ᠱ᠌ᠢᠷᠦ ᠲᠠᠢ ᠵᠠᠷᠠᠭ᠎ᠠ- ᠵᠢᠵᠢᠭ ᠺᠢᠨᠣ᠋Шүртэй зараа-жижиг кино
ᠱ᠌ᠢᠷᠦ ᠲᠠᠢ ᠵᠠᠷᠠᠭ᠎ᠠ
ᠡᠨᠡ ᠭᠣᠪᠢ ᠪᠣᠯ ᠮᠢᠨᠦ ᠲᠥᠷᠥᠭᠰᠡᠨ ᠨᠤᠲᠤᠭ᠂ ᠡᠨᠳᠡ ᠪᠠᠢᠭ᠎ᠠ ᠪᠦᠬᠦ ᠶᠠᠭᠤᠮ᠎ᠠ ᠮᠢᠨᠦᠬᠢ ᠭᠡᠰᠡᠨ ᠦᠭᠡ ᠰᠢᠦ ᠳᠡ᠂ ᠬᠡᠩ — ᠬᠠᠷᠠᠬᠤ ᠦᠭᠡᠢ ᠦᠦ? ᠲᠡᠷᠡ ᠬᠥᠮᠦᠰ ᠪᠣᠯ ᠮᠢᠨᠦ ᠢᠳᠡᠭᠡᠨ ᠤᠮᠳᠠ ᠶ᠋ᠢ ᠪᠡᠯᠡᠳᠴᠦ ᠥᠭᠳᠡᠭ ᠠᠮᠢᠲᠠᠳ᠂ ᠡᠨᠡ ᠳᠣᠣᠷ᠎ᠠ ᠢᠩᠭᠡ ᠰᠠᠭᠠᠵᠤ ᠪᠠᠢᠭ᠎ᠠ ᠶᠤᠮ᠃ ᠡᠳᠡ ᠨᠠᠷ ᠴᠢᠨᠢ ᠴᠢᠳᠠᠯ ᠦᠭᠡᠢ ᠠᠮᠢᠲᠠᠳ ᠠ᠋ ᠂ ᠬᠡᠳᠦᠬᠡᠨ ᠢᠩᠭᠡ ᠪᠡᠨ ᠰᠠᠭᠠᠨ᠎ᠠ ᠭᠡᠵᠦ ᠡᠳᠦᠷᠵᠢᠨ ᠬᠡᠨ ᠢᠶᠠᠨ ᠶᠠᠭᠤᠮ᠎ᠠ ᠪᠣᠯᠳᠠᠭ᠃
ᠪᠢ ᠴᠦ᠍ ᠪᠣᠯ ᠶᠠᠭᠠᠬᠢᠬᠤᠪ᠂ ᠳᠤᠷᠠᠲᠠᠢ ᠴᠠᠭ ᠲᠤ᠌ ᠪᠠᠨ ᠭᠡᠷ ᠲᠦ᠍ ᠣᠷᠣᠵᠤ ᠳᠤᠷᠠᠯᠠᠭᠰᠠᠨ ᠥᠷᠥᠮ᠎ᠡ ᠪᠡᠨ ᠢᠳᠡᠵᠦ ᠥᠭᠳᠡᠭ ᠳᠡ᠃
ᠪᠡᠶ᠎ᠡ ᠶ᠋ᠢᠨ ᠳᠡᠭᠡᠷ᠎ᠡ ᠪᠠᠢᠭ᠎ᠠ ᠱ᠌ᠢᠷᠦ ᠶ᠋ᠢ ᠬᠠᠷᠠᠭᠰᠠᠨ ᠪᠢᠵᠡ᠂ ᠡᠭᠦᠨ ᠢ᠋ ᠡᠨᠡ ᠨᠥᠬᠥᠷ ᠵᠡᠭᠦᠵᠦ ᠦᠭᠭᠦᠭᠰᠡᠨ ᠶᠦ᠍ᠮ᠂
ᠨᠡᠷ᠎ᠡ ᠶ᠋ᠢ ᠨᠢ ᠤᠤᠵᠢ ᠭᠡᠳᠡᠭ᠂ ᠶᠠᠳᠠᠭᠤ ᠪᠠᠢᠬᠤ ᠨᠢ ᠴᠦ᠍ ᠪᠠᠰᠠ ᠪᠤᠶᠠᠨ ᠰᠢᠦ᠂ ᠪᠠᠶᠠᠨ ᠬᠥᠮᠦᠨ ᠪᠠᠢᠭᠰᠠ ᠪᠣᠯ ᠱ᠌ᠢᠷᠦ ᠪᠡᠷ ᠳᠠᠷᠤᠵᠤ ᠠᠯᠠᠬᠤ ᠨᠢ ᠠ᠋᠃
ᠤᠤᠵᠢ ᠠ᠋᠂ ᠡᠨᠡ ᠮᠠᠭᠤ ᠬᠡᠦᠬᠡᠳ ᠬᠠᠮᠢᠭᠠᠰᠢ ᠪᠠᠨ ᠭᠦᠶᠦᠴᠢᠬᠡᠭᠰᠡᠨ ᠪᠣᠢ! ᠶᠠᠭᠠᠬᠢᠭᠠᠳ ᠥᠷᠥᠮ᠎ᠡ ᠶ᠋ᠢ ᠮᠢᠨᠢ ᠪᠦᠷ ᠪᠠᠯᠪᠠᠯᠴᠢᠬᠠᠪᠠ! ᠠ? ᠤᠤᠵᠢ ᠠ᠋᠂
ᠰᠣᠨᠢᠨ ᠶᠤᠮ ᠠ᠂ ᠰᠠᠶᠢ ᠯᠠ ᠥᠷᠥᠮ᠎ᠡ ᠶ᠋ᠢ ᠨᠢ ᠢᠳᠡᠵᠦ ᠦᠭᠭᠦᠭᠰᠡᠨ ᠪᠠᠢᠬᠤ ᠳ᠋ᠤ᠌ ᠣᠬᠢᠭᠠᠳ ᠥᠷᠥᠮ᠎ᠡ ᠢᠳᠡ ᠭᠡᠵᠦ ᠳᠠᠭᠤᠳᠠᠭᠠᠳ ᠪᠠᠢᠨ᠎ᠠ ᠤᠤ ᠳᠠ! ᠴᠠᠳᠤᠨ᠎ᠠ ᠬᠠᠨᠤᠨ᠎ᠠ ᠭᠡᠵᠦ ᠪᠠᠢᠳᠠᠭ ᠳᠠ᠃
—ᠣᠮᠪᠣᠯᠣ ᠮᠢᠨᠢ ᠢᠷᠡᠵᠦ ᠴᠠᠢ ᠪᠠᠨ ᠤᠤᠭᠤ!
— ᠦ
—ᠡᠵᠢ ᠠ᠋᠂ ᠪᠢ ᠬᠡᠵᠢᠶ᠎ᠡ ᠨᠢᠭᠡ ᠥᠪᠡᠷ ᠦ᠋ᠨ ᠭᠡᠰᠡᠨ ᠲᠣᠪᠰᠢᠭᠤᠷ ᠲᠠᠢ ᠪᠣᠯᠳᠠᠭ ᠪᠣᠯ᠂
— ᠢᠩᠭᠡᠨ ᠦ᠌ ᠪᠡᠨ ᠪᠤᠶᠠᠨ ᠢ᠋ᠶ᠋ᠠᠷ ᠪᠣᠯᠬᠤ ᠯᠠ ᠪᠠᠢᠯᠭᠦᠢ᠂ ᠪᠠᠰᠠ ᠠᠷᠪᠠᠭᠠᠳ ᠢᠩᠭᠡ ᠰᠠᠭᠠᠵᠤ ᠪᠠᠢᠬᠤ ᠶᠤᠮ
ᠴᠢᠨᠢ᠃
—ᠲᠡᠷᠡ ᠴᠢᠨᠢ ᠬᠡᠵᠢᠶ᠎ᠡ ᠶᠦ᠍ᠮ ᠪᠣᠢ!
— ᠤᠳᠠᠬᠤ ᠦᠭᠡᠢ!
ᠬᠥᠭᠡᠷᠦᠬᠦᠢ᠂ ᠬᠥᠭᠡᠷᠦᠬᠦᠢ! ᠡᠳᠡ ᠴᠢᠨᠢ ᠮᠠᠷᠭᠠᠰᠢ ᠠ᠋ᠴᠠ ᠨᠠᠳᠠ ᠳ᠋ᠤ᠌ ᠪᠦᠷ ᠶᠡᠬᠡ ᠰᠠᠭᠠᠯᠢ ᠬᠢᠬᠦ ᠭᠡᠵᠦ ᠶᠠᠷᠢᠯᠴᠠᠵᠤ
ᠪᠠᠢᠬᠤ ᠨᠢ ᠠ᠋᠂ ᠬᠢ ᠬᠢ᠂ ᠰᠠᠢᠨ ᠯᠠ ᠪᠠᠢᠨ᠎ᠠ᠂ ᠮᠠᠷᠭᠠᠰᠢ ᠭᠡᠬᠦ ᠳ᠋ᠦ᠍ ᠬᠥᠨᠳᠡᠢ ᠳᠦᠭᠦᠷᠡᠩ ᠰᠦ᠂ ᠠᠭᠤᠯᠠ ᠰᠢᠭ᠋ ᠥᠨᠳᠥᠷ ᠥᠷᠥᠮ᠎ᠡ ᠬᠢᠭᠰᠡᠨ ᠪᠠᠢᠭᠠᠷᠠᠢ᠂
— ᠮᠠᠷᠭᠠᠰᠢ ᠣᠲᠣᠷ ᠠ᠋ᠴᠠ ᠪᠠᠨ ᠪᠤᠴᠠᠨ᠎ᠠ᠂ ᠡᠷᠲᠡᠬᠡᠨ ᠴᠠᠢ ᠪᠠᠨ ᠤᠤᠭᠤᠭᠠᠳ ᠠᠮᠠᠷᠠᠶ᠎ᠠ᠃
— ᠡᠮᠡᠭᠡ ᠠ᠋᠂ ᠲᠡᠭᠡᠪᠡᠯ ᠮᠢᠨᠦ ᠵᠠᠷᠠᠭ᠎ᠠ ᠶ᠋ᠢ ᠶᠠᠭᠠᠬᠢᠬᠤ ᠶᠤᠮ ᠪᠣᠢ?
— ᠭᠣᠪᠢ ᠶ᠋ᠢᠨ ᠶᠠᠭᠤᠮ᠎ᠠ ᠶ᠋ᠢ ᠭᠣᠪᠢ ᠳ᠋ᠤ᠌ ᠨᠢ ᠣᠷᠭᠢ ᠠ᠋!
ᠠᠢ
— ᠵᠠ ᠵᠠ᠂ ᠪᠢᠳᠡ ᠣᠲᠣᠷ ᠪᠤᠴᠠᠯ᠎ᠠ᠂ ᠴᠢ ᠬᠠᠷᠢᠨ ᠡᠨᠳᠡ ᠪᠡᠨ ᠰᠠᠢᠨ ᠰᠠᠭᠤᠵᠤ ᠪᠠᠢᠭᠠᠷᠠᠢ!
ᠡᠳᠡ ᠨᠠᠷ ᠴᠢᠨᠢ ᠬᠠᠷᠢᠨ ᠪᠦᠷ ᠶᠡᠬᠡ ᠰᠠᠭᠠᠯᠢ ᠬᠢᠬᠦ ᠪᠡᠷ ᠪᠦᠷ ᠣᠯᠠᠨ ᠲᠡᠮᠡᠭᠡ ᠠᠪᠴᠢᠷᠠᠬᠤ ᠪᠠᠷ ᠶᠠᠪᠤᠯ᠎ᠠ ᠳᠠ᠃ ᠵᠠ ᠵᠠ᠂ ᠬᠤᠷᠳᠤᠨ ᠶᠠᠪᠤᠭᠠᠳ ᠬᠤᠷᠳᠤᠨ ᠢᠷᠡᠭᠡᠷᠡᠢ!
ᠬᠦᠢ᠂ ᠨᠥᠬᠥᠭᠡ ᠲᠡᠮᠡᠭᠡᠨ ᠳ᠋ᠦ᠍ ᠶᠠᠪᠤᠭᠰᠠᠨ ᠨᠥᠬᠥᠳ ᠶᠠᠭᠠᠬᠢᠴᠢᠬᠠᠪᠠ? ᠰᠦᠨ ᠳᠠᠯᠠᠢ ᠦᠷᠦᠮᠡᠨ ᠠᠭᠤᠯᠠ ᠭᠡᠳ ᠪᠠᠢᠭᠰᠠᠨ ᠴᠢᠨᠢ ᠠᠷᠠᠢ ᠴᠤ᠌ ᠢᠩᠭᠢᠵᠦ ᠤᠳᠠᠨ᠎ᠠ ᠭᠡᠵᠦ ᠪᠠᠢᠳᠠᠭ ᠦᠭᠡᠢ ᠯᠡ ᠶᠦ᠍ᠮ ᠳᠠ ᠂ ᠲᠥᠭᠡᠷᠢᠴᠢᠬᠡᠭᠰᠡᠨ ᠶᠦ᠍ᠮ ᠪᠠᠢᠬᠤ ᠳᠠ! ᠶᠠᠭᠠᠬᠢᠨ᠎ᠠ ᠂ ᠶᠠᠭᠠᠬᠢᠨ᠎ᠠ ᠨᠠᠳᠠ ᠶ᠋ᠢ ᠦᠭᠡᠢ ᠪᠡᠷ ᠠᠮᠢᠳᠤᠷᠠᠬᠤ ᠦᠭᠡᠢ ᠳᠠ ᠲᠡᠳᠡ᠃
ᠡᠨᠡ ᠰᠠᠯᠬᠢ ᠰᠢᠷᠣᠢ ᠶ᠋ᠢᠨ ᠶᠡᠬᠡ ᠭᠡᠵᠦ ᠳᠠ᠂ ᠨᠠᠮ᠎ᠠ ᠶ᠋ᠢ ᠪᠤᠯᠠᠭᠠᠳ ᠬᠠᠶᠠᠬᠤ ᠨᠢ ᠠ᠋!
ᠰᠦᠨ ᠳᠠᠯᠠᠢ ᠥᠷᠥᠮᠡᠨ ᠠᠭᠤᠯᠠ ᠴᠤ᠌ ᠭᠡᠵᠦ ᠳᠠ᠂ ᠬᠣᠷᠣᠬᠠᠢ ᠰᠢᠪᠠᠵᠢ ᠢᠳᠡᠬᠦ ᠳ᠋ᠦ᠍ ᠪᠡᠨ ᠬᠦᠷᠴᠦ ᠪᠠᠢᠨ᠎ᠠ᠃
ᠠᠢ! ᠶᠠᠭᠠᠬᠢᠭᠰᠠᠨ ᠬᠦᠢᠲᠡᠨ ᠪᠣᠢ? ᠵᠠᠷᠠᠭ᠎ᠠ ᠨᠠᠮ᠎ᠠ ᠶ᠋ᠢ ᠴᠦ᠍ ᠬᠥᠯᠳᠡᠭᠡᠵᠦ ᠠᠯᠠᠬᠤ ᠨᠢ ᠠ᠋᠂ ᠡᠨᠡ ᠲᠩᠷᠢ ᠶ᠋ᠢᠨ ᠴᠢᠷᠠᠢ ᠪᠠᠷ ᠬᠤᠷ᠎ᠠ ᠪᠠᠭᠤᠵᠤ ᠮᠠᠭᠠᠳ ᠶᠤᠮ᠃ ᠦᠨᠦᠷ ᠨᠢ ᠠᠷᠢᠯᠤᠭ᠎ᠠ ᠦᠭᠡᠢ ᠳᠡᠭᠡᠷ᠎ᠡ ᠬᠤᠷᠳᠤᠬᠠᠨ ᠮᠥᠷᠳᠡᠬᠦ ᠡᠴᠡ
ᠠᠢ —
ᠬᠠ — ᠬᠥᠨᠳᠡᠢ ᠳᠦᠭᠦᠷᠡᠩ ᠰᠦ ᠭᠡᠳ ᠪᠠᠢᠭᠰᠠᠨ ᠴᠢᠨᠢ ᠡᠢᠮᠦ ᠶᠡᠬᠡ ᠪᠠᠢᠳᠠᠭ ᠶᠤᠮ ᠪᠠᠢᠵᠠᠢ᠃ ᠵᠠ ᠵᠠ ᠂ ᠡᠨᠡ ᠨᠠᠰᠤᠨ ᠳ᠋ᠤ᠌ ᠪᠠᠨ ᠴᠠᠩᠭᠠᠨᠠ ᠭᠡᠳᠡᠭ ᠢ᠋ ᠮᠡᠳᠡᠬᠦ ᠦᠭᠡᠢ ᠯᠡ ᠶᠠᠪᠤᠬᠤ ᠶᠤᠮ ᠪᠠᠢᠨ᠎ᠠ ᠳᠠ!
ᠬᠥᠭᠡᠷᠦᠬᠦᠢ ᠬᠥᠭᠡᠷᠦᠬᠦᠢ! ᠡᠨᠡ ᠬᠡᠳᠦᠨ ᠮᠠᠭᠤ ᠠᠮᠢᠲᠠᠳ ᠬᠠᠮᠢᠭ᠎ᠠ ᠶᠠᠪᠤᠭᠰᠠᠨ ᠴᠤ᠌ ᠰᠦ ᠡᠷᠭᠦᠵᠦ ᠰᠦ ᠰᠠᠭᠠᠯᠢ ᠬᠢᠳᠡᠭ ᠯᠡ ᠪᠣᠯᠤᠯᠲᠠᠢ᠃ ᠶᠠᠪᠤᠭᠰᠠᠨ ᠮᠥᠷ ᠪᠦᠬᠦᠨ ᠨᠢ ᠰᠦᠨ ᠦ᠌ ᠦᠨᠦᠷ᠃ ᠡᠨᠡ ᠦᠨᠦᠷ ᠢᠶᠠᠨ ᠠᠯᠳᠠᠬᠤ ᠦᠭᠡᠢ ᠪᠣᠯ
— ᠪᠢ ᠲᠠ ᠨᠠᠷ ᠢ᠋ ᠣᠯᠤᠭᠠᠳ ᠠᠪᠤᠨ᠎ᠠ ᠳᠠ! ᠬᠠᠢ ᠂ ᠬᠣᠯᠠ ᠠ᠋ᠴᠠ ᠬᠠᠷᠠᠬᠤ ᠳ᠋ᠤ᠌ ᠳᠣᠪᠣ ᠲᠡᠳᠦᠢ ᠶᠠᠭᠤᠮ᠎ᠠ ᠪᠠᠢᠭᠰᠠᠨ ᠴᠢᠨᠢ ᠂ ᠬᠠᠷᠢᠨ ᠣᠢᠷᠠᠲᠤᠭᠠᠳ ᠢᠷᠡᠭᠰᠡᠨ ᠴᠢᠨᠢ ᠪᠠᠰᠠ ᠳᠠᠪᠠᠵᠤ ᠴᠢᠳᠠᠬᠤ ᠦᠭᠡᠢ ᠨᠢ ᠠ᠋! ᠠᠭᠤᠯᠠ ᠰᠢᠭ᠋ ᠥᠨᠳᠥᠷ ᠥᠷᠥᠮ᠎ᠡ ᠭᠡᠳ ᠪᠠᠢᠳᠠᠭ ᠨᠢ ᠠᠷᠠᠢ ᠶᠡᠬᠡ ᠰᠠᠨᠠᠴᠢᠬᠠ ᠶᠤᠮ ᠳᠠ!
ᠠᠢ — ᠦ — ᠬᠠᠢ — ᠬᠡᠢ — ᠢ —
ᠬᠤᠢ᠂ ᠡᠨᠡ ᠲᠩᠷᠢ ᠴᠢᠨᠢ ᠨᠠᠮ᠎ᠠ ᠶ᠋ᠢ ᠢᠷᠡᠬᠦ ᠪᠡᠷ ᠨᠢᠭᠤᠷ ᠠᠮᠠ ᠪᠠᠨ ᠪᠣᠳᠣᠴᠢᠬᠠᠵᠠᠢ᠃ ᠪᠠᠶᠠᠷᠯᠠᠵᠤ ᠪᠠᠢᠭ᠎ᠠ ᠴᠢᠷᠠᠢ ᠨᠢ ᠡᠨᠡ ᠪᠢᠵᠡ ᠂
ᠬᠢ! ᠲᠡᠮᠡᠭᠡᠨ ᠰᠦᠷᠦᠭ ᠢᠩᠭᠢᠭᠡᠳ ᠲᠠ ᠨᠠᠷ ᠨᠠᠳᠠ ᠳ᠋ᠤ᠌ ᠣᠯᠳᠠᠵᠤ ᠪᠠᠢᠭ᠎ᠠ ᠶᠤᠮ ᠳᠠ ᠂ ᠬᠠᠷᠢᠨ ᠠᠵᠠ ᠪᠠᠷ ᠪᠢ ᠪᠣᠷᠣᠭᠠᠨ ᠬᠤᠷ᠎ᠠ ᠠ᠋ᠴᠠ ᠡᠮᠦᠨ᠎ᠡ ᠠᠮᠵᠢᠵᠤ ᠰᠦᠨ ᠦ᠌ ᠦᠨᠦᠷ ᠢ᠋ᠶ᠋ᠡᠷ ᠨᠥᠭᠥᠭᠡ ᠬᠡᠳᠦ ᠶ᠋ᠢ ᠪᠡᠨ ᠣᠯᠴᠢᠬᠠᠵᠤ ᠪᠢᠯᠡ᠃
— ᠤᠤᠵᠢ ᠴᠢ ᠬᠠᠷ᠎ᠠ ᠳᠠ! ᠨᠥᠭᠥᠭᠡ ᠱ᠌ᠢᠷᠦ ᠵᠡᠭᠦᠯᠭᠡᠭᠰᠡᠨ ᠵᠠᠷᠠᠭ᠎ᠠ ᠴᠢᠨᠢ ᠮᠠᠨᠤᠰ ᠢ᠋ ᠡᠷᠢᠭᠡᠳ ᠢᠷᠡᠴᠢᠬᠡᠯ᠎ᠡ᠃ ᠮᠥᠨ ᠪᠠᠢᠨ᠎ᠠ ᠂ ᠦᠵᠡ ᠂ ᠶᠠᠮᠠᠷ ᠬᠥᠭᠡᠷᠦᠬᠦᠨ ᠪᠣᠢ! ᠡᠢᠮᠦ ᠵᠢᠭᠠᠬᠠᠨ ᠠᠮᠢᠲᠠᠨ ᠲᠡᠷᠡ ᠬᠣᠯᠠ ᠠ᠋ᠴᠠ ᠶᠠᠭᠠᠬᠢᠵᠤ ᠢᠷᠡᠭᠰᠡᠨ ᠪᠣᠯ ᠳᠠ! ᠦᠵᠡ ᠂ ᠠ᠋ ᠬᠡ
ᠲᠡᠷᠡ ᠠ᠋ ᠂ ᠲᠡᠷᠡ ᠠ᠋! ᠬᠠ!ᠪᠤᠷᠤᠭᠤ ᠪᠠᠨ ᠮᠡᠳᠡᠭᠡᠳ ᠪᠠᠢᠭ᠎ᠠ ᠴᠢᠷᠠᠢ ᠨᠢ ᠡᠢᠮᠦ ᠪᠠᠢᠯᠭᠦᠢ ᠂ ᠠᠭᠤᠴᠢᠯᠠᠬᠤ ᠡᠴᠡ ᠁
ᠬᠠᠰᠢ ᠯᠠ ᠮᠠᠨ ᠤ᠋ ᠬᠡᠳᠦ ᠶ᠋ᠢᠨ ᠬᠢᠭᠰᠡᠨ ᠥᠷᠥᠮ᠎ᠡ ᠰᠢᠦ ᠳᠠ᠂
—ᠤᠤᠵᠢ ᠴᠢᠨᠦ ᠡᠨᠡ ᠮᠠᠭᠤ ᠵᠠᠷᠠᠭ᠎ᠠ ᠬᠠᠲᠠᠭᠠᠭᠰᠠᠨ ᠥᠷᠥᠮ᠎ᠡ ᠶ᠋ᠢ ᠪᠠᠯᠪᠠᠴᠢᠭᠠᠳ ᠪᠠᠢᠭᠰᠠᠨ ᠶᠤᠮ ᠪᠠᠢᠵᠠᠢ ᠰᠢᠦ ᠳᠡ!
— ᠡᠵᠢ ᠠ᠋ ᠂ ᠲᠡᠭᠡᠭᠰᠡᠭᠡᠷ ᠪᠢ ᠳᠠᠬᠢᠵᠤ ᠥᠷᠥᠮ᠎ᠡ ᠢᠳᠡᠬᠦ ᠦᠭᠡᠢ᠂ ᠪᠦᠭᠦᠳᠡ ᠶ᠋ᠢ ᠮᠢᠨᠦ ᠵᠠᠷᠠᠭᠠᠨ ᠳ᠋ᠤ᠌ ᠢᠳᠡᠭᠦᠯᠴᠢᠬᠡ!
— ᠵᠠ ᠵᠠ
ᠵᠠᠷᠠᠭ᠎ᠠ ᠵᠠᠷᠠᠭ᠎ᠠ ᠵᠠᠷᠠᠭ ᠵᠠᠷᠠᠭ
ᠵᠠᠷᠠᠭ᠎ᠠ ᠵᠠᠷᠠᠭ᠎ᠠ ᠵᠠᠷᠠᠭ ᠵᠠᠷᠠᠭ
ᠵᠠᠭ ᠤᠨ ᠳᠣᠣᠭᠤᠷ ᠪᠣᠯᠳᠠᠭ ᠪᠣᠯᠳᠠᠭ
ᠵᠠᠭ ᠤᠨ ᠳᠣᠣᠭᠤᠷ ᠪᠣᠯᠳᠠᠭ ᠪᠣᠯᠳᠠᠭ
ᠪᠠᠯᠠᠷ ᠤ᠋ᠨ ᠭᠦᠨ ᠳ᠋ᠦ᠍ ᠪᠠᠯᠳᠠᠭ ᠪᠠᠯᠳᠠᠭ
ᠪᠠᠯᠠᠷ ᠤ᠋ᠨ ᠭᠦᠨ ᠳ᠋ᠦ᠍ ᠪᠠᠯᠲᠠᠭ ᠪᠠᠯᠲᠠᠭ
ᠪᠠᠰᠠ ᠴᠠᠭᠠᠱᠢ ᠪᠠᠨ ᠪᠥᠮᠪᠥᠷ ᠪᠥᠮᠪᠥᠷ
ᠪᠠᠰᠠ ᠴᠠᠭᠠᠱᠢ ᠪᠠᠨ ᠪᠥᠮᠪᠥᠷ ᠪᠥᠮᠪᠥᠷ
ᠵᠠᠷᠠᠭ᠎ᠠ ᠵᠠᠷᠠᠭ᠎ᠠ ᠵᠠᠷᠠᠭ ᠵᠠᠷᠠᠭ
ᠵᠠᠷᠠᠭ᠎ᠠ ᠵᠠᠷᠠᠭ᠎ᠠ ᠵᠠᠷᠠᠭ ᠵᠠᠷᠠᠭ
ᠵᠡᠷᠭᠡᠯᠭᠡᠨ ᠳᠣᠲᠣᠷ᠎ᠠ ᠵᠢᠷᠢᠰ ᠵᠢᠷᠢᠰ
ᠵᠡᠷᠭᠡᠯᠭᠡᠨ ᠳᠣᠲᠣᠷ᠎ᠠ ᠵᠢᠷᠢᠰ ᠵᠢᠷᠢᠰ
ᠡᠯᠡᠰᠦᠨ ᠳᠡᠭᠡᠭᠦᠷ ᠡᠷᠲᠡᠭ ᠡᠷᠲᠡᠭ
ᠡᠯᠡᠰᠦᠨ ᠳᠡᠭᠡᠭᠦᠷ ᠡᠷᠲᠡᠭ ᠡᠷᠲᠡᠭ
ᠡᠷᠭᠢᠵᠦ ᠬᠠᠷᠠᠭᠠᠳ ᠠᠷᠵᠠᠭ ᠠᠷᠵᠠᠭ
ᠡᠷᠭᠢᠵᠦ ᠬᠠᠷᠠᠭᠠᠳ ᠠᠷᠵᠠᠭ ᠠᠷᠵᠠᠭ
ᠦᠰᠦᠭ ᠠᠮᠢᠯᠠᠭᠤᠯᠤᠭᠰᠠᠨ ᠨᠢ ᠄ᠮᠥᠩᠭᠦᠨᠴᠡᠴᠡᠭ
ᠦᠰᠦᠭ ᠬᠠᠲᠠᠭᠰᠠᠨ ᠨᠢ᠄ᠲᠣᠳᠣᠭᠡᠷᠡᠯ
ᠬᠢᠨᠠᠭᠴᠢ ᠪᠠᠭᠰᠢ ᠄ ᠠᠯᠲᠠ ᠠᠭᠤᠯᠠ
