ᠮᠢᠩᠭᠠᠨᠲᠤ-ᠮᠣᠩᠭᠣᠯ ᠤᠨ ᠰᠣᠳᠣ ᠰᠢᠨᠵᠢᠯᠡᠬᠦ ᠤᠬᠠᠭᠠᠨᠲᠠᠨМянгат-монголын сод шинжлэх ухаантан
ᠮᠢᠩᠭᠠᠨᠲᠤ 1692 ᠣᠨ ᠤ᠋ ᠣᠷᠴᠢᠮ ᠲᠡᠷᠡ ᠦᠶ᠎ᠡ ᠶ᠋ᠢᠨ ᠴᠠᠬᠠᠷ ᠨᠠᠢ᠍ᠮᠠᠨ ᠬᠣᠰᠢᠭᠤ ᠣᠳᠣ ᠶ᠋ᠢᠨ ᠥᠪᠥᠷ ᠮᠣᠩᠭᠣᠯ ᠤ᠋ᠨ ᠰᠢᠯᠢ ᠶ᠋ᠢᠨ ᠭᠣᠣᠯ ᠠᠢᠮᠠᠭ ᠲᠤ᠌ ᠮᠡᠨᠳᠦᠯᠡᠵᠦ᠂ 1712 ᠣᠨ ᠳ᠋ᠤ᠌ ᠮᠢᠩᠭᠠᠨᠲᠤ ᠶ᠋ᠢᠨ ᠵᠣᠬᠢᠶᠠᠭᠰᠠᠨ 《ᠲᠣᠭᠠᠨ ᠤ᠋ ᠤᠬᠠᠭᠠᠨ ᠤ᠋ ᠬᠠᠤᠯᠢ ᠶ᠋ᠢᠨ ᠨᠠᠷᠢᠨ ᠬᠤᠷᠠᠮᠳᠤᠯᠠᠯ》ᠪᠦᠲᠦᠭᠡᠯ ᠳ᠋ᠦ᠍ ᠲᠣᠭ᠎ᠠ ᠶ᠋ᠢ ᠣᠯᠬᠤ ᠬᠢᠯᠪᠠᠷ ᠠᠷᠭ᠎ᠠ ᠶ᠋ᠢ ᠪᠠᠲᠤᠯᠠᠵᠤ᠂ ᠨᠡᠢᠲᠡ 53 ᠪᠣᠳᠢ ᠪᠦᠲᠦᠭᠡᠯ ᠨᠢ 2 ᠣᠨ ᠳ᠋ᠤ᠌ ᠨᠣᠮ ᠪᠣᠯᠤᠨ ᠪᠢᠴᠢᠭᠳᠡᠭᠰᠡᠨ ᠪᠠᠢᠳᠠᠭ᠃ᠮᠢᠩᠭᠠᠲᠤ ᠶ᠋ᠢᠨ ᠡᠨᠡᠬᠦ ᠪᠦᠲᠦᠭᠡᠯ ᠨᠢ ᠬᠢᠲᠠᠳ᠂ ᠶᠠᠫᠣᠨ ᠵᠡᠷᠭᠡ ᠠᠽᠢᠶ᠎ᠠ ᠶ᠋ᠢᠨ ᠣᠷᠣᠨ ᠨᠤᠭᠤᠳ ᠲᠤ᠌ ᠲᠠᠷᠬᠠᠭᠳᠠᠵᠠᠢ᠃ᠭᠣᠣᠯ ᠪᠦᠲᠦᠭᠡᠯ ᠨᠢ 《 ᠡᠷᠳᠡᠮ ᠤᠬᠠᠭᠠᠨ ᠤ᠋ ᠬᠦᠷᠢᠶᠡᠯᠡᠩ》᠂ 《ᠵᠢᠷᠤᠬᠠᠢ ᠶ᠋ᠢᠨ ᠰᠢᠨᠵᠢᠯᠡᠯ》᠂ 《ᠲᠣᠭᠠᠨ ᠤ᠋ ᠤᠬᠠᠭᠠᠨ ᠤ᠋ ᠬᠤᠷᠢᠶᠠᠮᠵᠢ ᠪᠢᠴᠢᠭ》᠂ 《ᠵᠢᠷᠤᠬᠠᠢ ᠶ᠋ᠢᠨ ᠰᠢᠨᠵᠢᠯᠡᠯ ᠦ᠋ᠨ ᠬᠣᠢᠨᠠᠬᠢ ᠨᠠᠢᠷᠠᠭᠤᠯᠤᠯ》᠂ 《ᠬᠡᠮᠵᠢᠭᠴᠢ ᠪᠠᠭᠠᠵᠢ ᠶ᠋ᠢᠨ ᠰᠢᠨᠵᠢᠯᠡᠯ》᠂ 《ᠨᠠᠷᠠ ᠰᠠᠷᠠᠨ ᠤ᠋ ᠡᠷᠭᠢᠯᠲᠡ ᠶ᠋ᠢᠨ ᠬᠦᠰᠦᠨᠦᠭᠲᠦ》 ᠵᠡᠷᠭᠡ ᠣᠯᠠᠨ ᠪᠦᠲᠦᠭᠡᠯ ᠨᠣᠮ ᠢ᠋ ᠬᠢᠨᠠᠨ ᠲᠣᠬᠢᠶᠠᠯᠳᠤᠭᠤᠯᠬᠤ ᠳ᠋ᠤ᠌ ᠪᠡᠶ᠎ᠡ ᠰᠡᠳᠬᠢᠯ ᠢ᠋ ᠳᠠᠢᠴᠢᠯᠠᠨ ᠣᠷᠣᠯᠴᠠᠵᠤ ᠪᠠᠢᠵᠠᠢ᠃ᠮᠣᠩᠭᠣᠯ ᠤᠭᠰᠠᠭᠠᠨ ᠤ᠋ ᠭᠠᠷᠮᠠᠭᠠᠢ ᠲᠣᠭᠠᠨ ᠤ᠋ ᠤᠬᠠᠭᠠᠨᠲᠠᠨ᠂ ᠣᠳᠣᠨ ᠣᠷᠣᠨᠴᠢ᠂ ᠭᠠᠵᠠᠷᠵᠦᠢᠴᠢ᠂ ᠵᠢᠷᠤᠬᠠᠢᠴᠢ ᠭᠡᠳ ᠡᠷᠳᠡᠮ ᠰᠢᠨᠵᠢᠯᠡᠭᠡᠨ ᠦ᠌ ᠣᠷᠭᠢᠯ ᠳ᠋ᠤ᠌ ᠭᠠᠷᠤᠭᠰᠠᠨ ᠡᠨᠡ ᠶᠡᠬᠡ ᠡᠷᠳᠡᠮᠲᠡᠨ ᠦ᠌ ᠨᠡᠭᠡᠭᠡᠯᠲᠡ ᠪᠦᠲᠦᠭᠡᠯ ᠢ᠋ ᠬᠢᠲᠠᠳ᠂ ᠶᠠᠫᠣᠨ ᠵᠡᠷᠭᠡ ᠤᠯᠤᠰ ᠲᠤ᠌ ᠰᠠᠢᠨ ᠮᠡᠳᠡᠬᠦ ᠪᠣᠯᠪᠠᠴᠤ ᠮᠠᠨ ᠤ᠋ ᠳ᠋ᠤ᠌ ᠡᠨᠡ ᠲᠠᠯ᠎ᠠ ᠪᠠᠷ ᠲᠣᠩ ᠬᠣᠮᠰᠠ ᠮᠡᠳᠡᠳᠡᠭ ᠪᠣᠯᠠᠢ᠃71 ᠨᠠᠰᠤᠲᠠᠢ1764 ᠣᠨ ᠤ᠋ ᠬᠥᠬᠡ ᠪᠡᠴᠢᠨ ᠵᠢᠯ ᠳ᠋ᠦ᠍ ᠲᠩᠷᠢ ᠳ᠋ᠦ᠍ ᠬᠠᠯᠢᠵᠠᠢ᠃
