ᠡᠷᠳᠡᠨᠢ ᠲᠤᠨᠤᠮᠠᠯ ᠨᠡᠷᠡᠲᠦ ᠰᠤᠳᠤᠷ ᠣᠷᠣᠰᠢᠪᠠ - 6 Эрдэнэ тунамал нэрт судар оршив - 6
ᠡᠷᠳᠡᠨᠢ ᠲᠤᠨᠤᠮᠠᠯ ᠨᠡᠷᠡᠲᠦ ᠰᠤᠳᠤᠷ ᠣᠷᠣᠰᠢᠪᠠ - 6
ᠬᠤᠯᠤᠭᠠᠨ᠎ᠠ ᠵᠢᠯ ① ᠦ᠋ᠨ ᠲᠠᠪᠤᠨ ᠰᠠᠷ᠎ᠠ ᠶ᠋ᠢᠨ ᠥᠯᠵᠡᠢ ᠲᠤ ᠰᠠᠢᠨ ᠡᠳᠦᠷ ᠲᠣᠷ ᠂
ᠬᠤᠪᠢᠲᠤ ᠰᠳ᠋ᠡᠨ᠌ᠨᠯᠤᠩ ᠨᠠᠩᠰᠤ ᠂ ᠳᠠᠶᠤᠨ ᠬᠢᠶ᠎ᠡ ᠬᠣᠶᠠᠭᠤᠯᠠ ᠶ᠋ᠢ ᠂
ᠬᠠᠷᠢᠨ ᠪᠠᠰᠠ ᠮᠣᠩᠭᠣᠯ ᠳ᠋ᠤᠷ ᠤᠷᠤᠭ᠍ᠰᠢᠯᠠᠭᠤᠯᠵᠤ ᠵᠡᠳᠬᠡᠷ ᠢ᠋ ᠠᠮᠤᠷᠯᠢᠭᠤᠯᠤᠭᠠᠳ ᠶᠠᠪᠤᠭᠤᠯᠤᠭᠰᠠᠨ ᠳ᠋ᠤᠷ ᠂
ᠭᠤᠷᠪᠠᠨ ᠡᠷᠳᠡᠨᠢᠰ ᠦ᠋ᠨ ᠢᠪᠡᠭᠡᠯ ᠦ᠋ᠨ ᠬᠦᠴᠦᠨ ᠢ᠋ᠶ᠋ᠡᠷ ᠮᠣᠩᠭᠣᠯ ᠤ᠋ᠨ ᠬᠠᠭᠠᠨ ᠳ᠋ᠤᠷ ᠬᠦᠷᠦᠭᠰᠡᠨ ᠳ᠋ᠦ᠍ᠷ ᠂
ᠠᠯᠲᠠᠨ ᠬᠠᠭᠠᠨ ᠠᠷᠢᠭᠤᠨ ᠲᠦᠷᠦᠯᠬᠢᠳᠦ ᠵᠥᠩᠭᠢᠨ ᠬᠠᠲᠤᠨ ᠬᠣᠶᠠᠷ ᠤ᠋ᠨ ᠭᠡᠭᠡᠨ᠎ᠡ ᠵᠣᠯᠭᠠᠵᠤ ᠪᠦᠷ ᠦ᠋ᠨ ᠂
ᠠᠳᠠᠯᠢᠳᠬᠠᠰᠢ ᠦᠭᠡᠢ ᠪᠤᠶᠠᠨ ᠳ᠋ᠤ᠌ ᠳᠠᠯᠠᠢ ᠯᠠᠮᠠ ᠶ᠋ᠢᠨ ᠵᠠᠷᠯᠢᠭ ᠤ᠋ᠨ ᠪᠢᠴᠢᠭ ᠰᠢᠲᠦᠭᠡᠨ ᠦ᠌ ᠪᠡᠯᠡᠭ ᠬᠢᠭᠡᠳ ᠢ᠋ ᠂
ᠠᠷᠢᠭᠤᠨ ᠪᠤᠷᠬᠠᠨ ᠨᠣᠮ ᠸᠴᠢᠷ ᠲᠦ᠍ ᠵᠠᠩᠭᠢᠶ᠎ᠠ ᠲᠡᠷᠢᠭᠦᠲᠡᠨ ᠡᠯᠳᠡᠪ ᠡᠷᠳᠡᠨᠢᠰ ᠦ᠋ᠨ ᠪᠠᠯᠠᠩ ᠦ᠋ᠳ ᠢ᠋
ᠠᠪᠤᠭᠠᠳ ᠬᠠᠭᠠᠨ ᠬᠠᠲᠤᠨ ᠳ᠋ᠤᠷ ᠡᠷᠭᠦᠵᠦ ᠪᠠᠷᠢᠭᠠᠳ ᠥᠴᠢᠨ ᠠᠢᠯᠠᠳᠬᠠᠪᠠᠢ ᠃
ᠬᠠᠮᠤᠭ ᠢ᠋ ᠮᠡᠳᠡᠭᠴᠢ ᠳᠠᠯᠠᠢ ᠯᠠᠮᠠ ᠡᠨᠡ ᠵᠦᠭ ᠲᠦ᠍ᠷ ᠥᠭᠡᠳᠡ ᠪᠣᠯᠤᠶ᠎ᠠ ᠭᠡᠮᠡᠨ ᠨᠢᠭᠦᠯᠡᠰᠦᠭᠰᠡᠨ ᠢ᠋ ᠂
ᠭᠠᠢᠬᠠᠮᠰᠢᠭ᠋ ᠪᠢᠬᠠᠷ ᠬᠠᠭᠠᠨ ᠤᠳᠤᠷᠢᠭᠤᠯᠰᠤᠨ ᠦᠵᠦᠭᠦᠯᠦᠭᠰᠡᠨ ᠢ᠋ ᠂
ᠭᠠᠪᠢᠶ᠎ᠠ ᠲᠤ ᠪᠤᠷᠰᠠᠩ ᠬᠤᠸᠠᠷᠠᠭ ᠤ᠋ᠳ ᠪᠦᠭᠦᠳᠡᠭᠡᠷ ᠳ᠋ᠠᠮᠯᠠᠨ ᠵᠥᠪᠰᠢᠶᠡᠯᠳᠦᠭᠰᠡᠨ ᠢ᠋ ᠂
ᠬᠠᠭᠠᠨ ᠬᠠᠲᠤᠨ ᠡᠬᠢᠯᠡᠨ ᠬᠠᠮᠤᠭ ᠶᠡᠬᠡ ᠪᠠᠭ᠎ᠠ ᠨᠣᠶᠠᠳ ᠲᠤᠷ ᠪᠦᠷᠢᠨ ᠲᠡᠯᠭᠡᠷᠡᠩᠬᠦᠶᠡ ᠠᠢᠯᠠᠳᠬᠠᠭᠰᠠᠨ ᠲᠤᠷᠢ ᠂
ᠬᠣᠲᠠᠯᠠᠭᠠᠷ ᠬᠠᠭᠠᠨ ᠬᠠᠲᠤᠨ ᠬᠠᠮᠤᠭ ᠪᠦᠭᠦᠳᠡᠭᠡᠷ ᠪᠡᠶᠡᠰᠴᠦ ᠪᠦᠷᠦᠨ ᠂
— — — —
①ᠤᠯᠠᠭᠠᠨ ᠡᠷ᠎ᠡ ᠬᠤᠯᠤᠭᠠᠨ᠎ᠠ ᠵᠢᠯ ᠂ ᠸᠠᠨ ᠯᠢ ᠶ᠋ᠢᠨ ᠳᠥᠲᠥᠭᠡᠷ ᠣᠨ (1576 ᠣᠨ ) ᠃
ᠭᠤᠷᠪᠠᠨ ᠲᠦᠮᠡᠨ ᠡᠴᠡ ᠣᠷᠳᠣᠰ ᠤ᠋ᠨ ᠰᠡᠴᠡᠨ ᠨᠣᠶᠠᠨ᠂
ᠬᠠᠷᠠᠴᠢᠨ ᠤ᠋ ᠬᠥᠨᠳᠡᠯᠡᠨ ᠬᠠᠭᠠᠨ ①᠂ ᠶᠤᠩᠰᠢᠶᠠᠪᠤ ᠶ᠋ᠢᠨ ᠳᠠᠢᠴᠢᠩ ᠨᠣᠶᠠᠨ ᠡᠬᠢᠯᠡᠨ᠂
ᠬᠤᠷᠠᠵᠤ ᠴᠢᠭᠤᠯᠤᠭᠠᠳ ᠵᠥᠪᠰᠢᠶᠡᠯᠳᠦᠵᠦ ᠂ ᠴᠠᠪᠴᠢᠶᠠᠯ ᠤ᠋ᠨ ᠰᠦᠮ᠎ᠡ ᠳ᠋ᠦ᠍ᠷ ᠵᠣᠯᠭᠠᠬᠤ ᠪᠥᠭᠡᠰᠦ ᠂
ᠬᠣᠳᠣᠭ ᠲᠤ ᠳᠠᠯᠠᠢ ᠯᠠᠮᠠ ᠶ᠋ᠢ ᠤᠭᠲᠤᠭᠤᠯ ᠤ᠋ᠨ ᠪᠠᠰᠠ ᠪᠠᠷ ᠡᠨᠡ ᠡᠯᠴᠢᠰ ᠢ᠋ ᠤᠷᠢᠳ ᠶᠠᠪᠤᠭᠤᠯᠤᠷᠠ ᠬᠡᠮᠡᠯᠳᠦᠵᠦ ᠂
ᠨᠠᠩᠰᠤ ᠯᠠᠮᠠ ᠂ ᠳᠠᠶᠤᠨ ᠬᠢᠶ᠎ᠡ ᠬᠣᠶᠠᠷ ᠲᠤᠷ ᠵᠠᠷᠯᠢᠭ ᠤ᠋ᠨ ᠪᠢᠴᠢᠭ ᠰᠢᠲᠦᠭᠡᠨ ᠦ᠌ ᠪᠡᠯᠡᠭ ᠢ᠋ ᠂
ᠨᠡᠩ ᠦᠯᠡᠮᠵᠢ ᠵᠠᠭᠤᠨ ᠰᠢᠵᠢᠷ②ᠢ᠋ᠶ᠋ᠡᠷ ᠡᠭᠦᠳᠦᠭᠰᠡᠨ ᠠᠯᠲᠠᠨ ᠲᠠᠮᠠᠭ᠎ᠠ ᠬᠢᠭᠡᠳ ᠢ᠋ ᠂
ᠨᠠᠷᠢᠨ ᠢ᠋ᠶ᠋ᠠᠷ ᠬᠢᠭᠰᠡᠨ ᠪᠠᠶᠠᠨ ᠤ᠋ ᠬᠤᠪᠴᠠᠳ ᠂ ᠠᠯᠲᠠᠨ ᠮᠥᠩᠭᠥᠨ ᠡᠳ᠋ ᠲᠠᠸᠠᠷ ᠣᠯᠠᠨ ᠲᠣᠭᠠᠲᠠᠨ ᠢ᠋ ᠂
ᠨᠠᠰᠤᠳᠠ ᠱᠠᠰᠢᠨ ᠢ᠋ ᠰᠠᠬᠢᠭᠴᠢ ᠪᠢᠬᠠᠷ ᠬᠠᠭᠠᠨ ᠳ᠋ᠤᠷ ᠪᠠᠶᠠᠨ ᠤ᠋ ᠴᠢᠮᠡᠭ ᠲᠠᠮᠠᠭ᠎ᠠ ᠲᠡᠷᠢᠭᠦᠲᠡᠨ ᠪᠦᠷᠢᠨ᠎ᠡ ᠂
ᠪᠠᠷᠠᠮᠢᠳ ᠥᠭᠯᠢᠭᠡ ᠲᠡᠷᠢᠭᠦᠲᠡᠨ ᠢ᠋ ᠪᠦᠷᠢᠳᠬᠡᠵᠦ ᠡᠯᠴᠢᠰ ᠲᠣᠷ ᠢ᠋ᠶ᠋ᠠᠨ ᠥᠭᠭᠥᠭᠡᠳ ᠂
ᠪᠠᠶᠠᠰᠬᠤᠯᠠᠩ ᠲᠤ ᠬᠠᠭᠠᠨ ᠬᠠᠲᠤᠨ ᠡᠬᠢᠯᠡᠨ ᠶᠡᠬᠡ ᠪᠠᠭ᠎ᠠ ᠨᠣᠶᠠᠳ ᠪᠦᠭᠦᠳᠡᠭᠡᠷ ᠴᠢᠭᠤᠯᠤᠭᠠᠳ ᠂
— — — —
①ᠪᠠᠶᠠᠰᠬᠠᠯ ᠬᠥᠨᠳᠡᠯᠡᠨ ᠬᠠᠭᠠᠨ ᠪᠣᠯ ᠯᠦᠩ ᠴᠢᠩ ᠦ᠋ᠨ ᠵᠢᠷᠭᠤᠳᠤᠭᠠᠷ ᠣᠨ (1572 ) ᠲᠤ᠌ ᠨᠢᠭᠡᠨᠲᠡ ᠨᠠᠰᠤ ᠪᠠᠷᠠᠭᠰᠠᠨ ᠪᠢᠯᠡ ᠃ ᠡᠨᠡ ᠬᠦ᠌ ᠬᠥᠨᠳᠡᠯᠡᠨ ᠬᠠᠭᠠᠨ ᠭᠡᠳᠡᠭ ᠨᠢ ᠪᠠᠶᠠᠰᠬᠠᠯ ᠤ᠋ᠨ ᠠᠴᠢ ᠪᠠᠢᠬᠤᠨᠲᠠᠢ ᠪᠣᠯᠤᠨ᠎ᠠ ᠃ ᠬᠢᠲᠠᠳ ᠪᠢᠴᠢᠭ ᠲᠦ᠍ 白洪大 ᠭᠡᠵᠦ ᠪᠢᠴᠢᠳᠡᠭ ᠃ ᠠᠰᠠᠷᠠᠯᠲᠤ ᠠᠪᠤᠭᠠᠢ ᠶ᠋ᠢᠨ ᠣᠷᠴᠢᠭᠤᠯᠤᠭᠰᠠᠨ《 ᠮᠣᠩᠭᠣᠯ ᠤ᠋ᠨ ᠵᠠᠩ ᠰᠤᠷᠲᠠᠬᠤᠨ ᠤ᠋ ᠲᠡᠮᠳᠡᠭᠯᠡᠯ 》 ᠳ᠋ᠦ᠍ ᠡᠨᠡ 白洪大 ᠭᠡᠳᠡᠭ ᠢ᠋ ᠪᠤᠬᠤᠨᠲᠠᠢ ᠭᠡᠵᠦ ᠪᠢᠴᠢᠭᠰᠡᠨ ᠨᠢ ᠪᠤᠷᠤᠭᠤ ᠪᠣᠯᠪᠠ ᠃
②《 ᠮᠧᠩ ᠬᠦ᠌ ᠶᠤᠸᠠᠨ ᠯᠢᠦ ᠵᠢᠶᠠᠨ ᠵᠧᠩ 》 ᠭᠡᠳᠡᠭ ᠪᠢᠴᠢᠭ ᠲᠦ᠍ 《 ᠰᠢᠵᠢᠷ 》 ᠭᠡᠬᠦ ᠦᠭᠡ ᠶ᠋ᠢ ᠯᠠᠩ (两 ) ᠭᠡᠵᠦ ᠣᠷᠴᠢᠭᠤᠯᠵᠠᠢ ᠃ ᠡᠯᠳᠡᠩᠳᠠᠢ ᠠᠪᠤᠭᠠᠢ ᠶ᠋ᠢᠨ 《 ᠡᠷᠳᠡᠨᠢ ᠶ᠋ᠢᠨ ᠲᠣᠪᠴᠢ ᠳ᠋ᠠᠬᠢ ᠵᠠᠷᠢᠮ ᠨᠡᠷᠡᠰ ᠦᠭᠡᠰ ᠦ᠋ᠨ ᠲᠤᠬᠠᠢ 》 ᠭᠡᠬᠦ ᠰᠣᠨᠢᠷᠬᠠᠯᠲᠠᠢ ᠥᠭᠦᠯᠡᠯ ᠳ᠋ᠦ᠍ 《 ᠰᠢᠵᠢᠷ 》 ᠭᠡᠳᠡᠭ ᠪᠣᠯ ᠤᠢᠭᠤᠷ ᠬᠡᠯᠡᠨ ᠦ᠌sitir ᠭᠡᠬᠦ ᠦᠭᠡ ᠶ᠋ᠢ ᠠᠪᠢᠶᠠᠴᠢᠯᠠᠨ ᠬᠡᠷᠡᠭᠯᠡᠪᠡ ᠭᠡᠰᠡᠨ ᠪᠥᠭᠡᠳ ᠨᠢᠭᠡ ᠰᠢᠵᠢᠷ ᠪᠣᠯ ᠨᠢᠭᠡ ᠯᠠᠩ ᠬᠣᠶᠠᠷ ᠴᠢᠶᠠᠨ ᠨᠠᠢ᠍ᠮᠠᠨ ᠯᠢ ᠲᠡᠢ ᠲᠡᠩᠴᠡᠨ᠎ᠡ ᠭᠡᠵᠡᠢ ᠃
ᠪᠠᠷᠢᠮᠲᠠᠯᠠᠵᠤ ᠭᠤᠷᠪᠠᠨ ᠲᠦᠮᠡᠨ ᠤ ᠦᠭᠡ ᠪᠡᠯᠡᠭ ᠦ᠋ᠳ ᠢ᠋ ᠨᠢᠭᠡᠳᠬᠡᠭᠡᠳ ᠂
ᠪᠠᠰᠠ ᠪᠠᠷ ᠰᠲᠠᠭᠯᠦᠩ ᠨᠠᠩᠰᠤ ᠂ ᠳᠠᠶᠤᠨ ᠬᠢᠶ᠎ᠡ ᠬᠣᠶᠠᠷ ᠲᠤᠷ ᠲᠡᠭᠰᠢ ᠪᠡᠷ ᠵᠠᠬᠢᠷᠤᠭᠠᠳ ᠂
ᠰᠡᠢᠪᠠᠷ ᠣᠳᠤᠭᠰᠠᠨ ᠬᠠᠮᠤᠭ ᠪᠤᠷᠬᠠᠳ ᠤ᠋ᠨ ᠬᠤᠷᠢᠶᠠᠩᠭᠤᠢ ᠮᠥᠨ ᠴᠢᠨᠠᠷ ᠂
ᠰᠡᠴᠡᠯᠡᠯ ᠦᠭᠡᠢ ᠵᠴᠢᠷᠠ ᠳ᠋ᠾᠠᠷᠠ ᠯᠦ᠍ᠭᠡ ᠨᠢᠭᠡᠨ ᠴᠢᠨᠠᠷ ᠲᠤ᠌ ᠂
ᠰᠢᠭᠡᠮᠦᠨᠢ ᠶ᠋ᠢᠨ ᠱᠠᠰᠢᠨ ᠤ᠋ ᠢᠯᠭᠤᠭᠰᠠᠳ ᠤ᠋ᠨ ᠴᠢᠮᠡᠭ ᠢ᠋ ᠪᠠᠷᠢᠭᠴᠢ ᠂
ᠰᠠᠭᠠᠷᠠᠯ ᠦᠭᠡᠢ ᠨᠢᠭᠦᠯᠡᠰᠬᠦᠢ ᠨᠢᠳᠦᠪᠡᠷ ᠠᠮᠢᠲᠠᠨ ᠢ᠋ ᠦᠵᠡᠭᠴᠢ ᠂
ᠬᠠᠮᠤᠭ ᠠᠮᠢᠲᠠᠨ ᠤ᠋ ᠭᠠᠭᠴᠠᠬᠦ ᠢᠲᠡᠭᠡᠯ ᠦ᠋ᠨ ᠮᠥᠨ ᠴᠢᠨᠠᠷ ᠂
ᠬᠠᠢᠷᠠᠯᠠᠨ ᠨᠢᠭᠦᠯᠡᠰᠴᠦ ᠵᠠᠯᠠᠷᠠᠬᠤᠢ ᠵᠠᠷᠯᠢᠭ ᠢ᠋ ᠰᠣᠶᠣᠷᠬᠠᠭᠠᠳ ᠂
ᠬᠠᠷᠢᠨ ᠪᠠᠰᠠ ᠬᠤᠷᠳᠤᠨ᠎ᠠ ᠮᠠᠨᠤ ᠡᠯᠴᠢᠰ ᠢ᠋ ᠢᠯᠡᠭᠡᠭᠰᠡᠨ ᠵᠠᠷᠯᠢᠭ ᠢ᠋ᠶ᠋ᠠᠷ ᠂
ᠬᠠᠮᠤᠭ ᠢ᠋ᠶ᠋ᠠᠷ ᠪᠡᠶᠡᠰᠴᠦ ᠬᠣᠯᠠᠳᠠᠴᠠ ᠵᠠᠯᠪᠠᠷᠢᠨ ᠰᠥᠭᠥᠳᠪᠡ ᠪᠢᠳᠡ ᠃
ᠦᠵᠡᠭᠰᠡᠭᠡᠷ ᠲᠡᠭᠦᠯᠳᠡᠷ ᠲᠤᠰᠠ ᠲᠤ ᠶ᠋ᠢᠨ ᠵᠠᠷᠯᠢᠭ ᠢ᠋ᠶ᠋ᠠᠷ ᠪᠢᠳᠡ ᠪᠥᠭᠡᠳ ᠂
ᠦᠯᠦ ᠲᠦᠳᠡᠨ ᠴᠠᠪᠴᠢᠶᠠᠯ ᠤ᠋ᠨ ᠰᠦᠮ᠎ᠡ ᠳ᠋ᠦ᠍ᠷ ᠠᠳᠠᠴᠠ ᠮᠣᠷᠳᠠᠭᠠᠳ ᠂
ᠦᠬᠡᠷ ᠵᠢᠯ ᠳ᠋ᠦ᠍ᠷ ᠬᠠᠮᠤᠭ ᠢ᠋ᠶ᠋ᠠᠷ ᠤᠭ᠍ᠲᠤᠰᠤᠭᠠᠢ ᠪᠠ ᠪᠦᠷᠢᠨ ᠂
ᠦᠨᠡᠨ ᠮᠠᠭᠠᠳ ᠳᠡᠭᠡᠳᠦ ᠯᠠᠮᠠ ᠢᠨᠠᠭᠰᠢ ᠵᠠᠯᠠᠷᠠᠨ ᠰᠣᠶᠣᠷᠬᠠᠮᠤ ᠭᠡᠮᠡᠨ ᠥᠴᠢᠭᠲᠦᠨ ᠃
ᠤᠯᠠᠭᠠᠨ ᠬᠤᠯᠤᠭᠠᠨ᠎ᠠ ᠵᠢᠯ ᠦ᠋ᠨ ᠠᠷᠪᠠᠨ ᠨᠢᠭᠡᠨ ᠰᠠᠷ᠎ᠠ ᠳᠠ ᠮᠥᠨ ᠣᠨ ᠳ᠋ᠤᠷ ᠢᠨᠦ ᠂
ᠥᠲᠡᠯ ᠦᠭᠡᠢ ᠶᠠᠪᠤᠭᠤᠯᠪᠠᠢ ᠮᠥᠩᠬᠡ ᠭᠠᠵᠠᠷ᠎ᠠ ᠡᠯᠴᠢᠰ ᠢ᠋ᠶ᠋ᠡᠨ ᠵᠠᠬᠢᠷᠤᠭᠠᠳ ᠂
ᠦᠨᠡᠨ ᠳᠡᠭᠡᠳᠦ ᠭᠤᠷᠪᠠᠨ ᠡᠷᠳᠡᠨᠢᠰ ᠦ᠋ᠨ ᠢᠪᠡᠭᠡᠯ ᠦ᠋ᠨ ᠬᠦᠴᠦᠨ ᠢ᠋ᠶ᠋ᠡᠷ ᠂
ᠦᠯᠡᠮᠵᠢ ᠬᠤᠲᠤᠭ ᠲᠤ ᠳᠠᠯᠠᠢ ᠯᠠᠮᠠ ᠶ᠋ᠢᠨ ᠠᠳᠢᠰᠲᠢᠳ① ᠢ᠋ᠶ᠋ᠡᠷ ᠂
ᠲᠡᠭᠷᠢ ᠶ᠋ᠢᠨ ᠬᠥᠪᠡᠭᠦᠨ ᠠᠯᠲᠠᠨ ᠬᠠᠭᠠᠨ ᠤ᠋ ᠪᠤᠶᠠᠨ ᠤ᠋ ᠤᠴᠠᠷᠠᠯ ᠢ᠋ᠶ᠋ᠠᠷ ᠂
ᠲᠡᠷᠡ ᠡᠯᠴᠢᠰ ᠦᠬᠡᠷ ᠵᠢᠯ ᠦ᠋ᠨ ᠵᠢᠷᠭᠤᠭᠠᠨ ᠰᠠᠷ᠎ᠠ ᠬᠦᠷᠦᠭᠰᠡᠨ ᠢ᠋ᠶ᠋ᠡᠷ ᠂
ᠳᠠᠯᠠᠢ ᠯᠠᠮᠠ ᠶ᠋ᠢᠨ ᠭᠡᠭᠡᠨ᠎ᠡ ᠵᠠᠷᠯᠢᠭ ᠤ᠋ᠨ ᠪᠢᠴᠢᠭ ᠰᠢᠲᠦᠭᠡᠨ ᠦ᠌ ᠪᠡᠯᠡᠭ ᠦ᠋ᠳ ᠢ᠋ ᠡᠷᠭᠦᠵᠦ ᠂
ᠳᠡᠭᠡᠳᠦ ᠬᠠᠭᠠᠨ ᠤ᠋ ᠡᠷᠭᠦᠭᠰᠡᠨ ᠪᠤᠶᠠᠨ ᠢ᠋ ᠪᠤᠷᠰᠠᠩ ᠬᠤᠸᠠᠷᠠᠭ ᠤ᠋ᠳ ᠬᠤᠷᠠᠭᠰᠠᠳ ᠲᠤᠷ ᠬᠦᠷᠭᠡᠵᠦ ᠂
ᠴᠢᠭᠤᠯᠭᠠᠨ ᠤ᠋ ᠴᠠᠢ ᠲᠡᠷᠢᠭᠦᠲᠡᠨ ᠥᠭᠯᠢᠭᠡ ᠪᠠᠷᠠᠮᠢᠳ ᠢ᠋ ᠵᠡᠷᠭᠡ ᠪᠡᠷ ᠬᠠᠨᠳᠠᠯᠠᠨ ᠲᠦᠭᠡᠭᠡᠵᠦ ᠂
ᠴᠢᠬᠤᠯᠠ ᠬᠠᠮᠤᠭ ᠢ᠋ ᠮᠡᠳᠡᠭᠴᠢ ᠳᠠᠯᠠᠢ ᠯᠠᠮᠠ ᠳ᠋ᠤᠷ ᠬᠠᠭᠠᠨ ᠤ᠋ ᠵᠠᠷᠯᠢᠭ ᠢ᠋ ᠪᠦᠷᠢᠨ᠎ᠡ ᠠᠢᠯᠠᠳᠬᠠᠭᠰᠠᠨ ᠳ᠋ᠤᠷ ᠂
ᠴᠢᠨᠳᠠᠮᠤᠨᠢ ᠡᠷᠳᠡᠨᠢ ᠮᠡᠲᠦ ᠳᠠᠯᠠᠢ ᠯᠠᠮᠠ ᠵᠠᠷᠯᠢᠭ ᠪᠣᠯᠵᠤ ᠥᠭᠦᠯᠡᠷ ᠤᠨ :
《 ᠴᠢᠳᠠᠭᠴᠢ ᠶᠡᠬᠡ ᠬᠠᠭᠠᠨ ᠮᠢᠨᠦ ᠵᠠᠷᠯᠢᠭ ᠢ᠋ ᠪᠤᠰᠤ ᠦᠯᠦ ᠪᠣᠯᠭᠠᠨ ᠵᠥᠪᠰᠢᠶᠡᠭᠰᠡᠨ ᠪᠥᠭᠡᠰᠦ ᠂
ᠪᠢ ᠪᠡᠷ ᠲᠦᠳᠡᠯ ᠦᠭᠡᠢ ᠥᠭᠡᠳᠡ ᠪᠣᠯᠰᠤᠭᠠᠢ ! 》 ᠭᠡᠮᠡᠨ ᠨᠡᠪᠲᠡᠷᠬᠡᠶᠡ ᠵᠠᠷᠯᠢᠭ ᠪᠣᠯᠤᠭᠰᠠᠨ ᠳ᠋ᠤᠷ ᠂
— — — —
① ᠰᠠᠨᠰᠺᠷᠢᠲ ᠦᠭᠡ adisdit ᠦᠨ ᠠᠪᠢᠶᠠᠴᠢᠯᠠᠭᠰᠠᠨ ᠣᠷᠴᠢᠭᠤᠯᠬᠠ ᠂ ᠢᠪᠡᠭᠡᠯ ᠂ ᠢᠷᠦᠭᠡᠯ ᠭᠡᠰᠡᠨ ᠤᠳᠬ᠎ᠠ ᠲᠠᠢ ᠃
ᠪᠢᠱᠢᠷᠡᠯ ᠲᠤ ᠶᠠᠷᠯᠤᠩ ᠬᠠᠭᠠᠨ ①《 ᠲᠡᠷᠢᠭᠦᠲᠡᠨ ᠲᠥᠪᠡᠳ ᠦ᠋ᠨ ᠶᠡᠬᠡ ᠪᠠᠭ᠎ᠠ ᠨᠣᠶᠠᠳ ᠢᠷᠡᠵᠦ
ᠪᠢᠰᠢᠷᠡᠬᠦᠢ ᠰᠦᠰᠦᠯᠬᠦᠢ ᠪᠡᠷ ᠬᠤᠲᠤᠭ ᠲᠤ ᠳᠠᠯᠠᠢ ᠯᠠᠮᠠ ᠳ᠋ᠤᠷ ᠮᠥᠷᠭᠥᠵᠦ ᠥᠴᠢᠨ :
《 ᠪᠢᠯᠢᠭ ᠲᠤ ᠬᠠᠮᠤᠭ ᠢ᠋ ᠮᠡᠳᠡᠭᠴᠢ ᠳᠠᠯᠠᠢ ᠪᠠᠯᠮ᠎ᠠ ᠠᠢᠯᠠᠳ ᠤᠨ ᠰᠣᠶᠣᠷᠬᠠᠮᠤ ! 》 ᠭᠡᠮᠡᠨ ᠂
《 ᠢᠮᠠᠭᠲᠠ ᠬᠠᠮᠤᠭ ᠠᠮᠢᠲᠠᠨ ᠤ᠋ ᠢᠲᠡᠭᠡᠯ ᠬᠣᠩᠰᠢᠮ ᠪᠣᠳᠢᠰᠤᠩ ᠮᠥᠨ ᠪᠥᠭᠡᠳᠡᠯᠡ
ᠢᠯᠠᠩᠭᠤᠶ᠎ᠠ ᠮᠠᠨᠤ ᠲᠥᠪᠡᠳ ᠦ᠋ᠨ ᠣᠷᠣᠨ ᠤ᠋ ᠨᠣᠮᠣᠬᠠᠳᠬᠠᠬᠤᠢ ᠶᠣᠰᠣ ᠲᠤ ᠪᠦᠯᠦᠭᠡᠢ ᠂
ᠢᠲᠡᠭᠡᠯ ᠢᠯᠠᠭᠤᠭᠰᠠᠨ ᠦᠨᠳᠦᠰᠦᠨ ᠽᠣᠩᠭᠡᠪᠡ ᠪᠯᠠᠮ᠎ᠠ ᠬᠢᠭᠡᠳ ᠂
ᠢᠯᠡᠳᠡ ᠳᠡᠳ᠋ ᠳᠡᠳ᠋ ᠢ᠋ᠶ᠋ᠡᠷ ᠦᠨᠳᠦᠰᠦᠯᠡᠭᠰᠡᠨ ᠷᠭᠡᠨᠳᠦᠨ ᠷᠣᠪᠠᠪᠠ ② ᠂ ᠷᠭᠡᠨᠳᠦᠨ ᠵᠠᠮᠰᠤ ③ ᠳᠡᠭᠡᠳᠦ ᠲᠥᠷᠥᠯ ᠴᠢᠨᠦ ᠂
— — — —
① ᠲᠥᠪᠡᠳ ᠦ᠋ᠨ ᠫᠠᠭ᠍ᠮᠦ᠋ᠵᠸᠠ ( ᠬᠢᠲᠠᠳ ᠪᠢᠴᠢᠭ ᠲᠦ᠍ 帕木竹 ᠭᠡᠳᠡᠭ ) ᠸᠠᠩᠲᠤ ᠤᠯᠤᠰ ᠤ᠋ᠨ ᠠᠷᠪᠠᠨ ᠨᠢᠭᠡᠳᠦᠭᠡᠷ ᠦᠶ᠎ᠡ ᠶ᠋ᠢᠨ ᠸᠠᠩ ᠠᠭ᠍ᠸᠠᠩᠵᠠᠱᠢᠵᠠᠭ᠍ᠪᠠ ᠶ᠋ᠢ ᠬᠡᠯᠡᠨ᠎ᠡ ᠃ ᠲᠡᠢᠮᠢᠩ ᠤᠯᠤᠰ ᠲᠡᠭᠦᠨ ᠢ᠋ ᠴᠠᠨ ᠬᠤᠸᠠ ᠸᠠᠩ 阐化王 ᠭᠡᠵᠦ ᠡᠷᠭᠦᠮᠵᠢᠯᠡᠵᠡᠢ ᠃ ᠲᠡᠭᠦᠨ ᠦ᠌ ᠰᠠᠭᠤᠭᠠᠯᠢ ᠣᠷᠳᠣᠨ ᠨᠢ ᠶᠠᠷᠯᠤᠩ ᠤ᠋ᠨ ᠭᠠᠵᠠᠷ ᠪᠠᠢᠬᠤ ᠲᠤᠯᠠ ᠶᠠᠷᠯᠦᠩ ᠬᠠᠭᠠᠨ ᠭᠡᠳᠡᠭ ᠃
② ᠠᠩᠬᠠᠳᠤᠭᠠᠷ ᠲᠥᠷᠥᠯ ᠦ᠋ᠨ ᠳᠠᠯᠠᠢ ᠯᠠᠮᠠ ᠪᠣᠯᠤᠨ᠎ᠠ ᠃ 1391 ᠣᠨ ᠳ᠋ᠤ᠌ ᠮᠡᠨᠳᠦᠯᠡᠵᠦ ᠂ ᠠᠷᠪᠠᠨ ᠲᠠᠪᠤᠨ ᠨᠠᠰᠤᠨ᠎ᠠ ᠭᠡᠷ ᠡᠴᠡ ᠭᠠᠷᠴᠤ ᠂ ᠬᠣᠷᠢᠨ ᠨᠢᠭᠡᠨ ᠨᠠᠰᠤᠨᠡ ᠡᠮᠦᠨᠡᠲᠦ ᠲᠥᠪᠡᠳ ᠲᠦ᠍ ᠬᠦᠷᠴᠦ ᠰᠢᠷ᠎ᠠ ᠶ᠋ᠢᠨ ᠱᠠᠰᠢᠨ ᠢ᠋ ᠡᠭᠦᠳᠦᠭᠴᠢ ᠬᠥᠮᠦᠨ ᠴᠥᠩᠬᠡᠪᠡ ᠶ᠋ᠢ ᠪᠠᠭᠰᠢ ᠪᠠᠷᠢᠵᠤ ᠲᠡᠭᠦᠨ ᠦ᠌ ᠨᠠᠢ᠍ᠮᠠᠳᠤᠭᠠᠷ ᠶᠡᠬᠡ ᠱᠠᠪᠢ ᠪᠣᠯᠵᠠᠢ ᠃ 1419 ᠣᠨ ᠪᠣᠯᠬᠤ ᠳ᠋ᠤ᠌ ᠬᠣᠢᠲᠤ ᠲᠥᠪᠡᠳ ᠲᠦ᠍ ᠪᠤᠴᠠᠨ ᠢᠷᠡᠵᠦ ᠪᠠᠷᠠᠰᠢ ᠯᠣᠩᠪᠣ᠌ ᠰᠦᠮ᠎ᠡ ( ᠬᠢᠲᠠᠳ ᠪᠢᠴᠢᠭ ᠲᠦ᠍ 札什伦布寺 ᠭᠡᠳᠡᠭ ) ᠢ᠋ ᠪᠠᠢᠭᠤᠯᠤᠨ ᠰᠢᠷ᠎ᠠ ᠶ᠋ᠢᠨ ᠱᠠᠰᠢᠨ ᠢ᠋ ᠳᠡᠯᠭᠡᠷᠡᠭᠦᠯᠪᠡ ᠃ 1474 ᠣᠨ ᠳ᠋ᠤ᠌ ᠨᠠᠶᠠᠨ ᠳᠥᠷᠪᠡᠨ ᠨᠠᠰᠤᠨ᠎ᠠ ᠨᠥᠭᠴᠢᠵᠡᠢ ᠃
③ ᠬᠣᠶᠠᠳᠤᠭᠠᠷ ᠲᠥᠷᠥᠯ ᠦ᠋ᠨ ᠳᠠᠯᠠᠢ ᠯᠠᠮᠠ ᠃ 1475 ᠣᠨ ᠳ᠋ᠤ᠌ ᠮᠡᠨᠨᠳᠦᠯᠡᠪᠡ ᠃ ᠠᠷᠪᠠᠨ ᠨᠢᠭᠡᠨ ᠨᠠᠰᠤᠨ᠎ᠠ ᠪᠠᠷᠠᠰᠢ ᠯᠣᠩᠪᠣ᠌ ᠰᠤᠮ᠎ᠠ ᠳ᠋ᠤ᠌ ᠬᠦᠷᠴᠦ ᠲᠣᠢᠨ ᠪᠣᠯᠤᠭᠠᠳ ᠬᠣᠷᠢᠨ ᠨᠢᠭᠡᠨ ᠨᠠᠰᠤᠨ᠎ᠠ ᡀᠠᠰᠠ ᠶ᠋ᠢᠨ ᠵᠧᠪᠠᠩ ( ᠬᠢᠲᠠᠳ ᠪᠢᠴᠢᠭ ᠲᠦ᠍ ᠊哲蚌ᠭᠡᠨ᠎ᠡ ) ᠰᠦᠮ᠎ᠡ ᠳ᠋ᠦ᠍ ᠬᠦᠷᠴᠦ ᠨᠣᠮ ᠰᠤᠷᠪᠠ ᠃ ᠲᠡᠭᠦᠨ ᠦ᠌ ᠬᠣᠢᠨ᠎ᠠ ᠲᠥᠪᠡᠳ ᠦ᠋ᠨ ᠣᠯᠠᠨ ᠭᠠᠵᠠᠷ ᠢ᠋ᠶ᠋ᠠᠷ ᠶᠠᠪᠤᠵᠤ ᠱᠠᠰᠢᠨ ᠢ᠋ ᠰᠤᠷᠲᠠᠯᠴᠢᠯᠠᠪᠠ ᠃ ᠦᠳᠡᠯ᠎ᠡ ᠨᠠᠰᠤᠨ ᠤ᠋ ᠦᠶ᠎ᠡ ᠳ᠋ᠦ᠍ ᠵᠢᠪᠠᠩ ᠰᠦᠮ᠎ᠡ᠂ ᠰᠸᠷᠠ ᠰᠦᠮ᠎ᠡ (色抆寺 ) ᠵᠡᠷᠭᠡ ᠶ᠋ᠢ ᠡᠷᠬᠢᠯᠡᠪᠡ ᠃ 1542 ᠣᠨ ᠳ᠋ᠤ᠌ ᠵᠢᠷᠠᠨ ᠳᠣᠯᠣᠭᠠᠨ ᠨᠠᠰᠤᠨ᠎ᠠ ᠨᠥᠭᠴᠢᠪᠡ ᠃
ᠡᠨᠡ ᠲᠥᠪᠡᠳ ᠦ᠋ᠨ ᠣᠷᠣᠨ ᠢ᠋ ᠨᠢᠭᠦᠯᠡᠰᠦᠨ ᠪᠠᠷᠢᠵᠤ ᠥᠷᠥᠰᠢᠶᠡᠭᠴᠢ ᠪᠥᠯᠦᠭᠡᠢ ᠂
ᠡᠷᠬᠡᠲᠦ ᠪᠤᠷᠬᠠᠨ ᠤ᠋ ᠱᠠᠰᠢᠨ ᠢ᠋ ᠨᠠᠷᠠᠨ ᠮᠡᠲᠦ ᠳᠡᠯᠭᠡᠷᠡᠭᠦᠯᠵᠦ ᠰᠠᠭᠤᠨ ᠪᠥᠯᠥᠭᠡ ᠂
ᠡᠷᠭᠢᠨ ᠪᠣᠭᠳᠠ ᠲᠡᠳᠡᠨ ᠦ᠌ ᠶᠣᠰᠣᠭᠠᠷ ᠡᠨᠳᠡ ᠰᠠᠭᠤᠵᠤ ᠠᠮᠢᠲᠠᠨ ᠢ᠋ ᠳᠡᠭᠵᠢᠭᠦᠯᠦᠨ ᠰᠣᠶᠣᠷᠬ᠎ᠠ !
ᠡᠨᠡᠷᠢᠩᠭᠦᠢ ᠨᠢᠭᠦᠯᠡᠰᠬᠦᠢ ᠪᠡᠷ ᠮᠠᠨᠤ ᠠᠢᠯᠠᠳᠬᠠᠭᠰᠠᠨ ᠢ᠋ ᠪᠤᠰᠤ ᠦᠯᠦ ᠪᠣᠯᠭᠠᠨ ᠰᠣᠶᠣᠷᠬ᠎ᠠ ! 》
《 ᠲᠡᠷᠡ ᠮᠣᠩᠭᠣᠯ ᠤ᠋ᠨ ᠣᠷᠣᠨ ᠨᠣᠮ ᠦᠭᠡᠢ ᠬᠢᠵᠠᠭᠠᠷ ᠪᠤᠷᠬᠠᠨ ᠦᠭᠡᠢ ᠬᠠᠷᠠᠩᠭᠤᠢ ᠭᠠᠵᠠᠷ᠎ᠠ ᠂
ᠲᠡᠨᠳᠡ ᠬᠥᠮᠦᠨ ᠦ᠌ ᠮᠢᠬ᠎ᠠ ᠢᠳᠡᠵᠦ ᠴᠢᠰᠤᠨ ᠤᠭᠤᠵᠤ ᠶᠠᠪᠤᠭᠴᠢ ᠣᠯᠠᠨ ᠪᠤᠶᠤ ᠃
ᠲᠡᠭᠦᠪᠡᠷ ᠬᠥᠮᠦᠨ ᠪᠤᠰᠤ ᠶ᠋ᠢᠨ ᠣᠷᠣᠨ ᠳ᠋ᠤᠷ ᠠᠳᠠᠯᠢ ᠪᠤᠶᠤ ! ᠶᠠᠭᠠᠬᠢᠨ ᠥᠭᠡᠳᠡ ᠪᠣᠯᠤᠮᠤᠢ ?
ᠲᠡᠭᠦᠨ ᠦ᠌ ᠲᠤᠯᠠ ᠪᠡᠶ᠎ᠡ ᠪᠡᠷ ᠨᠣᠮᠣᠬᠠᠳᠬᠠᠤᠶᠠ ᠮᠠᠰᠢ ᠪᠡᠷᠬᠡ ᠪᠤᠶᠤ ᠢ ᠡ !
ᠰᠡᠳᠬᠢᠯ ᠢ᠋ᠶ᠋ᠡᠷ ᠬᠣᠲᠠᠯᠠ ᠳ᠋ᠠᠴᠠ ᠨᠢᠭᠦᠯᠡᠰ ᠦ᠋ᠨ ᠰᠡᠳᠬᠢᠭᠳᠡᠬᠦᠢ ! 》 ᠭᠡᠮᠡᠨ ᠥᠴᠢᠭᠰᠡᠨ ᠳ᠋ᠦ᠍ᠷ ᠂
ᠰᠡᠴᠡ ᠬᠠᠮᠤᠭ ᠢ᠋ ᠮᠡᠳᠡᠭᠴᠢ ᠦᠵᠡᠭᠰᠡᠭᠡᠷ ᠲᠤᠰᠠ ᠳ᠋ᠤ᠌ ᠳᠠᠯᠠᠢ ᠪᠯᠠᠮ᠎ᠠ ᠪᠠᠷ ᠂
ᠰᠠᠬᠠᠷᠠᠯ ᠦᠭᠡᠢ ᠲᠡᠳᠡᠨ ᠦ᠌ ᠠᠢᠯᠠᠳᠬᠠᠭᠰᠠᠨ ᠢ᠋ ᠬᠠᠷᠢᠭᠤ ᠵᠠᠷᠯᠢᠭ ᠪᠣᠯᠤᠷᠤᠨ :
《 ᠰᠠᠢᠨ ᠢᠷᠦᠭᠡᠯ ᠦ᠋ᠨ ᠬᠦᠴᠦ ᠪᠡᠷ ᠡᠩ ᠤᠷᠢᠳᠠ ᠬᠠᠭᠠᠨ ᠪᠢᠳᠡ ᠬᠣᠶᠠᠭᠤᠯᠠ ᠂
ᠤᠴᠠᠷᠠᠯᠳᠤᠵᠤ ᠵᠡᠭᠦᠨ ᠡᠲᠡᠭᠡᠳ ᠪᠤᠷᠬᠠᠨ ᠤ᠋ ᠱᠠᠰᠢᠨ ᠳ᠋ᠤᠷ ᠪᠢ ᠲᠠᠬᠢᠯ ᠤ᠋ᠨ ᠣᠷᠣᠨ ᠪᠣᠯᠵᠤ ᠂
ᠦᠯᠡᠮᠵᠢ ᠶᠡᠬᠡ ᠬᠠᠭᠠᠨ ᠥᠭᠯᠢᠭᠡ ᠶ᠋ᠢᠨ ᠡᠵᠡᠨ ᠪᠣᠯᠵᠤ ᠡᠷᠭᠦᠮᠵᠢᠯᠡᠨ ᠬᠦᠨᠳᠦᠯᠡᠵᠦ ᠂
ᠦᠷᠭᠦᠯᠵᠢᠳᠡ ᠵᠡᠭᠦᠨ ᠡᠲᠡᠭᠡᠳ ᠬᠠᠷᠠᠩᠭᠤᠢ ᠭᠠᠵᠠᠷ᠎ᠠ ᠱᠠᠰᠢᠨ ᠢ᠋ ᠳᠡᠯᠭᠡᠷᠡᠬᠦ ᠶ᠋ᠢᠨ ᠢᠷᠦᠭᠡᠯ ᠪᠥᠯᠥᠭᠡ ᠂
ᠦᠯᠦ ᠢᠳᠬᠠᠨ ᠵᠥᠪᠰᠢᠶᠡᠷᠡᠨ ᠲᠤᠰᠠᠯᠠᠪᠠᠰᠤ ᠮᠠᠨᠤ ᠲᠠᠩᠭᠢᠬᠷᠢᠬᠯᠠᠭᠰᠠᠨ ᠠᠴᠢ ᠠᠨᠤ ᠲᠡᠷᠡ ᠪᠤᠶᠤ !》 ᠬᠡᠮᠡᠪᠡ ᠃
ᠪᠠᠰᠠ ᠱᠠᠰᠢᠨ ᠢ᠋ ᠰᠠᠬᠢᠭᠴᠢ ᠶᠡᠬᠡ ᠬᠠᠭᠠᠨ ᠢ᠋ ᠪᠡᠷ ᠂
ᠪᠢᠬᠠᠷ ᠢ᠋ ᠬᠥᠮᠦᠨ ᠦ᠌ ᠪᠡᠶ᠎ᠡ ᠳ᠋ᠦ᠍ᠷ ᠤᠷᠢᠵᠤ ᠣᠷᠣᠭᠤᠯᠤᠭᠠᠳ ᠂
ᠪᠢᠰᠢᠯᠭᠠᠵᠤ ᠥᠭᠡᠳᠡ ᠪᠣᠯᠬᠤ ᠶ᠋ᠢᠨ ᠤᠴᠢᠷ ᠢ᠋ ᠳᠠᠪᠲᠠᠨ ᠠᠰᠠᠭᠤᠭᠰᠠᠨ ᠳ᠋ᠤᠷ ᠂
《ᠪᠢᠯᠢᠭ ᠲᠤ ᠳᠠᠯᠠᠢ ᠪᠯᠠᠮ᠎ᠠ ᠮᠣᠩᠭᠣᠯ ᠤ᠋ᠨ ᠭᠠᠵᠠᠷ᠎ᠠ ᠰᠠᠬᠠᠷᠠᠯ ᠦᠭᠡᠢ ᠥᠭᠡᠳᠡ ᠪᠣᠯᠪᠠᠰᠤ ᠂
ᠪᠤᠷᠬᠠᠨ ᠤ᠋ ᠱᠠᠰᠢᠨ ᠢ᠋ ᠠᠬᠤᠢ ᠶᠡᠬᠡᠳᠡ ᠳᠡᠯᠭᠡᠷᠡᠭᠦᠯᠦᠮᠦᠢ !
ᠪᠤᠷᠤᠭᠤ ᠶᠠᠪᠤᠳᠠᠯ ᠲᠠᠨ ᠢ᠋ ᠤᠳᠤᠷᠢᠳᠤᠮᠤᠢ !
ᠪᠤᠳᠤᠩᠭᠤᠢ ᠨᠢᠰᠸᠠᠨᠢᠰ ① ᠤ᠋ᠨ ᠬᠠᠷᠠᠩᠭᠤᠢ ᠶ᠋ᠢ ᠨᠠᠷᠠᠨ ᠮᠡᠲᠦ ᠭᠡᠢᠭᠦᠯᠦᠮᠦᠢ !
ᠪᠣᠭᠳᠠ ᠴᠢᠮᠠᠯᠤᠬᠡ ᠪᠢ ᠨᠥᠬᠥᠴᠡᠰᠦ ! ᠳᠥᠷᠪᠡᠯ ᠦᠭᠡᠢ ᠥᠭᠡᠳᠡ ᠪᠣᠯ ! 》 ᠬᠡᠮᠡᠪᠡᠢ ᠃
ᠲᠡᠭᠦᠨ ᠦ᠌ ᠬᠣᠢᠨ᠎ᠠ ᠬᠤᠲᠤᠭ ᠲᠤ᠌ ᠳᠠᠯᠠᠢ ᠯᠠᠮᠠ ᠵᠣᠣ ᠰᠢᠭᠡᠮᠦᠨᠢ ᠬᠢᠭᠡᠳ
ᠲᠠᠬᠢᠯ ᠤ᠋ᠨ ᠰᠢᠲᠦᠭᠡᠨ ᠬᠠᠮᠤᠭ ᠬᠡᠢᠳ ᠰᠦᠮ᠎ᠡ ᠳ᠋ᠦ᠍ᠷ ᠦᠯᠡᠮᠵᠢ ᠲᠠᠬᠢᠯ ᠢ᠋ ᠡᠷᠭᠦᠭᠡᠳ ᠂
— — — —
①ᠰᠠᠨᠰᠺᠷᠢᠲ nisranaᠦᠭᠡ ᠶ᠋ᠢᠨ ᠣᠯᠠᠨ ᠲᠣᠭ᠎ᠠ ᠪᠣᠯᠤᠨ᠎ᠠ ᠃
ᠲᠡᠨᠳᠡᠴᠡ ᠥᠭᠡᠳᠡ ᠪᠣᠯᠵᠤ ᠮᠤᠷᠤᠰ ᠨᠡᠷᠡᠲᠦ ᠭᠠᠵᠠᠷ᠎ᠠ ᠬᠦᠷᠴᠦ ᠢᠷᠡᠭᠡᠳ ᠳᠠᠷᠤᠢ ᠳ᠋ᠤᠷ ᠂
ᠲᠡᠭᠰᠢ ᠬᠠᠮᠤᠭ ᠢ᠋ ᠮᠡᠳᠡᠭᠴᠢ ᠳᠠᠯᠠᠢ ᠪᠠᠯᠮ᠎ᠠ ᠡᠯᠴᠢᠰ ᠢ᠋ᠶ᠋ᠡᠨ ᠢᠯᠡᠭᠡᠪᠡᠢ ᠮᠣᠩᠭᠣᠯ ᠤ᠋ᠨ ᠬᠠᠭᠠᠨ ᠳ᠋ᠤᠷ ᠃
ᠰᠢᠷ᠎ᠠ ᠳᠠᠯ᠎ᠠ ᠨᠡᠷᠡᠲᠦ ᠭᠠᠵᠠᠷ᠎ᠠ ᠬᠦᠷᠴᠦ ᠲᠡᠷᠡ ᠡᠯᠴᠢᠰ ᠢᠨᠦ᠂
ᠰᠢᠯᠤᠭᠤᠨ ᠪᠣᠳᠢᠰᠠᠲᠤ ᠠᠯᠲᠠᠨ ᠬᠠᠭᠠᠨ ᠳ᠋ᠤᠷ ᠠᠭᠤᠯᠵᠠᠭᠠᠳ ᠥᠴᠢᠷᠦᠨ :
《ᠰᠢᠯᠲᠠᠭᠠᠨ ᠬᠠᠮᠤᠭ ᠢ᠋ ᠮᠡᠳᠡᠭᠴᠢ ᠬᠤᠲᠤᠭᠲᠤ ᠳᠠᠯᠠᠢ ᠯᠠᠮᠠ ᠥᠭᠡᠳᠡ ᠪᠣᠯᠵᠤ ᠢᠷᠡᠭᠡᠳ ᠂
ᠰᠢᠮᠳᠠᠵᠤ ᠶᠡᠬᠡ ᠬᠠᠭᠠᠨ ᠤ᠋ ᠠᠮᠤᠭᠤᠯᠠᠩ ᠢ᠋ ᠠᠰᠠᠭᠤᠨ ᠮᠠᠨᠢ ᠢᠯᠡᠭᠡᠪᠡᠢ 》 ᠭᠡᠮᠡᠨ ᠠᠢᠯᠠᠳᠬᠠᠭᠰᠠᠨ ᠳ᠋ᠤᠷ ᠂
ᠲᠡᠭᠷᠢ ᠶ᠋ᠢᠨ ᠬᠥᠪᠡᠭᠦᠨ ᠰᠦᠷ ᠶᠡᠬᠡᠲᠦ ᠭᠡᠭᠡᠨ ᠠᠯᠲᠠᠨ ᠬᠠᠭᠠᠨ ᠂
ᠲᠡᠩᠰᠡᠯ ᠦᠭᠡᠢ ᠪᠤᠶᠠᠨᠲᠤ ᠳᠠᠯᠠᠢ ᠪᠯᠠᠮ᠎ᠠ ᠶ᠋ᠢᠨ ᠢᠷᠡᠭᠰᠡᠨ ᠢ᠋ ᠰᠣᠨᠣᠰᠤᠭᠠᠳ ᠂
ᠳᠡᠭᠡᠳᠦ ᠪᠢᠰᠢᠷᠡᠯ ᠲᠤ ᠰᠦᠰᠦᠭ ᠢ᠋ᠶ᠋ᠡᠷ ᠮᠠᠰᠢᠳᠠ ᠪᠠᠶᠠᠰᠤᠭᠠᠳ ᠂
ᠳᠠᠷᠤᠢ ᠳ᠋ᠤᠷ ᠤᠭᠲᠤᠭᠤᠯ ᠨᠣᠶᠠᠳ ᠲᠦᠰᠢᠮᠡᠳ ᠢ᠋ᠶ᠋ᠡᠨ ᠢᠯᠡᠭᠡᠪᠡᠢ ᠦᠳᠲᠡᠷ ᠪᠥᠭᠡᠳ ᠃
ᠣᠷᠳᠣᠰ ᠲᠦᠮᠡᠨ ᠡᠴᠡ ᠰᠡᠴᠡᠨ ᠬᠣᠩ ᠲᠠᠢᠵᠢ①᠂ ᠰᠡᠴᠡᠨ ᠳᠠᠢᠴᠢᠩ ②᠂ ᠦᠵᠡᠩ ᠵᠣᠩᠳᠣᠯᠠᠢ ③ ᠡᠬᠢᠯᠡᠨ ᠂
ᠣᠬᠢ ᠲᠦᠮᠡᠨ ᠡᠴᠡ ᠨᠠᠮᠤᠲᠠᠢ ᠰᠡᠴᠡᠨ ᠬᠣᠩ ᠲᠠᠢᠵᠢ ④᠂ ᠳᠠᠶᠤᠨ ᠨᠣᠶᠠᠳ ⑤᠂ ᠪᠠᠶᠠᠭᠤᠳ ᠨᠣᠶᠠᠨ ⑥ ᠂ ᠳᠠᠢᠴᠢᠩ ᠡᠵᠡᠢ ᠡᠬᠢᠯᠡᠨ ᠂
— — — —
①ᠡᠮᠦᠨ᠎ᠡ ᠬᠡᠰᠡᠭ ᠲᠦ᠍ ᠭᠠᠷᠤᠭᠰᠠᠨ ᠰᠡᠴᠡᠨ ᠨᠣᠶᠠᠨ ᠢ᠋ ᠬᠡᠯᠡᠨ᠎ᠡ ᠂ ᠪᠠᠰᠠ ᠬᠤᠲᠤᠭᠲᠠᠢ ᠰᠡᠴᠡᠨ ᠬᠣᠩ ᠲᠠᠢᠵᠢ ᠭᠡᠳᠡᠭ ᠃
②ᠰᠡᠴᠡᠨ ᠳᠠᠢᠴᠢᠩ ᠭᠡᠳᠡᠭ ᠨᠢ ᠮᠡᠷᠭᠡᠨ ᠵᠢᠨᠦᠩ ᠦ᠋ᠨ ᠠᠴᠢ ᠪᠤᠷᠰᠠᠢ ᠰᠡᠴᠡᠨ ᠳᠠᠢᠴᠢᠩ ᠤ᠋ᠨ ᠳᠥᠭᠥᠮᠴᠢᠯᠡᠭᠰᠡᠨ ᠳᠠᠭᠤᠳᠠᠯᠭ᠎ᠠ ᠪᠣᠯᠤᠨ᠎ᠠ ᠃ ᠪᠠᠰᠠ ᠪᠣᠷᠰᠠᠢ ᠬᠠᠳᠠᠨ ᠪᠠᠭᠠᠲᠤᠷ ᠭᠡᠳᠡᠭ ᠃ 《 ᠡᠷᠳᠡᠨᠢ ᠶ᠋ᠢᠨ ᠲᠣᠪᠴᠢ 》 ᠳ᠋ᠤ᠌ ᠲᠡᠮᠳᠡᠭᠯᠡᠭᠰᠡᠨ ᠢ᠋ ᠦᠨᠳᠦᠰᠦᠯᠡᠪᠡᠯ ᠂ ᠪᠤᠷᠰᠠᠢ ᠰᠡᠴᠡᠨ ᠳᠠᠢᠴᠢᠩ ᠪᠣᠯ ᠭᠤᠷᠪᠠᠨ ᠬᠦᠷᠵᠡ ᠶ᠋ᠢ ᠨᠡᠪᠲᠡ ᠬᠠᠷᠪᠤᠬᠤ ᠮᠡᠷᠭᠡᠨ ᠬᠠᠷᠪᠤᠭᠠᠴᠢ ᠶᠤᠮ ᠭᠡᠨ᠎ᠡ ᠃
③ᠮᠡᠷᠭᠡᠨ ᠵᠢᠨᠦᠩ ᠦ᠋ᠨ ᠠᠴᠢ ᠪᠠᠵᠠᠷᠠ ᠥᠵᠡᠩ ᠨᠣᠶᠠᠨ ᠤ᠋ ᠬᠥᠪᠡᠭᠦᠨ ᠃
④ᠡᠮᠦᠨ᠎ᠡ ᠭᠠᠷᠤᠭᠰᠠᠨ ᠨᠠᠮᠤᠲᠠᠢ ᠰᠡᠴᠡᠨ ᠨᠣᠶᠠᠨ ᠃
⑤ᠳᠠᠶᠤᠨ ᠨᠣᠶᠠᠨ ᠭᠡᠪᠡᠯ ᠵᠦᠢ ᠲᠡᠢ ᠂ ᠳᠠᠶᠤᠨ ᠬᠠᠭᠠᠨ ᠤ᠋ ᠳᠥᠲᠥᠭᠡᠷ ᠬᠥᠪᠡᠭᠦᠨ ᠠᠷᠰᠤ ᠪᠣᠯᠣᠳ ᠤ᠋ᠨ ᠠᠴᠢ ᠂ ᠪᠠᠰᠠ ᠳᠠᠶᠤᠨ ᠬᠣᠩ ᠲᠠᠢᠵᠢ ᠭᠡᠳᠡᠭ ᠃ 《 ᠮᠣᠩᠭᠣᠯ ᠤ᠋ᠨ ᠵᠠᠩ ᠰᠤᠷᠲᠠᠬᠤᠨ ᠤ᠋ ᠲᠡᠮᠳᠡᠭᠯᠡᠯ 》 (北虏风俗 ) ᠳ᠋ᠦ᠍ 歹稚黄台吉 ᠭᠡᠳᠡᠭ ᠃ ᠡᠭᠦᠨ ᠳ᠋ᠦ᠍ 稚 ᠦᠰᠦᠭ ᠨᠢ 雅 ᠦᠰᠦᠭ ᠦ᠋ᠨ ᠡᠨᠳᠡᠭᠦᠷᠡᠯ ᠪᠣᠯᠤᠨ᠎ᠠ ᠃ ᠠᠰᠠᠷᠠᠯᠲᠤ ᠠᠪᠤᠭᠠᠢ ᠡᠨᠡ ᠪᠢᠴᠢᠭ ᠢ᠋ ᠮᠣᠩᠭᠣᠯᠴᠢᠯᠠᠬᠤ ᠳ᠋ᠠᠭᠠᠨ歹稚黄台吉 ᠭᠡᠰᠡᠨ ᠢ᠋ ᠳ᠋ᠠᠢᠴᠢ ᠬᠣᠩ ᠲᠠᠢᠵᠢ ᠭᠡᠵᠦ ᠡᠨᠳᠡᠭᠦᠦ ᠣᠷᠴᠢᠭᠤᠯᠵᠠᠢ ᠃
⑥ ᠠᠯᠲᠠᠨ ᠬᠠᠭᠠᠨ ᠤ᠋ ᠬᠣᠶᠠᠳᠤᠭᠠᠷ ᠬᠥᠪᠡᠭᠦᠨ ᠪᠤᠶᠠᠨ ᠲᠠᠢᠵᠢ ᠶ᠋ᠢᠨ ᠬᠥᠪᠡᠭᠦᠨ ᠃ ᠪᠠᠶᠠᠭᠤᠳ ᠠᠢᠮᠠᠭ ᠢ᠋ ᠮᠡᠳᠡᠵᠦ ᠰᠠᠭᠤᠭᠰᠠᠨ ᠤ᠋ ᠲᠤᠯᠠ ᠪᠠᠶᠠᠭᠤᠳ ᠨᠣᠶᠠᠨ ᠭᠡᠬᠦ ᠪᠤᠶᠤ ᠪᠠᠰᠠ ᠪᠠᠶᠠᠭᠤᠳ ᠪᠠᠭᠠᠲᠤᠷ ᠲᠠᠢᠵᠢ ᠭᠡᠳᠡᠭ ᠃
ᠣᠨᠴᠠᠯᠠᠵᠤ ᠶᠤᠩᠰᠢᠶᠠᠪᠤ ᠶ᠋ᠢᠨ ᠬᠠᠷᠠᠴᠢᠨ ᠠ᠋ᠴᠠ ᠪᠠᠷᠠᠬᠤ ᠰᠡᠴᠡᠨ ᠳᠠᠢᠴᠢᠩ ᠲᠠᠢᠵᠢ ① ᠲᠡᠷᠢᠭᠦᠯᠡᠨ ᠂
ᠤᠯᠠᠮ ᠤᠯᠠᠮ ᠵᠡᠷᠭᠡ ᠪᠡᠷ ᠳᠠᠪᠬᠤᠷᠯᠠᠵᠤ ᠤᠭᠲᠤᠭᠤᠯ ᠤ᠋ᠨ ᠢᠯᠡᠭᠡᠪᠡᠢ ᠃
ᠡᠳᠡᠭᠡᠷ ᠨᠣᠶᠠᠳ ᠰᠠᠢᠳ ᠲᠦᠰᠢᠮᠡᠳ ᠬᠣᠲᠠᠯᠠ ᠪᠦᠭᠦᠳᠡᠭᠡᠷ ᠢ᠋᠂
ᠡᠷᠳᠡᠨᠢ ᠠᠯᠲᠠᠨ ᠮᠥᠩᠭᠥᠨ ᠮᠠᠨᠳᠠᠯ ᠲᠡᠷᠢᠭᠦᠲᠡᠨ ᠪᠦᠷᠢᠨ ᠢ᠋ ᠂
ᠡᠮᠡᠭᠡᠯ ᠬᠠᠵᠠᠭᠠᠷ ᠠᠯᠲᠠᠨ ᠢ᠋ᠶ᠋ᠠᠷ ᠬᠢᠭᠰᠡᠨ ᠢ᠋ ᠮᠣᠷᠢᠨ ᠳ᠋ᠤᠷ ᠲᠣᠬᠣᠵᠤ ᠂
— — — —
①ᠠᠯᠲᠠᠨ ᠬᠠᠭᠠᠨ ᠤ᠋ ᠳᠡᠭᠦᠦ ᠪᠤᠵᠢᠳᠠᠷᠠ ᠣᠳᠬᠣᠨ ᠲᠠᠢᠵᠢ ᠶ᠋ᠢᠨ ᠠᠴᠢ ᠃
ᠡᠳ᠋ ᠲᠠᠸᠠᠷ ᠣᠯᠠᠨ ᠪᠡᠯᠡᠭ ᠪᠠᠷᠠᠮᠢᠳ ᠢ᠋ ᠥᠭᠴᠦ ᠤᠭᠲᠤᠭᠤᠯᠪᠠᠢ ᠣᠯᠠᠨ ᠵᠦᠢᠯ ᠢ᠋ ᠃
ᠳᠠᠷᠤᠢ ᠳ᠋ᠤᠷ ᠤᠷᠢᠳᠠᠬᠢ ᠤᠭᠲᠤᠭᠤᠯ ᠬᠠᠯᠠᠭᠤᠨ ᠤᠰᠤᠨ ᠨᠡᠷᠡᠲᠦ ᠭᠠᠵᠠᠷ᠎ᠠ① ᠬᠦᠷᠴᠦ ᠂
ᠲᠡᠭᠦᠨ ᠡᠴᠡ ᠳᠤᠮᠳᠠᠳᠤ ᠤᠭᠲᠤᠭᠤᠯ ᠭᠦᠨ ᠡᠷᠭᠢ ᠨᠡᠷᠡᠲᠦ ᠭᠠᠵᠠᠷ᠎ᠠ② ᠬᠦᠷᠴᠦ ᠂
ᠲᠡᠨᠳᠡᠴᠡ ᠰᠡᠭᠦᠯ ᠦ᠋ᠨ ᠤᠭᠲᠤᠭᠤᠯ ᠬᠠᠯᠠᠭᠤᠨ ᠤᠰᠤᠨ ᠨᠡᠷᠡᠲᠦ③ ᠭᠠᠵᠠᠷ᠎ᠠ ᠬᠦᠷᠴᠦ ᠂
ᠲᠡᠭᠰᠢ ᠬᠠᠮᠤᠭ ᠢ᠋ ᠮᠡᠳᠡᠭᠴᠢ ᠳᠠᠯᠠᠢ ᠯᠠᠮᠠ ᠶ᠋ᠢᠨ ᠭᠡᠭᠡᠨ᠎ᠡ ᠪᠡᠯᠡᠭ ᠦ᠋ᠳ ᠢ᠋ᠶ᠋ᠡᠨ ᠡᠷᠭᠦᠭᠡᠳ ᠮᠥᠷᠭᠥᠨ ᠥᠴᠢᠪᠡᠢ :
《 ᠠᠮᠢᠲᠠᠨ ᠤ᠋ ᠬᠡᠷᠡᠭᠯᠡᠬᠦᠢ ᠲᠠᠭᠠᠯᠠᠯ ᠤ᠋ᠨ ᠬᠦᠰᠡᠯ ᠢ᠋ ᠬᠠᠩᠭᠠᠭᠴᠢ ᠴᠣᠭᠲᠤ ᠂
ᠠᠯᠢᠮᠠᠳ ᠬᠣᠶᠠᠷ ᠬᠥᠯ ᠲᠠᠨ ᠤ᠋ ᠡᠷᠭᠢᠨ ④ ᠬᠠᠮᠤᠭ ᠡᠷᠳᠡᠮ ᠦ᠋ᠨ ᠮᠥᠨ ᠴᠢᠨᠠᠷᠲᠤ᠂
ᠠᠯᠢᠨ ᠳ᠋ᠤᠷ ᠠᠯᠢᠨ ᠢ᠋ ᠲᠡᠭᠦᠨ ᠢ᠋ᠶ᠋ᠡᠷ ᠲᠤᠰᠠᠯᠠᠭᠴᠢ ᠬᠤᠪᠢᠯᠭᠠᠨ ᠪᠡᠶᠡᠲᠦ᠂
ᠠᠯᠳᠠᠷᠰᠢᠭᠰᠠᠨ ᠢᠲᠡᠭᠡᠯ ᠪᠤᠶᠠᠨ ᠳ᠋ᠤ᠌ ᠳᠠᠯᠠᠢ ᠯᠠᠮᠠ ᠲᠡᠷᠢᠭᠦᠯᠡᠨ ᠬᠤᠸᠠᠷᠠᠭ ᠤ᠋ᠳ ᠪᠦᠭᠦᠳᠡ ᠳ᠋ᠦ᠍ᠷ ᠂
— — — —
①ᠬᠥᠬᠡ ᠨᠠᠭᠤᠷ ᠮᠣᠵᠢ ᠶ᠋ᠢᠨ ᠮᠠ᠋ ᠳ᠋ᠦᠸᠧ ᠰᠢᠶᠠᠨ (玛多县 ) ᠤ᠋ ᠬᠢᠵᠠᠭᠠᠷ ᠳᠣᠲᠣᠷ᠎ᠠ ᠪᠣᠢ ᠃
② ᠬᠠᠯᠠᠭᠤᠨ ᠤᠰᠤᠨ ᠠ᠋ᠴᠠ ᠵᠡᠭᠦᠨ ᠬᠣᠢᠰᠢ ᠪᠠᠢᠨ᠎ᠠ ᠃ ᠬᠢᠲᠠᠳ ᠪᠢᠴᠢᠭ ᠲᠦ᠍ ᠬᠠ ᠡᠯ ᠵᠶ᠋ᠢ ᠳᠠᠪᠠᠭ᠎ᠠ (哈尔吉岭 ) ᠭᠡᠨ᠎ᠡ ᠃
③ᠬᠥᠬᠡ ᠨᠠᠭᠤᠷ ᠮᠣᠵᠢ ᠶ᠋ᠢᠨ ᠰᠢᠩ ᠬᠠᠢ ᠰᠢᠶᠠᠨ (兴海县 ) ᠤ᠋ ᠬᠢᠵᠠᠭᠠᠷ ᠳᠣᠲᠣᠷ᠎ᠠ ᠪᠣᠢ ᠃ ᠡᠳᠦᠭᠡ ᠦᠨ ᠴᠢᠦᠸᠠᠨ (温泉 ) ᠭᠡᠨ᠎ᠡ ᠃ ④ᠪᠤᠷᠬᠠᠨ ᠪᠠᠭᠰᠢ ᠶ᠋ᠢᠨ ᠡᠷᠭᠦᠮᠵᠢᠯᠡᠭᠰᠡᠨ ᠨᠡᠷ᠎ᠡ ᠂ ᠬᠢᠲᠠᠳ ᠪᠢᠴᠢᠭ ᠲᠦ᠍ 二足尊 ᠭᠡᠳᠡᠭ ᠂ ᠡᠨᠡ ᠨᠢ ᠬᠥᠮᠦᠨ ᠠᠮᠢᠲᠠᠨ ᠤ᠋ ᠳᠣᠲᠣᠷ᠎ᠠ ᠬᠠᠮᠤᠭ ᠤ᠋ᠨ ᠡᠷᠬᠢᠮ ᠳᠡᠭᠡᠳᠦ ᠭᠡᠰᠡᠨ ᠤᠳᠬ᠎ᠠ ᠲᠠᠢ ᠃
ᠠᠶᠠᠭ ᠰᠠ ᠲᠡᠬᠢᠮᠯᠢᠭ① ᠪᠤᠷᠰᠠᠩ ᠬᠤᠸᠠᠷᠠᠭ ᠤ᠋ᠳ ᠤ᠋ᠨ ᠠᠢᠮᠠᠭ ᠬᠣᠲᠠᠯᠠ ᠪᠠᠷ ᠂
ᠠᠮᠢᠲᠠᠨ ᠤ᠋ ᠲᠤᠰᠠ ᠶ᠋ᠢ ᠡᠨᠡᠷᠢᠨ ᠰᠡᠳᠬᠢᠵᠦ ᠡᠨᠡ ᠵᠦᠭ ᠳᠠᠬᠢᠨ ᠢ᠋ ᠨᠢᠭᠦᠯᠡᠰᠴᠦ ᠂
ᠠᠯᠵᠢᠶᠠᠯ ᠦᠭᠡᠢ ᠠᠮᠤᠭᠤᠯᠠᠩ ᠨᠤᠲᠠ ᠵᠣᠬᠢᠰᠲᠠᠶᠠ ᠪᠠᠷ ᠂
ᠠᠶ᠎ᠠ ᠡᠨᠡ ᠵᠦᠭ ᠲᠦ᠍ᠷ ᠲᠦᠷᠪᠡᠯ ᠦᠭᠡᠢ ᠥᠭᠡᠳᠡ ᠪᠣᠯᠵᠤ ᠢᠷᠪᠡᠭᠦ ? 》 ᠭᠡᠮᠡᠨ ᠥᠴᠢᠪᠡᠰᠦ ᠂
ᠬᠠᠮᠤᠭ ᠢ᠋ ᠮᠡᠳᠡᠭᠴᠢ ᠳᠠᠯᠠᠢ ᠯᠠᠮᠠ ᠡᠢᠨ ᠭᠡᠮᠡᠨ ᠵᠠᠷᠯᠢᠭ ᠪᠣᠯᠤᠷᠤᠨ:
《 ᠭᠠᠢᠬᠠᠮᠰᠢᠭ᠋ ᠭᠤᠷᠪᠠᠨ ᠡᠷᠳᠡᠨᠢ ᠶ᠋ᠢᠨ ᠢᠪᠡᠭᠡᠯ ᠢ᠋ᠶ᠋ᠡᠷ ᠠᠮᠤᠭᠤᠯᠠᠩ ᠢ᠋ᠶ᠋ᠠᠷ ᠢᠷᠡᠪᠡ ᠪᠢᠳᠡ ᠂
ᠬᠠᠭᠠᠨ ᠬᠠᠲᠤᠨ ᠡᠬᠢᠯᠡᠨ ᠶᠡᠬᠡ ᠪᠠᠭ᠎ᠠ ᠨᠣᠶᠠᠳ ᠠᠮᠤᠭᠤᠯᠠᠩ ᠠᠪᠠ ᠊ᠢ ᠠ ? 》
ᠬᠠᠮᠲᠤ ᠵᠣᠯᠭᠠᠯᠳᠤᠵᠤ ᠠᠮᠤᠭᠤᠯᠠᠩ ᠢ᠋ᠶ᠋ᠠᠨ ᠠᠰᠠᠭᠤᠯᠴᠠᠭᠰᠠᠨ ᠤ᠋ ᠬᠣᠢᠨ᠎ᠠ ᠪᠠᠰ ᠊ᠢ ᠠ ᠬᠦ᠌ ᠂
ᠳᠠᠯᠠᠢ ᠯᠠᠮᠠ ᠵᠠᠷᠯᠢᠭ ᠪᠣᠯᠵᠤ ᠳᠠᠶᠤᠨ ᠬᠢᠶ᠎ᠡ ᠂ ᠪᠣᠨᠪᠣ ᠰᠢᠳᠢᠩ ᠬᠡᠯᠡᠮᠦᠷᠴᠢ ᠬᠣᠶᠠᠷ ᠢ᠋ ᠂
《 ᠳᠡᠭᠡᠳᠦ ᠶᠡᠬᠡ ᠬᠠᠭᠠᠨ ᠳ᠋ᠤᠷ ᠬᠦᠷᠴᠦ ᠮᠢᠨᠦ ᠵᠠᠷᠯᠢᠭ ᠢ᠋ ᠡᠢᠨ ᠠᠢᠯᠠᠳᠬ᠎ᠠ !
ᠲᠠᠭᠠᠯᠠᠯ ᠢ᠋ᠶ᠋ᠠᠷ ᠪᠢᠳᠡ ᠬᠣᠶᠠᠷ ᠤ᠋ᠨ ᠵᠣᠯᠭᠠᠯᠳᠤᠬᠤ ᠶ᠋ᠢᠨ ᠪᠡᠯᠡᠭ ᠮᠢᠨᠦ ᠂
ᠲᠠᠪᠤᠨ ᠰᠠᠷ᠎ᠠ ᠶ᠋ᠢᠨ ᠠᠷᠪᠠᠨ ᠲᠠᠪᠤᠨ᠎ᠠ ᠰᠠᠢᠨ ᠡᠳᠦᠷ ᠵᠣᠯᠭᠠᠯᠳᠤᠬᠤ ᠤᠴᠢᠷ ᠪᠤᠶᠤ ! 》 ᠭᠡᠮᠡᠨ ᠢᠯᠡᠭᠡᠪᠡᠢ ᠃
— — — —
① ᠪᠠᠰᠠ ᠲᠡᠬᠢᠮᠯᠢᠭ ᠠᠶᠠᠭ᠎ᠠ ᠪᠤᠶᠤ ᠪᠠᠳᠢᠷ ᠠᠶᠠᠭ᠎ᠠ ᠭᠡᠳᠡᠭ ᠃ ᠤᠤᠯ ᠤᠳᠬ᠎ᠠ ᠨᠢ ᠯᠠᠮᠠ ᠬᠤᠸᠠᠷᠠᠭ ᠨᠠᠷ ᠥᠭᠯᠢᠭᠡ ᠴᠠᠪ ᠢ᠋ ᠬᠦᠯᠢᠶᠡᠨ ᠠᠪᠬᠤ ᠠᠶᠠᠭ᠎ᠠ ᠰᠠᠪᠠ ᠶ᠋ᠢ ᠬᠡᠯᠡᠨ᠎ᠡ ᠃ ᠬᠣᠵᠢᠮ ᠯᠠᠮᠠ ᠬᠤᠸᠠᠷᠠᠭ ᠢ᠋ ᠵᠢᠭᠠᠬᠤ ᠪᠣᠯᠵᠠᠢ ᠃
ᠢᠯᠡᠭᠡᠭᠰᠡᠨ ᠡᠯᠴᠢᠰ ᠨᠢᠨᠦ ᠢᠷᠡᠭᠡᠳ ᠬᠠᠭᠠᠨ ᠤ᠋ ᠭᠡᠭᠡᠨ ᠳ᠋ᠦ᠍ᠷ᠂
ᠢᠯᠡᠳᠡ ᠬᠤᠲᠤᠭ ᠲᠤ ᠳᠠᠯᠠᠢ ᠯᠠᠮᠠ ᠶ᠋ᠢᠨ ᠵᠠᠷᠯᠢᠭ ᠢ᠋ ᠪᠦᠷᠢᠨ᠎ᠡ ᠠᠢᠯᠠᠳᠬᠠᠭᠰᠠᠨ ᠳ᠋ᠤᠷ ᠂
ᠢᠮᠠᠭᠲᠠ ᠬᠠᠭᠠᠨ ᠬᠠᠲᠤᠨ ᠲᠡᠷᠢᠭᠦᠲᠡᠨ ᠶᠡᠬᠡ ᠤᠯᠤᠰ ᠢ᠋ᠶ᠋ᠠᠷ ᠵᠥᠪᠰᠢᠶᠡᠵᠦ ᠪᠦᠷ ᠦ᠋ᠨ ᠂
ᠢᠯᠠᠩᠭᠤᠶ᠎ᠠ ᠤ᠌ᠤ ᠪᠠᠷᠰ ᠵᠢᠯ ① ᠦ᠋ᠨ ᠲᠠᠪᠤᠨ ᠰᠠᠷ᠎ᠠ ᠶ᠋ᠢᠨ ᠠᠷᠪᠠᠨ ᠲᠠᠪᠤᠨ᠎ᠠ ᠰᠠᠢᠨ ᠡᠳᠦᠷ ᠲᠣᠷ ᠂
ᠬᠥᠬᠡ ᠨᠠᠭᠤᠷ ᠤ᠋ᠨ ᠵᠡᠭᠦᠨ ᠡᠲᠡᠭᠡᠳ ᠴᠠᠪᠴᠢᠶᠠᠯ ᠤ᠋ᠨ ᠰᠦᠮ᠎ᠡ ᠶ᠋ᠢᠨ ᠪᠠᠷᠠᠭᠤᠨ ᠡᠲᠡᠭᠡᠳ ᠂
ᠬᠦᠨᠳᠦᠯᠡᠵᠦ ᠬᠠᠮᠤᠭ ᠢ᠋ ᠮᠡᠳᠡᠭᠴᠢ ᠪᠤᠶᠠᠨ ᠲᠤ ᠳᠠᠯᠠᠢ ᠯᠠᠮᠠ ᠪᠯᠠᠮ᠎ᠠ ᠪᠰᠦ᠋ᠨᠳᠡᠨ᠋ᠮ ᠷᠠᠬᠪ ② ᠤ᠋ᠨ ᠬᠤᠪᠢᠯᠭᠠᠨ ᠂
ᠬᠦᠰᠡᠬᠦ ᠮᠡᠲᠦ ᠬᠠᠮᠤᠭ ᠪᠤᠷᠰᠠᠩ ᠬᠤᠸᠠᠷᠠᠭ ᠤ᠋ᠳ ᠯᠣᠬ᠎ᠠ ᠬᠣᠲᠠᠯᠠ ᠪᠦᠭᠦᠳᠡᠭᠡᠷ ᠲᠣᠷ ᠂
ᠬᠦᠷᠴᠦ ᠨᠣᠮ ᠠᠯᠲᠠᠨ ᠬᠠᠭᠠᠨ ᠵᠥᠩᠭᠢᠨ ᠬᠠᠲᠤᠨ ᠲᠡᠷᠢᠭᠦᠲᠡᠨ ᠲᠠᠪᠤᠨ ᠥᠩᠭᠡ ᠤᠯᠤᠰ ᠢ᠋ᠶ᠋ᠠᠷ
ᠣᠷᠣᠢ ᠶ᠋ᠢᠨ ᠴᠢᠮᠡᠭ ᠬᠤᠲᠤᠭ ᠲᠤ ᠳᠠᠯᠠᠢ ᠯᠠᠮᠠ ᠶ᠋ᠢᠨ ᠸᠴᠢᠷᠲᠤ ᠬᠥᠯ ᠦ᠋ᠨ ᠥᠯᠮᠡᠢ ᠳ᠋ᠦ᠍ᠷ ᠂
ᠦᠨᠡᠮᠯᠡᠬᠦᠢ ᠴᠢᠩ ᠪᠢᠰᠢᠷᠡᠯ ᠢ᠋ᠶ᠋ᠡᠷ ᠮᠥᠷᠭᠥᠵᠦ ᠪᠦᠷ ᠦ᠋ᠨ ᠳᠠᠬᠢᠭᠠᠳ ᠂
ᠦᠷᠭᠦᠯᠵᠢᠳᠡ ᠣᠯᠠᠨ ᠵᠦᠢᠯ ᠳ᠋ᠦ᠍ ᠪᠠᠷᠠᠮᠢᠳ ᠢ᠋ ᠡᠷᠭᠦᠵᠦ ᠪᠠᠷᠢᠭᠠᠳ ᠠᠢᠯᠠᠳᠬᠠᠪᠠᠢ :
— — — —
① ᠰᠢᠷ᠎ᠠ ᠡᠷ᠎ᠡ ᠪᠠᠷᠰ ᠵᠢᠯ ᠂ ᠸᠠᠨ ᠯᠢ ᠶ᠋ᠢᠨ ᠵᠢᠷᠭᠤᠳᠤᠭᠠᠷ ᠣᠨ (1578 ᠣᠨ ) ᠃
② ᠭᠤᠲᠠᠭᠠᠷ ᠳᠠᠯᠠᠢ ᠯᠠᠮᠠ ᠪᠰᠦ᠋ᠨᠳᠡᠨ᠋ᠮ ᠷᠬᠢᠨᠮᠰᠤ ᠶ᠋ᠢᠨ ᠨᠣᠮ ᠤ᠋ᠨ ᠪᠠᠭᠰᠢ ᠶ᠋ᠢᠨ ᠨᠡᠷ᠎ᠡ ᠃
《ᠬᠠᠮᠤᠭ ᠢ᠋ ᠮᠡᠳᠡᠭᠴᠢ ᠬᠤᠲᠤᠭ ᠲᠤ᠌ ᠳᠠᠯᠠᠢ ᠯᠠᠮᠠ ᠡᠬᠢᠯᠡᠨ ᠬᠣᠲᠣᠯᠠ ᠪᠠᠷ ᠂
ᠬᠠᠯᠠᠭᠠᠷ ᠪᠤᠷᠰᠠᠩ ᠬᠤᠸᠠᠷᠠᠭ ᠤ᠋ᠳ ᠤ᠋ᠨ ᠠᠢᠮᠠᠭ ᠪᠦᠭᠦᠳᠡᠭᠡᠷ ᠂
ᠬᠠᠷᠢᠯ ᠮᠢᠲᠠᠯ ᠦᠭᠡᠢ ᠪᠣᠭᠳᠠ ᠰᠡᠳᠬᠢᠯ ᠢ᠋ᠶ᠋ᠡᠨ ᠦᠯᠦ ᠠᠯᠵᠠᠶᠠᠨ ᠶᠡᠷᠦ ᠪᠡᠷ ᠂
ᠬᠠᠮᠤᠭ ᠠᠮᠢᠲᠠᠨ ᠤ᠋ ᠲᠤᠰᠠ ᠶ᠋ᠢ ᠰᠡᠳᠬᠢᠵᠦ ᠠᠮᠤᠭᠤᠯᠠᠩ 》 ᠭᠡᠮᠡᠨ ᠥᠵᠢᠪᠡᠰᠦ ᠪᠡᠷ ᠂
ᠠᠰᠠᠩᠭᠢ ① ᠭᠤᠷᠪᠠᠨ ᠬᠡᠯᠡᠪ ② ᠨᠤᠭᠤᠳ ᠲᠤᠷ ᠂
ᠠᠷᠢᠭᠤᠨ ᠬᠣᠶᠠᠷ ᠴᠢᠭᠤᠯᠭᠠᠨ ᠢ᠋ ᠲᠡᠭᠦᠰᠦᠭᠰᠡᠨ ᠂
ᠠᠷᠢᠶ᠎ᠠ ᠠᠢᠯᠤᠬᠢᠳᠠ ᠰᠤᠸᠠᠷᠢ ᠶ᠋ᠢᠨ ᠬᠤᠪᠢᠯᠭᠠᠨ ᠂
ᠠᠳᠠᠯᠢᠳᠬᠠᠰᠢ ᠦᠭᠡᠢ ᠪᠤᠶᠠᠨ ᠳ᠋ᠤ᠌ ᠳᠠᠯᠠᠢ ᠪᠯᠠᠮ᠎ᠠ ᠵᠠᠷᠯᠢᠭ ᠪᠣᠯᠤᠷ ᠤᠨ:
《 ᠳ᠋ᠡᠭᠡᠳᠦ ᠭᠤᠷᠪᠠᠨ ᠡᠷᠳᠡᠨᠢᠰ ᠦ᠋ᠨ ᠢᠪᠡᠭᠡᠯ ᠢ᠋ᠶ᠋ᠡᠷ ᠂
ᠳᠡᠩᠰᠡᠯ ᠦᠭᠡᠢ ᠪᠤᠷᠬᠠᠨ ᠤ᠋ ᠱᠠᠰᠢᠨ ᠢ᠋ ᠳᠡᠯᠭᠡᠷᠡᠭᠦᠯᠬᠦ ᠶ᠋ᠢᠨ ᠲᠤᠯᠠ ᠂
— — — —
① ᠰᠠᠨᠰᠺᠷᠢᠲ ᠦᠭᠡ ᠂ ᠲᠣᠭᠠᠯᠠᠰᠢ ᠦᠭᠡᠢ ᠭᠡᠬᠦ ᠤᠳᠬ᠎ᠠ ᠲᠠᠢ ᠃
② ᠰᠠᠨᠰᠺᠷᠢᠲ ᠦᠭᠡ Kalpa ᠭᠡᠳᠡᠭ ᠦ᠋ᠨ ᠠᠪᠢᠶᠠᠴᠢᠯᠠᠭᠰᠠᠨ ᠣᠷᠴᠢᠭᠤᠯᠭ᠎ᠠ ᠂ ᠲᠣᠭᠠᠯᠠᠰᠢ ᠦᠭᠡᠢ ᠤᠷᠲᠤ ᠴᠠᠭ ᠤ᠋ᠨ ᠨᠢᠭᠡᠴᠢ ᠪᠣᠯᠤᠨ᠎ᠠ ᠃ ᠪᠤᠷᠬᠠᠨ ᠱᠠᠰᠢᠨ ᠤ᠋ ᠪᠢᠴᠢᠭ ᠲᠦ᠍ ᠲᠠᠢᠯᠪᠤᠷᠢᠯᠠᠨ ᠥᠭᠦᠯᠡᠭᠰᠡᠨ ᠨᠢ ᠂ ᠳᠥᠴᠢᠨ ᠭᠠᠵᠠᠷ ᠤ᠋ᠨ ᠳᠥᠷᠪᠡᠯᠵᠢᠨ ᠬᠣᠲᠠᠨ ᠳ᠋ᠤᠷ ᠭᠠᠢᠮᠤ ᠶ᠋ᠢᠨ ᠦᠷ᠎ᠡ ᠶ᠋ᠢ ᠳᠦᠭᠦᠷᠭᠡᠵᠦ ᠂ ᠭᠤᠷᠪᠠᠨ ᠵᠢᠯ ᠦ᠋ᠨ ᠳᠣᠲᠣᠷ᠎ᠠ ᠨᠢᠭᠡᠨ ᠮᠥᠬᠥᠯᠢᠭ ᠦᠷ᠎ᠡ ᠠᠪᠴᠤ ᠂ ᠡᠨᠡ ᠮᠡᠲᠦᠴᠢᠯᠡᠨ ᠲᠡᠷᠡ ᠭᠠᠢᠮᠤ ᠶ᠋ᠢᠨ ᠦᠷ᠎ᠡ ᠶ᠋ᠢ ᠪᠦᠭᠦᠳᠡ ᠶ᠋ᠢ ᠠᠪᠴᠤ ᠳᠠᠭᠤᠰᠬᠠᠭᠰᠠᠨ ᠴᠠᠭ ᠢ᠋ ᠨᠢᠭᠡᠨ ᠥᠴᠦᠬᠡᠨ ᠭᠠᠯᠠᠪ ᠬᠡᠮᠡᠮᠦᠢ ᠃ ᠡᠨᠡ ᠮᠡᠲᠦ ᠬᠣᠷᠢᠨ ᠥᠴᠦᠬᠡᠨ ᠭᠠᠯᠠᠪ ᠢ᠋ ᠨᠢᠭᠡᠨ ᠳᠤᠮᠳᠠ ᠭᠠᠯᠠᠪ ᠭᠡᠳ ᠂ ᠳᠥᠷᠪᠡᠨ ᠳᠤᠮᠳᠠ ᠭᠠᠯᠠᠪ ᠢ᠋ ᠨᠢᠭᠡᠨ ᠶᠡᠬᠡ ᠭᠠᠯᠠᠪ ᠭᠡᠨ᠎ᠡ ᠃
ᠳᠡᠯᠡᠰᠬᠦᠢ ᠠᠯᠵᠢᠶᠠᠬᠤᠢ ᠲᠡᠷᠢᠭᠦᠲᠡᠨ ᠡᠰᠡ ᠪᠣᠯᠤᠭᠠᠳ ᠂
ᠲᠡᠭᠰᠢ ᠠᠮᠤᠭᠤᠯᠠᠩ ᠢ᠋ᠶ᠋ᠠᠷ ᠵᠣᠯᠭᠠᠯᠳᠤᠪᠠ ᠪᠢᠳᠡ 》ᠭᠡᠮᠡᠨ ᠵᠠᠷᠯᠢᠭ ᠪᠣᠯᠤᠭᠰᠠᠨ ᠳ᠋ᠤᠷ ᠂
ᠥᠭᠯᠢᠭᠡ ᠶ᠋ᠢᠨ ᠡᠵᠡᠨ ᠲᠠᠬᠢᠯ ᠤ᠋ᠨ ᠣᠷᠣᠨ ᠬᠣᠶᠠᠷ ᠤᠴᠠᠷᠠᠯᠳᠤᠪᠠᠢ !
ᠦᠷᠭᠦᠯᠵᠢ ᠮᠠᠰᠢ ᠰᠡᠳᠬᠡᠯ ᠦ᠋ᠨ ᠲᠠᠭᠠᠯᠠᠯ ᠠᠨᠤ ᠨᠠᠢᠷᠠᠯᠳᠤᠪᠠᠢ !
ᠦᠯᠡᠮᠵᠢ ᠮᠠᠰᠢ ᠪᠠᠶᠠᠰᠬᠤᠯᠠᠩ ᠳ᠋ᠤ᠌ ᠨᠣᠮ ᠬᠤᠷᠢᠮ ᠤ᠋ᠳ ᠢ᠋ᠶ᠋ᠠᠷ ᠴᠡᠩᠭᠡᠯᠳᠦᠪᠡᠢ !
ᠦᠵᠡᠭᠰᠡᠨ ᠪᠠ ᠰᠣᠨᠣᠰᠤᠭᠰᠠᠨ ᠠᠮᠢᠲᠠᠨ ᠪᠠᠶᠠᠰᠤᠯᠴᠠᠵᠤ ᠭᠠᠢᠬᠠᠯᠳᠤᠪᠠᠢ !
ᠲᠡᠷᠡ ᠤᠴᠢᠷ ᠲᠤᠷ ᠬᠠᠭᠠᠨ ᠤ᠋ ᠪᠡᠶ᠎ᠡ ᠥᠴᠦᠬᠡᠨ ᠬᠠᠯᠠᠭᠤᠨ ᠪᠣᠯᠤᠭᠰᠠᠨ ᠳ᠋ᠤᠷ ᠂
ᠲᠡᠭᠦᠨ ᠢ᠋ ᠠᠢᠯᠠᠳᠬᠠᠬᠤ ᠶ᠋ᠢᠨ ᠲᠤᠯᠠ ᠬᠠᠮᠤᠭ ᠢ᠋ ᠮᠡᠳᠡᠭᠴᠢ ᠳᠠᠯᠠᠢ ᠯᠠᠮᠠ ᠪᠠᠷ ᠂
ᠳᠠᠷᠤᠢ ᠳ᠋ᠤ᠌ ᠴᠠᠭᠯᠠᠰᠢ ᠦᠭᠡᠢ ᠪᠦᠲᠦᠭᠰᠡᠨ ᠡᠬᠡ ᠬᠠᠲᠤᠨ ᠤ᠋ ᠠᠪᠢᠰᠢᠭ᠌ ① ᠰᠣᠶᠣᠷᠬᠠᠪᠠᠢ ᠃
ᠲᠠᠭᠠᠨ ᠪᠠᠰᠠ ᠪᠤᠰᠤ ᠠᠮᠤᠷᠠᠯᠢᠩᠭᠤᠢ ᠳᠡᠯᠭᠡᠷᠡᠩᠭᠦᠶᠡ ᠡᠷᠬᠡ ᠳᠣᠭᠰᠢᠨ ᠳᠥᠷᠪᠡᠨ ᠦᠢᠯᠡᠰ ᠦ᠋ᠨ ᠠᠪᠢᠰᠢᠭ᠌ ᠥᠭᠴᠦ ᠂
ᠬᠠᠷᠢᠶᠠᠯ ᠬᠢᠭᠡᠳ ᠵᠡᠳᠬᠡᠷ ᠬᠠᠷᠢᠭᠤᠯᠬᠤ ᠶ᠋ᠢᠨ ᠲᠤᠯᠠ ᠂
① ᠰᠠᠨᠰᠺᠷᠢᠲ ᠦᠭᠡ abhicheka ᠶ᠋ᠢᠨ ᠠᠪᠢᠶᠠᠴᠢᠯᠠᠭᠰᠠᠨ ᠣᠷᠴᠢᠭᠤᠯᠠᠨᠠ ᠃ ᠮᠣᠩᠭᠣᠯ ᠰᠤᠳᠤᠷ ᠲᠤ᠌ ᠪᠠᠰᠠ ᠠᠪᠠᠰᠢᠭ᠌ ᠪᠤᠶᠤ ᠠᠪᠰᠢᠭ᠌ ᠭᠡᠵᠦ ᠪᠢᠴᠢᠳᠡᠭ ᠃ ᠪᠤᠷᠬᠠᠨ ᠱᠠᠰᠢᠨ ᠤ᠋ ᠨᠢᠭᠡᠨ ᠵᠦᠢᠯ ᠦ᠋ᠨ ᠶᠣᠰᠣᠯᠠᠯ ᠢ᠋ ᠬᠡᠯᠡᠨ᠎ᠡ ᠃ ᠡᠨᠡ ᠶᠣᠰᠣᠯᠠᠯ ᠳ᠋ᠤ᠌ ᠠᠷᠢᠭᠤᠨ ᠤᠰᠤᠨ ᠢ᠋ᠶ᠋ᠠᠷ ᠲᠡᠷᠢᠭᠦᠨ ᠢ᠋ ᠷᠠᠰᠢᠶᠠᠯᠠᠬᠤ ᠲᠤᠯᠠ ᠬᠢᠲᠠᠳ ᠪᠢᠴᠢᠭ ᠲᠦ᠍ 潘顶 ᠭᠡᠨ᠎ᠡ ᠃
ᠬᠠᠮᠤᠭ ᠨᠣᠮ ᠢ᠋ ᠳᠡᠭᠵᠢᠭᠦᠯᠦᠭᠴᠢ ᠰᠠᠬᠢᠭᠤᠯᠰᠤᠳ ᠤ᠋ᠨ ᠰᠡᠳᠬᠢᠯ ᠢ᠋ ᠬᠠᠩᠭᠠᠭᠤᠯᠤᠨ ᠂
ᠭᠠᠪᠢᠶ᠎ᠠ ᠲᠤᠰᠠᠲᠤ ᠭᠡᠨᠵᠤᠷ ᠰᠡᠳᠡᠨᠵᠤᠷ ᠲᠡᠷᠢᠭᠦᠲᠡᠨ ᠬᠠᠮᠤᠭ ᠨᠣᠮ ᠤ᠋ᠳ ᠢ᠋ ᠳᠠᠭᠤᠷᠢᠰᠬᠠᠭᠠᠳ ᠂
ᠭᠠᠢᠬᠠᠮᠰᠢᠭ᠋ ᠲᠡᠭᠦᠰ ᠥᠬᠢᠨ ᠲᠡᠭᠷᠢ ᠶ᠋ᠢᠨ ᠭᠳ᠋ᠤᠷᠮᠠ ① ᠣᠷᠬᠢᠵᠤ ᠪᠦᠷ ᠦ᠋ᠨ ᠂
ᠪᠠᠰᠠ ᠪᠤᠰᠤ ᠵᠡᠷᠭᠡ ᠶ᠋ᠢᠨ ᠶᠠᠪᠤᠳᠠᠯ ᠢ᠋ ᠣᠯᠠᠨ ᠦᠢᠯᠡᠳᠦᠭᠰᠡᠨ ᠤᠴᠢᠷ ᠲᠤᠷ ᠂
ᠪᠠᠶᠠᠰᠬᠤᠯᠠᠩ ᠲᠤ ᠬᠠᠭᠠᠨ ᠤ᠋ ᠬᠠᠯᠠᠭᠤᠨ ᠠᠮᠤᠷᠯᠢᠭᠰᠠᠨ ᠴᠠᠭ ᠲᠤᠷ ᠂
ᠪᠡᠶ᠎ᠡ ᠬᠡᠯᠡ ᠰᠡᠳᠬᠢᠯ ᠦ᠋ᠨ ᠡᠭᠦᠳᠡᠨ ② ᠡᠴᠡ ᠦᠯᠡᠮᠵᠢ ᠮᠠᠰᠢ ᠰᠦᠰᠦᠭᠯᠡᠵᠦ ᠂
ᠪᠠᠶᠠᠰᠤᠯᠴᠠᠵᠤ ᠬᠠᠮᠤᠭ ᠶᠡᠬᠡ ᠤᠯᠤᠰ ᠪᠢᠰᠢᠷᠡᠯ ᠢ᠋ ᠡᠭᠦᠰᠬᠡᠯᠳᠦᠪᠡᠢ ᠃
— — — —
①ᠳᠣᠣᠷ᠎ᠠ ᠥᠭᠦᠯᠡᠬᠦ ᠳᠣᠮᠣᠭ ᠠ᠋ᠴᠠ ᠡᠭᠦᠰᠦᠭᠰᠡᠨ ᠪᠤᠷᠬᠠᠨ ᠤ᠋ ᠱᠠᠰᠢᠨ ᠤ᠋ ᠨᠢᠭᠡᠨ ᠵᠦᠢᠯ ᠦ᠋ᠨ ᠶᠣᠰᠣᠯᠠᠯ ᠪᠣᠯᠤᠨ᠎ᠠ ᠃ ᠲᠡᠷᠡ ᠳᠣᠮᠣᠭ ᠬᠡᠮᠡᠪᠡᠰᠦ ᠂ ᠡᠷᠲᠡᠨ ᠦ᠌ ᠡᠨᠡᠳᠬᠡᠭ ᠦ᠋ᠨ ᠫᠢᠱᠧᠯᠢ ( 毗舍离) ᠤᠯᠤᠰ ᠤ᠋ᠨ ᠸᠠᠩ ᠸᠧᠮᠦ᠋ᠸᠧ ( ᠬᠢᠲᠠᠳ ᠢ᠋ᠶ᠋ᠡᠷ 维摩 ᠭᠡᠬᠦ) ᠭᠡᠭᠴᠢ ᠨᠢᠭᠡᠨ ᠡᠳᠦᠷ ᠨᠣᠮ ᠬᠤᠷᠠᠬᠤ ᠦᠶ᠎ᠡ ᠳ᠋ᠦ᠍ ᠭᠡᠨᠡᠳᠲᠡ ᠨᠢᠭᠡᠨ ᠲᠡᠭᠷᠢ ᠶ᠋ᠢᠨ ᠥᠬᠢᠨ ᠦ᠌ ᠪᠡᠶ᠎ᠡ ᠢᠯᠡᠷᠡᠵᠦᠬᠦᠢ ᠃ ᠲᠡᠷᠡ ᠥᠬᠢᠨ ᠣᠯᠠᠨ ᠪᠣᠳᠢᠰᠠᠳ᠋ᠸ᠎ᠠ ᠨᠠᠷ ᠪᠣᠯᠤᠨ ᠶᠡᠬᠡ ᠱᠠᠪᠢ ᠨᠠᠷ ᠤ᠋ᠨ ᠪᠡᠶ᠎ᠡ ᠳᠡᠭᠡᠷ᠎ᠡ ᠴᠡᠴᠡᠭ ᠰᠠᠴᠤᠭᠰᠠᠨ ᠳ᠋ᠤ᠌ ᠂ᠣᠯᠠᠨ ᠪᠣᠳᠢᠰᠠᠳ᠋ᠸ᠎ᠠ ᠨᠠᠷ ᠤ᠋ᠨ ᠪᠡᠶ᠎ᠡ ᠳᠡᠭᠡᠷ᠎ᠡ ᠬᠦᠷᠬᠦᠶ᠎ᠡ ᠴᠥᠮ ᠵᠤᠯᠭᠠᠷᠠᠨ ᠤᠨᠠᠵᠤ ᠭᠠᠭᠴᠠ ᠶᠡᠬᠡ ᠱᠠᠪᠢ ᠨᠠᠷ ᠤ᠋ᠨ ᠪᠡᠶ᠎ᠡ ᠳᠡᠭᠡᠷ᠎ᠡ ᠬᠦᠷᠬᠦᠶ᠎ᠡ ᠡᠰᠡ ᠵᠤᠯᠭᠠᠷᠠᠨ ᠤᠨᠠᠪᠠ ᠃ ᠶᠡᠬᠡ ᠱᠠᠪᠢ ᠨᠠᠷ ᠬᠡᠳᠦᠢ ᠬᠦᠪᠰᠢᠭᠦᠷᠳᠡᠨ ᠤᠨᠠᠭᠠᠶ᠎ᠠ ᠭᠡᠰᠡᠨ ᠴᠦ᠍ ᠲᠡᠷᠡ ᠴᠡᠴᠡᠭ ᠮᠥᠨ ᠬᠡᠪ ᠢ᠋ᠶ᠋ᠡᠷ ᠲᠣᠭᠲᠠᠵᠤ ᠤᠨᠠᠬᠤ ᠦᠭᠡᠢ ᠃ ᠲᠡᠨᠳᠡᠴᠡ ᠲᠡᠷᠡ ᠲᠩᠷᠢ ᠶ᠋ᠢᠨ ᠥᠬᠢᠨ ᠥᠭᠦᠯᠡᠷᠦᠨ ᠄ 《 ᠭᠠᠰᠢᠭᠤᠨ ᠵᠣᠪᠠᠯᠠᠩ ᠠᠨᠤ ᠳᠠᠭᠤᠰᠤᠭᠠᠳᠤᠢ ᠲᠤᠯᠠ ᠴᠡᠴᠡᠭ ᠪᠡᠶ᠎ᠡ ᠳᠡᠭᠡᠷ᠎ᠡ ᠨᠠᠭᠠᠯᠳᠤᠮᠤᠢ 》 ᠭᠡᠵᠡᠢ ᠃ ᠭᠳ᠋ᠤᠷᠮᠠ ᠭᠡᠳᠡᠭ ᠨᠢ ᠲᠥᠪᠡᠳ ᠦᠭᠡ ᠪᠣᠯᠤᠨ᠎ᠠ ᠂ ᠡᠭᠦᠨ ᠢ᠋ ᠪᠠᠰᠠ ᠲᠣᠷᠤᠮᠠ ᠭᠡᠵᠦ ᠪᠢᠴᠢᠳᠡᠭ ᠴᠦ᠍ ᠪᠣᠢ ᠂ ᠴᠡᠴᠡᠭ ᠪᠤᠶᠤ ᠲᠠᠬᠢᠯ ᠤ᠋ᠨ ᠪᠣᠳᠠᠰ ᠢ᠋ ᠬᠡᠯᠡᠨ᠎ᠡ ᠃
②ᠪᠡᠶ᠎ᠡ ᠂ ᠬᠡᠯᠡ ᠂ ᠰᠡᠳᠬᠢᠯ ᠭᠤᠷᠪᠠ ᠶ᠋ᠢ ᠭᠤᠷᠪᠠᠨ ᠡᠭᠦᠳᠡ ᠪᠤᠶᠤ ᠭᠤᠷᠪᠠᠨ ᠬᠠᠭᠠᠯᠭ᠎ᠠ ᠭᠡᠨ᠎ᠡ ᠃ ᠬᠥᠮᠦᠨ ᠦ᠌ ᠪᠡᠶ᠎ᠡ ᠡᠷᠬᠡᠲᠡᠨ ᠂ ᠦᠭᠡ ᠬᠡᠯᠡ ᠂ ᠰᠡᠳᠬᠢᠯ ᠰᠠᠨᠠᠭ᠎ᠠ ᠪᠠᠷ ᠳᠠᠮᠵᠢᠨ ᠢᠯᠡᠷᠡᠬᠦ ᠠᠯᠢᠪᠠ ᠦᠢᠯᠡ ᠬᠥᠳᠡᠯᠭᠡᠭᠡᠨ ᠢ᠋ ᠬᠡᠯᠡᠨ᠎ᠡ ᠃
ᠲᠡᠷᠡ ᠴᠠᠭ ᠲᠤᠷ ᠬᠠᠮᠤᠭ ᠢ᠋ ᠮᠡᠳᠡᠭᠴᠢ ᠬᠤᠲᠤᠭ ᠲᠤ ᠳᠠᠯᠠᠢ ᠯᠠᠮᠠ ᠬᠢᠭᠡᠳ ᠂
ᠲᠡᠳᠡᠭᠡᠷ ᠬᠤᠪᠢᠯᠭᠠᠨ ᠯᠠᠮᠠ ᠨᠠᠷ ᠬᠠᠮᠤᠭ ᠬᠤᠸᠠᠷᠠᠭ ᠤ᠋ᠳ ᠬᠣᠲᠠᠯᠠ ᠪᠦᠭᠦᠳᠡᠭᠡᠷ ᠂
ᠲᠡᠭᠰᠢ ᠯᠤᠤᠰ ᠤ᠋ᠨ ᠳᠠᠭᠤᠨ ᠮᠡᠲᠦ ᠠᠷᠪᠠᠨ ᠵᠦᠭ ᠲᠦ᠍ᠷ ᠳᠠᠭᠤᠷᠢᠰᠳᠠᠯᠠ ᠂
ᠲᠡᠭᠦᠳᠡᠭᠡᠷᠡᠯ ᠦᠭᠡᠢ ᠭᠤᠷᠪᠠᠨ ᠭᠦᠯᠭᠡᠨ ᠨᠣᠮ ① ᠢ᠋ ᠨᠣᠮᠡᠯᠠᠵᠦ ᠢᠷᠦᠭᠡᠯ ᠢᠷᠦᠭᠡᠪᠡᠢ ᠃
ᠬᠠᠭᠠᠨ ᠬᠠᠲᠤᠨ ᠵᠠᠭᠤᠨ ᠰᠢᠵᠡᠷ ᠢ᠋ᠶ᠋ᠠᠷ ᠡᠭᠦᠳᠦᠭᠰᠡᠨ ᠠᠯᠲᠠᠨ ᠮᠠᠲᠠᠯ ᠬᠢᠭᠡᠳ ᠢ᠋ ᠂
ᠭᠠᠢᠬᠠᠮᠰᠢᠭ᠋ ᠮᠢᠩᠭᠠᠨ ᠰᠢᠵᠠᠷ ᠢ᠋ᠶ᠋ᠠᠷ ᠡᠭᠦᠳᠦᠭᠰᠡᠨ ᠮᠥᠩᠭᠥᠨ ᠲᠤᠬ᠎ᠠ ᠲᠡᠷᠢᠭᠦᠲᠡᠨ ᠢ᠋ ᠂
ᠬᠠᠰ ᠪᠣᠯᠣᠷ ᠡᠯᠳᠡᠪ ᠵᠦᠢᠯ ᠡᠷᠳᠡᠨᠢᠰ ᠠᠯᠲᠠᠨ ᠮᠥᠩᠭᠥᠨ ᠣᠯᠠᠨ ᠲᠣᠭᠠᠲᠠᠨ ᠬᠤᠪᠴᠠᠳ ᠢ᠋ ᠂
ᠭᠠᠪᠢᠶ᠎ᠠ ᠲᠤ ᠠᠯᠲᠠᠨ ᠡᠮᠡᠭᠡᠯ ᠬᠠᠵᠠᠭᠠᠷ ᠲᠣᠬᠣᠵᠤ ᠠᠷᠭᠤᠮᠠᠨ ᠲᠤᠮᠣᠴᠠᠭ② ᠮᠣᠷᠢᠨ ᠲᠡᠷᠢᠭᠦᠲᠡᠨ ᠢ᠋
ᠣᠯᠠᠨ ᠲᠣᠭᠠᠲᠠᠨ ᠲᠡᠮᠡᠭᠡᠨ ᠮᠣᠷᠢᠨ ᠯᠠᠭᠤᠰᠠ ᠦᠬᠡᠷ ᠬᠣᠨᠢᠨ ᠲᠣᠭᠣᠯᠠᠰᠢ ᠦᠭᠡᠢ ᠂
ᠣᠯᠠᠨ ᠢ᠋ ᠣᠨᠴᠠᠯᠠᠵᠤ ᠵᠠᠭᠤᠭᠠᠳ ᠮᠢᠩᠭᠠᠭᠠᠳ ᠲᠦᠮᠡᠨ ᠲᠣᠭᠠᠲᠠᠨ ᠢ᠋ ᠂
ᠣᠭᠣᠭᠠᠲᠠ ᠬᠡᠷᠡᠭᠯᠡᠬᠦᠢ ᠵᠦᠢᠯ ᠪᠦᠷᠢ ᠲᠠᠬᠢᠯ ᠪᠠᠷᠠᠮᠢᠳ ᠢ᠋ ᠲᠠᠪᠤᠨ ᠥᠩᠭᠡ ᠤᠯᠤᠰ ᠢ᠋ᠶ᠋ᠠᠷ ᠂
— — — —
①ᠪᠤᠷᠬᠠᠨ ᠤ᠋ ᠱᠠᠰᠢᠨ ᠤ᠋ ᠭᠤᠷᠪᠠᠨ ᠵᠦᠢᠯ ᠦ᠋ᠨ ᠨᠣᠮ ᠰᠤᠳᠤᠷ ᠢ᠋ ᠥᠭᠦᠯᠡᠵᠡᠢ ᠃ ᠬᠥᠯᠭᠡᠨ ᠭᠡᠳᠡᠭ ᠨᠢ ᠵᠥᠭᠡᠭᠡᠬᠦ ᠂ ᠲᠡᠭᠡᠭᠡᠪᠦᠷᠢᠯᠡᠬᠦ ᠭᠡᠬᠦ ᠤᠳᠬ᠎ᠠ ᠲᠠᠢ ᠃ ᠪᠤᠷᠬᠠᠨ ᠤ᠋ ᠨᠣᠮ ᠰᠤᠳᠤᠷ ᠨᠢ ᠬᠥᠯᠭᠡᠨ ᠮᠡᠲᠦ ᠬᠠᠮᠤᠭ ᠠᠮᠢᠲᠠᠨ ᠢ᠋ ᠪᠤᠷᠬᠠᠨ ᠤ᠋ ᠵᠦᠭ ᠲᠦ᠍ ᠲᠡᠭᠡᠭᠡᠪᠦᠷᠢᠯᠡᠨ ᠬᠦᠷᠭᠡᠵᠦ ᠴᠢᠳᠠᠨ᠎ᠠ ᠭᠡᠨ᠎ᠡ ᠃
②ᠪᠠᠰᠠ ᠳᠣᠪᠣᠴᠠᠭ ᠪᠤᠶᠤ ᠲᠣᠪᠢᠴᠠᠭ ᠭᠡᠵᠦ ᠪᠢᠴᠢᠳᠡᠭ ᠃ ᠥᠷᠥᠨ᠎ᠡ ᠤᠯᠤᠰ ᠣᠷᠣᠨ (西城) ᠳ᠋ᠠᠬᠢ ᠥᠨᠳᠥᠷ ᠮᠣᠷᠢ ᠶ᠋ᠢ ᠬᠡᠯᠡᠨ᠎ᠡ ᠃
ᠡᠷᠭᠦᠵᠦ ᠶᠡᠷᠦ ᠡᠴᠢᠭᠡ ᠡᠬᠡ ᠲᠡᠷᠢᠭᠦᠲᠡᠨ ᠬᠠᠮᠤᠭ ᠠᠮᠢᠲᠠᠨ ᠢ᠋ ᠬᠤᠲᠤᠭ ᠤ᠋ᠨ ᠵᠦᠭ ᠢᠷᠦᠭᠡᠯᠭᠡᠪᠡᠢ᠃
ᠳᠠᠯᠠᠢ ᠯᠠᠮᠠ ᠠ᠋ᠴᠠ ᠬᠠᠭᠠᠨ ᠬᠠᠲᠤᠨ ᠬᠠᠮᠤᠭ ᠪᠦᠭᠦᠳᠡ ᠶᠡᠬᠡ ᠤᠯᠤᠰ ᠂
ᠳᠠᠷᠤᠢ ᠳ᠋ᠤ᠌ ᠱᠠᠭᠱᠠᠪᠠᠳ ① ᠰᠠᠨᠸᠠᠷ ᠤ᠋ᠨ ᠠᠴᠢ ᠲᠤᠰᠠ ᠶ᠋ᠢ ᠰᠣᠨᠣᠰᠤᠭᠠᠳ ᠂
ᠳᠡᠭᠡᠳᠦ ᠰᠤᠳᠤᠷ ᠲᠠᠷᠨᠢ ᠳᠠᠭᠤᠵᠢ ᠭᠦᠯᠭᠡᠨ ᠦ᠌ ᠤᠳᠤᠷᠢᠭᠤᠯᠰᠤᠨ ᠤᠪᠠᠳᠢᠰ② ᠪᠠ ᠂
ᠲᠡᠭᠰᠢ ᠰᠣᠨᠣᠰᠬᠤᠢ ᠰᠡᠳᠬᠢᠬᠦᠢ ᠪᠢᠰᠢᠯᠭᠠᠬᠤᠢ ᠠᠴᠢ ᠲᠤᠰᠠ ᠳ᠋ᠤ᠌ ᠣᠯᠠᠨ ᠢ᠋ ᠰᠣᠨᠣᠰᠪᠠᠢ ᠃
ᠭᠠᠢᠬᠠᠮᠰᠢᠭ᠋ ᠨᠣᠮ ᠤ᠋ᠨ ᠠᠯᠲᠠᠨ ᠬᠠᠭᠠᠨ ᠡᠬᠢᠯᠡᠨ ᠬᠣᠲᠠᠯᠠ ᠪᠦᠭᠦᠳᠡᠭᠡᠷ ᠰᠦᠰᠦᠭ ᠪᠢᠰᠢᠷᠡᠯ ᠢ᠋ ᠡᠭᠦᠰᠬᠡᠵᠦ ᠪᠦᠷ ᠦ᠋ᠨ ᠂
ᠭᠠᠳᠠᠭᠠᠳᠤ ᠣᠩᠭᠣᠳ ᠴᠡᠯᠢᠭ ③ᠣᠳ ᠤ᠋ᠨ ᠡᠨᠳᠡᠭᠦᠷᠡᠭᠰᠡᠨ ᠢ᠋ ᠲᠦᠢᠮᠡᠷᠢᠳᠦᠭᠡᠳ ᠂
ᠭᠠᠨᠢ ᠮᠤᠩᠬᠠᠭ ᠪᠥᠬᠡ ᠤᠳᠠᠭᠠᠨ ④ ᠢ᠋ ᠳᠣᠷᠣᠢᠲᠠᠭᠤᠯ ᠤ᠋ᠨ ᠤᠰᠠᠳᠬᠠᠵᠤ ᠂
ᠭᠠᠪᠢᠶ᠎ᠠ ᠲᠤ ᠳᠡᠭᠡᠳᠦ ᠨᠣᠮ ᠤ᠋ᠨ ᠲᠥᠷᠥ ᠬᠡᠢᠪ ᠵᠠᠩᠭᠢᠶ᠎ᠠ ᠮᠡᠲᠦ ᠪᠣᠯᠭᠠᠵᠤ ᠂
— — — —
① ᠰᠠᠨᠰᠺᠷᠢᠲ ᠦᠭᠡ ᠂ ᠶᠣᠰᠣᠨ ᠂ ᠲᠠᠩᠭᠠᠷᠢᠭ ᠭᠡᠬᠦ ᠤᠳᠬ᠎ᠠ ᠲᠠᠢ ᠃
② ᠰᠠᠨᠰᠺᠷᠢᠲᠦᠭᠡ upadesa ᠶᠢ ᠠᠪᠢᠶᠠᠴᠢᠯᠠᠨ ᠣᠷᠴᠢᠭᠤᠯᠪᠠ ᠃ ᠠᠰᠠᠭᠤᠵᠤ ᠬᠠᠷᠢᠭᠤᠯᠬᠤ ᠬᠡᠯᠪᠡᠷᠢ ᠪᠡᠷ ᠨᠣᠮ ᠤ᠋ᠨ ᠤᠳᠬ᠎ᠠ ᠶᠣᠰᠣᠨ ᠢ᠋ ᠲᠠᠢᠯᠪᠤᠷᠢᠯᠠᠨ ᠥᠭᠦᠯᠡᠭᠰᠡᠨ ᠨᠣᠮ ᠰᠤᠳᠤᠷ ᠢ᠋ ᠬᠡᠯᠡᠨ᠎ᠡ ᠃
③ ᠪᠥᠬᠡ ᠶ᠋ᠢᠨ ᠱᠠᠰᠢᠨ ᠤ᠋ ᠰᠢᠲᠦᠭᠡᠨ ᠬᠥᠷᠥᠭ ᠢ᠋ ᠣᠩᠭᠣᠳ ᠭᠡᠨ᠎ᠡ ᠃
④ ᠪᠥᠬᠡ ᠭᠡᠳᠡᠭ ᠨᠢ ᠡᠷᠡᠭᠲᠡᠢ ᠪᠥᠬᠡ ᠶ᠋ᠢ ᠬᠡᠯᠡᠨ᠎ᠡ ᠂ ᠤᠳᠠᠭᠠᠨ ᠭᠡᠳᠡᠭ ᠨᠢ ᠡᠮᠡᠭᠲᠡᠢ ᠪᠥᠬᠡ ᠶ᠋ᠢ ᠬᠡᠯᠡᠨ᠎ᠡ ᠃ ᠡᠨᠳᠡ 《 ᠤᠳᠠᠭᠠᠨ 》 ᠭᠡᠵᠦ ᠪᠢᠴᠢᠭᠰᠡᠨ ᠨᠢ ᠤᠲᠤᠭᠠᠨ ᠤ᠋ ᠣᠨᠳᠣᠣ ᠪᠢᠴᠢᠯᠭᠡ ᠪᠣᠯᠤᠨ᠎ᠠ ᠃ ᠮᠣᠩᠭᠣᠯ ᠪᠢᠴᠢᠭ ᠦ᠋ᠨ ᠣᠯᠠᠩᠬᠢ ᠳ᠋ᠤ᠌ 《ᠢᠳᠤᠭᠠᠨ 》 ᠭᠡᠵᠦ ᠪᠢᠴᠢᠨ᠎ᠡ ᠃
ᠥᠪᠡᠷ ᠦ᠋ᠨ ᠠᠯᠲᠠᠨ ᠤᠷᠤᠭ ᠠ᠋ᠴᠠ ᠪᠠᠶᠠᠭᠤᠳ ᠲᠠᠢᠵᠢ ᠶ᠋ᠢᠨ ᠬᠥᠪᠡᠭᠦᠨ ① ᠢ᠋ ᠲᠡᠷᠢᠭᠦᠯᠡᠨ ᠂
ᠦᠯᠡᠮᠵᠢ ᠠᠷᠪᠠᠨ ᠬᠣᠶᠠᠷ ᠲᠦᠮᠡᠳ ᠡᠴᠡ ᠵᠠᠭᠤᠨ ᠨᠠᠢ᠍ᠮᠠᠨ ᠲᠣᠢᠨ ᠪᠠᠨᠳᠢ ᠪᠣᠯᠭᠠᠨ ᠳᠠᠭᠠᠭᠤᠯᠵᠤ ᠂
ᠦᠨᠡᠮᠯᠡᠬᠦᠢ ᠴᠢᠩ ᠰᠡᠳᠬᠢᠯ ᠢ᠋ᠶ᠋ᠡᠷ ᠱᠠᠰᠢᠨ ᠳ᠋ᠤᠷ ᠪᠠᠲᠤᠳᠠ ᠣᠷᠣᠭᠰᠠᠨ ᠤᠴᠢᠷ ᠲᠤᠷ ᠂
ᠤᠯᠠᠮ ᠪᠠᠰᠠ ᠳᠥᠴᠢᠨ ᠲᠦᠮᠡᠨ ᠮᠣᠩᠭᠣᠯ ᠳᠠᠯᠠᠢ ᠯᠠᠮᠠ ᠶ᠋ᠢ ᠪᠢᠰᠢᠷᠡᠨ ᠲᠤᠰ ᠲᠤᠰ ᠢ᠋ᠶ᠋ᠠᠷ ᠣᠷᠣᠪᠠᠢ ᠃
ᠴᠠᠪᠴᠢᠶᠠᠯ ᠤ᠋ᠨ ᠰᠦᠮ᠎ᠡ ᠳ᠋ᠦ᠍ᠷ ᠲᠠᠪᠤᠨ ᠰᠠᠷ᠎ᠠ ᠶ᠋ᠢᠨ ᠠᠷᠪᠠᠨ ᠲᠠᠪᠤᠨ ᠡᠳᠦᠷ ᠤᠴᠠᠷᠠᠯᠳᠤᠵᠤ
ᠴᠠᠭᠯᠠᠰᠢ ᠦᠭᠡᠢ ᠥᠭᠯᠢᠭᠡ ᠪᠢᠷᠡᠮᠢᠳ ᠲᠡᠷᠢᠭᠦᠲᠡᠨ ᠢ᠋ ᠲᠥᠭᠡᠳᠡᠯᠡ ᠡᠷᠭᠦᠵᠦ ᠂
ᠴᠠᠭᠠᠨ ᠪᠤᠶᠠᠨ ᠤ᠋ ᠵᠦᠭ ᠲᠦ᠍ᠷ ᠦᠨᠡᠨ ᠮᠠᠭᠠᠳ ᠣᠷᠣᠵᠤ ᠂
ᠴᠠᠭᠠᠵᠢᠯᠠᠵᠤ ᠶᠡᠬᠡ ᠪᠠᠬ᠎ᠠ ᠨᠣᠶᠠᠳ ᠲᠣᠰᠪᠣᠷᠢ ᠯᠠᠮᠠ ᠪᠠᠨᠳᠢ ᠪᠣᠯᠭᠠᠪᠠᠢ ᠱᠠᠰᠢᠨ ᠢ᠋ ᠡᠷᠭᠦᠮᠵᠢᠯᠡᠵᠦ ᠃
ᠭᠠᠢᠬᠠᠮᠰᠢᠭ ᠲᠤ ᠪᠣᠭᠳᠠ ᠵᠠᠷᠯᠢᠭ ᠤ᠋ᠨ ᠮᠢᠩᠭᠠᠨ ᠭᠡᠷᠡᠯ ᠢ᠋ᠶ᠋ᠡᠷ ᠂
ᠬᠠᠷᠠᠩᠭᠤᠢ ᠮᠤᠩᠬᠠᠭ ᠤ᠋ᠨ ᠣᠶᠤᠨ ᠤ᠋ ᠯᠢᠬᠠᠸᠠ ᠴᠡᠴᠡᠭ ᠢ᠋ ᠳᠡᠯᠭᠡᠷᠡᠭᠦᠯᠵᠦ ᠂
ᠬᠠᠷᠰᠢᠯᠠᠭᠴᠢ ᠲᠡᠷᠰ ᠪᠤᠷᠤᠭᠤ ᠭᠦᠮᠦᠳᠠ ᠰᠡᠴᠢᠭ ᠢ᠋ ᠥᠮᠥᠷᠢᠭᠦᠯᠦᠭᠴᠢ ᠂
ᠬᠠᠮᠤᠭ ᠢ᠋ ᠮᠡᠳᠡᠭᠴᠢ ᠪᠰᠦ᠋ᠨᠳᠡᠨ᠋ᠮ ᠵᠠᠮᠰᠤ ᠪᠤᠶᠠᠨ ᠲᠤ ᠳᠠᠯᠠᠢ ᠯᠠᠮᠠ ᠲᠡᠷᠢᠭᠦᠲᠡᠨ ᠪᠰᠦ᠋ᠨᠳᠡᠨ᠋ᠮ ᠷᠠᠭᠪᠠ ᠶ᠋ᠢᠨ ᠬᠤᠪᠢᠯᠭᠠᠨ ᠯᠠᠮᠠ ᠪᠠ ᠂
— — — —
①ᠠᠯᠲᠠᠨ ᠬᠠᠭᠠᠨ ᠤ᠋ ᠠᠴᠢ ᠪᠠᠶᠠᠭᠤᠨ ᠪᠠᠭᠠᠲᠤᠷ ᠲᠠᠢᠵᠢ ᠶ᠋ᠢᠨ ᠲᠠᠪᠤᠳᠤᠭᠠᠷ ᠬᠥᠪᠡᠭᠦᠨ ᠃ ᠭᠡᠷ ᠡᠴᠡ ᠭᠠᠷᠴᠤ ᠲᠣᠢᠨ ᠪᠣᠯᠤᠭᠰᠠᠨ ᠤ᠋ ᠣᠴᠢᠷ᠎ᠠ ᠲᠡᠭᠦᠨ ᠢ᠋ ᠯᠠᠮᠠ ᠲᠠᠢᠵᠢ ᠭᠡᠳᠡᠭ ᠃
ᠮᠠᠨᠵᠤᠰᠢᠷᠢ ᠶ᠋ᠢᠨ ᠬᠤᠪᠢᠯᠭᠠᠨ ᠯᠠᠮᠠ ①
ᠮᠠᠰᠢ ᠣᠯᠠᠨ ᠴᠢᠭᠤᠯᠭᠠᠨ ᠪᠤᠷᠰᠠᠩ ᠬᠤᠸᠠᠷᠠᠭ ᠤ᠋ᠳ ᠤ᠋ᠨ ᠠᠢᠮᠠᠭ ᠪᠦᠬᠦᠢ ᠪᠡᠷ᠂
ᠮᠠᠩᠯᠠᠢ ᠨᠣᠮ ᠤ᠋ᠨ ᠠᠯᠲᠠᠨ ᠬᠠᠭᠠᠨ ᠲᠡᠷᠢᠭᠦᠲᠡᠨ ᠶᠡᠬᠡ ᠪᠠᠭ᠎ᠠ ᠨᠣᠶᠠᠳ ᠪᠦᠭᠦᠳᠡᠭᠡᠷ ᠂
ᠮᠠᠭᠠᠳ ᠢ᠋ᠶ᠋ᠠᠷ ᠡᠷᠲᠡᠨ ᠦ᠌ ᠲᠠᠬᠢᠯ ᠤ᠋ᠨ ᠣᠷᠣᠨ ᠂ ᠥᠭᠯᠢᠭᠡ ᠶ᠋ᠢᠨ ᠡᠵᠡᠨ ᠦ᠌ ᠨᠡᠷ᠎ᠡ ᠴᠣᠯᠠ ᠡᠷᠭᠦᠮᠵᠡᠭᠰᠡᠨ ᠦ᠌ ᠶᠣᠰᠣᠭᠠᠷ ᠂
ᠬᠠᠭᠠᠨ ᠡᠬᠢᠯᠡᠨ ᠬᠠᠮᠤᠭ ᠡᠵᠡᠳ ᠪᠦᠭᠦᠳᠡᠭᠡᠷ ᠬᠠᠮᠤᠭ ᠢ᠋ ᠮᠡᠳᠡᠭᠴᠢ ᠳᠠᠯᠠᠢ ᠯᠠᠮᠠ ᠳ᠋ᠤᠷ ᠂
ᠭᠠᠢᠬᠠᠮᠰᠢᠭ᠋ ᠸᠴᠢᠷ᠎ᠠ ᠳ᠋ᠠᠷ᠎ᠠ ᠰᠠᠢᠨ ᠴᠣᠭ ᠲᠤ ᠪᠤᠶᠠᠨ ᠲᠤ ᠳᠠᠯᠠᠢ ᠭᠡᠮᠡᠨ ᠠᠯᠳᠠᠷᠰᠢᠭᠤᠯᠵᠤ ᠠᠯᠲᠠᠨ ᠲᠠᠮᠠᠭ᠎ᠠ ᠡᠷᠭᠦᠪᠡᠢ ᠃
ᠭᠠᠪᠢᠶ᠎ᠠ ᠲᠤ ᠰᠳᠤᠩᠭᠦᠷ ᠦ᠋ᠨ ᠬᠤᠪᠢᠯᠭᠠᠨ ᠯᠠᠮᠠ ᠳ᠋ᠤᠷ ᠮᠠᠨᠵᠤᠰᠢᠷᠢ ᠬᠤᠲᠤᠭ ᠲᠤ ᠴᠣᠯᠠ ᠡᠷᠭᠦᠪᠡ ᠃
ᠬᠠᠯᠠᠭᠠᠷ ᠪᠰᠦ᠋ᠨᠳᠡᠨ᠋ᠮ ᠭᠷᠬᠠᠪᠠ ᠶ᠋ᠢᠨ ᠬᠤᠪᠢᠯᠭᠠᠨ ᠯᠠᠮᠠ ᠳ᠋ᠤᠷ ᠮᠠᠢᠳᠠᠷᠢ ᠬᠤᠲᠤᠭ ᠲᠤ ᠴᠣᠯᠠ ᠡᠷᠭᠦᠪᠡᠢ ᠃
ᠠᠰᠢᠩ ᠯᠠᠮᠠ ᠶ᠋ᠢ ᠡᠩ ᠤᠷᠢᠳᠠ ᠠ᠋ᠴᠠ ᠱᠠᠰᠢᠨ ᠢ᠋ ᠳᠤᠷᠠᠳᠬᠠᠯ ᠢ᠋ ᠰᠡᠳᠦᠭᠦᠯᠵᠦ ᠂
ᠠᠷᠢᠭᠤᠨ ᠪᠤᠶᠠᠨ ᠲᠤ ᠦᠢᠯᠡᠰ ᠢ᠋ ᠦᠢᠯᠡᠳᠬᠡᠪᠡ ᠬᠡᠮᠡᠵᠦ ᠡᠴᠢᠭᠡ ᠯᠠᠮᠠ ᠴᠣᠯᠠ ᠰᠣᠶᠣᠷᠬᠠᠪᠠᠢ ᠃
ᠠᠰᠤᠷᠤ ᠮᠠᠰᠢ ᠬᠤᠲᠤᠭ ᠲᠤ ᠳᠠᠯᠠᠢ ᠯᠠᠮᠠ ᠶ᠋ᠢ ᠬᠢᠴᠢᠶᠡᠵᠦ ᠵᠠᠯᠠᠭᠰᠠᠨ ᠤ᠋ ᠲᠤᠯᠠᠳᠠ ᠂
ᠠᠴᠢᠯᠠᠵᠤ ᠰᠲᠠᠭᠯᠤᠩ ᠨᠠᠩᠰᠤ ᠶ᠋ᠢ ᠳᠠᠢᠴᠢᠩ ᠳᠠᠷᠬᠠᠨ ᠨᠠᠩᠰᠤ ᠴᠣᠯᠠ ᠰᠣᠶᠣᠷᠬᠠᠪᠠᠢ ᠃
— — — —
① ᠬᠣᠶᠠᠳᠤᠭᠠᠷ ᠲᠥᠷᠥᠯ ᠦ᠋ᠨ ᠰᠥᠩᠭᠦᠷ ᠦ᠋ᠨ ᠬᠤᠪᠢᠯᠭᠠᠨ ᠯᠠᠮᠠ ᠂ ᠨᠡᠷ᠎ᠡ ᠨᠢ ᠶᠣᠨᠳᠠᠨᠵᠠᠮᠰᠤ ᠭᠡᠳᠡᠭ ᠃
