ᠤᠩᠰᠢᠬᠴᠢ ᠶ᠋ᠢᠨ ᠠᠮᠤᠷ ᠊ᠢ ᠡᠷᠢᠶ᠎ᠡ Уншихчийн амрыг эрье ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠩᠰᠢᠬᠴᠢ ᠶ᠋ᠢᠨ ᠠᠮᠤᠷ ᠊ᠢ ᠡᠷᠢᠶ᠎ᠡ Уншихчийн амрыг эрье

ᠤᠩᠰᠢᠬᠴᠢ ᠶ᠋ᠢᠨ ᠠᠮᠤᠷ ᠊ᠢ ᠡᠷᠢᠶ᠎ᠡ Уншихчийн амрыг эрье

2023-05-17

323

ᠤᠩᠰᠢᠬᠴᠢ ᠶ᠋ᠢᠨ ᠠᠮᠤᠷ ᠊ᠢ ᠡᠷᠢᠶ᠎ᠡ



      《 ᠱᠤᠩᠬᠤᠷ ᠵᠢᠭᠦᠷ ᠦᠭᠡᠢ ᠪᠣᠯᠪᠠᠯ ᠣᠬᠲᠠᠷᠭᠤᠢ ᠎ᠳ᠋ᠤ᠌ ᠴᠢᠲᠠᠯ ᠦᠭᠡᠢ ᠂ ᠬᠦᠮᠦᠨ ᠮᠣᠷᠢ ᠦᠭᠡᠢ ᠪᠤᠯᠪᠠᠯ ᠭᠠᠵᠠᠷ ᠲᠤ ᠬᠦᠴᠦ ᠦᠭᠡᠢ 》 ᠭᠡᠵᠡᠢ ᠃
      ᠲᠤᠬᠢᠶᠠᠯᠲᠤᠷᠬᠠᠬ ᠶᠠᠪᠤᠲᠠᠯ ᠪᠦᠬᠦᠨ ᠴᠦᠮ ᠦᠪᠡᠷ ᠲᠡᠭᠡᠨ ᠰᠢᠯᠲᠠᠭᠠᠨ ᠲᠠᠢ ᠂ ᠤᠯᠤᠰᠤᠨ ᠎ᠳ᠋ᠤ᠌ ᠡᠬᠢ ᠦᠵᠦᠭᠦᠷ ᠪᠤᠢ ᠪᠣᠯ ᠰᠡᠭᠦᠯ ᠪᠠᠰᠠ ᠪᠠᠶ᠋ᠢᠲᠠᠭ ᠃ ᠵᠦᠪ ᠵᠠᠮ ᠊ᠢ ᠪᠠᠷᠢᠬᠰᠠᠨ ᠲᠡᠨᠦᠭᠦᠯᠴᠢ ᠣᠷᠴᠢᠯᠠᠩ ᠦ᠋ᠨ ᠠᠭᠤᠲᠠᠮ ᠴᠡᠯᠡᠭᠡᠷ ᠊ᠢ ᠲᠤᠭᠤᠯᠤᠨ ᠂ ᠵᠣᠷᠢᠬᠰᠠᠨ ᠳ᠋ᠠᠭᠠᠨ ᠭᠦᠷᠴᠦ ᠂ ᠴᠠᠯᠠᠭᠠᠷᠲᠠᠨ ᠣᠰᠣᠯᠲᠠᠪᠠᠯ ᠦᠬᠦᠯ ᠦ᠋ᠨ ᠮᠠᠷᠵᠠᠨ ᠎ᠳ᠋ᠤ᠌ ᠲᠤᠯᠭᠠᠷᠠᠲᠠᠭ ᠭᠡᠳᠡᠭ ᠃
      ᠬᠦᠮᠦᠨ ᠴᠡᠴᠡᠭᠯᠡᠵᠦ ᠪᠠᠶ᠋ᠢᠬ᠋᠎ᠠ ᠰᠠᠭᠤᠷᠢᠨ ᠲᠤᠰᠬᠤᠨ ᠊ᠢ ᠡᠪᠲᠡᠨ ᠰᠦᠢᠳᠬᠡᠭᠴᠢ ᠭᠠᠯᠲᠤ ᠠᠭᠤᠯᠠᠨ ᠪ ᠲᠡᠯᠪᠡᠷᠡᠬᠦ ᠂ ᠮᠦᠨ ᠬᠦᠴᠦᠷᠬᠡᠭ ᠡᠵᠡᠨ ᠊ᠢ ᠡᠰᠡᠷᠭᠦᠴᠡᠵᠦ ᠂ ᠲᠠᠷᠤᠯᠠᠬᠲᠠᠬᠰᠠᠨ ᠠᠷᠠᠳ ᠦ᠋ᠨ ᠬᠥᠲᠡᠯᠦᠨ ᠪᠤᠰᠬᠤ ᠂ ᠲᠡᠷᠡᠴᠢᠯᠡᠨ ᠡᠬᠡ ᠨᠤᠲᠤᠬ ᠲᠠᠭᠠᠨ ᠦᠵᠡᠭᠳᠡᠭᠡ ᠦᠭᠡᠢ ᠬᠠᠷᠢ ᠭᠡᠷᠴᠡᠭᠡᠢ ᠤᠯᠤᠰ ᠦ᠋ᠨ ᠴᠦᠮᠦᠷᠢᠨ ᠣᠷᠤᠵᠤ ᠢᠷᠡᠬᠦ ᠡᠯᠲᠡᠪ ᠲᠤᠰᠢᠶᠠᠯ ᠤᠴᠠᠷᠠᠯ ᠊ᠢ ᠦᠵᠡᠭᠰᠡᠨ ᠪᠠᠶ᠋ᠢᠲᠠᠯ᠎ᠡ ᠂ ᠲᠡᠭᠦᠨ ᠶ᠋ᠢᠡᠨ ᠡᠷᠬᠡᠪᠰᠢ ᠪᠢᠴᠢᠭ ᠲᠦ ᠲᠡᠮᠲᠡᠭᠯᠡᠨ ᠂ ᠬᠣᠶ᠋ᠢᠴᠢ ᠦᠶ᠎ᠡ ᠳ᠋ᠡᠭᠡᠨ ᠬᠣᠴᠤᠷᠭᠠᠬᠤ ᠶᠣᠰᠤᠲᠠᠢ ᠃ ᠬᠤᠯᠤᠰᠤᠨ ᠦᠵᠦᠭ ᠦ᠋ᠨ ᠦᠵᠦᠭᠦᠷ ᠶ᠋ᠢᠡᠷ ᠲᠤᠭᠤᠵᠢ ᠶ᠋ᠢᠨ ᠦᠭᠡ ᠶ᠋ᠢ ᠭᠡᠯᠬᠢᠨ ᠨᠠᠶ᠋ᠢᠷᠠᠭᠤᠯᠬᠤ ᠡᠷᠲᠡᠮ ᠰᠤᠷᠤᠬ᠋᠎ᠠ ᠦᠭᠡᠢ ᠪᠤᠯ ᠬᠠᠰᠢᠷ ᠪᠢᠴᠢᠭᠡᠴᠢ ᠎ᠳ᠋ᠤ᠌ ᠲᠤᠷᠠᠤᠠᠬᠠᠯ ᠶ᠋ᠢᠠᠨ ᠰᠠᠶ᠋ᠢᠲᠤᠷ ᠬᠡᠯᠡᠵᠦ ᠂ ᠪᠦᠬᠡ ᠴᠠᠭᠠᠰᠤᠨ ᠎ᠳ᠋ᠤ᠌ ᠲᠡᠮᠲᠡᠭᠯᠡᠭᠦᠯᠵᠦ ᠦᠶ᠎ᠡ ᠶ᠋ᠢᠨ ᠦᠶ᠎ᠡ ᠎ᠳ᠋ᠤ᠌ ᠬᠣᠴᠤᠷᠭᠠᠬᠤ ᠬᠡᠷᠡᠭᠲᠡᠢ ᠃
      ᠰᠡᠤᠠᠬᠢᠯ ᠲᠡᠩᠰᠡᠯᠭᠡᠨ ᠬᠥᠲᠡᠯᠭᠡᠮ᠎ᠡ ᠶᠠᠪᠤᠲᠠᠯ ᠊ᠢ ᠠᠮᠰᠠᠨ ᠦᠵᠡᠭᠡᠳ ᠳᠤᠪ ᠳᠤᠭᠤᠢ ᠰᠠᠭᠤᠲᠠᠭ ᠪᠤᠯ ᠂ ᠦᠬᠦᠯ ᠦ᠋ᠨ ᠬᠦᠢᠲᠡᠨ ᠭᠠᠷ ᠲᠤᠯᠤᠭᠠᠢ ᠶ᠋ᠢ ᠨᠢ ᠱᠦᠷᠭᠦᠵᠦ ᠪᠠᠶ᠋ᠢᠲᠠᠯ᠎ᠡ ᠂ ᠡᠷᠲᠡᠨᠢᠰ ᠦ᠋ᠨ ᠨᠦᠮᠦᠷᠭᠡ ᠳ᠋ᠡᠭᠡᠨ ᠣᠷᠢᠶᠠᠭᠠᠳ ᠂ ᠴᠦᠯ ᠭᠠᠵᠠᠷ ᠪᠤᠯᠠᠬᠴᠢ ᠬᠠᠷᠠᠮ ᠭᠢᠪᠴᠠᠬ ᠬᠦᠮᠦᠨ ᠲᠠᠢ ᠦᠯᠢᠭᠡᠷ ᠨᠢᠭᠡᠨ ᠪᠤᠢ ᠃
      ᠭᠡᠪᠡᠴᠦ ᠪᠢ ᠬᠤᠯᠤᠰᠤᠨ ᠦᠵᠦᠭ ᠶ᠋ᠢᠠᠨ ᠬᠤᠷᠴᠠᠯᠠᠵᠤ ᠂ ᠪᠡᠬᠡᠨ ᠎ᠳ᠋ᠤ᠌ ᠳᠦᠷᠦᠭᠰᠦᠨᠡ ᠂ ᠠᠷᠠᠳ ᠠᠮᠢᠲᠠᠨ ᠊ᠢ ᠬᠠᠶ᠋ᠢᠷᠠᠯᠠᠬᠤ ᠰᠡᠤᠠᠬᠢᠯ ᠦᠭᠡᠢ ᠠᠯᠠᠨ ᠭᠢᠲᠤᠬᠰᠠᠨ ᠴᠢᠩᠭᠢᠰ ᠬᠠᠭᠠᠨ ᠲᠡᠭᠦᠨ ᠪ ᠲᠤᠬᠰᠢᠨ ᠴᠡᠷᠢᠭ ᠦ᠋ᠨ ᠲᠤᠬᠠᠢ ᠦᠨᠡᠨ ᠵᠦᠪ ᠶ᠋ᠢᠡᠷ ᠦᠭᠦᠯᠡᠬᠦ ᠎ᠳ᠋ᠤ᠌ ᠦᠭᠡ ᠴᠢᠲᠠᠯ ᠮᠢᠨᠢ ᠶᠡᠷᠦ ᠬᠦᠷᠳᠡᠭ ᠪᠤᠯᠪᠠ ‍ᠤᠤ ᠭᠡᠵᠦ ᠡᠷᠡᠭᠡᠯᠵᠡᠨ ᠪᠤᠲᠤᠯ᠎ᠠ ᠃
      ᠴᠡᠷᠢᠭ ᠦ᠋ᠨ ᠬᠢᠨᠢ ᠮᠠᠩᠯᠠᠢ ᠎ᠳ᠋ᠤ᠌ ᠰᠢᠷ᠎ᠠ ᠰᠠᠬᠠᠯ ᠲᠠᠢ ᠡᠵᠡᠨ ᠨᠢ ᠤᠲᠤᠷᠢᠲᠤᠨ ᠲᠤᠪᠲᠤᠯᠵᠤ ᠂ ᠲᠤᠬᠰᠢᠨ ᠴᠡᠷᠢᠭ ᠨᠢ ᠵᠠᠮ ᠳ᠋ᠠᠭᠠᠨ ᠲᠦᠮᠡᠨ ᠬᠦᠮᠦᠨ ᠊ᠢ ᠴᠠᠪᠴᠢᠯᠠᠨ ᠠᠯᠠᠵᠤ ᠬᠡᠭᠦᠷ ᠊ᠢ ᠬᠤᠴᠤᠷᠭᠠᠨ ᠴᠤᠴᠠᠷᠠᠰᠢ ᠦᠭᠡᠢ ᠮᠤᠷᠢ ᠪᠠᠷ ᠶ᠋ᠢᠠᠨ ᠮᠠᠸᠸᠷᠠᠨᠨᠠᠭᠠᠷ ᠂ ᠬᠤᠷᠸᠰᠮ ᠦ᠋ᠨ ᠡᠩᠬᠡ ᠲᠠᠶ᠋ᠢᠪᠤᠩ ᠭᠤᠤᠯ ᠶ᠋ᠢᠠᠷ ᠲᠤᠪᠲᠤᠯᠵᠤ ᠂ ᠤᠮᠠᠷᠠᠲᠤ ᠴᠦᠯ ᠲᠠᠯ᠎ᠠ ᠶ᠋ᠢᠨ ᠲᠡᠷᠡ  ᠵᠡᠷᠯᠢᠭ ᠦ᠋ᠳ ᠦ᠋ᠨ ᠲᠤᠪᠲᠤᠯᠬᠤ ᠨᠢ ᠦᠨᠡᠬᠡᠷ ᠠᠶᠤᠮᠰᠢᠬ ᠲᠠᠢ ᠪᠠᠶ᠋ᠢᠵᠤ ᠪᠢᠯᠡ ᠃ ᠲᠡᠷᠡ ᠦᠶ᠎ᠡ ᠎ᠳ᠋ᠤ᠌ ᠭ᠌ᠱᠠᠨ ᠵᠠᠭᠤᠷ᠎ᠠ ᠠᠶᠤᠯ ᠡᠮᠢᠶᠡᠯ ᠭᠠᠷᠴᠤ ᠂ ᠠᠮᠢᠲᠠᠨ ᠬᠦᠮᠦᠨ 《 ᠰᠢᠲᠠᠵᠤ ᠪᠠᠶ᠋ᠢᠬ᠋᠎ᠠ ᠰᠠᠭᠤᠷᠢᠨ ᠪ ᠤᠲᠤᠭᠠᠨ ᠎ᠳ᠋ᠤ᠌ ᠪᠦᠷᠬᠦᠭᠳᠡᠭᠰᠡᠨ ᠲᠡᠭᠷᠢ ᠶ᠋ᠢᠨ ᠬᠠᠶᠠᠬ᠋᠎ᠠ ᠲᠠᠬᠢᠨ ᠭᠡᠶ᠋ᠢᠨ ᠴᠡᠯᠮᠡᠬᠦ ᠪᠤᠯᠪᠠ ‍ᠤᠤ ? ᠢᠩᠭᠢᠭᠡᠳ ᠯᠡ ᠶᠢᠷᠲᠢᠡᠴᠤ ᠶ᠋ᠢᠨ ᠡᠴᠦᠰ ᠪᠤᠯᠬᠤ ᠨᠢ ‍ᠤᠤ? 》 ᠭᠡᠵᠦ ᠪᠡᠶ᠎ᠡ ᠪᠡᠶ᠎ᠡ ᠡᠴᠡ ᠪᠡᠨ ᠠᠰᠠᠭᠤᠯᠴᠠᠲᠠᠬ ᠪᠠᠶ᠋ᠢᠵᠤ ᠪᠢᠯᠡ ᠃
      ᠨᠠᠮᠠᠶ᠋ᠢ ᠴᠢᠩᠭᠢᠰ ᠬᠠᠭᠠᠨ ᠪ ᠲᠤᠬᠠᠢ ᠰᠤᠨᠤᠰᠤᠬᠰᠠᠨ ᠶ᠋ᠢᠠᠨ ᠂ ᠮᠦᠨ ᠮᠤᠩᠭᠤᠯᠴᠤᠳ ᠦ᠋ᠨ ᠲᠤᠪᠲᠤᠯᠤᠬᠰᠠᠨ ᠲᠤᠬᠠᠢ ᠰᠤᠨᠤᠰᠤᠬᠰᠠᠨ ᠲᠤᠭᠤᠯᠤᠬᠰᠠᠨ ᠶ᠋ᠢᠠᠨ ᠪᠢᠴᠢᠵᠦ ᠦᠵᠡᠨ᠎ᠡ ‍ᠦᠦ ᠭᠡᠵᠦ ᠤᠯᠠᠨ ᠬᠦᠮᠦᠨ ᠢᠤᠠᠬᠠᠲᠠᠭ ᠪᠠᠶ᠋ᠢᠬᠰᠠᠨ ᠃ ᠤᠲᠠᠲᠠᠯ᠎ᠠ ᠴᠠᠭᠠᠷᠭᠤᠯᠠᠨ ᠲᠦᠲᠡᠭᠡᠯᠵᠡᠭᠰᠡᠭᠡᠷ ᠤᠲᠤ ᠪᠤᠲᠤᠬᠤ ᠎ᠳ᠋ᠤ᠌ ᠂ ᠮᠢᠨᠦ ᠤᠲᠠᠲᠠᠯ᠎ᠠ ᠲᠤᠪ ᠲᠤᠭᠤᠢ ᠰᠠᠭᠤᠲᠠᠭ ᠮᠢᠨᠢ ᠦᠴᠦᠬᠡᠨ ᠴᠦ᠍  ᠠᠰᠢᠬ ᠦᠭᠡᠢ ᠲᠤᠯᠠ ᠲᠠᠶ᠋ᠢᠨ ‍ᠬᠦ ᠭᠠᠵᠠᠷ ᠳᠡᠯᠡᠬᠡᠢ ᠳᠡᠭᠡᠷ᠎ᠡ ᠡᠲᠤᠷ ᠴᠦ᠍  ᠭᠡᠰᠡᠨ ᠰᠦᠨᠢ ᠴᠦ᠍ ᠭᠡᠰᠡᠨ ᠶᠡᠷᠦ ᠦᠵᠡᠭᠡ ᠦᠭᠡᠢ ᠶᠡᠬᠡ ᠠᠶᠤᠯ ᠂ ᠬᠦᠮᠦᠨ ᠲᠦᠷᠦᠯᠬᠢᠲᠡᠨ ᠪ ᠳᠡᠭᠡᠷ᠎ᠡ ᠨᠠᠩ ᠢᠯᠠᠩᠭᠤᠶ᠎ᠠ ᠭᠠᠮᠰᠢᠬ ᠵᠤᠪᠠᠯᠠᠩ ᠎ᠳ᠋ᠤ᠌ ᠨᠡᠷᠪᠡᠭᠳᠡᠭᠰᠡᠨ ᠬᠤᠷᠸᠰᠮᠴᠢᠨ ᠪ ᠬᠦᠲᠡᠯᠮᠦᠷᠢᠴᠢᠨ ᠠᠷᠠᠳ ᠣᠯᠠᠨ ᠊ᠢ ᠲᠠᠭᠠᠷᠢᠨ ᠥᠨᠭᠭᠡᠷᠡᠭᠰᠡᠨ ᠊ᠢ ᠲᠤᠲᠤᠷᠬᠠᠶ᠋ᠢᠯᠠᠨ ᠪᠢᠴᠢᠬᠦ ᠪᠡᠷ ᠰᠠᠨᠠᠬ᠋᠎ᠠ ᠰᠢᠯᠤᠭᠤᠲᠠᠯ᠎ᠠ ᠃
      ᠬᠡᠲᠦ ᠶ᠋ᠢᠨ ᠶᠠᠭᠤᠮ᠎ᠠ ᠶ᠋ᠢ ᠭᠡᠲᠦᠷᠬᠡᠢ ᠬᠤᠯᠠ ᠦᠭᠦᠯᠡᠬᠦ ᠦᠭᠡᠢ ᠶ᠋ᠢᠨ ᠤᠴᠢᠷ ᠦᠭᠡ ᠪᠠᠨ ᠡᠭᠦᠪᠡᠷ ᠲᠠᠰᠤᠯᠪᠤᠷᠢ ᠪᠤᠯᠭᠠᠰᠤᠭᠠᠢ ᠃ ᠡᠪᠦᠭᠡᠳ ᠨᠠᠰᠤᠲᠠᠨ ᠮᠢᠨᠦ ᠦᠭᠦᠯᠡᠭᠰᠡᠨ ᠡᠭᠦᠨ ᠊ᠢ ᠦᠨᠡᠨ ᠭᠡᠵᠦ ᠭᠡᠷᠡᠴᠢᠯᠡᠵᠦ ᠥᠭᠬᠦ ᠪᠠᠶ᠋ᠢᠬ᠎ᠠ ᠃ ᠰᠢᠷᠭᠠᠭᠤ ᠳᠡᠪᠴᠢᠶᠡᠷᠢ ᠲᠠᠢ ᠬᠦᠮᠦᠨ ᠪᠤᠯ ᠡᠭᠦᠰᠬᠡᠭᠰᠡᠨ ᠬᠡᠷᠡᠭ ᠦ᠋ᠨ ᠶ᠋ᠢᠡᠨ ᠰᠠᠶ᠋ᠢᠨ ᠲᠡᠭᠦᠰᠬᠡᠯ ᠊ᠢ ᠦᠵᠡᠵᠦ ᠂ ᠡᠷᠲᠡᠮ ᠡᠷᠢᠭᠰᠡᠨ ᠬᠦᠮᠦᠨ ᠰᠤᠷᠠᠬᠯᠠᠨ ᠵᠣᠷᠢᠬᠰᠠᠨ ᠶ᠋ᠢᠠᠨ ᠣᠯᠲᠠᠭ ᠭᠡᠯ᠎ᠡ ᠃


      ※ ᠮᠤᠩᠭᠤᠯ ᠦ᠋ᠨ ᠡᠮᠦᠨᠡᠬᠢ ᠦᠶ᠎ᠡ ᠶ᠋ᠢᠨ ᠳᠣᠷᠤᠨ᠎ᠠ ᠲᠠᠬᠢᠨ ᠪ ᠵᠣᠬᠢᠶᠠᠯᠴᠢᠳ ᠡᠶ᠋ᠢᠮᠦᠷᠬᠦᠦ ᠦᠭᠦᠯᠡᠯᠭᠡ ᠶ᠋ᠢ ᠤᠩᠰᠢᠬᠴᠢᠳ ᠎ᠲᠦ᠍ ᠵᠣᠷᠢᠭᠤᠯᠤᠨ ᠪᠢᠴᠢᠳᠡᠭ ᠵᠢᠷᠤᠮ ᠲᠠᠢ ᠪᠠᠶ᠋ᠢᠵᠠᠢ ᠃

                 ᠦᠰᠦᠭ ᠠᠮᠢᠯᠠᠭᠤᠯᠤᠬᠰᠠᠨ ᠨᠢ ᠄ ᠦᠯᠵᠡᠶ᠋ᠢᠪᠠᠭᠠᠲᠤᠷ
                   ᠬᠢᠨᠠᠬᠰᠠᠨ ᠨᠢ ᠄ ᠤᠤᠠᠬᠠᠨᠰᠤ᠎ᠠ ᠂ ᠰᠡᠭᠡᠭᠡᠷᠡᠯ