ᠲᠡᠮᠦᠵᠢᠨ ᠡᠷᠳᠡᠮ ᠢ᠋ᠶ᠋ᠡᠷ ᠢᠲᠡᠭᠡᠯᠲᠦ ᠨᠥᠬᠥᠷ ᠢ ᠣᠯᠪᠠТэмүжин эрдмээр итгэлт нөхрийг олов ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠡᠮᠦᠵᠢᠨ ᠡᠷᠳᠡᠮ ᠢ᠋ᠶ᠋ᠡᠷ ᠢᠲᠡᠭᠡᠯᠲᠦ ᠨᠥᠬᠥᠷ ᠢ ᠣᠯᠪᠠТэмүжин эрдмээр итгэлт нөхрийг олов

ᠲᠡᠮᠦᠵᠢᠨ ᠡᠷᠳᠡᠮ ᠢ᠋ᠶ᠋ᠡᠷ ᠢᠲᠡᠭᠡᠯᠲᠦ ᠨᠥᠬᠥᠷ ᠢ ᠣᠯᠪᠠТэмүжин эрдмээр итгэлт нөхрийг олов

2023-05-15

584

ᠲᠡᠮᠦᠵᠢᠨ ᠡᠷᠳᠡᠮ ᠢ᠋ᠶ᠋ᠡᠷ ᠢᠲᠡᠭᠡᠯᠲᠦ ᠨᠥᠬᠥᠷ ᠢ ᠣᠯᠪᠠ

ᠨᠢᠭᠡᠨ ᠡᠳᠦᠷ ᠲᠡᠮᠦᠵᠢᠨ ᠦ᠌ ᠨᠠᠢ᠍ᠮᠠᠨ ᠰᠢᠷᠭ᠎ᠠ ᠠᠭᠲᠠ ᠶ᠋ᠢ ᠳᠡᠭᠡᠷᠡᠮ ᠲᠠᠭᠤᠵᠤ ᠣᠳᠪᠠ᠃ ᠲᠡᠮᠦᠵᠢᠨ ᠡᠪᠡᠰᠦᠨ ᠦ᠌ ᠨᠠᠯᠠᠷᠬᠠᠢ ᠪᠠᠷ ᠮᠥᠷ ᠮᠥᠰᠬᠢᠵᠦ ᠭᠤᠷᠪᠠᠨ ᠬᠣᠨᠣᠭ ᠡᠷᠢᠵᠦ ᠶᠠᠪᠤᠭᠠᠳ ᠨᠢᠭᠡᠨ ᠶᠡᠬᠡ ᠪᠠᠭᠤᠳᠠᠯ ᠤ᠋ᠨ ᠡᠮᠦᠨ᠎ᠡ ᠬᠦᠷᠬᠦ ᠳ᠋ᠦ᠍ ᠲᠡᠨᠳᠡ ᠬᠡᠳᠦᠨ ᠮᠢᠩᠭᠠᠨ ᠠᠳᠤᠭᠤ ᠬᠤᠷᠠᠭᠰᠠᠨ ᠪᠠᠶ᠋ᠢᠪ ᠃ ᠪᠠᠭᠤᠳᠠᠯ ᠤ᠋ᠨ ᠳᠣᠲᠣᠷ᠎ᠠ ᠨᠢᠭᠡᠨ ᠬᠦᠳᠡᠷ ᠴᠢᠬᠢᠷᠡᠭ ᠵᠠᠯᠠᠭᠤ᠂ ᠬᠤᠷᠴᠠ ᠬᠢᠲᠤᠭ᠎ᠠ ᠪᠠᠷᠢᠵᠤ ᠦᠬᠡᠷ ᠲᠤᠶᠠᠴᠢᠵᠤ ᠪᠠᠶ᠋ᠢᠵᠠᠢ᠃ ᠲᠡᠮᠦᠵᠢᠨ ᠥᠪᠡᠷ ᠦ᠋ᠨ ᠨᠠᠢ᠍ᠮᠠᠨ ᠰᠢᠷᠭ᠎ᠠ ᠨᠢ ᠡᠨᠡ ᠠᠳᠤᠭᠤᠨ ᠳ᠋ᠤ᠌ ᠪᠠᠶ᠋ᠢᠬᠤ ᠪᠣᠯᠪᠠ ‍ᠤᠤ ? ᠭᠡᠮᠡᠨ ᠠᠵᠢᠶᠠᠷᠠᠨ ᠦᠵᠡᠲᠡᠯ᠎ᠡ ᠲᠡᠷᠡ ᠵᠠᠯᠠᠭᠤ ᠢᠯᠳᠦ ᠪᠠᠷᠢᠵᠤ ᠮᠣᠷᠢᠨ ᠳ᠋ᠠᠭᠠᠨ ᠠᠯᠠᠪᠬᠢᠨ ᠮᠣᠷᠳᠠᠵᠤ ᠢᠷᠡᠭᠡᠳ᠄ 《 ᠴᠢ ᠬᠠᠮᠢᠭ᠎ᠠ ᠠ᠋ᠴᠠ ᠢᠷᠡᠭᠰᠡᠨ ᠠᠯᠢ ᠠᠶ᠋ᠢᠮᠠᠭ ᠤ᠋ᠨ ᠬᠥᠮᠦᠨ ᠪᠣᠢ? ᠶᠠᠭᠤᠨ ᠳ᠋ᠤ᠌ ᠠᠶᠤᠮᠰᠢᠭ ᠦᠭᠡᠢ ᠮᠢᠨᠦ ᠠᠳᠤᠭᠤ ᠶ᠋ᠢ ᠰᠠᠮ ᠠᠵᠢᠬᠤ ᠪᠣᠢ? 》 ᠭᠡᠮᠡᠨ ᠵᠠᠩᠳᠠᠨ ᠠᠰᠠᠭᠤᠪᠠ᠃ ᠲᠡᠮᠦᠵᠢᠨ ᠢᠨᠢᠶᠡᠨ᠄
《 ᠪᠣᠷᠵᠢᠭᠢᠨ ᠣᠪᠣᠭ ᠤ᠋ᠨ ᠲᠡᠮᠦᠵᠢᠨ ᠭᠡᠭᠴᠢ ᠪᠢ ᠮᠥᠨ᠃ ᠨᠠᠢ᠍ᠮᠠᠨ ᠰᠢᠷᠭ᠎ᠠ ᠠᠭᠲᠠ ᠪᠠᠨ ᠠᠯᠳᠠᠭᠠᠳ ᠡᠷᠢᠵᠦ ᠶᠠᠪᠤᠨ᠎ᠠ᠂ ᠡᠷᠬᠢᠮ ᠲᠠ ᠰᠤᠷᠠᠭ ᠰᠣᠨᠣᠰᠪᠠ ‍ᠤᠤ? 》 ᠭᠡᠵᠦ ᠠᠰᠠᠭᠤᠪᠠ᠃ ᠲᠡᠷᠡ ᠵᠠᠯᠠᠭᠤ ᠪᠣᠷᠵᠢᠭᠢᠨ ᠣᠪᠣᠭ ᠤ᠋ᠨ ᠲᠡᠮᠦᠵᠢᠨ ᠭᠡᠰᠡᠨ ᠊ᠢ ᠰᠣᠨᠣᠰᠤᠭᠠᠳ ᠠᠯᠠᠰᠬᠢᠨ ᠪᠠᠶᠠᠷᠯᠠᠵᠤ ᠄
《 ᠰᠤᠷᠠᠭ ᠰᠣᠨᠣᠰᠬᠤ ᠶ᠋ᠢ ᠪᠠᠶ᠋ᠢᠲᠤᠭᠠᠢ ᠂ ᠪᠢ ᠨᠢᠳᠦ ᠪᠡᠷ ᠦᠵᠡᠪᠡ᠃ ᠲᠦᠷ ᠪᠠᠶ᠋ᠢᠵᠠ ᠂ ᠪᠢ ᠤᠷᠢᠳᠠ ᠪᠠᠷ ᠴᠢᠮ᠎ᠠ ᠠ᠋ᠴᠠ ᠬᠡᠳᠦᠨ ᠦᠭᠡ ᠠᠰᠠᠭᠤᠶ᠎ᠠ ᠄ ᠬᠥᠮᠦᠰ ᠴᠢᠮ᠎ᠠ ᠶ᠋ᠢ ᠴᠠᠭᠯᠠᠰᠢ ᠦᠭᠡᠢ ᠰᠡᠴᠡᠨ ᠮᠡᠷᠭᠡᠨ᠂ ᠲᠡᠩᠴᠡᠰᠢ ᠦᠭᠡᠢ ᠲᠡᠮᠦᠵᠢᠨ᠂ ᠬᠣᠶ᠋ᠢᠴᠢ ᠡᠳᠦᠷ ᠬᠣᠯᠠ ᠣᠶ᠋ᠢᠷ᠎ᠠ ᠶ᠋ᠢ ᠬᠤᠷᠢᠶᠠᠵᠤ ᠬᠣᠣᠰ ᠦᠭᠡᠢ ᠬᠠᠭᠠᠨ ᠰᠠᠭᠤᠨ᠎ᠠ ᠭᠡᠵᠦ ᠬᠡᠯᠡᠯᠴᠡᠨ᠎ᠡ ᠪᠢᠯᠡ᠃ ᠡᠷᠬᠢᠮ ᠴᠢᠮ᠎ᠠ ᠳ᠋ᠤ᠌ ᠬᠡᠳᠦᠨ ᠬᠥᠪᠴᠢᠲᠦ ᠨᠤᠮᠤ ᠲᠠᠲᠠᠬᠤ᠂ ᠬᠡᠳᠦᠢ ᠬᠦᠨᠳᠦ ᠴᠢᠯᠠᠭᠤ ᠡᠷᠭᠦᠬᠦ ᠬᠦᠴᠦᠨ ᠲᠡᠢ ᠪᠣᠢ? 》 ᠭᠡᠵᠦ ᠠᠰᠠᠭᠤᠪᠠ᠃ ᠲᠡᠮᠦᠵᠢᠨ ᠲᠡᠷᠡ ᠵᠠᠯᠠᠭᠤ ᠶ᠋ᠢ ᠪᠠᠭᠠᠲᠤᠷ ᠬᠦᠴᠦᠲᠡᠨ ᠮᠥᠨ ᠭᠡᠮᠡᠨ ᠲᠠᠨᠢᠭᠠᠳ᠄
《 ᠲᠦᠮᠡᠨ ᠊ᠢ ᠬᠤᠷᠢᠶᠠᠵᠤ ᠲᠥᠷᠥ ᠶ᠋ᠢ ᠲᠣᠭᠲᠠᠭᠠᠬᠤ ᠳ᠋ᠤ᠌ ᠢᠳᠡ ᠬᠦᠴᠦᠨ ᠊ᠢ ᠲᠦᠰᠢᠳᠡᠭ ᠪᠢᠰᠢ᠂ ᠢᠲᠡᠭᠡᠯ ᠡᠷᠳᠡᠮ ᠬᠣᠶᠠᠷ ᠲᠤ᠌ ᠲᠦᠰᠢᠳᠡᠭ ᠶᠦ᠍ᠮ᠃ ᠳᠡᠯᠡᠬᠡᠢ ᠳ᠋ᠠᠬᠢᠨ ᠊ᠢ ᠵᠠᠰᠠᠬᠤ ᠭᠡᠳᠡᠭ ᠮᠥᠨ ᠡᠨᠡ ᠦᠬᠡᠷ ᠲᠤᠶᠠᠴᠢᠬᠤ ᠲᠠᠢ ᠠᠳᠠᠯᠢ ᠶᠣᠰᠣ ᠪᠢᠯᠡ᠃ ᠦᠬᠡᠷ ᠲᠤᠶᠠᠴᠢᠵᠤ ᠴᠢᠳᠠᠬᠤ ᠦᠭᠡᠢ ᠬᠥᠮᠦᠨ ᠦ᠌ ᠨᠢᠳᠦᠨ ᠳ᠋ᠦ᠍ ᠪᠣᠯ ᠡᠨᠡ ᠭᠠᠭᠴᠠ ᠪᠦᠬᠦᠯᠢ ᠦᠬᠡᠷ ᠦᠵᠡᠭᠲᠡᠨ᠎ᠡ᠃ ᠭᠡᠲᠡᠯ᠎ᠡ ᠦᠬᠡᠷ ᠲᠤᠶᠠᠴᠢᠵᠤ ᠴᠢᠳᠠᠬᠤ ᠬᠥᠮᠦᠨ ᠦ᠌ ᠴᠡᠭᠡᠵᠢᠨ ᠳ᠋ᠦ᠍ ᠲᠡᠭᠦᠨ ᠦ᠌ ᠦᠶ᠎ᠡ ᠭᠡᠰᠢᠭᠦᠦ ᠶ᠋ᠢᠨ ᠵᠠᠪᠰᠠᠷ ᠵᠠᠭᠠᠯᠢᠬᠠᠢ ᠨᠢ ᠲᠣᠳᠣᠷᠬᠠᠢ ᠪᠠᠶ᠋ᠢᠲᠠᠭ ᠲᠤᠯᠠ ᠲᠡᠭᠦᠨ ᠦ᠌ ᠨᠢᠳᠦᠨ ᠳ᠋ᠦ᠍ ᠲᠣᠯᠣᠭᠠᠢ ᠰᠢᠭᠢᠷ᠎ᠡ ᠡᠪᠴᠢᠭᠦᠦ ᠤᠭᠤᠴᠠ ᠵᠡᠷᠭᠡ ᠦᠶ᠎ᠡ ᠮᠥᠴᠡ ᠨᠢ ᠲᠤᠰ ᠲᠤᠰ ᠴᠤᠴᠠᠷᠬᠠᠢ ᠬᠠᠷᠠᠭᠳᠠᠨ᠎ᠠ᠃ ᠢᠩᠭᠢᠬᠦᠯᠡᠷ ᠬᠢᠲᠤᠭ᠎ᠠ ᠬᠥᠲᠡᠯᠦᠮᠡᠭᠴᠡ ᠲᠣᠷᠬᠤ ᠶᠠᠭᠤᠮ᠎ᠠ ᠦᠭᠡᠢ ᠳᠠᠭᠠᠭᠠᠵᠤ᠂ ᠬᠢᠲᠤᠭᠠᠨ ᠤ᠋ ᠢᠷ ᠴᠦ᠍ ᠮᠢᠷᠠᠳᠠᠭ ᠦᠭᠡᠢ ᠶᠦ᠍ᠮ᠃ ᠲᠤᠶᠠᠴᠢᠵᠤ ᠡᠰᠡ ᠴᠢᠳᠠᠬᠤ ᠬᠥᠮᠦᠨ ᠪᠣᠯ ᠦᠬᠡᠷ ᠦ᠋ᠨ ᠦᠶ᠎ᠡ ᠭᠡᠰᠢᠭᠦᠦ ᠶ᠋ᠢ ᠦᠯᠦ ᠣᠯᠬᠤ ᠲᠤᠯᠠ ᠨᠢᠭᠡ ᠦᠬᠡᠷ ᠲᠦ᠍ ᠠᠷᠪᠠᠨ ᠬᠢᠲᠤᠭ᠎ᠠ ᠬᠡᠷᠡᠭᠯᠡᠪᠡᠴᠦ ᠮᠥᠨ ‍ᠬᠦ ᠮᠣᠬᠣᠭᠠᠳ᠂ ᠪᠦᠳᠦᠭᠦᠨ ᠶᠠᠰᠤᠨ ᠳ᠋ᠤ᠌ ᠰᠦᠬᠡ ᠣᠷᠣᠭᠤᠯᠵᠤ ᠬᠦᠴᠦ ᠪᠡᠨ ᠰᠦᠢᠳᠬᠡᠬᠦ ᠮᠥᠷᠲᠡᠭᠡᠨ ᠵᠦᠢ ᠶᠣᠰᠣᠨ ᠠ᠋ᠴᠠ ᠵᠥᠷᠢᠴᠡᠨ᠎ᠡ᠃ ᠦᠯᠢᠳᠬᠡᠵᠦ ᠬᠡᠯᠡᠪᠡᠯ᠂ ᠳᠡᠯᠡᠬᠡᠢ ᠳ᠋ᠠᠬᠢᠨ ᠭᠡᠭᠴᠢ ᠦᠬᠡᠷ ᠲᠡᠢ ᠠᠳᠠᠯᠢ ᠂ ᠳᠡᠯᠡᠬᠡᠢ ᠳ᠋ᠠᠬᠢᠨ ᠊ᠢ ᠵᠠᠰᠠᠬᠤ ᠨᠢ ᠦᠬᠡᠷ ᠲᠤᠶᠠᠴᠢᠬᠤ ᠲᠠᠢ ᠠᠳᠠᠯᠢ ᠂ ᠳᠡᠯᠡᠬᠡᠢ ᠳ᠋ᠠᠬᠢᠨ ᠤ᠋ ᠵᠦᠢ ᠶᠣᠰᠣ ᠨᠢ ᠦᠬᠡᠷ ᠦ᠋ᠨ ᠦᠶ᠎ᠡ ᠭᠡᠰᠢᠭᠦᠦ ᠲᠡᠢ ᠠᠳᠠᠯᠢ᠂ ᠳᠡᠯᠡᠬᠡᠢ ᠳ᠋ᠠᠬᠢᠨ ᠊ᠢ ᠵᠠᠰᠠᠬᠤ ᠤᠬᠠᠭᠠᠨ ᠨᠢ ᠬᠢᠲᠤᠭᠠᠨ ᠤ᠋ ᠢᠷ ᠲᠡᠢ ᠠᠳᠠᠯᠢ ᠶᠤᠮ᠃ ᠡᠶ᠋ᠢᠮᠦ ᠡᠴᠡ ᠶᠠᠭᠤᠨ ᠳ᠋ᠤ᠌ ᠦᠨᠡᠨ ᠡᠷᠳᠡᠮ ᠊ᠢ ᠲᠦᠰᠢᠬᠦ ᠦᠭᠡᠢ ᠦᠬᠡᠷ ᠬᠦᠴᠦᠨ ᠳ᠋ᠦ᠍ ᠲᠦᠰᠢᠭᠯᠡᠬᠦ ᠪᠣᠢ ? 》ᠭᠡᠵᠦ ᠶᠣᠰᠣ ᠤᠴᠢᠷ ᠊ᠢ ᠲᠤᠭᠤᠷᠠᠲᠠᠯ᠎ᠠ ᠶᠠᠷᠢᠵᠤ ᠥᠭᠪᠡ᠃
ᠲᠡᠷᠡ ᠵᠠᠯᠠᠭᠤ ᠲᠡᠮᠦᠵᠢᠨ ᠦ᠌ ᠶᠠᠷᠢᠭᠰᠠᠨ ᠊ᠢ ᠰᠣᠨᠣᠰᠤᠭᠠᠳ ᠰᠡᠳᠬᠢᠯ ᠰᠡᠬᠡᠭᠡᠷᠡᠨ᠂ ᠦᠨᠡᠨ ᠵᠢᠷᠦᠬᠡᠨ ᠡᠴᠡ ᠪᠡᠨ ᠪᠢᠰᠢᠷᠡᠨ ᠢᠲᠡᠭᠡᠵᠦ ᠮᠣᠷᠢᠨ ᠠ᠋ᠴᠠ ᠪᠠᠨ ᠪᠠᠭᠤᠨ ᠰᠥᠭᠥᠳᠦᠨ ᠳᠠᠭᠠᠪᠠ᠃ ᠲᠡᠷᠡ ᠪᠣᠯ ᠪᠣᠳᠣᠯᠭ᠎ᠠ ᠤᠬᠠᠭᠠᠨ ᠮᠡᠷᠭᠡᠨ᠂ ᠪᠠᠭᠠᠲᠤᠷ ᠬᠦᠴᠦᠨ ᠲᠡᠭᠦᠰ ᠪᠣᠭᠣᠷᠴᠤ ᠭᠡᠳᠡᠭ ᠵᠠᠯᠠᠭᠤ ᠶᠤᠮ᠃
ᠪᠣᠭᠣᠷᠴᠤ ᠲᠡᠨᠳᠡ ᠡᠴᠡ᠄ 《 ᠡᠷ᠎ᠡ ᠶ᠋ᠢᠨ ᠮᠤᠩ ᠠᠳᠠᠯᠢ ᠪᠢᠵᠡ᠂ ᠪᠢ ᠬᠠᠮᠲᠤ ᠡᠴᠢᠶ᠎ᠡ 》 ᠬᠡᠮᠡᠭᠡᠳ ᠲᠡᠮᠦᠵᠢᠨ ᠯᠤᠭᠡ ᠬᠠᠮᠲᠤ ᠶᠠᠪᠤᠵᠤ ᠨᠠᠢ᠍ᠮᠠᠨ ᠰᠢᠷᠭ᠎ᠠ ᠠᠭᠲᠠ ᠶ᠋ᠢ ᠳᠡᠭᠡᠷᠡᠮ ᠡᠴᠡ ᠪᠤᠯᠢᠶᠠᠨ ᠠᠪᠴᠢᠷᠠᠪᠠ᠃ ᠲᠡᠷᠡ ᠴᠠᠭ ᠠ᠋ᠴᠠ ᠬᠣᠶ᠋ᠢᠰᠢ ᠲᠡᠮᠦᠵᠢᠨ ᠪᠣᠭᠣᠷᠴᠤ ᠬᠣᠶᠠᠷ ᠳᠣᠲᠣᠨᠣ ᠰᠠᠢᠨ ᠠᠨᠳᠠ ᠪᠣᠯᠤᠯᠴᠠᠵᠤ᠂ ᠪᠣᠭᠣᠷᠴᠤ ᠪᠠᠭᠠᠲᠤᠷ ᠴᠢᠩᠭᠢᠰ ᠬᠠᠭᠠᠨ ᠲᠡᠮᠦᠵᠢᠨ ᠦ᠌ ᠲᠤᠯᠭᠤᠷ ᠲᠥᠷᠥ ᠪᠠᠶ᠋ᠢᠭᠤᠯᠤᠭᠰᠠᠨ ᠳᠥᠷᠪᠡᠨ ᠬᠦᠯᠦᠭ ᠦ᠋ᠨ ᠨᠢᠭᠡ ᠨᠢ ᠪᠣᠯᠤᠭᠰᠠᠨ ᠪᠠᠶ᠋ᠢᠨ᠎ᠠ᠃

   ᠦᠰᠦᠭ ᠠᠮᠢᠯᠠᠭᠤᠯᠤᠭᠴᠢ ᠄ ᠱᠠᠭᠰᠠᠯ
   ᠬᠢᠨᠠᠭᠴᠢ ᠄ ᠣᠤᠠᠬᠠᠨᠰᠣ ‍ᠠ᠋

※ ᠢᠷᠡᠯᠲᠡ
ᠠᠯᠪᠠᠨ ᠵᠢᠷᠤᠮ ᠤ᠋ᠨ ᠲᠠᠪᠤᠨ ᠵᠢᠯ ᠦ᠋ᠨ ᠳᠦᠷᠢᠮᠲᠦ ᠪᠠᠭ᠎ᠠ ᠰᠤᠷᠭᠠᠭᠤᠯᠢ ᠳ᠋ᠤ᠌ ᠦᠵᠡᠬᠦ
ᠬᠡᠯᠡ ᠪᠢᠴᠢᠭ
ᠳᠣᠯᠣᠳᠤᠭᠠᠷ ᠳᠡᠪᠲᠡᠷ

ᠥᠪᠥᠷ ᠮᠣᠩᠭᠣᠯ ᠤ᠋ᠨ ᠰᠤᠷᠭᠠᠨ ᠬᠥᠮᠦᠵᠢᠯ ᠦ᠋ᠨ ᠬᠡᠪᠯᠡᠯ ᠦ᠋ᠨ ᠬᠣᠷᠢᠶ᠎ᠠ ᠨᠠᠶ᠋ᠢᠷᠠᠭᠤᠯᠤᠨ ᠬᠡᠪᠯᠡᠭᠦᠯᠪᠡ
1991 ᠣᠨ ᠤ᠋3 ᠰᠠᠷ᠎ᠠ ᠳ᠋ᠤ᠌ ᠠᠩᠬᠠᠳᠤᠭᠠᠷ ᠬᠡᠪ ᠦ᠋ᠨ ᠬᠢᠪᠡ᠃