ᠶᠢᠷᠲᠢᠨᠴᠦ ᠶᠢᠨ ᠭᠤᠷᠪᠠ – < ᠣ᠊ 5 > ᠶ᠋ᠢᠨ ᠠᠶ᠋ᠢᠮᠠᠭ Ертөнцийн гурав – < У > ин аймаг
ᠶᠢᠷᠲᠢᠨᠴᠦ ᠶᠢᠨ ᠭᠤᠷᠪᠠ – < ᠣ᠊ 5 > ᠶ᠋ᠢᠨ ᠠᠶ᠋ᠢᠮᠠᠭ
ᠣ ᠶ᠋ᠢᠨ ᠠᠶ᠋ᠢᠮᠠᠭ
ᠭᠤᠷᠪᠠᠨ ᠨᠣᠭᠣᠭᠠᠨ
ᠤᠰᠤᠨ ᠳᠤ ᠪᠠᠶ᠋ᠢᠭ᠎ᠠ ᠵᠠᠮᠠᠭ ᠨᠢᠭᠡ ᠨᠣᠭᠣᠭᠠᠨ
ᠤᠷᠭᠤᠵᠤ ᠪᠠᠶ᠋ᠢᠭ᠎ᠠ ᠡᠪᠡᠰᠦ ᠨᠢᠭᠡ ᠨᠣᠭᠣᠭᠠᠨ
ᠠᠭᠤᠯᠠᠨ ᠳᠤ ᠪᠠᠶ᠋ᠢᠭ᠎ᠠ ᠨᠠᠷᠠᠰᠤ ᠨᠢᠭᠡ ᠨᠣᠭᠣᠭᠠᠨ
ᠭᠤᠷᠪᠠᠨ ᠨᠣᠭᠣᠭᠠᠨ
ᠤᠷᠭᠤᠮᠠᠯ ᠪᠣᠳᠠᠰ ᠤᠨ ᠨᠠᠪᠴᠢ ᠨᠢᠭᠡ ᠨᠣᠭᠣᠭᠠᠨ
ᠣᠭ᠌ᠶᠤ ᠱ᠌ᠢᠷᠦ ᠶ᠋ᠢᠨ ᠴᠣᠭᠴᠠ ᠨᠢᠭᠡ ᠨᠣᠭᠣᠭᠠᠨ
ᠤᠰᠤ ᠨᠠᠭᠤᠷ ᠤᠨ ᠴᠡᠭᠡᠯ ᠨᠢᠭᠡ ᠨᠣᠭᠣᠭᠠᠨ
ᠭᠤᠷᠪᠠᠨ ᠤᠯᠠᠭᠠᠨ
ᠤᠷᠭᠤᠬᠤ ᠨᠠᠷᠠᠨ ᠤ ᠭᠡᠷᠡᠯ ᠨᠢᠭᠡ ᠤᠯᠠᠭᠠᠨ
ᠣᠷᠴᠢᠯᠠᠩ ᠶᠢᠷᠲᠢᠨᠴᠦ ᠶ᠋ᠢᠨ ᠲᠣᠭᠣᠰᠣ ᠨᠢᠭᠡ ᠤᠯᠠᠭᠠᠨ
ᠤᠷᠰᠢᠬᠲᠤ ᠴᠢᠨᠣ᠎ᠠ ᠶ᠋ᠢᠨ ᠨᠢᠳᠦ ᠨᠢᠭᠡ ᠤᠯᠠᠭᠠᠨ
ᠭᠤᠷᠪᠠᠨ ᠴᠢᠮᠡᠭ
ᠤᠷᠠᠨ ᠮᠡᠷᠭᠡᠵᠢᠯ ᠪᠡᠶ᠎ᠡ ᠳᠦ ᠴᠢᠮᠡᠭ
ᠤᠷᠢ ᠨᠠᠰᠤᠨ ᠳᠤ ᠡᠷᠳᠡᠮ ᠴᠢᠮᠡᠭ
ᠤᠷᠭᠤᠮᠠᠯ ᠪᠣᠳᠠᠰ ᠲᠤ ᠴᠡᠴᠡᠭ ᠴᠢᠮᠡᠭ
ᠭᠤᠷᠪᠠᠨ ᠰᠠᠶ᠋ᠢᠨ
ᠤᠷᠤᠭ ᠲᠥᠷᠥᠯ ᠦᠨ ᠬᠣᠯᠠ ᠨᠢ ᠰᠠᠶ᠋ᠢᠨ
ᠤᠰᠤ ᠲᠦᠯᠡᠭᠡᠨ ᠦ ᠣᠶ᠋ᠢᠷ᠎ᠠ ᠨᠢ ᠰᠠᠶ᠋ᠢᠨ
ᠤᠴᠢᠷ ᠶᠠᠪᠤᠳᠠᠯ ᠤᠨ ᠦᠨᠡᠨ ᠨᠢ ᠰᠠᠶ᠋ᠢᠨ
ᠭᠤᠷᠪᠠᠨ ᠰᠠᠶ᠋ᠢᠬᠠᠨ
ᠤᠷᠭᠤᠵᠤ ᠪᠠᠶ᠋ᠢᠭ᠎ᠠ ᠴᠡᠴᠡᠭ ᠰᠠᠶ᠋ᠢᠬᠠᠨ
ᠥᠰᠴᠦ ᠪᠠᠶ᠋ᠢᠭ᠎ᠠ ᠬᠡᠦᠬᠡᠳ ᠰᠠᠶ᠋ᠢᠬᠠᠨ
ᠤᠨᠳᠤᠷᠴᠤ ᠪᠠᠶ᠋ᠢᠭ᠎ᠠ ᠪᠤᠯᠠᠭ ᠰᠠᠶ᠋ᠢᠬᠠᠨ
ᠭᠤᠷᠪᠠᠨ ᠰᠠᠶ᠋ᠢᠬᠠᠨ
ᠤᠨᠠᠭ᠎ᠠ ᠳᠠᠭ᠎ᠠ ᠲᠠᠯ᠎ᠠ ᠳ᠋ᠠᠭᠠᠨ ᠰᠠᠶ᠋ᠢᠬᠠᠨ
ᠤᠷᠠᠨ ᠳᠠᠮ ᠠᠵᠢᠯ ᠳ᠋ᠠᠭᠠᠨ ᠰᠠᠶ᠋ᠢᠬᠠᠨ
ᠣᠢ ᠮᠣᠲᠣ ᠠᠭᠤᠯᠠᠨ ᠳ᠋ᠠᠭᠠᠨ ᠰᠠᠶ᠋ᠢᠬᠠᠨ
ᠭᠤᠷᠪᠠᠨ ᠰᠠᠶ᠋ᠢᠬᠠᠨ
ᠤᠯᠠᠭᠠᠨ ᠨᠣᠭᠣᠭᠠᠨ ᠥᠩᠭᠡ ᠨᠢᠭᠡ ᠰᠠᠶ᠋ᠢᠬᠠᠨ
ᠤᠤᠠᠬ᠎ᠠ ᠰᠣᠶᠣᠯ ᠦ᠋ᠨ ᠥᠷᠭᠡᠨ ᠨᠢᠭᠡ ᠰᠠᠶ᠋ᠢᠬᠠᠨ
ᠤᠷᠤᠭ ᠰᠠᠲᠤᠨ ᠪ ᠬᠠᠷᠢᠴᠠᠬ᠋ᠠ ᠨᠢᠭᠡ ᠰᠠᠶ᠋ᠢᠬᠠᠨ
ᠭᠤᠷᠪᠠᠨ ᠬᠠᠶ᠋ᠢᠷᠠᠬᠠᠨ
ᠤᠴᠢᠷ ᠮᠡᠲᠡᠬᠦ ᠦᠭᠡᠢ ᠬᠦᠮᠦᠨ ᠳᠤ ᠦᠭᠡ ᠬᠠᠶ᠋ᠢᠷᠠᠬᠠᠨ
ᠦᠨᠦᠷ ᠮᠡᠲᠡᠬᠦ ᠦᠭᠡᠢ ᠬᠠᠮᠠᠷ ᠲᠤ ᠽᠠᠠᠲᠠᠨ ᠬᠠᠶ᠋ᠢᠷᠠᠬᠠᠨ
ᠦᠵᠡᠭᠡᠳ ᠮᠡᠲᠡᠬᠦ ᠦᠭᠡᠢ ᠨᠢᠲᠦᠨ ᠳᠤ ᠡᠷᠲᠡᠨᠢ ᠬᠠᠶ᠋ᠢᠷᠠᠬᠠᠨ
ᠭᠤᠷᠪᠠᠨ ᠬᠥᠩᠭᠡᠨ
ᠤᠷᠤᠰᠴᠤ ᠶᠠᠪᠤᠬᠤ ᠳᠤ ᠤᠰᠤ ᠨᠢᠭᠡ ᠬᠥᠩᠭᠡᠨ
ᠬᠡᠶ᠋ᠢᠰᠴᠦ ᠨᠢᠰᠬᠦ ᠳᠤ ᠥᠲᠥ ᠨᠢᠭᠡ ᠬᠥᠩᠭᠡᠨ
ᠬᠦᠪᠪᠦᠨ ᠳᠡᠭᠳᠡᠬᠦ ᠳᠤ ᠡᠭᠦᠯᠡ ᠨᠢᠭᠡ ᠬᠥᠩᠭᠡᠨ
ᠭᠤᠷᠪᠠᠨ ᠴᠢᠮᠡᠭ
ᠣᠲᠣᠨ ᠮᠡᠴᠢᠳ ᠰᠥᠨᠢ ᠶ᠋ᠢᠨ ᠴᠢᠮᠡᠭ
ᠣᠶᠤᠨ ᠪᠢᠯᠢᠭ ᠪᠡᠶ᠎ᠡ ᠶ᠋ᠢᠨ ᠴᠢᠮᠡᠭ
ᠣᠢ ᠮᠣᠲᠣ ᠲᠠᠯ᠎ᠠ ᠶ᠋ᠢᠨ ᠴᠢᠮᠡᠭ
ᠭᠤᠷᠪᠠᠨ ᠵᠢᠮᠰᠡᠭ
ᠤᠲᠤᠬ᠋᠎ᠠ ᠵᠢᠩᠰᠡ ᠬᠣᠶᠠᠷ ᠨᠣᠶᠠᠳ ᠦ᠋ᠨ ᠵᠢᠮᠰᠡᠭ
ᠬᠠᠤᠯᠢ ᠴᠠᠭᠠᠵᠠ ᠬᠣᠶᠠᠷ ᠲᠦᠰᠢᠮᠡᠳ ᠦ᠋ᠨ ᠵᠢᠮᠰᠡᠭ
ᠮᠣᠷᠢ ᠮᠠᠯ ᠬᠣᠶᠠᠷ ᠪᠠᠶᠠᠳ ᠦ᠋ᠨ ᠵᠢᠮᠰᠡᠭ
ᠭᠤᠷᠪᠠᠨ ᠬᠡᠴᠡᠭᠦᠦ
ᠣᠲᠤᠮ ᠮᠠᠭᠤᠲᠠᠨ ᠪ ᠬᠡᠦᠬᠡᠨ ᠊ᠢ ᠠᠪᠬᠤ ᠬᠡᠴᠡᠭᠦᠦ
ᠤᠭ ᠮᠠᠭᠤᠲᠠᠨ ᠪ ᠦᠭᠡ ᠪᠡᠷ ᠶᠠᠪᠤᠬᠤ ᠬᠡᠴᠡᠭᠦᠦ
ᠤᠬᠠᠭᠠᠨ ᠮᠠᠭᠤᠲᠠᠨ ᠲᠠᠢ ᠬᠠᠨᠢᠯᠠᠵᠤ ᠨᠥᠬᠥᠷᠯᠡᠬᠦ ᠬᠡᠴᠡᠭᠦᠦ
ᠭᠤᠷᠪᠠᠨ ᠲᠠᠭᠠᠯᠠᠮᠵᠢᠲᠠᠢ
ᠤᠲᠠᠵᠤ ᠪᠠᠶ᠋ᠢᠭᠠᠳ ᠠᠪᠤᠭᠰᠠᠨ ᠡᠮ᠎ᠡ ᠲᠠᠭᠠᠯᠠᠮᠵᠢᠲᠠᠢ
ᠤᠮᠲᠠᠭᠠᠰᠴᠤ ᠪᠠᠶ᠋ᠢᠭᠠᠳ ᠤᠤᠭᠤᠭᠰᠠᠨ ᠤᠰᠤ ᠲᠠᠭᠠᠯᠠᠮᠵᠢᠲᠠᠢ
ᠣᠬᠠᠭᠠᠵᠤ ᠪᠠᠶ᠋ᠢᠭᠠᠳ ᠬᠢᠭᠰᠡᠨ ᠤᠴᠢᠷ ᠲᠠᠭᠠᠯᠠᠮᠵᠢᠲᠠᠢ
ᠭᠤᠷᠪᠠᠨ ᠬᠡᠴᠡᠭᠦᠦ
ᠤᠴᠠᠭᠠᠷ ᠶᠡᠬᠡᠲᠦ ᠶ᠋ᠢᠨ ᠬᠠᠷᠢᠶᠠᠬᠤ ᠨᠢ ᠬᠡᠴᠡᠭᠦᠦ
ᠤᠬᠠᠭᠠᠨ ᠮᠠᠭᠤᠲᠤ ᠶ᠋ᠢᠨ ᠠᠭᠠᠰᠢᠯᠠᠬᠤ ᠨᠢ ᠬᠡᠴᠡᠭᠦᠦ
ᠣᠲᠤᠮ ᠮᠠᠭᠤᠲᠤ ᠶ᠋ᠢᠨ ᠬᠣᠣᠷᠯᠠᠬᠤ ᠨᠢ ᠬᠡᠴᠡᠭᠦᠦ
ᠭᠤᠷᠪᠠᠨ ᠳᠠᠷᠤᠬ᠋᠎ᠠ
ᠤᠨᠵᠢᠩ ᠬᠠᠮᠠᠷ ᠤᠷᠤᠭᠤᠯ ᠳ᠋ᠠᠭᠠᠨ ᠳᠠᠷᠤᠬ᠋᠎ᠠ
ᠤᠬᠤᠨ᠎ᠠ ᠢᠮᠠᠬ᠋ᠠ ᠢᠰᠢᠭᠡᠨ ᠳ᠋ᠡᠭᠡᠨ ᠳᠠᠷᠤᠬ᠋᠎ᠠ
ᠤᠭᠠᠯᠵᠠ ᠡᠪᠡᠷ ᠤᠭᠤᠷᠬᠠᠢ ᠳ᠋ᠠᠭᠠᠨ ᠳᠠᠷᠤᠬ᠋᠎ᠠ
ᠭᠤᠷᠪᠠᠨ ᠲᠡᠮᠲᠡᠭ
ᠤᠯᠠᠭᠠᠨ ᠮᠠᠨᠠᠨ ᠲᠠᠲᠠᠪᠠᠯ ᠰᠠᠯᠬᠢᠯᠠᠬᠤ ᠶ᠋ᠢᠨ ᠲᠡᠮᠲᠡᠭ
ᠤᠯᠠᠭᠠᠨ ᠰᠢᠷ᠎ᠠ( ᠱᠠᠰᠢᠨ) ᠨᠡᠶ᠋ᠢᠯᠡᠪᠡᠯ ᠮᠤᠩᠬᠠᠷᠠᠬᠤ ᠶ᠋ᠢᠨ ᠲᠡᠮᠲᠡᠭ
ᠤᠯᠠᠭᠠᠨ ᠨᠠᠷᠠ ᠭᠠᠷᠪᠠᠯ ᠭᠠᠩᠲᠠᠬᠤ ᠶ᠋ᠢᠨ ᠲᠡᠮᠲᠡᠭ
ᠭᠤᠷᠪᠠᠨ ᠮᠠᠭᠤᠬᠠᠢ
ᠤᠨᠤᠵᠤ ᠡᠲᠯᠡᠵᠦ ᠦᠯᠦ ᠪᠣᠯᠬᠤ ᠤᠨᠤᠬ᠋᠎ᠠ ᠪᠦᠬᠦᠨ ᠮᠠᠭᠤᠬᠠᠢ
ᠤᠤᠭᠤᠵᠤ ᠢᠲᠡᠬᠦ ᠶᠠᠭᠤᠮ᠎ᠠ ᠦᠭᠡᠢ ᠬᠣᠭᠣᠰᠣᠨ ᠬᠤᠷᠢᠮ ᠮᠠᠭᠤᠬᠠᠢ
ᠤᠴᠢᠷ ᠦᠭᠡᠢ ᠶᠠᠭᠤᠮ᠎ᠠ ᠪᠠᠨ ᠪᠦᠷᠢᠯᠭᠡᠭᠴᠢ ᠱᠠᠯᠢᠬ ᠡᠬᠡᠨᠡᠷ ᠮᠠᠭᠤᠬᠠᠢ
ᠭᠤᠷᠪᠠᠨ ᠠᠷᠢᠭᠤᠨ
ᠤᠷᠭᠤᠵᠤ ᠪᠠᠶ᠋ᠢᠬ᠋᠎ᠠ ᠠᠷᠴᠠ ᠨᠢᠭᠡ ᠠᠷᠢᠭᠤᠨ
ᠤᠩᠰᠡᠵᠦ ᠪᠠᠶ᠋ᠢᠬ᠋᠎ᠠ ᠬᠦᠵᠢ ᠨᠢᠭᠡ ᠠᠷᠢᠭᠤᠨ
ᠤᠷᠤᠰᠴᠤ ᠪᠠᠶ᠋ᠢᠬ᠋᠎ᠠ ᠤᠰᠤ ᠨᠢᠭᠡ ᠠᠷᠢᠭᠤᠨ
ᠭᠤᠷᠪᠠᠨ ᠳᠣᠯᠭᠢᠨ
ᠤᠷᠠᠬᠠᠨ ᠳᠤ ᠣᠷᠣᠭᠰᠠᠨ ᠲᠠᠤᠯᠠᠢ ᠨᠢᠭᠡ ᠳᠣᠯᠭᠢᠨ
ᠤᠰᠤᠨ ᠳᠤ ᠣᠷᠣᠭᠰᠠᠨ ᠵᠢᠭᠠᠰᠤ ᠨᠢᠭᠡ ᠳᠣᠯᠭᠢᠨ
ᠤᠭᠤᠲᠠᠨ ᠳᠤ ᠣᠷᠣᠭᠰᠠᠨ ᠪᠦᠲᠦᠨ᠎ᠡ ᠨᠢᠭᠡ ᠳᠣᠯᠭᠢᠨ
ᠭᠤᠷᠪᠠᠨ ᠰᠢᠪᠰᠢᠭ
ᠣᠲᠤᠮ ᠮᠠᠭᠤᠲᠤ ᠤᠯᠤᠰ ᠦ᠋ᠨ ᠰᠢᠪᠰᠢᠭ
ᠤᠬᠠᠭᠠᠨ ᠮᠠᠭᠤᠲᠤ ᠣᠯᠠᠨ ᠪ ᠰᠢᠪᠰᠢᠭ
ᠣᠩᠭᠣᠴᠠ ᠮᠠᠭᠤᠲᠤ ᠤᠰᠤᠨ ᠪ ᠰᠢᠪᠰᠢᠭ
ᠭᠤᠷᠪᠠᠨ ᠪᠡᠷᠬᠡ
ᠤᠰᠤᠨ ᠳᠡᠭᠡᠷ᠎ᠡ ᠭᠠᠯ ᠲᠦᠯᠡᠬᠦ ᠳᠤ ᠪᠡᠷᠬᠡ
ᠦᠬᠡᠷ ᠦ᠋ᠨ ᠡᠪᠡᠷ ᠲᠦ ᠴᠢᠰᠤ ᠲᠣᠭᠲᠠᠬᠤ ᠳᠤ ᠪᠡᠷᠬᠡ
ᠡᠭᠦᠯᠡᠨ ᠳᠡᠭᠡᠷ᠎ᠡ ᠡᠪᠡᠰᠦ ᠤᠷᠭᠤᠬᠤ ᠳᠤ ᠪᠡᠷᠬᠡ
ᠭᠤᠷᠪᠠᠨ ᠪᠡᠷᠬᠡ
ᠤᠷᠤᠭᠤᠲᠠᠪᠠᠯ ᠤᠷᠤᠭᠰᠢᠯᠠᠬᠤ ᠳᠤ ᠨᠢᠭᠡ ᠪᠡᠷᠬᠡ
ᠳᠣᠷᠣᠶ᠋ᠢᠳᠠᠪᠠᠯ ᠳᠡᠭᠵᠢᠷᠡᠬᠦ ᠳᠤ ᠨᠢᠭᠡ ᠪᠡᠷᠬᠡ
ᠣᠷᠣᠶ᠋ᠢᠲᠠᠪᠠᠯ ᠡᠷᠲᠡᠯᠡᠬᠦ ᠳᠤ ᠨᠢᠭᠡ ᠪᠡᠷᠬᠡ
ᠭᠤᠷᠪᠠᠨ ᠬᠠᠭᠠᠰ
ᠤᠨᠲᠠᠬᠤ ᠦᠬᠦᠬᠦ ᠶ᠋ᠢᠨ ᠬᠠᠭᠠᠰ
ᠤᠩᠭᠤᠬᠤ ᠪᠠᠭᠠᠬᠤ ᠶ᠋ᠢᠨ ᠬᠠᠭᠠᠰ
ᠠᠭᠤᠷᠯᠠᠬᠤ ᠭᠠᠯᠵᠠᠭᠤᠷᠠᠬᠤ ᠶ᠋ᠢᠨ ᠬᠠᠭᠠᠰ
ᠭᠤᠷᠪᠠᠨ ᠮᠤᠷᠤᠢ
ᠤᠷᠤᠰᠬᠠᠯ ᠤᠰᠤ ᠨᠢᠭᠡ ᠮᠤᠷᠤᠢ
ᠤᠷᠭᠤᠬ᠋ᠠ ᠮᠣᠲᠣ ᠨᠢᠭᠡ ᠮᠤᠷᠤᠢ
ᠤᠷᠲᠤ ᠵᠠᠮ ᠨᠢᠭᠡ ᠮᠤᠷᠤᠢ
ᠭᠤᠷᠪᠠᠨ ᠶᠡᠬᠡ
ᠤᠶᠠᠨ ᠬᠥᠮᠦᠨ ᠪ ᠤᠬᠢᠯᠠᠬᠤ ᠨᠢ ᠶᠡᠬᠡ
ᠤᠬᠤᠨ᠎ᠠ ᠢᠰᠢᠭᠡᠨ ᠪ ᠲᠣᠴᠢᠬ ᠨᠢ ᠶᠡᠬᠡ
ᠤᠲᠤᠮ ᠮᠠᠭᠤᠲᠠᠨ ᠪ ᠬᠣᠣᠷ ᠨᠢ ᠶᠡᠬᠡ
ᠭᠤᠷᠪᠠᠨ ᠬᠣᠶᠠᠷ
ᠤᠷᠤᠭᠤᠲᠠᠬᠤ ᠳᠤ ᠤᠨᠲᠠᠬᠤ ᠮᠠᠷᠲᠠᠬᠤ ᠬᠣᠶᠠᠷ
ᠤᠷᠤᠭᠰᠢᠯᠠᠬᠤ ᠳᠤ ᠰᠢᠮᠲᠠᠬᠤ ᠴᠢᠷᠮᠠᠶ᠋ᠢᠬᠤ ᠬᠣᠶᠠᠷ
ᠥᠭᠡᠲᠡᠯᠡᠬᠦ ᠳᠤ ᠵᠠᠰᠠᠬᠤ ᠰᠡᠷᠢᠬᠦ ᠬᠣᠶᠠᠷ
ᠭᠤᠷᠪᠠᠨ ᠭᠠᠶ᠋ᠢᠬᠠᠮᠰᠢᠬ
ᠦᠢᠯᠡᠨ ᠳᠤ ᠤᠷᠠᠨ ᠭᠠᠶ᠋ᠢᠬᠠᠮᠰᠢᠬ
ᠦᠭᠡᠨ ᠳᠤ ᠰᠡᠴᠡᠨ ᠭᠠᠶ᠋ᠢᠬᠠᠮᠰᠢᠬ
ᠥᠩᠭᠡᠨ ᠳᠤ ᠡᠷᠢᠶᠡᠨ ᠭᠠᠶ᠋ᠢᠬᠠᠮᠰᠢᠬ
ᠭᠤᠷᠪᠠᠨ ᠪᠠᠶ᠋ᠢᠲᠠᠭ
ᠤᠰᠤᠨ ᠳᠤ ᠡᠬᠢ ᠲᠡᠢ ᠪᠠᠶ᠋ᠢᠲᠠᠭ
ᠤᠲᠠᠨ ᠳᠤ ᠤᠭ ᠲᠠᠢ ᠪᠠᠶ᠋ᠢᠲᠠᠭ
ᠤᠴᠢᠷ ᠲᠤ ᠰᠢᠯᠲᠠᠭ ᠲᠠᠢ ᠪᠠᠶ᠋ᠢᠲᠠᠭ
ᠭᠤᠷᠪᠠᠨ ᠬᠠᠭᠤᠷᠬᠤ
ᠤᠷᠠᠨ ᠦᠭᠡ ᠪᠡᠷ ᠤᠯᠤᠰ ᠊ᠢ ᠬᠠᠭᠤᠷᠬᠤ
ᠤᠰᠤᠨ ᠪᠠᠯᠢᠩ ᠶ᠋ᠢᠠᠷ ᠯᠤᠤᠰ ᠊ᠢ ᠬᠠᠭᠤᠷᠬᠤ
ᠤᠯᠤᠰ ᠦ᠋ᠨ ᠪᠤᠶᠠᠨ ᠶ᠋ᠢᠠᠷ ᠪᠤᠰᠤᠳ ᠊ᠢ ᠬᠠᠭᠤᠷᠬᠤ
ᠭᠤᠷᠪᠠᠨ ᠠᠪᠤᠮᠠᠷ
ᠤᠯᠠᠶ᠋ᠢᠬᠤ ᠶ᠋ᠢ ᠦᠵᠡᠪᠡᠯ ᠡᠮᠬᠦᠭᠡᠳ ᠠᠪᠤᠮᠠᠷ
ᠤᠨᠵᠢᠢᠬᠤ ᠶ᠋ᠢ ᠦᠵᠡᠪᠡᠯ ᠬᠠᠵᠠᠭᠠᠳ ᠠᠪᠤᠮᠠᠷ
ᠤᠷᠤᠰᠬᠤ ᠶ᠋ᠢ ᠦᠵᠡᠪᠡᠯ ᠣᠭᠣᠴᠢᠭᠠᠳ ᠠᠪᠤᠮᠠᠷ
ᠭᠤᠷᠪᠠᠨ ᠪᠣᠯᠬᠤ
ᠤᠩᠰᠢᠵᠤ ᠪᠠᠶ᠋ᠢᠲᠠᠯ᠎ᠠ ᠣᠮᠵᠢᠳ ᠪᠣᠯᠬᠤ
ᠭᠡᠩᠰᠢᠵᠦ ᠪᠠᠶ᠋ᠢᠲᠠᠯ᠎ᠠ ᠭᠡᠰᠬᠦᠢ ᠪᠣᠯᠬᠤ
ᠬᠠᠷᠠᠵᠤ ᠪᠠᠶ᠋ᠢᠲᠠᠯ᠎ᠠ ᠬᠠᠮᠵᠢᠶ᠎ᠠ ᠪᠣᠯᠬᠤ
ᠭᠤᠷᠪᠠᠨ ᠲᠡᠮᠲᠡᠭ
ᠤᠷᠠᠨ ᠡᠭᠡᠰᠢᠭᠲᠦ ᠲᠣᠭᠣᠰ ᠦ᠋ᠨ ᠨᠣᠮᠣᠬᠠᠨ ᠠᠨᠤ ᠥᠲᠥᠨ ᠰᠠᠶ᠋ᠢᠬᠠᠨ ᠪ ᠲᠡᠮᠲᠡᠭ
ᠤᠷᠭᠤᠮᠠᠯ ᠮᠣᠲᠣᠨ ᠪ ᠰᠠᠯᠠᠬ᠋᠎ᠠ ᠪᠦᠬᠦᠢᠭᠰᠡᠨ ᠢᠨᠤ ᠵᠢᠮᠢᠰ ᠲᠡᠢ ᠶ᠋ᠢᠨ ᠲᠡᠮᠲᠡᠭ
ᠤᠬᠠᠭᠠᠨᠲᠤ ᠬᠥᠮᠦᠰ ᠦ᠋ᠨ ᠳᠠᠭᠤᠨ ᠦᠭᠡᠢ ᠢᠨᠤ ᠮᠡᠷᠭᠡᠨ ᠪ ᠲᠡᠮᠲᠡᠭ
ᠭᠤᠷᠪᠠᠨ ᠠᠶᠤᠬᠤ ᠦᠭᠡᠢ
ᠤᠰᠤᠨ ᠪ ᠭᠦᠨ ᠡᠴᠡ ᠵᠢᠭᠠᠰᠤ ᠠᠶᠤᠬᠤ ᠦᠭᠡᠢ
ᠤᠤᠠᠬ᠎ᠠ ᠶ᠋ᠢᠨ ᠭᠦᠨ ᠡᠴᠡ ᠡᠷᠲᠡᠮᠲᠡᠨ ᠠᠶᠤᠬᠤ ᠦᠭᠡᠢ
ᠤᠲᠤᠮ ᠦ᠋ᠨ ᠮᠠᠭᠤᠲᠤ ᠠ᠋ᠴᠠ ᠤᠯᠤᠰ ᠠᠶᠤᠬᠤ ᠦᠭᠡᠢ
ᠭᠤᠷᠪᠠᠨ ᠲᠤᠩᠭᠠᠯᠠᠭ
ᠤᠤᠠᠬ᠎ᠠ ᠰᠣᠶᠣᠯ ᠊ᠢ ᠰᠤᠷᠪᠠᠯ ᠣᠶᠤᠨ ᠲᠠᠷᠢᠬᠢ ᠲᠤᠩᠭᠠᠯᠠᠭ
ᠣᠢ ᠮᠣᠲᠣ ᠶ᠋ᠢ ᠬᠥᠮᠦᠵᠢᠭᠦᠯᠪᠡᠯ ᠠᠭᠤᠯᠠ ᠤᠰᠤ ᠲᠤᠩᠭᠠᠯᠠᠭ
ᠤᠴᠢᠷ ᠶᠠᠪᠤᠲᠠᠯ ᠊ᠢ ᠮᠡᠲᠡᠪᠡᠯ ᠰᠠᠨᠠᠬ᠋᠎ᠠ ᠰᠡᠤᠠᠬᠢᠯ ᠲᠤᠩᠭᠠᠯᠠᠭ
ᠭᠤᠷᠪᠠᠨ ᠬᠠᠯᠠᠭᠤᠨ
ᠤᠯᠠᠯᠵᠠᠵᠤ ᠨᠣᠴᠣᠬᠤ ᠭᠠᠯ ᠨᠢᠭᠡ ᠬᠠᠯᠠᠭᠤᠨ
ᠣᠷᠭᠢᠯᠵᠤ ᠪᠤᠴᠠᠯᠬᠤ ᠳᠤ ᠤᠰᠤ ᠨᠢᠭᠡ ᠬᠠᠯᠠᠭᠤᠨ
ᠤᠷᠤᠭᠰᠢᠯᠠᠵᠤ ᠲᠠᠪᠰᠢᠬᠤ ᠵᠣᠷᠢᠬ ᠨᠢᠭᠡ ᠬᠠᠯᠠᠭᠤᠨ
ᠭᠤᠷᠪᠠᠨ ᠬᠠᠯᠠᠭᠤᠨ
ᠤᠷᠭᠤᠵᠤ ᠭᠠᠷᠬᠤ ᠨᠠᠷᠠᠨ ᠤ ᠭᠡᠷᠡᠯ ᠨᠢᠭᠡ ᠬᠠᠯᠠᠭᠤᠨ
ᠤᠳᠠᠭᠠᠨ ᠨᠥᠬᠥᠷᠯᠡᠭᠰᠡᠨ ᠨᠠᠶ᠋ᠢᠵᠢ ᠶ᠋ᠢᠨ ᠰᠡᠳᠬᠢᠯ ᠨᠢᠭᠡ ᠬᠠᠯᠠᠭᠤᠨ
ᠤᠷᠤᠭᠯᠠᠵᠤ ᠠᠮᠢᠳᠤᠷᠠᠬᠤ ᠬᠣᠩᠭᠣᠷ ᠤᠨ ᠬᠠᠶ᠋ᠢᠷ᠎ᠠ ᠨᠢᠭᠡ ᠬᠠᠯᠠᠭᠤᠨ
ᠭᠤᠷᠪᠠᠨ ᠬᠦᠢᠲᠡᠨ
ᠤᠲᠤᠭ᠎ᠠ ᠶᠠᠪᠤᠬᠤ ᠦᠭᠡᠢ ᠬᠠᠨᠵᠤ ᠨᠢᠭᠡ ᠬᠦᠢᠲᠡᠨ
ᠣᠷᠭᠢᠯᠬᠤ ᠪᠤᠯᠠᠭ ᠤᠨ ᠤᠰᠤ ᠨᠢᠭᠡ ᠬᠦᠢᠲᠡᠨ
ᠠᠭᠤᠷᠯᠠᠭᠰᠠᠨ ᠬᠥᠮᠦᠨ ᠤ ᠴᠢᠷᠠᠢ ᠨᠢᠭᠡ ᠬᠦᠢᠲᠡᠨ
ᠭᠤᠷᠪᠠᠨ ᠮᠡᠳᠡᠨ᠎ᠡ
ᠤᠰᠤᠨ ᠤ ᠭᠦᠨ ᠢ ᠭᠡᠲᠦᠯᠦᠨ ᠪᠠᠶ᠋ᠢᠵᠤ ᠮᠡᠳᠡᠨ᠎ᠡ
ᠤᠨᠤᠭ᠎ᠠ ᠶ᠋ᠢᠨ ᠭᠦᠶᠦᠳᠡᠯ ᠢ ᠤᠨᠤᠨ ᠪᠠᠶ᠋ᠢᠵᠤ ᠮᠡᠳᠡᠨ᠎ᠡ
ᠤᠷᠤᠭ ᠤᠨ ᠰᠠᠶ᠋ᠢᠨ ᠢ ᠤᠳᠠᠨ ᠪᠠᠶ᠋ᠢᠵᠤ ᠮᠡᠳᠡᠨ᠎ᠡ
ᠭᠤᠷᠪᠠᠨ ᠨᠣᠶ᠋ᠢᠲᠠᠨ
ᠤᠷᠭᠤᠵᠤ ᠪᠠᠶ᠋ᠢᠭ᠎ᠠ ᠤᠷᠭᠤᠮᠠᠯ ᠤᠨ ᠦᠨᠳᠦᠰᠦ ᠨᠣᠶ᠋ᠢᠲᠠᠨ
ᠤᠰᠤ ᠲᠠᠢ ᠪᠠᠶ᠋ᠢᠬᠤ ᠭᠠᠵᠠᠷ ᠤᠨ ᠰᠢᠷᠣᠢ ᠨᠣᠶ᠋ᠢᠲᠠᠨ
ᠤᠬᠢᠯᠠᠵᠤ ᠪᠠᠶ᠋ᠢᠭ᠎ᠠ ᠬᠥᠮᠦᠨ ᠤ ᠴᠢᠷᠠᠢ ᠨᠣᠶ᠋ᠢᠲᠠᠨ
ᠭᠤᠷᠪᠠᠨ ᠦᠨᠡᠨ
ᠤᠬᠠᠭᠠᠨ ᠰᠠᠨᠠᠭ᠎ᠠ ᠮᠡᠷᠭᠡᠨ ᠪᠣᠯᠪᠠᠴᠤ ᠥᠲᠡᠯᠬᠦ ᠦᠶ᠎ᠡ ᠳᠤ ᠮᠤᠩᠬᠠᠷᠠᠬᠤ ᠦᠨᠡᠨ
ᠤᠯᠠᠭᠠᠨ ᠥᠩᠭᠡ ᠬᠤᠷᠴᠠ ᠪᠣᠯᠪᠠᠴᠤ ᠪᠣᠷᠣᠭᠠᠨ ᠰᠠᠯᠬᠢᠨ ᠳᠤ ᠪᠠᠭᠤᠷᠠᠬᠤ ᠦᠨᠡᠨ
ᠤᠰᠤ ᠰᠢᠪᠠᠷ ᠨᠣᠶ᠋ᠢᠲᠠᠨ ᠪᠣᠯᠪᠠᠴᠤ ᠤᠳᠠᠭᠠᠨ ᠡᠳᠦᠷ ᠲᠦ ᠬᠠᠲᠠᠬᠤ ᠦᠨᠡᠨ
ᠭᠤᠷᠪᠠᠨ ᠨᠣᠭᠣᠭᠠᠨ
ᠤᠰᠤ ᠨᠢ ᠬᠠᠷ᠎ᠠ ᠴᠦ᠍ ᠵᠠᠮᠠᠭ ᠨᠢ ᠨᠣᠭᠣᠭᠠᠨ
ᠡᠯᠢᠭᠡ ᠨᠢ ᠬᠠᠷ᠎ᠠ ᠴᠦ᠍ ᠰᠥᠰᠥ ᠨᠢ ᠨᠣᠭᠣᠭᠠᠨ
ᠬᠠᠳᠠ ᠨᠢ ᠬᠠᠷ᠎ᠠ ᠴᠦ᠍ ᠬᠠᠭᠳᠠ ᠨᠢ ᠨᠣᠭᠣᠭᠠᠨ
ᠭᠤᠷᠪᠠᠨ ᠰᠠᠶ᠋ᠢᠬᠠᠨ
ᠤᠨᠤᠵᠤ ᠡᠳ᠋ᠯᠡᠬᠦ ᠳᠤ ᠮᠣᠷᠢ ᠨᠢᠭᠡ ᠰᠠᠶ᠋ᠢᠬᠠᠨ
ᠤᠷᠭᠤᠵᠤ ᠳᠡᠯᠭᠡᠷᠡᠬᠦ ᠳᠤ ᠴᠡᠴᠡᠭ ᠨᠢᠭᠡ ᠰᠠᠶ᠋ᠢᠬᠠᠨ
ᠤᠴᠠᠷᠠᠵᠤ ᠶᠠᠷᠢᠯᠴᠠᠬᠤ ᠳᠤ ᠨᠥᠬᠥᠷ ᠨᠢᠭᠡ ᠰᠠᠶ᠋ᠢᠬᠠᠨ
ᠦᠰᠦᠭ ᠠᠮᠢᠯᠠᠭᠤᠯᠤᠭᠴᠢ ᠄ ᠳ᠋ᠦ᠋ᠩ ᠹᠧᠩ ᠂ ᠬᠠᠷᠠᠨᠤᠳ ᠲᠤᠶᠠᠭ᠎ᠠ ᠂ ᠮᠢᠩᠭᠠᠳ ᠴᠢᠮᠡᠭ ᠂ ᠬᠠᠲᠠᠴᠢ ᠤᠷᠠᠨ᠎ᠠ
ᠬᠢᠨᠠᠭᠴᠢ ᠄ ᠮᠢᠩᠭᠠᠳ ᠴᠢᠮᠡᠭ ᠂ ᠬᠠᠷᠠᠨᠤᠳ ᠲᠤᠶᠠᠭ᠎ᠠ
