ᠡᠮᠡᠭᠡ ᠶ᠋ᠢᠨ ᠲᠣᠭᠣᠳᠠᠭ Эмгийн тоодог
ᠵᠤᠨ ᠤ᠋ ᠠᠮᠠᠷᠠᠯᠲᠠ ᠳ᠋ᠤ᠌ ᠡᠪᠦᠭᠡ ᠡᠮᠡᠭᠡ ᠶ᠋ᠢᠨ ᠳ᠋ᠡᠭᠡᠨ ᠣᠴᠢᠯ᠎ᠠ
ᠮᠢᠨᠦ ᠡᠮᠡᠭᠡ ᠡᠪᠦᠭᠡ ᠭᠡᠵᠦ ᠨᠠᠮ᠎ᠠ ᠶ᠋ᠢ ᠯᠡ ᠬᠠᠷᠠᠭᠰᠠᠨ ᠤᠯᠤᠰ ᠪᠠᠢᠭ᠎ᠠ ᠳᠠ ᠃ ᠬᠢᠴᠢᠶᠡᠯ ᠬᠤᠷᠳᠤᠨ ᠳᠠᠭᠤᠰᠤᠭᠠᠰᠠᠢ ! ᠡᠵᠢ ᠦᠭᠡᠢ ᠬᠥᠭᠡᠷᠦᠬᠦᠨ ᠴᠠᠭᠠᠨ ᠪᠣᠲᠣᠭᠣ ᠪᠠᠢᠭ᠎ᠠ ᠂ ᠨᠠᠮ᠎ᠠ ᠶ᠋ᠢ ᠤᠭᠵᠢᠵᠤ ᠪᠠᠢᠭᠠᠳ ᠲᠡᠮᠡᠭᠡ ᠪᠣᠯᠭᠠᠵᠤ ᠠᠪᠤᠭᠠᠷᠠᠢ ᠭᠡᠰᠡᠨ ᠂ ᠰᠠᠢᠬᠠᠨ ᠴᠠᠭᠠᠨ ᠠᠳᠠ ᠪᠣᠯᠭᠠᠵᠤ ᠤᠨᠤᠭᠠᠳ ᠶᠠᠪᠤᠵᠤ ᠥᠭᠭᠦᠨ᠎ᠡ ᠳᠡ ᠃ ᠡᠮᠡᠭᠡ ᠡᠪᠦᠭᠡ ᠳ᠋ᠦ᠍ ᠪᠡᠨ ᠣᠴᠢᠬᠤ ᠳ᠋ᠤ᠌ ᠡᠦᠲᠦ ᠬᠣᠶᠠᠷ ᠬᠣᠨᠣᠭ ᠦᠯᠡᠳᠡᠵᠦ ᠪᠠᠢᠨ᠎ᠠ᠃ ᠴᠠᠭ ᠶᠠᠭᠠᠬᠢᠭᠰᠠᠨ ᠶᠠᠪᠤᠵᠤ ᠥᠭᠳᠡᠭ ᠦᠭᠡᠢ ᠶᠦᠮ ᠪᠣᠢ !
ᠲᠦᠷ — ᠲᠦᠷ —
ᠲᠦᠷᠳ᠋ — ᠫᠠᠰ
ᠲᠦᠷᠳ᠋ —
— ᠡᠪᠦᠭᠡ ᠠ᠋ ᠡᠮᠡᠭᠡ ᠠ᠋ ᠂ ᠪᠢ ᠢᠷᠡᠯ᠎ᠡ ᠃
—ᠵᠠ ᠂ ᠬᠦᠦ ᠶ᠋ᠢᠨ ᠢ᠋ᠶ᠋ᠡᠨ ᠢᠳᠡᠵᠦ ᠤᠤᠭᠤᠬᠤ ᠶᠠᠭᠤᠮ᠎ᠠ ᠶ᠋ᠢ ᠨᠢ ᠪᠡᠯᠡᠳᠦᠭᠡᠳ ᠥᠷᠥᠭᠡᠳ ᠲᠠᠯᠪᠢᠴᠢᠬᠠᠭᠰᠠᠨ ᠂ ᠭᠠᠷᠤᠶ᠎ᠠ ᠳᠠ ᠃
— ᠦ ᠂ ᠡᠮᠡᠭᠡ ᠡᠪᠦᠭᠡ ᠬᠣᠶᠠᠷ ᠨᠠᠮ᠎ᠠ ᠶ᠋ᠢ ᠣᠷᠬᠢᠭᠠᠳ ᠶᠠᠪᠤᠴᠢᠬᠠᠵᠠᠢ ᠃ ᠴᠠᠭᠠᠨ ᠠ᠋ ᠂ ᠴᠢ ᠬᠤᠷᠳᠤᠨ ᠲᠣᠮᠣ ᠪᠣᠯᠤᠭᠠᠷᠠᠢ ᠬᠣᠶᠠᠭᠤᠯᠠ ᠪᠠᠨ ᠲᠡᠷᠡ ᠴᠡᠩᠬᠡᠷᠲᠦᠭᠡᠳ ᠪᠠᠢᠭ᠎ᠠ ᠠᠭᠤᠯᠠᠰ ᠤ᠋ᠨ ᠴᠠᠭᠠᠨ᠎ᠠ ᠶᠠᠭᠤ ᠪᠠᠢᠳᠠᠭ ᠢ᠋ ᠨᠢ ᠶᠠᠪᠤᠵᠤ ᠦᠵᠡᠨ᠎ᠡ ᠰᠢᠦ ᠃
ᠣᠷᠣᠢ ᠪᠣᠯᠤᠯ᠎ᠠ ᠃ ᠡᠮᠡᠭᠡ ᠡᠪᠦᠭᠡ ᠬᠣᠶᠠᠷ ᠠᠯᠠᠭ᠎ᠠ ᠠ᠋ ! ᠴᠢ ᠳᠠᠬᠢᠭᠠᠳ ᠥᠯᠥᠰᠦᠭᠡᠳ ᠪᠠᠢᠭ᠎ᠠ ᠶᠤᠮ ᠤᠤ ?
ᠶᠠᠭᠠᠬᠢᠭᠰᠠᠨ ᠤᠳᠠᠪᠠ ?
—ᠴᠠᠭᠠᠨ ᠲᠠ ᠬᠣᠶᠠᠷ ᠶᠠᠭᠤ ᠬᠢᠵᠦ ᠡᠳᠦᠷ ᠢ᠋ ᠠᠪᠤᠪᠠ ᠳᠠ ?
—ᠡᠨᠡ ᠴᠠᠭᠠᠨ ᠴᠢᠨᠢ ᠶᠣᠰᠣᠲᠠᠢ ᠴᠠᠳᠬᠤ ᠪᠠᠨ ᠮᠡᠳᠡᠬᠦ ᠦᠭᠡᠢ ᠢᠳᠡᠬᠦ ᠶᠦᠮ ᠠ᠋ ᠃
— ᠠ᠋ ᠂ ᠬᠦᠦ ᠮᠢᠨᠢ ᠡᠵᠢ ᠦᠭᠡᠢ ᠠᠮᠢᠲᠠᠨ ᠴᠢᠨᠢ ᠦᠷᠭᠦᠯᠵᠢ ᠯᠡ ᠥᠯᠥᠰᠬᠦᠯᠡᠩ ᠪᠠᠢᠳᠠᠭ ᠶᠤᠮ ᠠ᠋ ᠬᠥᠭᠡᠷᠦᠬᠦᠢ ! ᠴᠠᠭᠠᠨ ᠢ᠋ᠶ᠋ᠠᠨ ᠰᠠᠢᠨ ᠤᠭᠵᠢᠵᠤ ᠪᠠᠢᠭᠠᠷᠠᠢ !
— ᠦ ᠂ ᠨᠥᠭᠦᠭᠡ ᠮᠠᠭᠤ ᠨᠣᠮᠣᠬᠠᠨ ᠬᠦᠷᠡᠩ ᠭᠤᠨᠵᠢ ᠠᠯᠠᠭ᠎ᠠ ᠠ᠋ ! ᠥᠴᠥᠭᠡᠳᠦᠷ ᠡᠴᠡ ᠪᠣᠲᠣᠭᠣᠯᠠᠬᠤ ᠶᠠᠩᠵᠤ ᠮᠠᠶᠢᠭ ᠣᠷᠣᠭᠠᠳ ᠪᠠᠢᠭᠰᠠᠨ ᠂ ᠰᠢᠯᠢᠷᠡᠭᠡᠳ ᠠᠷᠢᠯᠵᠠᠢ ᠳᠠ ! ᠬᠥᠭᠡᠷᠦᠬᠦᠢ ᠮᠢᠨᠢ ᠪᠣᠲᠣᠭᠣ ᠪᠠᠨ ᠲᠦᠯᠬᠢᠵᠦ ᠳᠡᠢᠯᠳᠡᠭ ᠪᠣᠯᠪᠠ ᠤᠤ ? ᠂ ᠶᠠᠪᠤᠵᠤ ᠮᠥᠷ ᠤᠯᠠ ᠶ᠋ᠢ ᠨᠢ ᠣᠯᠵᠤ ᠠᠪᠴᠢᠷᠠᠬᠤ ᠦᠭᠡᠢ ᠪᠣᠯ ᠬᠡᠴᠡᠭᠦᠳᠡᠬᠦ ᠪᠣᠢ ᠃
—ᠬᠠᠷᠢᠨ ᠭᠡᠮ ᠂ ᠲᠡᠭᠡᠪᠡᠯ ᠪᠢ ᠯᠡ ᠶᠠᠪᠤᠬᠤ ᠠ᠋ᠴᠠ ᠂ ᠲᠦᠷᠭᠡᠨ ᠮᠣᠷᠳᠠᠬᠤ ᠦᠭᠡᠢ ᠪᠣᠯ ᠡᠨᠡ ᠮᠢᠬᠠᠨ ᠰᠡᠭᠦᠯ ᠪᠣᠰᠤᠭᠠᠳ ᠵᠢᠭᠤᠲᠠᠴᠢᠬᠠᠪᠠᠯ ᠡᠷᠢᠯ ᠳ᠋ᠦ᠍ ᠶᠠᠪᠤᠬᠤ ᠳ᠋ᠤ᠌ ᠬᠠᠷᠢᠨ ᠰᠠᠭᠠᠳ ᠪᠣᠯᠤᠨ᠎ᠠ ᠃
— ᠬᠥᠶᠢ ᠂ ᠪᠢ ᠰᠡᠷᠡᠭᠰᠡᠨ ᠰᠢᠦ ᠂ ᠨᠠᠮ᠎ᠠ ᠶ᠋ᠢ ᠣᠷᠬᠢᠬᠤ ᠦᠭᠡᠢ ᠰᠢᠦ !
—ᠠ᠋ ᠂ ᠮᠢᠨᠦ ᠮᠠᠭᠤ ᠬᠦᠦ ᠂ ᠦᠭᠡᠢ ᠂ ᠴᠢ ᠴᠢᠨᠢ ᠳᠠᠰᠬᠠᠯ ᠳᠠᠭᠠᠭᠠᠯᠭᠠᠪᠤᠷᠢ ᠲᠠᠢ ᠭᠡᠰᠡᠨ ᠪᠢᠰᠢ ᠤᠤ !
— ᠬᠢᠴᠢᠬᠡᠭᠰᠡᠨ ᠂ ᠡᠪᠦᠭᠡ ᠶ᠋ᠢ ᠳᠠᠭᠠᠵᠤ ᠨᠢᠯᠬ᠎ᠠ ᠪᠣᠲᠣᠭᠣ ᠦᠵᠡᠮᠡᠷ ᠪᠠᠢᠨ᠎ᠠ ᠃
—ᠵᠠ ᠵᠠ ᠂ ᠮᠢᠨᠦ ᠤᠨᠤᠳᠠᠭ ᠴᠠᠪᠢᠳᠠᠷ ᠬᠦᠷᠡᠩ ᠠᠭᠠᠰᠢ ᠲᠠᠢ ᠵᠣᠯᠢᠭ ᠪᠠᠢᠭ᠎ᠠ ᠶᠤᠮ ᠂ ᠡᠮᠡᠭᠡ ᠶ᠋ᠢᠨ ᠴᠢᠨᠢ 《ᠲᠣᠷᠭᠠᠨ ᠬᠠᠮᠠᠷ 》 ᠢ᠋ ᠨᠢ ᠲᠣᠬᠣᠰᠢᠯᠠᠭᠠᠳ ᠬᠣᠶᠠᠭᠤᠯᠠ ᠰᠤᠨᠳᠠᠯᠠᠳᠠᠵᠤ ᠦᠵᠡᠶ᠎ᠡ᠃
— ᠬᠥᠶᠢ ᠂ ᠬᠡᠦᠬᠡ ᠠ᠋ ᠡᠪᠦᠭᠡ ᠪᠡᠨ ᠳᠠᠭᠠᠨ᠎ᠠ ᠳᠠᠭᠠᠨ᠎ᠠ ᠭᠡᠵᠦ ᠤᠷᠪᠠᠢᠵᠤ ᠪᠠᠢᠵᠤ ᠭᠠᠷᠴᠤ ᠢᠷᠡᠴᠢᠬᠡᠭᠡᠳ ᠲᠠ ᠬᠠᠷᠢᠨ ᠪᠡᠯᠴᠢᠭᠡᠷ ᠦ᠋ᠨ ᠵᠠᠬ᠎ᠠ ᠴᠤ᠌ ᠬᠦᠷᠬᠦ ᠦᠭᠡᠢ ᠤᠨᠲᠠᠴᠢᠬᠠᠬᠤ ᠶᠤᠮ ᠪᠣᠯ ᠭᠠᠷᠴᠤ ᠢᠷᠡᠭᠰᠡᠨ ᠦ᠌ ᠬᠡᠷᠡᠭ ᠶᠠᠭᠤ ᠪᠠᠢᠬᠤᠪ ᠃
— ᠵᠠ᠂ ᠰᠡᠷᠡᠴᠢᠬᠡᠪᠡ ᠤᠤ ? ᠲᠡᠷᠡ ᠬᠠᠢᠯᠠᠰᠤᠨ ᠤ᠋ ᠬᠠᠵᠠᠭᠤ ᠳ᠋ᠤ᠌ ᠶᠠᠭᠤ ᠪᠠᠢᠨ᠎ᠠ ? ᠠᠶᠠᠷᠬᠠᠨ ᠳᠥᠭᠥᠶᠡ ᠃
—ᠡᠬᠡ ᠠᠮᠢᠲᠠᠨ ᠴᠢᠨᠢ ᠦᠷ᠎ᠡ ᠵᠤᠯᠵᠠᠭ᠎ᠠ ᠪᠠᠨ ᠬᠠᠷᠠᠮᠯᠠᠳᠠᠭ ᠶᠤᠮ ᠃
—ᠨᠢᠯᠬ᠎ᠠ ᠪᠣᠲᠣᠭᠣ ᠪᠠᠨ ᠬᠠᠶᠠᠴᠢᠬᠠᠭᠠᠳ ᠲᠡᠰᠢᠴᠢᠬᠡᠳᠡᠭ ᠡᠨᠡ ᠶᠣᠰᠣᠲᠠᠢ ᠮᠠᠭᠤ ᠲᠡᠮᠡᠭᠡ ᠪᠠᠢᠨ᠎ᠠ ᠳᠠ ᠂ ᠡᠪᠦᠭᠡ ᠠ᠋ !
—ᠬᠡᠦᠬᠡ ᠠ᠋ ᠂ ᠬᠣᠶᠠᠭᠤᠯᠠ ᠪᠠᠨ ᠡᠨᠳᠡ ᠡᠴᠡ ᠬᠣᠯᠠᠳᠠᠶᠠ ᠂ ᠡᠨᠡ ᠮᠠᠭᠤ ᠬᠦᠷᠡᠩ ᠭᠤᠨᠵᠢ ᠬᠥᠮᠦᠨ ᠡᠴᠡ ᠪᠣᠲᠣᠭᠣ ᠪᠠᠨ ᠬᠠᠷᠠᠮᠯᠠᠵᠤ ᠪᠠᠢᠭ᠎ᠠ ᠤᠬᠠᠭᠠᠨ ᠨᠢ ᠂ ᠪᠢᠳᠡᠨ ᠢ᠋ ᠬᠣᠯᠠᠳᠠᠮᠠᠭᠴᠠ ᠯᠠ ᠲᠡᠰᠢᠭᠡᠳ ᠢᠷᠡᠨ᠎ᠡ ᠂ ᠲᠡᠷᠡ ᠪᠤᠴᠠᠭᠠᠳ ᠢᠷᠡᠵᠦ ᠪᠠᠢᠭ᠎ᠠ ᠪᠢᠵᠡ ᠃
—ᠵᠠ ᠵᠠ ᠂ ᠬᠣᠶᠠᠷ ᠶᠠᠰᠤ ᠮᠡᠨᠳᠦ ᠰᠠᠯᠤᠭᠰᠠᠨ ᠨᠢ ᠶᠠᠭᠠᠬᠢᠮᠤᠢ ᠂ ᠪᠦᠷ ᠰᠡᠳᠬᠢᠯ ᠠᠮᠠᠷᠠᠯ᠎ᠠ ᠃
ᠭᠤᠸ᠎ᠠ ᠭᠤᠸ᠎ᠠ —
—ᠵᠠ ᠂ ᠡᠨᠡ ᠬᠡᠷᠢᠶ᠎ᠡ ᠰᠡᠷᠵᠢᠮ ᠭᠠᠷᠤᠭᠰᠠᠨ ᠤᠤ ᠶᠠᠭᠠᠬᠢᠭᠰᠠᠨ ᠶᠤᠮ ᠂ ᠨᠢᠭᠡ ᠯᠡ ᠶᠠᠭᠤᠮ᠎ᠠ ᠬᠡᠯᠡᠭᠡᠳ ᠪᠠᠢᠨ᠎ᠠ ᠳᠠ᠂ ᠰᠠᠢᠨ ᠶᠠᠭᠤᠮ᠎ᠠ ᠦᠵᠡᠭᠦᠯᠬᠦ ᠦᠭᠡᠢ ᠪᠣᠢ !
— ᠡᠪᠦᠭᠡ ᠠ᠋ ! ᠦᠵᠡᠶ᠎ᠡ ᠂ ᠦᠵᠡᠶ᠎ᠡ ! ᠡᠪᠦᠭᠡ ᠠ᠋ ᠂
ᠶᠠᠪᠤᠶ᠎ᠠ ᠯᠠ ᠳᠠ ᠃
— ᠵᠧ ᠂ ᠰᠠᠶᠢ ᠭᠠᠷᠴᠤ ᠶᠠᠪᠤᠨ᠎ᠠ ᠃ ᠲᠡᠷᠡ ᠬᠠᠪᠢ ᠳ᠋ᠤ᠌ ᠯᠠ ᠨᠢᠭᠡ ᠶᠠᠭᠤᠮ᠎ᠠ ᠪᠠᠢᠨ᠎ᠠ ᠳᠠ᠃ ᠠ᠋ ᠂ ᠬᠥᠭᠡᠷᠦᠬᠦᠢ ! ᠵᠡᠭᠡᠷ᠎ᠡ ᠶᠢᠨ ᠢᠨᠵᠠᠭ᠎ᠠ ᠬᠠᠷᠠᠴᠢᠬᠠᠵᠠᠢ ᠃ ᠡᠨᠡ ᠬᠡᠷᠢᠶ᠎ᠡ ᠵᠢᠭᠠᠵᠤ ᠥᠭᠭᠦᠭᠡ ᠦᠭᠡᠢ ᠪᠣᠯ ᠴᠢ ᠪᠢᠳᠡ ᠬᠣᠶᠠᠷ ᠪᠠᠢᠲᠤᠭᠠᠢ ᠬᠡᠭᠡᠷ᠎ᠡ ᠶᠢᠨ ᠠᠷᠢᠶᠠᠲᠠᠨ ᠴᠤ᠌ ᠣᠯᠵᠤ ᠦᠵᠡᠳᠡᠭ ᠦᠭᠡᠢ ᠶᠦᠮ ᠳᠡ᠃ ᠴᠢ ᠳᠥᠭᠥᠭᠡᠳ ᠦᠵᠡ ᠳᠡ᠃ ᠴᠢᠮ᠎ᠠ ᠲᠠᠢ ᠬᠠᠷᠠᠴᠠ ᠲᠤᠯᠭᠠᠷᠠᠪᠠᠯ ᠪᠣᠰᠴᠤ ᠵᠢᠭᠤᠲᠠᠨ᠎ᠠ᠂ ᠦᠭᠡᠢ ᠪᠣᠯ ᠴᠠᠭᠠᠳᠤᠬᠢ ᠴᠢᠨᠢ ᠪᠠᠷᠰ ᠲᠣᠯᠣᠭᠠᠢ ᠳᠡᠭᠡᠷ᠎ᠡ ᠨᠢ ᠭᠢᠰᠬᠢᠵᠦ ᠪᠠᠢᠭᠰᠠᠨ ᠴᠤ᠌ ᠪᠣᠰᠬᠤ ᠦᠭᠡᠢ᠃ ᠲᠠᠱ — ᠲᠠᠱ —
ᠠ— ᠰᠢᠪᠠᠭᠤ ᠮᠢᠨᠢ ᠨᠢᠯᠬ᠎ᠠ ᠠᠮᠢᠲᠠᠨ ᠢ᠋ ᠵᠢᠭᠠᠵᠤ ᠥᠭᠴᠦ ᠪᠠᠷᠢᠭᠤᠯᠬᠤ ᠶᠠᠮᠠᠷ ᠰᠠᠢᠨ ᠪᠠᠢᠬᠤᠪ ᠂ ᠵᠢᠰᠦ ᠴᠢᠨᠢ ᠬᠠᠷ᠎ᠠ ᠴᠤ᠌ ᠰᠡᠳᠬᠢᠯ ᠴᠢᠨᠢ ᠴᠠᠭᠠᠨ ᠪᠠᠢᠭ ! ᠥᠭᠡᠷ᠎ᠡ ᠬᠣᠭᠣᠯᠠ ᠣᠯᠵᠤ ᠢᠳᠡ ᠳᠠ !
— ᠡᠪᠦᠭᠡ ᠠ᠋ ᠂ ᠨᠠᠭᠠᠳᠤ ᠰᠢᠪᠠᠭᠤ ᠴᠢᠨᠢ ᠣᠢᠯᠠᠭᠠᠳᠠᠭ ᠶᠤᠮ ᠤᠤ ?
—ᠰᠠᠢᠨ ᠣᠢᠯᠠᠭᠠᠯ ᠦᠭᠡᠢ ᠶᠠᠭᠠᠬᠢᠬᠤᠪ ᠂ ᠮᠠᠭᠤ ᠬᠡᠯᠡᠵᠦ ᠵᠠᠩᠨᠠᠪᠠᠯ ᠪᠦᠷ ᠥᠰᠢᠶᠡᠷᠬᠡᠨᠡ ᠪᠢᠵᠡ ! ᠬᠣᠶᠠᠭᠤᠯᠠ ᠪᠠᠨ ᠪᠣᠲᠣᠭᠣᠯᠠᠭᠰᠠᠨ ᠭᠤᠨᠵᠢ ᠤᠷᠤᠭᠤ ᠪᠠᠨ ᠳᠥᠭᠥᠶᠡ ᠳᠡ !
— ᠡᠵᠢ ᠨᠢ ᠡᠨᠡ ᠢᠨᠵᠠᠭ᠎ᠠ ᠶ᠋ᠢ ᠶᠠᠭᠠᠬᠢᠵᠤ ᠣᠯᠳᠠᠭ ᠪᠠᠢᠨ᠎ᠠ ᠡᠪᠦᠭᠡ ᠠ᠋ !
— ᠣᠷᠣᠢ ᠪᠦᠷᠦᠢ ᠪᠡᠷ ᠢᠷᠡᠭᠡᠳ ᠯᠡ ᠬᠡᠳᠦ ᠬᠡᠳᠦ ᠳᠤᠤᠭᠠᠷᠬᠤ ᠪᠠᠷ ᠯᠠ ᠪᠣᠰᠤᠭᠠᠳ ᠪᠠᠢᠨ᠎ᠠ᠃ ᠣᠷᠬᠢᠭᠰᠠᠨ ᠭᠠᠵᠠᠷ ᠠ᠋ᠴᠠ ᠨᠢ ᠶᠡᠬᠡ ᠬᠣᠯᠠᠳᠠᠬᠤ ᠦᠭᠡᠢ ᠪᠡᠨ ᠮᠡᠳᠡᠨ᠎ᠡ ᠲᠡᠷᠡ ᠴᠢᠨᠢ ᠂
—ᠥ ᠲᠡᠢᠮᠦ ᠤᠤ !
ᠸᠠ ᠦ —
— ᠡᠪᠦᠭᠡ ᠠ᠋ ᠰᠠᠶᠢ ᠶᠠᠭᠤᠨ ᠰᠢᠪᠠᠭᠤ ᠶᠠᠭᠠᠬᠢᠭᠠᠳ ᠪᠠᠢᠭᠰᠠᠨ ᠪᠣᠢ ?
— ᠠ ᠂ ᠲᠡᠷᠡ ᠰᠢᠪᠠᠭᠤ ᠶ᠋ᠢ ᠴᠢᠨᠢ ᠲᠣᠭᠣᠳᠠᠭ ᠭᠡᠳᠡᠭ ᠶᠦᠮ ᠃ ᠡᠮᠡᠭᠡ ᠶᠢᠨ ᠴᠢᠨᠢ ᠲᠣᠭᠣᠳᠠᠭ ᠯᠠ ᠳᠠ !
— ᠡᠮᠡᠭᠡ ᠶᠢᠨ ᠲᠣᠭᠣᠳᠠᠭ ᠠ᠋ ? ᠶᠠᠭᠠᠬᠢᠬᠤ ᠪᠠᠷ ᠢ᠋ᠶ᠋ᠠᠨ ᠡᠮᠡᠭᠡ ᠶᠢᠨ ᠲᠣᠭᠣᠳᠠᠭ ᠪᠣᠯᠳᠠᠭ ᠶᠤᠮ ?
—ᠬᠠᠢ ᠂ ᠬᠡᠨ ᠮᠡᠳᠡᠯ᠎ᠡ ᠂ ᠡᠮᠡᠭᠡ ᠴᠢᠨᠢ ᠯᠡ ᠮᠢᠨᠦ ᠲᠣᠭᠣᠳᠠᠭ ᠂ ᠮᠢᠨᠦ ᠲᠣᠭᠣᠳᠠᠭ ᠯᠠ ᠭᠡᠳ ᠪᠠᠢᠳᠠᠭ ᠶᠤᠮ ᠃ ᠪᠠᠰᠠ ᠴᠤ᠌ ᠦᠨᠡᠨ ᠶᠦᠮ ᠤᠤ ᠳᠠ ! ᠡᠮᠡᠭᠡ ᠴᠢᠨᠢ ᠭᠠᠭᠴᠠᠭᠠᠷ ᠢ᠋ᠶ᠋ᠠᠨ ᠲᠡᠮᠡᠭᠡ ᠤᠰᠤᠯᠠᠪᠠᠯ ᠲᠡᠷᠡ ᠬᠣᠶᠠᠷ ᠲᠣᠭᠣᠳᠠᠭ ᠠᠶᠤᠵᠤ ᠰᠣᠴᠢᠬᠤ ᠴᠤ᠌ ᠦᠭᠡᠢ ᠲᠡᠮᠡᠭᠡ ᠲᠡᠢ ᠴᠣᠭ ᠣᠩᠭᠣᠴᠠᠨ ᠠ᠋ᠴᠠ ᠤᠰᠤ ᠤᠤᠭᠤᠭᠠᠳ ᠶᠠᠪᠤᠳᠠᠭ ᠭᠡᠰᠡᠨ ᠂ ᠲᠣᠭᠣᠳᠠᠭ ᠴᠢᠨᠢ ᠶᠡᠬᠡ ᠰᠣᠷᠭᠣᠭ ᠂ ᠬᠥᠮᠦᠨ ᠣᠢᠷᠠᠳᠪᠠᠯ ᠦᠨᠡᠬᠡᠷ ᠯᠡ ᠳᠡ ᠂ ᠬᠡᠨ ᠬᠣᠣᠷ ᠬᠦᠷᠭᠡᠬᠦ ᠦᠭᠡᠢ ᠡᠭᠡᠯᠢᠲᠡᠢ ᠶ᠋ᠢ ᠮᠡᠳᠡᠭᠡᠳ ᠪᠠᠢᠳᠠᠭ ᠤᠬᠠᠭᠠᠯᠢᠭ ᠰᠢᠪᠠᠭᠤ ᠶᠤᠮ ᠯᠠ ᠳᠠ !
—ᠲᠡᠭᠡᠪᠡᠯ ᠲᠡᠷᠡ ᠬᠣᠶᠠᠷ ᠲᠣᠭᠣᠳᠠᠭ ᠶᠠᠭᠠᠬᠢᠭᠠᠳ ᠲᠡᠮᠡᠭᠡ ᠨᠦ᠍ᠭᠦᠳ ᠦ᠋ᠨ ᠡᠮᠦᠨ᠎ᠡ ᠬᠣᠢᠨ᠎ᠠ ᠨᠢ ᠨᠢᠰᠬᠦ ᠴᠦ᠍ ᠦᠭᠡᠢ ᠬᠣᠯᠠᠳᠠᠬᠤ ᠴᠤ᠌ ᠦᠭᠡᠢ ᠨᠠᠪᠰᠠᠭᠠᠨᠠᠭᠠᠳ ᠪᠠᠢᠳᠠᠭ ᠶᠤᠮ ᠳᠠ ?
— ᠥᠨᠳᠡᠭᠡ ᠨᠢ ᠮᠥᠨ ᠲᠡᠷᠡ ᠠᠪᠳᠠᠷ᠎ᠠ ᠰᠢᠭ᠋ ᠬᠥᠬᠡ ᠬᠠᠳᠠᠨ ᠤ᠋ ᠣᠷᠣᠢ ᠳᠡᠭᠡᠷ᠎ᠡ ᠪᠠᠢᠭ᠎ᠠ ᠶᠤᠮ ᠪᠠᠢᠬᠤ ᠨᠢ᠂ ᠲᠡᠮᠡᠭᠡ ᠨᠦ᠍ᠭᠦᠳ ᠢᠳᠡᠰᠢᠯᠡᠵᠦ ᠶᠠᠪᠤᠭᠰᠠᠭᠠᠷ ᠲᠡᠷᠡ ᠣᠷᠣᠢ ᠳᠡᠭᠡᠷ᠎ᠡ ᠭᠠᠷᠤᠮᠠᠷ ᠪᠣᠯᠬᠤ ᠪᠠᠷ ᠨᠢ ᠡᠨᠡ ᠲᠣᠭᠣᠳᠠᠭ ᠤ᠋ᠳ ᠬᠣᠯᠠᠳᠠᠭᠤᠯᠵᠤ ᠪᠠᠢᠭ᠎ᠠ ᠨᠢ ᠲᠡᠷᠡ ᠃ ᠶᠡᠷᠦ ᠨᠢ ᠰᠢᠪᠠᠭᠤᠳ ᠰᠢᠷᠬᠠᠳᠤᠭᠰᠠᠨ ᠶᠤᠮ ᠰᠢᠭ᠋ ᠳᠠᠯᠠᠪᠴᠢ ᠪᠠᠨ ᠴᠢᠷᠴᠦ ᠭᠦᠶᠦᠭᠰᠡᠭᠡᠷ ᠡᠭᠦᠷ ᠡᠴᠡ ᠠᠷᠢᠶᠠᠲᠠᠨ ᠢ᠋ ᠬᠣᠯᠠᠳᠠᠭᠤᠯᠳᠠᠭ ᠯᠠ ᠳᠠ ! ᠥᠨᠳᠡᠭᠡ ᠵᠤᠯᠵᠠᠭ᠎ᠠ ᠪᠠᠨ ᠬᠠᠢᠷᠠᠯᠠᠬᠤ ᠦᠭᠡᠢ ᠠᠮᠢᠲᠠᠨ ᠭᠡᠵᠦ ᠡᠨᠡ ᠳᠡᠯᠡᠬᠡᠢ ᠳ᠋ᠦ᠍ ᠪᠠᠢᠬᠤ ᠶᠣᠰᠣ ᠦᠭᠡᠢ ᠃ ᠵᠠ ᠲᠡᠭᠡᠭᠡᠳ ᠶᠠᠭᠤ ᠴᠤ᠌ ᠭᠡᠰᠡᠨ ᠮᠠᠭᠤ ᠰᠠᠢᠨ ᠲᠡᠮᠡᠭᠡᠳ ᠢ᠋ ᠬᠠᠭᠤᠷᠤᠭᠠᠳ ᠴᠢᠳᠠᠴᠢᠬᠠᠯ᠎ᠠ ᠃ ᠬᠠ ᠬᠠ — ᠬᠠ ᠬᠠ —
— ᠬᠠᠯᠲᠠᠷ ᠵᠤᠰᠠᠭ ᠮᠢᠨᠢ ᠢᠷᠡᠭᠰᠡᠨ ᠦᠭᠡᠢ ᠂ ᠬᠡᠭᠡᠷ᠎ᠡ ᠢᠰᠢᠭᠡᠯᠡᠭᠡᠳ ᠬᠣᠴᠣᠷᠴᠢᠬᠠᠬᠤ ᠰᠢᠭ᠋ ᠪᠣᠯᠤᠯ᠎ᠠ ᠃ ᠢᠰᠢᠭᠡ ᠶ᠋ᠢ ᠨᠢ ᠠᠮᠢᠲᠠᠨ ᠢᠳᠡᠴᠢᠬᠡᠭᠰᠡᠨ ᠪᠠᠢᠬᠤ ᠪᠣᠢ ᠂ ᠮᠠᠯ ᠤ᠋ᠨ ᠢ᠋ᠶ᠋ᠠᠨ ᠮᠥᠷ ᠢ᠋ᠶ᠋ᠡᠷ ᠨᠢ ᠶᠠᠪᠤᠭᠠᠳ ᠢᠷᠡᠶ᠎ᠡ ᠂ ᠶᠣ — ᠶᠣ ᠶᠣ — ᠶᠣ —
— ᠡᠮᠡᠭᠡ ᠠ᠋ ᠂ ᠪᠢ ᠴᠣᠭ ᠶᠠᠪᠤᠶ᠎ᠠ ᠂
—ᠲᠡᠭᠡ ᠠ᠋ ᠂ ᠲᠡᠭᠡ ᠬᠡᠳᠦᠨ ᠠᠭᠠᠷᠤᠤᠯ ᠡᠪᠦᠷᠲᠦᠯᠡᠭᠡᠳ ᠠᠪ ᠂ ᠬᠦᠯᠬᠦᠵᠦ ᠶᠠᠪᠤᠪᠠᠯ ᠥᠯᠥᠰᠴᠦ ᠴᠠᠩᠭᠠᠬᠤ ᠦᠭᠡᠢ ᠃ ᠮᠠᠢ — ᠮᠠᠢ —
— ᠬᠥᠭᠡᠷᠦᠬᠦᠢ ᠂ ᠮᠠᠭᠤ ᠬᠠᠯᠲᠠᠷ ᠮᠢᠨᠢ ᠡᠨᠳᠡ ᠪᠠᠢᠨ᠎ᠠ ᠂ ᠢᠰᠢᠭᠡ ᠪᠡᠨ ᠰᠠᠢᠬᠠᠨ ᠴᠠᠳᠬᠠᠴᠢᠬᠠᠵᠠᠢ ᠃
— ᠬᠥᠶᠢ ᠂ ᠬᠡᠦᠬᠡ ᠠ᠋ ᠂ ᠡᠨᠡ ᠡᠵᠡᠭᠦᠢ ᠭᠣᠪᠢ ᠭᠠᠵᠠᠷ ᠶᠠᠭᠤ ᠪᠠᠨ ᠦᠵᠡᠴᠢᠬᠡᠭᠡᠳ ᠲᠡᠭᠡᠲᠡᠯ᠎ᠡ ᠪᠡᠨ ᠰᠠᠯᠵᠤ ᠬᠠᠭᠠᠴᠠᠵᠤ ᠴᠢᠳᠠᠬᠤ ᠦᠭᠡᠢ ᠪᠣᠯᠴᠢᠬᠠᠪᠠ ?
—ᠦᠨᠡᠭᠡ ᠂ ᠡᠮᠡᠭᠡ ᠠ᠋ ᠂ ᠵᠣᠭᠰᠣᠭᠠᠷᠠᠢ ! ᠡᠮᠡᠭᠡ ᠠ᠋ ᠦᠨᠡᠭᠡ ᠲᠡᠷᠡ ᠬᠠᠳᠠᠨ ᠠ᠋ᠴᠠ ᠨᠢᠭᠡ ᠶᠠᠭᠤᠮ᠎ᠠ ᠪᠥᠮᠪᠥᠷᠢᠭᠦᠯᠦᠭᠡᠳ ᠬᠠᠶᠠᠴᠢᠬᠠᠬᠤ ᠰᠢᠭ᠋ ᠪᠣᠯᠤᠯ᠎ᠠ ᠂ ᠶᠠᠭᠤ ᠶᠤᠮ ᠪᠣᠯ ᠠ᠋ ?
—ᠢᠰᠢ ᠴᠠᠪᠠᠰᠤ ! ᠲᠡᠷᠡ ᠮᠠᠭᠤ ᠴᠢᠨᠢ ᠲᠣᠭᠣᠳᠠᠭ ᠤ᠋ᠨ ᠮᠢᠨᠢ ᠥᠨᠳᠡᠭᠡ ᠶ᠋ᠢ ᠥᠩᠬᠥᠷᠢᠭᠦᠯᠵᠡᠢ ᠳᠡ ᠃ ᠪᠦᠲᠦᠨ ᠪᠠᠢᠬᠤ ᠵᠠᠶᠠᠭ᠎ᠠ ᠪᠠᠢᠬᠤ ᠨᠢ ᠤᠤ ? ᠣᠴᠢᠵᠤ ᠦᠵᠡᠶ᠎ᠡ ᠃
—ᠦᠨᠡᠭᠡ ᠭᠡᠳᠡᠭ ᠴᠢᠨᠢ ᠲᠣᠭᠣᠳᠠᠭ ᠤ᠋ᠨ ᠥᠨᠳᠡᠭᠡᠨ ᠳ᠋ᠦ᠍ ᠴᠣᠬᠣᠮ ᠳᠤᠷᠠᠲᠠᠢ ᠠᠮᠢᠲᠠᠨ ᠂ ᠭᠡᠬᠦ ᠳ᠋ᠦ᠍ ᠪᠡᠨ ᠲᠣᠭᠣᠳᠠᠭ ᠤ᠋ᠨ ᠥᠨᠳᠡᠭᠡ ᠨᠢ ᠰᠦᠷᠡᠬᠡᠢ ᠬᠠᠲᠠᠭᠤ ᠡᠳ᠋ ᠪᠣᠯᠬᠣᠷ ᠦᠨᠡᠭᠡ ᠬᠡᠳᠦᠢ ᠳᠤᠷᠠᠲᠠᠢ ᠪᠣᠯᠪᠠᠴᠤ ᠶᠠᠭᠠᠬᠢᠵᠤ ᠴᠤ᠌ ᠬᠠᠵᠠᠵᠤ ᠮᠠᠭᠠᠵᠢᠭᠠᠳ ᠴᠤ᠌ ᠬᠠᠭᠠᠯᠵᠤ ᠪᠠᠯᠪᠠᠯᠠᠵᠤ ᠳᠡᠢᠯᠬᠦ ᠶᠠᠭᠤᠮ᠎ᠠ ᠪᠢᠰᠢ ᠃ ᠲᠡᠭᠡᠬᠦ ᠪᠡᠷ ᠦᠨᠡᠭᠡ ᠴᠢᠨᠢ ᠪᠠᠰᠠ ᠠᠷᠭ᠎ᠠ ᠲᠠᠢ ᠶᠠᠭᠤᠮ᠎ᠠ ᠪᠣᠯᠬᠣᠷ ᠢ᠋ᠶ᠋ᠠᠨ ᠲᠣᠭᠣᠳᠠᠭ ᠤ᠋ᠨ ᠥᠨᠳᠡᠭᠡ ᠶ᠋ᠢ ᠥᠨᠳᠥᠷ ᠳᠡᠭᠡᠷ᠎ᠡ ᠡᠴᠡ ᠥᠩᠬᠥᠷᠢᠭᠦᠯᠵᠦ ᠪᠠᠢᠭᠰᠠᠭᠠᠷ ᠮᠣᠳᠣ ᠴᠢᠯᠠᠭᠤᠨ ᠳ᠋ᠤ᠌ ᠮᠥᠷᠭᠥᠭᠦᠯᠵᠦ ᠨᠢᠴᠠᠯᠤᠭᠠᠳ ᠳᠣᠯᠢᠶᠠᠴᠢᠬᠠᠳᠠᠭ ᠃ ᠥᠨᠳᠡᠭᠡ ᠪᠡᠨ ᠣᠯᠬᠤ ᠨᠢ ᠴᠦ᠍ ᠣᠯᠴᠢᠬᠠᠯ᠎ᠠ ᠃ ᠣᠳᠣ ᠬᠠᠷᠢᠨ ᠶᠠᠭᠠᠬᠢᠵᠤ ᠭᠠᠷ ᠢ᠋ᠶ᠋ᠠᠷ ᠢ᠋ᠶ᠋ᠠᠨ ᠪᠠᠷᠢᠬᠤ ᠦᠭᠡᠢ ᠰᠢᠭ ᠡᠭᠦᠷ ᠲᠦ᠍ ᠨᠢ ᠠᠪᠠᠴᠢᠳᠠᠭ ᠪᠢᠯᠡ !
ᠴᠢᠪ ᠪᠠᠢ ! ᠬᠥᠮᠦᠨ ᠦ᠌ ᠦᠨᠦᠷ ᠣᠷᠣᠪᠠᠯ ᠭᠣᠯᠣᠭᠠᠳ ᠬᠠᠶᠠᠴᠢᠬᠠᠳᠠᠭ ᠶᠤᠮ ᠰᠢᠦ ᠳᠡ!
— ᠡᠮᠡᠭᠡ ᠠ᠋ ! ᠡᠮᠡᠭᠡ ᠠ᠋ ᠂ ᠬᠠᠷᠠᠭᠠᠴᠢ !
—ᠦ ! ᠬᠥᠭᠡᠷᠦᠬᠦᠢ ! ᠮᠢᠨᠦ ᠬᠣᠶᠠᠷ ᠲᠣᠭᠣᠳᠠᠭ ᠮᠠᠨᠤᠰ ᠲᠤ᠌ ᠶᠣᠰᠣᠲᠠᠢ ᠰᠠᠢᠨ ᠶᠠᠭᠤᠮ᠎ᠠ ᠪᠣᠯᠤᠯ᠎ᠠ ᠭᠡᠳ ᠮᠥᠷᠭᠥᠵᠦ ᠪᠠᠢᠨ᠎ᠠ ᠰᠢᠦ ᠳᠡ !
—ᠮᠢᠨᠦ ᠬᠦᠦ ! ᠭᠣᠪᠢ ᠴᠢᠨᠢ ᠪᠠᠰᠠ ᠯᠠ ᠴᠢᠨᠦ ᠨᠢᠭᠡ ᠤᠩᠰᠢᠵᠤ ᠰᠤᠳᠤᠯᠬᠤ ᠨᠣᠮ ᠶᠤᠮ ᠰᠢᠦ ᠳᠡ !
