ᠠᠯᠤᠩᠭᠤᠸ᠎ᠠ ᠡᠬᠡ ᠲᠠᠪᠤᠨ ᠮᠥᠰᠥ ᠪᠡᠷ ᠬᠡᠦᠬᠡᠳ ᠢ᠋ᠶ᠋ᠡᠨ ᠰᠤᠷᠭᠠᠭᠰᠠᠨ ᠨᠢАлангуа эг таван мөсөөр хүүхдээ сургасан нь
ᠠᠯᠤᠩᠭᠤᠸ᠎ᠠ ᠡᠬᠡ ᠲᠠᠪᠤᠨ ᠮᠥᠰᠥ ᠪᠡᠷ ᠬᠡᠦᠬᠡᠳ ᠢ᠋ᠶ᠋ᠡᠨ ᠰᠤᠷᠭᠠᠭᠰᠠᠨ ᠨᠢ
ᠡᠷᠲᠡ ᠳᠡᠭᠡᠳᠦ ᠦᠶ᠎ᠡ ᠠᠯᠤᠩᠭᠤᠸ᠎ᠠ ᠭᠡᠳᠡᠭ ᠰᠡᠴᠡᠨ ᠮᠡᠷᠭᠡᠨ ᠡᠮᠡᠭᠲᠡᠢ ᠪᠠᠢᠵᠠᠢ᠃ ᠲᠡᠭᠦᠨ ᠦ᠌ ᠲᠠᠪᠤᠨ ᠬᠦᠦ ᠨᠢ ᠲᠠᠭᠠᠷᠠᠯᠴᠠᠬᠤ ᠦᠭᠡᠢ ᠲᠤᠯᠠ ᠦᠷᠭᠦᠯᠵᠢ ᠬᠡᠷᠡᠭᠦᠯ ᠵᠠᠭᠤᠷᠠᠭᠠᠨ ᠪᠣᠯᠳᠠᠭ ᠪᠠᠢᠯ᠎ᠠ᠃
ᠠᠯᠤᠩᠭᠤᠸ᠎ᠠ ᠡᠬᠡ ᠬᠡᠦᠬᠡᠳ ᠦ᠋ᠳ ᠢ᠋ᠶ᠋ᠡᠨ ᠬᠡᠷᠬᠢᠨ ᠡᠶᠡᠳᠡᠭᠦᠯᠬᠦ ᠪᠢᠯᠡ? ᠭᠡᠵᠦ ᠪᠣᠳᠣᠭᠰᠠᠭᠠᠷ ᠪᠠᠢᠭᠠᠳ ᠨᠢᠭᠡ ᠠᠷᠭ᠎ᠠ ᠣᠯᠪᠠ᠃
ᠨᠢᠭᠡᠨ ᠡᠳᠦᠷ ᠲᠡᠷᠡ ᠬᠡᠦᠬᠡᠳ ᠦ᠋ᠳ ᠢ᠋ᠶ᠋ᠡᠨ ᠳᠠᠭᠤᠳᠠᠵᠤ ᠠᠪᠴᠢᠷᠠᠭᠠᠳ ᠬᠥᠮᠦᠨ ᠪᠦᠷᠢ ᠳ᠋ᠦ᠍ ᠨᠢᠭᠡ ᠮᠥᠰᠥ ᠥᠭᠴᠦ《ᠬᠤᠭᠤᠯ》 ᠭᠡᠰᠡᠨ ᠳ᠋ᠦ᠍ ᠲᠡᠳᠡ ᠴᠥᠮ《ᠳᠡᠰ ᠳᠡᠰ》ᠬᠢᠲᠡᠯ᠎ᠡ ᠬᠤᠭᠤᠴᠢᠵᠤ ᠣᠷᠬᠢᠪᠠ᠃ ᠠᠯᠤᠩᠭᠤᠸ᠎ᠠ ᠡᠬᠡ ᠳᠠᠬᠢᠨ ᠲᠠᠪᠤᠨ ᠮᠥᠰᠥ ᠰᠤᠭᠤᠯᠤᠨ ᠠᠪᠴᠤ ᠪᠠᠭᠴᠠᠯᠠᠭᠠᠳ《ᠬᠤᠭᠤᠯ》 ᠭᠡᠵᠦ ᠦᠭᠭᠦᠭᠰᠡᠨ ᠳ᠋ᠦ᠍ ᠠᠬ᠎ᠠ ᠳᠡᠭᠦᠦ ᠲᠠᠪᠤᠭᠤᠯᠠ ᠮᠣᠬᠣᠲᠠᠯ᠎ᠠ ᠣᠷᠣᠯᠳᠣᠭᠠᠳ ᠬᠡᠨ ᠨᠢ ᠴᠦ᠍ ᠬᠤᠭᠤᠴᠢᠵᠤ ᠴᠢᠳᠠᠭᠰᠠᠨ ᠦᠭᠡᠢ᠃
ᠡᠨᠡ ᠦᠶ᠎ᠡ ᠳ᠋ᠦ᠍ ᠠᠯᠤᠩᠭᠤᠸ᠎ᠠ ᠡᠬᠡ 《ᠲᠠ ᠨᠠᠷ ᠬᠡᠷᠪᠡ ᠬᠠᠷᠢᠯᠴᠠᠨ ᠳᠠᠢᠰᠤᠩᠨᠠᠵᠤ ᠭᠠᠭᠴᠠ ᠭᠠᠭᠴᠠ ᠪᠠᠷ ᠰᠠᠯᠪᠠᠯ ᠶᠠᠭ ᠰᠠᠶᠢ ᠶ᠋ᠢᠨ ᠨᠢᠭᠡ ᠨᠢᠭᠡ ᠮᠥᠰᠥ ᠰᠢᠭ ᠬᠡᠨ ᠳ᠋ᠦ᠍ ᠴᠦ᠍ ᠪᠦᠷ ᠬᠢᠯᠪᠠᠷᠬᠠᠨ ᠳᠡᠢᠯᠦᠭᠳᠡᠬᠦ ᠪᠣᠯᠤᠨ᠎ᠠ᠃ ᠬᠠᠷᠢᠨ ᠲᠤᠰᠠᠯᠠᠯᠴᠠᠵᠤ ᠡᠪ ᠨᠠᠢᠷ ᠲᠠᠢ ᠶᠠᠪᠤᠪᠠᠯ ᠡᠨᠡ ᠲᠠᠪᠤᠨ ᠮᠥᠰᠥ ᠰᠢᠭ ᠬᠡᠨ ᠳ᠋ᠦ᠍ ᠴᠦ᠍ ᠢᠯᠠᠭᠳᠠᠬᠤ ᠦᠭᠡᠢ ᠬᠦᠴᠦᠷᠬᠡᠭ ᠪᠣᠯᠵᠤ ᠴᠢᠳᠠᠨ᠎ᠠ》 ᠭᠡᠵᠦ ᠰᠤᠷᠭᠠᠭᠰᠠᠨ ᠭᠡᠨ᠎ᠡ᠃