ᠲᠡᠮᠡᠭᠡ ᠶᠠᠭᠠᠬᠢᠭᠠᠳ ᠠᠷᠪᠠᠨ ᠬᠣᠶᠠᠷ ᠵᠢᠯ ᠳ᠋ᠦ᠍ ᠣᠷᠣᠭ᠎ᠠ ᠦᠭᠡᠢ ᠪᠣᠢТэмээ яагаад арван хоёр жилд ороогүй бэ
ᠲᠡᠮᠡᠭᠡ ᠶᠠᠭᠠᠬᠢᠭᠠᠳ ᠠᠷᠪᠠᠨ ᠬᠣᠶᠠᠷ ᠵᠢᠯ ᠳ᠋ᠦ᠍ ᠣᠷᠣᠭ᠎ᠠ ᠦᠭᠡᠢ ᠪᠣᠢ
ᠡᠷᠲᠡ ᠤᠷᠢᠳᠤ ᠶ᠋ᠢᠨ ᠴᠠᠭ ᠲᠤ᠌
ᠴᠠᠭ ᠳᠥᠩᠭᠡᠵᠢ
ᠡᠬᠢᠯᠡᠵᠦ ᠪᠠᠶ᠋ᠢᠬᠤ ᠳ᠋ᠤ᠌ ᠡᠪᠦᠭᠡ ᠳᠡᠭᠡᠳᠦᠰ ᠮᠠᠨᠢ ᠣᠨ ᠲᠣᠭᠠᠯᠠᠯ ᠊ᠢ ᠠᠷᠪᠠᠨ ᠬᠣᠶᠠᠷ ᠠᠮᠢᠲᠠᠨ ᠤ᠋ ᠨᠡᠷ᠎ᠡ ᠪᠡᠷ ᠨᠡᠷᠡᠯᠡᠬᠦ ᠪᠣᠯᠵᠠᠢ ᠭᠡᠨ᠎ᠡ ᠃
ᠢᠩᠭᠢᠭᠡᠳ ᠬᠤᠯᠤᠭᠠᠨ᠎ᠠ
ᠲᠡᠮᠡᠭᠡ ᠬᠣᠶᠠᠷ ᠠᠷᠪᠠᠨ ᠬᠣᠶᠠᠷ ᠵᠢᠯ ᠦ᠋ᠨ ᠨᠢᠭᠡ ᠶ᠋ᠢ ᠥᠪᠡᠷᠰᠡᠳ ᠦ᠋ᠨ
ᠠᠯᠳᠠᠷ ᠢ᠋ᠶ᠋ᠠᠷ ᠢ᠋ᠶ᠋ᠠᠨ ᠨᠡᠷᠡᠯᠡᠬᠦ
ᠭᠡᠵᠦ ᠮᠠᠰᠢᠳᠠ ᠶᠡᠬᠡ ᠮᠠᠷᠭᠤᠯᠳᠤᠵᠠᠢ ᠃
ᠲᠡᠭᠡᠭᠡᠳ ᠬᠡᠨ ᠨᠢ ᠴᠦ᠍ ᠳᠡᠶ᠋ᠢᠯᠬᠦ ᠦᠭᠡᠢ ᠪᠣᠯᠬᠣᠷ ᠤᠷᠭᠤᠬᠤ ᠶ᠋ᠢᠨ
ᠤᠯᠠᠭᠠᠨ ᠨᠠᠷᠠ ᠶ᠋ᠢ ᠤᠷᠢᠲᠠᠵᠤ
ᠦᠵᠡᠭᠰᠡᠨ ᠨᠢ
ᠠᠷᠪᠠᠨ ᠬᠣᠶᠠᠷ ᠵᠢᠯ ᠳ᠋ᠦ᠍
ᠣᠷᠣᠬᠤ ᠪᠠᠷ ᠲᠣᠬᠢᠷᠠᠯᠴᠠᠪᠠ ᠃
ᠬᠡᠭᠡᠷ᠎ᠡ ᠭᠠᠳᠠᠭ᠎ᠠ ᠬᠣᠨᠣᠨ᠎ᠠ
ᠭᠡᠬᠦ ᠪᠡᠷ
ᠬᠠᠷᠠᠩᠭᠤᠢ ᠠ᠋ᠴᠠ ᠳᠠᠩᠴᠤ
ᠠᠶᠤᠭᠠᠳ ᠪᠠᠶ᠋ᠢᠬᠤ ᠶᠤᠮ ᠭᠦᠶᠦᠭᠡ
ᠨᠦᠬᠡ ᠪᠡᠨ ᠪᠠᠷᠠᠭᠠᠳᠠᠶᠠ
ᠭᠡᠬᠦ ᠪᠡᠷ ᠤᠷᠭᠤᠬᠤ
ᠨᠠᠷᠠᠨ ᠠ᠋ᠴᠠ ᠬᠣᠵᠢᠮᠳᠠᠬᠤ ᠪᠠᠶ᠋ᠢᠬ᠎ᠠ ᠳᠠ
ᠥᠭᠭᠢᠶᠡᠮᠦᠷ ᠰᠡᠳᠬᠢᠯ ᠲᠡᠢ
ᠲᠡᠮᠡᠭᠡ ᠠᠬ᠎ᠠ ᠠ᠋
ᠥᠨᠳᠥᠷ ᠪᠦᠬᠦᠨ
ᠳᠡᠭᠡᠷ᠎ᠡ ᠪᠡᠨ ᠨᠠᠮ᠎ᠠ ᠶ᠋ᠢ
ᠭᠠᠷᠭᠠᠴᠢ ᠳᠠ
ᠬᠣᠯᠠ ᠶ᠋ᠢ ᠬᠠᠷᠠᠬᠤ ᠳ᠋ᠤ᠌
ᠲᠣᠯᠣᠭᠠᠢ ᠮᠢᠨᠢ
ᠬᠣᠶᠠᠷ ᠪᠦᠬᠦᠨ ᠡᠴᠡ ᠪᠡᠨ
ᠥᠨᠳᠥᠷ ᠪᠢᠯᠡ
ᠠᠶᠤᠮᠠᠬᠠᠢ ᠪᠢᠴᠢᠬᠠᠨ ᠬᠤᠯᠤᠭᠠᠨ᠎ᠠ ᠴᠢ ᠠᠪᠠᠷᠢᠭᠠᠳ
ᠥᠪᠡᠷ ᠢ᠋ᠶ᠋ᠡᠨ ᠭᠠᠷᠤ ᠳᠠ ᠬᠠᠷᠢᠨ
ᠨᠠᠷᠠ ᠤᠷᠭᠤᠬᠤ ᠵᠦᠭ ᠲᠦ᠍
ᠬᠠᠷᠠᠴᠠ ᠪᠠᠨ ᠬᠠᠨᠳᠤᠭᠤᠯᠵᠤ
ᠪᠣᠯᠬᠤ ᠦᠭᠡᠢ ᠰᠢᠦ
ᠲᠡᠭᠡᠭᠡᠳ ᠪᠢ
ᠶᠠᠭᠠᠬᠢᠬᠤ ᠶᠤᠮ ᠪᠣᠢ
ᠪᠠᠷᠠᠭᠤᠨ ᠵᠦᠭ ᠲᠦ᠍ ᠬᠠᠷᠠᠭᠤᠯ
ᠬᠠᠷ᠎ᠠ
ᠡᠢᠨ ᠬᠦ᠌ ᠨᠠᠷᠠ
ᠨᠢ ᠤᠷᠭᠤᠬᠤ
ᠴᠠᠭ ᠪᠣᠯᠬᠤ ᠳ᠋ᠤ᠌
ᠤᠷᠭᠤᠬᠤ ᠨᠠᠷᠠᠨ ᠤ᠋ ᠲᠤᠶᠠᠭ᠎ᠠ ᠶ᠋ᠢ
ᠤᠷᠲᠤ ᠠ᠋ᠴᠠ ᠪᠢ
ᠬᠠᠷᠠᠯ᠎ᠠ
ᠶᠠᠭᠤ ᠨᠠᠷᠠ
ᠪᠠᠷᠠᠭᠤᠨ ᠠ᠋ᠴᠠ ᠭᠠᠷᠤᠯ᠎ᠠ
ᠭᠡᠪᠡ ᠦᠦ
ᠵᠡᠭᠦᠨ ᠡᠴᠡ ᠨᠠᠷᠠ
ᠨᠢ
ᠤᠷᠭᠤᠬᠤ ᠳ᠋ᠤ᠌ ᠪᠠᠨ ᠪᠠᠷᠠᠭᠤᠨ
ᠠᠭᠤᠯᠠ ᠶ᠋ᠢᠨ ᠣᠷᠣᠢ ᠳ᠋ᠤ᠌ ᠭᠠᠯ ᠰᠢᠭ᠋
ᠤᠯᠠᠭᠠᠨ ᠲᠤᠶᠠᠭ᠎ᠠ ᠪᠠᠨ ᠳᠤᠰᠬᠠᠭᠰᠠᠭᠠᠷ ᠮᠠᠨᠳᠤᠳᠠᠭ ᠪᠢᠯᠡ ᠃
ᠢᠩᠭᠢᠭᠡᠳ
ᠤᠷᠭᠤᠬᠤ ᠶ᠋ᠢᠨ ᠤᠯᠠᠭᠠᠨ
ᠨᠠᠷᠠ ᠶ᠋ᠢ
ᠬᠤᠯᠤᠭᠠᠨ᠎ᠠ ᠡᠬᠢᠯᠡᠵᠦ ᠬᠠᠷᠠᠵᠠᠢ
᠃
ᠵᠢᠯ ᠳ᠋ᠦ᠍ ᠣᠷᠣᠭᠰᠠᠨ
ᠪᠦᠬᠦ ᠠᠮᠢᠲᠠᠳ
ᠠᠳᠠ ᠲᠠᠢ ᠵᠠᠯᠢ ᠲᠠᠢ ᠶ᠋ᠢ ᠨᠢ
ᠪᠢᠰᠢᠷᠡᠨ ᠵᠢᠯ ᠦ᠋ᠨ
ᠡᠬᠢᠨ ᠳ᠋ᠦ᠍ ᠣᠷᠣᠭᠤᠯᠤᠨ
ᠬᠤᠯᠤᠭᠠᠨ᠎ᠠ ᠠ᠋ᠴᠠ ᠬᠣᠶ᠋ᠢᠰᠢ
ᠴᠤᠪᠤᠷᠠᠨ ᠲᠣᠭᠠᠯᠠᠭᠳᠠᠬᠤ ᠪᠣᠯᠵᠠᠢ ᠃
ᠡᠢᠨ ᠬᠦ᠌ ᠬᠤᠯᠤᠭᠠᠨ᠎ᠠ
ᠠᠷᠪᠠᠨ ᠬᠣᠶᠠᠷ
ᠵᠢᠯ ᠳ᠋ᠦ᠍ ᠪᠠᠭᠲᠠᠨ
ᠠᠮᠤᠷ
ᠰᠠᠢᠬᠠᠨ ᠳ᠋ᠤ᠌ ᠪᠠᠨ ᠵᠢᠷᠭᠠᠵᠠᠢ ᠃
ᠬᠠᠷᠢᠨ ᠲᠡᠮᠡᠭᠡ ᠠᠷᠪᠠᠨ
ᠬᠣᠶᠠᠷ
ᠵᠢᠯ ᠦ᠋ᠨ ᠪᠦᠬᠦ
ᠰᠢᠨᠵᠢ ᠶ᠋ᠢ
ᠠᠭᠤᠯᠤᠭᠰᠠᠨ
ᠬᠤᠯᠤᠭᠠᠨ᠎ᠠ ᠴᠢᠬᠢ ᠲᠡᠢ
ᠦᠬᠡᠷ ᠦ᠋ᠨ ᠭᠡᠳᠡᠰᠦ ᠲᠡᠢ
ᠪᠠᠷᠰ ᠤ᠋ᠨ ᠲᠠᠪᠠᠭ ᠲᠠᠢ
ᠲᠠᠤᠯᠠᠢ ᠶ᠋ᠢᠨ ᠬᠠᠮᠠᠷ ᠲᠠᠢ
ᠯᠤᠤ ᠶ᠋ᠢᠨ ᠬᠦᠵᠦᠭᠦᠦ ᠲᠡᠢ
ᠮᠣᠭᠠᠢ ᠶ᠋ᠢᠨ ᠨᠢᠳᠦ ᠲᠡᠢ
ᠮᠣᠷᠢᠨ ᠳᠡᠯ ᠲᠡᠢ
ᠬᠣᠨᠢᠨ ᠨᠣᠣᠰᠣ ᠲᠠᠢ
ᠪᠡᠴᠢᠨ ᠪᠦᠬᠦ ᠲᠡᠢ
ᠲᠠᠬᠢᠶ᠎ᠠ ᠥᠷᠪᠡᠯᠭᠡ ᠲᠡᠢ
ᠨᠣᠬᠠᠢ ᠶ᠋ᠢᠨ ᠭᠤᠶ᠎ᠠ ᠲᠠᠢ
ᠭᠠᠬᠠᠢ ᠶ᠋ᠢᠨ ᠰᠡᠭᠦᠯ ᠲᠡᠢ
ᠪᠠᠶ᠋ᠢᠲᠠᠭ ᠭᠡᠨ᠎ᠡ
᠃
ᠦᠰᠦᠭ ᠠᠮᠢᠯᠠᠭᠤᠯᠤᠭᠴᠢ᠄ ᠨᠡᠷᠡᠨ᠎ᠡ
ᠦᠰᠦᠭ ᠬᠠᠲᠠᠭᠰᠠᠨ ᠨᠢ ᠄ ᠨᠡᠷᠡᠨ᠎ᠡ
ᠬᠢᠨᠠᠭᠴᠢ ᠄ ᠪᠠᠶᠠᠷᠴᠡᠴᠡᠭ ᠾᠦᠩ ᠸᠧᠢ ᠭᠠᠷᠮ᠎ᠠ
