ᠶᠢᠷᠲᠢᠨᠴᠦ ᠶᠢᠨ ᠭᠤᠷᠪᠠ – < ᠡ᠊ > ᠶ᠋ᠢᠨ ᠠᠶ᠋ᠢᠮᠠᠭ (2) Ертөнцийн гурав – < Э > ин аймаг (2)
ᠶᠢᠷᠲᠢᠨᠴᠦ ᠶᠢᠨ ᠭᠤᠷᠪᠠ – < ᠡ᠊ > ᠶ᠋ᠢᠨ ᠠᠶ᠋ᠢᠮᠠᠭ (2)
ᠭᠤᠷᠪᠠᠨ ᠰᠢᠢᠤᠠᠬᠦ
ᠡᠵᠡᠨ ᠬᠠᠭᠠᠨ ᠪ ᠲᠥᠷᠥ ᠶ᠋ᠢᠨ ᠵᠠᠷᠯᠢᠬ ᠨᠢᠭᠡᠨᠲᠡ ᠪᠡᠷ ᠰᠢᠢᠤᠠᠬᠦ
ᠡᠷᠲᠡᠮᠲᠦ ᠮᠡᠷᠭᠡᠳ ᠬᠤᠲᠤᠭᠲᠤ ᠶ᠋ᠢᠨ ᠵᠠᠷᠯᠢᠬ ᠨᠢᠭᠡᠨᠲᠡ ᠪᠡᠷ ᠰᠢᠢᠤᠠᠬᠦ
ᠡᠩ ᠦ᠋ᠨ ᠠᠷᠠᠳ ᠦ᠋ᠨ ᠥᠬᠢᠨ ᠪ ᠥᠭᠯᠢᠭᠡ ᠨᠢᠭᠡᠨᠲᠡ ᠪᠡᠷ ᠰᠢᠢᠤᠠᠬᠦ
ᠭᠤᠷᠪᠠᠨ ᠬᠠᠲᠠᠭᠤ
ᠡᠵᠡᠯᠡᠨ ᠵᠣᠪᠠᠭᠠᠭᠴᠢ ᠨᠣᠶᠠᠳ ᠦ᠋ᠨ ᠵᠣᠷᠢᠬ ᠬᠠᠲᠠᠭᠤ
ᠡᠶ᠎ᠡ ᠲᠡᠢ ᠦᠭᠡ ᠦᠯᠦ ᠬᠡᠯᠡᠭᠴᠢ ᠶ᠋ᠢᠨ ᠠᠮᠠ ᠬᠠᠲᠠᠭᠤ
ᠡᠷ᠎ᠡ ᠪᠡᠨ ᠡᠵᠡᠯᠡᠭᠰᠡᠨ ᠡᠬᠡᠨᠡᠷ ᠦ᠋ᠨ ᠴᠢᠷᠠᠢ ᠬᠠᠲᠠᠭᠤ
ᠭᠤᠷᠪᠠᠨ ᠦᠯᠦ ᠲᠣᠭᠠᠴᠠᠬᠤ
ᠡᠷᠡᠯᠬᠡᠭ ᠴᠢᠲᠠᠯ ᠦᠭᠡᠢ ᠮᠠᠭᠤ ᠡᠷ᠎ᠡ ᠶ᠋ᠢ ᠭᠠᠪᠰᠢᠭᠠᠢ ᠳ᠋ᠤᠷ ᠦᠯᠦ ᠲᠣᠭᠠᠴᠠᠬᠤ
ᠡᠷᠲᠡᠮ ᠦᠭᠡᠢ ᠠᠪᠬᠤ ᠭᠡᠭᠡᠬᠦ ᠶ᠋ᠢ ᠦᠯᠦ ᠮᠡᠳᠡᠭᠴᠢ ᠶ᠋ᠢ ᠰᠡᠴᠡᠨ ᠳᠤ ᠦᠯᠦ ᠲᠣᠭᠠᠴᠠᠬᠤ
ᠡᠭᠡᠨᠡᠭᠲᠡ ᠪᠤᠰᠤᠳ ᠦ᠋ᠨ ᠳᠡᠮᠵᠢᠯᠭᠡ ᠪᠡᠷ ᠰᠠᠶ᠋ᠢᠵᠢᠷᠠᠭᠴᠢᠳ ᠊ᠢ ᠪᠠᠶᠠᠯᠢᠬ ᠲᠤ ᠦᠯᠦ ᠲᠣᠭᠠᠴᠠᠬᠤ
ᠭᠤᠷᠪᠠᠨ ᠮᠠᠭᠤ
ᠡᠮᠡᠭᠡᠯ ᠦ᠋ᠨ ᠮᠠᠭᠤ ᠶᠠᠩᠭᠢᠷᠴᠠᠭ
ᠡᠮ᠎ᠡ ᠶ᠋ᠢᠨ ᠮᠠᠭᠤ ᠰᠠᠮᠠᠭᠤᠷᠴᠠᠭ
ᠡᠳ᠋ ᠦ᠋ᠨ ᠮᠠᠭᠤ ᠬᠡᠪᠡᠷᠡᠭᠴᠡᠭ
ᠭᠤᠷᠪᠠᠨ ᠲᠠᠩᠬᠢ
ᠡᠷ᠎ᠡ ᠶ᠋ᠢᠨ ᠬᠦᠴᠦᠨ ᠳᠤ ᠡᠮ᠎ᠡ ᠨᠢᠭᠡ ᠲᠠᠩᠬᠢ
ᠡᠪᠡᠷ ᠦ᠋ᠨ ᠬᠦᠴᠦᠨ ᠳᠤ ᠪᠤᠬ᠎ᠠ ᠨᠢᠭᠡ ᠲᠠᠩᠬᠢ
ᠡᠵᠢ ᠶ᠋ᠢᠨ ᠡᠨᠡᠷᠢᠯ ᠳᠤ ᠬᠡᠦᠬᠡᠳ ᠨᠢᠭᠡ ᠲᠠᠩᠬᠢ
ᠭᠤᠷᠪᠠᠨ ᠬᠦᠴᠢᠷ
ᠡᠨᠡᠷᠢᠯ ᠦᠭᠡᠢ ᠯᠠᠮᠠ ᠪᠠᠷ ᠰᠢᠲᠦᠭᠡᠨ ᠬᠢᠬᠦ ᠬᠦᠴᠢᠷ
ᠡᠷᠯᠢᠭ ᠠᠲᠠᠯᠢ ᠬᠥᠮᠦᠨ ᠲᠡᠢ ᠤᠲᠠᠭᠠᠨ ᠰᠠᠭᠤᠬᠤ ᠬᠦᠴᠢᠷ
ᠡᠯᠪᠡᠷᠢᠯ ᠦᠭᠡᠢ ᠡᠮᠡᠰ ᠲᠡᠢ ᠨᠠᠰᠤ ᠪᠠᠷ ᠶ᠋ᠢᠠᠨ ᠠᠮᠢᠲᠤᠷᠠᠬᠤ ᠬᠦᠴᠢᠷ
ᠭᠤᠷᠪᠠᠨ ᠬᠦᠨᠲᠦᠤᠠᠬᠡ
ᠡᠷᠡᠭᠦᠯ ᠊ᠢ ᠡᠷᠬᠢᠮᠯᠡᠪᠡᠯ ᠠᠷᠢᠭᠤᠨ ᠊ᠢ ᠬᠦᠨᠲᠦᠤᠠᠬᠡ
ᠡᠷᠲᠡᠮ ᠊ᠢ ᠡᠷᠬᠢᠮᠯᠡᠪᠡᠯ ᠰᠤᠷᠤᠯᠬ᠋ᠠ ᠶ᠋ᠢ ᠬᠦᠨᠲᠦᠤᠠᠬᠡ
ᠡᠬᠡ ᠶ᠋ᠢ ᠪᠡᠨ ᠪᠣᠲᠣᠪᠠᠯ ᠡᠨᠡᠷᠢᠯ ᠊ᠢ ᠬᠦᠨᠲᠦᠤᠠᠬᠡ
ᠭᠤᠷᠪᠠᠨ ᠳᠡᠭᠡᠳᠦ
ᠡᠳ᠋ ᠲᠤᠷ ᠦᠯᠦ ᠤᠷᠪᠠᠭᠴᠢ ᠡᠷᠡᠰ ᠦ᠋ᠨ ᠳᠡᠭᠡᠳᠦ
ᠡᠷᠲᠡᠮ ᠳ᠋ᠤᠷ ᠦᠯᠦ ᠪᠠᠷᠲᠠᠮᠨᠠᠭᠴᠢ ᠮᠡᠷᠭᠡᠳ ᠦ᠋ᠨ ᠳᠡᠭᠡᠳᠦ
ᠡᠷ᠎ᠡ ᠳ᠋ᠤᠷ ᠦᠯᠦ ᠵᠠᠩᠨᠠᠭᠴᠢ ᠡᠮᠡᠰ ᠦ᠋ᠨ ᠳᠡᠭᠡᠳᠦ
ᠭᠤᠷᠪᠠᠨ ᠭᠣᠯᠣᠬᠤ ᠦᠭᠡᠢ
ᠡᠪᠡᠤᠠᠴᠢᠲᠡᠨ ᠪ ᠬᠦᠨᠲᠦ ᠨᠢ ᠡᠮᠴᠢ ᠶ᠋ᠢ ᠭᠣᠯᠣᠬᠤ ᠦᠭᠡᠢ
ᠡᠮᠦᠰᠬᠦ ᠦᠭᠡᠢ ᠬᠥᠮᠦᠨ ᠬᠤᠪᠴᠠᠰᠤ ᠶ᠋ᠢ ᠭᠣᠯᠣᠬᠤ ᠦᠭᠡᠢ
ᠡᠷᠲᠡᠮ ᠦᠭᠡᠢ ᠬᠥᠮᠦᠨ ᠪᠢᠴᠢᠭᠲᠡᠨ ᠊ᠢ ᠭᠣᠯᠣᠬᠤ ᠦᠭᠡᠢ
ᠭᠤᠷᠪᠠᠨ ᠬᠡᠷᠡᠭᠲᠡᠢ
ᠡᠷᠲᠡᠮ ᠊ᠢ ᠰᠤᠷᠬᠤ ᠳᠤ ᠵᠣᠷᠢᠬ ᠬᠡᠷᠡᠭᠲᠡᠢ
ᠢᠲᠡᠭᠡᠯ ᠊ᠢ ᠣᠯᠬᠤ ᠳᠤ ᠦᠨᠡᠨ ᠬᠡᠷᠡᠭᠲᠡᠢ
ᠡᠨᠲᠡᠭᠦᠦ ᠶ᠋ᠢ ᠬᠠᠯᠠᠬᠤ ᠳᠤ ᠰᠢᠲᠤᠷᠭᠤ ᠬᠡᠷᠡᠭᠲᠡᠢ
ᠭᠤᠷᠪᠠᠨ ᠰᠠᠶ᠋ᠢᠬᠠᠨ
ᠡᠷᠬᠢᠮ ᠬᠦᠰᠡᠯ ᠢᠷᠡᠭᠡᠲᠦᠢ ᠳᠤ ᠰᠠᠶ᠋ᠢᠬᠠᠨ
ᠡᠷᠴᠢ ᠵᠣᠷᠢᠬ ᠦᠢᠯᠡᠰ ᠲᠤ ᠰᠠᠶ᠋ᠢᠬᠠᠨ
ᠡᠷᠬᠡ ᠴᠢᠯᠥᠭᠡ ᠠᠮᠢᠲᠤᠷᠠᠯ ᠳᠤ ᠰᠠᠶ᠋ᠢᠬᠠᠨ
ᠭᠤᠷᠪᠠᠨ ᠴᠢᠬᠤᠯᠠ
ᠡᠨᠡ ᠪᠡᠶ᠎ᠡ ᠳᠤ ᠠᠮᠢ ᠨᠢᠭᠡ ᠴᠢᠬᠤᠯᠠ
ᠡᠷ᠎ᠡ ᠴᠢᠲᠠᠯ ᠳᠤ ᠦᠢᠯᠡᠰ ᠨᠢᠭᠡ ᠴᠢᠬᠤᠯᠠ
ᠡᠷᠲᠡᠮ ᠰᠤᠷᠬᠤ ᠳᠤ ᠰᠢᠮᠲᠠᠯ ᠨᠢᠭᠡ ᠴᠢᠬᠤᠯᠠ
ᠭᠤᠷᠪᠠᠨ ᠲᠡᠷᠡ
ᠡᠪᠡᠤᠠᠴᠢᠨ ᠦᠭᠡᠢ ᠪᠣᠯᠪᠠᠯ ᠵᠢᠷᠭᠠᠯ ᠭᠡᠭᠴᠢ ᠲᠡᠷᠡ
ᠥᠷᠢ ᠦᠭᠡᠢ ᠪᠣᠯᠪᠠᠯ ᠪᠠᠶᠠᠨ ᠭᠡᠭᠴᠢ ᠲᠡᠷᠡ
ᠥᠰ ᠦᠭᠡᠢ ᠪᠣᠯᠪᠠᠯ ᠲᠠᠶ᠋ᠢᠪᠤᠩ ᠭᠡᠭᠴᠢ ᠲᠡᠷᠡ
ᠭᠤᠷᠪᠠᠨ ᠪᠥᠬᠡ
ᠡᠮ᠎ᠡ ᠦᠭᠡᠢ ᠬᠥᠮᠦᠨ ᠪ ᠦᠢᠯᠡ ᠨᠢ ᠪᠥᠬᠡ
ᠢᠴᠢᠬᠦ ᠦᠭᠡᠢ ᠬᠥᠮᠦᠨ ᠪ ᠨᠢᠭᠤᠷ ᠨᠢ ᠪᠥᠬᠡ
ᠦᠬᠦᠬᠦ ᠦᠭᠡᠢ ᠬᠥᠮᠦᠨ ᠪ ᠠᠮᠢ ᠨᠢ ᠪᠥᠬᠡ
ᠭᠤᠷᠪᠠᠨ ᠪᠠᠶ᠋ᠢᠨ᠎ᠠ
ᠡᠲᠦᠷ ᠪᠠᠶ᠋ᠢᠪᠠᠯ ᠰᠥᠨᠢ ᠨᠢᠭᠡ ᠪᠠᠶ᠋ᠢᠨ᠎ᠠ
ᠡᠪᠦᠯ ᠪᠠᠶ᠋ᠢᠪᠠᠯ ᠵᠤᠨ ᠨᠢᠭᠡ ᠪᠠᠶ᠋ᠢᠨ᠎ᠠ
ᠡᠮ᠎ᠡ ᠪᠠᠶ᠋ᠢᠪᠠᠯ ᠡᠷ᠎ᠡ ᠨᠢᠭᠡ ᠪᠠᠶ᠋ᠢᠨ᠎ᠠ
ᠭᠤᠷᠪᠠᠨ ᠵᠠᠰᠠᠯ
ᠡᠮᠡᠭᠡᠯ ᠬᠠᠵᠠᠭᠠᠷ ᠮᠣᠷᠢᠨ ᠤ ᠵᠠᠰᠠᠯ
ᠡᠭᠡᠮᠦᠭ ᠰᠦᠢᠬᠡ ᠴᠢᠬᠢᠨ ᠤ ᠵᠠᠰᠠᠯ
ᠡᠷᠳᠡᠮ ᠨᠣᠮ ᠪᠡᠶ᠎ᠡ ᠶ᠋ᠢᠨ ᠵᠠᠰᠠᠯ
ᠭᠤᠷᠪᠠᠨ ᠰᠠᠶ᠋ᠢᠨ
ᠡᠷᠬᠡ ᠪᠡᠷᠬᠡ ᠬᠣᠶᠠᠷ ᠢ ᠬᠢᠨᠠᠪᠠᠰᠤ ᠨᠢᠭᠡ ᠰᠠᠶ᠋ᠢᠨ
ᠡᠷᠳᠡᠮ ᠪᠢᠯᠢᠭ ᠬᠣᠶᠠᠷ ᠢ ᠬᠢᠴᠢᠶᠡᠪᠡᠰᠦ ᠨᠢᠭᠡ ᠰᠠᠶ᠋ᠢᠨ
ᠡᠷᠬᠢᠮ ᠮᠡᠷᠭᠡᠨ ᠬᠣᠶᠠᠷ ᠢ ᠲᠠᠨᠢᠪᠠᠰᠤ ᠨᠢᠭᠡ ᠰᠠᠶ᠋ᠢᠨ
ᠭᠤᠷᠪᠠᠨ ᠪᠤᠤ ᠪᠣᠳᠣ
ᠡᠴᠢᠭᠡ ᠡᠬᠡ ᠶ᠋ᠢᠨ ᠰᠤᠷᠭᠠᠯ ᠴᠢᠩᠭ᠎ᠠ ᠬᠡᠮᠡᠨ ᠪᠤᠤ ᠪᠣᠳᠣ
ᠡᠷᠳᠡᠮ ᠰᠤᠷᠬᠤ ᠳᠤ ᠬᠦᠴᠢᠷ ᠪᠡᠷᠬᠡ ᠬᠡᠮᠡᠨ ᠪᠤᠤ ᠪᠤᠳᠤ
ᠡᠳ᠋ ᠲᠠᠸᠠᠷ ᠵᠠᠷᠤᠬᠤ ᠤᠴᠢᠷ ᠲᠤᠷ ᠵᠠᠷᠤᠯ᠎ᠠ ᠬᠡᠮᠡᠨ ᠪᠤᠤ ᠪᠤᠳᠤ
ᠭᠤᠷᠪᠠᠨ ᠵᠠᠶ᠋ᠢᠳᠠᠩ
ᠡᠷ᠎ᠡ ᠦᠭᠡᠢ ᠡᠮ᠎ᠡ ᠨᠢᠭᠡ ᠵᠠᠶ᠋ᠢᠳᠠᠩ
ᠡᠮᠡᠭᠡᠯ ᠦᠭᠡᠢ ᠮᠣᠷᠢ ᠨᠢᠭᠡ ᠵᠠᠶ᠋ᠢᠳᠠᠩ
ᠡᠴᠢᠭᠡ ᠦᠭᠡᠢ ᠬᠦᠦ ᠨᠢᠭᠡ ᠵᠠᠶ᠋ᠢᠳᠠᠩ
ᠭᠤᠷᠪᠠᠨ ᠰᠡᠷᠭᠡᠶ᠋ᠢᠯᠡ
ᠡᠷᠡᠭᠦᠯ ᠴᠠᠭ ᠲᠤ᠌ ᠡᠪᠡᠳᠴᠢᠨ ᠢ ᠰᠡᠷᠭᠡᠶ᠋ᠢᠯᠡ
ᠡᠶ᠎ᠡ ᠲᠠᠢ ᠴᠠᠭ ᠲᠤ᠌ ᠡᠪᠳᠡᠷᠡᠯ ᠢ ᠰᠡᠷᠭᠡᠶ᠋ᠢᠯᠡ
ᠡᠩᠬᠡ ᠴᠠᠭ ᠲᠤ᠌ ᠳᠠᠶ᠋ᠢᠰᠤᠨ ᠢ ᠰᠡᠷᠭᠡᠶ᠋ᠢᠯᠡ
ᠭᠤᠷᠪᠠᠨ ᠣᠷᠣᠳᠠᠭ
ᠡᠷᠳᠡᠨᠢ ᠣᠭ᠌ᠶᠤ ᠡᠯᠡᠭᠳᠡᠬᠦ ᠳᠣᠳᠣᠮ ᠥᠩᠭᠡ ᠣᠷᠣᠳᠠᠭ
ᠡᠷ᠎ᠡ ᠬᠥᠮᠦᠨ ᠵᠣᠪᠠᠬᠤ ᠳᠣᠳᠣᠮ ᠤᠬᠠᠭᠠᠨ ᠣᠷᠣᠳᠠᠭ
ᠡᠮᠨᠢᠭ ᠮᠣᠷᠢ ᠤᠨᠤᠬᠤ ᠳᠣᠳᠣᠮ ᠶᠠᠪᠤᠳᠠᠯ ᠣᠷᠣᠳᠠᠭ
ᠭᠤᠷᠪᠠᠨ ᠦᠵᠡ
ᠡᠷ᠎ᠡ ᠶ᠋ᠢ ᠨᠢ ᠦᠵᠡᠶ᠎ᠡ ᠭᠡᠪᠡᠯ ᠤᠨᠤᠭ᠎ᠠ ᠶ᠋ᠢ ᠨᠢ ᠦᠵᠡ
ᠡᠷᠳᠡᠮ ᠢ ᠨᠢ ᠦᠵᠡᠶ᠎ᠡ ᠭᠡᠪᠡᠯ ᠪᠦᠲᠦᠭᠡᠯ ᠢ ᠨᠢ ᠦᠵᠡ
ᠡᠮ᠎ᠡ ᠶ᠋ᠢ ᠨᠢ ᠦᠵᠡᠶ᠎ᠡ ᠭᠡᠪᠡᠯ ᠣᠶᠣᠳᠠᠯ ᠢ ᠨᠢ ᠦᠵᠡ
ᠭᠤᠷᠪᠠᠨ ᠦᠨᠡᠨ
ᠡᠷ᠎ᠡ ᠬᠥᠮᠦᠨ ᠪᠣᠳᠣᠭᠰᠠᠨ ᠳᠤ ᠡᠰᠡ ᠬᠦᠷᠪᠡᠰᠦ ᠴᠢᠰᠤ ᠪᠠᠷ ᠪᠥᠭᠡᠯᠵᠢᠬᠦ ᠦᠨᠡᠨ
ᠡᠷ᠎ᠡ ᠪᠠᠷᠰ ᠵᠣᠷᠢᠬᠰᠠᠨ ᠳᠤ ᠡᠰᠡ ᠬᠦᠷᠪᠡᠰᠦ ᠴᠢᠰᠤ ᠪᠠᠷ ᠣᠷᠬᠢᠷᠠᠬᠤ ᠦᠨᠡᠨ
ᠡᠷ᠎ᠡ ᠮᠣᠷᠢ ᠬᠠᠷᠠᠶ᠋ᠢᠬᠰᠠᠨ ᠳᠤ ᠡᠰᠡ ᠬᠦᠷᠪᠡᠰᠦ ᠴᠢᠰᠤ ᠪᠠᠷ ᠰᠢᠭᠡᠬᠦ ᠦᠨᠡᠨ
ᠭᠤᠷᠪᠠᠨ ᠮᠡᠳᠡᠭᠳᠡᠨ᠎ᠡ
ᠡᠳ᠋ ᠤᠨ ᠴᠢᠨᠠᠷ ᠡᠳ᠋ᠯᠡᠬᠦ ᠳ᠋ᠤᠷ ᠨᠢᠭᠡ ᠮᠡᠳᠡᠭᠳᠡᠨ᠎ᠡ
ᠡᠷ᠎ᠡ ᠶ᠋ᠢᠨ ᠴᠢᠨᠠᠷ ᠠᠵᠢᠯ ᠳ᠋ᠤᠷ ᠨᠢᠭᠡ ᠮᠡᠳᠡᠭᠳᠡᠨ᠎ᠡ
ᠡᠮ᠎ᠡ ᠶ᠋ᠢᠨ ᠴᠢᠨᠠᠷ ᠠᠰᠢᠬ ᠲᠤᠷ ᠨᠢᠭᠡ ᠮᠡᠳᠡᠭᠳᠡᠨ᠎ᠡ
ᠭᠤᠷᠪᠠᠨ ᠲᠠᠢ
ᠡᠴᠢᠭᠡ ᠰᠠᠶ᠋ᠢᠲᠠᠢ ᠬᠡᠦᠬᠡᠳ ᠣᠪᠣᠭ᠎ᠠ ᠵᠢᠷᠭᠠᠯ ᠲᠠᠢ
ᠡᠵᠡᠨ ᠰᠠᠶ᠋ᠢᠲᠠᠢ ᠮᠠᠯ ᠣᠪᠣᠭ᠎ᠠ ᠮᠢᠬ᠎ᠠ ᠲᠠᠢ
ᠡᠷ᠎ᠡ ᠰᠠᠶ᠋ᠢᠲᠠᠢ ᠡᠮ᠎ᠡ ᠣᠪᠣᠭ᠎ᠠ ᠠᠭᠠᠰᠢ ᠲᠠᠢ
ᠭᠤᠷᠪᠠᠨ ᠪᠠᠶ᠋ᠢᠬᠤ
ᠡᠷ᠎ᠡ ᠶ᠋ᠢᠨ ᠰᠠᠶ᠋ᠢᠨ ᠴᠢᠳᠠᠯ ᠳ᠋ᠠᠭᠠᠨ ᠪᠠᠶ᠋ᠢᠬᠤ
ᠡᠮᠡᠭᠡᠯ ᠤᠨ ᠰᠠᠶ᠋ᠢᠨ ᠲᠣᠬᠣᠮ ᠳ᠋ᠠᠭᠠᠨ ᠪᠠᠶ᠋ᠢᠬᠤ
ᠡᠮ᠎ᠡ ᠶ᠋ᠢᠨ ᠰᠠᠶ᠋ᠢᠨ ᠤᠷᠠᠨ ᠳ᠋ᠠᠭᠠᠨ ᠪᠠᠶ᠋ᠢᠬᠤ
ᠭᠤᠷᠪᠠᠨ ᠰᠠᠨᠠ
ᠡᠷᠬᠢᠮ ᠢ ᠣᠯᠪᠠᠯ ᠢᠴᠢᠭᠦᠷᠢ ᠶ᠋ᠢ ᠰᠠᠨᠠ
ᠡᠷᠳᠡᠮ ᠢ ᠣᠯᠪᠠᠯ ᠬᠡᠷᠡᠭᠯᠡᠬᠦ ᠶ᠋ᠢ ᠰᠠᠨᠠ
ᠡᠪᠳᠡᠷᠡᠯ ᠢ ᠣᠯᠪᠠᠯ ᠡᠪᠯᠡᠷᠡᠯ ᠢ ᠰᠠᠨᠠ
ᠭᠤᠷᠪᠠᠨ ᠰᠠᠶ᠋ᠢᠬᠠᠨ
ᠡᠬᠡ ᠳᠤ ᠦᠷ᠎ᠡ ᠨᠢᠭᠡ ᠰᠠᠶ᠋ᠢᠬᠠᠨ
ᠡᠮᠡᠭᠡᠯ ᠳᠤ ᠭᠠᠨᠵᠤᠭ᠎ᠠ ᠨᠢᠭᠡ ᠰᠠᠶ᠋ᠢᠬᠠᠨ
ᠡᠷ᠎ᠡ ᠳᠤ ᠴᠢᠳᠠᠯ ᠨᠢᠭᠡ ᠰᠠᠶ᠋ᠢᠬᠠᠨ
ᠭᠤᠷᠪᠠᠨ ᠬᠠᠨᠢ
ᠡᠷ᠎ᠡ ᠮᠣᠷᠢ ᠵᠠᠮ ᠤᠨ ᠬᠠᠨᠢ
ᠡᠬᠡᠨᠡᠷ ᠬᠡᠦᠬᠡᠳ ᠨᠠᠰᠤᠨ ᠤ ᠬᠠᠨᠢ
ᠡᠴᠢᠭᠡ ᠡᠬᠡ ᠪᠡᠶ᠎ᠡ ᠶ᠋ᠢᠨ ᠬᠠᠨᠢ
ᠭᠤᠷᠪᠠᠨ ᠮᠡᠳᠡᠨ᠎ᠡ
ᠡᠷ᠎ᠡ ᠶ᠋ᠢᠨ ᠰᠠᠶ᠋ᠢᠨ ᠢ ᠬᠠᠨᠢᠯᠠᠭᠠᠳ ᠮᠡᠳᠡᠨ᠎ᠡ
ᠡᠳ᠋ ᠤᠨ ᠰᠠᠶ᠋ᠢᠨ ᠢ ᠬᠡᠷᠡᠭᠯᠡᠭᠡᠳ ᠮᠡᠳᠡᠨ᠎ᠡ
ᠡᠬᠡ ᠶ᠋ᠢᠨ ᠰᠠᠶ᠋ᠢᠨ ᠊ᠢ ᠥᠲᠡᠯᠦᠭᠡᠳ ᠮᠡᠲᠡᠨ᠎ᠡ
ᠭᠤᠷᠪᠠᠨ ᠳᠡᠭᠡᠷ᠎ᠡ
ᠡᠲᠡᠭᠡᠬᠦ ᠦᠭᠡᠢ ᠡᠪᠡᠤᠠᠴᠢᠲᠡᠨ ᠦᠬᠦᠭᠰᠡᠨ ᠳ᠋ᠡᠭᠡᠨ ᠳᠡᠭᠡᠷ᠎ᠡ
ᠡᠷᠭᠦᠴᠡᠭᠡ ᠦᠭᠡᠢ ᠪᠠᠶᠠᠨ ᠦᠭᠡᠢᠷᠡᠭᠰᠡᠨ ᠳ᠋ᠡᠭᠡᠨ ᠳᠡᠭᠡᠷ᠎ᠡ
ᠡᠪ ᠦᠭᠡᠢ ᠡᠬᠡᠨᠡᠷ ᠊ᠢ ᠭᠡᠭᠡᠭᠰᠡᠨ ᠳ᠋ᠡᠭᠡᠨ ᠳᠡᠭᠡᠷ᠎ᠡ
ᠭᠤᠷᠪᠠᠨ ᠨᠢᠭᠡ
ᠡᠷ᠎ᠡ ᠡᠮ᠎ᠡ ᠶ᠋ᠢᠨ ᠬᠠᠶ᠋ᠢᠷ᠎ᠠ ᠨᠢ ᠨᠢᠭᠡ
ᠡᠯᠡᠰᠦ ᠮᠠᠩᠬᠠᠨ ᠪ ᠴᠢᠨᠠᠷ ᠨᠢ ᠨᠢᠭᠡ
ᠡᠯᠢᠭᠡ ᠵᠢᠷᠦᠬᠡᠨ ᠪ ᠰᠤᠲᠠᠰᠤ ᠨᠢ ᠨᠢᠭᠡ
ᠭᠤᠷᠪᠠᠨ ᠡᠵᠡᠨ ᠦᠭᠡᠢ
ᠡᠮ᠎ᠡ ᠬᠥᠮᠦᠨ ᠡᠷ᠎ᠡ ᠦᠭᠡᠢ ᠪᠣᠯᠪᠠᠯ ᠪᠡᠶ᠎ᠡ ᠳ᠋ᠤᠨᠢ ᠡᠵᠡᠨ ᠦᠭᠡᠢ
ᠡᠷ᠎ᠡ ᠬᠥᠮᠦᠨ ᠡᠮ᠎ᠡ ᠦᠭᠡᠢ ᠪᠣᠯᠪᠠᠯ ᠭᠡᠷ ᠲᠤᠨᠢ ᠡᠵᠡᠨ ᠦᠭᠡᠢ
ᠡᠨᠡ ᠬᠣᠶᠠᠷ ᠶ᠋ᠢᠡᠨ ᠦᠷ᠎ᠡ ᠦᠭᠡᠢ ᠪᠣᠯᠪᠠᠯ ᠥᠲᠡᠯᠬᠦ ᠳ᠋ᠤᠨᠢ ᠡᠵᠡᠨ ᠦᠭᠡᠢ
ᠭᠤᠷᠪᠠᠨ ᠳᠡᠭᠡᠷ᠎ᠡ
ᠡᠮ᠎ᠡ ᠬᠥᠮᠦᠨ ᠪ ᠤᠷᠠᠨ ᠨᠢ ᠳᠡᠪᠡᠯ ᠦ᠋ᠨ ᠰᠢᠯᠪᠢᠨ ᠳᠡᠭᠡᠷ᠎ᠡ
ᠡᠷ᠎ᠡ ᠬᠥᠮᠦᠨ ᠪ ᠤᠷᠠᠨ ᠨᠢ ᠴᠢᠲᠥᠷ ᠦ᠋ᠨ ᠲᠤᠤᠬᠠᠢ ᠳᠡᠭᠡᠷ᠎ᠡ
ᠡᠯᠴᠢ ᠬᠥᠮᠦᠨ ᠪ ᠤᠷᠠᠨ ᠨᠢ ᠲᠦᠷᠦ ᠶ᠋ᠢᠨ ᠶᠠᠪᠤᠲᠠᠯ ᠳᠡᠭᠡᠷ᠎ᠡ
ᠭᠤᠷᠪᠠᠨ ᠭᠤᠤᠯ ᠳᠤ
ᠡᠯᠵᠢᠭᠡ ᠲᠡᠢ ᠯᠠᠮᠠ ᠱᠠᠯᠪᠠᠭ ᠦ᠋ᠨ ᠭᠤᠤᠯ ᠳᠤ
ᠡᠨᠡᠷᠢᠯ ᠲᠡᠢ ᠯᠠᠮᠠ ᠰᠢᠷᠡᠭᠡᠨ ᠪ ᠭᠤᠤᠯ ᠳᠤ
ᠡᠮ᠎ᠡ ᠲᠡᠢ ᠯᠠᠮᠠ ᠲᠠᠮᠤ ᠶ᠋ᠢᠨ ᠭᠣᠣᠯ ᠳᠤ
ᠭᠤᠷᠪᠠᠨ ᠦᠨᠡᠨ
ᠡᠮ᠎ᠡ ᠶ᠋ᠢᠨ ᠮᠠᠭᠤ ᠪᠠᠷ ᠭᠡᠷ ᠪᠠᠷᠠᠭᠲᠠᠬᠤ ᠦᠨᠡᠨ
ᠡᠮᠡᠭᠡᠯ ᠦ᠋ᠨ ᠮᠠᠭᠤ ᠪᠠᠷ ᠮᠣᠷᠢ ᠳᠠᠭᠠᠷᠢᠳᠤᠬᠤ ᠦᠨᠡᠨ
ᠡᠪ ᠦ᠋ᠨ ᠮᠠᠭᠤ ᠪᠠᠷ ᠨᠢᠭᠤᠷ ᠪᠠᠷᠠᠭᠲᠠᠬᠤ ᠦᠨᠡᠨ
ᠭᠤᠷᠪᠠᠨ ᠳᠡᠭᠡᠷ᠎ᠡ
ᠡᠪᠦᠯ ᠦ᠋ᠨ ᠮᠠᠭᠤ ᠶ᠋ᠢ ᠬᠠᠪᠤᠷ ᠳᠡᠭᠡᠷ᠎ᠡ
ᠡᠴᠢᠭᠡ ᠶ᠋ᠢᠨ ᠮᠠᠭᠤ ᠶ᠋ᠢ ᠦᠷ᠎ᠡ ᠳᠡᠭᠡᠷ᠎ᠡ
ᠥᠪᠡᠷ ᠦ᠋ᠨ ᠮᠠᠭᠤ ᠶ᠋ᠢ ᠬᠥᠮᠦᠨ ᠪ ᠳᠡᠭᠡᠷ᠎ᠡ
ᠭᠤᠷᠪᠠᠨ ᠮᠠᠭᠤᠬᠠᠢ
ᠡᠪᠡᠤᠠᠴᠢᠨ ᠶ᠋ᠢᠡᠨ ᠡᠲᠡᠭᠡᠭᠰᠡᠨ ᠬᠣᠶ᠋ᠢᠨ᠎ᠠ ᠡᠮᠴᠢ ᠶ᠋ᠢ ᠮᠠᠭᠤᠯᠠᠬᠤ ᠮᠠᠭᠤᠬᠠᠢ
ᠤᠰᠤ ᠪᠠᠨ ᠭᠠᠲᠤᠯᠤᠭᠰᠠᠨ ᠬᠣᠶ᠋ᠢᠨ᠎ᠠ ᠣᠩᠭᠣᠴᠠ ᠪᠠᠨ ᠡᠪᠲᠡᠬᠦ ᠮᠠᠭᠤᠬᠠᠢ
ᠡᠷ᠎ᠡ ᠪᠦᠷᠢᠳᠦᠭᠰᠡᠨ ᠬᠣᠶ᠋ᠢᠨ᠎ᠠ ᠡᠬᠡ ᠪᠡᠨ ᠮᠠᠷᠲᠠᠬᠤ ᠮᠠᠭᠤᠬᠠᠢ
ᠭᠤᠷᠪᠠᠨ ᠠᠴᠢᠲᠠᠢ
ᠡᠨᠡ ᠪᠡᠶ᠎ᠡ ᠶ᠋ᠢ ᠲᠥᠷᠥᠭᠰᠡᠨ ᠡᠵᠢ ᠨᠢᠭᠡ ᠠᠴᠢᠲᠠᠢ
ᠡᠷᠬᠡ ᠴᠢᠯᠥᠭᠡ ᠶ᠋ᠢ ᠣᠯᠭᠣᠭᠰᠠᠨ ᠨᠠᠮ ᠨᠢᠭᠡ ᠠᠴᠢᠲᠠᠢ
ᠡᠷᠲᠡᠮ ᠨᠣᠮ ᠊ᠢ ᠰᠤᠷᠭᠠᠭᠰᠠᠨ ᠪᠠᠭᠰᠢ ᠨᠢᠭᠡ ᠠᠴᠢᠲᠠᠢ
ᠭᠤᠷᠪᠠᠨ ᠭᠦᠨ
ᠡᠷᠲᠡᠮ ᠲᠡᠢ ᠬᠥᠮᠦᠨ ᠪ ᠰᠠᠨᠠᠬ᠋᠎ᠠ ᠨᠢᠭᠡ ᠭᠦᠨ
ᠡᠩᠬᠡ ᠲᠦᠷᠦ ᠶ᠋ᠢᠨ ᠪᠣᠲᠣᠯᠬ᠋ᠠ ᠨᠢᠭᠡ ᠭᠦᠨ
ᠡᠯᠲᠡᠪ ᠳᠠᠯᠠᠢ ᠶ᠋ᠢᠨ ᠢᠷᠣᠭᠠᠷ ᠨᠢᠭᠡ ᠭᠦᠨ
ᠭᠤᠷᠪᠠᠨ ᠣᠯᠠᠨ
ᠡᠴᠡᠭᠰᠡᠨ ᠮᠣᠷᠢᠨ ᠳᠤ ᠳᠠᠰᠢᠭᠤᠷ ᠣᠯᠠᠨ
ᠡᠭᠡᠯ ᠬᠥᠮᠦᠨ ᠳᠤ ᠨᠣᠶᠠᠨ ᠣᠯᠠᠨ
ᠡᠶᠡᠬᠦᠢ ᠬᠥᠮᠦᠨ ᠳᠤ ᠥᠰᠲᠡᠨ ᠣᠯᠠᠨ
ᠭᠤᠷᠪᠠᠨ ᠪᠣᠯᠤᠨ᠎ᠠ
ᠡᠷᠲᠡᠨᠢ ᠬᠣᠪᠣᠷ ᠪᠣᠯᠪᠠᠴᠤ ᠣᠯᠵᠤ ᠪᠣᠯᠤᠨ᠎ᠠ
ᠡᠷᠲᠡᠮ ᠭᠦᠨ ᠪᠣᠯᠪᠠᠴᠤ ᠰᠤᠷᠴᠤ ᠪᠣᠯᠤᠨ᠎ᠠ
ᠡᠶ᠎ᠡ ᠮᠠᠭᠤ ᠪᠣᠯᠪᠠᠴᠤ ᠬᠠᠯᠠᠵᠤ ᠪᠣᠯᠤᠨ᠎ᠠ
ᠭᠤᠷᠪᠠᠨ ᠦᠵᠡᠬᠦ
ᠡᠭᠦᠯᠡ ᠠᠷᠢᠯᠪᠠᠯ ᠨᠠᠷᠠ ᠶ᠋ᠢ ᠣᠯᠵᠤ ᠦᠵᠡᠬᠦ
ᠥᠰᠢᠶᠡᠲᠡᠨ ᠠᠷᠢᠯᠪᠠᠯ ᠰᠠᠶ᠋ᠢᠨ ᠊ᠢ ᠣᠯᠵᠤ ᠦᠵᠡᠬᠦ
ᠡᠪᠡᠤᠠᠴᠢᠨ ᠠᠷᠢᠯᠪᠠᠯ ᠵᠢᠷᠭᠠᠯ ᠊ᠢ ᠣᠯᠵᠤ ᠦᠵᠡᠬᠦ
ᠭᠤᠷᠪᠠᠨ ᠪᠢᠰᠢ
ᠡᠶ᠎ᠡ ᠲᠡᠢ ᠬᠥᠮᠦᠨ ᠪᠣᠯᠭᠠᠨ ᠲᠣᠲᠤᠨᠤ ᠪᠢᠰᠢ
ᠡᠪ ᠲᠡᠢ ᠡᠳ᠋ ᠪᠣᠯᠭᠠᠨ ᠰᠠᠶ᠋ᠢᠨ ᠪᠢᠰᠢ
ᠡᠷᠬᠡ ᠲᠡᠢ ᠬᠥᠮᠦᠨ ᠪᠣᠯᠭᠠᠨ ᠨᠣᠶᠠᠨ ᠪᠢᠰᠢ
ᠭᠤᠷᠪᠠᠨ ᠵᠠᠮ
ᠡᠷᠬᠡ ᠬᠡᠲᠤᠷᠡᠪᠡᠰᠦ ᠠᠯᠲᠠᠬᠤ ᠶᠡᠬᠡ ᠵᠠᠮ
ᠡᠷᠢᠯ ᠬᠦᠰᠡᠯ ᠶᠡᠬᠡᠳᠪᠡᠰᠦ ᠡᠰᠡ ᠪᠣᠯᠬᠤ ᠵᠠᠮ
ᠡᠪᠡᠳᠴᠢᠨ ᠡᠮᠬᠡᠭ ᠬᠡᠲᠦᠷᠡᠪᠡᠰᠦ ᠦᠬᠦᠭᠦᠯᠬᠦ ᠵᠠᠮ
ᠭᠤᠷᠪᠠᠨ ᠡᠰᠡ ᠪᠣᠯᠬᠤ
ᠡᠷᠳᠡᠨᠢ ᠴᠤᠬᠠᠭ ᠪᠣᠯᠪᠠᠴᠤ ᠥᠯᠥᠰᠦᠭᠰᠡᠨ ᠦᠶ᠎ᠡ ᠳᠦ ᠢᠳᠡᠵᠦ ᠦᠯᠦ ᠪᠣᠯᠬᠤ
ᠡᠯᠪᠡᠷᠢᠯ ᠶᠡᠬᠡ ᠪᠣᠯᠪᠠᠴᠤ ᠦᠬᠦᠭᠰᠡᠨ ᠴᠠᠭ ᠲᠤ ᠬᠠᠮᠲᠤ ᠠᠪᠰᠠᠯᠠᠵᠤ ᠦᠯᠦ ᠪᠣᠯᠬᠤ
ᠡᠷ᠎ᠡ ᠡᠮ᠎ᠡ ᠬᠠᠶ᠋ᠢᠷᠠᠲᠠᠢ ᠴᠤ᠌ ᠡᠪᠡᠳᠦᠭᠰᠡᠨ ᠴᠠᠭ ᠲᠤ ᠬᠤᠪᠢᠶᠠᠯᠴᠠᠵᠤ ᠦᠯᠦ ᠪᠣᠯᠬᠤ
ᠭᠤᠷᠪᠠᠨ ᠬᠡᠪᠡᠷᠡᠭ
ᠡᠭᠡᠨᠡᠭᠲᠡ ᠪᠠᠲᠤ ᠦᠭᠡᠢ ᠶ᠋ᠢᠨ ᠲᠤᠯᠠ ᠡᠨᠡ ᠨᠠᠰᠤ ᠬᠡᠪᠡᠷᠡᠭ
ᠡᠭᠦᠷᠢᠳᠡ ᠬᠠᠨᠢᠯᠠᠬᠤ ᠦᠭᠡᠢ ᠶ᠋ᠢᠨ ᠲᠤᠯᠠ ᠠᠮᠠᠷᠠᠭ ᠰᠠᠳᠤᠨ ᠬᠡᠪᠡᠷᠡᠭ
ᠡᠴᠦᠰ ᠲᠡᠭᠡᠨ ᠪᠠᠷᠠᠭᠳᠠᠬᠤ ᠶ᠋ᠢᠨ ᠲᠤᠯᠠ ᠡᠳ᠋ ᠬᠥᠷᠥᠩᠭᠡ ᠬᠡᠪᠡᠷᠡᠭ
ᠭᠤᠷᠪᠠᠨ ᠬᠥᠨᠳᠡᠢ
ᠡᠮᠦᠰᠬᠦ ᠳᠦ ᠬᠥᠪᠥᠩ ᠨᠢᠭᠡ ᠬᠥᠨᠳᠡᠢ
ᠡᠷᠭᠦᠬᠦ ᠳᠦ ᠮᠠᠯ ᠨᠢᠭᠡ ᠬᠥᠨᠳᠡᠢ
ᠦᠯᠢᠶᠡᠬᠦ ᠳᠦ ᠭᠦᠵᠡᠭᠡ ᠨᠢᠭᠡ ᠬᠥᠨᠳᠡᠢ
ᠭᠤᠷᠪᠠᠨ ᠲᠦᠰᠢᠭ
ᠡᠪᠦᠭᠡᠳ ᠬᠥᠭᠰᠢᠳ ᠦᠷ᠎ᠡ ᠳ᠋ᠡᠭᠡᠨ ᠳᠦᠰᠢᠭ
ᠦᠶ᠎ᠡ ᠶ᠋ᠢᠨ ᠨᠥᠬᠥᠳ ᠪᠡᠶ᠎ᠡ ᠳᠦ ᠳᠦᠰᠢᠭ
ᠦᠨᠳᠦᠷ ᠠᠭᠤᠯᠠ ᠭᠡᠷ ᠲᠤ ᠲᠦᠰᠢᠭ
ᠭᠤᠷᠪᠠᠨ ᠲᠦᠰᠢᠶ᠎ᠡ
ᠡᠮ᠎ᠡ ᠡᠷ᠎ᠡ ᠳ᠋ᠡᠭᠡᠨ ᠨᠢᠭᠡ ᠲᠦᠰᠢᠶ᠎ᠡ
ᠡᠷᠡᠥ ᠠᠮᠠ ᠳ᠋ᠠᠭᠠᠨ ᠨᠢᠭᠡ ᠲᠦᠰᠢᠶ᠎ᠡ
ᠡᠪᠦᠳᠦᠭ ᠭᠤᠶ᠎ᠠ ᠳ᠋ᠠᠭᠠᠨ ᠨᠢᠭᠡ ᠲᠦᠰᠢᠶ᠎ᠡ
ᠭᠤᠷᠪᠠᠨ ᠪᠠᠶᠠᠰᠬᠤᠯᠠᠩ
ᠡᠴᠢᠭᠡ ᠡᠬᠡ ᠶ᠋ᠢᠨ ᠰᠤᠷᠭᠠᠯ ᠢ ᠠᠪᠤᠪᠠᠰᠤ ᠪᠠᠶᠠᠰᠬᠤᠯᠠᠩ
ᠡᠷᠳᠡᠨᠢ ᠡᠳ᠋ ᠪᠠᠶᠠᠯᠢᠬ ᠭᠠᠳᠠᠨ᠎ᠠ ᠣᠯᠪᠠᠰᠤ ᠪᠠᠶᠠᠰᠬᠤᠯᠠᠩ
ᠡᠷᠳᠡᠮ ᠨᠣᠮ ᠲᠠᠢ ᠬᠥᠮᠦᠨ ᠯᠤᠭᠡ ᠲᠠᠨᠢᠯᠴᠠᠪᠠᠰᠤ ᠪᠠᠶᠠᠰᠬᠤᠯᠠᠩ
ᠭᠤᠷᠪᠠᠨ ᠲᠡᠨᠡᠭ
ᠡᠴᠢᠭᠡ ᠡᠬᠡ ᠪᠡᠨ ᠦᠯᠦ ᠲᠣᠭᠣᠬᠤ ᠬᠥᠪᠡᠭᠦᠨ ᠲᠡᠨᠡᠭ
ᠡᠷᠳᠡᠮ ᠦᠭᠡᠢ ᠬᠡᠮᠡᠨ ᠪᠠᠭᠰᠢ ᠪᠠᠨ ᠦᠯᠦ ᠲᠣᠭᠣᠬᠤ ᠱᠠᠪᠢ ᠲᠡᠨᠡᠭ
ᠡᠶ᠎ᠡ ᠦᠭᠡᠢ ᠭᠡᠮᠡᠨ ᠡᠷ᠎ᠡ ᠪᠡᠨ ᠦᠯᠦ ᠲᠣᠭᠣᠬᠤ ᠡᠮ᠎ᠡ ᠲᠡᠨᠡᠭ
ᠭᠤᠷᠪᠠᠨ ᠦᠯᠦ ᠲᠣᠭᠠᠴᠠᠬᠤ
ᠡᠭᠦᠯᠡ ᠲᠡᠢ ᠡᠳᠦᠷ ᠢ ᠡᠳᠦᠷ ᠢᠶ᠋ᠡᠷ ᠦᠯᠦ ᠲᠣᠭᠠᠴᠠᠬᠤ
ᠡᠮ᠎ᠡ ᠡᠴᠡ ᠪᠡᠨ ᠠᠶᠤᠬᠤ ᠡᠷ᠎ᠡ ᠶ᠋ᠢ ᠡᠷ᠎ᠡ ᠳ᠋ᠤᠷ ᠦᠯᠦ ᠲᠣᠭᠠᠴᠠᠬᠤ
ᠡᠷᠳᠡᠮ ᠦᠭᠡᠢ ᠬᠥᠮᠦᠨ ᠢ ᠰᠡᠴᠡᠨ ᠳ᠋ᠤᠷ ᠦᠯᠦ ᠲᠣᠭᠠᠴᠠᠬᠤ
ᠭᠤᠷᠪᠠᠨ ᠬᠢᠴᠢᠶᠡ
ᠡᠪᠡᠳᠴᠢᠨ ᠬᠦᠷᠲᠡᠬᠦᠢ ᠶ᠋ᠢᠨ ᠤᠷᠢᠳᠠ ᠪᠤᠶᠠᠨ ᠨᠣᠮ ᠢ ᠬᠢᠴᠢᠶᠡ
ᠥᠲᠡᠯᠬᠦᠢ ᠶ᠋ᠢᠨ ᠤᠷᠢᠳᠠ ᠵᠠᠯᠠᠭᠤ ᠴᠠᠭ ᠲᠤ ᠡᠷᠳᠡᠮ ᠢ ᠬᠢᠴᠢᠶᠡ
ᠦᠭᠡᠭᠦᠷᠡᠬᠦᠢ ᠶ᠋ᠢᠨ ᠤᠷᠢᠳᠠ ᠪᠠᠶᠠᠨ ᠦᠶ᠎ᠡ ᠳᠦ ᠥᠭᠯᠢᠭᠡ ᠶ᠋ᠢ ᠬᠢᠴᠢᠶᠡ
ᠭᠤᠷᠪᠠᠨ ᠬᠤᠷᠴᠠ
ᠡᠭᠦᠯᠡ ᠡᠴᠡ ᠭᠠᠷᠤᠭᠰᠠᠨ ᠨᠠᠷᠠ ᠨᠢᠭᠡ ᠬᠤᠷᠴᠠ
ᠡᠪᠦᠯ ᠦᠨ ᠣᠷᠣᠭᠰᠠᠨ ᠴᠠᠰᠤ ᠨᠢᠭᠡ ᠬᠤᠷᠴᠠ
ᠥᠭᠡᠳᠡᠩ ᠬᠤᠸᠠᠷ ᠤᠨ ᠦᠩᠭᠡ ᠨᠢᠭᠡ ᠬᠤᠷᠴᠠ
ᠭᠤᠷᠪᠠᠨ ᠬᠤᠷᠴᠠ
ᠡᠷᠲᠡ ᠶ᠋ᠢᠨ ᠨᠠᠷᠠᠨ ᠤ ᠭᠡᠷᠡᠯ ᠨᠢᠭᠡ ᠬᠤᠷᠴᠠ
ᠡᠷ᠎ᠡ ᠮᠣᠷᠢᠨ ᠤ ᠬᠥᠯ ᠨᠢᠭᠡ ᠬᠤᠷᠴᠠ
ᠡᠷᠳᠡᠮᠲᠡᠨ ᠮᠡᠷᠭᠡᠳ ᠦᠨ ᠲᠠᠷᠢᠬᠢ ᠨᠢᠭᠡ ᠬᠤᠷᠴᠠ
ᠭᠤᠷᠪᠠᠨ ᠪᠤᠶᠠᠨ
ᠡᠪᠡᠳᠴᠦ ᠵᠣᠪᠠᠭᠰᠠᠨ ᠢ ᠡᠨᠡᠷᠢᠪᠡᠯ ᠨᠢᠭᠡ ᠪᠤᠶᠠᠨ
ᠥᠨᠥᠴᠢᠨ ᠪᠡᠯᠪᠡᠰᠦᠨ ᠢ ᠲᠡᠳᠬᠦᠪᠡᠯ ᠨᠢᠭᠡ ᠪᠤᠶᠠᠨ
ᠦᠭᠡᠭᠦᠦ ᠶᠠᠳᠠᠭᠤ ᠶ᠋ᠢ ᠲᠤᠰᠠᠯᠠᠪᠠᠯ ᠨᠢᠭᠡ ᠪᠤᠶᠠᠨ
ᠭᠤᠷᠪᠠᠨ ᠰᠠᠶ᠋ᠢᠬᠠᠨ
ᠡᠷᠭᠢᠵᠦ ᠪᠠᠭᠤᠬᠤ ᠳᠤ ᠨᠤᠲᠤᠭ ᠨᠢᠭᠡ ᠰᠠᠶ᠋ᠢᠬᠠᠨ
ᠡᠷᠭᠢᠭᠦᠯᠵᠦ ᠮᠥᠯᠵᠢᠬᠦ ᠳᠦ ᠬᠦᠵᠦᠭᠦᠦ ᠨᠢᠭᠡ ᠰᠠᠶ᠋ᠢᠬᠠᠨ
ᠡᠷᠬᠡᠯᠡᠵᠦ ᠠᠭᠠᠰᠢᠯᠠᠬᠤ ᠳᠤ ᠦᠷ᠎ᠡ ᠨᠢᠭᠡ ᠰᠠᠶ᠋ᠢᠬᠠᠨ
ᠦᠰᠦᠭ ᠠᠮᠢᠯᠠᠭᠤᠯᠤᠭᠴᠢ ᠄ ᠣᠶᠤᠨᠲᠤᠨᠠᠯ ᠂ ᠳ᠋ᠦ᠋ᠩ ᠹᠧᠩ ᠂ ᠮᠢᠩᠭᠠᠳ ᠴᠢᠮᠡᠭ ᠂ ᠬᠠᠲᠠᠴᠢ ᠤᠷᠠᠨ᠎ᠠ
ᠬᠢᠨᠠᠭᠴᠢ ᠄ ᠮᠢᠩᠭᠠᠳ ᠴᠢᠮᠡᠭ ᠂ ᠬᠠᠷᠠᠨᠤᠳ ᠲᠤᠶᠠᠭ᠎ᠠ
