ᠡᠷᠳᠡᠨᠢ ᠲᠤᠨᠤᠮᠠᠯ ᠨᠡᠷᠡᠲᠦ ᠰᠤᠳᠤᠷ ᠣᠷᠣᠰᠢᠪᠠ -  5 Эрдэнэ тунамал нэрт судар оршив - 5 ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠷᠳᠡᠨᠢ ᠲᠤᠨᠤᠮᠠᠯ ᠨᠡᠷᠡᠲᠦ ᠰᠤᠳᠤᠷ ᠣᠷᠣᠰᠢᠪᠠ -  5 Эрдэнэ тунамал нэрт судар оршив - 5

ᠡᠷᠳᠡᠨᠢ ᠲᠤᠨᠤᠮᠠᠯ ᠨᠡᠷᠡᠲᠦ ᠰᠤᠳᠤᠷ ᠣᠷᠣᠰᠢᠪᠠ -  5 Эрдэнэ тунамал нэрт судар оршив - 5

ᠠᠩᠭᠢᠯᠠᠯ:ᠲᠡᠦᠬᠡ ᠰᠣᠶᠣᠯ
2023-05-14

286

ᠡᠷᠳᠡᠨᠢ ᠲᠤᠨᠤᠮᠠᠯ ᠨᠡᠷᠡᠲᠦ ᠰᠤᠳᠤᠷ ᠣᠷᠣᠰᠢᠪᠠ -  5


       ᠭᠠᠷ ᠲᠤᠷ ᠢᠨᠤ ᠡᠷᠢᠭᠡ① ᠪᠠᠷᠢᠭᠤᠯᠵᠤ ᠭᠠᠭᠴᠠ ᠭᠠᠭᠴᠠ ᠲᠠᠲᠠᠵᠤ ᠪᠦᠷᠢᠨ ᠤᠩᠰᠢ ᠭᠡᠮᠡᠨ 
       ᠬᠠᠮᠤᠭ ᠠᠮᠢᠲᠠᠨ ᠳ᠋ᠤᠷ ᠲᠡᠷᠢᠭᠦᠯᠡᠰᠢ ᠦᠭᠡᠢ ᠡᠴᠢᠭᠡ ᠡᠬᠡ ᠡᠰᠡ ᠪᠣᠯᠤᠭᠰᠠᠨ ᠦᠭᠡᠢ ᠶ᠋ᠢᠨ ᠲᠤᠯᠠ ᠂ 
       ᠬᠠᠢᠷᠠᠯᠠᠨ ᠨᠢᠭᠦᠯᠡᠰᠬᠦᠢ ᠰᠡᠳᠬᠢᠯ ᠦ᠋ᠨ ᠡᠭᠦᠳᠡᠨ ᠡᠴᠡ ᠬᠢᠴᠢᠶᠡᠨ ᠪᠢᠰᠢᠯᠭᠠᠵᠤ ᠤᠩᠰᠢᠪᠠᠰᠤ ᠂ 
       ᠬᠠᠮᠤᠭ ᠢ᠋ ᠮᠡᠳᠡᠭᠴᠢ ᠬᠣᠩᠰᠢᠮ ᠪᠣᠳᠢᠰᠤᠩ ᠤ᠋ᠨ ᠬᠤᠲᠤᠭ ᠣᠯᠬᠤ ᠪᠣᠯᠤᠶᠤ  ᠬᠡᠮᠡᠪᠡ ᠃ 
       《 ᠡᠨᠡ ᠵᠢᠷᠭᠤᠭᠠᠨ ᠦᠰᠦᠭ ᠦ᠋ᠨ ᠴᠢᠨᠠᠷ ᠶᠣᠰᠣᠨ ᠢᠨᠤ ᠬᠡᠮᠡᠪᠡᠰᠦ ᠂ 
       ᠡᠷᠬᠡᠨ 0) ᠤᠸᠠ ᠦᠰᠦᠭ ᠲᠡᠭᠷᠢ ᠨᠠᠷ ᠤ᠋ᠨ ᠣᠮᠣᠭ ᠲᠤ᠌ ᠲᠦᠷᠦᠬᠦᠢ ᠦᠬᠦᠬᠦᠢ ᠡᠴᠡ ᠲᠣᠨᠢᠯᠭᠠᠵᠤ ᠂ 
       ᠡᠷᠬᠡᠲᠦ  ᠮᠠ᠋ ᠦᠰᠦᠭ ᠠᠰᠤᠷᠢ② ᠨᠠᠷ ᠤ᠋ᠨ ᠪᠠᠢᠷᠢᠯᠠᠯᠳᠤᠨ ᠲᠡᠮᠡᠴᠡᠯᠳᠦᠬᠦᠢ ᠡᠴᠡ ᠲᠣᠨᠢᠯᠭᠠᠵᠤ ᠂ 
       ᠡᠯᠡ ᠸᠢ ᠦᠰᠦᠭ ᠬᠥᠮᠦᠨ ᠦ ᠳᠥᠷᠪᠡᠨ ᠵᠣᠪᠠᠯᠠᠩ③ ᠠ᠋ᠴᠠ ᠲᠣᠨᠢᠯᠭᠠᠵᠤ ᠂  
       ᠵᠢᠪᠬᠤᠯᠠᠩᠲᠤ  ᠫᠠᠳ ᠦᠰᠦᠭ ᠠᠳᠤᠭᠤᠰᠤᠨ ᠤ᠋ ᠬᠡᠯᠡᠭᠡᠢ ᠮᠤᠩᠬᠠᠭ ᠵᠣᠪᠠᠯᠠᠩ ᠠ᠋ᠴᠠ ᠲᠣᠨᠢᠯᠭᠠᠵᠤ ᠂ 
       ᠵᠢᠴᠢ ᠮᠸ‍ ᠦᠰᠦᠭ ᠪᠢᠷᠢᠳ④ ᠦ᠋ᠨ ᠥᠯᠥᠰᠬᠦᠢ ᠤᠮᠳᠠᠭᠠᠰᠬᠤᠢ ᠵᠣᠪᠠᠯᠠᠩ ᠠ᠋ᠴᠠ ᠲᠣᠨᠢᠯᠭᠠᠵᠤ ᠂ 
— — — —
①ᠡᠷᠢᠭᠡ ᠶ᠋ᠢᠨ ᠮᠥᠬᠥᠯᠢᠭ ᠦ᠋ᠨ  ᠲᠣᠭ᠎ᠠ ᠨᠢ ᠠᠳᠠᠯᠢ ᠦᠭᠡᠢ ᠂ ᠣᠯᠠᠩᠬᠢ ᠠᠨᠤ ᠨᠢᠭᠡ ᠵᠠᠭᠤ ᠨᠠᠢ᠍ᠮᠠᠨ ᠮᠥᠬᠥᠯᠢᠭ ᠲᠡᠢ ᠃ᠡᠢᠮᠦ ᠡᠷᠢᠭᠡ ᠪᠡᠷ ᠮᠠᠨᠢ ᠲᠣᠭᠠᠯᠠᠪᠠᠯ ᠨᠢᠭᠡ ᠵᠠᠭᠤ ᠪᠥᠭᠡᠳ ᠨᠠᠢ᠍ᠮᠠᠨ ᠵᠦᠢᠯ ᠦ᠋ᠨ ᠵᠣᠪᠠᠨᠢᠯ ᠢ᠋ ᠠᠷᠢᠯᠭᠠᠵᠤ ᠴᠢᠳᠠᠬᠤ ᠭᠡᠨ᠎ᠡ ᠃ 
②ᠰᠠᠨᠰᠷᠺᠷᠢᠲ ᠦᠭᠡ  Asura ᠶᠢᠨ ᠠᠪᠢᠶᠠᠴᠢᠯᠠᠭᠰᠠᠨ ᠣᠷᠴᠢᠭᠤᠯᠬ᠎ᠠ ᠂ ᠲᠡᠢᠨ ᠳ᠋ᠦ᠍ ᠳᠤᠷᠠᠲᠠᠢ ᠰᠠᠬᠢᠭᠤᠯᠰᠤᠨ ᠢ᠋ ᠬᠡᠯᠡᠨ᠎ᠡ ᠃  
③ᠲᠥᠷᠥᠬᠦ ᠂ ᠥᠲᠡᠯᠬᠦ ᠂ ᠡᠪᠡᠳᠬᠦ ᠂ ᠦᠬᠦᠬᠦ ᠵᠡᠷᠭᠡ ᠬᠥᠮᠦᠨ ᠦ᠌ ᠶᠢᠷᠲᠢᠨᠴᠦ ᠶ᠋ᠢᠨ ᠳᠥᠷᠪᠡᠨ ᠵᠦᠢᠯ ᠦ᠋ᠨ ᠵᠣᠪᠠᠯᠠᠩ ᠢ᠋ ᠬᠡᠯᠡᠨ᠎ᠡ ᠃ 
④ᠰᠠᠨᠰᠷᠺᠷᠢᠲ ᠦᠭᠡ preta ᠶᠢᠨ ᠠᠪᠢᠶᠠᠴᠢᠯᠠᠭᠰᠠᠨ ᠣᠷᠴᠢᠭᠤᠯᠭ᠎ᠠ ᠂ ᠲᠠᠮᠤ ᠶ᠋ᠢᠨ ᠡᠭᠦᠳᠡ ᠶ᠋ᠢ ᠰᠠᠬᠢᠬᠤ ᠥᠯᠥᠨ ᠴᠢᠳᠬᠥᠷ ᠢ᠋ ᠬᠡᠯᠡᠨ᠎ᠡ ᠃  

       ᠵᠢᠷᠭᠠᠯᠠᠩ  ᠲᠤ ᠬᠣᠩ ᠦᠰᠦᠭ ᠲᠠᠮᠤ ᠶ᠋ᠢᠨ ᠬᠦᠢᠲᠡᠨ ᠬᠠᠯᠠᠭᠤᠨ ᠵᠣᠪᠠᠯᠠᠩ ᠠ᠋ᠴᠠ ᠲᠣᠨᠢᠯᠭᠠᠵᠤ ᠂ 
       ᠵᠢᠷᠭᠤᠭᠠᠨ ᠦᠰᠦᠭ ᠦ᠋ᠨ ᠴᠢᠨᠠᠷ ᠲᠤᠭᠤᠯᠠᠰᠢ ᠦᠭᠡᠢ ᠂ ᠴᠠᠭᠯᠠᠰᠢ ᠦᠭᠡᠢ ᠂ ᠥᠯᠢᠰᠢ ᠦᠭᠡᠢ ᠪᠣᠯᠤᠶᠤ ᠃ 
       ᠬᠠᠮᠤᠭ ᠪᠤᠷᠬᠠᠨ ᠨᠤᠭᠤᠳ ᠤ᠋ᠨ ᠭᠦᠨ ᠨᠠᠷᠢᠨ ᠬᠤᠷᠢᠶᠠᠩᠭᠤᠢ ᠲᠠᠷᠨᠢ ᠂  
       ᠬᠠᠮᠤᠭ ᠳᠡᠭᠡᠳᠦ ᠨᠣᠮ ᠤ᠋ᠨ ᠬᠤᠷᠢᠶᠠᠩᠭᠤᠢ ᠦᠷ᠎ᠡ ᠦᠰᠦᠭ① ᠂ 
       ᠬᠠᠮᠤᠭ ᠠᠮᠢᠲᠠᠨ ᠢ᠋ ② ᠬᠠᠷᠠᠩᠭᠤ ᠶ᠋ᠢ ᠠᠷᠢᠯᠭᠠᠭᠴᠢ ᠴᠣᠭ᠍ᠲᠤ  ᠨᠠᠷᠠᠨ ᠂ 
       ᠭᠠᠢᠬᠠᠮᠰᠢᠭ᠋ ᠭᠦᠨ ᠨᠠᠷᠢᠨ ᠵᠢᠷᠭᠤᠭᠠᠨ ᠦᠰᠦᠭ ᠦ᠋ᠨ ᠴᠢᠨᠠᠷ ᠲᠤᠭᠤᠯᠠᠰᠢ ᠦᠭᠡᠢ ᠪᠤᠶᠤ ᠃ 
       《 ᠦᠷᠭᠦᠯᠵᠢ ᠲᠠᠰᠤᠷᠠᠯ ᠦᠭᠡᠢ ᠣᠷᠣᠭᠰᠠᠨ ᠬᠤᠷᠠ ᠴᠠᠰᠤᠨ ᠢ᠋ ᠲᠤᠭᠤᠯᠠᠵᠤ ᠬᠡᠮᠡᠯᠵᠦ ᠴᠢᠳᠠᠶᠤ ᠂ 
       ᠦᠯᠡᠮᠵᠢ ᠵᠢᠷᠭᠤᠭᠠᠨ ᠦᠰᠦᠭ ᠢ᠋ ᠨᠢᠭᠡᠨ ᠲᠠ ᠤᠩᠰᠢᠭᠰᠠᠨ ᠤ᠋ ᠠᠴᠢ ᠶ᠋ᠢ ᠲᠤᠭᠤᠯᠠᠵᠤ ᠦᠯᠦ ᠴᠢᠳᠠᠶᠤ ᠂ 
       ᠥᠴᠦᠬᠡᠨ ᠬᠤᠷᠢᠶᠠᠵᠤ ᠲᠣᠪᠴᠢᠯᠠᠨ ᠠᠢᠯᠠᠳᠬᠠᠵᠤ ᠤᠬᠠᠭᠤᠯᠤᠮᠤᠢ ᠪᠢ ᠂ 
       ᠤᠷᠠᠨ᠎ᠠ ᠬᠠᠭᠠᠨ ᠬᠠᠲᠤᠨ ᠨᠠᠢ᠍ᠮᠠᠨ ᠦᠶ᠎ᠡ ᠳ᠋ᠦ᠍  ᠰᠠᠨᠸᠠᠷ③ ᠊ᠢ ᠰᠠᠬᠢ !》 ᠬᠡᠮᠡᠭᠰᠡᠨ ᠳ᠋ᠦ᠍ᠷ ᠂ 
— — — —
① ᠮᠠᠨᠢ ᠶ᠋ᠢᠨ ᠵᠢᠷᠭᠤᠭᠠᠨ ᠦᠰᠦᠭ ᠤᠸᠠ ᠮᠠ᠋ ᠸᠢ ᠫᠠᠳ᠋ᠮᠸ‍  ᠾᠤᠤ ᠶ᠋ᠢ ᠬᠡᠯᠡᠵᠡᠢ ᠃ ᠡᠨᠡ ᠵᠢᠷᠭᠤᠭᠠᠨ ᠦᠰᠦᠭ ᠪᠣᠯ ᠪᠤᠷᠬᠠᠨ ᠤ᠋ ᠨᠣᠮ ᠤ᠋ᠨ ᠦᠨᠳᠦᠰᠦᠨ ᠶᠣᠰᠣᠨ ᠮᠥᠨ ᠪᠥᠭᠡᠳ ᠡᠪᠡᠰᠦ ᠮᠣᠳᠣᠨ ᠤ᠋ ᠦᠷ᠎ᠡ ᠦᠨᠳᠦᠰᠦ ᠮᠡᠲᠦ ᠲᠤᠯᠠ ᠲᠡᠭᠦᠨ ᠢ᠋ ᠦᠷ᠎ᠡ ᠦᠰᠦᠭ ᠭᠡᠮᠡᠨ ᠨᠡᠷᠡᠢᠳᠳᠡᠭ ᠃ 
②《 ᠠᠮᠢᠲᠠᠨ ᠢ᠋ 》ᠭᠡᠳᠡᠭ ᠨᠢ 《 ᠠᠮᠢᠲᠠᠨ ᠤ᠋ 》 ᠭᠡᠰᠡᠨ ᠦᠭᠡ ᠃ 
③ ᠰᠠᠨᠰᠷᠺᠷᠢᠲ ᠦᠭᠡ Sanvar ᠶ᠋ᠢᠨ ᠠᠪᠢᠶᠠᠴᠢᠯᠠᠭᠰᠠᠨ ᠣᠷᠴᠢᠭᠤᠯᠭ᠎ᠠ ᠂ ᠴᠡᠭᠡᠷᠯᠡᠯ ᠭᠡᠬᠦ ᠤᠳᠬ᠎ᠠ ᠲᠠᠢ ᠃ᠯᠠᠮᠠ ᠬᠤᠸᠠᠷᠠᠭ ᠤ᠋ᠨ ᠴᠡᠭᠡᠷᠯᠡᠯ ᠦ᠋ᠨ ᠵᠦᠢᠯ ᠨᠠᠢ᠍ᠮᠠ ᠪᠠᠢᠳᠠᠭ ᠃ ᠡᠢᠮᠦ ᠡᠴᠡ ᠨᠠᠢ᠍ᠮᠠᠨ ᠦᠶᠡᠲᠦ ᠰᠠᠨᠸᠠᠷ ᠪᠤᠶᠤ ᠪᠠᠰᠠ ᠨᠠᠢ᠍ᠮᠠᠨ ᠭᠡᠰᠢᠭᠦᠳᠦ ᠰᠠᠨᠸᠠᠷ ᠭᠡᠵᠦ ᠥᠭᠦᠯᠡᠳᠡᠭ ᠃ 

       《 ᠲᠡᠢᠨ ᠢ᠋ᠶ᠋ᠡᠷ ᠪᠥᠭᠡᠰᠦ  ᠨᠠᠢ᠍ᠮᠠᠨ ᠦᠶ᠎ᠡ ᠳ᠋ᠦ᠍ ᠰᠠᠨᠸᠠᠷ ᠶᠠᠮᠪᠠᠷ ᠪᠣᠢ ? 》 ᠭᠡᠮᠡᠨ ᠠᠰᠠᠭᠤᠪᠠᠰᠤ ᠂ 
       ᠲᠡᠷᠡ ᠯᠠᠮᠠ ᠵᠠᠷᠯᠢᠭ ᠪᠣᠯᠣᠷ ᠤ᠋ᠨ  ᠄ 《 ᠡᠩ ᠤᠷᠢᠳᠠ ᠡᠷᠲᠡ ᠮᠠᠨᠠᠭᠠᠷ ᠪᠣᠰᠴᠤ ᠂ 
       ᠳᠡᠭᠡᠳᠦ ᠭᠤᠷᠪᠠᠨ ᠡᠷᠳᠡᠨᠢᠰ ᠲᠣᠷ ᠢᠲᠡᠭᠡᠯ ᠶᠠᠪᠤᠭᠤᠯᠤᠭᠠᠳ 
       ᠲᠡᠭᠰᠢ ᠳᠥᠷᠪᠡᠨ ᠴᠠᠭᠯᠠᠰᠢ ᠦᠬᠡᠷ ① ᠢ᠋ ᠪᠢᠰᠢᠯᠭᠠᠭᠳᠠᠬᠤᠢ ᠃ 
       ᠠᠷᠢᠭᠤᠨ ᠭᠤᠷᠪᠠᠨ ᠡᠷᠳᠡᠨᠢ ᠡᠴᠡ ᠥᠭᠡᠷ᠎ᠡ ᠢᠪᠡᠭᠡᠯᠳᠦ ᠦᠭᠡᠢ ᠂ 
       ᠠᠴᠢᠲᠠᠨ ᠳ᠋ᠤᠷ ᠡᠴᠢᠭᠡ ᠡᠬᠡ ᠸᠴᠢᠷ ᠲᠦ᠍  ᠪᠠᠭᠰᠢ② ᠠ᠋ᠴᠠ ᠶᠡᠬᠡ ᠠᠴᠢᠲᠤ ᠦᠭᠡᠢ ᠂ 
       ᠠᠮᠢᠲᠠᠨ ᠡᠴᠢᠭᠡ ᠡᠬᠡ ᠭᠡᠮᠡᠨ ᠮᠡᠳᠡᠵᠦ ᠰᠠᠨᠸᠠᠷ ᠢ᠋ ᠰᠠᠬᠢᠭᠳᠠᠬᠤᠢ ᠪᠤᠶᠤ ᠂ 
       ᠠᠯᠢᠮᠠᠳ ᠨᠢ᠋ᠮᠠ ᠦᠶ᠎ᠡ ᠬᠡᠮᠡᠪᠡᠰᠦ ᠡᠢᠮᠦ ᠪᠤᠶᠤ ᠄  
       ᠠᠮᠢᠨ ᠢ᠋ ᠦᠯᠦ ᠳᠠᠰᠤᠯ ᠤ᠋ᠨ ᠡᠰᠡ ᠦᠭᠭᠦᠭᠰᠡᠨ ᠢ᠋ ᠦᠯᠦ ᠠᠪᠬᠤᠢ ② ᠪᠠ 
— — — —
① ᠪᠣᠳᠢᠰᠠᠳ᠋ᠸ᠎ᠠ ᠶ᠋ᠢᠨ ᠬᠠᠮᠤᠭ ᠠᠮᠢᠲᠠᠨ ᠳ᠋ᠤᠷ ᠦᠵᠡᠭᠦᠯᠬᠦ ᠠᠰᠠᠷᠠᠬᠤᠢ ᠰᠡᠳᠬᠢᠯ᠂ ᠬᠠᠮᠤᠭ ᠠᠮᠢᠲᠠᠨ ᠢ᠋ ᠭᠠᠰᠢᠭᠤᠨ ᠤ᠋ ᠬᠢᠵᠠᠭᠠᠷ ᠠ᠋ᠴᠠ ᠠᠪᠤᠷᠠᠬᠤ ᠶ᠋ᠢᠨ ᠨᠢᠭᠦᠯᠡᠰᠦᠭᠦᠢ ᠰᠡᠳᠬᠢᠯ᠂ ᠬᠠᠮᠤᠭ ᠠᠮᠢᠳᠠ ᠶ᠋ᠢ ᠵᠣᠪᠠᠯᠠᠩ᠎ᠠᠴᠠ ᠰᠠᠯᠭᠠᠵᠤ ᠵᠢᠷᠭᠠᠯᠠᠩ ᠢ᠋ ᠣᠯᠭᠣᠬᠤ ᠪᠠᠶᠠᠷᠯᠠᠬᠤᠢ ᠰᠡᠳᠬᠢᠯ ᠂ ᠬᠠᠮᠤᠭ ᠠᠮᠢᠲᠠᠨ ᠳ᠋ᠤᠷ ᠦᠵᠡᠭᠦᠯᠬᠦ ᠥᠴᠦᠬᠡᠨ ᠴᠦ᠍ ᠰᠢᠨᠤᠬᠠᠢ ᠦᠭᠡᠢ ᠨᠠᠮᠵᠢᠬᠤᠢ ᠰᠡᠳᠬᠢᠯ ᠢᠨᠤ ᠠᠴᠢ ᠭᠠᠪᠢᠶ᠎ᠠ ᠬᠢᠵᠠᠭᠠᠯᠠᠰᠢ ᠦᠭᠡᠢ ᠬᠡᠮᠡᠬᠦ ᠲᠤᠯᠠ ᠂ ᠳᠥᠷᠪᠡᠨ ᠴᠠᠭᠯᠠᠰᠢ ᠦᠭᠡᠢ ᠰᠡᠳᠬᠢᠯ ᠭᠡᠨ᠎ᠡ ᠂ ᠳᠥᠭᠥᠮᠴᠢᠯᠡᠭᠡᠳ ᠳᠥᠷᠪᠡᠨ ᠴᠠᠭᠯᠠᠰᠢ ᠦᠭᠡᠢ ᠭᠡᠨ᠎ᠡ ᠃ 
② ᠰᠢᠭᠡᠮᠦᠨᠢ ᠪᠤᠷᠬᠠᠨ ᠢ᠋ ᠥᠭᠦᠯᠡᠵᠦ ᠪᠣᠢ ᠃ 
③ ᠡᠰᠡ ᠦᠭᠭᠦᠭᠰᠡᠨ ᠢ᠋ ᠦᠯᠦ ᠠᠪᠬᠤ ᠭᠡᠳᠡᠭ ᠨᠢ ᠬᠤᠯᠠᠭᠠᠢ ᠬᠣᠪᠳᠣᠭ ᠦᠯᠦ ᠬᠢᠬᠦ ᠤᠳᠬ᠎ᠠ ᠲᠠᠢ ᠃ 

       ᠠᠷᠢᠭᠤᠨ ᠪᠤᠰᠤ ᠶᠠᠪᠤᠳᠠᠯ ᠢ᠋ ① ᠲᠡᠪᠴᠢᠭᠡᠳ ᠬᠤᠳᠠᠯ ᠦᠯᠦ ᠥᠭᠦᠯᠡᠬᠦᠢ ᠪᠠ ᠂  
       ᠠᠨᠳᠠᠭᠤᠷᠠᠵᠤ ᠴᠠᠭ ᠪᠤᠰᠤ ᠶ᠋ᠢᠨ ᠢᠳᠡᠭᠡᠨ ᠦᠯᠦ ᠢᠳᠡᠨ ② ᠴᠢᠮᠡᠭᠯᠡᠨ ᠦᠯᠦ ᠰᠤᠷᠴᠢᠬᠦᠢ③ ᠪᠠ ᠂ 
       ᠠᠰᠤᠷᠤ ᠮᠠᠰᠢ ᠬᠥᠭ ᠳᠠᠭᠤᠨ ᠴᠡᠩᠭᠡᠯᠳᠦᠬᠦᠢ④ ᠰᠠᠨᠳᠠᠯᠢ ᠲᠡᠷᠢᠭᠦᠲᠡᠨ ᠢ᠋ ᠲᠡᠪᠴᠢᠬᠦᠢ ⑤ᠪᠤᠶᠤ !》 
       ᠭᠡᠮᠡᠨ ᠨᠣᠮᠯᠠᠨ ᠵᠠᠷᠯᠢᠭ ᠪᠣᠯᠵᠤ ᠠᠢᠯᠠᠳᠬᠠᠭᠰᠠᠨ ᠳ᠋ᠤᠷ ᠂  
       ᠭᠡᠭᠡᠨ ᠬᠠᠭᠠᠨ ᠬᠠᠲᠤᠨ ᠬᠠᠮᠤᠭ ᠪᠦᠭᠦᠳᠡ ᠶᠡᠬᠡ ᠤᠯᠤᠰ ᠪᠢᠰᠢᠷᠡᠵᠦ ᠂ 
       ᠭᠡᠮ ᠦᠭᠡᠢ ᠨᠠᠢ᠍ᠮᠠᠨ ᠦᠶ᠎ᠡ ᠳ᠋ᠦ᠍ ᠰᠠᠨᠸᠠᠷᠢ ᠬᠢᠨᠠᠵᠤ ᠰᠠᠬᠢᠭᠠᠳ ᠂ 
       ᠭᠡᠲᠦᠯᠭᠡᠭᠴᠢ ᠪᠤᠷᠬᠠᠨ ᠤ᠋ ᠨᠣᠮ ᠤ᠋ᠨ ᠶᠣᠰᠣᠨ ᠲᠡᠷᠢᠭᠦᠨ ᠰᠣᠨᠣᠰᠤᠭᠰᠠᠨ ᠰᠢᠯᠲᠠᠭᠠᠨ ᠢᠨᠤ ᠲᠡᠢᠮᠦ ᠪᠥᠯᠥᠭᠡ ᠃ 
       ᠠᠯᠳᠠᠷᠰᠢᠭᠰᠠᠨ ᠪᠣᠭᠳᠠ ᠠᠯᠲᠠᠨ ᠬᠠᠭᠠᠨ ᠡᠷᠡ ᠤᠰᠤᠨ ᠪᠡᠴᠢᠨ ᠵᠢᠯ᠎ᠠ ⑥ ᠪᠠᠰ᠎ᠠ ᠬᠦ᠌ ᠂ 
— — — —
① ᠠᠷᠢᠭᠤᠨ ᠪᠤᠰᠤ ᠶᠠᠪᠤᠳᠠᠯ ᠭᠡᠰᠡᠨ ᠨᠢ ᠰᠠᠳᠤᠷ ᠰᠠᠮᠠᠭᠤᠨ ᠶᠠᠪᠤᠬᠤ ᠶ᠋ᠢ ᠥᠭᠦᠯᠡᠭᠰᠡᠨ ᠦᠭᠡ ᠃ 
② ᠴᠠᠭ ᠪᠤᠰᠤ ᠶ᠋ᠢᠨ ᠢᠳᠡᠭᠡᠨ ᠦᠯᠦ ᠢᠳᠡᠨ ᠭᠡᠳᠡᠭ ᠨᠢ ᠡᠳᠦᠷ ᠳᠦᠯᠢ ᠥᠩᠭᠡᠷᠡᠭᠰᠡᠨ ᠦ᠌ ᠬᠣᠢᠨ᠎ᠠ ᠢᠳᠡᠭᠡᠨ ᠢᠳᠡᠬᠦ ᠶ᠋ᠢ ᠲᠡᠪᠴᠢᠬᠦ ᠭᠡᠰᠡ ᠤᠳᠬ᠎ᠠ ᠲᠠᠢ ᠃ 
③ ᠴᠢᠮᠡᠭᠯᠡᠨ ᠦᠯᠦ ᠰᠤᠷᠴᠢᠬᠦᠢ ᠭᠡᠳᠡᠭ ᠣᠸ᠋᠎ᠠ ᠡᠩᠭᠡᠰᠬᠡ ᠲᠦᠷᠭᠡᠨ ᠬᠤᠸᠠᠷ ᠴᠡᠴᠡᠭ ᠢ᠋ᠶ᠋ᠡᠷ ᠵᠠᠰᠠᠵᠤ ᠴᠢᠮᠡᠭᠯᠡᠬᠦ ᠶ᠋ᠢ ᠲᠡᠪᠴᠢᠬᠦ ᠭᠡᠰᠡᠨ ᠤᠳᠬ᠎ᠠ ᠲᠠᠢ ᠃ 
④ᠬᠥᠭ ᠳᠠᠭᠤᠨ ᠴᠡᠩᠭᠡᠯᠳᠦᠬᠦᠢ ᠭᠡᠰᠡᠨ ᠨᠢ ᠳᠠᠭᠤᠤ ᠬᠥᠭᠵᠢᠮ ᠪᠥᠵᠢᠭ ᠨᠠᠭᠠᠳᠤᠮ ᠢ᠋ ᠦᠵᠡᠵᠦ ᠰᠣᠨᠣᠰᠬᠤ ᠶ᠋ᠢ ᠬᠡᠯᠡᠨ᠎ᠡ᠃ 
⑤ ᠰᠠᠨᠳᠠᠯᠢ ᠲᠡᠷᠢᠭᠦᠲᠡᠨ ᠢ᠋ ᠲᠡᠪᠴᠢᠬᠦ ᠭᠡᠳᠡᠭ ᠨᠢ ᠥᠨᠳᠥᠷ ᠶᠡᠬᠡ ᠰᠠᠨᠳᠠᠯᠢ ᠳ᠋ᠤ᠌ ᠬᠡᠪᠲᠡᠬᠦ ᠪᠠ ᠰᠠᠭᠤᠵᠤ ᠦᠯᠦ ᠪᠣᠯᠬᠤ ᠭᠡᠰᠡᠨ ᠤᠳᠬ᠎ᠠ ᠲᠠᠢ ᠃ 
⑥ ᠮᠣᠩᠭᠣᠯ ᠤ᠋ᠨ ᠣᠨ ᠲᠣᠭᠠᠯᠠᠯ ᠤ᠋ᠨ ᠬᠠᠷ᠎ᠠ ᠡᠷ᠎ᠡ ᠪᠡᠴᠢᠨ ᠵᠢᠯ ᠲᠡᠢ ᠠᠳᠠᠯᠢ ᠂ ᠯᠦᠩ ᠴᠢᠩ ᠦ᠋ᠨ ᠵᠢᠷᠭᠤᠳᠤᠭᠠᠷ ᠣᠨ ( 1572 ) ᠃

       ᠠᠯᠳᠠᠭᠰᠠᠨ ᠳᠠᠢᠳᠤ ᠶ᠋ᠢ ᠠᠳᠠᠯᠢᠳᠬᠠᠨ ᠬᠥᠬᠡ ᠬᠣᠲᠠ ᠶ᠋ᠢ ᠰᠡᠳᠦᠵᠦ ᠂ ① 
       ᠠᠷᠪᠠᠨ ᠬᠣᠶᠠᠷ ᠲᠦᠮᠡᠳ ② ᠶᠡᠬᠡ ᠤᠯᠤᠰ ᠢ᠋ᠶ᠋ᠠᠨ ᠬᠤᠷᠢᠶᠠᠵᠤ ᠵᠠᠬᠢᠷᠤᠭᠠᠳ ᠂  
       ᠠᠳᠠᠯᠢᠳᠬᠠᠰᠢ ᠦᠭᠡᠢ ᠤᠷᠠᠨ᠎ᠠ ᠵᠣᠬᠢᠶᠠᠨ ᠵᠠᠰᠠᠵᠤ ᠵᠥᠪᠰᠢᠶᠡᠷᠡᠭᠡᠳ ᠂ 
— — — —
① ᠸᠠᠨ ᠯᠢ ᠶ᠋ᠢᠨ ᠭᠤᠲᠠᠭᠠᠷ ᠣᠨ ( 1575 ) ᠤ᠋ ᠶᠢᠰᠦᠳᠦᠭᠡᠷ ᠰᠠᠷ᠎ᠠ ᠳ᠋ᠤ᠌ ᠪᠠᠢᠭᠤᠯᠤᠨ ᠳᠠᠭᠤᠰᠪᠠ ᠂ ᠠᠯᠲᠠᠨ ᠬᠠᠭᠠᠨ ᠳᠡᠢᠮᠢᠩ ᠡᠴᠡ ᠬᠣᠲᠠ ᠶ᠋ᠢᠨ ᠨᠡᠷ᠎ᠡ ᠭᠣᠶᠣᠭᠰᠠᠨ᠎ᠠ ᠳᠠᠢᠮᠢᠩ ᠤ᠋ᠨ ᠵᠠᠰᠠᠭ ᠤ᠋ᠨ ᠭᠠᠵᠠᠷ ᠠ᠋ᠴᠠ ᠬᠦᠢ ᠬᠤᠸᠠ (归化 ) ᠭᠡᠵᠦ ᠨᠠᠷᠠᠯᠠᠪᠠ ᠃ 
② ᠪᠠᠰᠠ ᠠᠷᠪᠠᠨ ᠬᠣᠶᠠᠷ ᠣᠲᠣᠭ ᠲᠦᠮᠡᠳ ᠭᠡᠳᠡᠭ ᠃ ᠠᠷᠪᠠᠨ ᠬᠣᠶᠠᠷ ᠲᠦᠮᠡᠳ ᠲᠦ᠍ ᠴᠣᠬᠣᠮ ᠠᠯᠢ ᠠᠯᠢ ᠣᠲᠣᠭ ᠪᠠᠭᠲᠠᠬᠤ ᠶ᠋ᠢ ᠡᠷᠳᠡᠮᠲᠡᠨ ᠨᠠᠷ ᠬᠠᠷᠠᠬᠠᠨ ᠲᠣᠳᠣᠯᠠᠭᠠᠳᠤᠢ ᠪᠠᠢᠭᠰᠠᠭᠠᠷ ᠃ ᠶᠠᠫᠣᠨ ᠤ᠋ ᠮᠣᠩᠭᠣᠯᠴᠢ ᠡᠷᠳᠡᠮᠲᠡᠨ ᠸᠠᠳᠠᠰᠠᠢ ᠲᠡᠭᠦᠨ ᠦ᠌《 ᠳᠤᠮᠳᠠᠳᠤ ᠭᠤᠷᠪᠠᠨ ᠬᠢᠵᠠᠭᠠᠷ ᠪᠠ ᠪᠠᠷᠠᠭᠤᠨ ᠭᠤᠷᠪᠠᠨ ᠬᠢᠵᠠᠭᠠᠷ ᠳᠠᠬᠢ ᠸᠠᠩ ᠬᠦᠩ ᠦ᠋ᠨ ᠲᠤᠬᠠᠢ ᠥᠭᠦᠯᠡᠬᠦ ᠨᠢ 》 ᠭᠡᠬᠦ ᠥᠭᠦᠯᠡᠯ ᠳ᠋ᠡᠭᠡᠨ : 《 ᠳ᠋ᠦᠸᠧ ᠯᠦᠸᠧ ᠳ᠋ᠦ᠍ ᠮᠠᠨ (多罗土蛮 ) ᠭᠡᠭᠴᠢ ᠨᠢ ᠳᠣᠯᠣᠭᠠᠨ ᠲᠦᠮᠡᠳ ᠢ᠋ ᠬᠡᠯᠡᠵᠦ ᠪᠠᠢᠬᠤ ᠪᠥᠭᠡᠳ 《 ᠡᠷᠳᠡᠨᠢ ᠶ᠋ᠢᠨ ᠲᠣᠪᠴᠢ 》 ᠳ᠋ᠤ᠌ ᠡᠬᠢᠯᠡᠩᠭᠦᠲᠡ ᠭᠠᠭᠴᠠ ᠳᠣᠯᠣᠭᠠᠨ ᠲᠦᠮᠡᠳ ᠭᠡᠵᠦ ᠲᠡᠮᠳᠡᠭᠯᠡᠵᠦ ᠪᠠᠢᠭᠠᠳ ᠬᠣᠢᠰᠢ ᠪᠣᠯᠬᠤᠶ᠎ᠠ ᠰᠠᠶᠢ ᠠᠷᠪᠠᠨ ᠬᠣᠶᠠᠷ ᠲᠦᠮᠡᠳ ᠭᠡᠵᠦ ᠳᠤᠷᠠᠳᠳᠠᠭ ᠪᠣᠯᠵᠠᠢ ᠃ ᠁ ᠠᠷᠪᠠᠨ ᠬᠣᠶᠠᠷ ᠲᠦᠮᠡᠳ ᠭᠡᠭᠴᠢ ᠶ᠋ᠢ ᠬᠢᠨᠠᠵᠤ ᠦᠵᠡᠪᠡᠯ ᠬᠣᠵᠢᠮ ᠤ᠋ᠨ ᠦᠶ᠎ᠡ ᠬᠥᠭᠵᠢᠨ ᠪᠠᠢᠭᠰᠠᠭᠠᠷ ᠪᠦᠷᠢᠯᠳᠦᠨ ᠲᠣᠭᠲᠠᠭᠰᠠᠨ ᠠᠷᠪᠠᠨ ᠬᠣᠶᠠᠷ ᠬᠠᠷᠠᠭᠤᠯ (十二哨 ) ᠪᠣᠯᠤᠯᠲᠠᠢ ᠃ ᠶᠡᠷᠦᠩᠬᠡᠢᠯᠡᠪᠡᠯ ᠂ ᠴᠦᠷᠦᠭᠡ ᠶ᠋ᠢᠨ ᠦᠶ᠎ᠡ ᠳ᠋ᠦ᠍ ᠨᠡᠷ᠎ᠡ ᠠᠯᠳᠠᠷᠰᠢᠭᠰᠠᠨ ᠱᠦᠨ ᠢ ᠸᠠᠩ ᠤ᠋ᠨ ᠵᠢᠷᠭᠤᠭᠠᠨ ᠶᠡᠬᠡ ᠠᠢᠮᠠᠭ ᠠᠷᠪᠠᠨ ᠬᠣᠶᠠᠷ ᠬᠠᠷᠠᠭᠤᠯ ᠭᠡᠳᠡᠭ ᠨᠢ ᠠᠯᠢ ᠡᠷᠲᠡ ᠲᠡᠭᠦᠨ ᠦ᠌ ᠡᠪᠦᠭᠡ ᠠᠯᠲᠠᠨ ᠤ᠋ ᠦᠶ᠎ᠡ ᠳ᠋ᠦ᠍ ᠨᠢᠭᠡᠨᠲᠡ ᠣᠷᠣᠰᠢᠨ ᠪᠠᠢᠭᠰᠠᠨ ᠨᠢ ᠨᠢᠭᠡᠨᠲᠡ ᠰᠡᠵᠢᠭᠯᠡᠯ ᠦᠭᠡᠢ ᠵᠦᠢᠯ ᠪᠣᠯᠵᠠᠢ 》 ᠭᠡᠪᠡ ᠃ 《 ᠬᠤᠸᠠᠩ ᠮᠢᠩ ᠵᠢᠦ ᠪᠢᠶᠠᠨ ᠺᠠᠣ 》 (皇明九边考 ) ᠪᠢᠴᠢᠭ ᠦ᠋ᠨ ᠳᠣᠯᠣᠳᠤᠭᠠᠷ ᠪᠣᠳᠢ ᠳ᠋ᠤ᠌ ᠲᠡᠮᠳᠡᠭᠯᠡᠭᠰᠡᠨ ᠨᠢ ᠄ 《 ᠮᠣᠩᠭᠣᠯᠵᠢᠨ ᠤ᠋ ᠳᠣᠲᠣᠷ᠎ᠠ ᠨᠠᠢ᠍ᠮᠠᠨ ᠠᠢᠮᠠᠭ ᠪᠠᠢᠵᠤ ᠂ ᠥᠩᠭᠡᠷᠡᠭᠰᠡᠨ ᠦᠶ᠎ᠡ ᠬᠣᠱᠣᠢ ᠳ᠋ᠤ᠌ ᠬᠠᠷᠢᠶᠠᠯᠠᠭᠳᠠᠨ ᠪᠠᠢᠯ᠎ᠠ ᠃ ᠡᠳᠦᠭᠡ ᠪᠣᠯᠬᠤᠶ᠎ᠠ ᠠᠯᠲᠠᠨ ᠤ᠋ ᠮᠠᠲᠠᠯ ᠤ᠋ᠨ ᠳᠣᠣᠷ᠎ᠠ ᠪᠣᠯᠵᠤ ᠵᠢᠷᠭᠤᠭᠠᠨ ᠠᠢᠮᠠᠭ ᠪᠣᠯᠵᠠᠢ ᠃ ᠲᠡᠷᠡ ᠨᠢ ᠳ᠋ᠦᠸᠧ ᠯᠦᠸᠧ ᠳ᠋ᠦ᠍ ᠮᠠᠨ(多罗土蛮) ᠂ ᠸᠧᠢ ᠡᠦ ᠡᠯ (畏兀儿)᠂  ᠡᠦ ᠱᠸᠨ(兀甚) ᠂ ᠪᠠ ᠶᠣᠣ(叭要) ᠂  ᠡᠦ ᠯᠦ᠍(兀鲁) ᠂ ᠳ᠋ᠦ᠍ ᠵᠢᠢ ᠯᠡ(土吉喇) ᠂ ᠵᠡᠷᠭᠡ ᠪᠣᠯᠤᠨ᠎ᠠ 》 ᠭᠡᠵᠦ ᠃ ᠡᠳᠡᠭᠡᠷ ᠬᠢᠲᠠᠳ ᠠᠪᠢᠶ᠎ᠠ ᠪᠠᠷ ᠲᠡᠮᠳᠡᠭᠯᠡᠭᠰᠡᠨ ᠵᠢᠷᠭᠤᠭᠠᠨ ᠠᠢᠮᠠᠭ ᠢ᠋ ᠮᠣᠩᠭᠣᠯᠴᠢᠯᠠᠪᠠᠯ ᠳᠠᠷᠤᠢ ᠳᠣᠯᠣᠭᠠᠨ ᠲᠦᠮᠡᠳ ᠂ ᠤᠢᠭᠤᠷᠵᠢᠨ ᠂ ᠦᠬᠦᠰᠢᠨ ᠂ ᠪᠠᠶᠠᠭᠤᠳ ᠂ ᠣᠷᠤᠭᠤᠳ ᠂ ᠬᠣᠩᠭᠢᠷᠠᠳ(土吉喇 ᠭᠡᠳᠡᠭ ᠨᠢ王吉喇 ᠶ᠋ᠢᠨ ᠡᠨᠳᠡᠭᠦᠦ ᠪᠢᠴᠢᠯᠭᠡ) ᠪᠣᠯᠤᠨ᠎ᠠ ᠃ ᠠᠷᠪᠠᠨ ᠬᠣᠶᠠᠷ ᠲᠦᠮᠡᠳ ᠭᠡᠵᠦ ᠳᠣᠯᠣᠭᠠᠨ ᠲᠦᠮᠡᠳ ( ᠪᠠᠰᠠ ᠳᠣᠯᠣᠭᠠᠨ ᠣᠲᠣᠭ ᠲᠦᠮᠡᠳ ᠭᠡᠳᠡᠭ ) ᠦ᠋ᠨ ᠳᠡᠭᠡᠷ᠎ᠡ ᠥᠨᠥᠬᠢ ᠲᠠᠪᠤᠨ ᠠᠢᠮᠠᠭ ᠣᠲᠣᠭ ᠢ᠋ ᠨᠡᠮᠡᠭᠰᠡᠨ ᠪᠠᠢᠨ᠎ᠠ ᠃ 

       ᠬᠣᠷᠤᠭᠤᠨ᠎ᠠ ᠬᠠᠨ ᠢ᠋① ᠥᠪᠡᠷ᠎ᠡ ᠬᠠᠲᠤᠨ ᠮᠥᠷᠡᠨ ᠦ᠌ ᠭᠣᠣᠯ ᠳ᠋ᠤᠷ ᠂ 
       ᠭᠠᠵᠠᠷ ᠤ᠋ᠨ ᠲᠡᠮᠳᠡᠭ ᠦ᠋ᠳ ᠪᠦᠷᠢᠳᠦᠭᠰᠡᠨ ᠰᠠᠢᠨ  ᠪᠡᠯᠭᠡᠲᠦ ᠣᠷᠣᠨ ᠳ᠋ᠤᠷ ᠂ 
       ᠭᠠᠢᠬᠠᠮᠰᠢᠭ᠋ ᠦᠵᠡᠰᠬᠦᠯᠡᠩᠲᠦ ᠨᠠᠢ᠍ᠮᠠᠨ ᠠᠰᠠᠷ ᠲᠤ᠌ ᠬᠣᠲᠠ ᠬᠢᠭᠡᠳ ᠂ 
       ᠬᠠᠰ ᠤᠷᠲᠤ ᠬᠠᠷᠰᠢ ᠤᠷᠠᠨ᠎ᠠ ᠪᠠᠢᠭᠤᠯᠤᠭᠰᠠᠨ ᠤᠴᠢᠷ ᠢᠨᠦ ᠲᠡᠢᠮᠦ ᠪᠥᠯᠥᠭᠡ ᠃ 
       ᠲᠡᠭᠦᠨ ᠦ᠌ ᠬᠣᠢᠨ᠎ᠠ  ᠯᠠᠮᠠ  ᠪᠠᠰᠠ ᠠᠯᠲᠠᠨ ᠬᠠᠭᠠᠨ ᠳ᠋ᠤ᠌ ᠡᠢᠨ ᠭᠡᠮᠡᠨ ᠠᠢᠯᠠᠳᠬᠠᠪᠠᠢ : 
       《 ᠳᠡᠭᠡᠳᠦ ᠪᠣᠭᠳᠠ ᠰᠡᠴᠡᠨ ᠬᠠᠭᠠᠨ ᠂  ᠹᠡᠭᠰᠪᠡ  ᠯᠠᠮᠠ ᠬᠣᠶᠠᠷ ᠤ᠋ᠨ ᠶᠣᠰᠣᠭᠠᠷ 
       ᠲᠡᠭᠰᠢ ᠲᠥᠷᠥ ᠱᠠᠰᠢᠨ ᠢ᠋ ᠪᠠᠢᠭᠤᠯᠤᠭᠰᠠᠨ ᠤ᠋ ᠳᠦᠷᠢ ᠪᠡᠷ ᠦᠢᠯᠡᠳᠬᠦ ᠪᠥᠭᠡᠰᠦ 
       ᠲᠡᠨᠳᠡ ᠪᠠᠷᠠᠭᠤᠨ ᠡᠲᠡᠭᠡᠳ ᠮᠠᠨᠤ ᠲᠥᠪᠡᠳ ᠦ᠋ᠨ ᠮᠥᠩᠬᠡ ᠭᠠᠵᠠᠷ᠎ᠠ ᠂ 
       ᠡᠩ ᠤᠷᠢᠳᠠ ᠾᠬᠤᠨ᠋ᠭᠡᠭ ᠦ᠋ᠨ ᠸᠴᠢᠷ ᠲᠦ᠍ ᠣᠷᠣᠨ ③ ᠳ᠋ᠤᠷ ᠢᠨᠤ ᠂ 
— — — — 
① ᠬᠣᠷᠭᠣᠨ᠎ᠠ ᠬᠠᠨ ᠢ᠋ ᠪᠠᠰᠠ ᠬᠠᠷᠠᠭᠤᠨ᠎ᠠ ᠬᠠᠨ ᠪᠤᠶᠤ ᠬᠠᠷᠤᠨ᠎ᠠ ᠬᠠᠨ ᠭᠡᠳᠡᠭ ᠃ ᠳᠠᠯᠠᠨ ᠬᠠᠷ᠎ᠠ ᠠᠭᠤᠯᠠ ᠶ᠋ᠢᠨ ᠣᠨᠳᠣᠣ ᠨᠡᠷ᠎ᠡ ᠪᠣᠯᠤᠨ᠎ᠠ ᠃ ᠶᠠᠫᠣᠨ ᠤ᠋ ᠮᠣᠩᠭᠣᠯᠴᠢ ᠡᠷᠳᠡᠮᠲᠡᠨ  ᠺᠡᠤᠪᠢᠶᠠᠰᠢ ᠳᠠᠺᠡᠰᠢᠷᠠᠤ  (小林高四郎 ) ᠥᠪᠡᠷ ᠦ᠋ᠨ ᠣᠷᠴᠢᠭᠤᠯᠤᠨ ᠲᠠᠢᠯᠪᠤᠷᠢ ᠲᠠᠯᠪᠢᠭᠰᠠᠨ 《 ᠠᠯᠲᠠᠨ ᠲᠣᠪᠴᠢ 》 ( 蒙古黄金史 ) ᠳ᠋ᠤ᠌ ᠬᠠᠷᠠᠭᠤᠨ᠎ᠠ ᠬᠠᠨ ᠬᠡᠮᠡᠬᠦ ᠶ᠋ᠢ ᠬᠢᠩᠭᠠᠨ ᠳᠠᠪᠠᠬ᠎ᠠ ᠭᠡᠵᠦ ᠲᠠᠢᠯᠪᠤᠷᠢᠯᠠᠵᠠᠢ ᠃ ᠡᠨᠡ ᠪᠤᠷᠤᠭᠤ ᠪᠣᠯᠪᠠ ᠃ 
② ᠬᠠᠲᠤᠨ  ᠭᠣᠣᠯ ᠢ᠋ ᠬᠡᠯᠡᠵᠦ ᠪᠠᠢᠨ᠎ᠠ ᠃ 
③ ᠰᠢᠭᠡᠮᠦᠨᠢ ᠶ᠋ᠢᠨ ᠮᠡᠨᠳᠦᠯᠡᠭᠰᠡᠨ ᠪᠠ ᠪᠤᠷᠬᠠᠨ ᠪᠣᠯᠤᠭᠰᠠᠨ ᠭᠠᠵᠠᠷ ᠢ᠋ ᠬᠡᠯᠡᠨ᠎ᠡ ᠃ ᠮᠥᠨ ᠵᠠᠷᠢᠮ ᠤ᠋ᠳ ᠲᠤᠷ ᠰᠢᠭᠡᠮᠦᠨᠢ ᠶ᠋ᠢᠨ ᠨᠣᠮ ᠠᠢᠯᠠᠳᠤᠭᠰᠠᠨ ᠮᠠᠬᠢᠳᠠ (magadha ) ᠣᠷᠣᠨ ᠢ᠋ ᠪᠠᠰᠠ ᠸᠴᠢᠷ ᠲᠦ᠍ ᠣᠷᠣᠨ ᠭᠡᠳᠡᠭ ᠃  

       ᠡᠷᠬᠡᠲᠦ ᠢᠯᠠᠵᠤ ᠲᠡᠭᠦᠰ ᠨᠥᠭᠴᠢᠭᠰᠡᠨ ᠰᠢᠭᠡᠮᠦᠨᠢ ① ᠪᠤᠷᠬᠠᠨ ᠤ᠋ ᠂ 
       ᠡᠷᠭᠢᠨ ᠠᠷᠪᠠᠨ ᠬᠣᠶᠠᠷ ᠨᠠᠰᠤᠨ ᠤ᠋ ᠪᠡᠶ᠎ᠡ ᠶ᠋ᠢ ᠲᠡᠭᠷᠢᠰ ᠦ᠋ᠨ ᠡᠷᠬᠡᠲᠦ ᠬᠤᠷᠮᠤᠰᠲᠠ ᠪᠠᠷ ᠂ 
       ᠡᠷᠳᠡᠨᠢ ᠪᠠᠰᠢᠰᠤ ᠬᠡᠷᠮᠢ ᠬᠡᠮᠡᠬᠦ ᠬᠤᠪᠢᠯᠭᠠᠨ ᠤᠷᠠᠨ ᠢ᠋ᠶ᠋ᠠᠷ ᠬᠢᠯᠭᠡᠭᠰᠡᠨ ᠂ 
       ᠢᠯᠠᠵᠤ ᠲᠡᠭᠦᠰ ᠨᠥᠭᠴᠢᠭᠰᠡᠨ ᠰᠢᠭᠡᠮᠤᠨᠢ ᠪᠤᠷᠬᠠᠨ ᠥᠪᠡᠷ ᠢ᠋ᠶ᠋ᠡᠨ ᠬᠤᠲᠤᠭ ᠣᠷᠣᠭᠤᠯᠤᠭᠰᠠᠨ ᠂ 
— — — —
① ᠪᠤᠷᠬᠠᠨ ᠤ᠋ ᠱᠠᠰᠢᠨ ᠡᠭᠦᠳᠦᠭᠰᠡᠨ ᠬᠥᠮᠦᠨ ᠂ ᠨᠡᠢᠲᠡ ᠶ᠋ᠢᠨ ᠣᠨ ᠲᠣᠭᠠᠯᠠᠯ ᠵᠠ ᠡᠮᠦᠨ᠎ᠡ ᠲᠠᠪᠤ — ᠵᠢᠷᠭᠤᠳᠤᠭᠠᠷ ᠡᠰᠡᠬᠦᠯ᠎ᠡ (6— 7 ᠳ᠋ᠤᠭᠠᠷ) ᠵᠠᠭᠤᠨ ᠤ᠋ ᠦᠶ᠎ᠡ ᠪᠡᠷ ᠡᠨᠡᠳᠬᠡᠭ ᠲᠦ᠍ ᠪᠠᠢᠭᠰᠠᠨ ᠵᠢᠭᠠᠷ ᠤᠯᠤᠰ ᠠᠷᠢᠭᠤᠨ ᠢᠳᠡᠭᠡᠲᠦ ᠬᠠᠭᠠᠨ ᠤ᠋ ᠬᠥᠪᠡᠭᠦᠨ ᠃ ᠲᠡᠷᠡ ᠪᠣᠯ ᠱᠠᠺᠢ ᠤᠭᠰᠠᠭᠠᠨ ᠤ᠋ ᠬᠥᠮᠦᠨ  ᠃  ᠣᠪᠣᠭ ᠴᠠᠤᠳᠠᠮ᠎ᠠ ᠂ ᠨᠡᠷ᠎ᠡ ᠰᠢᠳᠠᠳᠠᠷᠳᠠ ᠭᠡᠳᠡᠭ ᠃ ᠱᠠᠭᠢᠮᠤᠨᠢ ᠭᠡᠳᠡᠭ ᠨᠢ ᠲᠡᠭᠦᠨ ᠦ᠌ ᠡᠷᠭᠦᠮᠵᠢᠯᠡᠭᠰᠡᠨ ᠴᠣᠯᠠ ᠪᠥᠭᠡᠳ ᠱᠠᠺᠢ ᠤᠭᠰᠠᠭᠠᠨ ᠤ᠋ ᠪᠣᠭᠳᠠ ᠬᠥᠮᠦᠨ ᠬᠡᠮᠡᠭᠰᠡᠨ ᠤᠳᠬ᠎ᠠ ᠲᠠᠢ ᠦᠭᠡ᠃ ᠲᠡᠷᠡ ᠬᠠᠷᠠᠬᠠᠨ ᠪᠠᠭ᠎ᠠ   ᠠᠴᠠ ᠪᠠᠨ ᠰᠤᠷᠬᠤ ᠳᠤᠷᠠᠲᠠᠢ ᠪᠥᠭᠡᠳ ᠪᠣᠳᠣᠯᠭ᠎ᠠ ᠭᠦᠨ ᠪᠠᠢᠳᠠᠭ ᠃ᠲᠡᠷᠡ ᠬᠠᠯᠠᠭᠤᠨ ᠨᠠᠷᠠᠨ ᠤ᠋ ᠳᠣᠣᠷ᠎ᠠ ᠲᠠᠷᠢᠶᠠᠨ ᠠᠵᠢᠯ ᠬᠢᠵᠦ ᠪᠦᠬᠦᠢ ᠲᠠᠷᠢᠶᠠᠴᠢᠨ ᠂ ᠨᠠᠰᠤᠨ ᠠᠬᠠᠰᠢᠷᠠᠭᠠᠳ ᠬᠦᠳᠡᠭᠢ ᠪᠣᠯᠤᠭᠰᠠᠨ ᠥᠲᠡᠭᠦᠰ ᠬᠥᠮᠦᠨ ᠂ ᠡᠨᠡᠯᠦᠨ ᠬᠡᠪᠲᠡᠵᠦ ᠲᠠᠮᠢᠷ ᠠᠯᠳᠠᠷᠠᠭᠰᠠᠨ ᠡᠪᠡᠳᠴᠢᠲᠡᠢ ᠬᠥᠮᠦᠨ ᠂ ᠲᠥᠷᠥᠯ ᠬᠠᠨᠢ᠎ᠠᠴᠠ ᠪᠠᠨ ᠬᠠᠭᠠᠴᠠᠵᠤ ᠨᠠᠰᠤᠨ ᠨᠥᠭᠴᠢᠭᠰᠡᠨ ᠬᠥᠮᠦᠨ ᠵᠡᠷᠭᠡ ᠶ᠋ᠢᠨ ᠵᠣᠪᠠᠯᠠᠩᠲᠤ ᠪᠠᠢᠳᠠᠯ ᠢ᠋ ᠦᠵᠡᠭᠡᠳ ᠬᠥᠮᠦᠨ ᠦ᠌ ᠶᠢᠷᠲᠢᠨᠴᠦ ᠳ᠋ᠡᠬᠢ ᠡᠨᠡ ᠮᠡᠲᠦ ᠮᠥᠩᠬᠡ ᠪᠤᠰᠤ ᠶ᠋ᠢ ᠤᠬᠠᠨ ᠮᠡᠳᠡᠭᠡᠳ ᠶᠢᠷᠲᠢᠨᠴᠦ᠎ᠡᠴᠡ ᠵᠠᠢᠯᠠᠬᠤ ᠬᠦᠰᠡᠯ ᠢ᠋ ᠡᠪᠦᠷᠯᠡᠪᠡ ᠃ ᠬᠣᠷᠢ ᠵᠢᠰᠦᠨ ᠨᠠᠰᠤᠨ ᠳ᠋ᠠᠭᠠᠨ ᠲᠡᠷᠡ ᠥᠪᠡᠷ ᠦ᠋ᠨ ᠸᠠᠩ ᠤ᠋ᠨ ᠣᠷᠳᠣᠨ ᠤ᠋ ᠲᠣᠬᠢᠯᠢᠭ ᠰᠠᠢᠬᠠᠨ ᠠᠮᠢᠳᠤᠷᠠᠯ ᠲᠡᠭᠦᠨᠴᠢᠯᠡ ᠢᠷᠡᠭᠡᠳᠦᠢ ᠳ᠋ᠦ᠍ᠷ ᠵᠠᠯᠭᠠᠮᠵᠢᠯᠠᠬᠤ ᠸᠠᠩ ᠤ᠋ᠨ ᠰᠠᠭᠤᠷᠢᠨ ᠵᠡᠷᠭᠡ ᠶ᠋ᠢ ᠪᠦᠷ ᠣᠷᠬᠢᠵᠤ ᠭᠡᠷ᠎ᠡᠴᠡ ᠪᠡᠨ ᠭᠠᠷᠴᠤ ᠭᠡᠵᠢᠭᠡ ᠦᠰᠦ ᠪᠡᠨ ᠬᠢᠷᠭᠠᠭᠠᠳ ᠲᠦᠳᠡ ᠪᠣᠯᠪᠠ ᠃ ᠲᠡᠨᠳᠡᠴᠡ ᠵᠢᠷᠭᠤᠭᠠᠨ ᠵᠢᠯ ᠪᠣᠯᠤᠭᠠᠳ᠂ ᠡᠨᠡ ᠮᠡᠲᠦ ᠬᠠᠲᠠᠭᠤᠵᠢᠯᠲᠠᠢ ᠭᠠᠰᠢᠭᠤᠨ ᠪᠢᠰᠢᠯᠭᠠᠯ ᠬᠢᠬᠦ ᠨᠢ ᠮᠥᠨ ᠴᠦ᠍ ᠬᠥᠮᠦᠨ ᠦ᠌ ᠶᠢᠷᠲᠢᠨᠴᠦ ᠳ᠋ᠦ᠍ ᠲᠤᠰᠠ ᠦᠭᠡᠢ ᠭᠡᠴᠦ ᠰᠡᠳᠬᠢᠵᠦ ᠣᠯᠤᠭᠠᠳ ᠨᠢᠭᠡᠨ ᠫᠢᠫᠠᠯᠯᠠ ᠮᠣᠳᠣᠨ ᠳᠣᠣᠷ᠎ᠠ ᠬᠦᠷᠴᠦ ᠰᠠᠭᠤᠭᠠᠳ ᠶᠢᠷᠲᠢᠨᠴᠦ ᠶ᠋ᠢᠨ ᠵᠣᠪᠠᠯᠠᠩ ᠲᠠᠢᠯᠬᠤ ᠲᠥᠪ ᠶᠣᠰᠣᠨ ᠣᠨᠣᠯ ᠢ᠋ ᠰᠠᠨᠠᠵᠤ ᠂ ᠭᠤᠴᠢᠨ ᠲᠠᠪᠤᠨ ᠨᠠᠰᠤᠨ ᠳ᠋ᠠᠭᠠᠨ ᠪᠡᠯᠭᠡ ᠪᠢᠯᠢᠭ ᠦ᠋ᠨ ᠣᠨᠣᠯ ᠢ᠋ ᠣᠯᠵᠤ ᠪᠤᠷᠬᠠᠨ ᠪᠣᠯᠪᠠ᠃ ᠲᠡᠭᠦᠨᠴᠡ ᠬᠣᠢᠰᠢ ᠳᠥᠴᠢᠨ ᠢᠯᠡᠭᠦᠦ ᠵᠢᠯ ᠦ᠋ᠨ ᠳᠣᠲᠣᠷ᠎ᠠ ᠡᠨᠡᠳᠬᠡᠭ ᠦ᠋ᠨ ᠣᠯᠠᠨ ᠭᠠᠵᠠᠷ ᠲᠤ᠌ ᠬᠦᠷᠴᠦ ᠪᠤᠷᠬᠠᠨ ᠤ᠋ ᠶᠣᠰᠣᠨ ᠢ᠋ ᠨᠣᠮᠯᠠᠨ ᠨᠠᠶᠠᠨ ᠨᠠᠰᠤᠨ᠎ᠠ ᠨᠥᠭᠴᠢᠵᠡᠢ᠃ 

       ᠢᠮᠠᠭᠲᠠ ᠴᠥᠪ ᠦ᠋ᠨ ᠴᠠᠭ ① ᠳᠠᠬᠢ ᠠᠮᠢᠲᠠᠨ ᠤ᠋ ᠲᠤᠯᠠ ᠰᠢᠲᠦᠭᠡᠨ ᠪᠣᠯᠭᠠᠭᠰᠠᠨ ᠂ 
       ᠢᠯᠠᠭᠤᠭᠰᠠᠨ ᠪᠤᠷᠬᠠᠨ ᠪᠠᠭᠰᠢ ᠯᠤᠭ᠎ᠠ ᠢᠯᠭᠠᠯ ᠦᠭᠡᠢ ᠤᠴᠠᠷᠠᠭᠰᠠᠨ ᠠᠮᠢᠲᠠᠨ ᠂ 
       ᠢᠯᠡᠳᠡ ᠦᠵᠡᠭᠡᠳ ᠰᠡᠴᠡ ᠭᠤᠷᠪᠠᠨ  ᠬᠣᠣᠷ ᠤ᠋ᠨ  ᠡᠪᠡᠳᠴᠢᠨ ᠠᠮᠤᠷᠯᠢᠭᠠᠳ ᠂ 
       ᠵᠠᠰᠠᠳᠠᠭ ᠦᠭᠡᠢ ᠰᠦᠰᠦᠭ ᠪᠢᠰᠢᠷᠡᠯ ᠲᠥᠷᠥᠭᠦᠯᠦᠭᠴᠢ᠂ 
       ᠵᠢᠬ᠎ᠠ ᠦᠨᠡᠨ ᠢ᠋ᠶ᠋ᠡᠷ ᠦᠵᠡᠬᠦᠢ ᠰᠣᠨᠣᠰᠬᠤᠢ ᠡᠷᠳᠡᠮ ᠯᠦᠭᠡ ᠲᠡᠭᠦᠰᠦᠭᠰᠡᠨ ᠂  
       ᠵᠢᠶᠠᠭ᠎ᠠ  ᠲᠤ ᠬᠠᠮᠤᠭ ᠲᠩᠷᠢ ᠬᠥᠮᠦᠨ ᠦ᠌ ᠴᠣᠭ ᠵᠢᠪᠬᠤᠯᠠᠩ ᠳ᠋ᠤ᠌ ᠪᠣᠯᠤᠭᠰᠠᠨ ᠡᠨᠡ ᠰᠢᠲᠦᠭᠡᠨ ᠢ᠋ ᠂ 
       ᠵᠠᠯᠠᠵᠤ ᠲᠡᠭᠷᠢ ᠨᠠᠷ ᠤ᠋ᠨ ᠭᠠᠵᠠᠷ᠎ᠠ ᠲᠠᠪᠤᠨ ᠸᠠᠭᠣᠨ ᠵᠢᠯ ᠲᠤᠰᠠᠯᠠᠨ ᠰᠠᠭᠤᠪᠠᠢ 》 ᠃ 
       《ᠲᠡᠷᠡ ᠣᠷᠣᠨ ᠠ᠋ᠴᠠ ᠪᠡᠯᠭᠡ ᠪᠢᠯᠢᠭ ᠦ᠋ᠨ ᠳ᠋ᠠᠭᠢᠨᠢ ③ᠨᠤᠭᠤᠳ ᠵᠠᠯᠠᠵᠤ ᠂ 
       ᠲᠡᠨᠳᠡ ᠥᠷᠥᠨ᠎ᠡ ᠳ᠋ᠦ᠍ ᠣᠷᠣᠢ ᠶ᠋ᠢᠨ ᠴᠢᠮᠡᠭ ᠦ᠋ᠨ ᠣᠷᠣᠨ ᠳ᠋ᠤᠷ ᠲᠠᠪᠤᠨ ᠵᠠᠭᠤᠨ ᠵᠢᠯ᠎ᠠ ᠰᠠᠭᠤᠪᠠᠢ ᠃ 
— — — —
① ᠰᠢᠭᠡᠮᠦᠨᠢ ᠨᠠᠰᠤ ᠨᠦᠴᠢᠭᠰᠡᠨ ᠦ᠌ ᠬᠣᠢᠨ᠎ᠠ ᠪᠤᠷᠬᠠᠨ ᠨᠣᠮ ᠤ᠋ᠨ ᠶᠣᠰᠣᠨ ᠢ᠋ ᠶᠠᠪᠤᠭᠤᠯᠤᠭᠰᠠᠨ ᠲᠠᠪᠤᠨ ᠵᠠᠭᠤᠨ ᠵᠢᠯ ᠢ᠋ ᠲᠥᠪ ᠨᠣᠮᠲᠤ ᠴᠠᠭ( ᠬᠢᠲᠠᠳ ᠲᠤ᠌正法时 ) ᠭᠡᠨ᠎ᠡ ᠂ ᠲᠡᠭᠦᠨᠴᠡ ᠬᠣᠢᠰᠢ ᠦᠨᠳᠦᠰᠦᠨ ᠳ᠋ᠡᠭᠡᠨ ᠨᠣᠮ ᠵᠠ ᠶᠣᠰᠣᠨ ᠶᠠᠪᠤᠭᠳᠠᠭᠤᠯᠤᠭᠰᠠᠨ ᠮᠢᠩᠭᠠᠨ ᠵᠢᠯ ᠢ᠋ ᠳᠦᠷᠢᠮᠲᠦ ᠨᠣᠮᠲᠤ ᠴᠠᠭ (象法时 ) ᠭᠡᠨ᠎ᠡ ᠂ ᠲᠡᠭᠦᠨᠴᠡ ᠬᠣᠢᠰᠢ ᠨᠣᠮ ᠤ᠋ᠨ ᠶᠣᠰᠣᠨ ᠳᠣᠷᠣᠢᠲᠠᠨ ᠶᠠᠪᠤᠭᠰᠠᠨ ᠨᠢᠭᠡᠨ ᠲᠦᠮᠡᠨ ᠵᠢᠯ ᠢ᠋ ᠴᠥᠪ ᠦ᠋ᠨ ᠴᠠᠭ (ᠬᠢᠲᠠᠳ ᠲᠤ᠌末法时 ) ᠭᠡᠨ᠎ᠡ ᠃ 
② ᠬᠣᠪᠳᠣᠭ᠂ ᠠᠲᠠᠭ᠎ᠠ ᠂ ᠮᠤᠩᠬᠠᠭ ᠭᠤᠷᠪᠠᠨ ᠢ᠋ ᠬᠡᠯᠡᠨ᠎ᠡ ᠃ ᠪᠤᠷᠬᠠᠨ ᠤ᠋ ᠱᠠᠰᠢᠨᠲᠠᠨ ᠡᠨᠡ ᠭᠤᠷᠪᠠ ᠶ᠋ᠢ ᠠᠯᠢᠪᠠ ᠵᠣᠪᠠᠯᠠᠩ ᠤ᠋ᠨ ᠦᠨᠳᠦᠰᠦ ᠭᠡᠵᠦ ᠦᠵᠡᠳᠡᠭ ᠃ᠡᠭᠦᠨᠴᠡ ᠲᠡᠭᠦᠨ ᠢ᠋ ᠭᠤᠷᠪᠠᠨ ᠬᠣᠣᠷ ᠪᠤᠶᠤ ᠭᠤᠷᠪᠠᠨ  ᠡᠪᠡᠳᠴᠢᠨ ᠭᠡᠵᠦ ᠥᠭᠦᠯᠡᠳᠡᠭ ᠃ 
③  ᠰᠠᠨᠰᠺᠷᠢᠲ ᠦᠭᠡ dahini ᠶ᠋ᠢᠨ ᠠᠪᠢᠶᠠᠴᠢᠯᠠᠭᠰᠠᠨ ᠣᠷᠴᠢᠭᠤᠯᠭ᠎ᠠ᠂ ᠣᠭᠲᠠᠷᠭᠤᠢ ᠪᠠᠷ ᠶᠠᠪᠤᠭᠴᠢ ᠬᠡᠮᠡᠬᠦ ᠤᠳᠬ᠎ᠠ ᠲᠠᠢ  ᠃ 


       ᠲᠡᠨᠳᠡᠴᠡ ᠣᠭᠲᠠᠷᠭᠤᠢ ᠪᠠᠷ ᠷᠢᠳᠢ ᠬᠤᠪᠢᠯᠭᠠᠨ ᠢ᠋ᠶ᠋ᠠᠷ ᠥᠭᠡᠳᠡ ᠪᠣᠯᠵᠤ ᠢᠷᠡᠭᠡᠳ ᠂ 
       ᠳᠡᠭᠡᠳᠦ ᠡᠨᠡᠳᠬᠡᠭ ᠦ᠋ᠨ ᠸᠴᠢᠷ ᠲᠦ᠍ ᠣᠷᠣᠨ ᠳ᠋ᠤᠷ ᠲᠠᠪᠤᠨ ᠵᠠᠭᠤᠨ ᠵᠢᠯ᠎ᠡ ᠲᠤᠰᠠᠯᠠᠨ ᠰᠠᠭᠤᠪᠠᠢ 》 ᠃ 
       《 ᠤᠯᠠᠮ ᠪᠠᠰᠠ ᠬᠦ᠌ ᠬᠢᠲᠠᠳ ᠤ᠋ᠨ ᠪ᠊ᠷᠢᠰᠳᠢᠮ ᠴᠠᠶ᠎ᠠ ① ᠬᠡᠮᠡᠬᠦ ᠬᠠᠭᠠᠨ ᠵᠠᠯᠠᠵᠤ ᠂ 
       ᠤᠴᠠᠷᠠᠵᠤ ᠬᠢᠲᠠᠳ ᠤ᠋ᠨ ᠭᠠᠵᠠᠷᠠ ᠲᠠᠪᠤᠨ ᠵᠠᠭᠤᠨ ᠵᠢᠯ ᠳ᠋ᠦ᠍ᠷ ᠲᠤᠰᠠᠯᠠᠨ ᠰᠠᠭᠤᠪᠠᠢ ᠃ 
       ᠦᠯᠡᠮᠵᠢ ᠲᠡᠭᠦᠨ ᠡᠴᠡ ᠲᠥᠪᠡᠳ ᠦ᠋ᠨ  ᠴᠩᠷᠠᠸᠠᠷᠳᠢ ᠬᠠᠭᠠᠨ ᠵᠠᠯᠠᠵᠤ 
       ᠦᠷᠭᠦᠯᠵᠢᠳᠡ ᠮᠠᠨᠤ ᠲᠥᠪᠡᠳ ᠦ᠋ᠨ ᠲᠠᠬᠢᠯ ᠤ᠋ᠨ ᠰᠢᠲᠦᠭᠡᠨ ᠭᠠᠢᠬᠠᠮᠰᠢᠭ ᠲᠤ ᠪᠤᠷᠬᠠᠨ ᠪᠥᠯᠥᠭᠡ 》᠃  
       《ᠲᠤᠰᠠ ᠳ᠋ᠤ᠌ ᠢᠯᠭᠤᠭᠰᠠᠨ ᠲᠡᠷᠡ ᠪᠤᠷᠬᠠᠨ ᠤ᠋ ᠵᠦᠭ ᠲᠦ᠍ᠷ ᠬᠦᠰᠡᠨ ᠦᠢᠯᠡᠳᠴᠦ ᠂ 
       ᠳᠣᠯᠣᠭᠠᠨ ᠠᠯᠬᠤᠬᠤ ᠶ᠋ᠢᠨ  ᠲᠡᠳᠦᠢ ᠣᠳᠴᠤ ᠶᠡᠭᠦᠳᠬᠡᠪᠡᠰᠦ ᠂ 
       ᠲᠤᠭᠤᠯᠤᠭᠰᠠᠨ ᠪᠤᠷᠬᠠᠨ ᠤ᠋  ᠵᠢᠷᠭᠠᠯᠠᠩᠲᠤ ᠣᠷᠣᠨ ᠳ᠋ᠤᠷ ᠲᠥᠷᠥᠬᠦ ᠪᠣᠯᠵᠤ ᠂ 
— — — —
①ᠡᠨᠡᠳᠬᠡᠭ ᠦ᠋ᠨ ᠬᠥᠮᠦᠰ ᠳᠠᠩ ᠤᠯᠤᠰ ᠤ᠋ᠨ ᠬᠤᠸᠠᠷᠠᠭ  ᠰᠢᠦᠸᠠᠨ  ᠵᠤᠸᠠᠩ ( 玄策  ) ᠊ᠢ ᠡᠷᠭᠦᠮᠵᠢᠯᠡᠭᠰᠡᠨ ᠨᠡᠷ᠎ᠡ ᠃ ᠰᠢᠦᠸᠠᠨ ᠵᠤᠸᠠᠩ ᠨᠡᠢᠲᠡ ᠶ᠋ᠢᠨ ᠣᠨ ᠲᠣᠭᠠᠯᠠᠯ ᠤ᠋ᠨ 629 ᠣᠨ ᠳ᠋ᠤ᠌ ᠡᠨᠡᠳᠬᠡᠭ ᠤᠯᠤᠰ ᠲᠤ᠌ ᠬᠦᠷᠴᠦ ᠨᠣᠮ ᠵᠠᠯᠠᠭᠠᠳ 645 ᠣᠨ ᠳ᠋ᠤ᠌ ᠴᠠᠩ ᠠᠨ (长安  )ᠬᠣᠲᠠᠨ᠎ᠠ ᠪᠤᠴᠠᠵᠤ ᠢᠷᠡᠪᠡ ᠃ ᠲᠡᠭᠦᠨ ᠦ᠌ ᠵᠠᠯᠠᠵᠤ ᠢᠷᠡᠭᠰᠡᠨ ᠰᠤᠳᠤᠷ ᠰᠠᠨᠰᠷᠴᠢᠲ ᠦᠰᠦᠭ ᠢ᠋ᠶ᠋ᠡᠷ ᠪᠢᠴᠢᠭᠳᠡᠭᠰᠡᠨ ᠵᠢᠷᠭᠤᠭᠠᠨ ᠵᠠᠭᠤ ᠲᠠᠪᠢᠨ ᠳᠣᠯᠣᠭᠠᠨ ᠵᠦᠢᠯ ᠪᠠᠢᠨ᠎ᠠ ᠃ ᠲᠡᠷᠡ ᠤᠯᠤᠰ ᠲᠠᠭᠠᠨ ᠬᠠᠷᠢᠵᠤ ᠢᠷᠡᠭᠰᠡᠨ ᠦ᠌ ᠬᠣᠢᠨ᠎ᠠ ᠡᠳᠡᠭᠡᠷ ᠰᠤᠳᠤᠷ ᠢ᠋ ᠣᠷᠴᠢᠭᠤᠯᠬᠤ ᠠᠵᠢᠯ ᠳ᠋ᠤ᠌ ᠰᠡᠳᠬᠡᠯ ᠰᠢᠭᠤᠳᠴᠤ ᠨᠡᠢᠲᠡ ᠳᠠᠯᠠᠨ ᠲᠠᠪᠤᠨ ᠵᠦᠢᠯ ᠦ᠋ᠨ ᠰᠤᠳᠤᠷ ᠨᠢᠭᠡ ᠮᠢᠩᠭ᠎ᠠ ᠭᠤᠷᠪᠠᠨ ᠵᠠᠭᠤ ᠭᠤᠴᠢᠨ ᠲᠠᠪᠤᠨ ᠪᠣᠳᠢ ᠣᠷᠴᠢᠭᠤᠯᠵᠤ ᠂ ᠳᠤᠮᠳᠠᠳᠤ ᠤᠯᠤᠰ ᠲᠤ᠌ ᠪᠤᠷᠬᠠᠨ ᠤ᠋ ᠨᠣᠮ ᠰᠤᠳᠤᠷ ᠢ᠋ ᠣᠷᠴᠢᠭᠤᠯᠤᠨ ᠦᠢᠯᠡᠳᠦᠭᠴᠢᠳ ᠦ᠋ᠨ ᠳᠣᠲᠣᠷᠠᠬᠢ ᠨᠢᠭᠡᠨ ᠣᠨᠴᠠ ᠣᠷᠣᠢᠯᠠᠭᠰᠠᠨ ᠬᠥᠮᠦᠨ ᠪᠣᠯᠵᠠᠢ ᠃ 

       ᠲᠤᠩᠭᠠᠯᠠᠭ ᠲᠡᠢᠮᠦ  ᠭᠠᠢᠬᠠᠮᠱᠢᠭ ᠪᠤᠷᠬᠠᠨ ᠤ᠋ ᠰᠢᠲᠦᠭᠡᠨ ᠪᠥᠯᠥᠭᠡ ᠃ 
       ᠪᠠᠰᠠ ᠪᠠᠷ ᠮᠠᠨᠤ ᠲᠥᠪᠡᠳ ᠦ᠋ᠨ ᠣᠷᠣᠨ ᠳ᠋ᠤᠷ ᠴᠣᠩᠭᠡᠪᠡ ① ᠶ᠋ᠢᠨ ᠪᠠᠢᠭᠤᠯᠤᠭᠰᠠᠨ ᠂ 
       ᠪᠠᠶᠠᠰᠬᠤᠯᠠᠩ ᠲᠡᠭᠦᠰ ᠴᠣᠭ᠍ᠲᠣ ᠣᠷᠣᠨ ᠳ᠋ᠤᠷ ᠰᠢᠭᠡᠮᠦᠨᠢ ᠶ᠋ᠢᠨ ᠱᠠᠰᠢᠨ ᠢ᠋  ᠪᠠᠷᠢᠭᠴᠢ ᠂  
       ᠪᠠᠭᠰᠢ ᠪᠤᠷᠰᠠᠩ ᠬᠤᠸᠠᠷᠠᠭ ᠤ᠋ᠳ ᠤ᠋ᠨ ᠣᠬᠢ ᠬᠣᠩᠰᠢᠮ ᠪᠣᠳᠢᠰᠠᠲᠤ ᠶ᠋ᠢᠨ ᠬᠤᠪᠢᠯᠭᠠᠨ ᠂   
       ᠪᠠᠰᠦᠢ᠍ᠨᠳ᠋ᠨᠠᠮ  ᠷᠬᠢᠮᠠᠰᠤ ②ᠬᠠᠮᠤᠭ ᠢ᠋ ᠮᠡᠳᠡᠭᠴᠢ ᠳ᠋ᠠᠯᠡᠢ ᠯᠠᠮ᠎ᠠ ᠪᠠᠷ  ᠂ 
— — — — 
① ᠯᠠᠮᠠ ᠶ᠋ᠢᠨ ᠱᠠᠰᠢᠨ ᠢ᠋ ᠰᠢᠨᠡᠴᠢᠯᠡᠭᠴᠢ ᠪᠠ ᠰᠢᠷ᠎ᠠ ᠶ᠋ᠢᠨ ᠱᠠᠰᠢᠨ ᠢ᠋ ᠡᠭᠦᠳᠦᠭᠴᠢ ᠬᠥᠮᠦᠨ ᠃ ᠨᠡᠷ᠎ᠡ ᠯᠤᠪᠰᠠᠩᠴᠠᠬᠠᠪᠠ ᠭᠡᠳᠡᠭ ᠃ 1357 ᠣᠨ ᠳ᠋ᠤ᠌ ᠬᠥᠬᠡᠨᠠᠭᠤᠷ ᠮᠣᠵᠢ ᠶ᠋ᠢᠨ ᠰᠢᠨᠢᠩ (西宁 ) ᠣᠷᠴᠢᠮ ᠳ᠋ᠠᠬᠢ ᠴᠣᠩᠺᠡᠨ ᠭᠡᠬᠦ ᠭᠠᠵᠠᠷ ᠮᠡᠨᠳᠦᠯᠡᠭᠰᠡᠨ ᠦ᠌ ᠣᠴᠢᠷ᠎ᠠ ᠴᠤᠩᠺᠠᠪᠠ ᠨᠡᠷ᠎ᠡ ᠲᠡᠢ ᠪᠣᠯᠵᠠᠢ ᠃ ᠳᠣᠯᠣᠭᠠᠨ ᠨᠠᠰᠤᠨ ᠳ᠋ᠠᠭᠠᠨ ᠭᠡᠷ ᠡᠴᠡ ᠭᠠᠷᠴᠤ ᠲᠣᠢᠨ ᠪᠣᠯᠤᠭᠠᠳ ᠠᠷᠪᠠᠨ ᠳᠣᠯᠣᠭᠠᠨ ᠨᠠᠰᠤᠨ ᠳ᠋ᠠᠭᠠᠨ ᠲᠥᠪᠡᠳ ᠲᠦ᠍  ᠬᠦᠷᠴᠦ ᠨᠣᠮ ᠰᠤᠷᠪᠠ ᠃ ᠭᠤᠴᠢᠨ ᠵᠢᠷᠭᠤᠭᠠᠨ ᠨᠠᠰᠦᠨ᠎ᠠ  ᠯᠠᠮᠠ ᠶ᠋ᠢᠨ ᠱᠠᠰᠢᠨ ᠤ᠋ ᠢᠯᠵᠠᠷᠠᠨ ᠳᠣᠷᠣᠢᠲᠠᠭᠰᠠᠨ ᠪᠠᠢᠳᠠᠯ ᠡᠳᠦᠷ ᠢᠷᠡᠬᠦᠶ᠎ᠡ ᠬᠦᠨᠳᠦ ᠬᠡᠴᠡᠭᠦᠦ ᠪᠣᠯᠵᠤ ᠪᠠᠢᠭ᠎ᠠ ᠶ᠋ᠢ ᠰᠠᠢᠲᠤᠷ ᠠᠵᠢᠭᠯᠠᠨ ᠮᠡᠳᠡᠵᠦ ᠂ ᠲᠡᠭᠦᠨ ᠳ᠋ᠦ᠍ ᠰᠢᠨᠡᠴᠢᠯᠡᠯ ᠬᠢᠵᠦ ᠰᠢᠨ᠎ᠡ ᠱᠠᠰᠢᠨ ᠢ᠋ ᠡᠭᠦᠳᠦᠨ ᠪᠦᠲᠦᠭᠡᠬᠦ ᠭᠡᠵᠦ ᠵᠣᠷᠢᠭ ᠰᠢᠭᠤᠳᠪᠠ ᠃ ᠲᠡᠭᠦᠨᠴᠡ ᠯᠠᠮᠠ ᠨᠠᠷ ᠡᠬᠡᠨᠡᠷ ᠠᠪᠬᠤ ᠂ ᠠᠷᠢᠬᠢ ᠤᠤᠭᠤᠬᠤ ᠵᠡᠷᠭᠡ ᠶ᠋ᠢ ᠴᠠᠭᠠᠵᠠᠯᠠᠭᠰᠠᠨ ᠰᠢᠨ᠎ᠡ ᠰᠠᠬᠢᠯ  ᠰᠠᠨᠸᠠᠷ ᠵᠣᠬᠢᠶᠠᠵᠤ ᠭᠡᠭᠡᠨ ᠬᠤᠪᠢᠯᠭᠠᠨ ᠦᠶ᠎ᠡ ᠤᠯᠠᠷᠢᠬᠤ ᠳᠦᠷᠢᠮ ᠲᠣᠭᠲᠠᠭᠠᠵᠠᠢ ᠃ ᠮᠥᠨ ᠪᠠᠰᠠ ᠮᠠᠯᠠᠭᠠᠢ ᠬᠤᠪᠴᠠᠰᠤ ᠪᠠᠨ ᠰᠢᠷ᠎ᠠ ᠥᠩᠭᠡ ᠪᠡᠷ  ᠰᠣᠯᠢᠭᠰᠠᠨ ᠤ᠋ ᠤᠴᠢᠷ ᠠ᠋ᠴᠠ ᠲᠡᠭᠦᠨ ᠦ᠌ ᠡᠭᠦᠳᠦᠭᠰᠡᠨ ᠱᠠᠰᠢᠨ ᠢ᠋ ᠰᠢᠷ᠎ᠠ ᠶ᠋ᠢᠨ ᠱᠠᠰᠢᠨ ᠭᠡᠬᠦ ᠪᠣᠯᠪᠠ ᠃ 1419 ᠣᠨ ᠳ᠋ᠤ᠌ ᠴᠣᠩᠺᠠᠪᠠ ᠨᠠᠰᠤᠨ ᠡᠴᠦᠰ ᠪᠣᠯᠤᠭᠰᠠᠨ ᠤ᠋ ᠬᠣᠢᠨ᠎ᠠ ᠲᠡᠭᠦᠨ ᠦ᠌ ᠬᠣᠶᠠᠷ ᠶᠡᠬᠡ ᠱᠠᠪᠢ — ᠠᠩᠬᠠᠳᠤᠭᠠᠷ ᠲᠥᠷᠥᠯ ᠦ᠋ᠨ ᠳᠠᠯᠠᠢ  ᠯᠠᠮ᠎ᠠ  ᠷᠭᠡᠨᠳᠤᠨ  ᠷᠤᠪᠪᠠ ᠂ ᠠᠩᠬᠠᠳᠤᠭᠠᠷ ᠲᠥᠷᠥᠯ ᠦ᠋ᠨ  ᠪᠠᠨᠴᠢᠨ  ᠯᠠᠮᠠ ᠭᠡᠸᠯᠠᠪᠠᠰᠠᠩ ᠬᠣᠶᠠᠷ ᠰᠢᠷ᠎ᠠ ᠶ᠋ᠢᠨ ᠱᠠᠰᠢᠨ ᠤ᠋ ᠡᠷᠬᠡ ᠶ᠋ᠢ ᠠᠳᠬᠤᠵᠤ ᠯᠠᠮᠠ ᠶ᠋ᠢᠨ ᠱᠠᠰᠢᠨ ᠤ᠋ ᠳᠣᠲᠣᠷ᠎ᠠ ᠬᠠᠮᠤᠭ ᠤ᠋ᠨ ᠲᠣᠮᠣ ᠡᠷᠬᠡ ᠰᠦᠷᠳᠡᠨ ᠪᠣᠯᠵᠠᠢ ᠃ 
② ᠭᠤᠲᠠᠭᠠᠷ ᠳᠠᠯᠠᠢ  ᠯᠠᠮᠠ ᠶ᠋ᠢᠨ ᠨᠡᠷ᠎ᠡ ᠃  

       ᠠᠷᠪᠠᠨ ᠢᠯᠡᠭᠦᠦ ᠨᠠᠰᠤᠨ ᠳ᠋ᠤᠷ ᠢ᠋ᠶ᠋ᠠᠨ ᠲᠡᠷᠡ ᠯᠠᠮᠠ ᠮᠠᠨᠤ ᠂ 
       ᠠᠯᠲᠠᠨ ᠬᠠᠭᠠᠨ ᠴᠢᠮ᠎ᠠ ᠯᠣᠬ᠎ᠠ ᠠᠭᠤᠯᠵᠠᠬᠤ ᠶ᠋ᠢᠨ ᠪᠠᠯᠠᠩ  ᠦᠵᠡᠭᠦᠯᠵᠦ ᠂ 
       ᠠᠷᠢᠭᠤᠨ ᠪᠤᠷᠬᠠᠨ ᠤ᠋ ᠱᠠᠰᠢᠨ ᠵᠡᠭᠦᠨ ᠡᠲᠡᠭᠡᠳ ᠳᠡᠯᠭᠡᠷᠡᠬᠦᠢ ᠪᠡᠯᠡᠭ ᠪᠣᠢ ᠬᠡᠮᠡᠭᠰᠡᠨ ᠪᠥᠯᠥᠭᠡᠢ ᠂ 
       ᠠᠳᠠᠯᠢᠳᠬᠠᠰᠢ ᠦᠭᠡᠢ ᠪᠤᠷᠬᠠᠨ ᠤ᠋ ᠨᠣᠮᠯᠠᠭᠰᠠᠨ ᠭᠡᠨᠵᠤᠷ ᠂  ᠰᠳᠡᠨᠵᠤᠷ ①ᠬᠡᠮᠡᠬᠦ ᠨᠣᠮ ᠤ᠋ᠳ ᠪᠥᠯᠥᠭᠡ 》᠃ 
       《ᠲᠡᠢᠮᠦ ᠲᠡᠢᠮᠦ ᠭᠠᠢᠬᠠᠮᠰᠢᠭ᠋ ᠲᠠᠨ ᠦᠯᠡᠮᠵᠢ ᠮᠠᠰᠢ ᠣᠯᠠᠨ ᠵᠦᠢᠯ ᠲᠠᠨ ᠪᠤᠶᠤ ᠂ 
       ᠳᠡᠭᠡᠳᠦ ᠶᠡᠬᠡ ᠬᠠᠭᠠᠨ ᠴᠢ ᠤᠷᠢᠳᠤ ᠹᠠᠭᠰᠪᠠ ᠯᠠᠮ᠎ᠠ ᠰᠡᠴᠡᠨ ᠬᠠᠭᠠᠨ ᠬᠣᠶᠠᠷ ᠤ᠋ᠨ ᠶᠣᠰᠣᠭᠠᠷ ᠂ 
       ᠲᠡᠭᠰᠢ ᠪᠤᠷᠬᠠᠨ ᠤ᠋ ᠱᠠᠰᠢᠨ ᠢ᠋ ᠵᠢᠯᠣᠭᠠᠳᠬᠤ ᠶ᠋ᠢ ᠬᠦᠰᠡᠨ ᠦᠢᠯᠡᠳᠪᠡᠰᠦ ᠂
       ᠲᠡᠨᠳᠡ ᠵᠣᠣ ᠷᠢᠮᠪᠤᠴᠠᠢ ② ᠲᠡᠷᠢᠭᠦᠯᠡᠨ ᠬᠠᠮᠤᠭ ᠪᠤᠷᠠᠬᠠᠳ ᠤ᠋ᠨ ᠰᠢᠲᠦᠭᠡᠨ ᠳ᠋ᠦ᠍ᠷ ᠂  
       ᠬᠣᠳᠣᠭ ᠲᠤ ᠳ᠋ᠠᠯᠠᠢ ᠯᠠᠮ᠎ᠠ ᠡᠬᠢᠯᠡᠨ ᠣᠯᠠᠨ ᠬᠤᠸᠠᠷᠠᠭ ᠤ᠋ᠳ ᠲᠤᠷ ᠵᠡᠳ ᠮᠠᠨᠴᠠ ③ᠬᠢᠭᠡᠳ ᠂ 
— — — — 
① ᠲᠥᠪᠡᠳ ᠬᠡᠯᠡ ᠪᠡᠷ ᠪᠢᠴᠢᠭᠳᠡᠭᠰᠡᠨ ᠪᠤᠷᠬᠠᠨ ᠱᠠᠰᠢᠨ ᠤ᠋ ᠨᠣᠮ ᠰᠤᠳᠤᠷ ᠤ᠋ᠨ ᠡᠮᠬᠢᠳᠬᠡᠯ ᠃ ᠪᠤᠷᠬᠠᠨ ᠱᠠᠰᠢᠨ ᠤ᠋ ᠨᠣᠮ ᠰᠤᠳᠤᠷ ᠨᠢ ᠳᠣᠣᠷᠠᠬᠢ ᠮᠡᠲᠦ ᠭᠤᠷᠪᠠᠨ ᠪᠦᠯᠦᠭ ᠡᠴᠡ ᠪᠦᠷᠢᠯᠳᠦᠵᠡᠢ ᠃ ᠠᠩᠬᠠᠨ ᠪᠦᠯᠦᠭ ᠨᠢ ᠰᠢᠬᠡᠮᠦᠨᠢ ᠶ᠋ᠢᠨ ᠨᠣᠮᠯᠠᠳᠬᠠᠯ ᠂ ᠳᠡᠳ᠋ ᠪᠦᠯᠦᠭ ᠨᠢ ᠯᠠᠮᠠ ᠬᠤᠸᠠᠷᠠᠭ ᠤ᠋ᠨ ᠰᠠᠬᠢᠯ  ᠰᠠᠨᠸᠠᠷ ᠪᠠ ᠰᠦᠮ᠎ᠡ ᠬᠡᠢᠳ ᠦ᠋ᠨ ᠵᠤᠷᠰᠢᠯ ᠂ ᠭᠤᠲᠠᠭᠠᠷ ᠪᠦᠯᠦᠭ ᠨᠢ ᠮᠡᠷᠭᠡᠳ ᠬᠤᠸᠠᠷᠠᠭ ᠨᠠᠷ ᠢ᠋ᠶ᠋ᠠᠷ ᠰᠢᠭᠡᠮᠦᠨᠢ ᠶ᠋ᠢᠨ ᠨᠣᠮᠯᠠᠳᠬᠠᠯ ᠳ᠋ᠤ᠌  ᠲᠠᠯᠪᠢᠭᠰᠠᠨ ᠥᠭᠦᠯᠡᠯ ᠲᠠᠢᠯᠪᠤᠷᠢ ᠵᠡᠷᠭᠡ ᠪᠣᠯᠤᠨ᠎ᠠ ᠃《  ᠭᠡᠨᠵᠤᠷ 》 (ᠭᠠᠨᠵᠤᠤᠷ ) ᠪᠣᠯ ᠡᠬᠢᠨ ᠦ᠌ ᠬᠣᠶᠠᠷ ᠪᠦᠯᠦᠭ ᠦ᠋ᠨ   ᠡᠮᠬᠢᠳᠬᠡᠯ  ᠪᠣᠯᠬᠤ  ᠪᠥᠭᠡᠳ 《  ᠰᠳ᠋ᠠᠨᠵᠤᠤᠷ 》 ( ᠳ᠋ᠠᠨᠵᠤᠤᠷ )ᠪᠣᠯ ᠭᠤᠲᠠᠭᠠᠷ ᠪᠦᠯᠦᠭ ᠦ᠋ᠨ ᠡᠮᠬᠢᠳᠬᠡᠯ ᠪᠣᠯᠤᠨ᠎ᠠ ᠃ 
② ᠵᠣᠣ ᠬᠡᠮᠡᠬᠦ ᠢᠨᠦ ᠪᠤᠷᠬᠠᠨ ᠤ᠋ ᠬᠥᠷᠥᠭ ᠭᠡᠬᠦ ᠤᠳᠬ᠎ᠠ ᠲᠠᠢ ᠂ ᠷᠢᠮᠪᠤᠴᠠᠢ ᠭᠡᠬᠦ ᠨᠢ ᠡᠷᠳᠡᠨᠢ ᠭᠡᠬᠦ ᠤᠳᠬ᠎ᠠ ᠲᠠᠢ ᠃ ᠵᠣᠣ ᠷᠢᠮᠪᠤᠴᠠᠢ ᠭᠡᠵᠦ ᠴᠣᠩᠺᠠᠪᠠ ᠶ᠋ᠢ ᠬᠡᠯᠡᠨ᠎ᠡ ᠃ 
③ ᠪᠠᠰᠠ ᠮᠠᠨᠵᠠ ᠪᠤᠶᠤ ᠮᠠᠩᠵᠠ ᠭᠡᠵᠦ ᠪᠢᠴᠢᠨ᠎ᠡ ᠃ ᠯᠠᠮᠠ ᠬᠤᠸᠠᠷᠠᠭ ᠨᠠᠷ ᠲᠤ᠌ ᠥᠭᠯᠢᠭᠡ ᠪᠣᠯᠭᠠᠨ ᠡᠷᠭᠦᠬᠦ ᠴᠠᠢ ᠤᠮᠳᠠᠭᠠᠨ ᠢ᠋ ᠬᠡᠯᠡᠨ᠎ᠡ ᠃  

       ᠬᠣᠲᠠᠯᠠ ᠥᠭᠯᠢᠭᠡ ᠪᠠᠷᠠᠮᠢᠳ ᠢ᠋ ᠥᠭᠴᠦ ᠢᠯᠡᠭᠡᠭᠡᠳ ᠵᠠᠯᠠᠨ ᠠᠢᠯᠠᠳᠬᠠᠵᠤ ᠪᠦᠷ ᠦ᠋ᠨ ᠂ 
       ᠬᠤᠪᠢᠯᠭᠠᠨ ᠢ᠋ᠶ᠋ᠠᠷ ᠪᠦᠲᠦᠭᠰᠡᠨ ᠦ᠌ ᠰᠦᠮ᠎ᠡ ᠬᠡᠢᠳ ᠲᠣᠷ ᠪᠤᠶᠠᠨ ᠢ᠋ ᠦᠢᠯᠡᠳᠬᠡᠭᠦᠯᠦᠭᠡᠳ ᠂ 
       ᠬᠣᠲᠠᠯᠠ ᠠ᠋ᠴᠠ ᠭᠡᠨᠵᠤᠷ ᠰᠳᠡᠨᠵᠤᠷ ᠲᠡᠷᠢᠭᠦᠲᠡᠨ ᠬᠠᠮᠤᠭ ᠨᠣᠮ ᠤ᠋ᠳ ᠢ᠋ ᠵᠠᠯᠠᠵᠤ ᠢᠷᠡᠪᠡᠰᠦ ᠂ 
       ᠪᠤᠷᠬᠠᠨ ᠤ᠋ ᠱᠠᠰᠢᠨ ᠠᠬᠤᠢ ᠶᠡᠬᠡᠳᠡ ᠳᠡᠯᠭᠡᠷᠡᠵᠦ ᠪᠦᠷ ᠦ᠋ᠨ ᠂ 
       ᠪᠦᠬᠦ ᠬᠠᠮᠤᠭ ᠠᠮᠢᠲᠠᠨ ᠤ᠋ ᠮᠤᠩᠬᠠᠭ ᠤ᠋ᠨ ᠬᠠᠷᠠᠩᠭᠤᠢ ᠶ᠋ᠢ ᠠᠷᠢᠯᠭᠠᠭᠠᠳ ᠂ 
       ᠪᠣᠭᠳᠠ ᠬᠦᠷᠳᠦᠨ ᠣᠷᠴᠢᠭᠤᠯᠤᠭᠴᠢ ①ᠴᠡᠭᠷᠠᠸᠠᠷᠳ᠋ᠢ ᠬᠠᠭᠠᠨ ᠮᠡᠲᠦ ᠠᠯᠳᠠᠷᠰᠢᠭᠠᠳ ᠂ 
       ᠪᠤᠷᠬᠠᠨ ᠤ᠋ ᠬᠤᠲᠤᠭ ᠢ᠋ ᠣᠯᠵᠤ ᠰᠦᠭᠡᠸᠠᠳ᠋ᠢ② ᠳ᠋ᠤᠷ ᠲᠦᠷᠦᠮᠦ 》 ᠭᠡᠮᠡᠨ ᠠᠢᠯᠠᠳᠬᠠᠭᠰᠠᠨ ᠳ᠋ᠤᠷ ᠂ 
       ᠡᠷᠲᠡᠨ ᠦ᠌ ᠬᠤᠷᠢᠶᠠᠭᠰᠠᠨ ᠪᠤᠶᠠᠨ  ᠢᠷᠦᠭᠡᠯ ᠦ᠋ᠨ ᠬᠦᠴᠦᠨ ᠢ᠋ᠶ᠋ᠡᠷ ᠂ 
       ᠡᠰᠡᠷᠭᠦᠯᠴᠡᠭᠴᠢ ᠳᠠᠢᠰᠤᠨ ᠢ᠋ ᠳᠠᠷᠤᠭᠠᠳ ᠨᠣᠮᠳ᠋ᠤᠷ ᠪᠢᠰᠢᠷᠡᠭᠴᠢ ᠂ 
       ᠡᠷᠬᠡᠲᠦ ᠠᠯᠲᠠᠨ ᠬᠠᠭᠠᠨ ᠡᠷᠳᠡᠨᠢ ᠵᠣᠩᠬᠢᠨ ᠬᠠᠲᠤᠨ ᠬᠣᠶᠠᠭᠤᠯᠠ ᠂ 
— — — — 
①ᠬᠦᠷᠳᠦᠨ ᠣᠷᠴᠢᠭᠤᠯᠤᠭᠴᠢ ᠭᠡᠳᠡᠭ ᠨᠢ ᠴᠡᠭᠷᠠᠸᠠᠷᠳ᠋ᠢ ᠭᠡᠬᠦ ᠦᠭᠡ ᠶ᠋ᠢ ᠤᠳᠬᠠᠨᠴᠢᠯᠠᠨ ᠣᠷᠴᠢᠭᠤᠯᠤᠭᠰᠠᠨ ᠦᠭᠡ ᠪᠣᠯᠤᠨ᠎ᠠ ᠃ 
②ᠥᠷᠥᠨ᠎ᠡ ᠳᠠᠬᠢᠨ ᠤ᠋ ᠪᠠᠶᠠᠰᠬᠤᠯᠠᠩ ᠤ᠋ᠨ ᠲᠤᠢᠯ ᠤ᠋ᠨ ᠣᠷᠣᠨ ᠢ᠋ ᠬᠡᠯᠡᠨ᠎ᠡ ᠃ ᠪᠷᠬᠠᠨ ᠤ᠋ ᠨᠣᠮ ᠳ᠋ᠤ᠌ ᠥᠭᠦᠯᠡᠭᠰᠡᠨ ᠨᠢ ᠂ ᠲᠡᠷᠡ ᠣᠷᠣᠨ᠎ᠠ ᠭᠠᠰᠢᠭᠤᠳᠠᠯᠲᠠᠨ ᠭᠡᠮᠡᠨ ᠦᠭᠡᠢ ᠂ ᠭᠠᠭᠴᠠ ᠪᠠᠢᠬᠤ ᠠᠨᠤ ᠣᠯᠠᠨ ᠪᠠᠶᠠᠰᠬᠤᠯᠠᠩᠲᠠᠨ ᠪᠥᠯᠥᠭᠡ ᠃ ᠬᠥᠮᠦᠨ ᠨᠠᠷ ᠬᠡᠷᠪᠡ ᠠᠮᠢᠲᠤᠸ᠎ᠠ ᠪᠤᠷᠬᠠᠨ ᠳ᠋ᠤᠷ ᠰᠠᠢᠲᠤᠷ ᠳᠠᠭᠠᠳᠬᠠᠨ ᠵᠠᠯᠪᠠᠷᠢᠪᠠᠰᠤ ᠢᠷᠡᠬᠦᠢ  ᠲᠥᠷᠥᠯ ᠳ᠋ᠡᠭᠡᠨ ᠲᠡᠷᠡ ᠬᠦ᠌ ᠪᠠᠶᠠᠰᠬᠤᠯᠠᠩ ᠤ᠋ᠨ ᠲᠤᠢᠯ ᠤ᠋ᠨ ᠣᠷᠣᠨ ᠳ᠋ᠤ᠌ ᠣᠴᠢᠵᠤ ᠲᠥᠷᠥᠮᠦᠢ ᠭᠡᠨ᠎ᠡ ᠃ 

       ᠡᠴᠢᠭᠡ ᠪᠠᠯᠮ᠎ᠠ ① ᠶ᠋ᠢᠨ ᠵᠠᠷᠯᠢᠭ ᠢ᠋ ᠰᠣᠨᠣᠰᠴᠤ ᠪᠡᠶᠡᠰᠦᠨ ᠵᠥᠪᠰᠢᠶᠡᠵᠦ ᠪᠦᠷ ᠦ᠋ᠨ ᠃ 
       ᠬᠦᠨᠳᠦᠯᠡᠵᠦ ᠯᠠᠮᠠ ᠶ᠋ᠢᠨ ᠵᠠᠷᠯᠢᠭ ᠢ᠋ᠶ᠋ᠠᠷ ᠬᠠᠭᠠᠨ ᠡᠬᠢᠯᠡᠨ ᠬᠠᠮᠤᠭ ᠨᠣᠶᠠᠳ ᠰᠠᠢᠳ ᠪᠦᠭᠦᠳᠡᠭᠡᠷ ᠂ 
       ᠬᠦᠰᠡᠵᠦ ᠮᠥᠩᠬᠡ ᠭᠠᠵᠠᠷᠠ ②ᠳ᠋ᠠᠯᠠᠢ ᠪᠠᠯᠮ᠎ᠠ ᠶ᠋ᠢ ᠵᠠᠯᠠᠵᠤ ᠪᠤᠶᠠᠨ ᠦᠢᠯᠡᠳᠬᠦ ᠶ᠋ᠢᠨ ᠲᠤᠯᠠ ᠂ 
       ᠬᠦᠷᠴᠦ ᠵᠠᠯᠠ ᠭᠡᠮᠡᠨ ᠰᠳ᠋ᠠᠭᠯᠤᠩ ᠨᠠᠩᠰᠤ ᠦᠵᠡᠩ ᠵᠠᠢᠰᠠᠩ ᠳᠠᠶᠤᠨ ᠬᠢᠶ᠎ᠡ ③ᠪᠣᠮᠪᠣ ᠰᠡᠨᠳᠢᠩ ᠡᠬᠢᠯᠡᠨ ᠂ 
       ᠬᠥᠬᠡ ᠨᠣᠬᠠᠢ ᠵᠢᠯ᠎ᠡ ④ᠵᠠᠷᠯᠢᠭ ᠤ᠋ᠨ ᠪᠢᠴᠢᠭ ᠰᠢᠲᠦᠭᠡᠨ ᠦ᠌ ᠪᠡᠯᠡᠭ ᠢ᠋ ᠥᠭᠴᠦ ᠶᠠᠪᠤᠭᠤᠯᠪᠠᠢ ᠃ 
       ᠪᠠᠰᠠ ᠪᠤᠰᠤ ᠠᠯᠲᠠᠨ ᠮᠥᠩᠭᠥᠨ ᠲᠡᠷᠢᠭᠦᠲᠡᠨ ᠡᠷᠳᠡᠨᠢ ᠡᠳ᠋ ᠠᠭᠤᠷᠠᠬᠤᠰ ᠤ᠋ᠨ ᠬᠢᠭᠡᠳ ᠢ᠋ ᠂ 
       ᠪᠠᠷᠠᠮᠢᠳ ᠥᠭᠯᠢᠭᠡ ᠲᠡᠷᠢᠭᠦᠲᠡᠨ ᠲᠤᠭᠤᠯᠠᠰᠢ ᠦᠭᠡᠢ ᠣᠯᠠᠨ ᠵᠦᠢᠯ ᠲᠠᠨ ᠤ᠋ ⑤᠂ 
       ᠪᠠᠶᠠᠰᠬᠠᠬᠤ ᠮᠡᠲᠦ ᠣᠯᠠᠨᠲᠣᠭᠠᠲᠠᠨ ᠬᠡᠷᠡᠭᠯᠡᠭᠳᠡᠬᠦᠨ ᠢ᠋ 
— — — — 
①ᠤᠤᠯ ᠨᠡᠷ᠎ᠡ ᠨᠢ ᠠᠰᠢᠩ  ᠯᠠᠮᠠ ᠭᠡᠳᠡᠭ ᠃ ᠡᠴᠢᠭᠡ ᠯᠠᠮᠠ ᠭᠡᠳᠡᠭ ᠨᠢ ᠲᠡᠭᠦᠨ ᠢ᠋ ᠡᠷᠭᠦᠮᠵᠢᠯᠡᠨ ᠳᠠᠭᠤᠳᠠᠭᠰᠠᠨ ᠴᠣᠯᠠ ᠃ ᠬᠢᠲᠠᠳ ᠪᠢᠴᠢᠭ ᠲᠦ᠍ ᠠᠢ ᠴᠢ ᠭᠠᠢ(哀气盖 ) ᠭᠡᠵᠦ ᠪᠢᠴᠢᠭᠰᠡᠨ ᠨᠢ ᠡᠴᠢᠭᠡ ᠶ᠋ᠢ ᠠᠪᠢᠶᠠᠴᠢᠯᠠᠨ ᠣᠷᠴᠢᠭᠤᠯᠤᠭᠰᠠᠨ ᠦᠭᠡ ᠃ 
②ᠲᠥᠪᠡᠳ ᠣᠷᠣᠨ ᠢ᠋ ᠬᠡᠯᠡᠵᠦ ᠪᠠᠢᠨ᠎ᠠ ᠃  
③ᠠᠯᠲᠠᠨ ᠬᠠᠭᠠᠨ ᠤ᠋ ᠵᠢᠷᠤᠮ ᠤ᠋ᠨ ᠬᠥᠪᠡᠭᠦᠨ ᠃ ᠬᠢᠲᠠᠳ ᠪᠢᠴᠢᠭ ᠲᠦ᠍ ᠴᠢᠶᠠ ᠲᠠᠢᠵᠠᠢ (恰台吉) ᠭᠡᠳᠡᠭ ᠃ ᠲᠡᠷᠡ ᠨᠢ ᠲᠣᠭᠲᠠᠭ᠎ᠠ ᠬᠣᠲᠠᠨ ᠳ᠋ᠤ᠌ ᠰᠠᠭᠤᠭᠰᠠᠨ ᠤ᠋ ᠲᠤᠯᠠ ᠪᠠᠰᠠ ᠲᠣᠭᠲᠠᠭ᠎ᠠ (脱脱 ) ᠭᠡᠳᠡᠭ ᠃ 
④ᠬᠥᠬᠡ ᠡᠮ᠎ᠡ ᠨᠣᠬᠠᠢ ᠵᠢᠯ ᠂ ᠸᠠᠨ ᠯᠢ (万历 ) ᠶ᠋ᠢᠨ ᠭᠤᠲᠠᠭᠠᠷ ᠣᠨ (1575 )᠃ 
⑤《 ᠣᠯᠠᠨ ᠵᠦᠢᠯ ᠲᠠᠨ ᠤ᠋ 》 ᠭᠡᠳᠡᠭ ᠨᠢ 《 ᠣᠯᠠᠨ ᠵᠦᠢᠯ ᠲᠠᠨ ᠢ᠋ 》 ᠭᠡᠰᠡᠨ ᠦᠭᠡ ᠃  

       ᠪᠢᠬᠢᠯᠡᠵᠦ᠍ ᠶᠠᠪᠤᠭᠤᠯᠪᠠᠢ ᠦᠯᠦ ᠲᠠᠨᠢᠬᠤ ᠦᠯᠦ ᠮᠡᠳᠡᠬᠦ ᠲᠥᠪᠡᠳ ᠤᠯᠤᠰ ᠲᠤᠷ ᠃ 
       ᠢᠯᠭᠤᠭᠰᠠᠨ ᠪᠣᠭᠳᠠ ᠬᠠᠭᠠᠨ ᠤ᠋  ᠵᠠᠷᠯᠢᠭ ᠢ᠋ᠶ᠋ᠠᠷ ᠦᠯᠦ ᠲᠦᠳᠡᠨ ᠬᠢᠴᠢᠶᠡᠨ ᠶᠠᠪᠤᠵᠤ ᠂ 
       ᠢᠮᠠᠭᠲᠠ ᠬᠥᠬᠡ ᠨᠠᠭᠤᠷ ᠤ᠋ᠨ ᠴᠠᠪᠴᠢᠶᠠᠯ ᠨᠡᠷᠡᠲᠦ ᠭᠠᠵᠠᠷ᠎ᠠ ① ᠲᠦᠷᠭᠡᠨ᠎ᠡ ᠬᠦᠷᠴᠦ ᠂ 
       ᠢᠯᠠᠩᠭᠤᠶ᠎ᠠ ᠬᠠᠭᠠᠨ ᠤ᠋  ᠵᠠᠷᠯᠢᠭ ᠢ᠋ᠶ᠋ᠠᠷ ᠭᠤᠷᠪᠠᠨ ᠤᠯᠤᠰ ② ᠢ᠋ ᠵᠠᠬᠢᠷᠤᠨ ᠰᠦᠮ᠎ᠡ ᠪᠠᠷᠢᠨ ᠳᠠᠭᠤᠰᠴᠤ ᠂ 
       ᠢᠯᠡᠳᠡ ᠰᠠᠭᠠᠲᠠᠯ ᠦᠭᠡᠢ ᠮᠥᠩᠬᠡ ᠭᠠᠵᠠᠷ᠎ᠠ ᠠᠷᠪᠠᠨ ᠰᠠᠷᠠ ᠶᠠᠪᠤᠵᠤ ᠬᠦᠷᠪᠡᠢ ᠃ 
       ᠵᠣᠣ ᠰᠢᠭᠡᠮᠦᠨᠢ ᠶ᠋ᠢᠨ ᠡᠮᠦᠨ ᠲᠡᠯᠡᠬᠡᠶ᠎ᠡ ᠡᠬᠢᠯᠡᠨ ᠬᠤᠸᠠᠷᠠᠭ ᠤ᠋ᠳ ᠯᠣᠬ᠎ᠠ ᠠᠭᠤᠯᠵᠠᠵᠤ ᠂ 
       ᠵᠣᠷᠢᠭᠯᠠᠵᠤ ᠢᠯᠡᠭᠡᠭᠰᠡᠨ ᠮᠠᠨᠳ᠋ᠭ ③ ᠡᠷᠭᠦᠭᠡᠳ ᠪᠡᠯᠡᠭ ᠪᠡᠯᠡᠭ ᠦ᠋ᠳ ᠦ᠋ᠨ ᠢ᠋ᠶ᠋ᠠᠨ ᠦᠵᠦᠭᠦᠯᠵᠦ ᠂  
       ᠵᠢᠪᠬᠤᠯᠠᠩ ᠲᠤ ᠬᠠᠭᠠᠨ ᠤ᠋  ᠵᠠᠷᠯᠢᠭ ᠢ᠋ ᠳᠡᠯᠭᠡᠷᠡᠩᠭᠦᠶ᠎ᠡ ᠠᠢᠯᠠᠳᠬᠠᠨ ᠲᠤᠭᠤᠯᠠᠵᠤ ᠂ 
       ᠵᠣᠬᠢᠰᠲᠠᠶ᠎ᠠ ᠰᠦᠮ᠎ᠡ ᠬᠡᠢᠳ ᠲᠡᠷᠢᠭᠦᠲᠡᠨ ᠳ᠋ᠦ᠍ᠷ ᠪᠤᠶᠠᠨ ᠢ᠋ᠶ᠋ᠠᠨ ᠦᠯᠡᠮᠵᠢ ᠲᠦᠭᠡᠭᠡᠵᠦ ᠂ 
       《 ᠡᠩ ᠤᠷᠢᠳᠠ ᠲᠠᠨ ᠤ᠋ ᠳᠡᠭᠡᠳᠦ  ᠹᠩᠰᠪᠠ ᠪᠠᠯᠮ᠎ᠠ ᠶ᠋ᠢ ᠮᠠᠨᠤ ᠤᠷᠢᠳᠤᠰ ᠂ 
— — — —
① ᠬᠢᠲᠠᠳ ᠪᠢᠴᠢᠭ ᠲᠦ᠍ ᠴᠢᠶᠠ ᠪᠢ ᠴᠢᠶᠠ (恰卜恰) ᠭᠡᠨ᠎ᠡ ᠃ ᠬᠥᠬᠡᠨᠠᠭᠤᠷ ᠤ᠋ᠨ ᠡᠮᠦᠨᠡᠬᠢ ᠬᠦᠩ ᠾᠧ ( 共和) ᠣᠷᠴᠢᠮ ᠪᠣᠢ ᠃ 
②ᠬᠣᠢᠨ᠎ᠠ ᠬᠡᠰᠡᠭ ᠲᠦ᠍ ᠬᠢᠲᠠᠳ ᠂ ᠲᠥᠪᠡᠳ ᠂ ᠮᠣᠩᠭᠣᠯ ᠭᠤᠷᠪᠠᠨ ᠤᠯᠤᠰ ᠭᠡᠳᠡᠭ ᠃ 
③ ᠰᠠᠨᠰᠺᠷᠢᠲ ᠦᠭᠡ mandala ᠶᠢᠨ ᠠᠪᠢᠶᠠᠴᠢᠯᠠᠭᠰᠠᠨ ᠣᠷᠴᠢᠭᠤᠯᠭ᠎ᠠ᠃ ᠪᠤᠷᠬᠠᠨ ᠱᠠᠰᠢᠨ ᠤ᠋ ᠲᠣᠭᠲᠠᠭᠠᠯ ᠶᠣᠰᠣᠭᠠᠷ ᠣᠯᠠᠨ ᠪᠤᠷᠬᠠᠳ ᠤ᠋ᠨ ᠬᠥᠷᠥᠭ ᠢ᠋ ᠳᠡᠰ ᠳᠠᠷᠠᠭᠠᠯᠠᠨ  ᠵᠢᠭᠰᠠᠭᠠᠭᠰᠠᠨ ᠵᠢᠷᠤᠭ ᠪᠤᠶᠤ ᠱᠤᠭᠤᠮᠠᠯ ᠢ᠋ ᠬᠡᠯᠡᠨ᠎ᠡ ᠃ 

       ᠡᠷᠬᠡᠲᠦ ᠪᠣᠭᠳᠠ ᠰᠤᠤᠲᠤ ᠰᠡᠴᠡᠨ ᠬᠠᠭᠠᠨ ᠵᠠᠯᠠᠵᠤ ᠢᠷᠡᠭᠦᠯᠦᠭᠡᠳ ᠂ 
       ᠡᠷᠭᠢᠨ ᠲᠠᠪᠤᠨ ᠥᠩᠭᠡ ᠤᠯᠤᠰ ᠲᠤᠷ ᠪᠤᠷᠬᠠᠨ ᠤ᠋ ᠱᠠᠰᠢᠨ ᠢ᠋ ᠳᠡᠯᠭᠡᠷᠡᠭᠦᠯᠦᠭᠰᠡᠨ ᠦ᠌ ᠶᠣᠰᠣᠭᠠᠷ ᠂ 
       ᠡᠷᠬᠡᠲᠦ ᠬᠣᠳᠣᠭ ᠲᠤ ᠳᠠᠯᠠᠢ ᠯᠠᠮᠠ ᠴᠢᠮᠠᠢ ᠬᠦᠰᠡᠬᠦᠢ ᠰᠡᠳᠬᠢᠯ ᠦ᠋ᠨ ᠡᠭᠦᠳᠡᠨ ᠡᠴᠡ  ᠵᠠᠯᠠᠮᠤᠢ 》 ᠃ 
       《 ᠥᠷᠥᠰᠢᠶᠡᠩᠭᠦᠢ ᠰᠡᠳᠬᠢᠯ ᠦ᠋ᠨ ᠡᠭᠦᠳᠡᠨ ᠡᠴᠡ ᠡᠨᠡᠷᠢᠨ ᠨᠢᠭᠦᠯᠡᠰᠦᠭᠡᠳ ᠂ 
       ᠥᠭᠡᠳᠡ ᠪᠣᠯᠵᠤ ᠮᠠᠨᠤ ᠮᠣᠩᠭᠣᠯ ᠤ᠋ᠨ ᠭᠠᠵᠠᠷ᠎ᠠ ᠱᠠᠰᠢᠨ ᠢ᠋  ᠳᠡᠯᠭᠡᠷᠡᠭᠦᠯᠦᠨ ᠰᠣᠶᠣᠷᠬ᠎ᠠ ! 
       ᠥᠪᠡᠷ ᠪᠤᠰᠤᠳ ᠲᠤᠷ ᠲᠤᠰᠠᠲᠤ ᠦᠢᠯᠡᠰ ᠢ᠋ ᠠᠢᠯᠠᠳ ᠤ᠋ᠨ ᠰᠣᠶᠣᠷᠬ᠎ᠠ ! 
       ᠦᠯᠡᠮᠵᠢ ᠮᠠᠰᠢ ᠰᠦᠰᠦᠯᠬᠦᠢ ᠪᠢᠰᠢᠷᠡᠬᠦᠢ ᠪᠡᠷ ᠵᠠᠯᠠᠮᠤᠢ ᠂ ᠵᠠᠯᠠᠷᠠᠨ  ᠰᠣᠶᠣᠷᠬ᠎ᠠ !》 ᠭᠡᠮᠡᠨ  ᠥᠴᠢᠪᠡᠰᠦ ᠂ 
       ᠬᠠᠮᠤᠭ ᠢ᠋ ᠮᠡᠳᠡᠭᠴᠢ ᠳᠠᠯᠠᠢ ᠪᠯᠮ᠎ᠠ ᠨᠢᠭᠦᠯᠡᠰᠬᠦᠢ ᠨᠢᠳᠦᠪᠡᠷ ᠦᠵᠡᠵᠦ ᠂ 
       《 ᠬᠠᠭᠠᠨ ᠪᠢᠳᠡ ᠬᠣᠶᠠᠭᠤᠯᠠ ᠤᠷᠢᠳᠤ ᠲᠥᠷᠥᠯ ᠳ᠋ᠦ᠍ᠷ ᠪᠤᠶᠠᠨ ᠦᠢᠯᠡᠳᠦᠭᠰᠡᠨ ᠢ᠋ᠶ᠋ᠡᠷ ᠂ 
       ᠬᠠᠮᠲᠤ ᠵᠣᠯᠭᠠᠯᠳᠤᠵᠤ ᠱᠠᠰᠢᠨ ᠢ᠋ ᠳᠡᠯᠭᠡᠷᠡᠬᠦ ᠶ᠋ᠢᠨ ᠪᠡᠯᠡᠭ ᠪᠣᠢ !》 ᠭᠡᠮᠡᠨ ᠵᠠᠷᠯᠢᠭ᠋ ᠪᠣᠯᠵᠤ ᠂ 
       ᠭᠠᠢᠬᠠᠮᠰᠢᠭ᠋ ᠪᠤᠷᠬᠠᠨ ᠤ᠋ ᠱᠠᠰᠢᠨ ᠢ᠋ ᠰᠠᠬᠢᠭᠴᠢ ᠪᠢᠬᠠᠷ ᠬᠠᠭᠠᠨ ① ᠬᠥᠮᠦᠨ ᠦ ᠪᠡᠶ᠎ᠡ ᠳ᠋ᠦ᠍ᠷ ᠣᠷᠣᠵᠤ ᠂ 
— — — —
① ᠪᠤᠷᠬᠠᠨ ᠱᠠᠰᠢᠨ ᠢ᠋ ᠥᠮᠥᠭᠯᠡᠭᠴᠢ ᠰᠠᠬᠢᠭᠤᠯᠰᠤᠨ ᠤ᠋ ᠬᠤᠪᠢᠯᠠᠭᠠᠨ ᠭᠡᠳᠡᠭ ᠃ ᠲᠡᠷᠡ ᠨᠢ ᠲᠡᠭᠷᠢ ᠪᠤᠷᠬᠠᠨ ᠯᠤᠭ᠎ᠠ ᠠᠭᠤᠯᠵᠠᠵᠤ ᠴᠢᠳᠠᠬᠤ ᠪᠠᠷ ᠦᠯᠦ ᠪᠠᠷᠠᠮ ᠪᠠᠰᠠ ᠬᠠᠮᠤᠭ ᠠᠮᠢᠲᠠᠨ ᠤ᠋ ᠭᠠᠰᠢᠭᠤᠨ ᠵᠣᠪᠠᠯᠠᠩ ᠢ᠋ ᠠᠷᠢᠯᠭᠠᠨ ᠥᠭᠴᠦ ᠴᠢᠳᠠᠨ᠎ᠠ ᠭᠡᠨ᠎ᠡ ᠃ 

       ᠢᠯᠠᠵᠤ ᠲᠡᠭᠦᠰ ᠨᠥᠭᠴᠢᠭᠰᠡᠨ ᠪᠤᠷᠬᠠᠨ  ᠪᠠᠭᠰᠢ ① ᠶ᠋ᠢᠨ ᠪᠡᠶ᠎ᠡ  ᠵᠣᠣ ᠷᠢᠨᠪᠤᠴᠠᠢ ᠶ᠋ᠢᠨ ᠡᠮᠦᠨ᠎ᠡ ᠂ 
       ᠢᠯᠠᠭᠤᠭᠰᠠᠨ ᠬᠠᠮᠤᠭ ᠢ᠋ ᠮᠡᠳᠡᠭᠴᠢ ᠳᠠᠯᠠᠢ ᠪᠠᠯᠮ᠎ᠠ ᠡᠬᠢᠯᠡᠨ ᠬᠤᠸᠠᠷᠠᠭ ᠤ᠋ᠳ ᠤ᠋ᠨ ᠴᠢᠭᠤᠯᠭᠠᠨ ᠳ᠋ᠤᠷ᠂ 
       ᠢᠮᠠᠭᠲᠠ ᠲᠥᠪᠡᠳ ᠦ᠋ᠨ ᠶᠡᠬᠡ ᠪᠠᠭ᠎ᠠ ᠥᠭᠯᠢᠭᠡ ᠶ᠋ᠢᠨ ᠡᠵᠡᠳ ② ᠣᠯᠠᠨ ᠬᠤᠷᠠᠭᠰᠠᠳ ᠲᠤᠷ ᠂ 
       ᠢᠯᠠᠩᠭᠤᠶ᠎ᠠ ᠮᠣᠩᠭᠣᠯ ᠤ᠋ᠨ ᠡᠯᠴᠢᠰ ᠪᠦᠭᠦᠳᠡ ᠳ᠋ᠦ᠍ᠷ ᠪᠢᠬᠠᠷ ᠬᠠᠭᠠᠨ ᠡᠢᠨ ᠥᠭᠦᠯᠡᠷᠦᠨ : 
       《 ᠣᠷᠣᠢ ᠶ᠋ᠢᠨ ᠴᠢᠮᠡᠭ ᠪᠠᠳᠮ᠎ᠠ ᠰᠠᠮᠪᠠᠦ᠎ᠠ ᠪᠠᠭᠰᠢ ③ ᠶ᠋ᠢᠨ ᠵᠠᠷᠯᠢᠭ ᠢ᠋ᠶ᠋ᠠᠷ ᠂ 
       ᠣᠬᠢ ᠮᠣᠷᠢᠨ ᠲᠡᠷᠢᠭᠦᠲᠦ ᠡᠷᠬᠡᠲᠦ ᠬᠠᠭᠠᠨ④ ᠤ᠋ ᠤᠳᠤᠷᠢᠭᠤᠯᠰᠤᠨ ᠦᠵᠦᠭᠦᠯᠦᠭᠰᠡᠨ ᠂ 
       ᠤᠭᠤᠭᠠᠲᠠᠨ ᠪᠢᠬᠠᠷ ᠬᠠᠭᠠᠨ ᠮᠢᠨᠦ ᠦᠭᠡ ᠰᠢᠳᠤᠷᠬᠤ ᠤᠳ᠋ᠬ᠎ᠠ ᠮᠠᠭᠠᠳᠤᠳ᠋ᠬ᠎ᠠ ᠬᠣᠶᠠᠷ ᠠ᠋ᠴᠠ ᠂  
       ᠦᠴᠡ ᠮᠠᠬᠠᠤᠨ ᠤᠳ᠋ᠬ᠎ᠠ ᠬᠡᠮᠡᠬᠦ ᠥᠭᠦᠯᠡᠬᠦᠢ ᠡᠴᠡ ᠬᠠᠭᠠᠴᠠᠭᠰᠠᠨ ᠂ 
— — — —
① ᠰᠢᠭᠡᠮᠦᠨᠢ ᠶ᠋ᠢ ᠬᠡᠯᠡᠵᠦ ᠪᠣᠢ ᠃ 
② ᠥᠭᠯᠢᠭᠡ ᠶ᠋ᠢᠨ ᠡᠵᠡᠨ ᠭᠡᠳᠡᠭ ᠨᠢ  ᠰᠦᠮ᠎ᠡ ᠬᠡᠢᠳ ᠲᠦ᠍ ᠡᠳ᠋ ᠠᠭᠤᠷᠠᠰᠤᠨ ᠪᠠ ᠢᠳᠡᠭᠡᠨ ᠤᠮᠳᠠᠭᠠᠨ ᠢ᠋ ᠡᠷᠭᠦᠨ ᠥᠭᠭᠦᠭᠰᠡᠳ ᠢ᠋ ᠥᠭᠦᠯᠡᠨ᠎ᠡ ᠂ ᠡᠳᠡᠭᠡᠷ ᠥᠭᠯᠢᠭᠡ ᠶ᠋ᠢ ᠬᠦᠯᠢᠶᠡᠨ ᠠᠪᠬᠤ  ᠰᠦᠮ᠎ᠡ ᠬᠡᠢᠳ ᠢ᠋ ᠲᠠᠬᠢᠯ ᠤ᠋ᠨ ᠣᠷᠣᠨ ᠭᠡᠨ᠎ᠡ ᠃ 
③ ᠡᠨᠡᠳᠬᠡᠭ ᠦ᠋ᠨ ᠬᠥᠮᠦᠨ ᠃ ᠨᠢᠭᠤᠴᠠ ᠲᠠᠷᠨᠢ ᠳ᠋ᠤ᠌ ᠶᠡᠬᠡᠯ᠎ᠡ ᠨᠡᠪᠲᠡᠷᠡᠭᠰᠡᠨ ᠭᠡᠳᠡᠭ ᠃ ᠨᠡᠢᠲᠡ ᠶ᠋ᠢᠨ ᠣᠨ ᠲᠣᠭᠠᠯᠠᠯ ᠤ᠋ᠨ ᠨᠠᠢ᠍ᠮᠠᠳᠤᠭᠠᠷ ᠵᠠᠭᠤᠨ ᠤ᠋ ᠦᠶ᠎ᠡ ᠳ᠋ᠦ᠍ ᠲᠥᠪᠡᠳ ᠲᠦ᠍ ᠢᠷᠡᠵᠦ ᠂ ᠲᠥᠪᠡᠳ ᠦ᠋ᠨ ᠣᠷᠣᠨ ᠤ᠋ ᠱᠠᠰᠢᠨ  ᠯᠤᠭ᠎ᠠ ᠤᠶᠠᠯᠳᠤᠭᠤᠯᠤᠨ  ᠯᠠᠮᠠ ᠶ᠋ᠢᠨ ᠱᠠᠰᠢᠨ ᠢ᠋ ᠡᠭᠦᠳᠦᠨ ᠵᠣᠬᠢᠶᠠᠵᠠᠢ ᠃ 
④ ᠵᠢᠷᠭᠤᠭᠠᠨ ᠠᠷᠢᠶᠠᠪᠠᠯᠤ ᠶ᠋ᠢᠨ ᠨᠢᠭᠡ ᠃ ᠮᠣᠷᠢᠨ ᠲᠣᠯᠣᠭᠠᠢ ᠪᠠᠷ ᠡᠬᠢᠯᠡᠬᠦ ᠲᠤᠯᠠ ᠡᠨᠡ ᠨᠡᠷ᠎ᠡ ᠶ᠋ᠢ ᠣᠯᠵᠠᠢ ᠃ 

       ᠰᠢᠳᠤᠷᠬᠤ ᠤᠳ᠋ᠬ᠎ᠠ ᠢᠨᠦ᠍ ᠨᠠᠢ᠍ᠮᠠᠨ ᠠᠷ᠎ᠠ① ᠬᠢᠭᠡᠳ ᠲᠠᠪᠤᠨ ᠪᠡᠶ᠎ᠡ ᠳ᠋ᠦ᠍ᠷ ᠦᠢᠯᠡᠰ ᠢ᠋ ᠪᠦᠲᠦᠭᠡᠵᠦ ᠂ 
       ᠰᠢᠯᠲᠠᠭᠠᠨ ᠬᠠᠮᠤᠭ ᠢ᠋ ᠮᠡᠳᠡᠭᠴᠢ ᠦᠵᠡᠭᠰᠡᠭᠡᠷ ᠲᠡᠭᠦᠯᠳᠡᠷ ᠲᠤᠰᠠᠲᠤ ᠳᠠᠯᠠᠢ ᠹᠯᠠᠮ᠎ᠠ ᠬᠢᠭᠡᠳ ᠂ 
       ᠰᠢᠯᠤᠭᠤᠨ ᠪᠣᠳᠢᠰᠠᠳ᠋ᠸ᠎ᠠ ᠠᠯᠲᠠᠨ ᠬᠠᠭᠠᠨ ᠪᠢᠳᠡ ᠪᠦᠬᠦᠢ ᠪᠡᠷ ᠡᠩ ᠤᠷᠢᠳᠠ ᠂ 
       ᠰᠢᠮᠳᠠᠵᠤ ᠴᠣᠭ ᠲᠤ᠌ ᠵᠡᠰ ᠥᠩᠭᠡ ᠳ᠋ᠦ᠍ ᠠᠭᠤᠯᠠ ᠶ᠋ᠢᠨ ᠡᠮᠦᠨ᠎ᠡ ᠦᠵᠦᠭᠦᠷ᠎ᠡ ᠪᠠᠳᠮ᠎ᠠ ᠰᠠᠮᠪᠠᠸ᠎ᠠ ᠶ᠋ᠢᠨ ᠡᠮᠦᠨ᠎ᠡ ᠡᠴᠡ ᠂ 
       ᠬᠣᠲᠠᠯᠠ ᠪᠦᠭᠦᠳᠡᠭᠡᠷ ᠲᠡᠩᠭᠡᠷᠢᠬᠯᠠᠭᠰᠠᠨ ᠪᠤᠶᠠᠨ ᠤ᠋ ᠢᠷᠦᠭᠡᠯ ᠦ᠋ᠨ ᠬᠦᠴᠦᠨ ᠢ᠋ᠶ᠋ᠡᠷ ᠂ 
       ᠬᠣᠩᠰᠢᠮ ᠪᠣᠳᠢᠰᠤᠩ ᠤ᠋ᠨ ᠬᠤᠪᠢᠯᠭᠠᠨ ᠪᠤᠶᠠᠨ ᠳ᠋ᠤ᠌ ᠳᠠᠯᠠᠢ ᠯᠠᠮᠠ ᠪᠠᠷᠠᠭᠤᠨ ᠡᠲᠡᠭᠡᠳ ᠲᠥᠷᠥᠵᠦ ᠂ 
       ᠬᠤᠪᠢᠯᠭᠠᠨ ᠠᠯᠲᠠᠨ ᠬᠠᠭᠠᠨ ᠵᠡᠭᠦᠨ ᠡᠲᠡᠭᠡᠳ ᠮᠣᠩᠭᠣᠯ ᠤ᠋ᠨ ᠭᠠᠵᠠᠷ᠎ᠠ ᠲᠥᠷᠥᠵᠦ ᠂ 
       ᠲᠡᠭᠦᠨ ᠦ᠌ ᠲᠤᠯᠠᠳᠠ ᠦᠵᠡᠭᠰᠡᠭᠡᠷ ᠲᠡᠭᠦᠯᠳᠡᠷ ᠲᠤᠰᠠᠲᠤ ᠳᠠᠯᠠᠢ ᠯᠠᠮᠠ ᠴᠢ ᠪᠡᠷ ᠂ 
       ᠲᠡᠨᠳᠡ ᠮᠣᠩᠭᠣᠯ ᠤ᠋ᠨ ᠬᠠᠭᠠᠨ ᠤ᠋ ᠵᠠᠷᠯᠢᠭ ᠢ᠋ᠶ᠋ᠠᠷ ᠥᠭᠡᠳᠡ ᠪᠣᠯᠵᠤ ᠣᠳᠪᠠᠰᠤ᠂ 
       ᠲᠡᠭᠰᠢ ᠬᠠᠮᠤᠭ ᠠᠮᠢᠲᠠᠨ ᠢ᠋ ᠭᠡᠢᠭᠦᠯᠵᠦ ᠡᠷᠳᠡᠨᠢ ᠱᠠᠰᠢᠨ ᠢ᠋ ② ᠨᠠᠷᠠᠨ ᠣᠷᠭᠣᠮᠤᠢ 》 ᠭᠡᠮᠡᠨ ᠂ 
       ᠲᠡᠭᠦᠳᠡᠭᠡᠷᠡᠯ ᠦᠭᠡᠢ ᠪᠢᠬᠠᠷ ᠬᠠᠭᠠᠨ ᠤᠳᠤᠷᠢᠭᠤᠯᠰᠤᠨ ᠦᠵᠦᠭᠦᠯᠦᠭᠰᠡᠨ ᠳ᠋ᠦ᠍ᠷ ᠂ 
— — — —
①ᠡᠮᠦᠨᠡᠬᠢ ᠬᠡᠰᠡᠭ ᠲᠦ᠍ 《 ᠭᠠᠳᠠᠬ᠎ᠠ ᠲᠠᠨ ᠬᠠᠭᠠᠯᠭᠠᠰ 》 ᠭᠡᠰᠡᠨ ᠢ᠋ 《 ᠠᠲᠠᠭ᠎ᠠ ᠲᠠᠨ ᠬᠠᠭᠠᠯᠭᠠᠰ 》 ᠭᠡᠵᠦ ᠪᠢᠴᠢᠭᠰᠡᠨ ᠡᠴᠡ ᠦᠵᠡᠪᠡᠯ ᠡᠨᠡ ᠬᠦ᠌  《᠊ᠨ᠌ᠨ᠌ᠷ᠎ᠠ 》ᠨᠢ ᠬᠠᠷᠢᠨ 《  ᠊ᠨ᠋ᠨ᠋ᠷ᠎ᠠᠷ᠎ᠡ 》( ᠭᠠᠷ᠎ᠠ ) ᠭᠡᠰᠡᠨ ᠦᠰᠦᠭ ᠪᠣᠯᠤᠯᠲᠠᠢ ᠃ 
②《 ᠱᠠᠰᠢᠨ ᠢ᠋ 》 ᠭᠡᠰᠡᠨ ᠨᠢ 《 ᠱᠠᠰᠢᠨ ᠤ᠋ 》 ᠭᠡᠰᠡᠨ ᠦᠭᠡ ᠃ 

       ᠲᠥᠪᠡᠳ ᠦ᠋ᠨ ᠶᠡᠬᠡ ᠪᠠᠭ᠎ᠠ  ᠯᠠᠮᠠ ᠨᠠᠷ ᠪᠤᠷᠰᠠᠩ ᠬᠤᠸᠠᠷᠠᠭ ᠤ᠋ᠳ ᠪᠦᠬᠦᠢ ᠪᠡᠷ ᠂ 
       ᠳᠣᠲᠣᠷᠬᠠᠶ᠎ᠠ ᠮᠣᠩᠭᠣᠯ ᠤ᠋ᠨ ᠭᠠᠵᠠᠷ᠎ᠠ ᠥᠭᠡᠳᠡ ᠪᠤᠯᠬᠤᠢ ᠶ᠋ᠢ ᠨᠡᠪᠲᠡᠷᠡᠭᠦᠯᠦᠭᠡᠳ ᠂ 
       ᠲᠡᠳᠦᠢ ᠮᠣᠩᠭᠣᠯ ᠤ᠋ᠨ ᠡᠯᠴᠢᠰ ᠲᠣᠷ ᠬᠤᠲᠤᠭ ᠲᠤ᠌ ᠳᠠᠯᠠᠢ ᠯᠠᠮᠠ ᠱᠠᠰᠢᠨ ᠢ᠋ ᠰᠠᠬᠢᠭᠴᠢ ᠬᠣᠶᠠᠭᠤᠯᠠ ᠂ 
       ᠳᠤᠮᠳᠠ ᠬᠤᠷ ᠲᠠᠠᠤ ᠡᠨᠳᠡ ᠰᠠᠭᠤᠭᠠᠳ ᠣᠯᠠᠩᠬᠢᠨ ᠲᠠᠠᠤ ᠡᠴᠢᠵᠦ ᠶᠡᠬᠡ ᠬᠠᠭᠠᠨ ᠳ᠋ᠤᠷ ᠡᠢᠨ ᠠᠢᠯᠠᠳᠬᠠᠭᠲᠤᠨ : 
       《ᠤᠷᠢᠳᠤ ᠲᠥᠷᠥᠯ ᠲᠤᠲᠤᠮ ᠳ᠋ᠤᠷ ᠬᠠᠭᠠᠨ ᠪᠢᠳᠡ ᠬᠣᠶᠠᠭᠤᠯᠠ ᠂ 
       ᠤᠴᠠᠷᠠᠵᠤ ᠲᠠᠬᠢᠯ ᠤ᠋ᠨ ᠣᠷᠣᠨ ᠥᠭᠯᠢᠭᠡ ᠶ᠋ᠢᠨ ᠡᠵᠡᠨ ᠪᠣᠯᠤᠯᠴᠠᠵᠤ ᠂ 
       ᠦᠯᠡᠮᠵᠢ ᠪᠤᠷᠬᠠᠨ ᠤ᠋ ᠱᠠᠰᠢᠨ ᠢ᠋ ᠣᠯᠠᠨ ᠲᠠ ᠳᠡᠯᠭᠡᠷᠡᠭᠦᠯᠦᠭᠰᠡᠨ ᠪᠥᠯᠥᠭᠡ ᠂ 
       ᠥᠭᠡᠳᠡ ᠪᠣᠯᠵᠤ ᠮᠣᠩᠭᠣᠯ ᠤ᠋ᠨ ᠭᠠᠵᠠᠷ᠎ᠠ ᠠᠮᠢᠲᠠᠨ ᠤ᠋ ᠲᠤᠰᠠ ᠶ᠋ᠢᠨ ᠲᠤᠯᠠ ᠤᠳᠤᠮᠤᠢ ᠪᠢ 》 ᠃ 
       ᠠᠯᠲᠠᠨ ᠬᠠᠭᠠᠨ ᠦᠬᠡᠷ ᠵᠢᠯ᠎ᠡ ① ᠬᠢᠲᠠᠳ ᠲᠥᠪᠡᠳ ᠮᠣᠩᠭᠣᠯ ᠭᠤᠷᠪᠠᠨ ᠤᠯᠤᠰ ᠤ᠋ᠨ ᠠᠭᠤᠯᠵᠠᠷ ᠲᠤᠷ ᠂ 
       ᠠᠷᠢᠭᠤᠨ᠎ᠠ ᠪᠠᠢᠭᠤᠯᠤᠭᠰᠠᠨ ᠴᠠᠪᠴᠢᠶᠠᠯ ᠤ᠋ᠨ ᠰᠦᠮ᠎ᠡ② ᠳ᠋ᠦ᠍ᠷ ᠥᠭᠡᠳᠡ ᠪᠣᠯᠵᠤ ᠢᠷᠡᠭᠡᠳ ᠂ 
       ᠠᠯᠳᠠᠷᠰᠢᠭᠰᠠᠨ ᠵᠣᠣ  ᠷᠢᠠᠪᠤᠴᠠᠢ ᠶ᠋ᠢᠨ ᠡᠮᠦᠨ᠎ᠡ ᠡᠴᠡ ᠪᠢᠳᠡ ᠪᠡᠷ ᠥᠭᠡᠳᠡ ᠪᠣᠯᠵᠤ ᠡᠴᠢᠭᠡᠳ ᠂ 
       ᠠᠮᠤᠭᠤᠯᠠᠩ ᠢ᠋ᠶ᠋ᠠᠷ ᠴᠠᠪᠴᠢᠶᠠᠯ ᠤ᠋ᠨ ᠰᠦᠮ᠎ᠡ ᠳ᠋ᠦ᠍ᠷ ᠵᠣᠯᠭᠠᠯᠳᠤᠬᠤ ᠪᠡᠯᠡᠭ ᠪᠣᠢ ᠭᠡᠮᠡᠨ ᠠᠢᠯᠠᠳᠬ᠎ᠠ ᠃ 

— — — —
①ᠤᠯᠠᠭᠠᠨ ᠡᠮ᠎ᠡ ᠦᠬᠡᠷ ᠵᠢᠯ ᠂ ᠸᠠᠨ ᠯᠢ ᠶ᠋ᠢᠨ ᠲᠠᠪᠤᠳᠤᠭᠠᠷ ᠣᠨ ( 1577 )᠃ 
②ᠬᠢᠲᠠᠳ ᠪᠢᠴᠢᠭ ᠲᠦ᠍ ᠶᠠᠩ ᠬᠤᠸᠠ ᠰᠧ (仰华寺) ᠭᠡᠳᠡᠭ ᠃ ᠸᠠᠨ ᠯᠢ ᠶ᠋ᠢᠨ ᠠᠷᠪᠠ ᠶᠢᠰᠦᠳᠦᠭᠡᠷ ᠣᠨ ( 1591 ) ᠳ᠋ᠦ᠍ ᠲᠠᠢᠮᠢᠩ ᠤ᠋ᠨ ᠴᠡᠷᠢᠭ ᠡᠨᠡ  ᠰᠦᠮ᠎ᠡ ᠶ᠋ᠢ ᠭᠠᠯᠳᠠᠨ ᠰᠦᠢᠳᠬᠡᠵᠡᠢ ᠃