ᠶᠢᠷᠲᠢᠨᠴᠦ ᠶᠢᠨ ᠭᠤᠷᠪᠠ – < ᠣ᠊ 4 > ᠶ᠋ᠢᠨ ᠠᠶ᠋ᠢᠮᠠᠭ Ертөнцийн гурав – < О > ин аймаг ᠶᠢᠷᠲᠢᠨᠴᠦ ᠶ᠋ᠢᠨ ᠭᠤᠷᠪᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠢᠷᠲᠢᠨᠴᠦ ᠶᠢᠨ ᠭᠤᠷᠪᠠ – < ᠣ᠊ 4 > ᠶ᠋ᠢᠨ ᠠᠶ᠋ᠢᠮᠠᠭ Ертөнцийн гурав – < О > ин аймаг

ᠶᠢᠷᠲᠢᠨᠴᠦ ᠶᠢᠨ ᠭᠤᠷᠪᠠ – < ᠣ᠊ 4 > ᠶ᠋ᠢᠨ ᠠᠶ᠋ᠢᠮᠠᠭ Ертөнцийн гурав – < О > ин аймаг

2023-05-17

360

ᠶᠢᠷᠲᠢᠨᠴᠦ ᠶᠢᠨ ᠭᠤᠷᠪᠠ – < ᠣ᠊ 4 > ᠶ᠋ᠢᠨ ᠠᠶ᠋ᠢᠮᠠᠭ



          ᠣ <4> ᠶ᠋ᠢᠨ ᠪᠦᠯᠦᠭ

         ᠭᠤᠷᠪᠠᠨ ᠰᠢᠪᠰᠢᠭ
   ᠣᠩᠭᠣᠴᠠ ᠮᠠᠭᠤᠲᠤ ᠤᠰᠤᠨ ᠪ ᠰᠢᠪᠰᠢᠭ
   ᠤᠲᠤᠮ ᠮᠠᠭᠤᠲᠤ ᠤᠯᠤᠰ ᠦ᠋ᠨ ᠰᠢᠪᠰᠢᠭ
   ᠤᠬᠠᠭᠠᠨ ᠮᠠᠭᠤᠲᠤ ᠣᠯᠠᠨ ᠪ ᠰᠢᠪᠰᠢᠭ

        ᠭᠤᠷᠪᠠᠨ ᠵᠢᠭᠰᠢᠭᠦᠷᠢᠲᠡᠢ
   ᠣᠯᠠᠨ ᠠ᠋ᠴᠠ ᠤᠷᠪᠠᠬᠤ ᠨᠢᠭᠡ ᠵᠢᠭᠰᠢᠭᠦᠷᠢᠲᠡᠢ
   ᠣᠯᠵᠠ ‍ᠳᠤ ᠰᠢᠨᠤᠬᠠᠶ᠋ᠢᠷᠠᠬᠤ ᠨᠢᠭᠡ ᠵᠢᠭᠰᠢᠭᠦᠷᠢᠲᠡᠢ
   ᠤᠭ ᠶ᠋ᠢᠠᠨ ᠮᠠᠷᠲᠠᠬᠤ ᠨᠢᠭᠡ ᠵᠢᠭᠰᠢᠭᠦᠷᠢᠲᠡᠢ

         ᠭᠤᠷᠪᠠᠨ ᠰᠢᠷ᠎ᠠ
   ᠣᠭᠲᠠᠷᠭᠤᠢ ᠶ᠋ᠢᠨ ᠳᠣᠲᠣᠷ᠎ᠠ ᠨᠠᠷᠠ ᠨᠢᠭᠡ ᠰᠢᠷ᠎ᠠ
   ᠤᠰᠤᠨ ᠪ ᠳᠣᠲᠣᠷ᠎ᠠ ᠠᠩᠭᠢᠷ ᠨᠢᠭᠡ ᠰᠢᠷ᠎ᠠ
   ᠣᠯᠠᠨ ᠪ ᠳᠣᠲᠣᠷ᠎ᠠ  ᠯᠠᠮᠠ ᠨᠢᠭᠡ  ᠰᠢᠷ᠎ᠠ
  
          ᠭᠤᠷᠪᠠᠨ ᠤᠯᠠᠭᠠᠨ
   ᠣᠯᠠᠨ ᠠᠮᠢᠲᠠᠨ ᠪ ᠴᠢᠰᠤ ᠨᠢᠭᠡ ᠤᠯᠠᠭᠠᠨ
   ᠤᠯᠤᠰ ᠦ᠋ᠨ ᠲᠤᠭ ᠦ᠋ᠨ ᠥᠩᠭᠡ ᠨᠢᠭᠡ  ᠤᠯᠠᠭᠠᠨ
   ᠤᠷᠭᠤᠬᠤ ᠨᠠᠷᠠᠨ ᠪ ᠭᠡᠷᠡᠯ ᠨᠢᠭᠡ  ᠤᠯᠠᠭᠠᠨ

         ᠭᠤᠷᠪᠠᠨ ᠴᠢᠮᠡᠭ
   ᠣᠲᠣᠨ ᠭᠠᠷᠠᠭ ᠣᠭᠲᠠᠷᠭᠤᠢ ᠳ᠋ᠠᠭᠠᠨ ᠴᠢᠮᠡᠭ
   ᠣᠶᠤᠨ ᠮᠡᠲᠡᠯᠭᠡ ᠪᠡᠶ᠎ᠡ ᠳ᠋ᠡᠭᠡᠨ ᠴᠢᠮᠡᠭ
   ᠣᠢ ᠮᠣᠲᠣ ᠠᠭᠤᠯᠠᠨ ᠳ᠋ᠠᠭᠠᠨ ᠴᠢᠮᠡᠭ

         ᠭᠤᠷᠪᠠᠨ ᠰᠠᠶ᠋ᠢᠬᠠᠨ
   ᠤᠨᠲᠤᠷᠴᠤ ᠪᠠᠶ᠋ᠢᠬ᠋᠎ᠠ ᠪᠤᠯᠠᠭ ᠨᠢᠭᠡ ᠰᠠᠶ᠋ᠢᠬᠠᠨ
   ᠤᠷᠭᠤᠵᠤ ᠪᠠᠶ᠋ᠢᠬ᠋᠎ᠠ ᠴᠡᠴᠡᠭ ᠨᠢᠭᠡ ᠰᠠᠶ᠋ᠢᠬᠠᠨ
   ᠥᠰᠴᠦ ᠪᠠᠶ᠋ᠢᠬ᠋᠎ᠠ ᠬᠡᠦᠬᠡᠳ ᠨᠢᠭᠡ ᠰᠠᠶ᠋ᠢᠬᠠᠨ
 
          ᠭᠤᠷᠪᠠᠨ ᠴᠢᠮᠡᠭ
   ᠣᠲᠣ ᠭᠠᠷᠪᠠᠯ ᠣᠭᠲᠠᠷᠭᠤᠢ ᠶ᠋ᠢᠨ ᠴᠢᠮᠡᠭ
   ᠣᠶᠤᠨ ᠨᠡᠭᠡᠭᠡᠭᠲᠡᠪᠡᠯ ᠪᠡᠶ᠎ᠡ ᠶ᠋ᠢᠨ ᠴᠢᠮᠡᠭ
   ᠤᠷᠠᠨ ᠪᠣᠯᠪᠠᠯ ᠣᠯᠠᠨ ᠪ ᠴᠢᠮᠡᠭ
 
          ᠭᠤᠷᠪᠠᠨ ᠰᠠᠶ᠋ᠢᠬᠠᠨ
   ᠤᠩᠰᠢᠵᠤ ᠰᠠᠭᠤᠬᠤ ‍ᠳᠤ ᠪᠢᠴᠢᠭ ᠰᠠᠶ᠋ᠢᠬᠠᠨ
   ᠠᠭᠤᠯᠵᠠᠵᠤ ᠶᠠᠷᠢᠯᠴᠠᠬᠤ  ‍ᠳᠤ ᠨᠥᠬᠥᠷ ᠰᠠᠶ᠋ᠢᠬᠠᠨ
   ᠤᠴᠢᠷ ᠊ᠢ ᠰᠢᠢᠤᠠᠪᠦᠷᠢᠯᠡᠬᠦ  ‍ᠳᠤ ᠶᠣᠰᠣ ᠰᠠᠶ᠋ᠢᠬᠠᠨ
 
          ᠭᠤᠷᠪᠠᠨ ᠰᠠᠶ᠋ᠢᠨ
   ᠣᠬᠢ ᠳᠡᠭᠡᠳᠦ ᠶ᠋ᠢᠨ ᠨᠣᠮ ᠦ᠋ᠨ ᠶᠣᠰᠣᠭᠠᠷ ᠶᠠᠪᠤᠭᠴᠢᠳ ᠦ᠋ᠨ ᠦᠢᠯᠡ ᠰᠠᠶ᠋ᠢᠨ
   ᠣᠰᠣᠯ ᠮᠠᠭᠤ ᠶᠠᠪᠤᠲᠠᠯ ᠊ᠢ ᠲᠡᠪᠴᠢᠨ ᠶᠠᠪᠤᠭᠴᠢᠳ ᠦ᠋ᠨ ᠵᠣᠷᠢᠬ ᠰᠠᠶ᠋ᠢᠨ
   ᠣᠨᠴᠠ ᠪᠤᠰᠤᠳ ᠦ᠋ᠨ ᠦᠢᠯᠡ ᠶ᠋ᠢ ᠪᠦᠲᠦᠭᠡᠵᠦ ᠶᠠᠪᠤᠭᠴᠢᠳ ᠦ᠋ᠨ ᠴᠢᠲᠠᠯ ᠰᠠᠶ᠋ᠢᠨ

           ᠭᠤᠷᠪᠠᠨ ᠠᠭᠤᠲᠠᠮ
   ᠣᠭᠣᠰᠣᠷ ᠵᠠᠯᠠᠭ᠎ᠠ ᠦᠭᠡᠢ ᠣᠷᠴᠢᠯᠠᠩ ᠨᠢᠭᠡ ᠠᠭᠤᠳᠠᠮ
   ᠣᠯᠣᠮ ᠢᠷᠣᠭᠠᠷ ᠦᠭᠡᠢ ᠳᠠᠯᠠᠢ ᠨᠢᠭᠡ ᠠᠭᠤᠳᠠᠮ
   ᠦᠵᠦᠭᠦᠷ ᠬᠢᠵᠠᠭᠠᠷ ᠦᠭᠡᠢ ᠲᠠᠯ᠎ᠠ ᠨᠢᠭᠡ ᠠᠭᠤᠳᠠᠮ

          ᠭᠤᠷᠪᠠᠨ ᠪᠠᠭᠤᠷᠠᠬᠤ
   ᠣᠭᠲᠠᠷᠭᠤᠢ ‍ᠶ᠋ᠢᠨ ᠰᠣᠯᠣᠩᠭ᠎ᠠ ‍ᠶ᠋ᠢᠨ ᠥᠩᠭᠡ ᠲᠦᠷᠭᠡᠨ ᠪᠠᠭᠤᠷᠠᠬᠤ
   ᠣᠯᠠᠨ ᠰᠠᠨᠠᠭᠠᠲᠤ ᠬᠥᠮᠦᠨ ‍ᠤ ᠰᠢᠨᠵᠢ ᠲᠦᠷᠭᠡᠨ ᠪᠠᠭᠤᠷᠠᠬᠤ
   ᠣᠯᠵᠠ ᠠᠰᠢᠬ ᠎ᠲᠤ᠌ ᠰᠢᠨᠤᠭᠴᠢ ‍ᠶ᠋ᠢᠨ ᠪᠤᠶᠠᠨ ᠲᠦᠷᠭᠡᠨ ᠪᠠᠭᠤᠷᠠᠬᠤ

          ᠭᠤᠷᠪᠠᠨ ᠳᠡᠭᠡᠷ᠎ᠡ
   ᠣᠷᠣᠭ᠎ᠠ ᠵᠠᠩ ᠎ᠲᠠᠢ ᠮᠣᠷᠢ  ‍ᠶ᠋ᠢ ᠣᠩᠭᠣᠴᠠᠨ ᠳ᠋ᠠᠭᠠᠨ ᠰᠤᠷᠭᠠᠪᠠᠯ ᠳᠡᠭᠡᠷ᠎ᠡ
   ᠣᠭᠣᠷᠴᠣᠭ ᠵᠠᠩ ᠎ᠲᠠᠢ ᠬᠥᠮᠦᠨ ‍ᠢ ᠣᠯᠠᠨ ‍ᠤ ᠳᠤᠮᠳᠠ ᠰᠤᠷᠭᠠᠪᠠᠯ ᠳᠡᠭᠡᠷ᠎ᠡ
   ᠤᠬᠠᠭᠠᠨ ᠦᠭᠡᠢ ᠡᠮᠡᠰ  ‍ᠢ ᠣᠷᠣᠨ ᠭᠡᠷ ᠎ᠲᠡᠭᠡᠨ ᠰᠤᠷᠭᠠᠪᠠᠯ ᠳᠡᠭᠡᠷ᠎ᠡ

         ᠭᠤᠷᠪᠠᠨ ᠴᠣᠭᠣᠷᠣᠬᠠᠢ
   ᠣᠷᠣᠬᠤ ᠲᠩᠷᠢ ‍ᠶ᠋ᠢᠨ ᠣᠷᠣᠢ ᠨᠢ ᠴᠣᠭᠣᠷᠣᠬᠠᠢ
   ᠣᠷᠭᠢᠶ᠎ᠠ ᠬᠥᠮᠦᠨ ‍ᠤ ᠮᠠᠯᠠᠭᠠᠢ ᠨᠢ ᠴᠣᠭᠣᠷᠣᠬᠠᠢ
   ᠣᠷᠣᠭᠰᠠᠨ ᠪᠤᠤᠷ᠎ᠠ ‍ᠶ᠋ᠢᠨ ᠰᠢᠯᠢ ᠨᠢ ᠴᠣᠭᠣᠷᠣᠬᠠᠢ

          ᠭᠤᠷᠪᠠᠨ ᠴᠣᠭᠣᠷᠣᠬᠠᠢ
   ᠣᠷᠣᠯᠠᠩ ᠰᠢᠮᠨᠤᠰ ‍ᠦᠨ ᠲᠣᠯᠣᠭᠠᠢ ᠨᠢ ᠴᠣᠭᠣᠷᠣᠬᠠᠢ
   ᠣᠯᠠᠩᠬᠢ ᠬᠡᠦᠬᠡᠨᠴᠦᠳ ‍ᠤᠨ ᠴᠢᠬᠢ ᠨᠢ ᠴᠣᠭᠣᠷᠣᠬᠠᠢ
   ᠨᠢᠯᠬ᠎ᠠ ᠬᠡᠦᠬᠡᠳ ‍ᠤᠨ ᠵᠤᠯᠠᠢ ᠨᠢ ᠴᠣᠭᠣᠷᠣᠬᠠᠢ

          ᠭᠤᠷᠪᠠᠨ ᠪᠣᠯᠠᠢ
   ᠣᠯᠠᠨ ‍ᠢ ᠵᠣᠪᠠᠭᠠᠬᠤ ᠨᠣᠶᠠᠳ ᠨᠢᠭᠡ ᠪᠣᠯᠠᠢ
   ᠦᠨᠡᠨ ‍ᠢ ᠵᠠᠯᠭᠢᠬᠤ ᠰᠦᠰᠦᠭ ᠨᠢᠭᠡ ᠪᠣᠯᠠᠢ
   ᠤᠯᠤᠰ ‍ᠢ ᠡᠪᠳᠡᠬᠦ ᠬᠤᠲᠤᠭᠴᠢᠨ ᠨᠢᠭᠡ ᠪᠣᠯᠠᠢ

         ᠭᠤᠷᠪᠠᠨ ᠮᠥᠩᠬᠡ
   ᠣᠳᠣᠨ ᠭᠠᠷᠠᠭ ᠣᠭᠲᠠᠷᠭᠤᠢ ᠳ᠋ᠠᠭᠠᠨ ᠮᠥᠩᠬᠡ
   ᠤᠯᠠᠭᠠᠨ ᠨᠠᠷᠠ ᠣᠷᠴᠢᠯᠠᠩ ᠳ᠋ᠠᠭᠠᠨ ᠮᠥᠩᠬᠡ
   ᠤᠰᠤ ᠰᠢᠷᠣᠢ ᠭᠠᠯᠠᠪ ᠎ᠲᠠᠭᠠᠨ ᠮᠥᠩᠬᠡ

          ᠭᠤᠷᠪᠠᠨ ᠬᠢᠯᠪᠠᠷ
   ᠣᠯᠵᠠᠨ ‍ᠳᠤ ᠰᠢᠨᠤᠬᠤ ᠮᠠᠭᠤ ᠰᠡᠳᠬᠢᠯᠲᠡᠨ ‍ᠦ ᠰᠠᠨᠠᠭ᠎ᠠ ‍ᠶ᠋ᠢ ᠣᠯᠬᠤ ᠬᠢᠯᠪᠠᠷ
   ᠣᠨᠴᠠ ᠬᠣᠣᠷᠯᠠᠬᠤ ᠎ᠪᠠᠨ ᠮᠡᠳᠡᠭᠳᠡᠬᠦ ᠳᠠᠶ᠋ᠢᠰᠤᠨ ‍ᠤ ᠠᠶ᠋ᠢᠮᠠᠭ ᠡᠴᠦᠰᠯᠡᠬᠦ ᠬᠢᠯᠪᠠᠷ
   ᠣᠮᠣᠭᠯᠠᠨ ᠠᠭᠤᠷᠯᠠᠬᠤ ‍ᠶ᠋ᠢ ᠤᠷᠢᠳᠠᠭᠴᠢᠳ ‍ᠤᠨ ᠪᠦᠷᠢᠯᠭᠡᠨ ᠰᠦᠢᠳᠭᠡᠬᠦ ᠬᠢᠯᠪᠠᠷ

         ᠭᠤᠷᠪᠠᠨ ᠳᠡᠭᠡᠷᠡᠯᠡᠬᠥᠨ
   ᠣᠯᠢᠬ ᠦᠭᠡᠢ ᠡᠷ᠎ᠡ ᠡᠮ᠎ᠡ ᠳ᠋ᠡᠭᠡᠨ ᠳᠡᠭᠡᠷᠡᠯᠡᠬᠥᠨ
   ᠣᠭᠲᠣᠷ ᠪᠤᠬ᠎ᠠ ᠪᠢᠷᠠᠭᠤ ᠳ᠋ᠠᠭᠠᠨ ᠳᠡᠭᠡᠷᠡᠯᠡᠬᠥᠨ
   ᠣᠷᠵᠤᠤ ᠨᠣᠬᠠᠢ ᠭᠠᠬᠠᠢ ᠳ᠋ᠠᠭᠠᠨ ᠳᠡᠭᠡᠷᠡᠯᠡᠬᠥᠨ

         ᠭᠤᠷᠪᠠᠨ ᠪᠣᠯᠳᠠᠭ
   ᠤᠩᠰᠢᠨ ᠤᠩᠰᠢᠬᠰᠠᠭᠠᠷ ᠣᠮᠵᠢᠳ ᠪᠣᠯᠳᠠᠭ
   ᠤᠬᠢᠯᠠᠨ ᠤᠬᠢᠯᠠᠭᠰᠠᠭᠠᠷ ᠬᠥᠮᠦᠨ ᠪᠣᠯᠳᠠᠭ
   ᠮᠠᠶ᠋ᠢᠯᠠᠨ ᠮᠠᠶ᠋ᠢᠯᠠᠭᠰᠠᠭᠠᠷ ᠮᠠᠯ ᠪᠣᠯᠳᠠᠭ
  
         ᠭᠤᠷᠪᠠᠨ ᠵᠢᠮᠰᠡᠭ
   ᠣᠳᠣ ᠰᠠᠷᠠ ᠬᠣᠶᠠᠷ ᠨᠢ ᠣᠭᠲᠠᠷᠭᠤᠢ ‍ᠶ᠋ᠢᠨ ᠵᠢᠮᠰᠡᠭ
   ᠠᠭᠤᠯᠠ ᠤᠰᠤ ᠬᠣᠶᠠᠷ ᠨᠢ ᠣᠷᠴᠢᠯᠠᠩ ‍ᠤᠨ ᠵᠢᠮᠰᠡᠭ
   ᠠᠪᠤ ᠡᠵᠢ ᠬᠣᠶᠠᠷ ᠨᠢ ᠠᠮᠢᠳᠤᠷᠠᠯ ‍ᠤᠨ ᠵᠢᠮᠰᠡᠭ

         ᠭᠤᠷᠪᠠᠨ ᠴᠥᠭᠡᠨ
   ᠣᠭᠲᠠᠷᠭᠤᠢ ‍ᠶ᠋ᠢᠨ ᠣᠳᠣ ᠣᠯᠠᠨ ᠪᠣᠯᠪᠠᠴᠤ ᠣᠨᠴᠠ ᠭᠡᠷᠡᠯᠲᠡᠢ ᠨᠢ ᠴᠥᠭᠡᠨ
   ᠣᠷᠴᠢᠯᠠᠩ ‍ᠤᠨ ᠬᠥᠮᠦᠨ ᠣᠯᠠᠨ ᠪᠣᠯᠪᠠᠴᠤ ᠣᠨᠴᠠ ᠰᠠᠶ᠋ᠢᠨ ᠨᠢ ᠴᠥᠭᠡᠨ
   ᠣᠶ᠋ᠢᠷ᠎ᠠ ᠰᠠᠳᠤᠨ ᠣᠯᠠᠨ ᠪᠣᠯᠪᠠᠴᠤ ᠣᠨᠴᠠ ᠲᠤᠰᠠᠲᠠᠢ ᠨᠢ ᠴᠥᠭᠡᠨ

         ᠭᠤᠷᠪᠠᠨ ᠦᠨᠡᠨ
   ᠣᠷᠣᠬᠤ ᠦᠭᠡᠢ ᠭᠡᠰᠡᠨ ᠭᠡᠷ ᠎ᠲᠤ᠌ ᠭᠤᠷᠪᠠ ᠣᠷᠣᠬᠤ ᠦᠨᠡᠨ
   ᠣᠴᠢᠬᠤ ᠦᠭᠡᠢ ᠭᠡᠰᠡᠨ ᠵᠠᠮ ‍ᠢᠶ᠋ᠠᠷ ᠭᠤᠷᠪᠠ ᠶᠠᠪᠤᠬᠤ ᠦᠨᠡᠨ
   ᠠᠭᠤᠯᠵᠠᠬᠤ ᠦᠭᠡᠢ ᠭᠡᠰᠡᠨ ᠬᠥᠮᠦᠨ ᠎ᠲᠠᠢ ᠭᠤᠷᠪᠠ ᠤᠴᠠᠷᠠᠬᠤ ᠦᠨᠡᠨ

          ᠭᠤᠷᠪᠠᠨ ᠪᠣᠯᠤᠨ᠎ᠠ
   ᠣᠣ᠎ᠠ ‍ᠳᠤ ᠣᠶ᠋ᠢᠷᠠᠳᠪᠠᠯ ᠴᠠᠭᠠᠨ ᠪᠣᠯᠤᠨ᠎ᠠ
   ᠬᠦ᠋ ‍ᠳᠤ ᠣᠶ᠋ᠢᠷᠠᠳᠪᠠᠯ ᠬᠠᠷ᠎ᠠ ᠪᠣᠯᠤᠨ᠎ᠠ
   ᠰᠢᠩᠬᠤᠨ ‍ᠳᠤ ᠣᠶ᠋ᠢᠷᠠᠳᠪᠠᠯ ᠤᠯᠠᠭᠠᠨ ᠪᠣᠯᠤᠨ᠎ᠠ

         ᠭᠤᠷᠪᠠᠨ ᠬᠡᠷᠡᠭᠲᠡᠢ
   ᠣᠯᠠᠨ ‍ᠢᠶ᠋ᠠᠷ ᠰᠠᠭᠤᠪᠠᠯ ᠠᠮᠠ ᠎ᠪᠠᠨ ᠬᠢᠴᠢᠶᠡᠬᠦ ᠬᠡᠷᠡᠭᠲᠡᠢ
   ᠣᠷᠣ ᠭᠠᠭᠴᠠᠭᠠᠷ ᠶᠠᠪᠤᠪᠠᠯ ᠪᠡᠶ᠎ᠡ ᠎ᠪᠠᠨ ᠬᠢᠴᠢᠶᠡᠬᠦ ᠬᠡᠷᠡᠭᠲᠡᠢ
   ᠣᠪ ᠮᠡᠬᠡ ᠰᠤᠷᠬᠤ ᠠ᠋ᠴᠠ ᠣᠨᠴᠠ ᠬᠢᠴᠢᠶᠡᠬᠦ ᠬᠡᠷᠡᠭᠲᠡᠢ

              ᠭᠤᠷᠪᠠᠨ ᠳᠡᠭᠡᠷ᠎ᠡ
   ᠣᠯᠪᠣᠭ ᠲᠤ ᠰᠠᠭᠤᠭᠰᠠᠨ ᠮᠡᠷᠭᠡᠨ ᠡᠴᠡ ᠣᠯᠠᠨ ᠊ᠢ ᠲᠣᠭᠣᠷᠢᠬᠰᠠᠨ ᠮᠤᠩᠬᠠᠭ ᠳᠡᠭᠡᠷ᠎ᠡ
   ᠳᠡᠷ᠎ᠡ ᠪᠡᠨ ᠡᠯᠡᠭᠡᠭᠰᠡᠨ ᠰᠡᠴᠡᠨ ᠡᠴᠡ ᠳᠡᠪᠢᠰ ᠡᠯᠡᠭᠡᠭᠰᠡᠨ ᠮᠤᠩᠬᠠᠭ ᠳᠡᠭᠡᠷ᠎ᠡ
   ᠭᠡᠷ ᠲᠤ᠌ ᠰᠠᠭᠤᠭᠰᠠᠨ ᠴᠡᠴᠡᠨ ᠡᠴᠡ ᠭᠡᠰᠦᠵᠦ ᠶᠠᠪᠤᠭᠰᠠᠨ ᠮᠤᠩᠬᠠᠭ ᠳᠡᠭᠡᠷ᠎ᠡ

             ᠭᠤᠷᠪᠠᠨ ᠪᠠᠶ᠋ᠢᠨ᠎ᠠ
   ᠣᠶᠣᠭᠴᠢ ᠪᠠᠶ᠋ᠢᠪᠠᠯ ᠤᠷᠠᠭᠴᠢ ᠪᠠᠶ᠋ᠢᠨ᠎ᠠ
   ᠣᠯᠵᠠ ᠪᠠᠶ᠋ᠢᠪᠠᠯ ᠭᠠᠷᠤᠵᠠ ᠪᠠᠶ᠋ᠢᠨ᠎ᠠ
   ᠡᠬᠢᠯᠡᠯᠲᠡ ᠪᠠᠶ᠋ᠢᠪᠠᠯ ᠲᠡᠭᠦᠰᠬᠡᠯ ᠪᠠᠶ᠋ᠢᠨ᠎ᠠ

            ᠭᠤᠷᠪᠠᠨ ᠪᠣᠯᠬᠤ
   ᠣᠯᠣᠭᠰᠠᠭᠠᠷ ᠣᠯᠣᠭᠰᠠᠭᠠᠷ ᠪᠠᠶᠠᠨ ᠪᠣᠯᠬᠤ
   ᠤᠨᠤᠭᠰᠠᠭᠠᠷ ᠤᠨᠤᠭᠰᠠᠭᠠᠷ ᠳᠠᠭᠠᠷᠢ ᠪᠣᠯᠬᠤ
   ᠤᠤᠭᠤᠭᠰᠠᠭᠠᠷ ᠤᠤᠭᠤᠭᠰᠠᠭᠠᠷ ᠰᠢᠭᠠᠷᠤ ᠪᠣᠯᠬᠤ



             ᠭᠤᠷᠪᠠᠨ ᠨᠢᠭᠡ
  ᠣᠯᠠᠨ ᠦᠭᠡ ᠶ᠋ᠢᠨ ᠣᠭᠣᠰᠣᠷ ᠨᠢ ᠨᠢᠭᠡ
  ᠣᠭᠣᠯᠢ ᠰᠦᠬᠡ ᠶ᠋ᠢᠨ ᠲᠡᠮᠦᠷ ᠨᠢ ᠨᠢᠭᠡ
  ᠣᠨᠣᠯ ᠦᠢᠯᠡᠲᠦᠯᠭᠡ ᠶ᠋ᠢᠨ ᠬᠣᠯᠪᠣᠬ᠋᠎ᠠ ᠨᠢ ᠨᠢᠭᠡ

          ᠭᠤᠷᠪᠠᠨ ᠨᠢᠭᠡ
  ᠣᠨᠢᠰᠣ ᠳᠦᠯᠬᠢᠬᠦᠷ ᠦ᠋ᠨ ᠬᠡᠯᠬᠢᠶ᠎ᠡ ᠨᠢ ᠨᠢᠭᠡ
  ᠣᠭᠣᠯᠢ ᠬᠡᠷᠢᠶ᠎ᠡ ᠶ᠋ᠢᠨ ᠲᠥᠷᠥᠯ ᠨᠢ ᠨᠢᠭᠡ
  ᠤᠰᠤ ᠮᠥᠰᠥ ᠶ᠋ᠢᠨ ᠢᠷᠡᠯ ᠨᠢ ᠨᠢᠭᠡ

           ᠭᠤᠷᠪᠠᠨ ᠪᠠᠷᠠᠮᠠᠯ
  ᠣᠩᠰᠢᠯᠬ᠋᠎ᠠ ᠦᠭᠡᠢ ᠯᠠᠮᠠ ᠣᠯᠪᠣᠭ ᠦ᠋ᠨ ᠪᠠᠷᠠᠮᠠᠯ
  ᠣᠶᠣᠲᠠᠯ ᠦᠭᠡᠢ ᠬᠡᠦᠬᠡᠨ ᠤᠲᠠᠰᠤᠨ ᠪ ᠪᠠᠷᠠᠮᠠᠯ
  ᠤᠬᠠᠭᠠᠨ ᠦᠭᠡᠢ ᠬᠥᠮᠦᠨ ᠦᠭᠡᠨ ᠪ ᠪᠠᠷᠠᠮᠠᠯ

          ᠭᠤᠷᠪᠠᠨ ᠬᠡᠷᠡᠭᠲᠡᠢ  
  ᠣᠯᠠᠨ ᠪ ᠳᠣᠲᠣᠷ᠎ᠠ ᠪᠠᠨ ᠰᠢᠨᠵᠢᠯᠡᠬᠦ ᠬᠡᠷᠡᠭᠲᠡᠢ
  ᠣᠰᠣᠯ ᠶ᠋ᠢᠠᠨ ᠮᠡᠲᠡᠪᠡᠰᠦ ᠬᠢᠴᠢᠶᠡᠩᠭᠦᠶ᠋ᠢᠯᠡᠬᠦ ᠬᠡᠷᠡᠭᠲᠡᠢ
  ᠣᠨᠴᠤᠭᠤᠢ ᠭᠠᠭᠴᠠᠭᠠᠷ ᠰᠡᠤᠠᠬᠢᠬᠦ ᠬᠡᠷᠡᠭᠲᠡᠢ

          ᠭᠤᠷᠪᠠᠨ ᠳᠠᠭᠤᠤ
  ᠣᠯᠠᠨ ᠊ᠢ ᠪᠣᠰᠬᠠᠭᠰᠠᠨ ᠤᠯᠤᠰ ᠦ᠋ᠨ ᠳᠠᠭᠤᠤ
  ᠤᠷᠮ᠎ᠠ ᠶ᠋ᠢ ᠳᠠᠲᠠᠭᠰᠠᠨ ᠠᠷᠠᠳ ᠦ᠋ᠨ ᠳᠠᠭᠤᠤ
  ᠤᠷᠠᠯᠢᠬ ᠨᠢ ᠳᠠᠪᠰᠢᠬᠰᠠᠨ ᠰᠢᠨ᠎ᠡ ᠳᠠᠭᠤᠤ

           ᠭᠤᠷᠪᠠᠨ ᠲᠡᠮᠲᠡᠭ
  ᠣᠷᠣᠨ ᠭᠠᠷᠤᠨ ᠭᠡᠩᠰᠢᠪᠡᠯ ᠳᠣᠷᠣᠶ᠋ᠢᠳᠠᠬᠤ ᠶ᠋ᠢᠨ ᠲᠡᠮᠲᠡᠭ
  ᠤᠨᠠᠬᠤ ᠨᠠᠷᠠᠨ ᠭᠣᠭᠣᠵᠢᠪᠠᠯ ᠭᠠᠩᠲᠠᠬᠤ ᠶ᠋ᠢᠨ ᠲᠡᠮᠲᠡᠭ
  ᠤᠯᠠᠭᠠᠨ ᠮᠠᠨᠠᠨ ᠳᠠᠲᠠᠪᠠᠯ ᠰᠠᠯᠬᠢᠯᠠᠬᠤ ᠶ᠋ᠢᠨ ᠲᠡᠮᠲᠡᠭ

           ᠭᠤᠷᠪᠠᠨ ᠪᠡᠷᠬᠡ
  ᠣᠰᠣᠯ ᠦᠭᠡᠢ ᠯᠠᠮᠠ ᠶ᠋ᠢᠨ ᠠᠲᠢᠰ ᠪᠠᠬ᠋᠎ᠠ ᠪᠣᠯᠬᠤ ᠪᠡᠷᠬᠡ
  ᠣᠯᠢᠬ ᠦᠭᠡᠢ ᠬᠥᠮᠦᠰ ᠦ᠋ᠨ ᠣᠶᠤᠨ ᠮᠡᠷᠭᠡᠨ ᠪᠣᠯᠬᠤ ᠪᠡᠷᠬᠡ
  ᠣᠪ ᠦᠭᠡᠢ ᠡᠷ᠎ᠡ ᠣᠯᠠᠨ ᠪ ᠬᠦᠨᠲᠦ ᠶ᠋ᠢ ᠣᠯᠬᠤ ᠪᠡᠷᠬᠡ

          ᠭᠤᠷᠪᠠᠨ ᠵᠣᠪᠠᠯᠠᠩ
  ᠣᠯᠠᠨ ᠮᠠᠯ ᠊ᠢ ᠡᠷᠢᠬᠦ ᠶ᠋ᠢᠨ ᠨᠢᠭᠡ ᠵᠣᠪᠠᠯᠠᠩ 
  ᠣᠯᠤᠭᠰᠠᠨ ᠡᠳ᠋ ᠊ᠢ ᠬᠠᠲᠠᠭᠠᠯᠠᠬᠤ ᠶ᠋ᠢᠨ ᠨᠢᠭᠡ ᠵᠣᠪᠠᠯᠠᠩ
  ᠤᠷᠤᠭ ᠰᠠᠲᠤᠨ ᠠ᠋ᠴᠠ ᠬᠠᠭᠠᠴᠠᠬᠤ ᠶ᠋ᠢᠨ ᠨᠢᠭᠡ ᠵᠣᠪᠠᠯᠠᠩ

             ᠭᠤᠷᠪᠠᠨ ᠠᠮᠤᠷ
  ᠣᠯᠠᠨ ‍ᠳᠤ ᠲᠤᠰᠠ ᠬᠦᠷᠭᠡᠭᠴᠢᠳ ᠦ᠋ᠨ ᠪᠡᠶ᠎ᠡ ᠠᠮᠤᠷ
  ᠣᠯᠵᠠ ᠭᠠᠷᠤᠵᠠ ᠥᠯᠦ ᠪᠣᠲᠤᠭᠴᠢᠳ ᠦ᠋ᠨ ᠡᠲᠯᠡᠯ ᠠᠮᠤᠷ
  ᠣᠰᠣᠯ ᠮᠠᠭᠤ ᠶᠠᠪᠤᠲᠠᠯ ᠊ᠢ ᠳᠡᠪᠴᠢᠭᠴᠢᠳ ᠦ᠋ᠨ ᠰᠠᠨᠠᠬ᠋᠎ᠠ ᠠᠮᠤᠷ

            ᠭᠤᠷᠪᠠᠨ ᠬᠠᠭᠤᠷᠠᠢ
  ᠣᠴᠢ ᠠ᠋ᠴᠠ ᠭᠠᠷᠤᠭᠰᠠᠨ ᠦᠨᠡᠰᠦ ᠨᠢᠭᠡ ᠬᠠᠭᠤᠷᠠᠢ
  ᠤᠰᠤᠨ ᠠ᠋ᠴᠠ ᠬᠣᠯᠠᠲᠠᠭᠰᠠᠨ ᠡᠯᠡᠰᠦ ᠨᠢᠭᠡ ᠬᠠᠭᠤᠷᠠᠢ
  ᠤᠷᠤᠭ ᠠ᠋ᠴᠠ ᠰᠠᠯᠤᠭᠰᠠᠨ ᠡᠮ᠎ᠡ ᠨᠢᠭᠡ ᠬᠠᠭᠤᠷᠠᠢ

            ᠭᠤᠷᠪᠠᠨ ᠳᠡᠭᠡᠷ᠎ᠡ
  ᠤᠨᠲᠤᠷᠤᠬ᠋᠎ᠠ ᠦᠭᠡᠢ ᠪᠤᠯᠠᠭ ᠰᠢᠷᠭᠡᠭᠰᠡᠨ ᠳ᠋ᠡᠭᠡᠨ ᠳᠡᠭᠡᠷ᠎ᠡ
  ᠥᠭᠯᠢᠭᠡ ᠦᠭᠡᠢ ᠪᠠᠶᠠᠨ ᠦᠭᠡᠢᠷᠡᠭᠰᠡᠨ ᠳ᠋ᠡᠭᠡᠨ ᠳᠡᠭᠡᠷ᠎ᠡ
  ᠠᠴᠢᠯᠠᠯ ᠦᠭᠡᠢ ᠬᠥᠮᠦᠨ ᠦᠬᠦᠭᠰᠡᠨ ᠳ᠋ᠡᠭᠡᠨ ᠳᠡᠭᠡᠷ᠎ᠡ

           ᠭᠤᠷᠪᠠᠨ ᠲᠡᠨᠦᠭᠦᠯ
  ᠣᠷᠣᠨ ᠰᠠᠭᠤᠴᠠ ᠦᠭᠡᠢ ᠭᠤᠶ᠋ᠢᠷᠠᠨᠴᠢ ᠨᠢᠭᠡ ᠲᠡᠨᠦᠭᠦᠯ
  ᠤᠭ ᠦᠨᠳᠦᠰᠦ ᠦᠭᠡᠢ ᠬᠠᠮᠬᠤᠤᠯ ᠨᠢᠭᠡ ᠲᠡᠨᠦᠭᠦᠯ
  ᠤᠯᠠᠢ ᠡᠷᠢᠨ ᠰᠢᠭᠰᠢᠬᠦ ᠨᠣᠬᠠᠢ ᠨᠢᠭᠡ ᠲᠡᠨᠦᠭᠦᠯ
 
         ᠭᠤᠷᠪᠠᠨ ᠴᠢᠮᠡᠭ
   ᠣᠢ ᠮᠣᠳᠣ  ᠠᠶ᠋ᠢᠯ ‍ᠤᠨ ᠴᠢᠮᠡᠭ
   ᠣᠳᠣᠨ  ᠭᠠᠷᠠᠭ ᠰᠥᠨᠢ ‍ᠶ᠋ᠢᠨ ᠴᠢᠮᠡᠭ
   ᠤᠯᠠᠭᠠᠨ ᠨᠠᠷᠠ ᠡᠳᠦᠷ ‍ᠦᠨ ᠴᠢᠮᠡᠭ

       ᠭᠤᠷᠪᠠᠨ ᠣᠯᠠᠨ
   ᠣᠮᠣᠷᠬᠠᠭ ᠬᠥᠮᠦᠨ ‍ᠢ ᠬᠠᠷᠢᠶᠠᠭᠴᠢ ᠣᠯᠠᠨ
   ᠣᠯᠳᠣᠢ ᠬᠥᠮᠦᠨ ‍ᠢ ᠡᠯᠡᠭᠯᠡᠭᠴᠢ ᠣᠯᠠᠨ
   ᠣᠪᠣᠯᠵᠠᠭᠤᠷ ᠬᠥᠮᠦᠨ ‍ᠢ ᠵᠢᠭᠰᠢᠭᠴᠢ ᠣᠯᠠᠨ

       ᠭᠤᠷᠪᠠᠨ ᠠᠳᠠᠯᠢ ᠦᠭᠡᠢ
   ᠣᠢ ᠮᠣᠳᠣ ᠦᠨᠳᠦᠷ ᠎ᠲᠡᠢ ᠪᠣᠭᠣᠨᠢ ᠎ᠲᠠᠢ
   ᠣᠯᠠᠨ ᠬᠥᠮᠦᠨ ᠰᠠᠶ᠋ᠢᠨ ᠎ᠲᠠᠢ ᠮᠠᠭᠤ ᠎ᠲᠠᠢ
   ᠤᠷᠤᠰᠬᠠᠯ ᠭᠣᠣᠯ ᠥᠷᠭᠡᠨ ᠎ᠲᠡᠢ ᠨᠠᠷᠢᠨ ᠎ᠲᠠᠢ


         ᠭᠤᠷᠪᠠᠨ ᠬᠣᠪᠣᠷ
   ᠣᠢ ᠦᠭᠡᠢ ᠭᠠᠵᠠᠷ ᠠᠷᠢᠶᠠᠲᠠᠨ ᠬᠣᠪᠣᠷ
   ᠠᠭᠤᠯᠠ ᠦᠭᠡᠢ ᠭᠠᠵᠠᠷ ᠴᠢᠯᠠᠭᠤ ᠬᠣᠪᠣᠷ
   ᠤᠰᠤ ᠦᠭᠡᠢ ᠭᠠᠵᠠᠷ ᠵᠢᠭᠠᠰᠤ ᠬᠣᠪᠣᠷ

       ᠭᠤᠷᠪᠠᠨ ᠠᠷᠪᠢᠨ
   ᠣᠷᠣᠯᠳᠣᠭᠰᠠᠨ ᠬᠥᠮᠦᠨ ‍ᠦ ᠪᠦᠲᠦᠭᠡᠯ ᠠᠷᠪᠢᠨ
   ᠣᠪᠯᠠᠭᠰᠠᠨ ᠬᠥᠮᠦᠨ ‍ᠦ ᠮᠡᠬᠡ ᠠᠷᠪᠢᠨ
   ᠤᠷᠪᠠᠭᠰᠠᠨ ᠬᠥᠮᠦᠨ ‍ᠦ ᠤᠬᠠᠭᠠᠨ ᠠᠷᠪᠢᠨ

        ᠭᠤᠷᠪᠠᠨ ᠶᠡᠬᠡ
   ᠣᠷᠭᠢᠬᠤ ᠨᠢ ᠶᠡᠬᠡᠳᠪᠡᠯ ᠰᠢᠷᠭᠢᠬᠦ ᠨᠢ ᠶᠡᠬᠡ
   ᠣᠷᠣᠬᠤ ᠨᠢ ᠶᠡᠬᠡᠳᠪᠡᠯ ᠭᠠᠷᠬᠤ ᠨᠢ ᠶᠡᠬᠡ
   ᠣᠯᠬᠤ ᠨᠢ ᠶᠡᠬᠡᠳᠪᠡᠯ ᠠᠯᠳᠠᠬᠤ ᠨᠢ ᠶᠡᠬᠡ

       ᠦᠰᠦᠭ ᠠᠮᠢᠯᠠᠭᠤᠯᠤᠭᠴᠢ ᠄   ᠣᠶᠤᠨᠲᠤᠨᠠᠯ ᠂  ᠳ᠋ᠦ᠋ᠩ ᠹᠧᠩ ᠂  ᠮᠢᠩᠭᠠᠳ ᠴᠢᠮᠡᠭ ᠂   ᠬᠠᠲᠠᠴᠢ ᠤᠷᠠᠨ᠎ᠠ 
          ᠬᠢᠨᠠᠭᠴᠢ ᠄   ᠮᠢᠩᠭᠠᠳ ᠴᠢᠮᠡᠭ ᠂   ᠬᠠᠷᠠᠨᠤᠳ ᠲᠤᠶᠠᠭ᠎ᠠ