ᠣᠳᠣᠨ ᠴᠢᠨᠦ ᠳᠡᠭᠡᠷ᠎ᠡ- ᠶᠣ · ᠡᠷᠳᠡᠨᠢᠲᠣᠭᠲᠠᠬᠤОдон чиний дээр-ё · эрдэнэтогтох
ᠣᠳᠣᠨ ᠴᠢᠨᠦ ᠳᠡᠭᠡᠷ᠎ᠡ
ᠶᠣ · ᠡᠷᠳᠡᠨᠢᠲᠣᠭᠲᠠᠬᠤ
ᠣᠭᠲᠠᠷᠭᠤᠢ ᠶ᠋ᠢᠨ ᠮᠠᠨᠳᠠᠯ ᠳ᠋ᠤ᠌ ᠪᠡᠯᠴᠢᠭᠡᠷ ᠲᠡᠢ
ᠣᠳᠣᠨ ᠮᠡᠴᠢᠳ ᠢᠷᠠᠶ᠋ᠢᠨᠠ
ᠣᠳᠣᠨ ᠴᠢᠨᠦ
ᠳᠡᠭᠡᠷ᠎ᠡ
ᠣᠨᠴᠠᠭᠠᠢ ᠶᠠᠭᠤ ᠪᠠᠶ᠋ᠢᠬ᠋᠎ᠠ ᠪᠣᠢ ?
ᠮᠣᠩᠭᠣᠯ ᠨᠤᠲᠤᠭ ᠲᠠᠢ ᠮᠢᠨᠢ ᠠᠳᠠᠯᠢᠬᠠᠨ
ᠲᠡᠨᠢᠭᠡᠷ ᠲᠠᠯ᠎ᠠ ᠪᠠᠶ᠋ᠢᠲᠠᠭ ᠤᠤ ?
ᠮᠣᠩᠭᠣᠯ ᠭᠡᠷ ᠲᠡᠢ ᠮᠢᠨᠢ ᠢᠵᠢᠯᠢᠭᠡᠨ
ᠲᠡᠷᠭᠡᠯ ᠥᠷᠥᠭᠡ ᠪᠠᠶ᠋ᠢᠲᠠᠭ ᠤᠤ ?
ᠮᠣᠩᠭᠣᠯ ᠤᠨ ᠢᠳᠡᠷᠬᠡᠭ ᠦᠷᠡᠰ ᠰᠢᠭ
ᠠᠷᠤᠤᠬᠠᠨ ᠪᠠᠭᠠᠲᠤᠷ ᠪᠠᠶ᠋ᠢᠲᠠᠭ ᠤᠤ
ᠮᠣᠩᠭᠣᠯ ᠤᠨ ᠬᠤᠷᠳᠤᠨ ᠠᠭᠲᠠ ᠰᠢᠭ᠋
ᠠᠵᠢᠨᠠᠢ ᠬᠦᠯᠦᠭ ᠪᠠᠶ᠋ᠢᠲᠠᠭ ᠤᠤ ?
ᠣᠭᠲᠠᠷᠭᠤᠢ ᠶ᠋ᠢᠨ ᠮᠠᠨᠳᠠᠯ ᠳ᠋ᠤ᠌ ᠪᠡᠯᠴᠢᠭᠡᠷ ᠲᠡᠢ
ᠣᠳᠣᠨ ᠮᠡᠴᠢᠳ ᠢᠷᠠᠶ᠋ᠢᠨᠠ
ᠣᠳᠣᠨ ᠴᠢᠨᠦ ᠳᠡᠭᠡᠷ᠎ᠡ ᠣᠨᠴᠠᠭᠠᠢ ᠶᠠᠭᠤ ᠪᠠᠶ᠋ᠢᠬ᠋᠎ᠠ ᠪᠣᠢ ?
ᠬᠠᠯᠠᠭᠤᠨ ᠵᠤᠨ ᠤ ᠬᠤᠷ᠎ᠠ
ᠲᠠᠨ ᠤ᠋ ᠲᠡᠨᠳᠡ ᠵᠦᠰᠡᠷᠡᠳᠡᠭ ᠦᠦ ?
ᠬᠠᠬᠢᠷ ᠡᠪᠦᠯ ᠦ᠋ᠨ ᠴᠠᠰᠤ
ᠲᠠᠨ ᠤ᠋ ᠲᠡᠨᠳᠡ ᠯᠠᠪᠰᠠᠯᠠᠳᠠᠭ ᠦᠦ?
ᠨᠠᠷᠠᠨ ᠰᠠᠷᠠᠨ ᠤ᠋ ᠭᠡᠷᠡᠯ
ᠲᠠᠨ ᠤ ᠪᠡᠶ᠎ᠡ
ᠳᠡᠭᠡᠷ᠎ᠡ ᠲᠣᠰᠳᠠᠭ ᠤᠤ ?
ᠨᠠᠪᠴᠢ ᠴᠡᠴᠡᠭ ᠤᠨ ᠵᠦᠢᠯ
ᠲᠠᠨ ᠤ᠋ ᠬᠥᠷᠥᠰᠥᠨ ᠳ᠋ᠦ᠍ ᠤᠷᠭᠤᠳᠠᠭ ᠤᠤ ?
ᠣᠭᠲᠠᠷᠭᠤᠢ ᠶ᠋ᠢᠨ ᠮᠠᠨᠳᠠᠯ ᠳ᠋ᠤ᠌ ᠪᠡᠯᠴᠢᠭᠡᠷ ᠲᠡᠢ
ᠣᠳᠣᠨ ᠮᠡᠴᠢᠳ ᠢᠷᠠᠶ᠋ᠢᠨᠠ
ᠣᠳᠣᠨ ᠴᠢᠨᠦ
ᠳᠡᠭᠡᠷ᠎ᠡ
ᠣᠨᠴᠠᠭᠠᠢ ᠶᠠᠭᠤ ᠪᠠᠶ᠋ᠢᠬ᠋᠎ᠠ ᠪᠣᠢ ?
ᠡᠷᠡᠯᠬᠡᠭ ᠵᠣᠷᠢᠭ ᠢ᠋ ᠡᠪᠦᠷᠯᠡᠭᠡ
ᠡᠷ᠎ᠡ ᠶ᠋ᠢᠨ ᠰᠠᠢᠨ ᠬᠦᠦ ᠪᠢ
ᠡᠷᠳᠡᠮ ᠭᠡᠳᠡᠭ
ᠬᠦᠯᠦᠭ ᠢ᠋
ᠡᠮᠡᠭᠡᠯᠯᠡᠵᠦ ᠤᠨᠤᠭᠰᠠᠨ
ᠴᠠᠭ ᠲᠤ᠌
ᠰᠠᠨᠰᠠᠷ ᠤ᠋ᠨ ᠵᠠᠮ ᠢᠶᠠᠷ ᠨᠢᠰᠦᠭᠰᠡᠭᠡᠷ
ᠰᠠᠭᠠᠬᠠᠯᠲᠠ ᠲᠠᠨ ᠤ ᠬᠢ ᠪᠡᠷ ᠬᠦᠷᠦᠨ᠎ᠡ ᠳᠡ !
ᠳᠡᠭᠡᠷ᠎ᠡ ᠴᠢᠨᠢ ᠪᠠᠶ᠋ᠢᠬ᠋᠎ᠠ ᠨᠢᠭᠤᠴᠠ ᠶ᠋ᠢ
ᠳᠡᠯᠡᠬᠡᠢ ᠳᠠᠬᠢᠨ ᠳ᠋ᠤ᠌ ᠰᠣᠨᠣᠰᠬᠠᠨ᠎ᠠ ᠳᠠ !
ᠦᠰᠦᠭ ᠠᠮᠢᠯᠠᠭᠤᠯᠤᠭᠴᠢ
᠄ ᠲᠤᠶᠠᠭ᠎ᠠ
ᠬᠢᠨᠠᠭᠴᠢ ᠄ ᠣᠳᠬᠠᠨᠰᠣ᠎ᠠ
