ᠡᠯᠵᠢᠭᠡᠨ ᠦ᠌ ᠴᠢᠬᠢ ᠶ᠋ᠢᠨ ᠤᠴᠢᠷ -ᠬᠡᠦᠬᠡᠳ ᠦ᠋ᠨ ᠣᠬᠣᠷ ᠦᠯᠢᠭᠡᠷИилжигэний чигийн очир-Хүүхдийн охор үлгэр
ᠡᠯᠵᠢᠭᠡᠨ ᠦ᠌ ᠴᠢᠬᠢ ᠶ᠋ᠢᠨ ᠤᠴᠢᠷ -ᠬᠡᠦᠬᠡᠳ ᠦ᠋ᠨ ᠣᠬᠣᠷ ᠦᠯᠢᠭᠡᠷ
ᠨᠠᠭᠠᠰᠢ ᠪᠠᠨ ᠰᠠᠭᠤᠵᠠᠭᠠᠭᠠᠷᠠᠢ ᠬᠡᠦᠬᠡᠳ ᠦ᠋ᠳ ᠠ᠋
ᠪᠢ ᠥᠨᠥᠳᠥᠷ ᠲᠠ ᠨᠠᠷ ᠲᠠᠭᠠᠨ
《 ᠡᠯᠵᠢᠭᠡᠨ ᠦ᠌ ᠴᠢᠬᠢ ᠶ᠋ᠢᠨ ᠤᠴᠢᠷ ᠭᠡᠰᠡᠨ ᠳᠣᠮᠣᠭ ᠦᠯᠢᠭᠡᠷ ᠊ᠢ
ᠤᠩᠰᠢᠵᠤ ᠥᠭᠬᠦᠶ᠎ᠡ᠃
ᠡᠷᠲᠡ ᠤᠷᠢᠳᠤ ᠶ᠋ᠢᠨ ᠴᠠᠭ ᠲᠤ᠌
ᠪᠤᠷᠬᠠᠨ ᠣᠯᠠᠨ ᠠᠮᠢᠲᠠᠳ ᠲᠤ᠌ ᠴᠢᠬᠢ ᠲᠠᠷᠠᠭᠠᠵᠠᠢ ᠭᠡᠨ᠎ᠡ᠃ ᠡᠯᠵᠢᠭᠡ ᠡᠭᠦᠨ ᠊ᠢ ᠰᠣᠨᠣᠰᠤᠭᠠᠳ ᠬᠠᠮᠤᠭ ᠤ᠋ᠨ
ᠲᠦᠷᠦᠭᠦᠨ ᠳ᠋ᠦ᠍ ᠪᠤᠰᠤᠳ ᠠ᠋ᠴᠠ ᠲᠦᠷᠦᠭᠦᠯᠡᠵᠦ ᠣᠴᠢᠭᠠᠳ ᠬᠠᠮᠤᠭ ᠤ᠋ᠨ ᠲᠣᠮᠣ ᠴᠢᠬᠢ ᠶ᠋ᠢ ᠥᠪᠡᠷᠲᠡᠭᠡᠨ ᠠᠪᠴᠠᠢ᠃
ᠬᠠᠷᠢᠨ ᠲᠡᠮᠡᠭᠡ ᠶᠡᠬᠡ ᠵᠠᠩ ᠲᠠᠢ᠂ ᠪᠠᠰᠠ ᠣᠯᠠᠨ ᠳ᠋ᠤ᠌ ᠪᠡᠶ᠎ᠡ ᠪᠡᠨ ᠭᠠᠶ᠋ᠢᠬᠠᠭᠤᠯᠬᠤ ᠳᠤᠷᠠᠲᠠᠢ ᠠᠮᠢᠲᠠᠨ
ᠪᠣᠯᠬᠣᠷ ᠢ᠋ᠶ᠋ᠠᠨ 《 ᠪᠤᠷᠬᠠᠨ ᠪᠠᠭᠰᠢ ᠮᠢᠨᠦ ᠪᠡᠶ᠎ᠡ ᠶ᠋ᠢᠨ ᠲᠣᠮᠣ ᠶ᠋ᠢ ᠠᠨᠳᠠᠬᠤ ᠶᠤᠮ
ᠪᠢᠰᠢ᠃ ᠯᠠᠪ ᠯᠠ ᠬᠠᠮᠤᠭ ᠤ᠋ᠨ ᠲᠣᠮᠣ᠂ ᠬᠠᠮᠤᠭ ᠤ᠋ᠨ ᠰᠠᠢᠨ ᠴᠢᠬᠢ ᠶ᠋ᠢ ᠦᠯᠡᠳᠡᠭᠡᠬᠦ ᠶᠣᠰᠣᠲᠠᠢ᠃ ᠲᠡᠭᠡᠭᠡᠳ
ᠠᠮᠢᠲᠠᠳ ᠮᠢᠨᠦ ᠴᠢᠬᠢ ᠶ᠋ᠢ ᠬᠠᠷᠠᠭᠠᠳ ᠭᠠᠶ᠋ᠢᠬᠠᠵᠤ ᠪᠠᠰᠠ ᠪᠡᠶᠡᠰᠴᠦ ᠪᠠᠶ᠋ᠢᠬ 》 ᠭᠡᠳ ᠵᠣᠷᠢᠭᠤᠳᠠ ᠪᠠᠷ ᠶᠠᠭᠠᠷᠠᠯ ᠦᠭᠡᠢ ᠠᠯᠬᠤᠭᠰᠠᠭᠠᠷ ᠬᠦᠷᠴᠦ
ᠣᠴᠢᠭᠰᠠᠨ ᠴᠢᠨᠢ ᠠᠮᠢᠲᠠᠳ ᠪᠦᠭᠦᠳᠡ ᠥᠪᠡᠷ ᠥᠪᠡᠷᠰᠡᠳ ᠦ᠋ᠨ ᠢ᠋ᠶ᠋ᠡᠨ ᠰᠠᠨᠠᠭᠠᠨ ᠳ᠋ᠤ᠌ ᠲᠠᠭᠠᠷᠠᠭᠰᠠᠨ ᠴᠢᠬᠢ ᠶ᠋ᠢ
ᠠᠪᠴᠤ ᠭᠦᠢᠴᠡᠭᠡᠳ᠂ ᠤᠭ ᠨᠢ ᠡᠯᠵᠢᠭᠡᠨ ᠳ᠋ᠦ᠍ ᠯᠡ ᠪᠠᠶ᠋ᠢᠪᠠᠯ ᠲᠠᠭᠠᠷᠠᠬᠤ ᠨᠢᠭᠡ ᠥᠭᠡᠳᠡ ᠦᠭᠡᠢ ᠵᠢᠭᠠᠬᠠᠨ ᠴᠢᠬᠢ
ᠦᠯᠡᠳᠡᠴᠢᠬᠡᠭᠰᠡᠨ ᠪᠠᠶ᠋ᠢᠵᠠᠢ᠃
ᠲᠡᠮᠡᠭᠡ ᠴᠢᠬᠢ ᠶ᠋ᠢ ᠦᠵᠡᠭᠡᠳ
ᠶᠡᠬᠡᠳᠡ ᠭᠣᠯᠣᠵᠤ 《ᠳᠠᠩᠴᠤ ᠳᠠ ᠪᠤᠷᠬᠠᠨ
ᠮᠢᠨᠢ᠂ ᠦᠭᠡᠢ ᠨᠠᠳᠠ ᠳ᠋ᠤ᠌ ᠲᠡᠭᠡᠭᠡᠳ ᠡᠶ᠋ᠢᠮᠤ ᠵᠢᠵᠢᠭᠬᠡᠨ ᠴᠢᠬᠢ ᠦᠯᠡᠳᠡᠭᠡᠴᠢᠬᠡᠭᠡᠳ ᠠᠮᠢᠲᠠᠨ ᠤ᠋ ᠰᠢᠪᠰᠢᠭ
ᠪᠣᠯᠭᠠᠬᠤ ᠭᠡᠵᠦ ᠳᠡ 》 ᠭᠡᠳ ᠢᠷᠪᠠᠶ᠋ᠢᠭᠠᠳ ᠡᠷᠭᠢᠵᠦ ᠬᠠᠷᠠᠲᠠᠯ᠎ᠠ ᠪᠤᠷᠬᠠᠨ ᠪᠠᠭᠰᠢ᠄
《ᠲᠡᠮᠡᠭᠡ ᠮᠢᠨᠢ᠂ ᠨᠠᠭᠠᠳᠤ ᠴᠢᠬᠢ ᠪᠡᠨ ᠠᠪᠤᠪᠠᠯ ᠠᠪ᠂ ᠪᠠᠶ᠋ᠢᠪᠠᠯ
ᠪᠠᠢ 》 ᠭᠡᠳ ᠴᠢᠯᠠᠭᠤᠳᠠᠭᠠᠳ ᠣᠷᠬᠢᠭᠰᠠᠨ ᠴᠢᠨᠢ ᠪᠤᠷᠤᠭᠤ ᠬᠠᠷᠠᠭᠠᠳ ᠨᠠᠭᠠᠯᠳᠤᠴᠢᠬᠠᠵᠠᠢ᠃
ᠢᠩᠭᠢᠭᠡᠳ ᠲᠡᠮᠡᠭᠡ ᠠᠮᠢᠲᠠᠳ ᠠᠮᠢᠲᠠᠳ ᠠ᠋ᠴᠠ ᠣᠨᠳᠣᠣ ᠡᠲᠡᠭᠡᠳ ᠴᠢᠬᠢ ᠲᠡᠢ ᠪᠤᠯᠤᠭᠰᠠ ᠶᠤᠮ ᠭᠡᠨ᠎ᠡ ᠯᠠᠢ᠃
ᠦᠰᠦᠭ ᠠᠮᠢᠯᠠᠭᠤᠯᠤᠭᠴᠢ ᠄ ᠢᠷᠡᠬᠦᠦ
ᠦᠰᠦᠭ ᠬᠠᠲᠠᠭᠰᠠᠨ ᠨᠢ ᠄ ᠢᠷᠡᠬᠦᠦ
ᠬᠢᠨᠠᠭᠴᠢ ᠄ ᠮᠥᠴᠢᠷ᠂ ᠾᠦᠩ ᠸᠧᠢ
