ᠮᠠᠯᠴᠢᠳ ᠤ᠋ᠨ ᠠᠮᠤᠷ ᠢ ᠠᠰᠠᠭᠤᠬᠤ-ᠬᠣᠯᠪᠣᠭ᠎ᠠМалчдын амрыг асуух-холбоо
ᠮᠠᠯᠴᠢᠳ ᠤ᠋ᠨ ᠠᠮᠤᠷ ᠢ ᠠᠰᠠᠭᠤᠬᠤ
ᠬᠣᠯᠪᠣᠭ᠎ᠠ
ᠬᠥᠳᠡᠭᠡ
ᠨᠤᠲᠤᠭ ᠤ᠋ᠨ ᠬᠦᠨᠳᠦᠲᠦ ᠬᠠᠶ᠋ᠢᠷᠠᠲᠤ ᠮᠠᠯᠴᠢᠳ ᠲᠠᠨᠠᠷ ᠮᠢᠨᠢ
ᠬᠦᠳᠡᠷ
ᠴᠣᠭᠴᠠᠰ ᠪᠡᠶ᠎ᠡ ᠮᠠᠬᠠᠪᠣᠳ ᠴᠢᠨᠢ ᠡᠷᠡᠭᠦᠯ ᠴᠢᠬᠢᠷᠡᠭ ᠤᠤ?
ᠬᠦᠯᠢᠶᠡᠵᠦ
ᠠᠪᠤᠭᠰᠠᠨ ᠠᠵᠢᠯ ᠰᠤᠷᠤᠯᠭ᠎ᠠ ᠴᠢᠨᠢ ᠠᠮᠵᠢᠯᠲᠠ ᠲᠠᠢ ᠤᠤ?
ᠬᠦᠷᠰᠢ
ᠠᠶ᠋ᠢᠯ ᠬᠡᠦᠬᠡᠳ ᠦᠷ᠎ᠡ ᠲᠡᠢ ᠪᠡᠨ ᠥᠯᠵᠡᠶ᠋ᠢᠲᠡᠢ ᠰᠠᠢᠨ ᠤᠤ?
ᠠᠲᠠᠷ
ᠲᠠᠯ᠎ᠠ ᠶ᠋ᠢᠨ ᠠᠯᠳᠠᠷ ᠬᠦᠨᠳᠦᠲᠦ ᠮᠠᠯᠴᠢᠨ ᠲᠠᠨᠠᠷ ᠮᠢᠨᠢ
ᠠᠯᠲᠠᠨ
ᠴᠣᠭᠴᠠᠰ ᠪᠡᠶ᠎ᠡ ᠮᠠᠬᠠᠪᠣᠳ ᠴᠢᠨᠢ ᠡᠷᠡᠭᠦᠯ ᠲᠡᠩᠬᠡᠯᠡᠭᠦᠨ ᠤᠤ?
ᠠᠷᠠᠳ
ᠨᠡᠶ᠋ᠢᠲᠡ ᠶ᠋ᠢᠨ ᠠᠵᠤ ᠦᠢᠯᠡᠳᠪᠦᠷᠢ ᠴᠢᠨᠢ ᠡᠯᠪᠡᠭ ᠬᠤᠷᠢᠶᠠᠯᠲᠠ ᠲᠠᠢ ᠤᠤ?
ᠠᠬᠠᠰᠢᠷᠠᠭ᠎ᠠ
ᠪᠤᠭᠤᠷᠤᠯ ᠡᠪᠦᠭᠡᠳ ᠨᠠᠰᠤᠲᠠᠳ ᠴᠢᠨᠢ ᠮᠡᠨᠳᠦ ᠤᠤ?
ᠲᠠᠯ᠎ᠠ
ᠨᠤᠲᠤᠭ ᠤ᠋ᠨ ᠡᠪᠡᠰᠦ ᠪᠡᠯᠴᠢᠭᠡᠷ ᠴᠢᠨᠢ ᠤᠷᠭᠤᠴᠠ ᠪᠠᠷ ᠶᠠᠮᠠᠷ?
ᠲᠠᠷᠢᠭᠰᠠᠨ
ᠪᠣᠷᠳᠣᠭ᠎ᠠ ᠨᠣᠭᠣᠭ᠎ᠠ ᠵᠢᠮᠢᠰ ᠴᠢᠨᠢ ᠬᠤᠷᠢᠶᠠᠯᠲᠠ ᠪᠠᠷ ᠶᠠᠮᠠᠷ ᠪᠣᠢ?
ᠲᠠᠩᠰᠤᠭ
ᠰᠦᠷᠦᠭ ᠲᠠᠪᠤᠨ ᠬᠣᠰᠢᠭᠤ ᠮᠠᠯ ᠴᠢᠨᠢ ᠲᠠᠷᠭᠤ ᠪᠠᠷ ᠶᠠᠮᠠᠷ ᠪᠣᠢ?
ᠲᠣᠰᠴᠤ
ᠠᠪᠤᠭᠰᠠᠨ ᠲᠥᠯ ᠮᠠᠯ ᠴᠢᠨᠢ ᠪᠣᠶ᠋ᠢᠵᠢᠯᠲᠠ ᠪᠠᠷ ᠶᠠᠮᠠᠷ ᠪᠣᠢ?
ᠲᠤᠭᠤᠯ ᠲᠠᠢ
ᠦᠨᠢᠶ᠎ᠡ ᠬᠤᠷᠠᠭ᠎ᠠ ᠲᠠᠢ ᠬᠣᠨᠢ ᠴᠢᠨᠢ ᠰᠦ ᠪᠡᠷ ᠶᠠᠮᠠᠷ ᠪᠣᠢ?
ᠲᠠᠷᠠᠭ
ᠠᠶ᠋ᠢᠷᠠᠭ ᠴᠡᠭᠡ ᠬᠥᠷᠥᠩᠭᠡ ᠴᠢᠨᠢ ᠢᠰᠦᠯᠲᠡ ᠪᠡᠷ ᠶᠠᠮᠠᠷ ᠪᠣᠢ?
ᠳᠠᠷᠠᠰᠤ
ᠠᠷᠢᠬᠢ ᠠᠷᠠᠵᠠ ᠬᠣᠣᠷᠠᠵᠠ ᠴᠢᠨᠢ ᠠᠮᠲᠠ ᠪᠠᠷ ᠶᠠᠮᠠᠷ ᠪᠣᠢ?
ᠲᠣᠰᠣ
ᠥᠷᠥᠮ᠎ᠡ ᠬᠤᠷᠤᠳ ᠢᠳᠡᠭᠡ ᠴᠢᠨᠢ ᠭᠠᠷᠤᠯᠲᠠ ᠪᠠᠷ ᠶᠠᠮᠠᠷ ᠪᠣᠢ?
ᠠᠮᠤ
ᠪᠤᠳᠠᠭ᠎ᠠ ᠠᠷᠠᠯᠵᠢᠶ᠎ᠠ ᠬᠤᠷᠰᠢᠶ᠎ᠠ ᠴᠢᠨᠢ ᠬᠠᠩᠭᠠᠯᠭ᠎ᠠ ᠪᠠᠷ ᠶᠠᠮᠠᠷ ᠪᠣᠢ?
ᠠᠯᠢᠪᠠ
ᠵᠦᠢᠯ ᠦ᠋ᠨ ᠠᠮᠢᠳᠤᠷᠠᠯ ᠤ᠋ᠨ ᠬᠡᠷᠡᠭᠰᠡᠯ ᠴᠢᠨᠢ ᠪᠠᠶᠠᠯᠢᠭ ᠢ᠋ᠶ᠋ᠠᠷ ᠶᠠᠮᠠᠷ ᠪᠣᠢ?
ᠠᠷᠢᠬᠢ
ᠲᠠᠮᠠᠬᠢ ᠴᠠᠢ ᠵᠢᠮᠢᠰ ᠴᠢᠨᠢ ᠠᠷᠪᠢᠨ ᠢ᠋ᠶ᠋ᠠᠷ ᠶᠠᠮᠠᠷ ᠪᠣᠢ?
ᠠᠰᠢᠳᠠ ᠶ᠋ᠢᠨ
ᠰᠠᠢᠬᠠᠨ ᠵᠣᠯ ᠵᠢᠷᠭᠠᠯ ᠴᠢᠨᠢ ᠬᠥᠭᠵᠢᠯᠲᠡ ᠪᠡᠷ ᠶᠠᠮᠠᠷ ᠪᠣᠢ?
ᠬᠠᠳᠤᠯᠭᠠ
ᠡᠪᠡᠰᠦ ᠪᠣᠷᠳᠣᠭ᠎ᠠ ᠲᠡᠵᠢᠭᠡᠯ ᠴᠢᠨᠢ ᠪᠡᠯᠡᠳᠬᠡᠯ ᠢ᠋ᠶ᠋ᠡᠷ ᠶᠠᠮᠠᠷ ᠪᠣᠢ?
ᠬᠤᠳᠳᠤᠭ
ᠱᠠᠩᠳᠠ ᠪᠤᠯᠠᠭ ᠭᠣᠷᠣᠬ᠎ᠠ ᠴᠢᠨᠢ ᠤᠰᠤ ᠪᠠᠷ ᠶᠠᠮᠠᠷ ᠪᠣᠢ?
ᠬᠣᠷᠢᠶ᠎ᠠ
ᠬᠠᠰᠢᠶ᠎ᠠ ᠫᠢᠩ ᠰᠠᠷᠠᠪᠴᠢ ᠴᠢᠨᠢ ᠨᠥᠮᠥᠷᠢ ᠪᠡᠷ ᠶᠠᠮᠠᠷ ᠪᠣᠢ?
ᠬᠣᠨᠢ
ᠦᠬᠡᠷ ᠦ᠋ᠨ ᠬᠣᠭ ᠬᠡᠪᠲᠡᠷᠢ ᠴᠢᠨᠢ ᠳᠤᠯᠠᠭᠠᠨ ᠢ᠋ᠶ᠋ᠠᠷ ᠶᠠᠮᠠᠷ ᠪᠣᠢ?
ᠡᠪᠦᠯᠵᠢᠶ᠎ᠡ
ᠨᠤᠲᠤᠭ ᠤ᠋ᠨ ᠴᠢᠨᠢ ᠡᠪᠡᠰᠦ ᠪᠡᠯᠴᠢᠭᠡᠷ ᠰᠢᠮ᠎ᠡ ᠪᠡᠷ ᠶᠠᠮᠠᠷ ᠪᠣᠢ?
ᠡᠷᠦᠬᠡ
ᠭᠡᠷ ᠤᠷᠲᠤ ᠬᠠᠷᠰᠢ ᠴᠢᠨᠢ ᠳᠤᠯᠠᠭᠠᠨ ᠢ᠋ᠶ᠋ᠠᠷ ᠶᠠᠮᠠᠷ ᠪᠣᠢ?
ᠠᠮᠠᠨ ᠤ᠋
ᠤᠰᠤ ᠮᠠᠯ ᠤ᠋ᠨ ᠴᠠᠰᠤ ᠴᠢᠨᠢ ᠲᠣᠬᠢᠷᠠᠮᠵᠢ ᠪᠠᠷ ᠶᠠᠮᠠᠷ ᠪᠣᠢ?
ᠠᠷᠭᠠᠯ
ᠬᠣᠷᠭᠣᠯ ᠬᠥᠷᠵᠡᠩ ᠲᠦᠯᠡᠰᠢ ᠴᠢᠨᠢ ᠬᠠᠭᠤᠷᠠᠢ ᠪᠠᠷ ᠶᠠᠮᠠᠷ ᠪᠣᠢ?
ᠴᠢᠳᠥᠷ ᠦ᠋ᠨ
ᠮᠣᠷᠢ ᠤᠨᠤᠭᠠᠨ ᠤ᠋ ᠲᠡᠮᠡᠭᠡ ᠴᠢᠨᠢ ᠲᠠᠷᠭᠤ ᠪᠠᠷ ᠶᠠᠮᠠᠷ ᠪᠣᠢ?
ᠱᠥᠯᠦᠨ ᠦ᠌
ᠬᠣᠨᠢ ᠢᠳᠡᠰᠢᠨ ᠦ᠌ ᠦᠬᠡᠷ ᠴᠢᠨᠢ ᠥᠭᠡᠬᠦ ᠪᠡᠷ ᠶᠠᠮᠠᠷ ᠪᠣᠢ?
ᠰᠢᠨ᠎ᠡ
ᠵᠢᠯ ᠦ᠋ᠨ ᠪᠠᠶᠠᠷ ᠴᠡᠩᠭᠡᠯ ᠴᠢᠨᠢ ᠬᠥᠭᠵᠢᠶᠡᠨ ᠢ᠋ᠶ᠋ᠡᠷ ᠶᠠᠮᠠᠷ ᠪᠣᠢ?
ᠰᠢᠭᠦᠰᠦ
ᠬᠤᠷᠢᠮ ᠠᠷᠢᠬᠢ ᠰᠠᠷᠬᠤᠳ ᠴᠢᠨᠢ ᠨᠠᠶ᠋ᠢᠷ ᠢ᠋ᠶ᠋ᠠᠷ ᠶᠠᠮᠠᠷ ᠪᠣᠢ?
ᠦᠰᠦᠭ ᠠᠮᠢᠯᠠᠭᠤᠯᠤᠭᠴᠢ᠄ ᠣᠶᠤᠨᠴᠢᠮᠡᠭ
ᠬᠢᠨᠠᠭᠴᠢ ᠪᠠᠭᠰᠢ᠄ ᠣᠣᠬᠠᠭᠰᠣᠡ
