠠ 《 ᠴᠢᠨᠣ᠎ᠠ 》 ᠶ᠋ᠢᠨ ᠨᠡᠷ᠎ᠡ ᠶ᠋ᠢ ᠶᠠᠭᠤᠨ ᠳ᠋ᠤ᠌ ᠪᠤᠷᠤᠭᠤᠯᠵᠤ ᠳᠠᠭᠤᠳᠠᠳᠠᠭ ᠤ᠋ᠨ ᠲᠤᠬᠠᠢ ᠷᠠᠳᠢᠣ᠋ ᠶ᠋ᠢᠨ ᠢ᠋ᠶ᠋ᠡᠨ ᠴᠡᠩᠬᠡᠷ ᠳᠣᠯᠭᠢᠶᠠᠨ ᠢ᠋ᠶ᠋ᠠᠷ ᠬᠠᠯᠠᠭᠤᠬᠠᠨ ᠵᠣᠭᠣᠭᠳᠠᠵᠤ ᠪᠠᠶ᠋ᠢᠬᠰᠠᠨ ᠢ᠋ᠶ᠋ᠠᠨ ᠪᠣᠳᠣᠪᠠᠯ ᠦᠨᠡᠬᠡᠷ ᠰᠠᠢᠬᠠᠨ ᠶᠤᠮ ᠃ ᠮᠥᠨᠴᠦ ᠡᠨᠡ ᠨᠠᠰᠤᠨ ᠳ᠋ᠠᠭᠠᠨ ᠳᠠᠬᠢᠭᠠᠳ ᠣᠯᠳᠠᠰᠢ ᠦᠭᠡᠢ ᠰᠠᠢᠬᠠᠨ ᠳᠤᠷᠠᠰᠤᠮᠵᠢ ᠪᠠᠶ᠋ᠢᠵᠤ ᠳᠠ ᠃ ᠲᠡᠮᠡᠭᠡ ᠮᠣᠷᠢᠨ ᠤ᠋ ᠢᠮ ᠲᠠᠮᠠᠭᠠᠨ ᠲᠤᠬᠠᠢ ᠠᠯᠳᠠᠭ ᠤᠨᠤᠭ ᠵᠣᠭᠣᠭ ᠨᠡᠮᠡᠷᠢᠯᠡᠵᠦ ᠪᠠᠶ᠋ᠢᠬᠰᠠᠨ ᠢ᠋ᠶ᠋ᠠᠨ ᠰᠠᠨᠠᠬᠤ ᠳ᠋ᠤ᠌ ᠰᠡᠳᠬᠢᠯ ᠳ᠋ᠦ᠍ ᠳᠤᠯᠠᠭᠠᠬᠠᠨ ᠰᠠᠨᠠᠭᠳᠠᠬᠤ ᠶᠤᠮ ᠃ ᠤᠷᠭᠤᠮᠠᠯ ᠤ᠋ᠨ ᠲᠤᠬᠠᠢ ᠂ ᠬᠥᠮᠦᠨ ᠦ᠌ ᠨᠡᠷ᠎ᠡ ᠶ᠋ᠢᠨ ᠲᠤᠬᠠᠢ ᠠᠯᠢ ᠣᠯᠠᠨ ᠵᠣᠭᠣᠭ ᠳᠡᠯᠭᠡᠵᠦ ᠪᠠᠶ᠋ᠢᠬᠰᠠᠨ ᠪᠠ 《 ᠮᠣᠩᠭᠣᠯ ᠦᠨᠳᠦᠰᠦᠲᠡᠨ ᠦ᠌ ᠨᠠᠢ᠍ᠮᠠᠨ ᠠᠮᠲᠠᠲᠤ ᠢᠳᠡᠭᠡᠨ 》 ᠭᠡᠬᠦ ᠵᠡᠷᠭᠡ ᠶ᠋ᠢᠨ ᠶᠡᠷᠦ ᠶ᠋ᠢᠨ ᠮᠡᠳᠡᠯᠭᠡ ᠶ᠋ᠢᠨ ᠲᠤᠬᠠᠢ ᠣᠯᠠᠨ ᠠᠷᠪᠢᠨ ᠵᠦᠢᠯᠡᠰ ᠊ᠢ ᠭ · ᠴᠢᠩᠪᠠᠭᠠᠲᠤᠷ ᠪᠠᠭᠰᠢ ᠠ᠋ᠴᠠ ᠪᠠᠨ ᠰᠤᠷᠴᠤ ᠮᠡᠳᠡᠵᠦ ᠲᠡᠮᠳᠡᠭᠯᠡᠯ ᠬᠢᠵᠦ ᠪᠠᠶ᠋ᠢᠬᠰᠠᠨ ᠢ᠋ᠶ᠋ᠠᠨ ᠲᠣᠳᠣᠬᠠᠨ ᠰᠠᠨᠠᠵᠤ ᠪᠠᠶ᠋ᠢᠨ᠎ᠠ ᠃
ᠭ · ᠴᠢᠩᠪᠠᠭᠠᠲᠤᠷ ᠤ᠋ᠨ 《 ᠠᠯᠲᠠᠨ ᠲᠠᠪᠤ 》 ᠰᠦᠯᠵᠢᠶ᠎ᠡ ᠳ᠋ᠦ᠍ ᠂ ᠮᠢᠨᠦ ᠪᠢᠴᠢᠵᠦ ᠥᠭᠭᠦᠭᠰᠡᠨ ᠤᠷᠠᠳ ᠤ᠋ᠨ ᠬᠣᠶ᠋ᠢᠲᠤ ᠬᠤᠰᠢᠭᠤᠨ ᠤ᠋ ᠬᠡᠪᠴᠢᠶᠡᠨ ᠳ᠋ᠡᠬᠢ ᠨᠡᠷ᠎ᠡ ᠲᠡᠢ ᠳᠠᠷᠬᠠᠨ ᠂ ᠨᠡᠷ᠎ᠡ ᠲᠡᠢ ᠣᠶᠣᠳᠠᠯᠴᠢᠨ ᠂ ᠨᠡᠷ᠎ᠡ ᠲᠡᠢ ᠪᠥᠬᠡᠴᠢᠨ ᠁ ᠭᠡᠬᠦ ᠮᠡᠲᠦ ᠶ᠋ᠢᠨ ᠵᠠᠭᠤᠨ ᠠᠰᠠᠭᠤᠯᠲᠠ ᠶ᠋ᠢᠨ ᠬᠠᠷᠢᠭᠤᠯᠲᠠ ᠶ᠋ᠢ ᠬᠠᠳᠠᠭᠠᠯᠠᠵᠤ ᠪᠣᠢ ᠭᠡᠵᠦ ᠭ · ᠴᠢᠩᠪᠠᠭᠠᠲᠤᠷ ᠨᠠᠳᠠ ᠳ᠋ᠤ᠌ ᠨᠢᠭᠤᠷ ᠤᠴᠠᠷᠠᠨ ᠶᠠᠷᠢᠵᠤ ᠪᠠᠶ᠋ᠢᠬᠰᠠᠨ ᠪᠥᠭᠡᠳ ᠨᠠᠳᠠ ᠳ᠋ᠤ᠌ ᠳᠥᠷᠪᠡᠨ ᠴᠤᠪᠤᠷᠠᠯ ᠨᠣᠮ ᠳᠤᠷᠠᠰᠬᠠᠯ ᠪᠣᠯᠭᠠᠨ ᠪᠡᠯᠭᠡᠯᠡᠵᠦ ᠪᠠᠶ᠋ᠢᠬᠰᠠᠨ ᠊ᠢ ᠰᠠᠨᠠᠵᠤ ᠪᠠᠶ᠋ᠢᠨ᠎ᠠ᠃ ᠭᠡᠨᠡᠳᠲᠡ ᠴᠢᠩᠪᠠᠭᠠᠲᠤᠷ ᠪᠠᠭᠰᠢ ᠶ᠋ᠢᠨ ᠮᠥᠩᠬᠡ ᠪᠤᠰᠤ ᠶ᠋ᠢ ᠦᠵᠡᠭᠦᠯᠦᠭᠰᠡᠨ ᠲᠡᠷᠡ ᠭᠱᠠᠨ ᠳ᠋ᠤ᠌ ᠶᠠᠭᠤᠨ ᠳ᠋ᠤ᠌ ᠴᠤᠪᠤᠷᠠᠯ ᠨᠣᠮ ᠳᠡᠭᠡᠷ᠎ᠡ ᠨᠢ ᠭᠠᠷ ᠤ᠋ᠨ ᠦᠰᠦᠭ ᠵᠢᠷᠤᠭᠤᠯᠳᠠᠭ ᠦᠭᠡᠢ ᠶᠦ᠍ᠮ ᠳᠡ ᠭᠡᠵᠦ ᠬᠠᠷᠠᠮᠰᠠᠵᠤ ᠪᠠᠶ᠋ᠢᠯ᠎ᠠ ᠃ ᠶᠠᠭ ᠬᠡᠯᠡᠪᠡᠯ ᠲᠡᠷᠡ ᠥᠴᠦᠬᠡᠨ ᠬᠠᠷᠠᠮᠰᠠᠯ ᠪᠣᠯ ᠬᠤᠪᠢ ᠶ᠋ᠢᠨ ᠬᠠᠷᠠᠮᠰᠠᠯ ᠰᠢᠳᠡ ! ᠡᠶ᠋ᠢᠮᠦ ᠰᠠᠢᠬᠠᠨ ᠰᠣᠶᠣᠯ ᠤ᠋ᠨ ᠵᠢᠳᠬᠦᠯᠲᠡ ᠪᠡᠨ ᠠᠯᠳᠠᠭᠰᠠᠨ ᠶᠠᠪᠤᠳᠠᠯ ᠨᠢ ᠴᠢᠩᠪᠠᠭᠠᠲᠤᠷ ᠊ᠢ ᠪᠢᠰᠢᠷᠡ ᠬᠠᠶ᠋ᠢᠷᠠᠯᠠᠲᠠᠭ ᠠᠷᠠᠳ ᠲᠦᠮᠡᠨ ᠳᠠᠶᠠᠭᠠᠷ ᠤ᠋ᠨ ᠬᠠᠷᠠᠮᠰᠠᠯ ᠪᠠᠶ᠋ᠢᠵᠤ ᠲᠠᠭᠠᠷᠠᠨ᠎ᠠ ᠃ ᠭᠡᠪᠡᠴᠦ ᠪᠢᠳᠡ ᠬᠠᠷᠠᠮᠰᠠᠯ ᠢ᠋ᠶ᠋ᠠᠨ ᠬᠦᠴᠦᠨ ᠪᠣᠯᠭᠠᠵᠤ ᠥᠪᠡᠷ ᠥᠪᠡᠷ ᠦ᠋ᠨ ᠴᠢᠳᠠᠳᠠᠭ ᠮᠡᠳᠡᠳᠡᠭ ᠵᠦᠢᠯᠡᠰ ᠢ᠋ᠶ᠋ᠡᠨ ᠨᠡᠶ᠋ᠢᠭᠡᠮ ᠨᠠᠶ᠋ᠢᠲᠠ ᠳ᠋ᠤ᠌ ᠨᠡᠮᠡᠷᠢ ᠬᠠᠨᠳᠢᠪ ᠪᠣᠯᠭᠠᠨ ᠡᠷᠭᠦᠬᠦ ᠨᠢ ᠬᠠᠮᠤᠭ ᠠ᠋ᠴᠠ ᠴᠢᠬᠤᠯᠠ ᠶᠠᠪᠤᠳᠠᠯ ᠪᠠᠶ᠋ᠢᠵᠤ ᠲᠠᠭᠠᠷᠠᠨ᠎ᠠ ᠃
ᠭ · ᠴᠢᠩᠪᠠᠭᠠᠲᠤᠷ ᠥᠪᠡᠷ ᠦ᠋ᠨ ᠠᠵᠢᠯ ᠦᠢᠯᠡᠰ ᠲᠡᠭᠡᠨ ᠭᠢᠯᠠᠯᠵᠠᠲᠠᠯ᠎ᠠ ᠠᠵᠢᠯᠯᠠᠳᠠᠭ ᠢ᠋ᠶ᠋ᠠᠷ ᠦᠯᠦ ᠪᠠᠷᠠᠨ ᠪᠤᠰᠤᠳ ᠤ᠋ᠨ ᠨᠠᠶ᠋ᠢᠲᠠᠵᠤ ᠭᠤᠶᠤᠭᠰᠠᠨ ᠶᠠᠪᠤᠳᠠᠯ ᠳ᠋ᠤ᠌ ᠴᠤ᠌ ᠲᠤᠩ ᠨᠢᠭᠲᠠ ᠬᠢᠨᠠᠮᠠᠭᠠᠢ ᠬᠠᠨᠳᠤᠳᠠᠭ ᠲᠤᠩ ᠬᠢᠴᠢᠶᠡᠩᠭᠦᠢ ᠬᠠᠷᠭᠤᠴᠠᠯᠭ᠎ᠠ ᠲᠠᠢ ᠬᠥᠮᠦᠨ ᠪᠠᠶ᠋ᠢᠯ᠎ᠠ ᠃ ᠪᠢ ᠨᠢᠭᠡ ᠤᠳᠠᠭ᠎ᠠ ᠠᠷᠠᠳ ᠤ᠋ᠨ ᠳᠠᠭᠤᠤ ᠴᠤᠭᠯᠠᠭᠤᠯᠬᠤ ᠶ᠋ᠢᠨ ᠳᠤᠮᠳᠠ ᠪᠠᠨ ᠭ · ᠴᠢᠩᠪᠠᠭᠠᠲᠤᠷ ᠪᠠᠭᠰᠢ ᠳ᠋ᠤ᠌ ᠨᠢᠭᠡᠨ ᠰᠢᠩᠭᠡᠯᠲᠡ ᠶ᠋ᠢᠨ ᠪᠦᠰᠡ ᠥᠭᠴᠦ ᠳᠠᠭᠤᠨ ᠤ᠋ ᠠᠶᠠᠯᠭᠤ ᠶ᠋ᠢ ᠨᠢ ᠨᠣᠲ ᠢ᠋ᠶ᠋ᠠᠷ ᠲᠡᠮᠳᠡᠭᠯᠡᠭᠦᠯᠵᠦ ᠥᠭᠬᠦ ᠶ᠋ᠢ ᠨᠠᠶ᠋ᠢᠲᠠᠭᠰᠠᠨ ᠪᠠᠶ᠋ᠢᠯ᠎ᠠ ᠃ ᠨᠥᠭᠥᠭᠡ ᠨᠠᠶ᠋ᠢᠵᠠ ᠨᠢ ᠺᠢᠨᠣ᠋ ᠲᠣᠭᠯᠠᠬᠤ ᠪᠠᠷ ᠶᠠᠪᠤᠭᠰᠠᠨ ᠤ᠋ ᠳᠠᠷᠠᠭ᠎ᠠ ᠳᠠᠭᠤᠨ ᠤ᠋ ᠪᠦᠰᠡ ᠨᠢ ᠭᠡᠭᠡᠭᠳᠡᠴᠢᠬᠡᠵᠡᠢ ᠭᠡᠵᠦ ᠨᠠᠳᠠᠳᠤ ᠲᠤᠩ ᠡᠪ ᠦᠭᠡᠢᠳᠡᠭᠰᠡᠨ ᠪᠠᠶ᠋ᠢᠲᠠᠯ ᠢ᠋ᠶ᠋ᠠᠨ ᠬᠡᠯᠡᠵᠦ ᠪᠠᠶ᠋ᠢᠬᠰᠠᠨ ᠨᠢ ᠰᠠᠨᠠᠭᠠᠨ ᠳ᠋ᠤ᠌ ᠮᠢᠨᠢ ᠲᠣᠳᠣᠬᠠᠨ ᠪᠠᠶ᠋ᠢᠨ᠎ᠠ ᠃ ᠲᠡᠭᠦᠨ ᠡᠴᠡ ᠬᠣᠶ᠋ᠢᠰᠢ ᠪᠠᠭᠰᠢ ᠶ᠋ᠢᠨ ᠢ᠋ᠶ᠋ᠡᠨ ᠬᠠᠪᠤᠷ ᠨᠠᠨᠳᠢᠨ ᠴᠠᠭ ᠮᠥᠴᠡ ᠶ᠋ᠢ ᠪᠤᠤ ᠯᠠ ᠭᠠᠷᠤᠵᠠᠳᠠᠭᠤᠯᠤᠶᠠ ᠭᠡᠮᠡᠨ ᠤᠲᠠᠰᠤ ᠴᠤ᠌ ᠴᠥᠭᠡᠨ ᠵᠠᠯᠭᠠᠬᠤ ᠪᠣᠯᠤᠭᠰᠠᠨ ᠮᠥᠷᠲᠡᠭᠡᠨ ᠵᠠᠬᠢᠳᠠᠯ ᠴᠢᠮᠡᠭᠡ ᠴᠦ᠍ ᠪᠢᠴᠢᠬᠦ ᠪᠡᠨ ᠪᠠᠢᠴᠢᠭᠰᠠᠨ ᠶᠤᠮ ᠃
ᠲᠡᠷᠡ ᠮᠥᠷᠲᠡᠭᠡᠨ ᠭ · ᠴᠢᠩᠪᠠᠭᠠᠲᠤᠷ 《 ᠮᠥᠩᠭᠥᠨ ᠮᠣᠳᠣ 》 ᠭᠡᠬᠦ ᠰᠠᠢᠬᠠᠨ ᠨᠡᠪᠲᠡᠷᠡᠭᠦᠯᠭᠡ ᠬᠢᠵᠦ ᠥᠷᠭᠡᠨ ᠣᠯᠠᠨ ᠲᠦᠮᠡᠨ ᠳ᠋ᠡᠭᠡᠨ ᠶᠤᠸᠠᠨ ᠤ᠋ ᠳᠡᠭᠡᠳᠦ ᠨᠡᠶ᠋ᠢᠰᠯᠡᠯ ᠦ᠋ᠨ ᠰᠣᠶᠣᠯ ᠲᠡᠦᠬᠡ ᠶ᠋ᠢᠨ ᠤᠯᠠ ᠮᠥᠷ ᠊ᠢ ᠲᠠᠨᠢᠭᠤᠯᠵᠤ ᠣᠶ᠋ᠢᠯᠠᠭᠠᠭᠤᠯᠵᠤ ᠪᠠᠶ᠋ᠢᠬᠰᠠᠨ ᠊ᠢ ᠳᠤᠷᠠᠰᠤᠨ ᠰᠠᠨᠠᠭᠠᠯᠵᠠᠵᠤ ᠪᠠᠶ᠋ᠢᠨ᠎ᠠ ᠃
ᠦᠰᠦᠭ ᠠᠮᠢᠯᠠᠭᠤᠯᠤᠭᠴᠢ ᠄ ᠣᠤᠠᠬᠠᠨᠴᠡᠴᠡᠭ
ᠬᠢᠨᠠᠭᠴᠢ ᠪᠠᠭᠰᠢ ᠄ ᠱᠠᠭᠰᠠᠯ ᠂ ᠣᠤᠠᠬᠠᠨᠰᠣ ᠠ᠋
