ᠡᠷᠳᠡᠨᠢ ᠲᠤᠨᠤᠮᠠᠯ ᠨᠡᠷᠡᠲᠦ ᠰᠤᠳᠤᠷ ᠣᠷᠣᠰᠢᠪᠠ -  7 Эрдэнэ тунамал нэрт судар оршив - 7 ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠷᠳᠡᠨᠢ ᠲᠤᠨᠤᠮᠠᠯ ᠨᠡᠷᠡᠲᠦ ᠰᠤᠳᠤᠷ ᠣᠷᠣᠰᠢᠪᠠ -  7 Эрдэнэ тунамал нэрт судар оршив - 7

ᠡᠷᠳᠡᠨᠢ ᠲᠤᠨᠤᠮᠠᠯ ᠨᠡᠷᠡᠲᠦ ᠰᠤᠳᠤᠷ ᠣᠷᠣᠰᠢᠪᠠ -  7 Эрдэнэ тунамал нэрт судар оршив - 7

ᠠᠩᠭᠢᠯᠠᠯ:ᠲᠡᠦᠬᠡ ᠰᠣᠶᠣᠯ
2023-05-18

314


       ᠬᠤᠲᠤᠭ ᠲᠤ᠌ ᠳᠠᠯᠠᠢ  ᠯᠠᠮ᠎ᠠ ᠡᠬᠢᠯᠡᠨ ᠭᠤᠷᠪᠠᠨ  ᠬᠤᠲᠤᠭᠲᠠᠨ ᠲᠦᠰᠢᠶᠡᠲᠦ ᠠᠯᠲᠠᠨ ᠰᠡᠴᠡᠨ ᠬᠠᠭᠠᠨ ᠳ᠋ᠤᠷ ᠂  
       ᠬᠣᠲᠠᠯᠠ ᠡᠰᠷᠦᠨ ᠶᠡᠬᠡ ᠬᠦᠴᠦᠨ ᠳ᠋ᠦ᠍ ᠴᠡᠭᠷᠡᠸᠡᠷᠳᠢ ᠨᠣᠮ ᠤ᠋ᠨ ᠬᠠᠭᠠᠨ ᠴᠣᠯᠠ ᠡᠷᠭᠦᠵᠦ ᠮᠥᠩᠭᠥᠨ ᠲᠠᠮᠠᠭ᠎ᠠ ᠯᠠᠮ᠎ᠠ ᠰᠣᠶᠣᠷᠬᠠᠪᠠᠢ᠃  
       ᠬᠤᠪᠢᠲᠤ ᠤᠶᠠᠨᠴᠣ ᠵᠥᠩᠭᠢᠨ ᠬᠠᠲᠤᠨ ᠢ᠋ ᠳ᠋ᠡᠷᠡ ᠪᠣᠳᠢᠰᠤᠩ ᠤ᠋ᠨ ᠬᠤᠪᠢᠯᠭᠠᠨ ᠠᠷᠶ᠎ᠠ ᠳ᠋ᠠᠷᠠ ᠴᠣᠯᠠ ᠰᠣᠶᠣᠷᠬᠠᠪᠠᠢ ᠃  
       ᠭᠤᠷᠪᠠᠨ ᠲᠦᠮᠡᠨ ᠦ᠌ ᠨᠣᠶᠠᠳ ᠲᠤᠷ ᠳ᠋ᠡᠳ᠋ ᠳ᠋ᠡᠳ᠋ ᠢ᠋ᠶ᠋ᠡᠷ ᠲᠤᠰ ᠪᠦᠷᠢ ᠴᠣᠯᠠ ᠨᠠᠷᠠ ᠥᠭᠭᠦᠭᠰᠡᠨ ᠢ᠋ ᠬᠣᠷᠢᠶᠠᠨ ᠪᠢᠴᠢᠪᠡᠢ ᠃  
       ᠪᠠᠶᠠᠨ ᠪᠠᠭᠰᠢ ᠶ᠋ᠢ ᠡᠨᠡᠳᠬᠡᠭ ᠲᠥᠪᠡᠳ ᠮᠣᠩᠭᠣᠯ ᠭᠤᠷᠪᠠᠨ ᠬᠡᠯᠡᠨ ᠦ᠌ ᠳᠡᠯ ᠰᠣᠶᠣᠷᠬᠠᠵᠤ ᠂  
       ᠪᠠᠶᠠᠰᠬᠤᠯᠠᠩ  ᠲᠤ᠌ ᠪᠤᠷᠬᠠᠨ ᠤ᠋ ᠨᠣᠮ ᠤ᠋ᠳ ᠢ᠋ ᠣᠷᠴᠢᠭᠤᠯᠵᠤ ᠬᠡᠯᠡᠮᠦᠷᠴᠢᠯᠡᠭᠰᠡᠨ ᠦ᠌ ᠲᠤᠯᠠᠳᠠ ᠂  
       ᠪᠠᠭᠰᠢ ᠠᠶᠤᠰᠢ ① ᠶ᠋ᠢ ᠠᠨᠠᠨᠲᠠ ᠮᠠᠨᠵᠦᠰᠢᠷᠢ ᠭᠦᠰᠢ ᠴᠣᠯᠠ ᠰᠣᠶᠣᠷᠬᠠᠵᠤ ᠪᠠᠭᠰᠢ ᠨᠠᠷ ᠤ᠋ᠨ ᠣᠬᠢ ᠪᠣᠯᠭᠠᠪᠠᠢ ᠃  
       ᠪᠠᠰᠠ ᠪᠠᠷ ᠨᠣᠮ ᠶᠢᠷᠲᠢᠨᠴᠦ ᠶ᠋ᠢᠨ ᠦᠢᠯᠡᠰ ᠢ᠋ ᠦᠯᠦ ᠡᠨᠳᠡ ᠶᠠᠪᠤᠭᠤᠯᠬᠤ ᠶ᠋ᠢᠨ ᠲᠤᠯᠠ ᠬᠢᠲᠡᠲᠡᠢ ᠳ᠋ᠦ᠍ᠷ ᠂  
       ᠦᠢᠵᠡᠩ ᠰᠡᠴᠡᠨ ᠬᠣᠨᠵᠢᠨ ᠴᠣᠯᠠ ᠰᠣᠶᠣᠷᠬᠠᠵᠤ ᠲᠦᠰᠢᠮᠡᠳ ᠦ᠋ᠨ ᠡᠷᠭᠢᠨ ᠪᠣᠯᠭᠠᠪᠠᠢ ᠂  
       ᠦᠨᠡᠬᠡᠷ ᠬᠠᠮᠤᠭ ᠢ᠋ ᠮᠡᠳᠡᠭᠴᠢ ᠬᠤᠲᠤᠭ ᠲᠤ᠌ ᠳᠠᠯᠠᠢ ᠡᠬᠢᠯᠡᠨ ᠪᠤᠷᠰᠠᠩ ᠬᠤᠸᠠᠷᠠᠭ ᠤ᠋ᠳ ᠢ᠋ ᠂  
       ᠦᠯᠡᠮᠵᠢ ᠬᠡᠨᠵᠤᠷ ᠰᠳᠡᠡᠵᠤᠷ ᠨᠣᠮ ᠪᠤᠷᠬᠠᠨ ᠢ᠋ ᠵᠠᠯᠠᠵᠤ ᠱᠠᠰᠢᠨ ᠤ᠋ ᠵᠦᠭ ᠲᠦ᠍ᠷ ᠬᠦᠴᠦᠨ ᠢ᠋ᠶ᠋ᠡᠨ ᠥᠭᠪᠡ ᠬᠡᠮᠡᠵᠦ ᠰᠠᠷᠠᠮᠡᠢ ᠶ᠋ᠢ ᠂  
— — — — 
① ᠲᠡᠢᠮᠢᠩ ᠤᠯᠤᠰ ᠤ᠋ᠨ ᠦᠶ᠎ᠡ ᠳ᠋ᠡᠬᠢ ᠮᠣᠩᠭᠣᠯ ᠤ᠋ᠨ ᠠᠯᠳᠠᠷᠲᠤ ᠣᠷᠴᠢᠭᠤᠯᠤᠭᠴᠢ ᠃ ᠰᠠᠨᠰᠺᠷᠢᠲ ᠦᠭᠡ ᠂ ᠲᠥᠪᠡᠳ ᠦᠭᠡ ᠶ᠋ᠢ ᠲᠡᠮᠳᠡᠭᠯᠡᠬᠦ ᠳ᠋ᠦ᠍ ᠳᠥᠭᠥᠮ ᠪᠣᠯᠭᠠᠬᠤ ᠶ᠋ᠢᠨ ᠲᠤᠰᠠᠳᠠ 1617 ᠣᠨ ᠳ᠋ᠤ᠌ ᠠᠯᠢ ᠭᠠᠯᠢ ᠦᠰᠦᠭ ᠭᠡᠵᠦ ᠵᠣᠬᠢᠶᠠᠵᠠᠢ ᠃ ᠠᠯᠢ ᠭᠡᠰᠡᠨ ᠨᠢ ᠡᠭᠡᠰᠢᠭ ᠦᠰᠦᠭ ᠂ ᠭᠠᠯᠢ ᠭᠡᠰᠡᠨ ᠨᠢ ᠭᠡᠢᠭᠦᠯᠦᠭᠴᠢ ᠦᠰᠦᠭ ᠢ᠋ ᠬᠡᠯᠡᠨ᠎ᠡ ᠃  

       ᠤᠷᠠᠨ ᠲᠠᠩᠭᠠᠷᠢᠭ ᠲᠠᠶᠤᠨ ᠬᠢᠶ᠎ᠡ ᠴᠣᠯᠠ ᠰᠣᠶᠣᠷᠬᠠᠵᠤ ᠲᠠᠢ ᠳᠠᠷᠬᠠᠨ ᠪᠣᠯᠭᠠᠪᠠᠢ᠃  
       ᠦᠢᠵᠡᠩ ᠵᠠᠢᠰᠠᠩ ᠢ᠋ ᠱᠠᠰᠢᠨ ᠤ᠋ ᠵᠦᠭ ᠲᠦ᠍ᠷ ᠬᠦᠴᠦᠨ ᠢ᠋ᠶ᠋ᠡᠨ ᠥᠭᠴᠦ ᠥᠩᠭᠡᠷᠡᠭᠰᠡᠨ ᠦ᠌ ᠲᠤᠯᠠ ᠬᠥᠪᠡᠭᠦᠨ ᠢ᠋ ᠢᠨᠤ ᠰᠡᠷᠡᠩ ᠢ᠋ ᠂  
       ᠦᠯᠡᠮᠵᠢ ᠬᠠᠢᠷᠠᠯᠠᠵᠤ ᠦᠢᠵᠡᠩ ᠵᠠᠢᠰᠠᠩ ᠴᠣᠯᠠ ᠰᠣᠶᠣᠷᠬᠠᠵᠤ ᠂  
       ᠦᠷᠭᠦᠯᠵᠢᠳᠡ ᠳᠠᠯᠠᠢ ᠯᠠᠮ᠎ᠠ ᠶ᠋ᠢ ᠬᠢᠴᠢᠶᠡᠨ ᠵᠠᠯᠠᠵᠤ ᠬᠦᠴᠦᠨ ᠢ᠋ᠶ᠋ᠡᠨ ᠥᠭᠭᠦᠭᠰᠡᠨ ᠦ᠌ ᠲᠤᠯᠠ ᠰᠠᠮᠪᠤᠲᠠᠷ᠎ᠠ ᠴᠣᠯᠠ ᠰᠣᠶᠣᠷᠬᠠᠵᠤ ᠳ᠋ᠠᠢ ᠳᠠᠷᠬᠠᠨ ᠪᠣᠯᠭᠠᠪᠠᠢ ᠃  
       ᠤᠷᠢᠳᠤ ᠪᠤᠶᠠᠨ ᠢᠷᠦᠭᠡᠯ ᠦ᠋ᠨ ᠬᠦᠴᠦᠨ ᠢ᠋ᠶ᠋ᠡᠷ ᠤᠷᠭᠤᠮᠠᠯ ᠨᠠᠷᠠᠨ ᠮᠡᠲᠦ ᠱᠠᠰᠢᠨ ᠢ᠋ ᠳᠡᠯᠭᠡᠷᠡᠭᠦᠯᠬᠦ ᠶ᠋ᠢᠨ ᠲᠤᠯᠠ ᠂     
       ᠤᠴᠢᠷᠠᠯᠳᠤᠵᠤ ᠲᠠᠬᠢᠯ ᠤ᠋ᠨ ᠣᠷᠣᠨ ᠥᠭᠯᠢᠭᠡ ᠶ᠋ᠢᠨ ᠡᠵᠡᠨ ᠪᠣᠯᠤᠯᠴᠠᠵᠤ 
       ᠤᠯᠠᠮ ᠪᠠᠰᠠ ᠨᠢᠭᠡᠨ ᠨᠢᠭᠡᠨ ᠲᠣᠷᠢᠶᠠᠨ ᠨᠠᠷᠠ ᠴᠣᠯᠠ ᠡᠷᠭᠦᠮᠵᠢᠯᠡᠭᠰᠡᠨ ᠦ᠌ ᠰᠢᠯᠲᠠᠭᠠᠨ ᠲᠡᠢᠮᠦ ᠪᠥᠯᠥᠭᠡ ᠃  
       ᠡᠷᠬᠡᠨ ᠸᠴᠢᠷ᠎ᠠ ᠳ᠋ᠠᠷ᠎ᠠ ᠰᠠᠢᠨ ᠴᠣᠭᠲᠤ ᠪᠤᠶᠠᠨ  ᠲᠤ᠌ ᠳᠠᠯᠠᠢ ᠯᠠᠮ᠎ᠠ ᠵᠠᠷᠯᠢᠭ ᠪᠣᠯᠣᠷ ᠤ᠋ᠨ  :  
       《 ᠡᠷᠲᠡᠨ ᠦ᠌ ᠬᠤᠷᠢᠶᠠᠭᠰᠠᠨ ᠪᠤᠶᠠᠨ ᠢᠷᠦᠭᠡᠷᠦᠨ ᠬᠦᠴᠦᠨ ᠬᠢᠭᠡᠳ ᠂  
       ᠡᠷᠬᠡᠲᠦ ᠵᠣᠣ ᠰᠢᠭᠡᠮᠦᠨᠢ ᠶ᠋ᠢᠨ ᠠᠳᠢᠰᠲᠢᠳ ᠢ᠋ᠶ᠋ᠠᠷ ᠪᠢᠳᠡ ᠬᠣᠶᠠᠭᠤᠯᠠ ᠂  
       ᠡᠳᠦᠭᠡ ᠤᠴᠢᠷᠠᠯᠳᠤᠵᠤ ᠬᠣᠶᠠᠷ ᠶᠣᠰᠣᠨ ᠢ᠋ ᠪᠦᠲᠦᠭᠡᠬᠦ ᠶ᠋ᠢᠨ ᠲᠤᠯᠠᠳᠠ ᠂  
       ᠵᠣᠣ ᠰᠢᠭᠡᠮᠦᠨᠢ ᠶ᠋ᠢᠨ ᠡᠮᠦᠨ᠎ᠡ ᠮᠠᠨᠳᠠᠯ ᠡᠷᠭᠦᠬᠦᠢ ᠬᠡᠷᠡᠭ 》 ᠭᠡᠮᠡᠨ ᠠᠢᠯᠠᠳᠬᠠᠪᠠᠰᠤ   
       ᠶᠡᠬᠡ ᠵᠢᠷᠭᠠᠯᠠᠩ  ᠲᠤ᠌ ᠬᠦᠴᠦᠲᠦ ᠴᠡᠭᠷᠡᠸᠡᠷᠲᠢ ᠠᠯᠲᠠᠨ ᠬᠠᠭᠠᠨ ᠲᠡᠷᠢᠭᠦᠲᠡᠨ ᠬᠠᠮᠤᠭ ᠪᠦᠭᠦᠳᠡᠭᠡᠷ ᠂  
       ᠵᠢᠴᠢ ᠡᠷᠬᠡ ᠪᠤᠰᠤ ᠰᠦᠰᠦᠭ ᠪᠢᠰᠢᠷᠡᠯ ᠢ᠋ ᠡᠭᠦᠰᠬᠡᠵᠦ ᠪᠦᠷ ᠦ᠋ᠨ ᠵᠥᠪᠰᠢᠶᠡᠭᠡᠳ ᠂  
       ᠵᠢᠪᠬᠤᠯᠠᠩ ᠲᠠᠶ᠎ᠠ ᠮᠢᠩᠭᠠᠨ ᠰᠢᠵᠢᠷ ᠢ᠋ᠶ᠋ᠠᠷ ᠮᠠᠨᠳᠠᠯ ᠢ᠋ ᠡᠭᠦᠳᠦᠭᠡᠳ ᠂  
       ᠠᠯᠳᠠᠷᠰᠢᠭ᠍ᠰᠠᠨ ᠡᠰᠷᠦᠨ ᠶᠡᠬᠡ ᠬᠦᠴᠦ ᠳ᠋ᠦ᠍ ᠴᠡᠭᠷᠡᠸᠡᠷᠲᠢ ᠨᠣᠮ ᠤ᠋ᠨ ᠠᠯᠲᠠᠨ ᠬᠠᠭᠠᠨ ᠂  
       ᠠᠰᠢᠩ ᠬᠡᠮᠡᠬᠦ ᠡᠴᠢᠭᠡ ᠪᠯᠠᠮ᠎ᠠ ᠷᠳᠥ᠋ᠨᠷᠵᠢ ᠪᠠᠭ᠍ᠰᠢ ᠲᠡᠷᠢᠭᠦᠲᠡᠨ ᠢ᠋  
       ᠠᠷᠢᠭᠤᠨ ᠢᠯᠠᠵᠤ ᠲᠡᠭᠦᠰ ᠨᠥᠭᠴᠢᠭᠰᠡᠨ ᠵᠣᠣ ᠰᠢᠭᠡᠮᠦᠨᠢ ᠶ᠋ᠢᠨ ᠭᠡᠭᠡᠨ ᠦ᠌ ᠡᠮᠦᠨ᠎ᠡ ᠂   
       ᠠᠯᠢᠮᠠᠳ ᠬᠡᠷᠡᠭᠯᠡᠭᠳᠡᠬᠦᠨ ᠣᠯᠠᠨ ᠵᠦᠢᠯᠲᠦ ᠥᠭᠯᠢᠭᠡ ᠪᠢᠷᠡᠮᠢᠳ ᠢ᠋ ᠥᠭᠴᠦ ᠢᠯᠡᠭᠡᠪᠡᠢ ᠃  
       ᠲᠡᠭᠦᠨ ᠦ᠌ ᠬᠣᠢᠨ᠎ᠠ ᠬᠠᠮᠤᠭ ᠢ᠋ ᠮᠡᠳᠡᠭᠴᠢ ᠸᠴᠢᠷ᠎ᠠ  ᠳ᠋ᠠᠷ᠎ᠠ ᠳᠠᠯᠠᠢ  ᠯᠠᠮ᠎ᠠ ᠶ᠋ᠢᠨ ᠭᠡᠭᠡᠨ ᠳ᠋ᠦ᠍ᠷ ᠂  
       ᠲᠡᠭᠦᠰ ᠡᠰᠷᠦᠨ ᠶᠡᠬᠡ ᠬᠦᠴᠦᠲᠦ ᠴᠡᠭᠷᠡᠸᠡᠷᠲᠢ ᠨᠣᠮ ᠤ᠋ᠨ ᠠᠯᠲᠠᠨ ᠬᠠᠭᠠᠨ ᠡᠢᠨ ᠭᠡᠮᠡᠨ ᠥᠴᠢᠷᠦᠨ :  
       《ᠲᠡᠭᠰᠢ ᠬᠠᠮᠤᠭ ᠢ᠋ ᠮᠡᠳᠡᠭᠴᠢ ᠸᠴᠢᠷ᠎ᠠ ᠳ᠋ᠠᠷ᠎ᠠ ᠳᠠᠯᠠᠢ ᠯᠠᠮ᠎ᠠ ᠠᠢᠯᠠᠳ ᠤ᠋ᠨ ᠰᠣᠶᠣᠷᠬ᠎ᠠ !  
       ᠲᠡᠨᠳᠡᠴᠡ ᠪᠤᠷᠬᠠᠨ ᠪᠠᠭᠰᠢ ᠶ᠋ᠢᠨ ᠨᠣᠮᠯᠠᠭᠰᠠᠨ ᠰᠤᠳᠤᠷ ᠲᠠᠷᠨᠢ ᠲᠣᠭ᠎ᠠ ᠲᠣᠮᠰᠢ ᠦᠭᠡᠢ ᠪᠤᠶᠤ ᠂  
       ᠲᠡᠢᠨ ᠢ᠋ᠶ᠋ᠡᠷ ᠪᠥᠭᠡᠰᠦ ᠡᠳᠡᠭᠡᠷ ᠬᠠᠮᠤᠭ ᠨᠣᠮ ᠤ᠋ᠳ ᠢ᠋ ᠮᠥᠨ ᠴᠢᠨᠠᠷ ᠢ᠋ ᠨᠢᠭᠡᠨ᠎ᠡ ᠬᠤᠷᠢᠶᠠᠭᠰᠠᠨ ᠂  
       ᠲᠡᠭᠦᠯᠳᠡᠷ ᠪᠤᠷᠬᠠᠨ ᠤ᠋ ᠬᠤᠲᠤᠭ ᠢ᠋ ᠤᠯᠠᠭᠠᠭᠴᠢ ᠪᠤᠶᠤ ?》ᠭᠡᠮᠡᠨ ᠠᠢᠯᠠᠳᠬᠠᠭᠰᠠᠨ ᠳ᠋ᠤᠷ ᠂  
       ᠲᠡᠨᠳᠡ ᠬᠠᠮᠤᠭ ᠢ᠋ ᠮᠡᠳᠡᠭᠴᠢ ᠸᠴᠢᠷ᠎ᠠ ᠳ᠋ᠠᠷ᠎ᠠ ᠳᠠᠯᠠᠢ ᠯᠠᠮ᠎ᠠ ᠵᠠᠷᠯᠢᠭ ᠪᠣᠯᠤᠷᠤᠨ :  
       《ᠲᠡᠭᠦᠰ ᠢᠯᠠᠭᠤᠭᠰᠠᠨ ᠪᠤᠷᠬᠠᠨ ᠪᠠᠭᠰᠢ ᠶ᠋ᠢᠨ ᠨᠣᠮᠯᠠᠭᠰᠠᠨ ᠨᠣᠮ ᠲᠣᠭ᠎ᠠ ᠲᠣᠮᠰᠢ ᠦᠭᠡᠢ ᠪᠤᠶᠤ! 
       ᠠᠶ᠎ᠠ ! ᠲᠡᠢᠨ ᠢ᠋ᠶ᠋ᠡᠷ ᠪᠥᠭᠡᠰᠦ ᠪᠤᠷᠬᠠᠨ ᠤ᠋ ᠬᠤᠲᠤᠭ ᠢ᠋ ᠣᠯᠬᠤᠶ᠎ᠠ ᠳᠤᠲᠠ ᠮᠥᠷ ᠂  
       ᠠᠷᠢᠭᠤᠨ ᠲᠡᠩᠰᠡᠯ ᠦᠭᠡᠢ ᠨᠢᠭᠤᠴᠠ ᠲᠠᠷᠨᠢ ᠸᠴᠢᠷᠲᠤ ᠬᠥᠯᠭᠡᠨ ᠪᠥᠯᠥᠭᠡ》 ᠬᠡᠮᠡᠭᠰᠡᠨ ᠳ᠋ᠦ᠍ᠷ᠂  
       ᠠᠯᠲᠠᠨ ᠬᠠᠭᠠᠨ ᠥᠴᠢᠵᠦ : 《 ᠡᠷᠲᠡ ᠹᠡᠭᠰᠪᠡ ᠯᠠᠮ᠎ᠠ ᠮᠠᠨᠤ ᠳᠡᠭᠡᠳᠦ ᠰᠡᠴᠡᠨ ᠬᠠᠭᠠᠨ ᠳ᠋ᠤᠷ ᠂  
       ᠠᠯᠳᠠᠷᠰᠢᠭ᠍ᠰᠠᠨ ᠭᠡᠶ᠎ᠡ ᠴᠢᠷ᠎ᠠ ᠶ᠋ᠢᠨ ᠮᠠᠨᠳᠠᠯ ᠤ᠋ᠨ ᠡᠷᠬᠡ ᠶ᠋ᠢ ᠰᠣᠶᠣᠷᠬᠠᠪᠠ ᠭᠡᠮᠡᠨ ᠰᠣᠨᠣᠰᠳᠠᠯᠤᠬ᠎ᠠ ᠂  
       ᠲᠡᠷᠡ ᠬᠡᠢ ᠳ᠋ᠴᠢᠷ᠎ᠠ ᠶ᠋ᠢᠨ ᠠᠪᠠᠰᠢᠭ᠌ ᠠᠯᠢᠨ ᠳ᠋ᠤᠷ ᠬᠠᠷᠢᠶ᠎ᠠ ᠳ᠋ᠤ᠌ ᠪᠤᠶᠤ ? 》ᠭᠡᠮᠡᠨ ᠥᠴᠢᠪᠡᠰᠦ ᠂  
       ᠲᠡᠭᠰᠢ ᠬᠠᠮᠤᠭ ᠢ᠋ ᠮᠡᠳᠡᠭᠴᠢ ᠬᠤᠲᠤᠭ ᠲᠤ᠌ ᠳᠠᠯᠠᠢ ᠯᠠᠮ᠎ᠠ ᠵᠠᠷᠯᠢᠭ ᠪᠣᠯᠤᠷᠤᠨ :  
       《 ᠲᠡᠷᠡ ᠬᠡᠢ ᠸᠴᠢᠷ ᠦ᠋ᠨ ᠠᠪᠠᠰᠢᠭ᠌ ᠢᠨᠤ ᠬᠡᠮᠡᠪᠡᠰᠦ ᠂  
       ᠳᠡᠩᠰᠡᠯ ᠦᠭᠡᠢ ᠨᠢᠭᠤᠴᠠ ᠲᠠᠷᠨᠢ ᠸᠴᠢᠷᠲᠤ ᠬᠥᠯᠭᠡᠨ ᠦ᠌ ᠠᠪᠠᠰᠢᠭ᠌ ᠪᠥᠯᠥᠭᠡ 》ᠬᠡᠮᠡᠭᠰᠡᠨ ᠳ᠋ᠦ᠍ᠷ᠂  
       ᠠᠯᠲᠠᠨ ᠬᠠᠭᠠᠨ ᠠᠷᠢᠭᠤᠨ ᠰᠦᠰᠦᠭ ᠪᠢᠰᠢᠷᠡᠯ ᠢ᠋ᠶ᠋ᠡᠷ ᠡᠢᠨ ᠭᠡᠮᠡᠨ ᠠᠢᠯᠠᠳᠬᠠᠷ ᠤ᠋ᠨ:  
       《 ᠠᠶ᠎ᠠ ! ᠬᠠᠮᠤᠭ ᠢ᠋ ᠮᠡᠳᠡᠭᠴᠢ ᠸᠴᠢᠷ᠎ᠠ ᠳ᠋ᠠᠷ᠎ᠠ ᠳᠠᠯᠠᠢ ᠯᠠᠮ᠎ᠠ ᠲᠡᠢᠮᠦ ᠪᠥᠭᠡᠰᠦ ᠪᠡᠷ ᠂  
       ᠠᠩᠬ᠎ᠠ ᠤᠷᠢᠳᠠ ᠹᠡᠭᠰᠪᠡ ᠯᠠᠮ᠎ᠠ ᠮᠠᠨᠤ ᠳᠡᠭᠡᠳᠦ ᠰᠡᠴᠡᠨ ᠬᠠᠭᠠᠨ ᠳ᠋ᠤᠷ ᠂  
       ᠠᠯᠳᠠᠷᠰᠢᠭ᠍ᠰᠠᠨ ᠬᠡᠢ ᠸᠴᠢᠷ᠎ᠠ ᠶ᠋ᠢᠨ ᠠᠪᠠᠰᠢᠭ᠌ ᠢ᠋ ᠰᠣᠶᠣᠷᠬᠠᠭᠰᠠᠨ ᠤ᠋ ᠶᠣᠰᠣᠭᠠᠷ 
       ᠡᠳᠦᠭᠡ ᠨᠠᠳᠤᠷ ᠰᠣᠶᠣᠷᠬᠠᠵᠤ ᠪᠣᠯᠤᠮᠤ ? 》ᠭᠡᠮᠡᠨ ᠥᠴᠢᠨ ᠠᠢᠯᠠᠳᠬᠠᠭᠰᠠᠨ ᠳ᠋ᠤᠷ ᠂  
       ᠡᠷᠬᠡᠨ ᠬᠠᠮᠤᠭ ᠢ᠋ ᠮᠡᠳᠡᠭᠴᠢ ᠸᠴᠢᠷ᠎ᠠ ᠳ᠋ᠠᠷ᠎ᠠ ᠳᠠᠯᠠᠢ  ᠯᠠᠮ᠎ᠠ ᠡᠢᠨ ᠭᠡᠮᠡᠨ ᠵᠠᠷᠯᠢᠭ ᠪᠣᠯᠵᠤ :  
       《ᠡᠷᠬᠡᠲᠦ  ᠶᠡᠬᠡ ᠬᠠᠭᠠᠨ ᠴᠢᠨᠦ ᠠᠢᠯᠠᠳᠨᠬᠠᠭ᠍ᠴᠢ  ᠵᠠᠷᠯᠢᠭ ᠮᠠᠰᠢ ᠵᠥᠪ ᠪᠤᠶᠤ ᠂  
       ᠡᠷᠲᠡ ᠰᠡᠴᠡᠨ ᠬᠠᠭᠠᠨ ᠳ᠋ᠤᠷ ᠹᠡᠭᠰᠪᠡ ᠯᠠᠮ᠎ᠠ ᠬᠡᠢ ᠸᠴᠢᠷ᠎ᠠ ᠶ᠋ᠢᠨ ᠠᠪᠠᠰᠢᠭ᠌ ᠰᠣᠶᠣᠷᠬᠠᠭᠰᠠᠨ ᠦᠨᠡᠨ ᠪᠣᠢ ᠃  
       ᠲᠠᠩᠭᠢᠷᠢᠭ ᠦ᠋ᠨ ᠨᠢᠳᠦᠨ ᠤ ᠴᠡᠴᠡᠭᠡᠢ ᠮᠡᠲᠦ ᠰᠠᠬᠢᠨ ᠴᠢᠳᠠᠭᠠᠳ ᠂  
       ᠲᠠᠩᠰᠦᠬ᠎ᠠ ᠪᠤᠷᠬᠠᠨ ᠤ᠋ ᠱᠠᠰᠢᠨ ᠢ᠋ ᠳᠡᠯᠭᠡᠷᠡᠭᠦᠯᠦᠭᠡᠳ 
       ᠲᠡᠭᠰᠢ ᠶᠢᠷᠲᠢᠨᠴᠦ ᠶ᠋ᠢᠨ ᠲᠥᠷᠥ ᠶ᠋ᠢ ᠵᠣᠬᠢᠶᠠᠨ ᠪᠠᠢᠭᠤᠯᠤᠭᠠᠳ ᠂  
       ᠲᠠᠬᠢᠯ ᠤ᠋ᠨ ᠣᠷᠣᠨ ᠥᠭᠯᠢᠭᠡ ᠶ᠋ᠢᠨ ᠡᠵᠡᠨ ᠪᠣᠯᠤᠯᠴᠠᠭᠰᠠᠨ ᠶᠣᠰᠣ ᠲᠡᠢᠮᠦ ᠪᠥᠯᠥᠭᠡ ᠃  
       ᠲᠡᠭᠦᠨᠴᠢᠯᠡᠨ ᠬᠦ᠌ ᠡᠳᠦᠭᠡ ᠪᠢ ᠪᠡᠷ ᠶᠡᠬᠡ ᠬᠠᠭᠠᠨ ᠴᠢᠮ᠎ᠠ ᠳ᠋ᠤᠷ ᠂  
       ᠳᠡᠩᠰᠡᠯ ᠦᠭᠡᠢ ᠨᠢᠭᠤᠴᠠ ᠲᠠᠷᠨᠢ ᠸᠴᠢᠷ ᠲᠤ ᠬᠥᠯᠭᠡᠨ ᠦ᠌ ᠠᠪᠠᠰᠢᠭ᠌ ᠤ᠋ᠨ ᠡᠷᠬᠡ ᠶ᠋ᠢ  
       ᠲᠡᠭᠦᠰᠬᠡᠵᠦ ᠬᠠᠭᠠᠨ ᠬᠠᠲᠤᠨ ᠬᠣᠲᠠᠯᠠ ᠰᠦᠰᠦᠭᠲᠡᠨ ᠳ᠋ᠦ᠍ᠷ ᠰᠣᠶᠤᠷᠠᠭᠰᠤᠭᠠᠢ ! 》ᠭᠡᠮᠡᠨ  ᠵᠠᠷᠯᠢᠭ  ᠪᠣᠯᠪᠠᠰᠤ ᠂  
       ᠳᠡᠭᠡᠳᠦ ᠡᠰᠷᠦᠨ ᠴᠩᠷᠸᠡᠷᠳᠢ ᠨᠣᠮ ᠤ᠋ᠨ ᠬᠠᠭᠠᠨ ᠡᠬᠡ ᠳ᠋ᠡᠷᠡ ᠶ᠋ᠢᠨ ᠬᠤᠪᠢᠯᠭᠠᠨ ᠵᠥᠩᠭᠢᠨ ᠬᠠᠲᠤᠨ ᠪᠦᠭᠦᠳᠡᠭᠡᠷ ᠂  
       ᠬᠥᠪᠡᠭᠦᠳ ᠨᠣᠶᠠᠳ  ᠪᠠᠭᠰᠢ ᠨᠠᠷ ᠰᠠᠢᠳ ᠲᠦᠰᠢᠮᠡᠳ ᠪᠦᠭᠦᠳᠡᠭᠡᠷ ᠂  
       ᠬᠦᠰᠡᠬᠦᠢ ᠰᠦᠰᠦᠭ ᠪᠢᠰᠢᠷᠡᠯ ᠦ᠋ᠨ ᠡᠭᠦᠳᠡᠨ ᠡᠴᠡ ᠨᠢᠭᠡᠨ  ᠦᠵᠦᠭᠦᠷ ᠲᠦ᠍ ᠰᠡᠳᠬᠢᠯ ᠢ᠋ᠶ᠋ᠡᠷ ᠂  
       ᠭᠦᠨ ᠨᠠᠷᠢᠨ ᠨᠢᠭᠤᠴᠠ ᠲᠠᠷᠨᠢ ᠶ᠋ᠢᠨ ᠠᠪᠠᠰᠢᠭ᠌ ᠤ᠋ᠨ ᠡᠷᠬᠡ ᠶ᠋ᠢ ᠠᠪᠬᠤᠢ ᠳ᠋ᠤᠷ ᠢ᠋ᠶ᠋ᠠᠨ ᠂  
       ᠬᠦᠨᠳᠦᠯᠡᠵᠦ ᠪᠣᠭᠳᠠ ᠳᠠᠯᠠᠢ  ᠯᠠᠮ᠎ᠠ ᠳ᠋ᠤᠷ ᠭᠤᠷᠪᠠᠨ ᠭᠣᠣᠯ ① ᠤ᠋ᠨ ᠲᠥᠪᠡᠳ ᠤᠯᠤᠰ ᠢ᠋ ᠡᠬᠢᠯᠡᠨ ᠂  
       ᠠᠯᠲᠠᠨ ᠮᠥᠩᠭᠥᠨ ᠢ᠋ᠶ᠋ᠡᠷ ᠡᠭᠦᠳᠦᠭᠰᠡᠨ ᠮᠠᠨᠳᠠᠯ ᠢ᠋ ᠡᠷᠭᠢᠨ ᠪᠣᠯᠭᠠᠭᠠᠳ 
       ᠠᠷᠢᠭᠤᠨ᠎ᠠ ᠳᠣᠯᠣᠭᠠᠨ ᠡᠷᠳᠡᠨᠢ②ᠨᠠᠢ᠍ᠮᠠᠨ ᠲᠠᠬᠢᠯ ③ ᠪᠦᠷᠢᠨ᠎ᠡ ᠲᠡᠭᠦᠰ ᠬᠢᠭᠡᠳ ᠂  
       ᠠᠩᠬᠠᠨ ᠤ᠋ ᠦᠨᠡ ᠲᠠᠨ ᠡᠯᠳᠡᠪ ᠵᠦᠢᠯ ᠡᠷᠳᠡᠨᠢ ᠡᠳ᠋ ᠲᠠᠸᠠᠷ ᠨᠤᠭᠤᠳ ᠢ᠋ ᠴᠣᠭᠴᠠᠯᠠᠵᠤ ᠂  
       ᠠᠰᠤᠷᠤ ᠮᠠᠰᠢ ᠰᠦᠰᠦᠯᠬᠦᠢ ᠪᠢᠰᠢᠷᠡᠬᠦᠢ ᠰᠡᠳᠬᠢᠯ ᠦ᠋ᠨ ᠡᠭᠦᠳᠡᠨ ᠡᠴᠡ ᠡᠷᠭᠦᠵᠦ ᠪᠦᠷ ᠦ᠋ᠨ ᠃  
       ᠭᠠᠭᠴᠠ ᠦᠵᠦᠭᠦᠷ ᠲᠦ᠍ ᠰᠡᠳᠬᠢᠯ ᠢ᠋ᠶ᠋ᠡᠷ ᠠᠪᠠᠰᠢᠭ᠌ ᠤ᠋ᠨ ᠡᠷᠬᠡ ᠶ᠋ᠢ ᠰᠣᠨᠣᠰᠬᠤᠢ ᠴᠠᠭ ᠲᠤᠷ ᠂   
       ᠬᠠᠮᠤᠭ ᠢ᠋ ᠮᠡᠳᠡᠭᠴᠢ ᠸᠴᠢᠷ᠎ᠠ ᠳ᠋ᠠᠷ᠎ᠠ ᠳᠠᠯᠠᠢ ᠯᠠᠮ᠎ᠠ ᠥᠪᠡᠷᠢᠶᠡᠨ ᠪᠣᠯᠪᠠᠰᠤᠷᠠᠭᠤᠯᠵᠤ᠂  
       ᠭᠠᠢᠬᠠᠮᠰᠢᠭ ᠨᠢᠭᠦᠯᠡᠰᠬᠦᠢ ᠰᠡᠳᠬᠢᠯ ᠢ᠋ᠶ᠋ᠡᠷ ᠡᠨᠡᠷᠢᠨ ᠦᠵᠡᠵᠦ ᠂   
       ᠭᠠᠪᠢᠶ᠎ᠠ  ᠲᠤ᠌ ᠬᠡᠢ ᠸᠴᠢᠷ᠎ᠠ ᠶ᠋ᠢᠨ ᠠᠪᠠᠰᠢᠭ᠌ ᠢ᠋ ᠳᠡᠯᠭᠡᠷᠡᠩᠭᠦᠶ᠎ᠡ ᠨᠣᠮᠯᠠᠨ ᠰᠣᠶᠣᠷᠬᠠᠪᠠᠢ ᠃  
— — — — 
① ᠭᠤᠷᠪᠠᠨ ᠭᠣᠣᠯ ᠬᠡᠮᠡᠭᠴᠢ ᠢᠨᠦ ᠬᠥᠬᠡᠨᠠᠭᠤᠷ ᠮᠣᠵᠢ ᠳ᠋ᠠᠬᠢ ᠣᠳᠣᠨ ᠲᠠᠯ᠎ᠠ ᠨᠠᠭᠤᠷ ᠲᠤ᠌ ᠴᠢᠳᠬᠤᠬᠤ ᠠᠯᠲᠠᠨ ᠭᠣᠣᠯ ᠂ ᠵᠠᠯᠢᠩ ᠨᠠᠭᠤᠷ ᠲᠤ᠌ ᠴᠢᠳᠬᠤᠬᠤ ᠪᠠᠷᠠᠭᠪ ᠭᠣᠣᠯ ᠂ ᠬᠠᠷᠠ ᠳᠠᠷᠬᠠᠨ ᠭᠣᠣᠯ ᠭᠤᠷᠪᠠ ᠶ᠋ᠢ ᠬᠡᠯᠡᠨ᠎ᠡ ᠃  
② ᠠᠯᠲᠠ ᠂ ᠮᠥᠩᠭᠥᠨ ᠂ ᠮᠠᠨᠤᠤ ᠂ ᠬᠤᠪᠠ ᠂ ᠱ᠌ᠢᠷᠦ ᠵᠡᠷᠭᠡ ᠳᠣᠯᠣᠭᠠᠨ ᠵᠦᠢᠯ ᠦ᠋ᠨ ᠡᠷᠳᠡᠨᠢᠰ ᠢ᠋ ᠥᠭᠦᠯᠡᠵᠦ ᠪᠣᠢ ᠃  
③ ᠬᠦᠵᠢ ᠂ ᠵᠤᠯᠠ ᠂ ᠰᠡᠴᠡᠭ ᠂ ᠢᠳᠡᠭᠡᠨ ᠂ ᠦᠨᠦᠷ ᠭᠡᠬᠦ ᠮᠡᠲᠦ ᠶ᠋ᠢᠨ ᠨᠠᠢ᠍ᠮᠠᠨ ᠵᠦᠢᠯ ᠦ᠋ᠨ ᠲᠠᠬᠢᠯᠭ᠎ᠠ ᠶ᠋ᠢᠨ ᠡᠳ᠋ ᠢ᠋ ᠥᠭᠦᠯᠡᠵᠦ ᠪᠣᠢ ᠃  
   
       ᠡᠷᠭᠢᠨ ᠦᠨᠳᠦᠰᠦᠨ ᠦ᠌ ᠠᠪᠠᠰᠢᠭ᠌ ᠤ᠋ᠨ ᠡᠷᠬᠡ ᠶ᠋ᠢ ᠣᠯᠤᠭᠠᠳ  
       ᠡᠨᠳᠡᠭᠦᠷᠡᠯ ᠦᠭᠡᠢ ᠲᠠᠩᠭᠢᠷᠢ᠍ᠭ ᠢ᠋ ᠨᠢᠳᠦᠨ ᠦ᠌ ᠴᠡᠴᠡᠭᠡᠢ ᠮᠡᠲᠦ ᠰᠠᠬᠢᠨ ᠴᠢᠳᠠᠪᠠᠰᠤ ᠂  
       ᠡᠨᠡ ᠨᠠᠰᠤᠨ ᠡᠨᠡ ᠪᠠᠶᠠᠨ ᠳ᠋ᠤᠷ ᠪᠤᠷᠬᠠᠨ ᠪᠣᠯᠤᠮᠤ ᠰᠠᠢᠨ ᠵᠠᠶᠠᠭᠠ ᠲᠠᠨ᠂  
       ᠡᠰᠡ ᠪᠥᠭᠡᠰᠦ ᠳᠣᠯᠣᠭᠠᠨ ᠲᠥᠷᠥᠯ ᠳ᠋ᠦ᠍ ᠡᠭᠡᠨᠡᠭᠲᠡ ᠲᠡᠢᠨ ᠡᠰᠡ ᠪᠦᠲᠦᠪᠡᠰᠦ  ᠠᠷᠪᠠᠨ ᠵᠢᠷᠭᠤᠭᠠᠨ ᠲᠥᠷᠥᠯ ᠡᠴᠡ ᠢᠨᠠᠷᠤ ᠪᠦᠲᠦᠵᠦ ᠃ 
       ᠴᠡᠭᠷᠡᠸᠡᠷᠲᠢ ᠨᠣᠮ ᠤ᠋ᠨ ᠠᠯᠲᠠᠨ ᠭᠡᠭᠡᠨ ᠬᠠᠭᠠᠨ ᠴᠢᠭᠤᠯᠵᠤ ᠬᠡᠯᠡᠯᠴᠡᠭᠡᠳ ᠲᠡᠭᠦᠨ ᠦ᠌ ᠬᠣᠢᠨ᠎ᠠ ᠳᠠᠷᠤᠢ ᠳ᠋ᠤᠷ ᠂  
       ᠴᠠᠭᠠᠨ ᠮᠠᠯᠭ᠎ᠠ ᠂ ᠣᠢᠷᠠᠳ ᠬᠣᠶᠠᠷ ᠤᠯᠤᠰ ᠲᠤᠷ ᠪᠤᠳᠢᠰᠤ ᠰᠠᠳᠰᠢ ᠤᠴᠢᠷᠬᠠᠢ ᠬᠦᠶᠡᠨ ᠡᠬᠢᠯᠡᠨ  
       ᠴᠠᠪᠴᠢᠶᠠᠯ ᠤ᠋ᠨ ᠰᠦᠮ᠎ᠡ ᠡᠴᠡ ᠶᠠᠪᠤᠭᠤᠯᠪᠠᠢ ᠯᠦᠩ ᠭᠦᠶᠡᠩ ᠳᠠᠢᠴᠢᠩ ᠥᠷᠯᠥᠭ ᠭᠦᠶᠡᠩ ᠲᠠᠢᠵᠢ ᠲᠡᠷᠢᠭᠦᠯᠡᠨ ᠂ 
       ᠴᠠᠭᠠᠵᠢᠯᠠᠵᠤ ᠲᠤᠷᠰᠢᠭᠤᠯ ᠲᠦᠰᠢᠮᠡᠳ ᠡᠯᠴᠢᠰ ᠢ᠋ᠶ᠋ᠡᠨ ᠢᠯᠡᠭᠡᠪᠡᠢ ᠦᠳᠲᠡᠷ ᠪᠥᠭᠡᠳ ᠃ 
       ᠡᠰᠷᠦᠨ ᠶᠡᠬᠡ ᠬᠦᠴᠦᠲᠦ ᠴᠡᠭᠷᠡᠸᠡᠷᠲᠢ ᠠᠯᠲᠠᠨ ᠬᠠᠭᠠᠨ ᠤ᠋ ᠵᠠᠷᠯᠢᠭ ᠢ᠋ᠶ᠋ᠠᠷ ᠮᠣᠷᠳᠠᠭᠠᠳ  
       ᠡᠨᠳᠡᠭᠦᠷᠡᠯ ᠦᠭᠡᠢ ᠶᠠᠪᠤᠵᠤ ᠲᠡᠳᠡᠭᠡᠷ ᠲᠦᠰᠢᠮᠡᠳ ᠬᠤᠸ᠎ᠠ ᠠᠮᠤ ᠪᠠᠷ ᠲᠤᠷᠰᠢᠭᠤᠯᠵᠤ ᠶᠠᠪᠤᠲᠠᠯ᠎ᠠ ᠂ 
       ᠡᠷᠬᠡᠴᠦᠳ ᠦ᠋ᠨ ᠭᠣᠣᠯ ᠢ᠋ ᠮᠢᠩᠭᠠᠨ ① ᠤ᠋ ᠵᠠᠬᠠᠲᠤ ᠮᠠᠨᠳᠠᠯ ᠪᠠᠭᠠᠲᠤᠷ ᠡᠬᠢᠯᠡᠨ ᠣᠤᠷᠴᠠᠭ②ᠢᠷᠭᠡᠨ ᠢ᠋ ᠦᠵᠡᠭᠡᠳ ᠂ 
       ᠡᠷᠬᠡ ᠳ᠋ᠡᠭᠡᠨ ᠣᠷᠣᠭᠤᠯᠵᠤ ᠶᠠᠪᠤᠭᠠᠳ ᠪᠠᠰᠠ ᠬᠦ᠌ ᠮᠥᠨ ᠪᠥᠭᠡᠳ ᠂  
— — — — 
①《 ᠡᠷᠬᠡᠴᠦᠳ ᠦ᠋ᠨ ᠭᠣᠣᠯ ᠤ᠋ᠨ ᠮᠢᠩᠭᠠᠨ 》 ᠭᠡᠵᠦ ᠪᠢᠴᠢᠪᠡᠰᠦ ᠵᠦᠢ ᠲᠡᠢ ᠪᠢᠯᠡ ᠃  
② ᠡᠮᠦᠨᠡᠬᠢ ᠬᠡᠰᠡᠭ ᠲᠣᠷ ᠭᠠᠷᠤᠭᠰᠠᠨ 《 ᠣᠭᠤᠷᠴᠠᠭ 》》 ᠭᠡᠬᠦ ᠶ᠋ᠢᠨ ᠥᠭᠡᠷ᠎ᠡ ᠪᠢᠴᠢᠯᠭᠡ ᠃ 

       ᠲᠡᠭᠦᠨᠴᠡ ᠴᠢᠨᠠᠭᠰᠢ ᠴᠠᠭᠠᠨ ᠮᠠᠯᠬ᠋᠎ᠠ ᠶ᠋ᠢᠨ ᠬᠣᠲᠠ ᠲᠤᠰᠯᠠᠵᠤ ᠶᠠᠪᠤᠨ ᠠᠲᠠᠯ᠎ᠠ᠂ 
       ᠲᠡᠨᠳᠡ ᠴᠠᠭᠠᠨ ᠮᠠᠯᠬ᠋᠎ᠠ ᠶ᠋ᠢᠨ ᠪᠦᠯᠦᠭ ᠢᠷᠭᠡᠨ ᠯᠦ᠋ᠭᠡ ᠵᠣᠯᠭᠠᠯᠳᠤᠵᠤ ᠳᠠᠷᠤᠭᠠᠳ ᠂  
       ᠳᠠᠷᠪᠢᠰ ᠪᠠᠭᠠᠲᠤᠷ ᠨᠡᠷᠡᠲᠦ ᠬᠥᠮᠦᠨ ᠢ᠋ ᠪᠠᠷᠢᠵᠤ ᠠᠪᠤᠭᠠᠳ ᠪᠠᠰᠠ ᠬᠦ᠌ ᠂  
       ᠳᠠᠷᠤᠢ ᠳ᠋ᠤᠷ ᠴᠠᠭᠠᠨ ᠮᠠᠯᠭ᠎ᠠ ᠶ᠋ᠢᠨ ᠬᠠᠮᠢᠯ ᠨᠡᠷᠡᠲᠦ ᠬᠣᠲᠠ① ᠳ᠋ᠤᠷ ᠬᠦᠷᠪᠡᠢ ᠃ 
       ᠬᠦᠷᠦᠭᠡᠳ ᠰᠡᠴᠡ ᠡᠷᠲᠡ ᠴᠢᠩᠭᠢᠰ ᠬᠠᠭᠠᠨ ᠠ᠋ᠴᠠ ᠰᠠᠯᠤᠭᠰᠠᠨ ᠲᠥᠷᠥᠯ ᠲᠥᠷᠥᠭᠰᠡᠨ ᠢ᠋ ᠳᠤᠷᠠᠳᠤᠭᠰᠠᠨ  ᠲᠣᠷ᠂ 
       ᠬᠦᠨᠳᠦᠯᠡᠵᠦ ᠶᠡᠬᠡ ᠬᠠᠭᠠᠨ ᠤ᠋ ᠵᠠᠷᠯᠢᠭ ᠢ᠋ᠶ᠋ᠠᠷ ᠲᠡᠳᠡᠭᠡᠷ ᠲᠦᠰᠢᠮᠡᠳ ᠢ᠋ ᠠᠰᠠᠷᠠᠨ ᠬᠠᠢᠷᠠᠯᠠᠵᠤ ᠂  
       ᠬᠦᠷᠭᠡᠵᠦ ᠲᠠᠲᠠᠯᠠᠭ᠎ᠠ ᠥᠭ ᠭᠡᠮᠡᠨ ᠡᠯᠴᠢᠰ ᠢ᠋ᠶ᠋ᠡᠨ ᠠᠮᠠᠯᠠᠪᠠᠢ ᠬᠥᠮᠦᠨ ᠪᠠᠭᠰᠢ ᠲᠡᠷᠢᠭᠦᠯᠡᠨ ᠂  
       ᠬᠦᠷᠴᠦ ᠬᠡᠯᠡᠯᠴᠡᠭᠰᠡᠨ ᠲᠦᠰᠢᠮᠡᠳ ᠢ᠋ ᠲᠤᠰ ᠲᠤᠰ ᠪᠦᠷᠢ ᠤᠷᠤᠭ ᠪᠣᠯᠭᠠᠵᠤ ᠂  
       ᠠᠷᠪᠠᠨ ᠬᠣᠶᠠᠷ ᠬᠣᠲᠠ ᠴᠠᠭᠠᠨ ᠮᠠᠯᠠᠭᠠᠢᠨ ᠡᠵᠡᠨ ᠠᠪᠲᠤᠭᠢᠷᠠᠮ ᠬᠠᠭᠠᠨ② 
       ᠠᠯᠲᠠᠨ ᠬᠠᠭᠠᠨ ᠠᠬ᠎ᠠ ᠶᠤᠭᠠᠨ ᠡᠯᠴᠢᠰ ᠢ᠋ ᠢᠨᠤ ᠦᠯᠡᠮᠵᠢ ᠮᠠᠰᠢ ᠬᠦᠨᠳᠦᠯᠡᠭᠡᠳ ᠂ 
       ᠠᠰᠤᠷᠤ ᠮᠠᠰᠢ ᠪᠡᠶᠡᠰᠴᠦ ᠲᠥᠷᠥ ᠨᠡᠢᠯᠡᠶ᠎ᠡ ᠭᠡᠮᠡᠨ  ᠲᠠᠲᠠᠯᠠᠭ᠎ᠠ ᠪᠠᠭᠤᠯᠮᠠᠷᠢ ᠣᠯᠠᠨ ᠵᠦᠢᠯ ᠂  
— — — — 
①ᠡᠳᠦᠭᠡ ᠶ᠋ᠢᠨ ᠰᠢᠨᠵᠢᠶᠠᠩ ᠳ᠋ᠠᠬᠢ ᠬᠠᠮᠢᠯ ᠬᠣᠲᠠ ᠃  
②ᠴᠠᠭᠠᠲᠠᠢ ᠬᠠᠭᠠᠨ ᠤ᠋ ᠬᠣᠢᠴᠢ ᠮᠠᠨᠰᠤᠷ ᠬᠠᠭᠠᠨ ᠤ᠋ ᠳᠡᠭᠦᠦ ᠰᠠᠢᠳ (ᠬᠢᠲᠠᠳ ᠪᠢᠴᠢᠭ ᠲᠣᠷ赛德 ᠭᠡᠬᠦ ) ᠬᠠᠭᠠᠨ ᠤ᠋ ᠠᠴᠢ ᠠᠪᠳᠤᠷᠺᠢᠷᠢᠮ  (Abdurkarim )ᠬᠠᠭᠠᠨ ᠃ 1533 ᠣᠨ ᠳ᠋ᠤ᠌ ᠰᠠᠢᠳ ᠬᠠᠭᠠᠨ ᠨᠠᠰᠤᠨ ᠡᠴᠦᠰᠯᠡᠭᠰᠡᠨ ᠦ᠌ ᠳᠠᠷᠠᠭ᠎ᠠ ᠲᠡᠭᠦᠨ ᠦ᠌ ᠬᠥᠪᠡᠭᠦᠨ ᠠᠪᠲᠤᠷᠷᠠᠰᠢᠳ (Abdur Rashid ) ᠰᠠᠭᠤᠷᠢᠨ ᠊ᠢ ᠵᠠᠯᠭᠠᠪᠠ ᠃ 1566 ᠣᠨ ᠳ᠋ᠤ᠌ ᠠᠪᠳᠤᠷᠷᠠᠰᠢᠳ ᠨᠠᠰᠤᠨ ᠡᠴᠦᠰᠯᠡᠭᠰᠡᠨ᠎ᠡ ᠲᠡᠭᠦᠨ ᠦ᠌ ᠬᠥᠪᠡᠭᠦᠨ ᠠᠪᠳᠤᠷᠺᠡᠷᠢᠮ ᠰᠠᠭᠤᠷᠢᠨ ᠢ᠋ ᠵᠠᠯᠭᠠᠪᠠ ᠃   

       ᠠᠯᠮᠠᠰ ᠡᠷᠳᠡᠨᠢ ᠠᠷᠭᠤᠮᠠᠭ ᠲᠤᠮᠣᠴᠠᠭ ᠮᠣᠷᠢ ᠠᠭᠲᠠ ᠭᠢᠵᠢᠷ ᠲᠡᠮᠡᠭᠡᠨ ᠲᠡᠷᠢᠭᠦᠯᠡᠨ ᠥᠭᠴᠦ ᠶᠠᠪᠤᠭᠤᠯᠪᠠᠢ ᠃    
       ᠲᠡᠳᠡᠭᠡᠷ ᠡᠯᠴᠢᠰ ᠲᠦᠰᠢᠮᠡᠳ ᠣᠢᠷᠠᠳ ᠲᠦᠮᠡᠨ ᠳ᠋ᠦ᠍ᠷ ᠦᠯᠦ ᠭᠦᠷᠦᠨ ᠂  
       ᠲᠡᠨᠳᠡᠴᠡ ᠬᠤᠸ᠎ᠠ ᠠᠮᠤ ᠳᠠᠷᠬᠠᠨ ᠥᠷᠯᠥᠭ ᠢ᠋ ᠣᠢᠷᠠᠳ ᠤᠯᠤᠰ ᠲᠤᠷ ᠢᠯᠡᠭᠡᠭᠡᠳ ᠂  
       ᠲᠡᠭᠦᠨᠴᠡ ᠢᠨᠠᠭᠰᠢ ᠬᠠᠷᠠᠵᠤ ᠴᠠᠭ᠌ᠷᠡᠸᠠᠷᠲᠢ ᠠᠯᠲᠠᠨ ᠬᠠᠭᠠᠨ ᠤ᠋ ᠭᠡᠭᠡᠨ ᠳ᠋ᠦ᠍ᠷ ᠵᠣᠯᠭᠠᠵᠤ ᠂ 
       ᠳᠠᠷᠤᠢ ᠳ᠋ᠤᠷ ᠴᠠᠭᠠᠨ ᠮᠠᠯᠠᠭᠠᠢᠨ ᠡᠯᠴᠢᠰ ᠲᠠᠲᠠᠯᠠᠭᠰᠢ ᠬᠦᠷᠭᠡᠵᠦ ᠥᠭᠭᠦᠭᠰᠡᠨ ᠪᠥᠯᠥᠭᠡ ᠃   
       ᠬᠤᠲᠤᠭ ᠲᠤ᠌ ᠳᠠᠯᠠᠢ ᠯᠠᠮ᠎ᠠ ᠶ᠋ᠢ ᠲᠡᠷᠡ ᠤᠴᠢᠷ ᠲᠤᠷ ᠶᠤᠩᠯᠤᠨ ᠳ᠋ᠠᠬᠢ  ᠺᠡᠷᠮ᠎ᠡ  ᠯᠠᠮ᠎ᠠ ①  ᠬᠢᠭᠡᠳ ᠂ 
       ᠬᠤᠪᠢᠯᠭᠠᠨ ᠢᠯᠠᠭᠤᠭᠰᠠᠨ ᠣᠷᠣᠨ ᠳ᠋ᠠᠬᠢ ᠬᠠᠮᠤᠭ  ᠯᠠᠮ᠎ᠠ ᠨᠠᠷ ᠪᠦᠭᠦᠳᠡᠭᠡᠷ ᠂ 
       ᠬᠣᠲᠠᠯᠠ ᠬᠠᠮᠤᠭ ᠲᠥᠪᠡᠳ ᠦ᠋ᠨ ᠣᠷᠣᠨ ᠳ᠋ᠠᠬᠢ ᠥᠭᠯᠢᠭᠡ ᠶ᠋ᠢᠨ ᠡᠵᠡᠳ ᠵᠠᠯᠠᠵᠤ ᠪᠦᠷᠦᠨ ᠂  
       ᠬᠤᠷᠢᠶᠠᠵᠤ ᠥᠭᠯᠢᠭᠡ ᠶ᠋ᠢᠨ ᠪᠠᠷᠠᠮᠢᠳ ᠢ᠋ ᠲᠥᠭᠡᠳᠡᠯᠡ ᠡᠷᠭᠦᠵᠦ ᠤᠳᠤᠷᠢᠭᠤᠯᠰᠤᠨ ᠠᠪᠠᠰᠢᠭ᠌ ᠢ᠋ ᠠᠪᠤᠪᠠᠢ ᠃ 
       ᠪᠠᠭᠰᠢ ᠢᠯᠠᠭᠤᠭᠰᠠᠨ ᠳᠠᠯᠠᠢ ᠯᠠᠮ᠎ᠠ ᠶ᠋ᠢ ᠪᠠᠰᠠ ᠬᠦ᠌ ᠡᠷᠡᠨᠮᠦ② ᠭᠠᠮᠰᠤ ③ ᠶ᠋ᠢᠨ ᠳᠤᠤᠳᠠᠩ ᠨᠣᠶᠠᠨ ᠵᠠᠯᠠᠵᠤ ᠂  
— — — — 
① ᠯᠾᠰᠡ ᠡᠴᠡ ᠤᠮᠠᠷᠠᠰᠢ ᠳᠠᠯᠠᠨ ᠭᠠᠵᠠᠷ ᠳᠠᠬᠢ ᠶᠣᠩᠯᠣᠨ ᠰᠦᠮ᠎ᠡ ( ᠬᠢᠲᠠᠳ ᠪᠢᠴᠢᠭ ᠲᠦ᠍业郎寺 ᠭᠡᠨ᠎ᠡ ) ᠶ᠋ᠢᠨ ᠭᠡᠭᠡᠨ ᠃ ᠤᠤᠯ ᠨᠡᠷ᠎ᠡ ᠨᠢ ᠰᠢᠨᠰᠢᠶᠡᠪᠠ ᠰᠸᠳᠡᠩᠳᠦᠷᠵᠢ ᠭᠡᠳᠡᠭ ᠃ ᠤᠯᠠᠭᠠᠨ ᠮᠠᠯᠠᠭᠠᠢᠳᠠᠨ ᠺᠡᠷᠮ᠎ᠡ ᠶ᠋ᠢᠨ ᠱᠠᠰᠢᠨ ᠤ᠋ ᠭᠡᠭᠡᠨ ᠪᠣᠯᠬᠣᠷ ᠺᠡᠷᠮ᠎ᠡ  ᠯᠠᠮ᠎ᠠ ᠭᠡᠵᠡᠢ ᠃  
② ᠪᠠᠰᠠ ᠠᠷᠰᠤ ᠭᠡᠳᠡᠭ ᠂ ᠳᠠᠷᠤᠢ ᠯᠢᠶᠠᠩ ᠵᠧᠦ ( 凉州) ᠶ᠋ᠢ ᠬᠡᠯᠡᠨ᠎ᠡ ᠃ ᠣᠳᠣ ᠶ᠋ᠢᠨ ᠭᠠᠨᠰᠦ ᠮᠣᠵᠢ ᠶ᠋ᠢᠨ ᠡᠦ ᠸᠧᠢ ᠰᠢᠶᠠᠨ ( 武威县) ᠪᠣᠯᠤᠨ᠎ᠠ ᠃   
③ ᠭᠠᠨ ᠵᠧᠦ (甘州 )᠂ ᠣᠳᠣ ᠶ᠋ᠢᠨ ᠭᠠᠨᠰᠦ ᠮᠣᠵᠢ ᠶ᠋ᠢᠨ ᠵᠠᠩ ᠶᠧ ᠰᠢᠶᠠᠨ ( 张掖县) ᠪᠣᠯᠤᠨ᠎ᠠ ᠃  

       ᠪᠡᠯᠬᠡᠰ ᠢ᠋ ᠢᠨᠦ ᠤᠬᠠᠰᠤᠭᠠᠢ ᠭᠡᠮᠡᠨ ᠦᠯᠦ ᠮᠥᠷᠭᠥᠨ ᠡᠰ᠎ᠡ ᠪᠢᠰᠢᠷᠡᠵᠦ ᠂ 
       ᠪᠡᠯᠭᠡᠳᠡᠵᠦ ᠰᠢᠲᠠᠭᠠᠭᠰᠠᠨ ᠬᠦᠵᠢ ᠶ᠋ᠢᠨ ᠦᠨᠡᠰᠦᠨ ᠢᠨᠤ ᠂ 
       ᠪᠡᠯᠭᠡ ᠳᠠᠶ᠎ᠠ ᠲᠡᠭᠷᠢ ᠨᠠᠷ ᠤ᠋ᠨ ᠦᠰᠦᠭ ᠪᠣᠯᠤᠭᠰᠠᠨ ᠳ᠋ᠤᠷ ᠪᠢᠰᠢᠷᠡᠵᠦ ᠬᠦᠨᠳᠦᠯᠡᠪᠡᠢ ᠬᠢᠲᠠᠳ ᠤᠯᠤᠰ ᠲᠤᠷ ᠃  
       ᠲᠠᠲᠠᠴᠠ ᠴᠠᠪᠴᠢᠶᠠᠯ ᠤ᠋ᠨ ᠰᠦᠮ᠎ᠡ ᠳ᠋ᠦ᠍ᠷ ᠥᠭᠡᠳᠡ ᠪᠣᠯᠵᠤ ᠢᠷᠡᠭᠡᠳ 
       ᠳᠠᠯᠠᠢ ᠯᠠᠮ᠎ᠠ᠂ ᠠᠯᠲᠠᠨ ᠬᠠᠭᠠᠨ ᠯᠤᠭ᠎ᠠ ᠠᠭᠤᠯᠵᠠᠵᠤ ᠪᠦᠷ ᠦ᠋ᠨ ᠡᠢᠨ ᠭᠡᠮᠡᠨ ᠠᠢᠯᠠᠳᠬᠠᠪᠠᠢ : 
        《ᠲᠡᠭᠦᠰ ᠡᠰᠷᠦᠨ ᠶᠡᠬᠡ ᠬᠦᠴᠦᠲᠦ ᠴᠡᠭᠷᠡᠸᠡᠷᠳᠢ ᠬᠠᠭᠠᠨ ᠮᠣᠩᠭᠣᠯ ᠤ᠋ᠨ ᠭᠠᠵᠠᠷ᠎ᠠ ᠥᠭᠡᠳᠡ ᠪᠣᠯᠵᠤ ᠂  
       ᠲᠡᠭᠰᠢ ᠱᠠᠰᠢᠨ ᠢ᠋ ᠳᠡᠯᠭᠡᠷᠡᠭᠦᠯᠬᠦ ᠲᠤᠯᠠ ᠰᠦᠮ᠎ᠡ ᠬᠡᠢᠳ ᠪᠠᠢᠭᠤᠯᠳᠠᠬᠤᠢ ᠪᠤᠶᠤ ! 
       ᠪᠣᠳᠢᠰᠤᠩ ᠪᠢ ᠪᠥᠭᠡᠳ ᠳᠡᠭᠡᠭᠰᠢ ᠨᠣᠯᠠᠮ ①ᠳᠠᠯᠠ ᠶ᠋ᠢᠨ ᠬᠡᠢᠳ ᠲᠣᠷ ᠣᠳ᠋ᠴᠤ ᠂  
       ᠪᠣᠳᠠᠲᠠᠶ᠎ᠠ ᠥᠭᠯᠢᠭᠡ ᠶ᠋ᠢᠨ ᠡᠵᠡᠳ ᠲᠡᠷᠢᠭᠦᠲᠡᠨ ᠠᠮᠢᠲᠠᠨ ᠤ᠋  ᠲᠤᠰᠠ ᠶ᠋ᠢᠨ ᠲᠤᠯᠠᠳᠠ ᠂  
       ᠪᠤᠷᠰᠠᠩ ᠬᠤᠸᠠᠷᠠᠭ ᠤ᠋ᠳ ᠤ᠋ᠨ ᠠᠢᠮᠠᠭ ᠢ᠋ ᠲᠣᠭᠲᠠᠭᠠᠬᠤ ᠬᠡᠢᠳ ᠪᠠᠷᠢᠬᠤ ᠪᠥᠯᠥᠭᠡ ᠃ 
       ᠪᠤᠷᠬᠠᠨ ᠤ᠋ ᠱᠠᠰᠢᠨ ᠳ᠋ᠤᠷ ᠲᠤᠰᠠᠯᠠᠪᠠᠰᠤ ᠪᠦᠬᠦ ᠥᠭᠯᠢᠭᠡ ᠶ᠋ᠢᠨ ᠡᠵᠡᠳ ᠲᠠᠨ ᠳ᠋ᠤᠷ ᠠᠴᠢ ᠲᠤᠰᠠ ᠢᠨᠤ ᠶᠡᠬᠡ ᠪᠤᠶᠤ ! 
       ᠶᠡᠬᠡ ᠬᠠᠭᠠᠨ ᠴᠢ ᠮᠣᠩᠭᠣᠯ ᠤ᠋ᠨ ᠭᠠᠵᠠᠷ᠎ᠠ ᠥᠭᠡᠳᠡ ᠪᠣᠯᠵᠤ ᠬᠦᠷᠦᠭᠡᠳ 
       ᠶᠡᠷᠦ ᠡᠴᠢᠭᠡ ᠡᠬᠡ ᠪᠣᠯᠤᠭᠰᠠᠨ ᠬᠠᠮᠤᠭ ᠠᠮᠢᠲᠠᠨ ᠤ᠋ ᠲᠤᠰᠠ ᠶ᠋ᠢᠨ ᠲᠤᠯᠠᠳᠠ ᠂  
— — — — 
① ᠪᠠᠰᠠ ᠨᠢᠷᠤᠮ ᠭᠡᠵᠦ ᠪᠢᠴᠢᠳᠡᠭ ᠃ ᠳᠤᠮᠳᠠᠳᠤ ᠤᠯᠤᠰ ᠪᠠ ᠨᠸᠪᠡᠯ ᠤᠯᠤᠰ ᠤ᠋ᠨ ᠵᠠᠭᠠᠨ ᠳᠡᠭᠡᠷ᠎ᠡ ᠪᠦᠬᠦᠢ ᠨᠢᠷᠦᠮ (聂拉木) ᠪᠣᠯᠤᠨ᠎ᠠ ᠃  

       ᠶᠡᠷᠦᠩᠬᠡᠢ ᠪᠤᠷᠬᠠᠨ ᠤ᠋ ᠱᠠᠰᠢᠨ ᠢ᠋ ᠦᠯᠡᠮᠵᠢ ᠮᠠᠰᠢ ᠳᠡᠯᠭᠡᠷᠡᠭᠦᠯᠬᠦᠢ ᠬᠢᠭᠡᠳ ᠂  
       ᠶᠡᠭᠦᠳᠬᠡᠯ ᠦᠭᠡᠢ ᠪᠤᠷᠰᠠᠩ ᠬᠤᠸᠠᠷᠠᠭ ᠤ᠋ᠳ ᠤ᠋ᠨ ᠠᠢᠮᠠᠭ ᠢ᠋ ᠲᠣᠭᠲᠠᠭᠠᠬᠤᠢ ᠰᠡᠳᠬᠢᠵᠦ ᠂ 
       ᠡᠷᠳᠡᠨᠢᠰ ᠦ᠋ᠨ ᠳᠡᠭᠡᠳᠦ ᠠᠯᠲᠠ ᠮᠥᠩᠭᠥᠨ ᠲᠡᠷᠢᠭᠦᠲᠡᠨ ᠡᠯᠳᠡᠪ ᠵᠦᠢᠯ ᠡᠷᠳᠡᠨᠢᠰ ᠢ᠋ᠶ᠋ᠡᠷ ᠂ 
       ᠡᠷᠭᠢᠨ ᠢᠯᠠᠵᠤ ᠲᠡᠭᠦᠰ ᠨᠥᠭᠴᠢᠭᠰᠡᠨ ᠵᠣᠣ ᠰᠢᠭᠡᠮᠦᠨᠢ ᠶ᠋ᠢᠨ ᠪᠡᠶ᠎ᠡ ᠤᠷᠠᠨ᠎ᠠ ᠪᠠᠢᠭᠤᠯᠪᠠᠰᠤ ᠂  
       ᠡᠰᠷᠦᠨ ᠶᠡᠬᠡ  ᠬᠦᠴᠦᠲᠦ ᠴᠡᠭᠷᠡᠳᠡᠷᠲᠢ ᠬᠠᠭᠠᠨ ᠮᠡᠲᠦ ᠠᠯᠳᠠᠷᠰᠢᠮᠤᠢ ᠴᠢ!  
       ᠮᠠᠨᠵᠤᠰᠢᠷᠢ ᠬᠤᠪᠢᠯᠭᠠᠨ ᠬᠤᠲᠤᠭ ᠲᠤ᠌  ᠯᠠᠮ᠎ᠠ ᠶ᠋ᠢ ᠵᠠᠯᠠᠵᠤ ᠥᠭᠡᠳᠡ ᠪᠣᠯᠭ᠎ᠠ !   
       ᠮᠠᠰᠢ ᠢᠯᠠᠭᠤᠭᠰᠠᠨ ᠲᠡᠷᠡ ᠯᠠᠮ᠎ᠠ ᠨᠠᠮ᠎ᠠ ᠯᠤᠭ᠎ᠠ ᠢᠯᠭᠠᠯ ᠦᠭᠡᠢ ᠬᠦᠨᠳᠦᠯᠡᠨ ᠂  
       ᠮᠠᠭᠠᠳ ᠢ᠋ᠶ᠋ᠠᠷ ᠲᠡᠭᠦᠨ ᠦ᠌ ᠵᠠᠷᠯᠢᠭ ᠢ᠋ ᠪᠤᠰᠤ ᠦᠯᠦ ᠪᠣᠯᠭᠠᠨ ᠠᠴᠢᠯᠠ! 
       ᠮᠠᠩᠯᠠᠢ ᠲᠡᠷᠡ ᠱᠠᠰᠢᠨ ᠳ᠋ᠤᠷ ᠲᠤᠰᠠᠯᠠᠮᠤᠢ 》ᠭᠡᠮᠡᠨ ᠵᠠᠷᠯᠢᠭ ᠪᠣᠯᠪᠠᠰᠤ ᠡᠯᠡ ᠃  
       ᠴᠡᠭᠷᠡᠸᠡᠷᠳᠢ ᠠᠯᠲᠠᠨ ᠬᠠᠭᠠᠨ ᠲᠡᠷᠢᠭᠦᠲᠡᠨ ᠭᠤᠷᠪᠠᠨ ᠲᠦᠮᠡᠨ ᠦ᠌ ᠨᠣᠶᠠᠳ ᠴᠢᠭᠤᠯᠵᠤ ᠂  
       ᠴᠠᠭᠯᠠᠰᠢ ᠦᠭᠡᠢ ᠡᠷᠳᠡᠮ ᠲᠦ ᠳᠠᠯᠠᠢ ᠯᠠᠮ᠎ᠠ ᠶ᠋ᠢ ᠵᠠᠯᠠᠵᠤ ᠬᠦᠷᠭᠡ ᠬᠡᠮᠡᠵᠦ ᠂ 
       ᠴᠠᠬᠠᠷ ᠬᠢᠴᠢᠬᠦ ᠳᠠᠢᠴᠢᠩ ᠂ ᠤᠢᠭᠤᠷᠵᠢᠨ ᠪᠢᠩᠲᠦ ①᠂ ᠶᠤᠩᠰᠢᠶᠠᠪᠤ ᠪᠠᠷᠬᠤ ᠠᠪᠠᠢ ②ᠡᠬᠢᠯᠡᠵᠦ ᠂  
— — — — 
①ᠠᠯᠲᠠᠨ ᠬᠠᠭᠠᠨ ᠤ᠋ ᠳᠥᠲᠥᠭᠡᠷ ᠬᠥᠪᠡᠭᠦᠨ ᠃  ᠤᠢᠭᠤᠷᠵᠢᠨ ᠠᠢᠮᠠᠭ ᠢ᠋ ᠮᠡᠳᠡᠵᠦ ᠪᠠᠢᠭᠰᠠᠨ ᠤ᠋ ᠲᠤᠯᠠ ᠤᠢᠭᠤᠷᠵᠢᠨ ᠪᠢᠩᠲᠦ ᠭᠡᠨ᠎ᠡ ᠃ ᠵᠢᠶᠠ ᠵᠢᠩ ᠦ᠋ᠨ ᠣᠨ ᠤ᠋ ᠰᠡᠭᠦᠯᠴᠢ ᠪᠡᠷ ᠬᠥᠬᠡᠨᠠᠭᠤᠷ ᠲᠤ᠌ ᠨᠡᠭᠦᠳᠡᠯᠯᠡᠨ ᠨᠤᠲᠤᠭᠰᠢᠭᠠᠳ ᠬᠥᠬᠡᠨᠠᠭᠤᠷ ᠳᠠᠬᠢ ᠲᠦᠮᠡᠳ ᠦ᠋ᠨ ᠡᠵᠡᠨ ᠪᠣᠯᠪᠠ ᠃  
②ᠡᠮᠦᠨ᠎ᠡ ᠬᠡᠰᠡᠭ ᠲᠦ᠍ ᠭᠠᠷᠤᠭᠰᠠᠨ ᠪᠠᠷᠠᠬᠤ ᠰᠡᠴᠡᠨ ᠳᠠᠢᠴᠢᠩ ᠲᠠᠢᠵᠢ ᠶ᠋ᠢᠨ ᠥᠪᠡᠷ᠎ᠡ ᠨᠡᠷ᠎ᠡ ᠪᠣᠯᠤᠨ᠎ᠠ ᠃  

       ᠴᠠᠭ ᠦᠭᠡᠢ ᠡᠷᠳᠡᠮ ᠲᠦ ᠠᠶᠤᠰᠢ ᠬᠥᠰᠢ ᠡᠷᠳᠡᠨᠢ ᠮᠠᠨᠢ ᠰᠡᠳᠢᠩ ᠲᠡᠷᠢᠭᠦᠲᠡᠨ ᠢ᠋ ᠰᠠᠭᠤᠯᠭᠠᠵᠤ ᠂  
       ᠬᠦᠨᠳᠦᠯᠡᠵᠦ ᠪᠤᠷᠬᠠᠨ ᠤ᠋ ᠱᠠᠰᠢᠨ ᠢ᠋ ᠵᠢᠯᠣᠭᠣᠳᠬᠤ ᠶ᠋ᠢᠨ ᠲᠤᠯᠠᠳᠠ ᠂ 
       ᠬᠦᠷᠭᠡᠵᠦ ᠵᠠᠯᠠ ᠭᠡᠮᠡᠨ ᠲᠡᠳᠡᠭᠡᠷ ᠨᠣᠶᠠᠳ ᠰᠠᠢᠳ ᠢ᠋ ᠢᠯᠡᠭᠡᠭᠡᠳ ᠂ 
       ᠬᠥᠬᠡ ᠨᠠᠭᠤᠷ ᠠ᠋ᠴᠠ ᠢᠨᠠᠭᠰᠢ ᠮᠠᠨᠵᠦᠰᠢᠷᠢ ᠬᠤᠲᠤᠭ ᠲᠤ᠌ ᠶ᠋ᠢ ᠵᠠᠯᠠᠵᠤ ᠥᠭᠡᠳᠡ ᠪᠣᠯᠭᠠᠵᠤ ᠂ 
       ᠬᠦᠷᠴᠦ ᠢᠷᠡᠪᠡᠢ ᠮᠣᠩᠭᠣᠯ ᠤ᠋ᠨ ᠭᠠᠵᠠᠷᠠ ᠬᠣᠲᠠᠯᠠ ᠬᠠᠭᠠᠨ ᠬᠠᠲᠤᠨ ᠬᠠᠮᠤᠭ ᠪᠦᠭᠦᠳᠡᠭᠡᠷ ᠃  
       ᠲᠡᠭᠦᠨ ᠦ᠌ ᠬᠣᠢᠨ᠋ᠨ ᠴᠠᠭᠠᠨ ᠯᠤᠤ ᠵᠢᠯ᠎ᠡ ① ᠬᠠᠭᠠᠨ ᠤ᠋ ᠪᠡᠶ᠎ᠡ ᠪᠡᠷᠬᠡ ᠬᠠᠯᠠᠭᠤᠨ ᠪᠣᠯᠤᠭᠰᠠᠨ ᠳ᠋ᠤᠷ ᠂ 
       ᠲᠡᠭᠰᠢ ᠨᠣᠮ ᠤ᠋ᠨ ᠭᠦᠨ ᠴᠢᠨᠠᠷ ᠢ᠋ ᠡᠰᠡ ᠤᠬᠠᠭᠰᠠᠨ ᠰᠠᠢᠳ ᠲᠦᠰᠢᠮᠡᠳ ᠠᠨᠤ ᠂ 
       ᠳᠠᠷᠤᠢ ᠳ᠋ᠤᠷ ᠤᠷᠢᠳᠠ ᠤᠰᠠᠳᠬᠠᠭᠰᠠᠨ ᠪᠤᠷᠤᠭᠤ ᠦᠵᠡᠯ ᠢ᠋ ᠨᠠᠷᠢᠨ ᠰᠢᠲᠦᠭᠰᠡᠨ ᠳ᠋ᠦ᠍ᠷ᠂ 
       ᠲᠡᠷᠡ ᠴᠠᠭ ᠲᠤ᠌ ᠮᠠᠨᠵᠦᠰᠢᠷᠢ ᠬᠤᠲᠤᠭ ᠲᠤ᠌ ᠰᠡᠳᠬᠢᠯ ᠢ᠋ᠶ᠋ᠡᠨ ᠮᠠᠰᠢ ᠡᠮᠭᠡᠨᠢᠨ ᠵᠣᠪᠠᠵᠤ ᠂  
       ᠭᠤᠷᠪᠠᠨ ᠡᠷᠳᠡᠨᠢ  ᠯᠠᠮ᠎ᠠ ᠡᠷᠳᠡᠮ ᠨᠣᠮ ᠤ᠋ᠨ ᠰᠠᠬᠢᠭᠤᠯᠰᠤᠨ ᠳ᠋ᠤᠷ ᠵᠠᠯᠪᠠᠷᠢᠵᠤ᠂ 
       ᠬᠤᠷᠳᠤᠨ᠎ᠠ ᠬᠡᠲᠦᠷᠬᠡᠢ ᠶ᠋ᠢᠨ ᠶᠠᠪᠤᠳᠠᠯ ᠢ᠋ ᠰᠢᠮᠳᠠᠨ ᠦᠢᠯᠡᠳᠦᠭᠰᠡᠨ ᠳ᠋ᠦ᠍ᠷ ᠰᠢᠲᠦᠵᠦ ᠂ 
       ᠬᠣᠲᠠᠯᠠ ᠬᠠᠭᠠᠨ ᠤ᠋ ᠬᠠᠯᠠᠭᠤᠨ ᠠᠮᠤᠷᠯᠢᠭᠠᠳ ᠳᠠᠷᠤᠢ ᠳ᠋ᠤᠷ ᠰᠡᠷᠭᠦᠵᠦ ᠂  
— — — — 
① ᠴᠠᠭᠠᠨ ᠯᠤᠤ ᠵᠢᠯ ᠂ ᠶᠠᠨ ᠯᠢ ᠶ᠋ᠢᠨ ᠨᠠᠢ᠍ᠮᠠᠳᠤᠭᠠᠷ ᠣᠨ ( 1580 ) ᠣᠨ ᠃  

       ᠬᠤᠷᠢᠮᠯᠠᠵᠤ ᠪᠠᠶᠠᠰᠤᠯᠴᠠᠨ ᠦᠢᠯᠡᠳᠬᠦᠢ ᠤᠴᠢᠷ ᠲᠤᠷ ᠵᠣᠯᠭᠠᠵᠤ ᠂  
       ᠮᠠᠨᠵᠤᠰᠢᠷᠢ ᠬᠤᠲᠤᠭ ᠲᠤ᠌ ᠬᠠᠭᠠᠨ ᠤ᠋ ᠭᠡᠭᠡᠨ ᠳ᠋ᠦ᠍ᠷ ᠡᠢᠨ ᠭᠡᠮᠡᠨ ᠠᠢᠯᠠᠳᠬᠠᠪᠠᠢ :  
      《 ᠮᠠᠰᠢ ᠢᠯᠠᠭᠤᠭᠰᠠᠨ ᠶᠡᠬᠡ ᠬᠠᠭᠠᠨ ᠴᠢ ᠭᠤᠷᠪᠠᠨ ᠡᠷᠳᠡᠨᠢ ᠬᠢᠭᠡᠳ ᠂  
       ᠮᠠᠨᠳᠦᠷ ᠰᠦᠰᠦᠭ ᠪᠢᠰᠢᠷᠡᠯ ᠴᠢᠨᠦ ᠦᠯᠡᠮᠵᠢ ᠰᠠᠢᠨ ᠪᠥᠭᠡᠳᠡᠯᠡ ᠂ 
       ᠮᠠᠭᠠᠳ ᠡᠰᠡ ᠠᠷᠢᠯᠤᠭᠰᠠᠨ ᠰᠠᠢᠳ ᠲᠦᠰᠢᠮᠡᠳ ᠶᠡᠬᠡ ᠤᠯᠤᠰ ᠴᠢᠨᠦ ᠨᠣᠮ ᠳ᠋ᠤᠷ ᠪᠢᠰᠢᠷᠡᠯ ᠥᠴᠦᠬᠡᠨ ᠪᠤᠶᠤ !  
       ᠲᠡᠢᠮᠦ ᠶ᠋ᠢᠨ ᠲᠤᠯᠠ ᠪᠤᠷᠬᠠᠨ ᠤ᠋ ᠱᠠᠰᠢᠨ ᠳ᠋ᠤᠷ ᠲᠤᠰᠠᠯᠠᠵᠤ ᠦᠯᠦ ᠴᠢᠳᠠᠮᠤ ᠪᠢ ᠂  
       ᠳ᠋ᠡᠭᠡᠳᠦ ᠶᠡᠬᠡ ᠬᠠᠭᠠᠨ ᠴᠢᠨᠦ ᠡᠰᠡᠨ ᠪᠦᠬᠦᠢ ᠡᠴᠡ ᠥᠭᠡᠳᠡ ᠪᠣᠯᠵᠤ ᠂ 
       ᠲᠡᠨᠳᠡ ᠲᠥᠪᠡᠳ ᠦ᠋ᠨ ᠭᠠᠵᠠᠷ᠎ᠠ ᠬᠠᠷᠢᠮᠤᠢ ᠂ ᠦᠯᠦ ᠲᠦᠳᠡᠭᠦᠯ ᠦ᠋ᠨ ᠰᠣᠶᠣᠷᠬ᠎ᠠ ! 》ᠭᠡᠮᠡᠨ ᠥᠴᠢᠪᠡᠰᠦ᠂ 
       ᠳᠠᠷᠤᠢ ᠴᠠᠩᠷᠠᠳᠠᠷᠲᠢ ᠨᠣᠮ ᠤ᠋ᠨ ᠠᠯᠲᠠᠨ ᠬᠠᠭᠠᠨ ᠡᠢᠨ ᠭᠡᠮᠡᠨ ᠠᠢᠯᠠᠳᠬᠠᠪᠠᠢ :  
       《 ᠬᠣᠲᠣᠯᠠ ᠢᠯᠠᠭᠤᠭᠰᠠᠨ ᠪᠡᠯᠭᠡ ᠪᠢᠯᠢᠭ ᠢ᠋ ᠨᠢᠭᠡᠨ᠎ᠡ ᠬᠤᠷᠢᠶᠠᠭᠰᠠᠨ ᠂  
       ᠬᠣᠴᠣᠷᠯᠢ ᠦᠭᠡᠢ ᠠᠮᠢᠲᠠᠨ ᠤ᠋ ᠬᠠᠷᠠᠩᠭᠤᠢ ᠶ᠋ᠢ ᠠᠷᠢᠯᠭᠠᠭᠴᠢ ᠴᠣᠭᠲᠤ ᠨᠠᠷᠠᠨ ᠂ 
       ᠬᠤᠲᠤᠭ ᠲᠠᠨ ᠤ᠋ ᠮᠥᠷ ᠲᠣᠷ ᠤᠳᠤᠷᠢᠳᠤᠭᠴᠢ ᠠᠢᠮᠠᠭ ᠤ᠋ᠳ ᠤ᠋ᠨ  ᠨᠣᠶᠠᠨ ᠂  
       ᠬᠤᠪᠢᠯᠭᠠᠨ ᠪᠡᠶᠡᠲᠦ ᠮᠠᠨᠵᠦᠰᠢᠷᠢ ᠠᠢᠯᠠᠳᠤᠨ ᠰᠣᠶᠣᠷᠬ᠎ᠠ ᠭᠡᠭᠡᠨ ᠳ᠋ᠡᠭᠡᠨ ! 
       ᠡᠰᠡ ᠤᠬᠠᠭᠰᠠᠨ ᠣᠯᠠᠨ ᠤᠯᠤᠰ ᠢ᠋ ᠰᠥᠭᠡᠭᠡᠵᠦ ᠂ 
       ᠡᠷᠬᠡᠲᠦ ᠨᠣᠮ ᠤ᠋ᠨ  ᠵᠠᠰᠠᠭ ᠢ᠋ ᠴᠢᠩ ᠪᠠᠬᠢᠳᠠ ᠦᠢᠯᠡᠳᠴᠦ ᠂ 
       ᠡᠷᠭᠢᠨ ᠵᠣᠣ ᠰᠢᠭᠡᠮᠦᠨᠢ ᠡᠯᠳᠡᠪ ᠡᠷᠳᠡᠨᠢᠰ ᠢ᠋ᠶ᠋ᠡᠷ ᠡᠭᠦᠳᠴᠦ ᠂ 
       ᠡᠳᠡᠭᠡᠷᠢ ᠪᠦᠲᠦᠭᠡᠰᠦᠭᠡᠢ ᠰᠠᠭᠤᠨ ᠰᠣᠶᠣᠷᠬ᠎ᠠ !》 ᠭᠡᠮᠡᠨ ᠥᠴᠢᠵᠦ ᠂  
       ᠲᠡᠳᠦᠢ ᠭᠤᠷᠪᠠᠨ ᠲᠦᠮᠡᠨ ᠶᠡᠬᠡ ᠤᠯᠤᠰ ᠴᠢᠭᠤᠯᠤᠭᠠᠳ 
       ᠳᠡᠭᠡᠳᠦ ᠨᠣᠮ ᠤ᠋ᠨ ᠵᠠᠰᠠᠭ ᠢ᠋ ᠬᠢᠪ ᠦ᠋ᠨ ᠵᠠᠩᠭᠢᠶ᠎ᠠ ᠮᠡᠲᠦ ᠦᠢᠯᠡᠳᠦᠭᠰᠡᠨ ᠳ᠋ᠦ᠍ᠷ᠂ 
       ᠳᠠᠷᠤᠢ ᠳ᠋ᠤᠷ ᠮᠠᠨᠵᠦᠰᠢᠷᠢ ᠬᠤᠲᠤᠭ ᠲᠦᠳᠡᠬᠦᠢ ᠵᠠᠷᠯᠢᠭ ᠢ᠋ ᠰᠣᠶᠣᠷᠬᠠᠪᠠᠢ ᠃  
       ᠲᠡᠨᠳᠡᠴᠡ ᠬᠠᠭᠠᠨ ᠲᠡᠷᠢᠭᠦᠲᠡᠨ ᠬᠠᠮᠤᠭ ᠢ᠋ᠶ᠋ᠠᠷ ᠰᠦᠰᠦᠭ ᠪᠢᠰᠢᠷᠡᠯ ᠢ᠋ ᠲᠥᠷᠥᠭᠦᠯᠵᠦ ᠪᠦᠷᠦᠨ ᠃  
       ᠬᠠᠮᠤᠭ ᠢ᠋ ᠮᠡᠳᠡᠭᠴᠢ ᠳᠠᠯᠠᠢ ᠯᠠᠮ᠎ᠠ ᠶ᠋ᠢᠨ ᠵᠠᠷᠯᠢᠭ ᠤ᠋ᠨ ᠶᠣᠰᠣᠭᠠᠷ  
       ᠭᠠᠢᠬᠠᠮᠰᠢᠭ ᠵᠣᠣ ᠰᠢᠭᠡᠮᠦᠨᠢ ᠶ᠋ᠢᠨ ᠪᠡᠶ᠎ᠡ ᠪᠠᠢᠭᠤᠯᠬᠤ ᠶ᠋ᠢᠨ ᠲᠤᠯᠠ ᠡᠯᠳᠡᠪ ᠡᠷᠳᠡᠨᠢᠰ ᠢ᠋ ᠴᠣᠭᠴᠠᠯᠠᠵᠤ ᠂ 
       ᠭᠠᠪᠢᠶ᠎ᠠ ᠲᠤ ᠪᠠᠯᠪᠤ ① ᠶ᠋ᠢᠨ ᠤᠷᠠᠨ ᠳ᠋ᠤᠷ ᠥᠭᠭᠦᠭᠡᠳ ᠡᠭᠦᠳᠴᠦ ᠳᠠᠭᠤᠰᠤᠭᠰᠠᠨ ᠤ᠋ ᠬᠣᠢᠨᠠ ᠂  
       ᠬᠠᠭᠠᠨ ᠬᠠᠲᠤᠨ ᠲᠡᠷᠢᠭᠦᠲᠡᠨ ᠬᠠᠮᠤᠭ ᠶᠡᠬᠡ ᠤᠯᠤᠰ ᠬᠣᠲᠣᠯᠠ ᠪᠦᠭᠦᠳᠡᠭᠡᠷ ᠂  
— — — — 
① ᠨᠧᠪᠠᠯ ᠤᠯᠤᠰ ᠢ᠋ ᠪᠠᠯᠪᠤ ᠭᠡᠨ᠎ᠡ ᠃  

       ᠡᠯᠳᠡᠪ ᠵᠦᠢᠯ ᠡᠷᠳᠡᠨᠢ ᠠᠯᠲᠠᠨ ᠮᠥᠩᠭᠥᠨ ᠣᠯᠠᠨ ᠲᠣᠭ᠎ᠠ ᠲᠠᠨ ᠢ᠋ ᠂  
       ᠡᠮᠡᠭᠡᠯ ᠬᠠᠵᠠᠭᠠᠷ ᠲᠣᠬᠣᠵᠤ ᠠᠷᠭᠤᠮᠠᠭ ᠲᠤᠮᠣᠴᠠᠭ ᠮᠣᠷᠢᠨ ᠲᠡᠷᠢᠭᠦᠲᠡᠨ ᠬᠥᠯᠭᠡᠳ ᠢ᠋ ᠂  
       ᠡᠩ ᠦᠭᠡᠢ ᠣᠯᠠᠨ ᠲᠣᠭ᠎ᠠ ᠲᠠᠨ ᠮᠠᠯ ᠢ᠋ ᠴᠤᠭᠵᠠᠯᠠᠭᠤᠯᠵᠤ ᠭᠣᠣᠯ ᠳᠠᠯᠠ ᠳᠦᠭᠦᠷᠲᠡᠯᠡ ᠂  
       ᠡᠷᠭᠢᠨ ᠶᠡᠬᠡ ᠪᠤᠶᠠᠨ ᠢ᠋ ᠴᠠᠭᠯᠠᠰᠢ ᠦᠭᠡᠢ ᠡᠷᠭᠦᠵᠦ ᠪᠦᠷ ᠦ᠋ᠨ ᠃  
       ᠮᠠᠨᠵᠤᠰᠢᠷᠢ ᠬᠤᠲᠤᠭ ᠲᠤ᠌ ᠡᠬᠢᠯᠡᠨ ᠳᠥᠷᠪᠡᠨ ᠵᠦᠢᠯ ᠬᠤᠸᠠᠷᠠᠭ ① ᠦ᠋ᠳ ᠢ᠋ ᠵᠠᠯᠠᠵᠤ ᠂  
       ᠮᠠᠩᠯᠠᠢ ᠢᠯᠬᠤᠭ᠋ᠰᠠᠨ ᠵᠣᠣ ᠷᠢᠮᠪᠤᠴᠢ ᠳ᠋ᠤ᠌ ᠬᠤᠲᠤᠭ ᠣᠷᠣᠰᠢᠭᠤᠯ ᠤ᠋ᠨ ᠠᠷᠪᠠᠢ ᠰᠠᠴᠤᠬᠤᠢ ᠳ᠋ᠤᠷ ᠂  
       ᠮᠠᠭᠠᠳ ᠢ᠋ᠶ᠋ᠠᠷ ᠣᠭᠲᠠᠷᠭᠤᠢ ᠠ᠋ᠴᠠ ᠰᠡᠴᠡᠭ ᠦ᠋ᠨ ᠬᠤᠷ᠎ᠠ ᠣᠷᠣᠭᠠᠳ ᠰᠡᠴᠡ ᠂  
       ᠮᠠᠰᠢ ᠲᠠᠪᠤᠨ ᠥᠩᠭᠡ ᠰᠣᠯᠣᠩᠭ᠎ᠠ ᠳᠣᠲᠣᠷᠬᠠᠶ᠎ᠠ ᠲᠠᠲᠠᠵᠤ ᠂  
       ᠲᠠᠩᠰᠤᠭ ᠭᠠᠢᠬᠠᠮᠰᠢᠭ᠋ ᠪᠡᠯᠬᠡᠰ ᠬᠣᠲᠠᠯᠠ ᠠᠮᠢᠳᠠᠨ᠎ᠠ ᠦᠵᠡᠭᠳᠡᠭᠰᠡᠨ ᠳ᠋ᠦ᠍ᠷ᠂  
       ᠲᠡᠨᠳᠡ ᠡᠰᠷᠦᠨ ᠶᠡᠬᠡ  ᠬᠦᠴᠦᠲᠦ  ᠴᠩᠷᠡᠸᠠᠷᠳᠢ ᠨᠣᠮ ᠤ᠋ᠨ ᠠᠯᠲᠠᠨ ᠬᠠᠭᠠᠨ ᠲᠡᠷᠢᠭᠦᠲᠡᠨ ᠂ 
       ᠲᠡᠭᠰᠢ ᠬᠣᠲᠠᠯᠠ ᠶᠡᠬᠡ ᠤᠯᠤᠰ ᠵᠠᠰᠠᠳᠠᠭ ᠶᠣᠰᠣᠨ ᠦᠭᠡᠢ ᠪᠢᠰᠢᠷᠡᠯ ᠢ᠋ ᠣᠯᠵᠤ ᠭᠠᠢᠬᠠᠪᠠᠢ᠃ 
       ᠲᠡᠭᠦᠰ ᠢᠯᠠᠭᠤᠭᠰᠠᠨ ᠪᠤᠷᠬᠠᠨ ᠤ᠋ ᠰᠠᠰᠢᠨ ᠳ᠋ᠤᠷ ᠦᠨᠡᠨ ᠮᠠᠭᠠᠳ ᠢ᠋ᠶ᠋ᠠᠷ ᠣᠷᠣᠭᠰᠠᠨ ᠢᠨᠤ ᠲᠡᠢᠮᠦ ᠪᠥᠯᠥᠭᠡ ᠃  
— — — — 
① ᠪᠤᠷᠬᠠᠨ ᠤ᠋ ᠱᠠᠪᠢᠨᠠᠷ ᠤ᠋ᠨ ᠳᠣᠲᠣᠷ᠎ᠠ ᠭᠡᠷ ᠡᠴᠡ ᠭᠠᠷᠤᠭᠰᠠᠨ ᠱᠠᠪᠢᠨᠠᠷ ᠣᠨ ᠡᠷᠡᠭᠲᠡᠢ ᠶ᠋ᠢ ᠨᠢ ᠪᠢᠺᠰᠦ᠍  ( Bhiksu ) ᠭᠡᠵᠦ ᠂ ᠡᠮᠡᠭᠲᠡᠢ ᠶ᠋ᠢ ᠪᠠᠷᠰᠥ᠋ᠨᠢ ( Bhiksuni ) ᠭᠡᠨ᠎ᠡ ᠃ ᠭᠡᠷ ᠲᠦ᠍ ᠪᠠᠢᠬᠤ ᠱᠠᠪᠢᠨᠠᠷ ᠤ᠋ᠨ  ᠡᠷᠡᠭᠲᠡᠢ ᠶ᠋ᠢ ᠨᠢ ᠥᠫᠡᠰᠡᠺᠡᠨ (优婆塞 ) ᠭᠡᠵᠦ ᠡᠮᠡᠭᠲᠡᠢ ᠶ᠋ᠢ ᠨᠢ ᠥᠫᠰᠢᠺᠡᠨ (优婆 ) ᠭᠡᠨ᠎ᠡ ᠃ ᠡᠨᠡ ᠳᠥᠷᠪᠡ ᠶ᠋ᠢ ᠬᠠᠮᠲᠤ ᠳ᠋ᠤᠨᠢ ᠳᠥᠷᠪᠡᠨ ᠵᠦᠢᠯ ᠬᠤᠸᠠᠷᠠᠭ ᠭᠡᠵᠦ ᠬᠡᠯᠡᠨ᠎ᠡ ᠃