ᠡᠷᠳᠡᠨᠢ ᠲᠤᠨᠤᠮᠠᠯ ᠨᠡᠷᠡᠲᠦ ᠰᠤᠳᠤᠷ ᠣᠷᠣᠰᠢᠪᠠ -  3 Эрдэнэ тунамал нэрт судар оршив - 3 ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠷᠳᠡᠨᠢ ᠲᠤᠨᠤᠮᠠᠯ ᠨᠡᠷᠡᠲᠦ ᠰᠤᠳᠤᠷ ᠣᠷᠣᠰᠢᠪᠠ -  3 Эрдэнэ тунамал нэрт судар оршив - 3

ᠡᠷᠳᠡᠨᠢ ᠲᠤᠨᠤᠮᠠᠯ ᠨᠡᠷᠡᠲᠦ ᠰᠤᠳᠤᠷ ᠣᠷᠣᠰᠢᠪᠠ -  3 Эрдэнэ тунамал нэрт судар оршив - 3

ᠠᠩᠭᠢᠯᠠᠯ:ᠲᠡᠦᠬᠡ ᠰᠣᠶᠣᠯ
2023-05-12

320

ᠡᠷᠳᠡᠨᠢ ᠲᠤᠨᠤᠮᠠᠯ ᠨᠡᠷᠡᠲᠦ ᠰᠤᠳᠤᠷ ᠣᠷᠣᠰᠢᠪᠠ -  3


       ᠲᠩᠷᠢ᠎ᠡᠴᠡ ᠵᠥᠪᠰᠢᠶᠡᠨ ᠰᠣᠶᠣᠷᠬᠠᠵᠤ ᠪᠡᠯᠡᠭ ᠵᠣᠬᠢᠶᠠᠭᠠᠳ 
       ᠲᠡᠮᠡᠴᠡᠯᠳᠦᠭᠴᠢ ᠳᠠᠢᠰᠤᠨ ᠢ᠋ ᠲᠦᠷᠢᠳᠭᠡᠯ ᠦᠭᠡᠢ ᠳᠠᠷᠤᠵᠤ 
       ᠶᠡᠬᠡ ᠤᠯᠤᠰ ᠪᠠᠶᠠᠰᠬᠤᠯᠠᠩ ᠲᠠᠨ ᠪᠣᠯᠵᠤ 
       ᠲᠡᠨᠳᠡᠴᠡ ᠡᠩᠬᠡ ᠠᠮᠤᠭᠤᠯᠠᠩ ᠬᠠᠷᠢᠵᠤ ᠪᠠᠭᠤᠭᠰᠠᠨ ᠤ᠋ ᠬᠣᠢᠨ᠎ᠠ  
       ᠬᠠᠨ ᠰᠤᠤᠲᠤ ᠴᠠᠭᠠᠨ ᠭᠡᠷ ᠦ᠋ᠨ ᠡᠮᠦᠨ᠎ᠡ ᠵᠢᠷᠭᠤᠭᠠᠨ ᠲᠦᠮᠡᠨ ᠴᠢᠭᠤᠯᠤᠭᠠᠳ ᠂ 
       ᠬᠠᠷᠠ ᠮᠣᠳᠣᠨ ᠤ᠋ ᠳᠡᠷᠭᠡᠳᠡ ᠪᠣᠯᠭᠠᠨ ᠬᠤᠲᠤᠭ ᠲᠤᠷ ᠮᠥᠷᠭᠥᠵᠦ ᠡᠵᠡᠨ ᠦ᠌ ᠡᠮᠦᠨ᠎ᠡ᠎ᠡᠴᠡ ᠂ 
       ᠬᠠᠮᠤᠭ ᠶᠡᠬᠡ ᠤᠯᠤᠰ ᠪᠣᠳᠢ ᠬᠠᠭᠠᠨ ᠳ᠋ᠤᠷ ᠬᠦᠳᠡᠩ ① ᠬᠠᠭᠠᠨ ᠴᠣᠯᠠ ᠥᠭᠪᠡ ᠂  
— — — — 
① 《 ᠡᠷᠳᠡᠨᠢ ᠶ᠋ᠢᠨ ᠲᠣᠪᠴᠢ  》 ᠵᠡᠷᠭᠡ ᠪᠢᠴᠢᠭ ᠲᠦ᠍ ᠪᠣᠳᠢ ᠠᠯᠠᠭ ᠬᠠᠭᠠᠨ ᠢ᠋ ᠠᠯᠠᠭ ᠬᠠᠭᠠᠨ ᠭᠡᠬᠦ ᠴᠣᠯᠠ ᠲᠠᠢ ᠭᠡᠰᠡᠨ ᠪᠥᠭᠡᠳ ᠬᠦᠳᠡᠩ ᠬᠠᠭᠠᠨ ᠭᠡᠵᠦ ᠪᠣᠳᠢ ᠬᠠᠭᠠᠨ ᠤ᠋ ᠬᠥᠪᠡᠭᠦᠨ ᠳᠠᠷᠠᠢᠰᠤᠨ ᠬᠠᠭᠠᠨ ᠤ᠋ ᠴᠣᠯᠠ ᠭᠡᠵᠡᠢ ᠃ 

       ᠭᠠᠢᠬᠠᠮᠰᠢᠭ ᠮᠡᠷᠭᠡᠨ ᠬᠠᠷᠠ① ᠶ᠋ᠢ ᠲᠥᠷᠥ ᠶ᠋ᠢᠨ ᠰᠢᠲᠦᠭᠡᠨ ᠪᠣᠯᠪᠠ ᠬᠡᠮᠡᠵᠦ ᠮᠡᠷᠭᠡᠨ ᠵᠢᠨᠦᠩ ᠴᠣᠯᠠ ᠥᠭᠪᠡ ᠃② 
       ᠠᠲᠠᠭ᠎ᠠ ᠲᠠᠨ ᠳᠠᠢᠰᠤᠨ ᠢ᠋ ᠮᠠᠰᠢᠳᠠ ᠳᠣᠷᠣᠢᠲᠠᠭᠤᠯᠤᠭᠴᠢ ᠂ ᠠᠬ᠎ᠠ ᠶᠡᠬᠡᠰ ᠢ᠋ᠶ᠋ᠡᠨ ᠡᠶᠡᠪᠡᠷ ᠨᠡᠢᠯᠡᠭᠦᠯ ᠦ᠋ᠨ ᠶᠠᠪᠤᠭᠴᠢ ᠂ 
       ᠠᠰᠤᠷᠤ ᠮᠠᠰᠢ ᠲᠥᠷᠥ ᠶ᠋ᠢᠨ ᠰᠢᠲᠦᠭᠡᠨ ᠪᠣᠯᠪᠠ ᠬᠡᠮᠡᠵᠦ ᠂ 
       ᠠᠯᠲᠠᠨ ᠬᠠᠭᠠᠨ ᠳ᠋ᠤᠷ ᠰᠣᠳᠣ ③  ᠴᠣᠯᠠ ᠰᠣᠶᠣᠷᠬᠠᠪᠠᠢ ᠃   
— — — — 
① 《ᠰᠢᠷ᠎ᠠ ᠲᠣᠭᠣᠵᠢ 》 ᠳ᠋ᠤ᠌ ᠬᠦᠮᠡᠯᠢ ᠮᠡᠷᠭᠡᠨ ᠬᠠᠷᠠ ᠭᠡᠰᠡᠨ ᠪᠥᠭᠡᠳ ᠭᠦᠨ ᠪᠢᠯᠢᠭ ᠮᠡᠷᠭᠡᠨ ᠵᠢᠨᠦᠩ ᠦ᠋ᠨ ᠥᠭᠡᠷ᠎ᠡ ᠨᠡᠷ᠎ᠡ ᠭᠡᠵᠡᠢ ᠃ 
② 《 ᠡᠷᠳᠡᠨᠢ ᠶ᠋ᠢᠨ ᠲᠣᠪᠴᠢ 》 ᠳ᠋ᠤ᠌ ᠭᠦᠨ ᠪᠢᠯᠢᠭ ᠮᠡᠷᠭᠡᠨ ᠵᠢᠨᠦᠩ ᠬᠣᠷᠢᠨ ᠳᠣᠯᠣᠭᠠᠨ ᠨᠠᠰᠤᠨ ᠳ᠋ᠠᠭᠠᠨ ᠬᠠᠷ᠎ᠠ ᠯᠤᠤ ᠵᠢᠯ ( ᠵᠢᠶᠠ ᠵᠢᠩ ᠦ᠋ᠨ ᠠᠷᠪᠠᠨ ᠨᠢᠭᠡᠳᠦᠭᠡᠷ ᠣᠨ1532 ᠣᠨ ) ᠵᠢᠨᠦᠩ ᠰᠠᠭᠤᠵᠠᠢ ᠭᠡᠪᠡ ᠃ 
③ 《 ᠡᠷᠳᠡᠨᠢ ᠶ᠋ᠢᠨ ᠲᠣᠪᠴᠢ 》 ᠳ᠋ᠤ᠌ ᠲᠡᠮᠳᠡᠭᠡᠯᠡᠭᠰᠡᠨ ᠨᠢ ᠠᠯᠲᠠᠨ ᠬᠠᠭᠠᠨ ᠳ᠋ᠤ᠌ ᠰᠣᠳᠣ ᠬᠠᠭᠠᠨ ᠴᠣᠯᠠ ᠶ᠋ᠢ ᠲᠠᠷᠠᠢᠰᠤᠨ ᠬᠦᠳᠡᠩ ᠬᠠᠭᠠᠨ ᠦᠭᠭᠦᠭᠰᠡᠨ ᠭᠡᠳᠡᠭ ᠃ ᠲᠠᠷᠠᠢᠰᠤᠨ ᠬᠠᠭᠠᠨ ᠶᠡᠬᠡ ᠣᠷᠣ ᠰᠠᠭᠤᠭᠰᠠᠨ ᠨᠢ  ᠰᠢᠷ᠎ᠠ ᠪᠡᠴᠢᠨ ᠵᠢᠯ ᠦ᠋ᠨ ( ᠵᠢᠶᠠ ᠵᠢᠩ ᠦ᠋ᠨ ᠬᠣᠷᠢᠨ ᠳᠣᠯᠣᠳᠤᠭᠠᠷ ᠣᠨ ᠂ 1548 ᠣᠨ ) ᠪᠣᠯᠤᠨ᠎ᠠ ᠃ ᠡᠨᠡ ᠦᠶ᠎ᠡ ᠳ᠋ᠦ᠍ ᠂ ᠮᠡᠷᠭᠡᠨ ᠵᠢᠨᠦᠩ ᠪᠠ ᠠᠯᠲᠠᠨ ᠬᠠᠭᠠᠨ ᠢ᠋ᠶ᠋ᠠᠷ ᠲᠥᠯᠥᠭᠡᠯᠡᠭᠦᠯᠦᠭᠰᠡᠨ ᠪᠠᠷᠠᠭᠤᠨ ᠭᠠᠷᠤᠨ ᠬᠦᠴᠦᠨ ᠡᠳᠦᠷ ᠢᠷᠡᠬᠦᠶ᠎ᠡ ᠠᠢᠬᠤᠪᠲᠤᠷ ᠪᠣᠯᠵᠤ ᠂ ᠲᠡᠳᠡᠨᠡᠷ ᠳᠠᠷᠠᠶ᠋ᠢᠰᠤᠨ ᠬᠠᠭᠠᠨ ᠤ᠋ ᠵᠠᠷᠯᠢᠭ ᠵᠠᠬᠢᠶ᠎ᠠ ᠳ᠋ᠤ᠌ ᠬᠢᠵᠠᠭᠠᠷᠯᠠᠭᠳᠠᠬᠤ ᠦᠭᠡᠢ ᠪᠡᠷ ᠦᠯᠦ ᠪᠠᠷᠠᠮ ᠵᠡᠭᠦᠨ ᠭᠠᠷ ᠳᠠᠰᠢ ᠥᠪᠡᠷ ᠦ᠋ᠨ ᠬᠦᠴᠦᠨ ᠢ᠋ᠶ᠋ᠡᠨ ᠥᠷᠭᠡᠳᠬᠡᠨ  ᠬᠥᠭᠵᠢᠭᠦᠯᠦᠭᠰᠡᠭᠡᠷ ᠪᠠᠶ᠋ᠢᠵᠠᠢ ᠃ᠳᠠᠷᠠᠶ᠋ᠢᠰᠤᠨ ᠬᠠᠭᠠᠨ ᠪᠠᠷᠠᠭᠤᠨ ᠭᠠᠷᠤᠨ ᠰᠦᠷᠳᠡᠭᠦᠯᠦᠯ ᠡᠴᠡ ᠵᠠᠶ᠋ᠢᠯᠠᠬᠤ ᠶ᠋ᠢᠨ ᠲᠥᠯᠥᠭᠡ ᠠᠷᠭ᠎ᠠ ᠪᠤᠰᠤ ᠵᠡᠭᠦᠨᠰᠢ ᠨᠡᠭᠦᠳᠡᠯᠯᠡᠨ ᠯᠤᠤᠬ᠎ᠠ ᠵᠠ ᠭᠣᠣᠯ ᠤ᠋ᠨ ᠳᠡᠭᠡᠳᠦ ᠤᠷᠤᠰᠬᠠᠯ ᠰᠢᠷᠠᠮᠥ᠋ᠷᠡᠨ ᠦ᠌ ᠰᠠᠪᠠ ᠭᠠᠵᠠᠷ ᠲᠤ᠌ ᠬᠦᠷᠴᠡᠢ ᠃ ᠡᠨᠡ ᠬᠦ᠌ ᠪᠠᠶ᠋ᠢᠲᠠᠯ ᠠ᠋ᠴᠠ ᠦᠵᠡᠬᠦ ᠳ᠋ᠦ᠍ ᠳᠠᠷᠠᠶ᠋ᠢᠰᠤᠨ ᠬᠦᠳᠡᠩ ᠬᠠᠭᠠᠨ ᠠ᠋ᠴᠠ ᠠᠯᠲᠠᠨ ᠬᠠᠭᠠᠨ ᠳ᠋ᠤ᠌ ᠬᠠᠨ ᠴᠣᠯᠠ ᠣᠯᠭᠣᠬᠤ ᠪᠣᠯᠤᠯᠴᠠᠭ᠎ᠠ ᠳᠡᠮᠡᠢ ᠶᠡᠬᠡ ᠦᠭᠡᠢ ᠮᠡᠲᠦ ᠃ 

       ᠥᠰᠢᠶᠡᠲᠡᠨ ᠳᠠᠢᠰᠤᠨ ᠢ᠋  ᠳᠣᠷᠣᠢᠲᠠᠭᠤᠯᠤᠭ᠍ᠰᠠᠨ ᠤ᠋ ᠬᠣᠢᠨ᠎ᠠ ᠂
       ᠦᠯᠡᠮᠵᠢᠳᠡ ᠡᠵᠡᠨ ᠪᠤᠭ᠍ᠳᠠ ᠠ᠋ᠴᠠ ᠨᠣᠶᠠᠳ ᠠᠮᠢᠨ ᠢ᠋ᠶ᠋ᠠᠨ ᠭᠤᠶᠤᠭᠠᠳ ᠂  
       ᠥᠪᠡᠷ᠎ᠡ ᠵᠠᠭᠤᠷ᠎ᠠ ᠨᠡᠷ᠎ᠡ ᠴᠣᠯᠠ ᠦᠬᠦᠯᠴᠡᠵᠦ ᠨᠠᠢᠷᠠᠯᠳᠤᠭᠠᠳ ᠂  
       ᠤᠯᠠᠮ ᠪᠠᠰᠠ ᠳᠠᠪᠲᠠᠨ ᠡᠶ᠎ᠡ ᠪᠡᠨ ᠨᠢᠭᠡᠳᠦᠯᠴᠡᠵᠦ ᠲᠠᠷᠬᠠᠭᠰᠠᠨ ᠪᠥᠯᠥᠭᠡ ᠃ 
       ᠲᠡᠭᠦᠨᠦ ᠬᠣᠢᠨ᠎ᠠ ᠠᠯᠲᠠᠨ ᠬᠠᠭᠠᠨ ᠬᠢᠲᠠᠳ ᠲᠤᠷ ᠠᠶᠠᠯᠠᠵᠤ ᠂  
       ᠳᠠᠷᠬᠠᠨ ᠬᠣᠲᠠ ᠶ᠋ᠢ ᠡᠭᠡᠷᠡᠵᠦ ᠪᠠᠢᠬᠤ ᠴᠠᠭ ᠲᠤᠷ ᠂  
       ᠳᠠᠢᠯᠠᠯᠳᠤᠨ ᠢᠷᠡᠭᠰᠡᠨ ᠴᠡᠷᠢᠭ ᠢ᠋ ᠢᠨᠦ ᠲᠣᠪᠷᠠᠭ ᠪᠣᠯᠭᠠᠭᠠᠳ ᠂  
       ᠲᠠᠯᠬ᠎ᠠ ᠣᠯᠵᠠ ᠡᠩ ᠦᠭᠡᠢ ᠠᠪᠤᠭᠠᠳ ᠡᠰᠡᠨ ᠲᠦᠭᠡᠯ ᠪᠠᠭᠤᠵᠤᠬᠤᠢ ᠃ 
       ᠴᠠᠭᠠᠨ ᠦᠬᠡᠷ ᠵᠢᠯᠡ ① ᠮᠡᠷᠭᠡᠨ ᠵᠢᠨᠦᠩ ᠂ ᠠᠯᠲᠠᠨ ᠬᠠᠭᠠᠨ ᠬᠣᠶᠠᠭᠤᠯᠠ ᠂  
       ᠴᠠᠭᠠᠴᠢᠯᠠᠵᠤ ᠶᠡᠬᠡ ᠤᠯᠤᠰ ᠢ᠋ᠶ᠋ᠠᠨ ᠠᠪᠤᠭᠠᠳ ᠨᠠᠩᠭᠢᠶᠠᠳ ᠲᠤᠷ ᠠᠶᠠᠯᠠᠵᠤ ᠂  
       ᠴᠠᠭᠠᠨ ᠬᠡᠷᠡᠮ ᠡᠴᠡ ᠬᠡᠲᠦᠷᠡᠬᠡᠢ ᠣᠲᠣᠭᠠᠳ ᠠᠪᠠᠭ᠎ᠠ ᠬᠣᠲᠠ ᠶ᠋ᠢ ᠡᠬᠢᠯᠡᠵᠦ ᠂  
       ᠴᠠᠭᠯᠠᠰᠢ ᠦᠭᠡᠢ ᠣᠯᠵᠠ ᠲᠠᠯᠬ᠎ᠠ ᠣᠯᠠᠨ ᠠᠪᠤᠭᠠᠳ ᠪᠠᠭᠤᠭᠰᠠᠨ ᠠᠵᠤᠭᠤ ᠃ 
— — — — 
①ᠴᠠᠭᠠᠨ ᠡᠮ᠎ᠡ ᠦᠬᠡᠷ ᠵᠢᠯ ᠂ ᠵᠢᠶᠠ ᠵᠢᠩ ᠦ᠋ᠨ ᠬᠣᠷᠢᠳᠤᠭᠠᠷ ᠣᠨ ( 1541 ᠣᠨ ) ᠃ 

       ᠤᠢᠳᠬᠠᠷ ᠦᠭᠡᠢ ᠵᠣᠷᠢᠭ᠍ᠲᠤ ᠠᠯᠲᠠᠨ ᠬᠠᠭᠠᠨ ᠴᠠᠭᠠᠨ ᠦᠬᠡᠷ ᠵᠢᠯ ᠳ᠋ᠦ᠍ᠷ ᠪᠠᠰᠠ ᠬᠦ᠌ ᠂ 
       ᠦᠯᠡᠭᠰᠡᠨ ᠣᠷᠢᠶᠠᠩᠬᠠᠨ ᠳ᠋ᠤᠷ ᠠᠶᠠᠯᠠᠵᠤ ᠮᠣᠷᠢᠯᠠᠭᠠᠳ ᠂  
       ᠣᠩᠭᠣᠴᠠ ᠨᠡᠷᠡᠲᠦ ᠬᠥᠮᠦᠨ ᠢ᠋ ᠲᠡᠷᠢᠭᠦᠯᠡᠨ ᠪᠥᠯᠥᠭᠡ ᠢᠷᠭᠡᠨ ᠢ᠋ ᠣᠷᠣᠭᠤᠯᠤᠭᠠᠳ   
       ᠤᠳᠠᠯ ᠦᠭᠡᠢ ᠡᠩᠬᠡ ᠠᠮᠤᠭᠤᠯᠠᠩ ᠤᠷᠲᠤ ᠳ᠋ᠠᠭᠠᠨ ᠬᠠᠷᠢᠵᠤ ᠪᠠᠭᠤᠪᠠᠢ ᠃  
       ᠬᠠᠳᠠᠭᠤᠢ ᠵᠢᠷᠦᠬᠡᠲᠦ ᠮᠡᠷᠭᠡᠨ ᠵᠢᠨᠦᠩ ᠴᠠᠭᠠᠨ ᠦᠬᠡᠷ ᠵᠢᠯ᠎ᠡ ᠂  
       ᠬᠠᠷᠢᠲᠠᠨ ᠨᠠᠩᠭᠢᠶᠠᠳ ᠤ᠋ᠨ ᠯᠠᠩᠬᠢᠨᠪ ᠬᠣᠲᠠ  ① ᠶ᠋ᠢ ᠳᠠᠭᠤᠯᠢᠭᠠᠳ ᠪᠠᠭᠤᠵᠤ ᠂  
       ᠬᠠᠷᠠ ᠪᠠᠷᠰ ᠵᠢᠯ᠎ᠡ②ᠭᠤᠴᠢᠨ ᠳᠣᠯᠣᠭᠠᠨ ᠨᠠᠰᠤᠨ ᠳᠦᠷᠢᠶᠡᠨ ᠂  
       ᠬᠠᠨ ᠲᠩᠷᠢ ᠶ᠋ᠢᠨ ᠵᠠᠶᠠᠭᠠᠪᠡᠷ ᠲᠥᠷᠥᠯ ᠤᠯᠠᠷᠢᠭᠰᠠᠨ③ᠢᠨᠦ ᠲᠡᠢᠮᠦ  ᠪᠥᠯᠥᠭᠡ ᠃ 
— — — — 
① 《 ᠮᠢᠩ ᠱᠢ 》 (明史 ) ᠪᠢᠴᠢᠭ ᠲᠡᠬᠢ ᠱ‍ᠢᠽᠦᠢ᠍ᠩ ᠬᠠᠭᠠᠨ ᠤ᠋  ᠴᠠᠳᠢᠭ ᠳᠠᠬᠢ ᠬᠣᠷᠢᠳᠤᠭᠠᠷ ᠣᠨ (1541 ) ᠦ᠌ ᠲᠡᠮᠳᠡᠭᠯᠡᠯ ᠢ᠋ ᠦᠨᠳᠦᠰᠦᠯᠡᠪᠡᠯ 《 ᠡᠨᠡ ᠬᠠᠪᠤᠷ᠎ᠠ ᠵᠢᠨᠦᠩ ᠢ᠋ᠶ᠋ᠡᠷ ᠯᠠᠨᠵᠧᠦ ( 兰州 ) ᠶ᠋ᠢ ᠳᠡᠭᠡᠷᠡᠮᠳᠡᠪᠡᠢ》 ᠭᠡᠵᠡᠢ ᠃  ᠯᠠᠩᠬᠢᠨᠪ ᠭᠡᠳᠡᠭ ᠨᠢ ᠳᠠᠷᠤᠢ ᠯᠠᠨᠵᠧᠦ ᠮᠥᠨ ᠃ 
② ᠬᠠᠷ᠎ᠠ ᠡᠷ᠎ᠡ ᠪᠠᠷᠠᠰ ᠵᠢᠯ ᠂ ᠵᠢᠶᠠ ᠵᠢᠩ ᠦ᠋ᠨ  ᠬᠣᠷᠢᠨ ᠨᠢᠭᠡᠳᠦᠭᠡᠷ ᠣᠨ (1542 ) ᠃ 
③《 ᠡᠷᠳᠡᠨᠢ ᠶ᠋ᠢᠨ ᠲᠣᠪᠴᠢ 》 ᠳ᠋ᠤ᠌ ᠮᠡᠷᠭᠡᠨ ᠵᠢᠨᠦᠩ ᠢ᠋ ᠳᠥᠴᠢᠨ ᠲᠠᠪᠤᠨ ᠨᠠᠰᠤᠨ ᠳ᠋ᠠᠭᠠᠨ ᠴᠠᠭᠠᠨ ᠨᠣᠬᠠᠢ ᠵᠢᠯ ( ᠵᠢᠶᠠ ᠵᠢᠩ ᠦ᠋ᠨ ᠬᠣᠷᠢ ᠶᠢᠰᠦᠳᠦᠭᠡᠷ ᠣᠨ ᠂1550 ᠣᠨ ) ᠬᠠᠯᠢᠪᠠᠢ ᠭᠡᠳᠡᠭ ᠃ ᠡᠨᠡ ᠨᠢ ᠲᠤᠰ ᠨᠣᠮ ᠳ᠋ᠠᠬᠢ ᠲᠡᠮᠳᠡᠭᠯᠡᠯ ᠯᠦ᠍ᠭᠡ ᠵᠦᠷᠢᠶᠡᠨ ᠲᠡᠢ ᠠᠵᠢ ᠃ ᠬᠢᠲᠠᠳ ᠪᠢᠴᠢᠭ ᠲᠦ᠍ ᠮᠡᠷᠭᠡᠨ ᠵᠢᠨᠦᠩ ᠢ᠋ ᠵᠢᠶᠠ ᠵᠢᠩ ᠦ᠋ᠨ ᠬᠣᠷᠢᠨ ᠨᠢᠭᠡᠳᠦᠭᠡᠷ ᠣᠨ ( 1542 ) ᠲᠤ᠌ ᠬᠠᠯᠢᠪᠠᠢ ᠭᠡᠳᠡᠭ ᠃ 《ᠮᠢᠩ ᠱᠢ 》 ( 明史) ᠪᠢᠴᠢᠭ ᠲᠡᠬᠢ ᠲᠠᠲ᠋ᠠᠷ ᠤ᠋ᠨ ᠨᠠᠮᠲᠠᠷ ᠤ᠋ᠨ ᠵᠢᠶᠠ ᠵᠧᠩ ᠦ᠋ᠨ ᠬᠣᠷᠢᠨ ᠨᠢᠭᠡᠳᠦᠭᠡᠷ ᠣᠨ ( 1542 ) ᠤ᠋ ᠲᠡᠮᠳᠡᠭᠯᠡᠯ ᠳ᠋ᠦ᠍《 ᠵᠢᠨᠦᠩ ᠬᠠᠯᠢᠪᠠᠢ ᠂ ᠲᠡᠭᠦᠨ ᠦ᠌  ᠬᠥᠪᠡᠭᠦᠨ ᠯᠠᠩ ᠲᠠᠢᠵᠢ ᠨᠠᠷ ᠬᠠᠲᠤᠨ ᠭᠣᠣᠯ ᠤ᠋ᠨ ᠪᠠᠷᠠᠭᠤᠨ ᠪᠡᠶ᠎ᠡ ᠪᠡᠷ ᠲᠠᠷᠬᠠᠯᠴᠠᠨ ᠰᠠᠭᠤᠵᠤ ᠬᠦᠴᠦᠨ ᠢᠨᠦ ᠨᠢᠭᠡᠨᠲᠡ ᠬᠤᠪᠢᠶᠠᠭᠳᠠᠵᠤᠬᠤᠢ ᠃ ᠭᠠᠭᠴᠠᠬᠦ ᠠᠯᠲᠠᠨ ᠢ᠋ᠶ᠋ᠠᠷ ᠬᠦᠴᠦᠷᠬᠡᠭ ᠪᠠᠢᠭᠰᠠᠭᠠᠷ ᠲᠤᠯᠠ ᠵᠢᠯ ᠳᠠᠷᠠᠭᠠᠯᠠᠨ ᠶᠠᠨ ᠰᠦᠢ ( 延绥) ᠬᠢᠵᠠᠭᠠᠷ ᠢ᠋ ᠲᠦᠢᠪᠡᠭᠡᠨ ᠠᠮᠤᠢ 》 ᠭᠡᠵᠡᠢ ᠃ ᠡᠨᠡ ᠲᠡᠮᠳᠡᠭᠯᠡᠯ ᠨᠢ ᠬᠠᠷᠢᠨ ᠲᠤᠰ ᠨᠣᠮ ᠤ᠋ᠨ ᠲᠡᠮᠳᠡᠭᠯᠡᠯ ᠲᠡᠢ ᠨᠡᠢᠴᠡᠨ᠎ᠡ ᠃ 《ᠮᠢᠩ ᠱᠢ ᠵᠢᠢ ᠱᠢ ᠪᠸᠨ ᠮᠦᠸᠧ  》(明史纪事本末 )   ᠭᠡᠬᠦ ᠪᠢᠴᠢᠭ ᠲᠦ᠍ ᠮᠡᠷᠭᠡᠨ ᠵᠢᠨᠦᠩ ᠢ᠋ ᠵᠢᠶᠠ ᠵᠢᠩ ᠦ᠋ᠨ ᠬᠣᠷᠢᠨ ᠨᠢᠭᠡᠳᠦᠭᠡᠷ ᠣᠨ ᠳ᠋ᠤ᠌ ᠨᠠᠰᠤ ᠨᠥᠭᠴᠢᠪᠡ ᠭᠡᠬᠦ ᠶ᠋ᠢᠨ ᠵᠡᠷᠭᠡᠳᠡ ᠮᠥᠨ ᠪᠠᠰᠠ ᠲᠡᠭᠦᠨ ᠦ᠌ ᠨᠠᠰᠤᠨ ᠨᠥᠭᠴᠢᠭᠰᠡᠨ ᠤᠴᠢᠷ ᠰᠢᠯᠲᠠᠭᠠᠨ ᠢ᠋ ᠲᠡᠮᠳᠡᠭᠯᠡᠵᠡᠢ ᠃ ᠲᠡᠭᠦᠨ ᠳ᠋ᠦ᠍ ᠬᠣᠷᠢᠨ ᠨᠢᠭᠡᠳᠦᠭᠡᠷ ᠣᠨ ᠤ᠋ ᠵᠤᠨ ᠤ᠋ ᠵᠢᠷᠭᠤᠭᠠᠨ ᠰᠠᠷ᠎ᠠ ᠳ᠋ᠤ᠌ ᠠᠯᠲᠠᠨ ᠢ᠋ᠶ᠋ᠠᠷ ᠳᠠ ᠲᠦᠩ ᠢ᠋ ᠳᠣᠪᠲᠣᠯᠵᠤ ᠲᠠᠢᠶᠤᠸᠠᠨ (太原 ) ᠤ᠋ ᠪᠠᠷᠠᠭᠤᠨ ᠡᠮᠦᠨᠡᠬᠢ ᠭᠠᠵᠠᠷ ᠢ᠋ ᠶᠡᠬᠡᠯ᠎ᠡ ᠳᠡᠭᠡᠷᠡᠮᠳᠡᠪᠡᠢ ᠃ ᠲᠡᠷᠡ ᠦᠶ᠎ᠡ ᠳ᠋ᠦ᠍ᠷ ᠵᠢᠨᠦᠩ ᠰᠢᠨ ᠵᠧᠦ ( 忻州)  ᠂ ᠳ᠋ᠠᠢ ᠵᠧᠦ ( 代州) ᠭᠠᠵᠠᠷ ᠤ᠋ᠨ ᠶᠠᠩᠬᠠᠨ ᠢ᠋ ᠪᠤᠯᠢᠶᠠᠨ ᠠᠪᠴᠢᠷᠠᠵᠤ  ᠤᠵᠢᠳᠯᠠᠨ ᠨᠠᠭᠠᠳᠬᠤ ᠠᠨᠤ ᠵᠣᠭᠰᠣᠯ ᠦᠭᠡᠢ ᠪᠠᠢᠭᠰᠠᠭᠠᠷ ᠪᠡᠶ᠎ᠡ ᠶ᠋ᠢᠨ ᠲᠠᠮᠢᠷ ᠪᠠᠷᠠᠭᠳᠠᠵᠤ ᠨᠠᠰᠤ ᠨᠥᠭᠴᠢᠪᠡᠢ 》ᠭᠡᠵᠡᠢ ᠃ 

       ᠥᠰᠢᠶ᠎ᠡ ᠲᠠᠨ ᠠᠲᠠᠭ᠎ᠠ ᠲᠠᠨ ᠢ᠋  ᠥᠯᠮᠡᠢ ᠳᠦᠷᠢᠶᠡᠨ ᠣᠷᠣᠭᠤᠯᠵᠤ ᠂ 
       ᠥᠪᠡᠷ ᠦ᠋ᠨ ᠳᠡᠭᠦᠦ ᠨᠠᠷ ᠤᠯᠤᠰ ᠢ᠋ᠶ᠋ᠠᠨ ᠠᠰᠠᠷᠠᠨ ᠲᠡᠳᠬᠦᠵᠦ ᠂ 
       ᠦᠯᠡᠮᠵᠢ ᠲᠥᠷᠥ ᠶᠣᠰᠣᠨ ᠢ᠋ ᠵᠢᠯᠣᠭᠣᠳᠤᠨ  ᠠᠲᠠᠯ᠎ᠠ ᠮᠡᠷᠭᠡᠨ ᠵᠢᠨᠦᠩ 
       ᠤᠷᠢᠳᠤ ᠦᠢᠯᠡᠰ ᠦ᠋ᠨ ᠲᠦᠢᠳᠬᠡᠷ ᠪᠣᠯᠵᠤ ᠬᠠᠯᠢᠭᠰᠠᠨ ᠰᠢᠯᠲᠠᠭᠠᠨ ᠢᠨᠦ ᠲᠡᠢᠮᠦ ᠪᠥᠯᠥᠭᠡ ᠃ 
       ᠠᠬ᠎ᠠ ᠶᠤᠭᠠᠨ ᠮᠡᠷᠭᠡᠨ ᠵᠢᠨᠦᠩ ᠲᠩᠷᠢ ᠪᠣᠯᠤᠭᠰᠠᠨ ᠤ᠋  ᠬᠣᠢᠨ᠎ᠠ 
       ᠠᠢᠳᠠᠯ ᠦᠭᠡᠢ ᠠᠯᠲᠠᠨ ᠬᠠᠭᠠᠨ ᠬᠠᠲᠠᠭᠤᠵᠢᠨ ᠶᠠᠪᠤᠴᠤ ᠰᠢᠩᠬᠤᠯᠠ ᠪᠠᠷ ᠳᠠᠪᠠᠨ ᠠᠶᠠᠯᠠᠵᠤ ᠂ 
       ᠠᠲᠠᠭᠠᠲᠤ ᠪᠤᠷᠠᠬᠠᠢ ᠳᠠᠢᠰᠢ ᠶ᠋ᠢ ᠬᠡᠷᠦᠯ ᠬᠠᠶ᠎ᠠ ᠮᠣᠳᠣᠨ ᠠ᠋ᠴᠠ ᠣᠷᠣᠭᠤᠯᠵᠤ ᠠᠪᠤᠭᠠᠳ ᠂ 
       ᠠᠴᠢ ᠳᠡᠭᠦᠦ ᠳ᠋ᠡᠭᠡᠨ ᠳᠠᠢᠴᠢᠩ ᠨᠣᠶᠠᠨ ① ᠳ᠋ᠤ᠌ ᠰᠣᠶᠣᠷᠬᠠᠵᠤ ᠦᠭᠭᠦᠭᠰᠡᠨ  ᠢᠨᠦ ᠲᠡᠢᠮᠦ ᠪᠥᠯᠥᠭᠡ ᠃ 
— — — — 
① ᠠᠯᠲᠠᠨ ᠬᠠᠭᠠᠨ ᠤ᠋ ᠳᠡᠭᠦᠦ ᠪᠣᠳᠢᠳᠠᠷ᠎ᠠ ( ᠪᠣᠵᠢᠳᠠᠷᠠ ) ᠣᠳᠬᠣᠨ ᠲᠠᠢᠵᠢ ᠶ᠋ᠢᠨ ᠶᠡᠬᠡ ᠬᠥᠪᠡᠭᠦᠨ ᠃ ᠶᠦᠩᠰᠢᠶᠠᠪᠦ ᠲᠦᠮᠡᠨ ᠢ᠋ ᠮᠡᠳᠡᠵᠦ ᠪᠠᠢᠭᠰᠠᠨ ᠤ᠋ ᠣᠴᠢᠷ᠎ᠠ ᠪᠠᠰᠠ ᠶᠦᠩᠰᠢᠶᠠᠪᠦ ᠳᠠᠢᠴᠢᠩ ᠲᠠᠢᠵᠢ ᠭᠡᠳᠡᠭ ᠃ 

       ᠰᠢᠯᠤᠭᠤᠨ ᠤᠬᠠᠭᠠᠳᠤ ᠠᠯᠲᠠᠨ ᠬᠠᠨᠠᠭ ᠲᠡᠷᠡ ᠠᠶᠠᠨ ᠠ᠋ᠴᠠ ᠬᠠᠷᠢᠯ ᠦᠭᠡᠢ ᠂ 
       ᠰᠢᠪᠡᠷᠬᠡᠯ ᠳ᠋ᠦ᠍ ᠤᠯᠤᠰ ᠢ ᠤᠯᠠᠭᠠᠨ ᠮᠥᠷᠡᠨ  ① ᠦ᠌ ᠪᠠᠶᠠᠨ ᠢᠬᠤ ᠲᠡᠬᠡᠷᠡ ᠳᠠᠭᠤᠯᠢᠬᠤᠢ ᠳ᠋ᠤᠷ ᠂  
       ᠰᠡᠷᠡᠯᠵᠡᠵᠦ ᠤᠢᠭᠤᠷ ᠤᠯᠤᠰ ᠣᠪᠤᠷᠠᠭ ᠰᠤᠪᠤᠷᠠᠭ ᠳᠡᠩᠬᠡᠷᠢᠬᠠᠯᠵᠦ ᠢᠷᠡᠭᠡᠳ ᠳᠠᠷᠤᠭᠳᠠᠵᠤ ᠪᠦᠷ ᠦ᠋ᠨ ᠂  
       ᠰᠢᠨᠳᠠᠷᠳᠠᠵᠦ ᠥᠪᠡᠷ ᠦ᠋ᠨ ᠴᠢᠨᠦ ᠠᠯᠪᠠᠨ ᠥᠭᠰᠦ ᠬᠡᠮᠡᠭᠰᠡᠨ ᠳ᠋ᠦ᠍ᠷ ᠲᠡᠨᠳᠡ ᠲᠠᠯᠪᠢᠪᠠᠢ ᠃ 
       ᠡᠷᠬᠡᠲᠦ ᠪᠣᠭᠳᠠ ᠠᠯᠲᠠᠨ ᠬᠠᠭᠠᠨ ᠤ᠋ ᠭᠡᠭᠡᠨ ᠪᠡᠶᠡᠢᠨ ᠂  
       ᠡᠷᠢᠶᠡᠨ ᠪᠤᠯᠴᠢᠩ ᠳᠤᠮᠳᠠᠭᠤᠷ ᠨᠥᠬᠦᠭᠡᠰᠦᠨ ᠪᠣᠯᠤᠭᠠᠳ ᠡᠰᠡ ᠠᠯᠵᠠᠵᠤ ᠂  
       ᠡᠷᠬᠡᠮᠰᠢᠵᠦ ᠢᠷᠡᠭᠰᠡᠨ ᠣᠮᠣᠭ ᠲᠤ᠌ ᠰᠢᠷᠠᠢᠭᠤᠷᠢ②ᠳᠣᠷᠣᠢᠲᠠᠭᠤᠯᠤᠭᠠᠳ ᠂  
       ᠡᠷᠬᠡ ᠳ᠋ᠡᠭᠡᠨ ᠣᠷᠣᠭᠤᠯᠵᠤ ᠲᠡᠨᠳᠡ ᠰᠠᠭᠤᠯᠭᠠᠭᠠᠳ ᠬᠠᠷᠢᠵᠤ ᠪᠠᠭᠤᠭᠰᠠᠨ ᠠᠵᠤᠭᠤ ᠃ 
       ᠪᠣᠭᠳᠠ ᠡᠵᠡᠨ ᠦ᠌ ᠴᠠᠭᠠᠨ ᠭᠡᠷ ᠦ᠋ᠨ ᠡᠮᠦᠨ᠎ᠡ ᠵᠢᠷᠭᠤᠭᠠᠨ ᠶᠡᠬᠡ ᠤᠯᠤᠰ ᠴᠢᠭᠤᠯᠤᠭᠰᠠᠨ ᠳ᠋ᠤᠷ ᠂ 
       ᠪᠣᠳᠢ ᠬᠠᠭᠠᠨ ᠳ᠋ᠤᠷ ᠠᠯᠲᠠᠨ ᠬᠠᠭᠠᠨ ᠵᠠᠷᠯᠢᠭ ᠪᠣᠯᠣᠷ ᠤ᠋ᠨ ᠂ ᠲᠡᠭᠷᠢ ᠶ᠋ᠢᠨ ᠢᠪᠡᠭᠡᠯ ᠢ᠋ᠶ᠋ᠡᠷ ᠂ 
       ᠪᠤᠷᠤᠭᠤ ᠰᠡᠳᠬᠢᠯ ᠳ᠋ᠦ᠍ ᠪᠤᠷᠠᠬᠠᠢ ᠲᠠᠢᠰᠢ ᠶ᠋ᠢ ᠡᠵᠡᠨ ᠦ᠌ ᠡᠮᠦᠨ᠎ᠡ ᠴᠢᠮᠠᠳᠤᠷ ᠮᠥᠷᠭᠥᠭᠦᠯᠪᠡ ᠪᠢ ᠬᠡᠮᠡᠭᠰᠡᠨ ᠳ᠋ᠦ᠍ᠷ ᠂  
       ᠪᠤᠶᠠᠨ ᠲᠤ ᠪᠣᠭᠳᠠ ᠠᠯᠲᠠᠨ ᠬᠠᠭᠠᠨ ᠢ᠋ ᠵᠢᠷᠭᠤᠭᠠᠨ ᠲᠦᠮᠡᠨ ᠮᠠᠭᠲᠠᠨ ᠰᠠᠢᠰᠢᠶᠠᠵᠤ ᠪᠦᠷᠦᠨ ᠃ 
— — — — 
①ᠬᠥᠬᠡᠨᠠᠭᠤᠷ ᠮᠣᠵᠢ ᠶ᠋ᠢᠨ ᠬᠣᠢᠲᠤ ᠬᠢᠵᠠᠭᠠᠷ ᠢ᠋ᠶ᠋ᠠᠷ ᠤᠷᠤᠰᠴᠤ ᠪᠠᠢᠭ᠎ᠠ ᠳᠠ ᠲᠦᠩ (大通 ) ᠭᠣᠣᠯ ᠤ᠋ᠨ ᠳᠡᠭᠡᠳᠦ ᠤᠷᠤᠰᠬᠠᠯ ᠤ᠋ᠨ ᠮᠣᠩᠭᠣᠯ ᠨᠡᠷ᠎ᠡ ᠃ 
② ᠬᠢᠲᠠᠳ ᠪᠢᠴᠢᠭ ᠲᠦ᠍ 撒里畏兀儿 ᠭᠡᠵᠦ ᠪᠢᠴᠢᠳᠡᠭ ᠃ ᠡᠳᠦᠭᠡ ᠢᠦᠢ ᠬᠦ᠌ (裕固  )ᠦᠨᠳᠦᠰᠦᠲᠡᠨ ᠭᠡᠨ᠎ᠡ ᠃   

       ᠥᠱᠢᠶᠡᠲᠦ ᠳᠠᠢᠰᠤᠨ ᠢ᠋ ᠳᠠᠷᠤᠵᠤ ᠥᠪᠡᠷ ᠦ᠋ᠨ ᠠᠯᠪᠠᠲᠤ ᠪᠣᠯᠭᠠᠪᠠ ᠭᠡᠮᠡᠨ ᠂ 
       ᠥᠨᠢᠳᠡ ᠬᠠᠭᠠᠴᠠᠭᠰᠠᠨ ᠤᠯᠤᠰ ᠢ᠋ ᠡᠵᠡᠨ ᠡᠮᠦᠨ᠎ᠡ ᠰᠥᠭᠥᠳᠬᠡᠪᠡ ᠬᠡᠮᠡᠵᠦ ᠠᠴᠢᠯᠠᠨ ᠂  
       ᠦᠨᠡᠨ ᠵᠣᠷᠢᠭ᠍ᠲᠤ ᠴᠢᠩ  ᠪᠢᠱᠢᠷᠡᠯᠲᠦ ᠠᠯᠲᠠᠨ ᠬᠠᠭᠠᠨ ᠳ᠋ᠤᠷ ᠪᠣᠳᠢ ᠬᠠᠭᠠᠨ ᠡᠬᠢᠯᠡᠨ ᠂ 
       ᠦᠯᠡᠮᠵᠢ ᠡᠵᠡᠨ ᠦ᠌ ᠡᠮᠦᠨ᠎ᠡ ᠵᠢᠷᠭᠤᠭᠠᠨ ᠲᠦᠮᠡᠨ ᠢ᠋ᠶ᠋ᠡᠷ ᠲᠥᠰᠢᠶ᠎ᠡ ᠳ᠋ᠦ᠍ ᠰᠡᠴᠡᠨ ᠬᠠᠭᠠᠨ ᠴᠣᠯᠠ ᠰᠣᠶᠣᠷᠬᠠᠪᠠᠢ ᠃  
       ᠠᠷᠢᠭᠤᠨ ᠣᠷᠣᠨ ᠳ᠋ᠠᠬᠢ ᠲᠡᠭᠷᠢ ᠶ᠋ᠢᠨ ᠵᠠᠶᠠᠭᠠᠪᠡᠷ ᠲᠥᠷᠥᠭᠰᠡᠨ ᠂ 
       ᠠᠤᠭ᠎ᠠ ᠬᠦᠴᠦᠨ ᠢ᠋ᠶ᠋ᠡᠷ ᠣᠮᠣᠭ ᠲᠠᠨ ᠳᠠᠢᠰᠤᠨ ᠢ᠋ ᠲᠣᠢᠨ ᠳᠦᠷᠢᠶᠡᠨ ᠣᠷᠣᠭᠤᠯᠤᠭᠰᠠᠨ ᠂ 
       ᠠᠰᠠᠷᠠᠯ ᠰᠣᠶᠣᠷᠬᠠᠯ ᠢ᠋ᠶ᠋ᠠᠷ ᠡᠯ᠎ᠡ ᠳᠠᠢᠰᠤᠨ ᠢ᠋ ᠥᠪᠡᠷ ᠦ᠋ᠨ ᠨᠥᠬᠥᠷ ᠪᠣᠯᠭᠠᠭᠰᠠᠨ ᠂ 
       ᠠᠷᠰᠯᠠᠨ ᠪᠣᠭᠳᠠ ᠠᠯᠲᠠᠨ ᠬᠠᠭᠠᠨ ᠤ᠋ ᠨᠡᠷ᠎ᠡ ᠠᠯᠳᠠᠷᠢ ᠰᠣᠨᠣᠰᠴᠤ ᠪᠦᠷᠦᠨ ᠃  
       ᠡᠷᠲᠡᠨ ᠡᠴᠡ ᠬᠠᠷᠢ ᠳᠠᠢᠰᠤᠨ ᠪᠣᠯᠤᠭᠰᠠᠨ ᠦᠵᠢᠶᠡᠳ①ᠤᠯᠤᠰ ᠤ᠋ᠨ ᠂ 
— — — — 
①《ᠡᠦ ᠪᠧᠢ ᡁᠢ 》 (武备志 ) ᠪᠢᠴᠢᠭ ᠪᠠ 《 ᠳ᠋ᠧᠩ ᠲᠠᠨ ᠪᠢ ᠵᠢᠦ 》  ( 登坛必究 ) ᠵᠡᠷᠭᠡ ᠪᠢᠴᠢᠭ ᠲᠦ᠍ ᠪᠠᠶ᠋ᠢᠬ᠋᠎ᠠ ᠮᠣᠩᠭᠣᠯ ᠦᠭᠡ ᠶ᠋ᠢᠨ ᠲᠡᠮᠳᠡᠭᠯᠡᠯ ᠡᠴᠡ ᠦᠵᠡᠪᠡᠯ ᠹᠦ ᠢᠦᠢ ᠸᠧᠢ (福余卫 ) ᠭᠡᠬᠦ ᠭᠠᠵᠠᠷ ᠲᠤ᠌ ᠪᠠᠶ᠋ᠢᠬ᠋᠎ᠠ ᠮᠣᠩᠭᠣᠯᠴᠤᠳ ᠊ᠢ ᠦᠵᠢᠶᠡ (我着 ) ᠭᠡᠵᠦ ᠨᠡᠷᠡᠶ᠋ᠢᠲᠦᠨ᠎ᠡ ᠃ ᠦᠵᠢᠶᠡᠳ ᠪᠣᠯ ᠦᠵᠢᠶᠡ ᠶ᠋ᠢᠨ ᠣᠯᠠᠨ ᠲᠣᠭ᠎ᠠ ᠪᠣᠯᠤᠨ᠎ᠠ ᠃ ᠦᠵᠢᠶᠡᠳ ᠠᠶ᠋ᠢᠮᠠᠭ ᠨᠢ ᠯᠢᠶᠣᠤ ᠳ᠋ᠦ᠋ᠩ ᠦ᠋ᠨ ᠬᠢᠵᠠᠭᠠᠷ ᠬᠡᠷᠡᠮ ᠡᠴᠡ ᠪᠠᠷᠠᠭᠤᠨᠰᠢ ᠡᠳᠦᠭᠡ ᠶ᠋ᠢᠨ ᠺᠠᠩ ᠫᠢᠩ (康平 ) ᠹᠠ ᠺᠦ (法库 ) ᠵᠡᠷᠭᠡ ᠭᠠᠵᠠᠷ ᠲᠤ᠌ ᠮᠠᠯᠵᠢᠨ ᠠᠮᠢᠳᠤᠷᠠᠵᠤ ᠪᠠᠶ᠋ᠢᠵᠠᠢ ᠃ ᠡᠨᠡ ᠠᠢᠮᠠᠭ ᠤᠷᠢᠳ ᠬᠣᠵᠢᠳ ᠠᠰᠤᠳ ᠪᠠ ᠣᠢᠷᠠᠳ ᠲᠦᠮᠡᠨ ᠳ᠋ᠦ᠍ ᠡᠵᠡᠯᠡᠬ᠋ᠲᠡᠨ ᠥᠩᠭᠡᠷᠡᠵᠡᠢ ᠃ ᠡᠨᠳᠡ ᠳᠤᠷᠠᠳᠤᠭᠰᠠᠨ ᠦᠵᠢᠶᠡᠳ ᠪᠣᠯ ᠣᠶ᠋ᠢᠷᠠᠳ ᠲᠤ᠌ ᠬᠠᠪᠴᠢᠭᠳᠠᠨ ᠪᠠᠷᠠᠭᠤᠨᠰᠢ ᠨᠡᠭᠦᠬ᠋ᠰᠡᠨ ᠲᠡᠳᠡᠭᠡᠷ ᠦᠵᠢᠶᠡᠳ ᠪᠣᠯᠤᠯᠲᠠᠢ ᠃  
   
       ᠡᠩᠬᠡ ᠴᠢᠩᠰᠠᠩ ᠲᠡᠷᠢᠭᠦᠲᠡᠨ ᠨᠣᠶᠠᠳ ᠨᠢᠨᠦ ᠤᠷᠤᠭ ᠢ᠋ᠶ᠋ᠠᠷ ᠢ᠋ᠶ᠋ᠠᠨ᠂ 
       ᠡᠷᠭᠢᠨ ᠥᠭᠡᠯᠡᠨ ᠬᠠᠲᠤᠨ ① ᠤ᠋ ᠤᠷᠲᠤ ᠬᠡᠷᠢ ᠠᠪᠴᠤ ᠥᠯᠭᠡ ᠲᠦᠮᠡᠨ ᠂  
       ᠡᠷᠬᠡ ᠳ᠋ᠦ᠍ᠷ ᠢᠨᠦ ᠣᠷᠣᠵᠤ ᠥᠪᠡᠷ ᠦ᠋ᠨ ᠠᠯᠪᠠᠲᠤ ᠪᠣᠯ ᠤ᠋ᠨ ᠢᠷᠡᠭᠰᠡᠨ ᠤᠴᠢᠷ ᠲᠡᠢᠮᠦ ᠪᠥᠯᠥᠭᠡ ᠃ 
       ᠡᠷᠳᠡᠨᠢ ᠪᠣᠳᠢᠰᠠᠲᠤ ᠳ᠋ᠤ᠌  ᠲᠦᠱᠢᠶᠡᠲᠦ ᠰᠡᠴᠡᠨ ᠬᠠᠭᠠᠨ ᠂ 
       ᠡᠩᠬᠡ ᠴᠢᠩᠰᠠᠩ ᠢ᠋  ᠳᠡᠭᠦᠦ ᠳ᠋ᠡᠭᠡᠨ ᠬᠦᠨᠳᠦᠯᠡᠨ ᠬᠠᠭᠠᠨ② ᠳ᠋ᠤ᠌ ᠰᠣᠶᠣᠷᠬᠠᠪᠠ ᠂ 
       ᠡᠩ ᠠᠬ᠎ᠠ ᠳᠡᠭᠦᠦ ᠨᠠᠷ ᠢ᠋ ᠲᠤᠰ ᠲᠣᠰᠪᠣᠷᠢ ᠬᠤᠪᠢᠶᠠᠵᠤ ᠥᠮᠴᠢᠯᠡᠭᠡᠳ ᠂ 
       ᠡᠷᠬᠡ ᠳ᠋ᠦ᠍ᠷ ᠢ᠋ᠶ᠋ᠠᠨ ᠣᠷᠣᠭᠤᠯᠵᠤ ᠠᠯᠪᠠᠲᠤ ᠪᠣᠯᠭᠠᠭᠰᠠᠨ ᠰᠢᠯᠲᠠᠭᠠᠨ ᠢᠨᠦ ᠲᠡᠢᠮᠦ ᠪᠥᠯᠥᠭᠡ᠃ 
       ᠬᠥᠬᠡ ᠯᠤᠤ ᠵᠢᠯ᠎ᠡ③ᠲᠦᠱᠢᠶᠡᠲᠦ ᠰᠡᠴᠡᠨ ᠬᠠᠭᠠᠨ ᠣᠷᠢᠶᠠᠩᠬᠠᠨ ᠳ᠋ᠤᠷ ᠠᠶᠠᠯᠠᠵᠤ ᠂ 
       ᠬᠦᠷᠴᠦ ᠣᠷᠢᠶᠠᠩᠬᠠᠨ ᠮᠠᠩᠭᠢᠷ ᠴᠢᠩᠰᠠᠩ ᠂ ᠮᠠᠩᠬᠠᠢ ᠰᠢᠭᠡᠴᠢᠨ ᠂ ᠪᠡᠷᠬᠡ ᠪᠥᠬᠡ ᠲᠡᠷᠢᠭᠦᠲᠡᠨ ᠢ᠋ ᠣᠷᠣᠭᠤᠯᠵᠤ ᠂ 
       ᠬᠦᠨᠳᠦᠯᠡᠵᠦ ᠡᠵᠡᠨ ᠦ᠌ ᠴᠠᠭᠠᠨ ᠬᠡᠷᠢ ᠮᠠᠩᠬᠠᠢ ᠰᠢᠭᠡᠴᠢᠨ④ ᠳ᠋ᠦ᠍ᠷ ᠬᠠᠳᠠᠭᠠᠯᠠᠭᠤᠯᠵᠤ ᠂ 
— — — —  
① ᠴᠢᠩᠭᠢᠰ ᠬᠠᠭᠠᠨ ᠤ᠋ ᠲᠥᠷᠥᠭᠰᠡᠨ ᠡᠬᠡ ᠃ 
② ᠠᠯᠲᠠᠨ ᠬᠠᠭᠠᠨ ᠤ᠋ ᠳᠡᠭᠦᠦ ᠪᠠᠢᠰᠬᠠᠯ ᠤ᠋ᠨ ᠬᠠᠨ ᠴᠣᠯᠠ ᠪᠣᠯᠤᠨ᠎ᠠ ᠃ ᠬᠢᠲᠠᠳ ᠪᠢᠴᠢᠭ ᠲᠦ᠍ ᠡᠭᠦᠨ ᠢ᠋昆都力哈 (ᠬᠥᠨᠳᠡᠯᠡᠨ ᠬᠠᠨ ) ᠭᠡᠵᠦ ᠪᠢᠴᠢᠵᠦ ᠪᠠᠢᠳᠠᠭ ᠃  
③ ᠬᠥᠬᠡ ᠡᠷ᠎ᠡ ᠯᠤᠤ ᠵᠢᠯ ᠂ ᠵᠢᠶᠠ ᠵᠢᠩ ᠦ᠋ᠨ ᠬᠣᠷᠢᠨ ᠭᠤᠷᠪᠠᠳᠤᠭᠠᠷ ᠣᠨ 《 1544 ᠣᠨ 》 ᠃ 
④《 ᠰᠠᠨ ᠶᠦᠨ ᠴᠧᠦ ᠵᠦᠢ ᠺᠠᠣ 》 (三云筹俎考 ) ᠪᠢᠴᠢᠭ ᠲᠡᠬᠢ ᠮᠣᠩᠭᠣᠯ ᠦᠭᠡ ᠶ᠋ᠢᠨ ᠲᠠᠢᠯᠪᠤᠷᠢ ᠳ᠋ᠤᠷ ᠰᠢᠭᠡᠴᠢᠨ ᠢ᠋ ᠱᠧ ᠶ᠋ᠢᠨ (蛇进 ) ᠭᠡᠵᠦ ᠠᠪᠢᠶᠠᠴᠢᠯᠠᠨ ᠲᠡᠮᠳᠡᠭᠯᠡᠭᠡᠳ ᠲᠠᠪᠤᠨᠠᠩ ᠤ᠋ᠨ ᠬᠥᠪᠡᠭᠦᠨ ᠭᠡᠰᠡᠨ ᠤᠳᠬ᠎ᠠ ᠲᠠᠢ ᠭᠡᠵᠡᠢ ᠃ 


       ᠬᠥᠬᠡ ᠮᠣᠷᠢᠨ ᠵᠢᠯ① ᠡᠰᠡᠨ ᠲᠥᠭᠡᠯ ᠬᠠᠷᠢᠵᠤ ᠪᠠᠭᠤᠭᠰᠠᠨ ᠠᠵᠤᠭᠤ ᠃ 

       ᠪᠠᠷᠭᠤᠨ ᠭᠤᠷᠪᠠᠨ ᠲᠦᠮᠡᠨ ᠢ᠋ᠶ᠋ᠡᠷ ᠰᠠᠩ ᠲᠣᠢᠨ ᠴᠠᠭᠠᠨ ᠬᠡᠷᠲᠡᠢ ᠳ᠋ᠦ᠍ᠷ ᠬᠤᠷᠠᠵᠤ ᠂ 

       ᠪᠠᠰᠠᠪᠠᠷ ᠠᠯᠲᠠᠨ ᠬᠠᠭᠠᠨ ᠂ ᠨᠣᠶᠠᠨ ᠳᠡᠷ᠎ᠡ ᠵᠢᠨᠦᠩ② ᠂ ᠬᠦᠨᠳᠦᠯᠡᠨ ᠬᠠᠭᠠᠨ ᠭᠤᠷᠪᠠᠭᠤᠯᠠ ᠂ 

— — — —  

① ᠵᠢᠶᠠ ᠵᠢᠩ ᠦ᠋ᠨ ᠬᠣᠷᠢᠨ ᠳᠥᠷᠪᠡᠳᠦᠭᠡᠷ ᠣᠨ (1545 ᠣᠨ ) ᠠ᠋ᠴᠠ ᠵᠢᠶᠠ ᠵᠢᠩ ᠦ᠋ᠨ ᠭᠤᠴᠢᠳᠤᠭᠠᠷ ᠣᠨ ( 1551 ᠣᠨ ) ᠬᠦᠷᠲᠡᠯᠡᠬᠢ ᠬᠣᠭᠣᠷᠣᠨᠳᠣ ᠬᠥᠬᠡ ᠮᠣᠷᠢᠨ ᠵᠢᠯ ᠭᠡᠵᠦ ᠦᠭᠡᠢ ᠶᠦ᠍ᠮ ᠃ ᠡᠨᠳᠡ ᠬᠡᠯᠡᠭᠰᠡᠨ ᠬᠥᠬᠡ ᠮᠣᠷᠢᠨ ᠵᠢᠯ ᠭᠡᠳᠡᠭ ᠨᠢ ᠬᠥᠬᠡ ᠡᠮ᠎ᠡ ᠮᠣᠭᠠᠢ ᠵᠢᠯ (ᠵᠢᠶᠠ ᠵᠢᠩ ᠦ᠋ᠨ ᠬᠣᠷᠢᠨ ᠳᠥᠷᠪᠡᠳᠦᠭᠡᠷ ᠣᠨ ᠂ 1545 ᠣᠨ ) ᠪᠤᠶᠤ ᠡᠰᠡᠬᠦᠯ᠎ᠡ ᠤᠯᠠᠭᠠᠨ ᠡᠷ᠎ᠡ ᠮᠣᠷᠢᠨ ᠵᠢᠯ ( ᠵᠢᠶᠠ ᠵᠢᠩ ᠦ᠋ᠨ ᠬᠣᠷᠢᠨ ᠲᠠᠪᠤᠳᠤᠭᠠᠷ ᠣᠨ ᠂ 1546 ᠣᠨ ) ᠊ᠢ ᠡᠨᠳᠡᠭᠦᠷᠡᠨ  ᠲᠡᠮᠳᠡᠭᠯᠡᠭᠰᠡᠨ ᠪᠣᠯᠤᠯᠲᠠᠢ ᠃ 

②ᠮᠡᠷᠭᠡᠨ ᠵᠢᠨᠦᠩ ᠦ᠋ᠨ ᠶᠡᠬᠡ ᠬᠥᠪᠡᠭᠦᠨ ᠃ ᠬᠢᠲᠠᠳ ᠪᠢᠴᠢᠭ ᠲᠦ᠍能言大儿吉能 ᠭᠡᠬᠦ ᠪᠤᠶᠤ ᠳᠥᠭᠥᠮᠴᠢᠯᠡᠨ吉能 ᠭᠡᠵᠦ ᠪᠢᠴᠢᠳᠡᠭ ᠃ 《 ᠡᠷᠳᠡᠨᠢ ᠶ᠋ᠢᠨ ᠲᠣᠪᠴᠢ 》 ᠳ᠋ᠤ᠌ ᠨᠣᠶᠠᠨ ᠳᠡᠷ᠎ᠡ ᠮᠣᠷᠢᠨ ᠵᠢᠯᠲᠡᠢ ( ᠵᠢᠶᠠ ᠵᠢᠩ ᠦ᠋ᠨ ᠲᠡᠷᠢᠭᠦᠨ ᠣᠨ ᠂ 1522 ᠣᠨ ) ᠂ ᠭᠤᠴᠢ ᠶᠢᠰᠦᠨ ᠨᠠᠰᠤᠨ ᠳ᠋ᠠᠭᠠᠨ ᠴᠠᠭᠠᠨ ᠪᠡᠴᠢᠨ ᠵᠢᠯ ( ᠵᠢᠶᠠ ᠵᠢᠩ ᠦ᠋ᠨ ᠭᠤᠴᠢ ᠶᠢᠰᠦᠳᠦᠭᠡᠷ ᠣᠨ ᠂ 1560 ᠣᠨ ) ᠵᠢᠨᠦᠩ ᠰᠠᠭᠤᠵᠤ ᠬᠣᠷᠢᠨ ᠭᠤᠷᠪᠠᠨ ᠵᠢᠯ ᠪᠣᠯᠤᠭᠠᠳ ᠲᠠᠪᠢᠨ ᠭᠤᠷᠪᠠᠨ ᠨᠠᠰᠤᠨ ᠳ᠋ᠠᠭᠠᠨ ᠬᠥᠬᠡ ᠨᠣᠬᠠᠢ ᠵᠢᠯ ( ᠸᠠᠨ ᠯᠢ ᠶ᠋ᠢᠨ ᠬᠣᠶᠠᠳᠤᠭᠠᠷ ᠣᠨ ᠂ 1574 ᠣᠨ ) ᠬᠠᠯᠢᠪᠠᠢ ᠭᠡᠳᠡᠭ ᠃ ᠭᠡᠲᠡᠯ᠎ᠡ 1560 ᠣᠨ ᠠ᠋ᠴᠠ 1574 ᠣᠨ ᠬᠦᠷᠲᠡᠯ᠎ᠡ ᠠᠷᠪᠠᠨ ᠲᠠᠪᠤᠨ ᠵᠢᠯ ᠲᠡᠳᠦᠢ ᠡᠴᠡ ᠪᠤᠰᠤ ᠬᠣᠷᠢᠨ ᠭᠤᠷᠪᠠᠨ ᠵᠢᠯ ᠪᠤᠰᠤ ᠃ ᠲᠡᠭᠦᠨ ᠦ ᠬᠠᠯᠢᠭᠰᠠᠨ ᠣᠨ ᠨᠢ ᠮᠥᠨ ᠴᠦ᠍ ᠬᠢᠲᠠᠳ ᠪᠢᠴᠢᠭ ᠲᠡᠢ ᠠᠳᠠᠯᠢ ᠦᠭᠡᠢ ᠃ 《 ᠸᠠᠨ ᠯᠢ ᠡᠦ ᠬᠦᠩ ᠯᠦ᠍ 》 ᠪᠢᠴᠢᠭ ᠲᠠᠬᠢ ᠠᠯᠲᠠᠨ ᠬᠠᠭᠠᠨ ᠤ᠋ ᠴᠠᠳᠢᠭ ᠲᠤ᠌ ᠲᠡᠮᠳᠡᠭᠯᠡᠭᠰᠡᠨ ᠢ᠋ ᠦᠨᠳᠦᠰᠦᠯᠡᠪᠡᠯ ᠨᠣᠶᠠᠨ ᠳᠡᠷ᠎ᠡ ᠵᠢᠨᠦᠩ ᠯᠦᠩ ᠴᠢᠩ (隆庆) ᠦ᠋ᠨ ᠵᠢᠷᠭᠤᠳᠤᠭᠠᠷ ᠣᠨ ᠤ᠋ ᠭᠤᠷᠪᠠᠳᠤᠭᠠᠷ ᠰᠠᠷ᠎ᠠ ᠶ᠋ᠢᠨ ᠰᠢᠨᠢᠨ ᠭᠤᠷᠪᠠᠨ ᠤ᠋ ᠡᠳᠦᠷ ᠬᠠᠯᠢᠵᠠᠢ ᠃ ᠬᠢᠨᠠᠪᠠᠰᠤ ᠮᠡᠷᠭᠡᠨ ᠵᠢᠨᠦᠩ ᠨᠢ ᠶ᠋ᠢᠶᠠ ᠵᠢᠩ ᠦ᠋ᠨ ᠬᠣᠷᠢᠨ ᠨᠢᠭᠡᠳᠦᠭᠡᠷ ᠣᠨ ( 1542 ) ᠲᠤᠷ ᠬᠠᠯᠢᠵᠤ ᠨᠣᠶᠠᠨ ᠳᠡᠷ᠎ᠡ ᠨᠢ ᠵᠢᠶᠠ ᠵᠢᠩ ᠦ᠋ᠨ ᠬᠣᠷᠢᠨ ᠭᠤᠷᠪᠠᠳᠤᠭᠠᠷ ᠣᠨ ( 1544 ) ᠳ᠋ᠦ᠍ ᠬᠣᠷᠢᠨ ᠭᠤᠷᠪᠠᠨ ᠨᠠᠰᠤᠨ ᠳ᠋ᠠᠭᠠᠨ ᠵᠢᠨᠦᠩ ᠰᠠᠭᠤᠵᠤ ᠂ ᠬᠣᠷᠢ ᠶᠢᠰᠦᠨ ᠣᠨ ᠪᠣᠯᠤᠭᠠᠳ ᠯᠦᠩ ᠴᠢᠩ ᠦ᠋ᠨ ᠵᠢᠷᠭᠤᠳᠤᠭᠠᠷ ᠣᠨ ( 1572 )7 ᠳ᠋ᠤ᠌ ᠬᠠᠯᠢᠭᠰᠠᠨ ᠪᠣᠯᠤᠯᠲᠠᠢ ᠃  

       ᠪᠠᠭᠠᠲᠤᠷ ᠳᠦᠭᠦᠷᠡᠩ ᠰᠡᠩᠭᠡ①   ᠨᠣᠶᠠᠨ ᠢ᠋ᠶ᠋ᠠᠷ ᠴᠡᠷᠢᠭ ᠢ᠋ ᠤᠳᠤᠷᠢᠳᠴᠤ ᠂ 

       ᠪᠠᠷᠠᠭᠤᠨ ᠭᠤᠷᠪᠠᠨ ᠲᠦᠮᠡᠨ ᠬᠢᠲᠠᠳ ᠤᠯᠤᠰ ᠲᠤᠷ ᠰᠢᠷᠠ ᠳᠠᠯᠠ ᠨᠡᠷᠡᠲᠦ ᠰᠦᠪᠡ ② ᠳ᠋ᠦ᠍ᠷ ᠣᠷᠣᠵᠤ ᠂  

— — — — 

① ᠬᠡᠳᠡᠳ ᠪᠢᠴᠢᠭ ᠲᠦ᠍ 辛爱 ᠪᠤᠶᠤ僧格 ᠭᠡᠳᠡᠭ ᠃ ᠠᠯᠲᠠᠨ ᠬᠠᠭᠠᠨ ᠤ᠋ ᠠᠬᠠᠮᠠᠳ ᠬᠥᠪᠡᠭᠦᠨ ᠪᠣᠯᠬᠤ ᠲᠤᠯᠠ ᠬᠣᠩ ᠲᠠᠢᠵᠢ ᠭᠡᠬᠦ ᠪᠤᠶᠤ ᠬᠢᠲᠠᠳ ᠪᠢᠴᠢᠭ ᠲᠦ᠍ ᠪᠠᠰᠠ ᠬᠤᠸᠠᠩ ᠲᠠᠢ ᠶ᠋ᠢ (黄台吉) ᠭᠡᠳᠡᠭ ᠃ ᠠᠯᠲᠠᠨ ᠬᠠᠭᠠᠨ  ᠬᠠᠯᠢᠭᠰᠠᠨ ᠤ᠋ ᠬᠣᠢᠨ᠎ᠠ ᠬᠠᠭᠠᠨ ᠣᠷᠣ ᠵᠠᠯᠭᠠᠮᠵᠢᠯᠠᠵᠤ ᠰᠡᠴᠡᠨ ᠬᠠᠭᠠᠨ ᠭᠡᠵᠦ ᠠᠯᠳᠠᠷᠰᠢᠵᠠᠢ ᠃ ᠬᠢᠲᠠᠳ ᠪᠢᠴᠢᠭ ᠲᠦ᠍ ᠡᠭᠦᠨ ᠢ᠋ ᠠᠪᠢᠶᠠᠴᠢᠯᠠᠨ ᠴᠢ ᠴᠢᠩ ᠬᠠ 《气庆哈》 ᠭᠡᠵᠦ ᠲᠡᠮᠳᠡᠭᠯᠡᠵᠡᠢ ᠃ ᠭᠣᠣ  ᠸᠸᠨ ᠲᠧ (高文德)ᠨᠠᠷ ᠤ᠋ᠨ ᠨᠠᠢᠷᠠᠭᠤᠯᠤᠭᠰᠠᠨ《 ᠮᠧᠳᠡᠩ ᠬᠦ᠌  ᠱᠢ ᠰᠢ 》 (蒙古世系) ᠭᠡᠬᠦ ᠪᠢᠴᠢᠭ ᠦ᠋ᠨ ᠬᠦᠰᠦᠨᠦᠭ ᠠᠷᠪᠠᠨ ᠲᠠᠪᠤ ᠳ᠋ᠤ᠌ 黄台吉,辛爱,僧格 ᠭᠡᠰᠡᠨ ᠢ᠋ ᠠᠯᠲᠠᠨ ᠬᠠᠭᠠᠨ ᠤ᠋ ᠭᠤᠷᠪᠠᠨ ᠬᠥᠪᠡᠭᠦᠨ ᠭᠡᠵᠦ ᠲᠡᠮᠳᠡᠭᠯᠡᠭᠰᠡᠨ ᠨᠢ ᠪᠤᠷᠤᠭᠤ ᠪᠣᠯᠵᠠᠢ ᠃ 

② ᠵᠢᠶᠠ ᠵᠢᠩ ᠦ᠋ᠨ ᠬᠣᠷᠢᠳᠤᠭᠠᠷ ᠣᠨ ( 1541 ) ᠦ᠌ ᠳᠣᠯᠣᠳᠤᠭᠠᠷ ᠰᠠᠷ᠎ᠠ ᠳ᠋ᠤ᠌ ᠠᠯᠲᠠᠨ ᠬᠠᠭᠠᠨ ᠱᠢ ᠲᠢᠶᠠᠨ ᠵᠢᠦᠸᠠᠢ(石天爵 ) ᠺᠧᠨᠴᠠᠢ(肯切) ᠨᠠᠷ ᠢ᠋ ᠡᠯᠴᠢᠨ ᠢ᠋ᠶ᠋ᠡᠷ ᠲᠣᠮᠢᠯᠠᠨ ᠳᠠ ᠲᠦᠩ ᠪᠤᠭᠤᠮᠳᠠᠨ᠎ᠠ ᠣᠴᠢᠭᠤᠯᠵᠤ ᠬᠠᠷᠢᠯᠴᠠᠨ ᠠᠷᠠᠯᠵᠢᠶ᠎ᠠ ᠨᠡᠪᠲᠡᠷᠡᠬᠦ ᠶᠠᠪᠤᠳᠠᠯ ᠢ᠋ ᠰᠠᠨᠠᠭᠠᠴᠢᠯᠠᠨ 《 ᠬᠢᠵᠠᠭᠠᠷ ᠤ᠋ᠨ ᠢᠷᠭᠡᠨ ᠪᠣᠭᠣᠮᠲᠠ ᠶ᠋ᠢᠨ ᠳᠣᠲᠣᠷ᠎ᠠ ᠲᠠᠷᠢᠶ᠎ᠠ ᠲᠣᠮᠣᠰᠤ ᠲᠠᠷᠢᠵᠤ ᠂ ᠮᠣᠩᠭᠣᠯᠴᠤᠳ ᠪᠣᠭᠣᠮᠲᠠ ᠶ᠋ᠢᠨ ᠭᠠᠳᠠᠨ᠎ᠠ ᠠᠳᠤᠭᠤ ᠮᠠᠯ ᠮᠠᠯᠵᠢᠨ ᠠᠮᠢᠳᠤᠷᠠᠵᠤ 》 ᠂ ᠬᠠᠷᠢᠯᠴᠠᠨ ᠦᠯᠦ ᠬᠠᠯᠳᠠᠬᠤ ᠡᠪ ᠨᠠᠢᠷᠠᠮᠳᠠᠭᠤ ᠣᠷᠣᠰᠢᠨ ᠶᠠᠪᠤᠬᠤᠢ ᠶ᠋ᠢ ᠪᠡᠶᠡᠯᠡᠭᠳᠡᠭᠦᠯᠦᠶ᠎ᠡ ᠭᠡᠵᠡᠢ ᠃ ᠭᠡᠲᠡᠯ᠎ᠡ ᠲᠠᠢᠮᠢᠩ ᠤ᠋ᠨ ᠵᠠᠰᠠᠭ ᠤ᠋ᠨ ᠭᠠᠵᠠᠷ ᠡᠨᠡ ᠬᠦ᠌ ᠰᠠᠨᠠᠭᠠᠴᠢᠯᠠᠬ᠎ᠠ ᠶ᠋ᠢ ᠡᠰᠡ ᠵᠥᠪᠰᠢᠶᠡᠬᠦ ᠪᠡᠷ ᠦᠯᠦ ᠪᠠᠷᠠᠮ ᠬᠠᠷᠢᠨ ᠡᠯᠴᠢᠨ ᠪᠣᠯᠤᠭᠰᠠᠨ ᠺᠧᠨᠴᠠᠢ ᠶ᠋ᠢ ᠪᠠᠷᠢᠪᠴᠢᠯᠠᠨ ᠬᠣᠷᠢᠬᠤ ᠶ᠋ᠢᠨ ᠵᠡᠷᠭᠡᠪᠡᠷ ᠶᠡᠬᠡ ᠮᠥᠩᠭᠥ ᠭᠠᠷᠭᠠᠨ ᠠᠯᠲᠠᠨ ᠬᠠᠭᠠᠨ ᠤ᠋ ᠲᠡᠷᠢᠭᠦᠨ ᠢ᠋ ᠬᠤᠳᠠᠯᠳᠤᠨ ᠠᠪᠬᠤ ᠭᠡᠵᠦ ᠵᠠᠷ  ᠲᠤᠩᠬᠠᠭ ᠲᠠᠷᠬᠠᠭᠠᠵᠤ ᠪᠠᠢᠯ᠎ᠠ ᠃ ᠲᠡᠭᠦᠨ ᠦ᠌ ᠬᠣᠢᠨ᠎ᠠ ᠮᠥᠨ ᠳᠠᠷᠠᠭ᠎ᠠ ᠵᠢᠯ ᠦ᠋ᠨ ᠢᠯᠡᠭᠦᠦ ᠲᠠᠪᠤᠨ ᠰᠠᠷ᠎ᠠ ᠳ᠋ᠤ᠌ ᠠᠯᠲᠠᠨ ᠬᠠᠭᠠᠨ ᠳᠠᠬᠢᠨ ᠡᠯᠴᠢᠨ ᠲᠣᠮᠢᠯᠠᠨ ᠱᠢ ᠲᠢᠶᠠᠨ  ᠵᠢᠦᠸᠠᠢ ᠨᠠᠷ ᠢ᠋ ᠪᠤᠭᠤᠮᠳᠠᠨ᠎ᠠ ᠣᠷᠣᠭᠤᠯᠵᠤ ᠮᠥᠨ ᠡᠪ ᠨᠠᠢᠷᠠᠮᠳᠠᠭᠤ ᠪᠣᠯᠬᠤ ᠶᠠᠪᠤᠳᠠᠯ ᠢ᠋ ᠳᠠᠬᠢᠨ ᠨᠢᠭᠡ ᠤᠳᠠᠭ᠎ᠠ ᠰᠠᠨᠠᠭᠠᠴᠢᠯᠠᠪᠠ ᠃ ᠭᠡᠲᠡᠯ᠎ᠡ ᠳᠠᠢᠮᠢᠩ ᠤ᠋ᠨ ᠵᠠᠰᠠᠭ ᠤ᠋ᠨ ᠭᠠᠵᠠᠷ ᠠ᠋ᠴᠠ ᠡᠨᠡ ᠬᠦ᠌ ᠱᠠᠭᠠᠷᠳᠠᠯᠭ᠎ᠠ ᠶ᠋ᠢ ᠡᠰᠡ ᠵᠥᠪᠰᠢᠶᠡᠷᠡᠬᠦ ᠪᠡᠷ ᠦᠯᠦ ᠪᠠᠷᠠᠮ ᠱᠢ ᠲᠢᠶᠠᠨ  ᠵᠢᠦᠸᠠᠢ᠂  ᠺᠧᠨᠴᠠᠢ ᠨᠠᠷ ᠢ᠋ ᠠᠯᠠᠭᠠᠳ ᠲᠡᠷᠢᠭᠦᠨ ᠢ᠋ ᠣᠭᠲᠣᠯᠤᠨ ᠵᠠᠬ᠎ᠠ ᠬᠢᠵᠠᠭᠠᠷ ᠤ᠋ᠨ ᠢᠷᠭᠡᠨ ᠳ᠋ᠦ᠍ᠷ ᠦᠵᠡᠭᠦᠯᠵᠡᠢ ᠃ ᠡᠨᠡ ᠤᠴᠢᠷ ᠢ᠋ ᠰᠣᠨᠣᠰᠤᠭᠰᠠᠨ ᠳᠠᠷᠤᠢ ᠠᠯᠲᠠᠨ ᠬᠠᠭᠠᠨ ᠶᠡᠬᠡᠳᠡ ᠬᠢᠯᠢᠩᠯᠡᠨ ᠵᠢᠯ ᠳᠠᠷᠠᠭᠠᠯᠠᠨ ᠴᠡᠷᠢᠭ ᠭᠠᠷᠭᠠᠵᠤ ᠬᠢᠲᠠᠳ ᠭᠠᠵᠠᠷ ᠢ᠋ ᠤᠤᠯᠭᠠᠯᠠᠨ ᠳᠤᠪᠠᠳᠣᠯᠵᠤ ᠳᠠᠢᠮᠢᠩ ᠤᠯᠤᠰ ᠠ᠋ᠴᠠ ᠥᠰᠢᠯ ᠥᠰᠢᠨ ᠬᠢᠰᠠᠯ ᠭᠢᠰᠡᠬᠦ ᠪᠣᠯᠵᠠᠢ ᠃ ᠡᠨᠡ ᠤᠳᠠᠬ᠎ᠠ ᠶ᠋ᠢᠨ ᠪᠠᠢᠯᠳᠤᠭᠠᠨ ᠪᠣᠯ ᠵᠢᠶᠠ ᠵᠢᠩ ᠦ᠋ᠨ ᠬᠣᠷᠢ ᠶᠢᠰᠦᠳᠦᠭᠡᠷ ᠣᠨ ( 1550 ᠣᠨ ) ᠤ᠋ ᠨᠠᠮᠤᠷ ᠤ᠋ᠨ ᠨᠠᠢ᠍ᠮᠠᠳᠤᠭᠠᠷ ᠰᠠᠷ᠎ᠠ ᠳ᠋ᠤ᠌ ᠪᠣᠯᠤᠭᠰᠠᠨ ᠪᠢᠯᠡ ᠃ ᠲᠤᠰ ᠵᠢᠯ ᠦ᠋ᠨ ᠡᠰᠢ ᠡᠷᠬᠡᠲᠡᠨ ᠨᠢ ᠴᠠᠭᠠᠨ ᠨᠣᠬᠠᠢ ᠪᠣᠯᠬᠤ ᠶ᠋ᠢᠨ ᠲᠤᠯᠠ ᠲᠡᠦᠬᠡ ᠪᠢᠴᠢᠭ ᠲᠦ᠍ ᠡᠭᠦᠨ ᠢ᠋ ᠴᠠᠭᠠᠨ ᠨᠣᠬᠠᠢ ᠵᠢᠯ ᠦ᠋ᠨ ᠬᠤᠪᠢᠰᠤᠯ ᠭᠡᠳᠡᠭ ᠃ 《 ᠮᠢᠩ ᠱᠢ ᠵᠢᠢ ᠱᠢ ᠹᠧᠨ ᠮᠦᠸᠧ ) (明史纪事本末 ) ᠭᠡᠬᠦ ᠪᠢᠴᠢᠭ ᠦ᠋ᠨ ᠠᠯᠲᠠᠨ ᠤ᠋ ᠠᠯᠪᠠ ᠪᠠᠷᠢᠯᠭ᠎ᠠ ᠭᠡᠬᠦ ᠪᠦᠯᠦᠭ ᠳᠠᠬᠢ ᠵᠢᠶᠠ ᠵᠢᠩ ᠦ᠋ᠨ ᠬᠣᠷᠢ ᠵᠢᠰᠦᠨ ᠣᠨ ᠤ᠋ ᠨᠠᠮᠤᠷ ᠤ᠋ᠨ ᠨᠠᠢ᠍ᠮᠠᠳᠤᠭᠠᠷ ᠰᠠᠷ᠎ᠠ ᠶ᠋ᠢᠨ ᠲᠡᠮᠳᠡᠭᠯᠡᠯ ᠦ᠋ᠨ ᠲᠡᠮᠳᠡᠭᠯᠡᠭᠰᠡᠨ ᠨᠢ ᠄  ᠠᠯᠲᠠᠨ ᠢ᠋ᠶ᠋ᠠᠷ ᠰᠢᠦᠸᠠᠨ ᠹᠦ ᠶ᠋ᠢ ᠳᠠᠪᠠᠭᠠᠳ ᠵᠢᠢ ᠵᠧᠦ ᠪᠣᠭᠣᠮᠲᠠ (蓟州塞 ) ᠪᠠᠷ ᠶᠠᠪᠤᠵᠤ ᠮᠣᠯᠲᠣᠰᠢ ᠬᠠᠭᠠᠯᠭ᠎ᠠ (古北口 ) ᠪᠠᠷ ᠣᠷᠣᠵᠤ ᠢᠷᠡᠭᠡᠳ ᠱᠦᠨ ᠡᠢ (顺义 ) ᠶ᠋ᠢ ᠪᠦᠰᠡᠯᠡᠨ ᠨᠢᠭᠡᠨ  ᠠᠮᠢᠰᠬᠤᠭ᠎ᠠ ᠪᠠᠷ ᠰᠢᠭᠤᠳ ᠳᠣᠲᠣᠭᠰᠢ ᠣᠷᠣᠵᠤ ᠢᠷᠡᠪᠡᠢ ᠃ ᠰᠢᠷ᠎ᠠ ᠪᠠᠷᠰ ᠡᠳᠦᠷ᠎ᠡ ᠲᠦᠩ ᠵᠧᠦ (通州 ) ᠶ᠋ᠢ ᠰᠢᠬᠠᠮᠳᠠᠭᠤᠯᠤᠨ ᠮᠢ ᠶᠦᠨ (密云 ) ᠂ ᠰᠠᠨ ᠧ ( 三河) ᠂ ᠴᠠᠩ ᠫᠢᠩ (昌平 ) ᠵᠡᠷᠭᠡ ᠣᠯᠠᠨ ᠭᠠᠵᠠᠷ ᠊ᠢ ᠪᠤᠯᠢᠶᠠᠨ ᠳᠡᠭᠡᠷᠡᠮᠳᠡᠪᠡᠢ ᠃ ᠴᠠᠭᠠᠭᠴᠢᠨ ᠮᠣᠭᠠᠢ ᠡᠳᠦᠷ᠎ᠡ ᠨᠡᠶ᠋ᠢᠰᠯᠡᠯ ᠬᠣᠲᠠᠨ᠎ᠠ ᠣᠢᠷᠠᠲᠤᠨ ᠢᠷᠡᠪᠡᠢ ᠃ ᠬᠠᠷ᠎ᠠ ᠮᠣᠷᠢᠨ ᠡᠳᠦᠷ ᠠᠯᠲᠠᠨ ᠢ᠋ᠶ᠋ᠠᠷ ᠠᠯᠪᠠ ᠪᠠᠷᠢᠬᠤ ᠬᠡᠮᠡ ᠭᠤᠶᠤᠭᠰᠠᠨ᠎ᠠ ᠣᠷᠳᠣᠨ ᠤ᠋ ᠰᠠᠢᠳ ᠲᠦᠰᠢᠮᠡᠯ ᠨᠠᠷ ᠵᠠᠷᠯᠢᠭ ᠢ᠋ᠶ᠋ᠠᠷ ᠬᠤᠷᠠᠨ ᠵᠥᠪᠯᠡᠯᠳᠦᠪᠡᠢ᠃ ᠬᠠᠷᠠᠭᠴᠢᠨ ᠬᠣᠨᠢᠨ ᠡᠳᠦᠷ᠎ᠡ ᠠᠯᠲᠠᠨ ᠨᠠᠷ ᠬᠠᠭᠠᠨ ᠤ᠋ ᠣᠩᠭᠣᠨ ᠯᠤᠭ᠎ᠠ ᠬᠠᠯᠳᠠᠵᠤ ᠰᠢ ᠱᠠᠨ ( 西山 ) ᠂ ᠯᠢᠶᠠᠩ ᠰᠢᠶᠠᠩ (良乡 )᠎ᠠᠴᠠ ᠪᠠᠷᠠᠭᠤᠨᠳᠠᠬᠢ ᠭᠠᠵᠠᠷ ᠢ᠋ ᠤᠤᠯᠭᠠᠯᠠᠨ ᠪᠤᠯᠢᠶᠠᠭᠠᠳ ᠳᠠᠷᠤᠢ ᠵᠡᠭᠦᠨᠰᠢ ᠣᠳᠬᠤᠶ᠎ᠠ ᠨᠡᠢᠰᠯᠡᠯ ᠬᠣᠲᠠ ᠲᠦᠭᠰᠢᠭᠦᠷᠢ᠎ᠡᠴᠡ ᠮᠤᠯᠲᠤᠷᠠᠪᠠᠢ 》 ᠭᠡᠵᠡᠢ ᠃ ᠳᠡᠭᠡᠷ᠎ᠡ ᠥᠭᠦᠯᠡᠭᠰᠡᠨ ᠲᠡᠮᠳᠡᠭᠯᠡᠯ ᠊ᠢ ᠦᠨᠳᠦᠰᠦᠯᠡᠨ ᠠᠯᠲᠠᠨ ᠬᠠᠭᠠᠨ ᠤ᠋ ᠴᠡᠷᠢᠭ ᠣᠷᠣᠭᠰᠠᠨ ᠵᠠᠮ ᠱᠤᠭᠤᠮ ᠊ᠢ ᠨᠠᠷᠢᠪᠴᠢᠯᠠᠨ ᠰᠢᠨᠵᠢᠪᠡᠰᠦ ᠂ ᠰᠢᠷ᠎ᠠ ᠲᠠᠯ᠎ᠠ ᠭᠡᠳᠡᠭ ᠨᠢ ᠳᠠᠷᠤᠢ 黄花坪 ᠭᠡᠬᠦ ᠭᠠᠵᠠᠷ ᠢ᠋ ᠵᠢᠭᠠᠭᠰᠠᠨ ᠪᠢᠯᠡ ᠃ 

       ᠬᠠᠷᠢᠳᠠᠨ ᠳᠠᠢᠰᠤᠨ ᠢ᠋ ᠳᠣᠪᠲᠣᠯᠤᠨ ᠣᠳᠬᠤᠢ ᠶ᠋ᠢ ᠢᠨᠤ ᠮᠡᠳᠡᠭᠡᠳ 

       ᠬᠠᠷᠠ ᠬᠢᠲᠠᠳ ᠤ᠋ᠨ ᠪᠠᠢᠷᠢ ᠭᠠᠷᠴᠤ ᠰᠦᠪᠡ ᠶ᠋ᠢᠨ ᠠᠮᠰᠠᠷ ᠬᠠᠭᠠᠭᠰᠠᠨ ᠳ᠋ᠤᠷ ᠂ 

       ᠬᠠᠲᠠᠭᠤ ᠶᠡᠬᠡ ᠬᠦᠴᠦᠲᠦ ᠰᠡᠩᠭᠡ ᠨᠣᠶᠠᠨ ᠪᠡᠶ᠎ᠡ ᠪᠡᠷ ᠤᠷᠢᠤᠠᠴᠤ ᠳᠠᠷᠤᠭᠠᠳ 

       ᠭᠠᠢᠬᠠᠮᠰᠢᠭ ᠶᠡᠬᠡ ᠣᠯᠵᠠ ᠲᠠᠯᠠᠬ᠎ᠠ ᠠᠪᠤᠭᠠᠳ ᠬᠠᠷᠢᠨ ᠪᠠᠰᠠᠬᠦ ᠂ 

       ᠲᠠᠶ᠋ᠢᠮᠢᠩ ᠬᠠᠭᠠᠨ ᠤ᠋ ᠬᠣᠲᠠ ① ᠶ᠋ᠢᠨ ᠭᠠᠳᠠᠨ᠎ᠠ ᠬᠦᠷᠴᠦ ᠡᠬᠢᠯᠡᠭᠡᠳ ᠂ 

— — — — 

① ᠲᠠᠢᠮᠢᠩ ᠤᠯᠤᠰ ᠤ᠋ᠨ ᠨᠡᠢᠰᠯᠡᠯ ᠬᠣᠲᠠ ᠶ᠋ᠢ ᠵᠢᠭᠠᠵᠤ ᠪᠣᠢ ᠂ ᠣᠳᠣ ᠶ᠋ᠢᠨ ᠪᠡᠭᠡᠵᠢᠩ ᠃  

       ᠳᠠᠢᠯᠠᠯᠳᠤᠨ ᠢᠷᠡᠭᠰᠡᠨ ᠴᠡᠷᠢᠭ ᠦ᠋ᠳ ᠢ᠋ ᠠᠨᠤ ᠰᠠᠮᠰᠢᠶᠠᠭᠠᠳ ᠂ 

       ᠳᠠᠬᠢ ᠶᠡᠬᠡ ᠤᠯᠤᠰ ᠪᠠᠶᠠᠰᠬᠤᠯᠠᠩ ᠲᠠᠶ᠎ᠠ ᠣᠯᠵᠠ ᠣᠯᠤᠭᠠᠳ ᠂ 

       ᠲᠠᠲᠠᠵᠤ ᠠᠯᠲᠠᠨ  ᠵᠢᠯᠤᠭᠤᠪᠠᠨ ᠵᠠᠯᠠᠷᠠᠵᠤ ᠲᠤᠰ ᠲᠤᠰ ᠪᠦᠷᠢ ᠪᠠᠭᠤᠪᠠᠢ ᠃ 

       ᠬᠣᠢᠨᠠ ᠢᠨᠤ ᠬᠢᠲᠠᠳ ᠤ᠋ᠨ ᠲᠠᠢᠮᠢᠩ ᠬᠠᠭᠠᠨ ᠶᠠᠩᠬᠤᠴᠠᠭ① ᠨᠡᠷᠡᠲᠦ ᠬᠥᠮᠦᠨ ᠢ᠋ᠶ᠋ᠡᠷ ᠂ 

       ᠬᠣᠲᠠᠯᠠ ᠶ᠋ᠢᠨ ᠡᠷᠭᠢᠨ ᠠᠯᠲᠠᠨ ᠬᠠᠭᠠᠨ ᠤ᠋ ᠨᠡᠷ᠎ᠡ ᠠᠯᠳᠠᠷ ᠠ᠋ᠴᠠ ᠡᠮᠢᠶᠡᠵᠦ ᠂ 

       ᠬᠣᠣᠷ ᠲᠠᠨ ᠨᠢᠭᠡᠨ ᠨᠢᠭᠡᠨ ᠢ᠋ᠶ᠋ᠡᠨ ᠬᠢᠳᠵᠤ ᠪᠠᠷᠠᠬᠤ ᠦᠭᠡᠢ ᠶ᠋ᠢᠨ ᠲᠤᠯᠠ ᠂ 

       ᠬᠤᠳᠠᠯ ᠳ᠋ᠤ᠌ ②ᠨᠡᠷ᠎ᠡ ᠱᠠᠩ ᠠᠪᠤᠯᠴᠠᠵᠤ ᠢᠨᠠᠭᠰᠢ ᠴᠢᠨᠠᠭᠰᠢ ᠵᠤᠬᠢᠶᠤᠪᠠᠰᠤ ᠰᠠᠢᠨ ᠪᠤᠶᠤ ᠂ 

       ᠬᠡᠮᠡᠵᠦ ᠢᠯᠡᠭᠡᠭᠰᠡᠨ ᠡᠯᠴᠢ ᠯᠦᠭᠡ ᠠᠳᠤᠭᠤᠴᠢ ③ᠨᠡᠷᠡᠲᠦ ᠬᠥᠮᠦᠨ ᠢ᠋ ᠢᠯᠡᠭᠡᠭᠡᠳ ᠂ 

       ᠬᠡᠷᠡᠮ ᠦ᠋ᠨ ᠭᠠᠳᠠᠨ᠎ᠠ ᠶᠡᠬᠡ ᠴᠡᠷᠢᠭ ᠢ᠋ᠶ᠋ᠡᠨ ᠠᠪᠤᠭᠠᠳ ᠡᠬᠢᠯᠡᠵᠦ ᠂ 

— — — — 

①ᠵᠠᠩ ᠶᠠᠨ ᠸᠸᠨ ( 张彦文 ) ᠦ᠌ ᠣᠨᠳᠣᠣ ᠨᠡᠷ᠎ᠡ ᠃ 《ᠸᠠᠨ ᠯᠢ ᠡᠦ ᠬᠦᠩ ᠯᠦ᠍ 》 ᠪᠢᠴᠢᠭ ᠲᠠᠬᠢ ᠠᠯᠲᠠᠨ ᠬᠠᠭᠠᠨ ᠤ᠋ ᠴᠠᠳᠢᠭ ᠢ᠋ ᠦᠨᠳᠦᠰᠦᠯᠡᠪᠡᠯ ᠂ ᠵᠠᠩ ᠶᠠᠨ ᠸᠸᠨ ᠮᠣᠩᠭᠣᠯ ᠤ᠋ᠨ ᠭᠠᠵᠠᠷ ᠲᠤ᠌ ᠰᠠᠭᠤᠵᠤ ᠪᠠᠢᠭᠰᠠᠨ ᠢ᠋ᠶ᠋ᠠᠨ ᠬᠣᠢᠨ᠎ᠠ ᠬᠢᠲᠠᠳ ᠤ᠋ᠨ ᠭᠠᠵᠠᠷ ᠲᠤ᠌ ᠵᠢᠭᠤᠲᠠᠨ ᠣᠴᠢᠭᠠᠳ ᠬᠡᠯᠡᠮᠦᠷᠴᠢ ᠪᠣᠯᠪᠠ ᠃ ᠵᠢᠶᠠ ᠵᠢᠩ ᠦ᠋ᠨ ᠳᠥᠴᠢᠳᠦᠭᠡᠷ ᠣᠨ (1561 ᠣᠨ) ᠳ᠋ᠤ᠌ ᠳᠠᠬᠢᠨ ᠮᠣᠩᠭᠣᠯ ᠤ᠋ᠨ ᠭᠠᠵᠠᠷ ᠵᠢᠭᠤᠲᠠᠨ ᠢᠷᠡᠵᠦ ᠨᠡᠷ᠎ᠡ ᠪᠡᠨ ᠬᠠᠯᠠᠨ ᠶᠠᠩ ᠬᠤ᠌ ᠴᠠᠩ (羊忽厂 ) ᠭᠡᠵᠡᠢ ᠃ 

②ᠬᠤᠳᠠᠯᠳᠤᠭ᠎ᠠ ᠶ᠋ᠢᠨ ᠬᠠᠭᠤᠴᠢᠨ ᠪᠢᠴᠢᠯᠭᠡ ᠃ 

③ ᠬᠢᠲᠠᠳ ᠰᠤᠷᠪᠤᠯᠵᠢ ᠪᠢᠴᠢᠭ ᠲᠦ᠍ ᠶᠠ ᠲᠧᠦ ᡁᠢ (丫头智 ) ᠭᠡᠵᠦ ᠪᠢᠴᠢᠳᠡᠭ ᠃ 

       ᠬᠡᠯᠡᠯᠴᠡᠵᠦ ᠭᠤᠷᠪᠠᠨ ᠲᠦᠮᠡᠨ ᠢ᠋ᠶ᠋ᠡᠷ ᠲᠤᠰ ᠪᠦᠷᠢ ᠮᠣᠷᠳᠠᠭᠠᠳ ᠰᠢᠬᠠᠵᠤ᠂ 

       ᠬᠡᠲᠦᠷᠬᠡᠶ᠎ᠡ ᠶᠡᠬᠡ ᠰᠠᠩ ᠲᠠᠲᠠᠯᠭ᠎ᠠ ᠠᠪᠴᠤ ᠪᠠᠭᠤᠭᠰᠠᠨ ᠠᠵᠤᠭᠤ ᠃ ① 

       ᠬᠠᠷᠢᠵᠤ ᠪᠠᠭᠤᠭᠠᠳ ᠰᠡᠴᠡ ᠦᠯᠦ ᠤᠳᠠᠨ ᠳᠠᠷᠤᠢ ᠳ᠋ᠤᠷ ᠴᠠᠭᠠᠨ ᠭᠠᠬᠠᠢ ᠵᠢᠯ᠎ᠡ ② 

       ᠬᠠᠷᠢᠲᠠᠨ ᠬᠢᠲᠠᠳ ᠤ᠋ᠨ ᠪᠢᠯᠠᠨ ᠵᠠᠭᠤᠨ ᠣᠮᠣᠭ ᠲᠠᠨ③ ᠯᠠᠪᠠ ④᠂ ᠢᠪᠠᠩ ⑤ ᠂ ᠪᠢᠴᠢᠭᠡᠴᠢ⑥ ᠂ 

       ᠬᠠᠭᠠᠨ ᠤ᠋ ᠡᠵᠡᠨ ᠦ᠌ ᠨᠡᠷ᠎ᠡ ᠠᠯᠳᠠᠷᠢ ᠰᠣᠨᠣᠰᠴᠤ ᠰᠡᠴᠡᠰᠭᠠᠯᠤ ᠲᠤᠨᠪᠠᠩ᠂ 

       ᠬᠠᠷᠠ ᠬᠢᠲᠠᠳ ᠤ᠋ᠨ ᠯᠢ ᠨᠥᠭᠡᠴᠢ ᠲᠠᠲᠠᠯᠭ᠎ᠠ ⑦ ᠲᠡᠷᠢᠭᠦᠲᠡᠨ ᠨᠣᠶᠠᠳ ᠢᠨᠤ ᠣᠷᠣᠵᠤ ᠢᠷᠡᠭᠡᠳ᠂ 

— — — — 

① ᠬᠡᠯᠡᠯᠴᠡᠭᠡᠷ ᠢ᠋ ᠳᠠᠮᠵᠢᠨ ᠬᠢᠲᠠᠳ ᠮᠣᠩᠭᠣᠯ ᠬᠣᠶᠠᠷ ᠲᠠᠯ᠎ᠠ ᠪᠠᠷ ᠢ᠋ᠶ᠋ᠠᠨ ᠠᠳᠤᠭᠤᠨ ᠠᠷᠠᠯᠵᠢᠶ᠎ᠠ ᠨᠡᠭᠡᠭᠡᠬᠦ ᠪᠡᠷ ᠲᠣᠭᠲᠠᠵᠠᠢ᠃ ᠵᠢᠶᠠ ᠵᠢᠩ ᠦ᠋ᠨ  ᠭᠤᠴᠢᠳᠤᠭᠠᠷ ᠣᠨ (1551 ) ᠦ᠌ ᠳᠣᠯᠣᠳᠤᠭᠠᠷ ᠰᠠᠷ᠎ᠠ ᠳ᠋ᠤ᠌ ᠳᠠ ᠲᠦᠩ᠂ ᠰᠢᠦᠸᠠᠨ ᠹᠦ᠂ ᠶᠠᠨ ᠰᠦᠢ᠂ ᠨᠢᠩᠰᠢᠶᠠ ᠵᠡᠷᠭᠡ ᠭᠠᠵᠠᠷ ᠲᠤ᠌ ᠤᠷᠢᠳ ᠬᠣᠵᠢᠳ ᠠᠳᠤᠭᠤᠨ ᠠᠷᠠᠯᠵᠢᠶ᠎ᠠ ᠨᠡᠭᠡᠭᠡᠬᠦ ᠪᠣᠯᠵᠤ ᠂ ᠠᠯᠲᠠᠨ ᠤ᠋ ᠲᠠᠯ᠎ᠠ ᠠ᠋ᠴᠠ ᠳᠠ ᠲᠦᠩ ᠳ᠋ᠦ᠍ 447 ᠮᠣᠷᠢ ᠬᠤᠳᠠᠯᠳᠤᠵᠤ 44032 ᠯᠠᠩ ᠮᠥᠩᠭᠥ ᠂ 11740 ᠪᠦᠬᠦᠯᠢ ᠪᠥᠰ  ᠪᠠ ᠬᠡᠮᠡᠷᠯᠢᠭ  ᠣᠯᠵᠠᠢ ᠃ ᠭᠡᠲᠡᠯ᠎ᠡ ᠡᠨᠡ ᠬᠦ᠌ ᠠᠷᠠᠯᠵᠢᠶ᠎ᠠ ᠨᠢ ᠳᠡᠮᠡᠢ ᠤᠳᠠᠵᠤ ᠴᠢᠳᠠᠭᠰᠠᠨ ᠦᠭᠡᠢ ᠃ ᠤᠴᠢᠷ  ᠶᠠᠭᠤᠨ ᠭᠡᠪᠡᠯ ᠂ ᠭᠠᠭᠴᠠ ᠠᠳᠤᠭᠤ ᠮᠣᠷᠢᠨ ᠤ᠋  ᠠᠷᠠᠯᠵᠢᠶ᠎ᠠ ᠲᠡᠳᠦᠢ ᠪᠣᠯᠬᠣᠷ᠂ ᠮᠣᠩᠭᠣᠯ ᠳ᠋ᠤ᠌ ᠭᠠᠭᠴᠠ ᠪᠠᠶᠠᠨ ᠴᠢᠨᠡᠭᠡᠯᠢᠭ ᠬᠥᠮᠦᠰ ᠨᠢ   《 ᠰᠠᠶᠢ  ᠠᠳᠤᠭᠤ ᠮᠣᠷᠢ ᠪᠠᠷ ᠠᠷᠠᠯᠵᠢᠶ᠎ᠠ ᠬᠢᠵᠦ ᠴᠢᠳᠠᠬᠤ ᠠ᠋ᠴᠠ  ᠪᠢᠰᠢ᠂ ᠶᠠᠳᠠᠭᠤ ᠵᠦᠳᠡᠩᠭᠢ ᠨᠢ ᠭᠠᠭᠴᠠ ᠦᠬᠡᠷ  ᠦᠬᠡᠷ ᠬᠣᠨᠢᠳ ᠪᠠᠢᠬᠤ ᠲᠡᠳᠦᠢ 》 ᠲᠤᠯᠠ ᠦᠬᠡᠷ ᠬᠣᠨᠢᠳ ᠢ᠋ᠶ᠋ᠠᠷ ᠠᠮᠤ ᠪᠤᠳᠠᠭ᠎ᠠ ᠰᠣᠯᠢᠬᠤ ᠶ᠋ᠢ ᠬᠦᠰᠡᠵᠦ ᠪᠠᠢᠯ᠎ᠠ᠃ ᠲᠠᠢᠮᠢᠩ ᠤ᠋ᠨ ᠵᠠᠰᠠᠭ ᠤ᠋ᠨ ᠭᠠᠵᠠᠷ   ᠡᠨᠡ ᠶᠠᠪᠤᠳᠠᠯ ᠢ᠋ ᠦᠯᠦ ᠵᠥᠪᠰᠢᠶᠡᠷᠡᠬᠦ ᠲᠤᠯᠠ ᠪᠤᠯᠢᠶᠠᠨ ᠳᠡᠭᠡᠷᠡᠮᠳᠡᠬᠦ ᠶᠠᠪᠤᠳᠠᠯ ᠠᠶᠠᠨᠳᠠᠭᠠᠨ ᠡᠭᠦᠰᠴᠦ  ᠪᠠᠢᠵᠠᠢ᠃ ᠡᠭᠦᠨ ᠢ᠋ ᠠᠯᠲᠠᠨ ᠬᠠᠭᠠᠨ ᠪᠠᠰᠠ ᠬᠣᠷᠢᠭᠯᠠᠨ ᠵᠣᠭᠰᠣᠭᠠᠬᠤ ᠠᠷᠭ᠎ᠠ ᠦᠭᠡᠢ  ᠪᠣᠯᠵᠠᠢ᠃ ᠲᠠᠢᠮᠢᠩ ᠤ᠋ᠨ ᠵᠠᠰᠠᠭ ᠤ᠋ᠨ ᠭᠠᠵᠠᠷ  ᠡᠨᠡ ᠶᠠᠪᠤᠳᠠᠯ ᠢ᠋ ᠦᠯᠦ ᠵᠥᠪᠱᠢᠶᠡᠷᠡᠬᠦ᠌ ᠲᠤᠯᠠ ᠪᠤᠯᠢᠶᠠᠨ ᠳᠡᠭᠡᠷᠡᠮᠳᠡᠬᠦ ᠶᠠᠪᠤᠳᠠᠯ ᠠᠶᠠᠨᠳᠠᠭᠠᠨ ᠡᠭᠦᠰᠴᠦ ᠪᠠᠢᠵᠠᠢ ᠃ ᠡᠭᠦᠨ ᠢ᠋ ᠠᠯᠲᠠᠨ ᠬᠠᠭᠠᠨ ᠪᠠᠰᠠ ᠬᠣᠷᠢᠭ᠍ᠯᠠᠨ ᠵᠣᠭ᠍ᠰᠤᠭᠠᠬᠤ ᠠᠷᠭ᠎ᠠ ᠦᠭᠡᠢ ᠪᠣᠯᠵᠠᠢ ᠃ ᠲᠠᠢᠮᠢᠩ ᠤ᠋ᠨ ᠵᠠᠰᠠᠭ ᠤ᠋ᠨ ᠭᠠᠵᠠᠷ᠎ᠠᠴᠠ ᠠᠯᠲᠠᠨ ᠨᠠᠷ ᠢ᠋ 《 ᠡᠷᠲᠡ ᠢᠨᠤ ᠠᠷᠠᠯᠵᠢᠶ᠎ᠠ ᠬᠢᠵᠦ ᠣᠷᠣᠢ ᠪᠣᠯᠪᠠᠰᠤ ᠳᠡᠭᠡᠷᠡᠮᠳᠡᠵᠦ 》 ᠦᠨᠡᠨᠬᠦ ᠴᠢᠩ ᠰᠠᠨᠠᠭ᠎ᠠ ᠦᠭᠡᠢ ᠭᠡᠵᠦ ᠮᠥᠨ ᠣᠨ ᠤ᠋  ᠠᠷᠪᠠᠨ ᠬᠣᠶᠠᠳᠤᠭᠠᠷ ᠰᠠᠷ᠎ᠠ ᠳ᠋ᠤ᠌ ᠠᠳᠤᠭᠤᠨ ᠠᠷᠠᠯᠵᠢᠷ᠎ᠠ ᠶ᠋ᠢ  ᠵᠣᠭᠰᠣᠭᠠᠬᠤ ᠵᠠᠷᠯᠢᠭ ᠭᠠᠷᠭᠠᠵᠠᠢ᠃ 

② ᠴᠠᠭᠠᠨ ᠡᠮ᠎ᠡ ᠭᠠᠬᠠᠢ ᠵᠢᠯ ᠂ ᠵᠢᠶᠠ ᠵᠢᠩ ᠦ᠋ᠨ ᠭᠤᠴᠢᠳᠤᠭᠠᠷ  ᠣᠨ ( 1551 ᠣᠨ )᠃ 

③ ᠪᠢᠯᠠᠨ ᠭᠡᠬᠦ ᠨᠢ ᠪᠠᠢ ᠯᠢᠶᠠᠨ ( 白莲 ) ᠭᠡᠬᠦ ᠬᠢᠲᠠᠳ ᠦᠭᠡ ᠶ᠋ᠢ ᠠᠪᠢᠶᠠᠴᠢᠯᠠᠨ ᠲᠡᠮᠳᠡᠭᠯᠡᠭᠰᠡᠨ ᠪᠣᠯᠤᠮᠤᠢ ᠃  ᠵᠠᠭᠤᠨ ᠣᠮᠣᠭ ᠲᠠᠨ  ( ᠣᠪᠣᠭ ᠲᠠᠨ ) ᠭᠡᠬᠦ ᠨᠢ ᠬᠢᠲᠠᠳ ᠤ᠋ᠨ百姓 ᠭᠡᠬᠦ ᠶ᠋ᠢ ᠣᠷᠴᠢᠭᠤᠯᠤᠨ ᠪᠢᠴᠢᠵᠡᠢ᠃ ᠪᠢᠯᠠᠨ ᠵᠠᠭᠤᠨ ᠣᠮᠣᠭ ᠲᠠᠨ ᠭᠡᠳᠡᠭ ᠨᠢ ᠪᠠᠢ ᠯᠢᠶᠠᠨ ᠱᠠᠰᠢᠨᠲᠠᠨ ᠢ᠋ ᠵᠢᠭᠠᠮᠤᠢ ᠃ 

④ ᠪᠠᠢ ᠯᠢᠶᠠᠨ ᠱᠠᠰᠢᠨ ᠤ᠋ ᠲᠦᠷᠦᠭᠦᠦ ᠴᠢᠦ  ᠹᠦ (丘富  ) ᠶ᠋ᠢᠨ ᠮᠣᠩᠭᠣᠯ ᠨᠡᠷ᠎ᠡ ᠃ ᠴᠢᠦ ᠹᠦ ᠭᠡᠳᠡᠭ ᠨᠢ ᠳᠠ ᠲᠦᠩ ᠽᠦᠸᠧ ᠸᠧᠢ (大同左卫 ) ᠶ᠋ᠢᠨ ᠬᠥᠮᠦᠨ ᠂ ᠴᠣᠯᠠ ᠨᠢ ᠴᠢᠦ ᠯᠤᠤ  ᠽᠦ᠍ (丘老祖 ) ᠭᠡᠳᠡᠭ ᠃ ᠵᠢᠶᠠ ᠵᠢᠩ ᠦ᠋ᠨ ᠭᠤᠴᠢᠳᠤᠭᠠᠷ ᠣᠨ ( 1551 ᠣᠨ ) ᠳ᠋ᠤ᠌  ᠠᠯᠲᠠᠨ ᠬᠠᠭᠠᠨ ᠤ᠋ ᠳᠡᠷᠭᠡᠳᠡ ᠵᠢᠭᠤᠲᠠᠨ ᠢᠷᠵᠡᠢ ᠃  《 ᠸᠠᠨ ᠯᠢ ᠡᠦ  ᠬᠦᠩ ᠯᠦ᠍ 》 ᠪᠢᠴᠢᠭ ᠲᠠᠬᠢ ᠠᠯᠲᠠᠨ ᠤ᠋  ᠴᠠᠳᠢᠭ ᠲᠤᠷ ᠲᠡᠮᠳᠡᠭᠯᠡᠭᠰᠡᠨ ᠨᠢ ᠄ 《 ᠴᠢᠦ ᠹᠦ ᠳ᠋ᠦ᠍ᠷ ᠨᠢᠭᠡᠨ ᠳᠡᠭᠦᠦ ᠪᠥᠯᠥᠭᠡ᠂ ᠨᠡᠷ᠎ᠡ ᠢᠨᠤ ᠴᠢᠦ ᠲᠦᠩ  (丘仝 ) ᠬᠡᠮᠡᠮᠦᠢ ᠃ ᠤᠷᠠᠴᠤᠤᠯ ᠤ᠋ᠨ ᠦᠢᠯᠡ ᠶ᠋ᠢ ᠴᠢᠳᠠᠬᠤ  ᠲᠤᠯᠠ ᠠᠯᠲᠠᠨ ᠳ᠋ᠤᠷ ᠠᠰᠠᠷ ᠭᠡᠷ ᠭᠤᠷᠪᠠᠨ ᠢ᠋ ᠪᠠᠢᠭᠤᠯᠵᠤ ᠦᠭᠭᠦᠭᠰᠡᠨ ᠢᠨᠤ ᠠᠭᠤᠢ ᠰᠦᠷᠯᠢᠭ ᠪᠥᠭᠡᠳ ᠦᠵᠡᠰᠬᠦᠯᠡᠩ ᠪᠣᠯᠠᠢ ᠃ ᠪᠠᠰᠠ ᠬᠥᠯᠭᠡ ᠣᠩᠭᠣᠴᠠ ᠨᠢᠭᠡᠨ ᠢ᠋  ᠦᠢᠯᠡᠳᠴᠦ ᠭᠣᠣᠯ ᠤ᠋ᠨ  ᠪᠠᠷᠠᠭᠤᠨ᠎ᠠ ᠪᠦᠬᠦᠢ ᠴᠡᠷᠢᠭ ᠢ᠋ ᠵᠡᠭᠦᠨᠰᠢ ᠭᠡᠲᠦᠯᠭᠡᠵᠦ ᠴᠢᠳᠠᠪᠠᠢ ᠃  ᠪᠠᠰᠠ ᠲᠠᠷᠢᠶᠠᠯᠠᠩ ᠤ᠋ᠨ  ᠪᠠᠭᠠᠵᠢ ᠦᠢᠯᠡᠳᠦᠨ  ᠲᠠᠷᠢᠶ᠎ᠠ ᠲᠣᠮᠣᠰᠤᠨ ᠢ᠋  ᠳᠠᠷᠢᠪᠠᠢ ᠃ ᠠᠯᠲᠠᠨ ᠶᠡᠬᠡᠳᠡ ᠪᠠᠶᠠᠷᠯᠠᠨ ᠴᠢᠦ  ᠹᠦ ᠯᠤᠭ᠎ᠠ ᠳᠣᠲᠣᠨᠣ ᠨᠥᠬᠥᠷ ᠪᠣᠯᠤᠭᠠᠳ ᠲᠡᠭᠦᠨ ᠦ᠌ ᠨᠡᠷ᠎ᠡ ᠶ᠋ᠢ ᠶᠡᠬᠡ ᠯᠠᠪᠠ ᠭᠡᠮᠡᠨ ᠬᠠᠯᠠᠵᠤ ᠥᠭᠪᠡᠢ 》 ᠭᠡᠵᠡᠢ᠃ ᠶᠡᠬᠡ ᠯᠠᠪᠠ ᠭᠡᠰᠡᠨ ᠨᠢ ᠶᠡᠬᠡ ᠬᠤᠤᠱᠠᠩ ᠭᠡᠰᠡᠨ ᠦᠭᠡ ᠪᠣᠯᠬᠤ ᠪᠥᠭᠡᠳ ᠪᠠᠰᠠ  ᠯᠤᠤ ᠽᠦ᠍  (老祖 ) ᠭᠡᠬᠦ ᠴᠣᠯᠠ ᠶ᠋ᠢᠨ ᠤᠳᠬᠠᠴᠢᠯᠠᠭᠰᠠᠨ ᠣᠷᠴᠢᠭᠤᠯᠭ᠎ᠠ ᠪᠣᠯᠤᠨ᠎ᠠ ᠃ 

⑤ ᠪᠠᠢ ᠯᠢᠶᠠᠨ ᠮᠠᠰᠢᠨ ᠤ᠋  ᠲᠦᠷᠦᠭᠦᠦ ᠵᠣᠣ ᠴᠢᠤᠸᠠᠨ  (赵全 ) ᠤ᠋  ᠣᠨᠳᠣᠣ ᠨᠡᠷ᠎ᠡ ᠪᠣᠯᠤᠨ᠎ᠠ ᠃ ᠵᠣᠣ ᠴᠢᠤᠸᠠᠨ ᠭᠡᠳᠡᠭ ᠨᠢ ᠮᠥᠨ ᠳᠠ ᠲᠦᠩ ᠽᠦᠸᠧ ᠸᠧᠢ ᠶ᠋ᠢᠨ ᠬᠥᠮᠦᠨ ᠃ ᠲᠡᠷᠡ ᠵᠢᠶᠠ ᠵᠢᠩ ᠦ᠋ᠨ ᠭᠤᠴᠢᠨ ᠭᠤᠷᠪᠠᠳᠤᠭᠠᠷ ᠣᠨ  (1554 ᠣᠨ ) ᠳ᠋ᠤ᠌ ᠠᠮᠢ ᠵᠢᠭᠤᠲᠠᠨ ᠮᠣᠩᠭᠣᠯ ᠳ᠋ᠤ᠌ ᠳᠤᠲᠠᠭᠠᠨ ᠢᠷᠡᠵᠦ ᠴᠢᠦ  ᠹᠦ ᠯᠤᠭ᠎ᠠ ᠬᠠᠮᠲᠤ ᠪᠠᠶᠠᠨᠲᠠᠯ᠎ᠠ  (丰州川 ) ᠳ᠋ᠤ᠌ ᠨᠤᠲᠤᠭᠰᠢᠪᠠ ᠃  《 ᠸᠠᠨ ᠯᠢ ᠡᠤ ᠬᠦᠩ ᠯᠦ᠍ 》 ᠪᠢᠴᠢᠭ ᠲᠠᠬᠢ ᠠᠯᠲᠠᠨ ᠤ᠋  ᠴᠠᠳᠢᠭ ᠲᠤ᠌ ᠲᠡᠮᠳᠡᠭᠯᠡᠭᠰᠡᠨ ᠨᠢ ᠄ 《 ᠴᠢᠦ ᠹᠦ ᠪᠡᠷ ᠵᠣᠣ ᠴᠢᠤᠸᠠᠨ ᠢ᠋ ᠳᠠᠭᠠᠭᠤᠯᠤᠨ ᠠᠯᠲᠠᠨ ᠯᠤᠭ᠎ᠠ ᠪᠠᠷᠠᠭᠠᠳᠠᠭᠤᠯᠪᠠᠢ᠃ ᠵᠣᠣ ᠴᠢᠤᠸᠠᠨ ᠲᠡᠷᠡ ᠳᠠᠷᠤᠢ ᠠᠯᠲᠠᠨ ᠢ᠋ ᠲᠡᠭᠷᠢ ᠶ᠋ᠢᠨ ᠬᠤᠪᠢ ᠬᠡᠰᠢᠭ ᠪᠦᠬᠦᠢ ᠬᠥᠮᠦᠨ ᠲᠤᠯᠠ ᠡᠵᠡᠨ ᠬᠠᠭᠠᠨ ᠬᠡᠮᠡ ᠡᠷᠭᠦᠪᠡᠰᠦ ᠵᠣᠬᠢᠮᠤᠢ 》 ᠭᠡᠵᠡᠢ ᠃ ᠡᠭᠦᠪᠡᠷ ᠦᠯᠦ ᠪᠠᠷᠠᠮ ᠵᠣᠣ ᠴᠢᠤᠸᠠᠨ ᠬᠢᠭᠡᠳ ᠯᠢ ᠽᠢ ᠰᠢᠨ (李自馨 ) ᠬᠣᠶᠠᠭᠤᠯᠠ ᠡᠳᠦᠷ   ᠰᠥᠨᠢ ᠦᠭᠡᠢ ᠮᠣᠩᠭᠣᠯ ᠢ᠋ ᠤᠳᠤᠷᠢᠳᠤᠨ ᠬᠣᠲᠠ ᠶ᠋ᠢ  ᠪᠠᠢᠯᠳᠤᠨ ᠠᠪᠬᠤ ᠂ ᠵᠠᠷ ᠵᠡᠪᠰᠡᠭ ᠦᠢᠯᠡᠳᠦᠨ ᠢᠦᠢ ᠶᠠᠩ  (渔阳 ) ᠂ ᠶᠦᠨ ᠵᠦᠩ (云中) ᠂ ᠱᠠᠩ ᠬᠦ᠌ (上谷 ) ᠶ᠋ᠢᠨ ᠣᠯᠠᠨ ᠭᠠᠵᠠᠷ ᠢ᠋ ᠪᠤᠯᠢᠶᠠᠨ ᠠᠪᠤᠨ᠎ᠠ ᠭᠡᠵᠦ ᠦᠭᠡ ᠲᠠᠷᠬᠠᠭᠠᠵᠠᠢ ᠃ ᠡᠨᠡ ᠨᠢ ᠴᠢᠪ ᠬᠡᠮᠡ ᠠᠯᠲᠠᠨ ᠤ᠋ ᠰᠡᠳᠬᠢᠯ ᠳ᠋ᠦ᠍ᠷ ᠨᠡᠢᠴᠡᠵᠡᠢ ᠃ ᠵᠢᠶᠠ ᠵᠢᠩ ᠦ᠋ᠨ ᠳᠥᠴᠢᠨ ᠬᠣᠶᠠᠳᠤᠭᠠᠷ ᠣᠨ ᠤ᠋  ᠠᠷᠪᠠᠳᠤᠭᠠᠷ ᠰᠠᠷ᠎ᠠ ᠵᠣᠣ ᠴᠢᠤᠸᠠᠨ ᠬᠢᠭᠡᠳ ᠯᠢ ᠽᠢ ᠰᠢᠨ ᠨᠠᠷ ᠠᠯᠲᠠ  ᠪᠠ ᠰᠡᠩᠭᠡ ᠲᠠᠨ ᠤ᠋  ᠠᠷᠪᠠᠨ ᠲᠦᠮᠡ ᠢᠯᠡᠭᠦᠦ ᠮᠣᠷᠢᠲᠠᠨ ᠢ᠋ ᠳᠠᠭᠠᠭᠤᠯᠤᠨ ᠂ ᠴᠢᠶᠠᠩ ᠽᠢ ᠯᠢᠩ (墙子岭) ᠳᠠᠪᠠᠭᠠᠨ ᠢ᠋ᠶ᠋ᠠᠷ ᠲᠦᠩ ᠵᠧᠦ (通州)᠂ ᠱᠦᠨ ᠢ (顺义) ᠂ ᠫᠢᠩ ᠬᠦ᠌(平谷) ᠶ᠋ᠢᠨ ᠣᠯᠠᠨ ᠭᠠᠵᠠᠷ ᠲᠤ᠌  ᠣᠷᠣᠵᠤ᠂ ᠠᠳᠤᠭᠤ ᠮᠠᠯ ᠪᠤᠯᠢᠶᠠᠭᠰᠠᠨ ᠨᠢ ᠲᠣᠭ᠎ᠠ ᠲᠣᠮᠰᠢ ᠦᠭᠡᠢ  ᠪᠣᠯᠤᠭᠰᠠᠨ ᠢ᠋ᠶ᠋ᠠᠷ  ᠲᠠᠢᠮᠢᠩ ᠤ᠋ᠨ ᠨᠡᠢᠰᠯᠡᠯ ᠬᠣᠲᠠᠬᠦᠷᠲᠡᠯ᠎ᠡ ᠶᠡᠬᠡᠳᠡ ᠰᠣᠴᠢᠪᠠᠢ ᠃ ᠪᠤᠴᠠᠭᠰᠠᠨ ᠤ᠋ ᠬᠠᠢᠨ᠎ᠠ ᠂  ᠠᠯᠲᠠᠨ  ᠬᠠᠭᠠᠨ ᠶᠡᠬᠡᠳᠡ ᠪᠠᠶᠠᠷᠯᠠᠨ ᠵᠣᠣ ᠴᠢᠤᠸᠠᠨ ᠢ᠋  ᠪᠠᠭᠠᠲᠤᠷ ᠬᠢᠶ᠎ᠡ ᠭᠡᠵᠦ ᠴᠣᠯᠠ ᠰᠣᠶᠣᠷᠬᠠᠵᠤ ᠬᠢᠲᠠᠳ ᠢᠷᠭᠡᠨ ᠲᠦᠮᠡ ᠢᠯᠡᠭᠦᠦ ᠶ᠋ᠢ ᠲᠡᠭᠦᠨ ᠳ᠋ᠦ᠍ ᠮᠡᠳᠡᠭᠦᠯᠪᠡ ᠃  ᠵᠢᠶᠠ ᠵᠢᠩ ᠦ᠋ᠨ ᠳᠥᠴᠢᠨ ᠭᠤᠷᠪᠠᠳᠤᠭᠠᠷ ᠣᠨ ( 1564 ) ᠦ᠌  ᠶᠢᠰᠦᠳᠦᠭᠡᠷ ᠰᠠᠷ᠎ᠠ ᠳ᠋ᠤ᠌᠂ ᠵᠣᠣ ᠴᠢᠤᠸᠠᠨ ᠳᠡᠢᠯᠦᠭᠰᠡᠨ ᠳ᠋ᠡᠭᠡᠨ  ᠨᠡᠩᠳᠡ ᠡᠷᠡᠮᠰᠢᠨ ᠲᠠᠪᠤᠨ ᠮᠢᠩᠭ᠎ᠠ ᠢᠯᠡᠭᠦᠦ ᠮᠣᠷᠢᠲᠠᠨ ᠢ᠋ ᠳᠠᠢᠴᠢᠯᠠᠨ ᠰᠦᠸᠧ ᠵᠧᠦ  (朔州 ) ᠵᠡᠷᠭᠡ ᠭᠠᠵᠠᠷ ᠲᠤ᠌  ᠳᠣᠲᠣᠭᠰᠢᠯᠠᠨ ᠣᠷᠣᠭᠠᠳ  ᠭᠤᠸᠠᠩ ᠯᠢᠩ ᠸᠠᠩ  (广灵王 ) ᠤ᠋ᠨ  ᠣᠷᠳᠣᠨ ᠳ᠋ᠠᠬᠢ ᠵᠢᠶᠠ ᠡᠢ ᠪᠢᠨ (贾仪宾 ) ᠦ᠌ ᠡᠬᠡᠨᠡᠷ  ᠢᠦᠢ ᠴᠢᠩ ᠵᠢᠶᠦ᠋ᠨ ᠵᠢᠶᠦ᠋ᠨ  (余庆郡郡 ) ᠢ᠋ ᠪᠤᠯᠢᠶᠠᠨ ᠣᠯᠵᠤ ᠡᠬᠡᠨᠡᠷ ᠪᠣᠯᠭᠠᠪᠠ ᠃ ᠡᠭᠦᠨᠴᠡ ᠠᠯᠲᠠᠨ ᠬᠠᠭᠠᠨ ᠲᠡᠭᠦᠨ ᠢ᠋  ᠢᠪᠠᠩ ᠲᠠᠪᠤᠨᠠᠩ ᠭᠡᠵᠦ ᠡᠷᠭᠦᠮᠵᠢᠯᠡᠪᠡ ᠃ ᠢᠪᠡᠭ ᠭᠡᠳᠡᠭ ᠨᠢ 仪宾 ᠶ᠋ᠢ ᠠᠪᠢᠶᠠᠴᠢᠯᠠᠨ ᠲᠡᠮᠳᠡᠭᠯᠡᠭᠰᠡᠨ ᠪᠠ  ᠲᠠᠪᠤᠨᠠᠩ ᠭᠡᠳᠡᠭ ᠨᠢ ᠤᠳᠬᠠᠴᠢᠯᠠᠨ ᠣᠷᠴᠢᠭᠤᠯᠤᠭᠰᠠᠨ ᠦᠭᠡ ᠪᠣᠯᠤᠨ᠎ᠠ ᠂ ᠴᠥᠮ ᠬᠠᠭᠠᠨ ᠤ᠋  ᠬᠦᠷᠭᠡᠨ ᠢ᠋ ᠬᠡᠯᠡᠵᠦ ᠪᠣᠢ᠃ 

⑥ ᠪᠠᠢ ᠯᠢᠶᠠᠨ ᠱᠠᠰᠢᠨ ᠤ᠋ ᠲᠦᠷᠦᠭᠦᠦ ᠯᠢ ᠽᠢ ᠰᠢᠨ ᠦ᠌  ᠮᠣᠩᠭᠣᠯ ᠨᠡᠷ᠎ᠡ ᠂ ᠯᠢ ᠽᠢ ᠰᠢᠨ ᠪᠣᠯ ᠵᠢᠶᠠ ᠵᠢᠩ ᠦ᠋ᠨ ᠭᠤᠴᠢᠨ ᠭᠤᠷᠪᠠᠳᠤᠭᠠᠷ ᠣᠨ ( 1554) ᠳ᠋ᠦ᠍ ᠮᠣᠩᠭᠣᠯ ᠤ᠋ᠨ ᠭᠠᠵᠠᠷ ᠳᠤᠲᠠᠭᠠᠨ ᠢᠷᠡᠭᠰᠡᠨ ᠬᠣᠢᠨ᠎ᠠ ᠴᠢᠦ ᠹᠦ ᠂ ᠵᠣᠣ ᠴᠢᠤᠸᠠᠨ ᠲᠠᠢ ᠬᠠᠮᠲᠤ ᠪᠠᠶᠠᠨᠲᠠᠯ᠎ᠠ ᠳ᠋ᠤ᠌ ᠨᠤᠲᠤᠭᠯᠠᠨ ᠰᠠᠭᠤᠵᠠᠢ ᠃ ᠲᠡᠷᠡ ᠦᠰᠦᠭ ᠲᠠᠨᠢᠵᠤ ᠪᠢᠴᠢᠭ ᠮᠡᠲᠦ  ᠲᠤᠯᠠ ᠪᠠᠭ᠎ᠠ ᠪᠢᠴᠢᠭᠡᠴᠢ ᠭᠡᠰᠡᠨ ᠮᠣᠩᠭᠣᠯ ᠨᠡᠷ᠎ᠡ ᠣᠯᠵᠠᠢ᠃ 《 ᠰᠠᠨ ᠶᠦᠨ ᠴᠦ᠍ ᠵᠢᠦᠢ ᠺᠡᠤ  》 ᠪᠢᠴᠢᠭ ᠲᠡᠬᠢ ᠮᠣᠩᠭᠣᠯ ᠦᠭᠡ ᠶ᠋ᠢᠨ ᠲᠠᠢᠯᠪᠤᠷᠢ ᠠ᠋ᠴᠠ ᠦᠵᠡᠪᠡᠯ ᠲᠠᠢᠮᠢᠩ ᠤ᠋ᠨ ᠦᠶ᠎ᠡ ᠳ᠋ᠦ᠍ ᠬᠢᠲᠠᠳ ᠦᠰᠦᠭ ᠪᠢᠴᠢᠭ ᠮᠡᠳᠡᠳᠡᠭ ᠬᠥᠮᠦᠨ ᠢ᠋ ᠪᠢᠴᠢᠭᠡᠴᠢ ᠪᠤᠶᠤ ᠮᠣᠩᠭᠣᠯ ᠦᠰᠦᠭ ᠪᠢᠴᠢᠭ ᠮᠡᠳᠡᠳᠡᠭ ᠬᠥᠮᠦᠨ ᠢ᠋ ᠪᠠᠭᠰᠢ ᠭᠡᠳᠡᠭ ᠠᠵᠠᠢ᠃ 

⑦ ᠯᠢ  ᠨᠥᠭᠡᠴᠢ ᠪᠣᠯ ᠲᠠᠢᠮᠢᠩ ᠤ᠋ᠨ ᠤᠷᠤᠭᠤᠯ ᠴᠡᠷᠢᠭ᠂ ᠤᠤᠯ ᠨᠡᠷ᠎ᠡ ᠨᠢ ᠯᠢᠦ ᠰᠧ (刘四 ) ᠭᠡᠳᠡᠭ᠃   《 ᠸᠠᠨ ᠯᠢ ᠡᠤ ᠬᠦᠩ ᠯᠦ᠍ 》 ᠪᠢᠴᠢᠭ ᠲᠠᠬᠢ ᠠᠯᠲᠠᠨ ᠤ᠋  ᠴᠠᠳᠢᠭ ᠲᠤ᠌ ᠪᠠᠢᠭ᠎ᠠ ᠵᠢᠶᠠ ᠵᠢᠩ ᠦ᠋ᠨ ᠳᠥᠴᠢᠳᠦᠭᠡᠷ ᠣᠨ ( 1561 ᠣᠨ ) ᠤ᠋ ᠲᠡᠮᠳᠡᠭᠯᠡᠯ ᠢ᠋ ᠦᠨᠳᠦᠰᠦᠯᠡᠪᠡᠯ ᠂ ᠯᠢᠦ ᠰᠧ ᠭᠡᠭᠴᠢ ᠪᠣᠯ ᠯᠤᠤ ᠢᠩ (老营) ᠭᠠᠵᠠᠷ ᠤ᠋ᠨ ᠵᠠᠩᠵᠤᠨ ᠯᠢ ᠢᠩ ᠯᠦ᠍ (李应禄) ᠶ᠋ᠢᠨ ᠴᠡᠷᠢᠭ ᠪᠠᠢᠵᠠᠢ᠃ ᠨᠥᠭᠥᠭᠡ ᠨᠡᠷ᠎ᠡ ᠨᠢ ᠯᠢᠦ ᠲᠢᠶᠠᠨ ᠴᠢ (刘天麒)ᠭᠡᠳᠡᠭ ᠃ ᠲᠡᠷᠡ ᠯᠢ ᠢᠩ ᠯᠦ᠍ ᠶ᠋ᠢᠨ ᠬᠠᠷᠭᠢᠰ ᠬᠠᠲᠠᠭᠤ ᠶ᠋ᠢᠨ ᠳᠡᠭᠡᠷ᠎ᠡ ᠪᠠᠰᠠ ᠴᠡᠷᠢᠭ ᠦ᠋ᠨ ᠴᠠᠯᠢᠩ  ᠬᠦᠨᠡᠰᠦ ᠶ᠋ᠢ ᠮᠡᠬᠡᠯᠡᠨ ᠬᠣᠨᠵᠢᠭᠰᠠᠨ ᠶᠠᠪᠤᠳᠠᠯ ᠳ᠋ᠤ᠌ ᠤᠨᠲᠤᠭᠤᠴᠠᠨ ᠂ ᠳᠠᠷᠤᠢ ᠵᠢᠶᠠ ᠵᠢᠩ ᠦ᠋ᠨ ᠳᠥᠴᠢᠳᠦᠭᠡᠷ ᠣᠨ  ( 1561 ᠣᠨ ) ᠳ᠋ᠤ᠌᠂ ᠴᠧᠨ ᠱᠢ ᠰᠢᠶᠠᠨ (陈世贤 ) ᠂ ᠸᠠᠩ ᠴᠢ  (王骐) ᠨᠠᠷ ᠯᠤᠭ᠎ᠠ ᠬᠣᠯᠪᠣᠭᠠᠯᠠᠨ ᠯᠢ ᠢᠩ ᠯᠦ᠍ ᠶ᠋ᠢ  ᠠᠯᠠᠭᠠᠳ ᠭᠡᠷ ᠦ᠋ᠨ ᠬᠥᠮᠦᠨ ᠵᠠᠭᠤ ᠭᠤᠴᠢ ᠢᠯᠡᠭᠦᠦ ᠶ᠋ᠢ  ᠳᠠᠭᠠᠭᠤᠯᠤᠨ ᠶᠠᠩ ᠵᠢᠶᠣᠤ ᠱᠠᠨ (羊角山)ᠠᠭᠤᠯᠠ ᠪᠠᠷ ᠳᠤᠲᠠᠭᠠᠨ ᠭᠠᠷᠴᠤ ᠠᠯᠲᠠᠨ ᠤ᠋ ᠳᠡᠷᠭᠡᠳᠡ ᠬᠦᠷᠦᠭᠡᠳ ᠨᠡᠷ᠎ᠡ ᠪᠡᠨ ᠬᠠᠯᠠᠵᠤ ᠯᠢᠦ ᠼᠠᠨ ᠵᠢᠶᠠᠩ(刘参将) ᠭᠡᠵᠡᠢ ᠃ ᠲᠡᠭᠦᠨ ᠦ᠌ ᠬᠣᠢᠨ᠎ᠠ ᠂ ᠵᠣᠣ ᠴᠢᠤᠸᠠᠨ ᠂ ᠯᠢ ᠽᠢ ᠰᠢᠨ ᠂  ᠵᠣᠣ ᠯᠦᠩ  (赵龙 )᠂ ᠸᠠᠩ ᠲᠢᠩ ᠹᠦ (王廷辅 ) ᠨᠠᠷ ᠯᠤᠭ᠎ᠠ ᠬᠠᠮᠲᠤᠪᠠᠷ ᠮᠣᠩᠭᠣᠯ ᠴᠡᠷᠢᠭ ᠲᠦᠮᠡ ᠢᠯᠡᠭᠦᠦ ᠶ᠋ᠢ ᠳᠠᠭᠠᠭᠤᠯᠤᠨ ᠬᠢᠲᠠᠳ ᠭᠠᠵᠠᠷ ᠲᠤ᠌ ᠣᠷᠣᠭᠠᠳ ᠶᠦᠨ ᠶᠠᠩ  (云阳 ) ᠵᠡᠷᠭᠡ ᠲᠠᠪᠢ ᠢᠯᠡᠭᠦᠦ ᠴᠠᠢᠵᠠ ᠶ᠋ᠢ ᠡᠪᠳᠡᠨ ᠳᠠᠢᠯᠠᠵᠤ᠂ ᠮᠢᠩᠭ᠎ᠠ ᠵᠢᠷᠭᠤᠭᠠᠨ ᠵᠠᠭᠤ ᠢᠯᠡᠭᠦᠦ ᠬᠥᠮᠦᠨ ᠢᠷᠭᠡᠨ ᠢ᠋ ᠪᠤᠯᠢᠶᠠᠨ ᠠᠳᠤᠭᠤ ᠮᠠᠯ ᠳᠣᠯᠣᠭᠠᠨ ᠮᠢᠩᠭ᠎ᠠ ᠨᠠᠢ᠍ᠮᠠᠨ ᠶᠠᠭᠤ ᠢᠯᠡᠭᠦᠦ ᠶ᠋ᠢ  ᠪᠤᠯᠢᠶᠠᠨ  ᠠᠪᠠᠴᠢᠪᠠ᠃ ᠠᠯᠲᠠᠨ ᠲᠡᠳᠡᠭᠡᠷ ᠪᠤᠯᠢᠶᠠᠨ ᠣᠯᠵᠠᠯᠠᠭᠳᠠᠭᠰᠠᠳ ᠪᠠ ᠬᠢᠲᠠᠳ ᠭᠠᠵᠠᠷ ᠠ᠋ᠴᠠ ᠳᠠᠢᠵᠢᠨ ᠵᠢᠭᠤᠲᠠᠭᠰᠠᠨ ᠬᠣᠶᠠᠷ ᠮᠢᠩᠭ᠎ᠠ ᠢᠯᠡᠭᠦᠦ ᠢᠷᠭᠡᠨ ᠢ᠋ ᠯᠢᠦ ᠰᠧ ᠳ᠋ᠦ᠍ ᠮᠡᠳᠡᠭᠦᠯᠪᠡᠢ ᠃ ᠯᠢ ᠨᠥᠭᠡᠴᠢ ᠪᠣᠯ ᠯᠢᠦ ᠼᠠᠨ ᠵᠢᠶᠠᠩ   (刘参将 ) ᠤ᠋ᠨ ᠮᠣᠩᠭᠣᠯ ᠣᠷᠴᠢᠭᠤᠯᠭ᠎ᠠ᠃ ᠲᠠᠲᠠᠯᠭ᠎ᠠ ᠭᠡᠳᠡᠭ ᠦᠰᠦᠭ ᠪᠣᠯ ᠲᠤᠤᠳᠠᠩ ᠤ᠋ᠨ ᠡᠨᠳᠡᠭᠦᠷᠡᠯ᠂ ᠲᠤᠬᠠᠢ ᠶ᠋ᠢᠨ ᠦᠶ᠎ᠡ ᠶ᠋ᠢᠨ ᠮᠣᠩᠭᠣᠯᠴᠤᠳ ᠬᠢᠯᠢ ᠬᠢᠵᠠᠭᠠᠷ ᠳᠠᠬᠢ ᠬᠢᠲᠠᠳ ᠤ᠋ᠨ ᠶᠡᠬᠡ ᠨᠣᠶᠠᠳ ᠢ᠋ ᠶᠡᠷᠦᠩᠬᠡᠢ ᠳ᠋ᠦ᠍ᠨᠢ ᠲᠤᠤᠳᠠᠩ ᠨᠣᠶᠠᠨ ᠭᠡᠳᠡᠭ᠃  



       ᠡᠷᠲᠡᠨ ᠦ᠌ ᠠᠯᠳᠠᠭᠰᠠᠨ ᠶᠡᠬᠡ ᠲᠥᠷᠥ ᠶ᠋ᠢ ᠴᠢᠨᠦ ᠠᠪᠴᠤ 
       ᠡᠷᠭᠢᠨ ᠶᠡᠬᠡ ᠬᠠᠭᠠᠨ ᠴᠢᠮ᠎ᠠ ᠯᠤᠭ᠎ᠠ ᠨᠥᠬᠥᠴᠡᠵᠦ ᠥᠭᠰᠦ ᠬᠡᠮᠡᠭᠰᠡᠨ ᠳ᠋ᠦ᠍ᠷ᠂ 
       ᠡᠷᠳᠡᠨᠢ ᠪᠣᠳᠢᠰᠤᠩ ᠠᠯᠲᠠᠨ ᠬᠠᠭᠠᠨ ᠬᠠᠷᠢᠨ ᠪᠡᠶ᠎ᠡ ᠡᠪᠳᠡᠷᠡᠵᠦ ᠮᠣᠷᠢᠯᠠᠭᠠᠳ᠂ 
       ᠡᠩ ᠦᠭᠡᠢ ᠲᠠᠯᠠᠬ᠎ᠠ ᠣᠯᠵᠠ ᠣᠨ ᠪᠦᠷᠢ ᠠᠪᠤᠭᠰᠠᠨ ᠣᠯᠠᠨ ᠪᠤᠶᠤ ᠃ 
       ᠬᠣᠣᠷᠲᠤ ᠨᠠᠩᠭᠢᠶᠠᠳ ᠯᠤᠭ᠎ᠠ ᠵᠢᠴᠢ ᠡᠪᠳᠡᠷᠡᠯᠳᠦᠵᠦ 
       ᠬᠣᠲᠣᠩ ᠬᠡᠷᠡᠮ ᠦ᠋ᠳ ᠢ᠋ ᠠᠨᠤ ᠳᠠᠯᠠ ᠭᠠᠵᠠᠷ ᠪᠣᠯᠭᠠᠵᠤ 
       ᠬᠣᠨᠣᠭ ᠲᠤ᠌ ᠰᠠᠷᠠᠨ ᠳ᠋ᠤ᠌ ᠣᠯᠵᠠᠯᠠᠨ ᠢᠳᠡᠭᠰᠡᠨ ᠲᠣᠭ᠎ᠠ ᠦᠭᠡᠢ ᠪᠤᠶᠤ᠂ 
       ᠬᠣᠷᠢᠶᠠᠨ ᠪᠢᠴᠢᠪᠡᠢ ᠡᠳᠦᠢ ᠲᠡᠳᠦᠢ ᠰᠣᠨᠣᠰᠤᠭᠰᠠᠨ ᠤ᠋ ᠴᠢᠨᠡᠭᠡ ᠪᠡᠷ᠃ 
       ᠰᠤᠤ ᠵᠠᠯᠢ ᠶᠡᠬᠡᠲᠦ ᠠᠯᠲᠠᠨ ᠬᠠᠭᠠᠨ ᠭᠤᠷᠪᠠᠨ ᠲᠦᠮᠡᠨ① ᠢ᠋ ᠠᠪᠴᠤ ᠬᠢᠲᠠᠳ ᠤ᠋ᠨ᠂  
— — — —
① ᠪᠠᠷᠠᠭᠤᠨ ᠭᠤᠷᠪᠠᠨ ᠲᠦᠮᠡᠨ ᠢ᠋ ᠬᠡᠯᠡᠵᠡᠢ᠃ 

       ᠰᠤᠪᠤᠷᠭᠠᠲᠤ ᠬᠣᠲᠠ① ᠶ᠋ᠢ ᠡᠭᠡᠷᠡᠵᠦ ᠪᠤᠯᠠᠩᠭᠢᠷ ᠤ᠋ᠨ ᠭᠣᠣᠯ ② ᠡᠬᠢᠯᠡᠵᠦ ᠪᠠᠢᠬᠤᠢ ᠳ᠋ᠤᠷ᠂ 
       ᠰᠣᠭᠲᠠᠩᠬᠢ ᠪᠣᠯᠵᠤ ᠬᠢᠲᠠᠳ ᠥᠪᠡᠷ ᠢ᠋ᠶ᠋ᠡᠨ  ᠣᠷᠣᠵᠤ ᠢᠷᠡᠭᠰᠡᠨ ᠢ᠋  ᠢᠨᠤ᠂ 
       ᠰᠣᠪᠤᠬᠤᠯ ᠤ᠋ᠨ ᠭᠠᠷᠭᠠᠪᠠᠢ ᠡᠮ᠎ᠡ ᠬᠥᠪᠡᠭᠦᠨ ᠢ᠋ ᠠᠨᠤ ᠬᠠᠰᠠᠭ ᠲᠡᠷᠭᠡᠨ ᠳ᠋ᠦ᠍ᠷ ᠰᠠᠭᠤᠯᠭᠠᠵᠤ᠂ 
       ᠠᠪᠴᠤ ᠢᠷᠡᠬᠦᠢ ᠳ᠋ᠦ᠍ᠷ ᠣᠯᠵᠠ ᠶ᠋ᠢᠨ ᠲᠡᠷᠢᠭᠦᠨ ᠤᠯᠠᠭᠠᠨ ᠮᠥᠷᠡᠨ ᠳ᠋ᠦ᠍ᠷ ᠬᠦᠷᠴᠦ᠂ 
       ᠠᠳᠠᠭ ᠢᠨᠤ ᠬᠡᠷᠡᠮ ᠲᠤᠯᠵᠤ ᠪᠠᠢᠬᠤ ᠶ᠋ᠢ ᠬᠠᠮᠤᠭ ᠢ᠋ᠶ᠋ᠠᠷ ᠦᠵᠡᠵᠦ᠂ 
       ᠠᠰᠤᠷᠤ ᠮᠠᠰᠢ ᠶᠡᠬᠡ ᠤᠯᠤᠰ ᠪᠠᠶᠠᠰᠤᠯᠴᠠᠵᠤ ᠪᠦᠷ ᠦ᠋ᠨ᠂ 
       ᠠᠳᠠᠯᠢᠳᠬᠠᠰᠢ ᠦᠭᠡᠢ ᠪᠣᠭᠳᠠ ᠭᠡᠭᠡᠨ ᠬᠠᠭᠠᠨ ᠢ᠋ ᠮᠠᠭᠲᠠᠨ ᠰᠠᠢᠰᠢᠶᠠᠪᠠᠢ ᠃
       ᠬᠠᠨ ᠲᠡᠭᠷᠢ ᠶ᠋ᠢᠨ ᠵᠠᠶᠠᠭ᠎ᠠ ᠪᠠᠷ ᠲᠥᠷᠥᠭᠰᠡᠨ᠂ 
       ᠬᠠᠷᠢ ᠳᠠᠢᠰᠤᠨ ᠢ᠋ ᠲᠣᠢᠨ ᠳ᠋ᠤᠷ ᠢ᠋ᠶ᠋ᠠᠨ ᠣᠷᠣᠭᠤᠯᠤᠭᠰᠠᠨ᠂ 
       ᠬᠠᠨ ᠴᠣᠯᠠ ᠨᠡᠷ᠎ᠡ ᠶ᠋ᠢ ᠪᠡᠶ᠎ᠡ ᠳ᠋ᠦ᠍ᠷ ᠢ᠋ᠶ᠋ᠡᠨ ᠣᠷᠣᠰᠢᠭᠤᠯᠤᠭᠰᠠᠨ᠂ 
       ᠭᠠᠢᠬᠠᠮᠰᠢᠭ ᠪᠣᠭᠳᠠ ᠠᠯᠲᠠᠨ ᠬᠠᠭᠠᠨ ᠤᠯᠠᠭᠠᠨ ᠮᠣᠭᠠᠢ ᠵᠢᠯ᠎ᠡ ③ᠰᠡᠳᠦᠵᠦ᠂  
— — — —
① ᠭᠠᠨᠰᠦ ᠮᠣᠵᠢ ᠶ᠋ᠢᠨ ᠪᠠᠷᠠᠭᠤᠨ ᠬᠢᠵᠠᠭᠠᠷ ᠤ᠋ᠨ ᠱᠣᠯ ᠭᠣᠣᠯ  (疏勒河 ) ᠤ᠋ᠨ ᠬᠥᠪᠡᠭᠡᠨ ᠳ᠋ᠦ᠍ ᠪᠠᠢᠭ᠎ᠠ ᠱᠤᠸᠠᠩ ᠲᠠ ᠪᠤᠤ  (双塔堡 ) ᠴᠠᠢᠵᠠ ᠶ᠋ᠢ ᠵᠢᠭᠠᠭᠰᠠᠨ ᠪᠣᠯᠤᠯᠲᠠᠢ᠃ 
② ᠬᠢᠲᠠᠳ ᠪᠢᠴᠢᠭ ᠲᠦᠡᠨᠡ ᠭᠣᠣᠯ ᠢ᠋ 卜隆克 ᠭᠡᠨ᠎ᠡ ᠂ ᠡᠦᠲᠦ ᠱᠣᠯ ᠭᠣᠣᠯ  ᠭᠡᠵᠦ ᠪᠠᠢᠨ᠎ᠠ᠃ 
③ ᠤᠯᠠᠭᠠᠨ ᠡᠮ᠎ᠡ ᠮᠣᠭᠠᠢ ᠵᠢᠯ ᠂ ᠵᠢᠶᠠ ᠵᠢᠩ ᠦ᠋ᠨ ᠭᠤᠴᠢᠨ ᠵᠢᠷᠭᠤᠳᠤᠭᠠᠷ ᠣᠨ ( 1557 ) ᠃ 

       ᠲᠠᠪᠤᠨ ᠰᠤᠪᠤᠷᠭ᠎ᠠ ᠳ᠋ᠤ᠌ ᠡᠬᠢᠯᠡᠨ ᠨᠠᠢ᠍ᠮᠠᠨ ᠶᠡᠬᠡ ᠪᠠᠢᠰᠢᠩ ᠪᠠᠢᠭᠤᠯᠵᠤ 
       ᠲᠠᠷᠢᠶᠠᠨ ᠲᠥᠮᠦᠰᠦᠨ ᠣᠯᠠᠨ ᠦᠷ᠎ᠡ ᠵᠢᠮᠢᠰ ᠢ᠋ ᠲᠠᠷᠢᠭᠤᠯᠵᠤ ᠂ ① 
       ᠲᠠᠩᠰᠤᠭ ᠠᠮᠲᠠᠲᠠᠨ ᠢᠳᠡᠭᠡᠨ ᠢ᠋ ᠮᠣᠩᠭᠣᠯ ᠤ᠋ᠨ ᠭᠠᠵᠠᠷ᠎ᠠ 
       ᠲᠠᠷᠢᠵᠤ ᠰᠡᠳᠦᠭᠰᠡᠨ ᠤᠴᠢᠷ ᠰᠢᠯᠲᠠᠭᠠᠨ ᠢᠨᠤ ᠲᠡᠢᠮᠦ ᠪᠥᠯᠥᠭᠡ ᠃ 
       ᠪᠠᠷᠠᠭᠤᠨ ᠭᠤᠷᠪᠠᠨ ᠲᠦᠮᠡᠨ ᠢ᠋ ᠠᠪᠴᠤ ᠬᠢᠲᠠᠳ ᠲᠤᠷ ᠠᠶᠠᠯᠠᠭᠠᠳ᠂②  
— — — —
① ᠪᠠᠢ ᠯᠢᠶᠠᠨ ᠱᠠᠰᠢᠨ ᠤ᠋ ᠲᠦᠷᠦᠭᠦᠴᠦᠳ ᠢ᠋ᠶ᠋ᠡᠷ ᠲᠣᠯᠣᠭᠠᠢᠯᠠᠭᠤᠯᠤᠭᠰᠠᠨ ᠬᠢᠲᠠᠳ ᠬᠥᠮᠦᠨ ᠦ᠌ ᠣᠷᠣᠵᠤ ᠢᠷᠡᠬᠦ ᠶ᠋ᠢ ᠳᠠᠭᠠᠯᠳᠤᠨ ᠠᠯᠲᠠᠨ ᠬᠠᠭᠠᠨ ᠤ᠋ ᠮᠠᠲᠠᠯ ᠤ᠋ᠨ ᠭᠠᠵᠠᠷ   ᠪᠣᠯᠬᠤ ᠲᠦᠮᠡᠳ ᠦᠨᠨᠤᠲᠤᠭ ᠲᠤ᠌  ᠪᠠᠢᠰᠢᠩ  (扳升 ) ᠪᠠᠷᠢᠯᠭ᠎ᠠ ᠪᠠ ᠲᠠᠷᠢᠶᠠᠯᠠᠩ ᠠᠵᠤ ᠠᠬᠤᠢ ᠨᠡᠯᠢᠶᠡᠳ ᠲᠦᠷᠭᠡᠨ ᠬᠥᠭᠵᠢᠵᠦ ᠢᠷᠡᠪᠡ ᠃  ᠠᠷᠪᠠᠨ ᠵᠢᠷᠭᠤᠳᠤᠭᠠᠷ ᠣᠨ ᠤ᠋ ᠳᠠᠯᠠᠭᠠᠳ ᠣᠨ ᠤ᠋ ᠦᠶ᠎ᠡ ᠪᠡᠷ ᠡᠨᠳᠡ ᠢᠷᠡᠭᠰᠡᠨ ᠬᠢᠲᠠᠳ ᠬᠥᠮᠦᠨ ᠨᠢᠭᠡᠨᠲᠡ ᠲᠠᠪᠢᠭᠠᠳ ᠣᠨ ᠤ᠋ ᠬᠡᠳᠦᠨ ᠮᠢᠩᠭᠠᠨ ᠬᠥᠮᠦᠨ ᠪᠠᠢᠭᠰᠠᠨ ᠠ᠋ᠴᠠ ᠪᠠᠨ ᠲᠠᠪᠤᠨ ᠲᠦᠮᠡ ᠢᠯᠡᠭᠦᠦ ᠬᠥᠮᠦᠨ ᠪᠣᠯᠵᠠᠢ ᠃ ᠲᠡᠳᠡᠨᠡᠷ ᠠᠢᠯ ᠲᠤᠰᠠᠬ᠎ᠠ ᠬᠡᠳᠦᠨ ᠵᠠᠭᠤ ᠶ᠋ᠢ  ᠪᠠᠢᠭᠤᠯᠤᠨ ᠲᠠᠷᠢᠶᠠᠨ ᠭᠠᠵᠠᠷ ᠲᠦᠮᠡᠨ ᠴᠢᠩ ᠳ᠋ᠦ᠍ ᠲᠤᠯᠵᠠᠢ᠃ 
②《ᠸᠠᠨ ᠯᠢ ᠡᠦ  ᠬᠦᠩ ᠯᠦ᠍ 》 ᠪᠢᠴᠢᠭ ᠲᠠᠬᠢ ᠠᠯᠲᠠᠨ ᠤ᠋ ᠴᠡᠳᠢᠭ ᠲᠦ᠍ ᠲᠡᠮᠳᠡᠭᠯᠡᠭᠰᠡᠨ ᠡᠴᠡ ᠦᠵᠡᠪᠡᠯ ᠂ᠵᠢᠶᠠ ᠵᠢᠩ ᠦ᠋ᠨ ᠭᠤᠴᠢᠨ ᠵᠢᠷᠭᠤᠳᠤᠭᠠᠷ ᠣᠨ  ( 1557 ᠣᠨ ) ᠳ᠋ᠤ᠌ ᠠᠯᠲᠠᠨ ᠬᠠᠭᠠᠨ ᠬᠢᠲᠠᠳ ᠣᠷᠣᠨ ᠳ᠋ᠤ᠌ ᠭᠤᠷᠪᠠᠨᠲᠠ ᠴᠣᠬᠢᠨ ᠣᠷᠣᠭᠰᠠᠨ ᠢ᠋ ᠮᠡᠳᠡᠵᠦ ᠪᠣᠯᠤᠮᠤᠢ ᠃ ᠳᠠᠷᠤᠢ ᠄ 《 ᠬᠣᠶᠠᠳᠤᠭᠠᠷ ᠰᠠᠷ᠎ᠠ ᠂ ᠠᠯᠲᠠᠨ ᠲᠠᠪᠤᠨ ᠲᠦᠮᠡᠨ ᠮᠣᠷᠢᠲᠤ ᠴᠡᠷᠢᠭ ᠳᠠᠢᠴᠢᠯᠠᠨ ᠵᠢᠦᠢ  ᠬᠤ᠌ ᠪᠤᠤ  (拒胡堡 ) ᠴᠠᠢᠵᠠ ᠪᠠᠷ ᠬᠢᠵᠠᠭᠠᠷ ᠲᠤ᠌ ᠬᠠᠯᠳᠤᠨ ᠣᠷᠣᠵᠤ…… ᠫᠢᠩ ᠯᠦ᠍᠂ ᠰᠦᠸᠧ ᠵᠧᠦ ᠵᠡᠷᠭᠡ ᠭᠠᠵᠠᠷ ᠤ᠋ᠨ  ᠣᠯᠠᠨ ᠠᠢᠯ ᠲᠤᠰᠠᠬ᠎ᠠ ᠶ᠋ᠢ ᠳᠣᠪᠲᠣᠯᠵᠤ ᠂ ᠡᠷᠡᠭᠲᠡᠢ ᠡᠮᠡᠭᠲᠡᠢ ᠲᠦᠮᠡ ᠢᠯᠡᠭᠦᠦ  ᠬᠥᠮᠦᠨ ᠢ᠋ ᠠᠯᠠᠨ ᠂ ᠮᠠᠯ ᠠᠳᠤᠭᠤ ᠪᠤᠯᠢᠶᠠᠨ ᠠᠪᠤᠭᠰᠠᠨ ᠨᠢ ᠲᠣᠭ᠎ᠠ ᠲᠣᠮᠰᠢ ᠦᠭᠡᠢ 》᠃  《  ᠮᠥᠨ ᠣᠨ ᠤ᠋ ᠶᠢᠰᠦᠳᠦᠭᠡᠷ ᠰᠠᠷ᠎ᠠ ᠂ ᠠᠯᠲᠠᠨ ᠵᠢᠷᠭᠤᠭᠠᠨ ᠲᠦᠮᠡᠨ ᠴᠡᠷᠢᠭ ᠳᠠᠢᠴᠢᠯᠠᠨ ᠬᠥᠮᠦᠨ ᠪᠦᠷᠢ ᠭᠣᠬ᠎ᠠ ᠳ᠋ᠤ᠌ ᠤᠷᠲᠤ ᠮᠣᠳᠣᠨ ᠨᠢᠵᠡᠭᠡᠳ ᠢ᠋ ᠪᠠᠷᠢᠨ᠂ ᠶᠦᠨ ᠵᠦᠩ  (云中 ) ᠦ᠋ᠨ ᠽᠦᠸᠧ ᠸᠧᠢ ( 左卫) ᠂  ᠢᠤ ᠸᠧᠢ (右卫 ) ᠪᠡᠷ ᠣᠷᠣᠵᠤ ᠢᠷᠡᠨ ᠬᠤᠸᠠᠢ ᠿᠧᠨ (怀仁 )᠂ ᠢᠩ ᠵᠧᠦ  (应州 )᠂ ᠱᠠᠨ ᠶᠢᠨ (山阴 )᠂  ᠮᠠ᠋ ᠢ  (马邑 ) ᠵᠡᠷᠭᠡ ᠣᠯᠠᠨ ᠭᠠᠵᠠᠷ ᠲᠤᠷ ᠰᠢᠭᠤᠳ ᠬᠠᠯᠳᠤᠨ ᠳᠠᠭᠠᠷᠢᠵᠤ ᠂ ᠠᠢᠯ  ᠲᠤᠰᠠᠬ᠎ᠠ ᠨᠢᠭᠡᠨ ᠵᠠᠭᠤ ᠠᠷᠪᠠ ᠢᠯᠡᠭᠦᠦ ᠶ᠋ᠢ ᠴᠣᠬᠢᠭᠠᠳ  ᠨᠠᠢ᠍ᠮᠠᠨ ᠮᠢᠩᠭ᠎ᠠ ᠢᠯᠡᠭᠦᠦ ᠬᠥᠮᠦᠨ ᠢ᠋ ᠠᠯᠠᠨ ᠂ ᠮᠣᠷᠢ ᠯᠠᠭᠤᠰᠠ ᠥᠭᠡᠷ᠎ᠡ ᠡᠯᠵᠢᠭᠡ ᠲᠦᠮᠡ ᠢᠯᠡᠭᠦᠦ ᠪᠤᠯᠢᠶᠠᠨ ᠠᠪᠠᠴᠢᠪᠠ ᠃ ᠭᠡᠷ ᠣᠪᠣᠬᠠᠢ ᠶ᠋ᠢ  ᠭᠠᠯᠳᠠᠨ ᠰᠢᠲᠠᠭᠠᠭᠰᠠᠨ ᠨᠢ ᠭᠤᠷᠪᠠᠨ ᠮᠢᠩᠭ᠎ᠠ ᠲᠠᠪᠤᠨ ᠵᠠᠭᠤ ᠢᠯᠡᠭᠦᠦ ᠪᠠᠢᠵᠠᠢ ᠃》  《ᠮᠥᠨ ᠣᠨ ᠤ᠋ ᠠᠷᠪᠠᠨ ᠬᠣᠶᠠᠳᠤᠭᠠᠷ ᠰᠠᠷ᠎ᠠ ᠳ᠋ᠤ᠌ ᠂ ᠠᠯᠲᠠᠨ  ᠭᠤᠷᠪᠠᠨ ᠲᠦᠮᠡᠨ ᠮᠣᠷᠢᠲᠤ ᠴᠡᠷᠢᠭ ᠳᠠᠢᠴᠢᠯᠠᠨ ᠽᠦᠸᠧ ᠸᠧᠢ ᠪᠡᠷ ᠳᠣᠲᠣᠭᠰᠢ ᠣᠷᠣᠬᠤ ᠳ᠋ᠤ᠌ ᠨᠥᠭᠡᠴᠢ ᠵᠠᠩᠵᠤᠨ ᠸᠠᠩ ᠬᠣᠣ  (王浩 ) ᠴᠡᠷᠢᠭ ᠦ᠋ᠨ ᠠᠮᠤ ᠬᠦᠨᠡᠰᠦ ᠵᠥᠭᠡᠭᠡᠬᠦᠢ ᠯᠦ᠍ᠭᠡ ᠳᠠᠭᠠᠷᠢᠯᠳᠤᠪᠠ᠃ ᠲᠤᠬᠠᠢ ᠶ᠋ᠢᠨ ᠦᠶ᠎ᠡ ᠳ᠋ᠦ᠍ ᠯᠢ ᠽᠢ ᠰᠢᠨ ᠮᠣᠩᠭᠣᠯ ᠤ᠋ᠨ ᠴᠡᠷᠢᠭ ᠢ᠋ ᠳᠠᠢᠴᠢᠯᠠᠨ ᠸᠠᠩ ᠬᠣᠣ ᠶ᠋ᠢ ᠪᠦᠰᠡᠯᠡᠪᠡ ᠃ ᠸᠠᠩ ᠬᠣᠣ ᠬᠤᠶᠠᠭ ᠳᠤᠭᠤᠯᠠᠭ᠎ᠠ ᠶᠢᠰᠦᠨ ᠵᠠᠭᠤ ᠲᠠᠪᠢ ᠢᠯᠡᠭᠦᠦ ᠵᠠᠬ᠎ᠠ ᠂ ᠴᠡᠷᠢᠭ ᠦ᠋ᠨ ᠬᠤᠪᠴᠠᠰᠤ ᠂ ᠵᠠᠷ ᠵᠡᠪᠰᠡᠭ  ᠬᠣᠶᠠᠷ ᠮᠢᠩᠭ᠎ᠠ ᠢᠯᠡᠭᠦᠦ ᠶ᠋ᠢ ᠵᠣᠣ ᠴᠤᠸᠠᠨ ᠳ᠋ᠤ᠌ ᠬᠡᠭᠡᠯᠢ ᠲᠦᠯᠬᠢᠭᠰᠡᠨ ᠢ᠋ᠶ᠋ᠡᠷ ᠰᠠᠶᠢ ᠮᠤᠯᠲᠤᠷᠠᠪᠠ 》 ᠭᠡᠵᠡᠢ᠃   

       ᠪᠠᠯᠭᠠᠰᠤᠨ ᠪᠠᠢᠰᠢᠩ ᠤ᠋ᠳ ᠢ᠋ ᠠᠨᠤ ᠬᠡᠮᠬᠡᠯᠦᠭᠡᠳ ᠣᠯᠵᠠ ᠪᠣᠯᠭᠠᠵᠤ᠂ 
       ᠪᠠᠢᠯᠳᠤᠨ ᠢᠷᠡᠭᠰᠡᠨ ᠴᠡᠷᠢᠭ ᠦ᠋ᠳ ᠢ᠋ ᠠᠨᠤ ᠳᠠᠷᠤᠨ ᠶᠠᠪᠤᠬᠤᠢ ᠳ᠋ᠤᠷ᠂ 
       ᠪᠠᠶᠠᠰᠬᠤᠯᠠᠩᠲᠤ ᠠᠯᠲᠠᠨ ᠬᠠᠭᠠᠨ ᠤ᠋ ᠪᠡᠶ᠎ᠡ ᠳ᠋ᠡᠴᠡ ᠲᠠᠪᠤᠨ ᠥᠩᠭᠡᠲᠦ ᠭᠡᠷᠡᠯ ᠭᠠᠷᠪᠠᠢ᠃ 
       ᠬᠠᠭᠠᠨ ᠤ᠋ ᠪᠡᠶ᠎ᠡ ᠳ᠋ᠡᠴᠡ ᠲᠠᠪᠤᠨ ᠥᠩᠭᠡᠲᠦ ᠭᠡᠷᠡᠯ ᠭᠠᠷᠤᠭᠰᠠᠨ ᠢ᠋ ᠦᠵᠡᠭᠡᠳ᠂ 
       ᠬᠠᠷᠢᠲᠠᠨ ᠳᠠᠢᠰᠤᠨ ᠡᠷᠬᠡ ᠳ᠋ᠦ᠍ᠷ ᠣᠷᠣᠭᠰᠠᠨ ᠢ᠋ ᠮᠡᠳᠡᠭᠡᠳ᠂ 
       ᠬᠠᠮᠤᠭ ᠶᠡᠬᠡ ᠤᠯᠤᠰ ᠭᠠᠢᠬᠠᠯᠳᠤᠵᠤ ᠰᠠᠢᠰᠢᠶᠠᠭᠠᠳ᠂ 
       ᠬᠠᠨ ᠡᠵᠡᠨ ᠦ᠌ ᠶᠠᠪᠤᠳᠠᠯ ᠢ᠋ ᠦᠯᠡᠮᠵᠢ ᠮᠠᠰᠢ ᠪᠢᠰᠢᠷᠡᠭᠰᠡᠨ ᠪᠥᠯᠥᠭᠡ ᠃ 
       ᠲᠡᠭᠦᠨ ᠦ᠌ ᠬᠣᠢᠨ᠎ᠠ ᠮᠣᠷᠢᠨ ᠵᠢᠯ᠎ᠡ ①ᠠᠯᠲᠠᠨ ᠬᠠᠭᠠᠨ ᠰᠢᠩᠬᠤᠯᠠ ᠪᠠᠷ ᠳᠠᠪᠠᠨ ᠠᠶᠠᠯᠠᠵᠤ᠂  
— — — —
①ᠰᠢᠷ᠎ᠠ ᠡᠷ᠎ᠡ  ᠮᠣᠷᠢᠨ ᠵᠢᠯ᠃ ᠵᠢᠶᠠ ᠵᠢᠩ ᠦ᠋ᠨ ᠭᠤᠴᠢᠨ ᠳᠣᠯᠣᠳᠤᠭᠠᠷ ᠣᠨ(1558 ᠣᠨ ) ᠃ 

       ᠲᠡᠷᠡ ᠠᠶᠠᠨ ᠳ᠋ᠤᠷ ᠲᠥᠪᠡᠳ ᠦ᠋ᠨ ᠣᠯᠠᠨ  ᠬᠤᠳᠠᠯᠳᠤᠭᠠᠴᠢᠨ ᠯᠤᠭ᠎ᠠ ᠵᠣᠯᠭᠠᠯᠳᠤᠵᠤ᠂ 
       ᠲᠡᠳᠡ ᠯᠦᠭᠡ ᠪᠠᠢᠯᠳᠤᠵᠤ ᠳᠠᠷᠤᠭᠠᠳ ᠠᠰᠠᠷᠠᠬᠤᠢ ᠰᠡᠳᠬᠢᠯ ᠢ᠋ᠶ᠋ᠡᠷ᠂ 
       ᠲᠡᠨᠳᠡ ᠮᠢᠩᠭᠠᠨ ᠯᠠᠮᠠ ᠶ᠋ᠢᠨ ᠠᠮᠢᠨ ᠢ᠋ ᠠᠪᠤᠷᠠᠵᠤ ᠲᠠᠯᠪᠢᠭᠰᠠᠨ ᠪᠥᠯᠥᠭᠡ᠃ 
       ᠭᠠᠢᠬᠠᠮᠰᠢᠭ ᠨᠢᠭᠦᠯᠡᠰᠬᠦᠢ ᠪᠡᠷ ᠮᠢᠩᠭᠠᠨ ᠯᠠᠮᠠ ᠶ᠋ᠢᠨ ᠠᠮᠢᠨ ᠢ᠋ ᠠᠪᠤᠷᠠᠭᠠᠳ ᠳᠠᠷᠤᠢ ᠳ᠋ᠤᠷ᠂ 
       ᠬᠠᠷᠢ ᠳᠠᠢᠰᠤᠨ ᠪᠣᠯᠤᠭᠰᠠᠨ ᠦᠯᠡᠭᠰᠡᠨ ᠤᠢᠭᠤᠳ ᠢ᠋ ᠣᠷᠣᠭᠤᠯᠤᠭᠠᠳ᠂ 
       ᠬᠠᠮᠤᠵᠤ ᠰᠢᠷᠠᠢᠭᠤᠷ ᠢᠷᠭᠡᠨ ᠡᠴᠡ ᠰᠠᠩ ᠲᠠᠲᠠᠯᠭ᠎ᠠ ᠠᠪᠤᠭᠠᠳ ᠳᠠᠷᠤᠢ ᠳ᠋ᠤᠷ᠂ 
       ᠬᠠᠷᠢᠵᠤ ᠡᠰᠡᠨ ᠲᠦᠭᠡᠯ ᠮᠣᠷᠢᠨ ᠵᠢᠯ᠎ᠡ ᠪᠠᠭᠤᠭᠰᠠᠨ ᠪᠥᠯᠥᠭᠡ᠃ 
       ᠬᠣᠢᠨ᠎ᠠ ᠪᠠᠰᠠ ᠣᠢᠷᠠᠳ ᠲᠦᠮᠡᠨ ᠳ᠋ᠦ᠍ᠷ ᠵᠠᠯᠠᠮᠠᠨ ᠬᠠᠨ① ᠲᠤᠰᠯᠠᠵᠤ ᠠᠶᠠᠯᠠᠭᠠᠳ᠂ 
       ᠬᠣᠲᠠᠯᠠ ᠳᠡᠭᠡᠳᠦ ᠪᠣᠭᠳᠠᠰ ᠤ᠋ᠨ ᠶᠠᠪᠤᠳᠠᠯ ᠢ᠋ ᠥᠭᠦᠯᠡᠨ ᠡᠯᠴᠢ ᠣᠷᠣᠭᠤᠯᠤᠭᠰᠠᠨ ᠳ᠋ᠤᠷ  ᠂  
— — — —
① 《ᠮᠧᠩ  ᠬᠦ᠌ ᠶᠤᠸᠠᠨ ᠯᠢᠦ ᠵᠢᠶᠠᠨ ᠵᠧᠩ  》  (蒙古源流笺证 ) ᠭᠡᠬᠦ ᠪᠢᠴᠢᠭ ᠲᠣᠷ 济勒满汗 ᠭᠡᠵᠦ ᠪᠢᠴᠢᠭᠡᠳ ᠲᠡᠭᠦᠨ ᠦ᠌ ᠲᠠᠢᠯᠪᠤᠷᠢ ᠳ᠋ᠤ᠌ ᠲᠡᠮᠳᠡᠭᠯᠡᠭᠰᠡᠨ ᠨᠢ᠄  《ᠡᠨᠡ ᠬᠠᠭᠠᠨ ᠭᠡᠭᠴᠢ ᠢᠨᠤ ᠣᠢᠷᠠᠳ ᠤ᠋ᠨ ᠬᠠᠭᠠᠨ ᠢ᠋  ᠥᠭᠦᠯᠡᠭᠰᠡᠨ ᠦᠦ ᠂ ᠡᠰᠡᠬᠦᠯ᠎ᠡ ᠣᠢᠷᠠᠳ ᠤ᠋ᠨ ᠡᠷᠭᠦᠮᠵᠢᠯᠡᠭᠰᠡᠨ ᠶᠤᠸᠠᠨ ᠤᠯᠤᠰ ᠤ᠋ᠨ ᠬᠣᠢᠴᠢ ᠮᠣᠩᠭᠣᠯ ᠬᠠᠭᠠᠨ ᠢ᠋ ᠥᠭᠦᠯᠡᠭᠰᠡᠨ ᠦᠦ ᠂ ᠡᠰᠡ  ᠮᠡᠳᠡᠮᠦᠢ 》 ᠭᠡᠵᠡᠢ᠃ ᠠᠳᠠ ᠵᠠᠯᠠᠮᠠᠨ ᠬᠠᠨ ᠭᠡᠳᠡᠭ ᠨᠢ ᠭᠡᠰᠡᠨ ᠢ᠋ ᠡᠵᠡᠨ ᠬᠠᠭᠠᠨ ᠤ᠋ ᠨᠡᠷ᠎ᠡ ᠭᠡᠵᠦ ᠲᠠᠰᠢᠶᠠᠷᠠᠨ ᠦᠵᠡᠭᠰᠡᠨ ᠠᠵᠠᠢ᠃ ᠮᠣᠩᠭᠣᠯ ᠬᠥᠮᠦᠨ ᠠᠭᠤᠯᠠ ᠶ᠋ᠢ ᠪᠠᠰᠠ ᠬᠠᠨ ᠭᠡᠵᠦ ᠥᠭᠦᠯᠡᠳᠡᠭ᠂ ᠵᠠᠯᠠᠮᠠᠨ ᠬᠠᠨ ᠭᠡᠳᠡᠭ ᠨᠢ ᠵᠠᠯᠠᠮᠠᠨ ᠠᠭᠤᠯᠠ ᠭᠡᠰᠡᠨ ᠦᠭᠡ᠃ ᠡᠨᠡ ᠠᠭᠤᠯᠠ ᠪᠣᠯ ᠬᠠᠮᠢᠯ ᠬᠣᠲᠠ ᠠ᠋ᠴᠠ  ᠵᠡᠭᠦᠨ ᠬᠣᠢᠰᠢ ᠪᠠᠢᠬᠤ ᠪᠥᠭᠡᠳ ᠪᠠᠰᠠ ᠶᠠᠯᠠᠮ᠎ᠠ ᠠᠭᠤᠯᠠ ᠭᠡᠵᠦ ᠨᠡᠷᠡᠯᠡᠳᠡᠭ᠃ 

       ᠭᠣᠣᠯ ᠢ᠋ ᠮᠢᠩᠭᠠᠨ ① ᠤ᠋  ᠦᠴᠡᠷᠡᠢ  ᠲᠠᠢᠰᠢ  ᠪᠠᠶᠠᠨ ᠬᠠᠷᠠ ᠨᠡᠷᠡᠲᠦ ᠭᠠᠵᠠᠷ᠎ᠠ ᠣᠷᠣᠵᠤ ᠢᠷᠡᠭᠰᠡᠨ ᠳ᠋ᠦ᠍ᠷ᠂ 
       ᠬᠣᠲᠠᠯᠠᠭᠠᠷ ᠶᠡᠬᠡ ᠤᠯᠤᠰ ᠪᠠᠶᠠᠰᠤᠭᠠᠳ ᠲᠡᠨᠳᠡ ᠨᠤᠲᠤᠭᠯᠠᠵᠤ ᠳᠠᠷᠤᠢ ᠳ᠋ᠤᠷ᠂ 
       ᠴᠠᠭᠠᠨ ᠮᠠᠯᠠᠭ᠎ᠠ ᠶ᠋ᠢᠨ ᠱᠠ ᠬᠠᠭᠠᠨ② ᠳ᠋ᠤᠷ ᠡᠷᠲᠡᠨ ᠦ᠌ ᠦᠯᠢᠭᠡᠷ ᠶᠣᠰᠣ ᠲᠣᠭᠣᠵᠢ᠂ 
       ᠴᠠᠭᠯᠠᠰᠢ ᠦᠭᠡᠢ ᠡᠷᠳᠡᠮ ᠳ᠋ᠦ᠍ ᠤᠢᠵᠠᠩ  ᠸᠠᠰᠠᠩ ③ ᠢ᠋ ᠡᠯᠴᠢ ᠢᠯᠡᠭᠡᠵᠦ᠂ 
       ᠴᠠᠭᠠᠲᠠᠢ ᠠᠬ᠎ᠠ ④ ᠠ᠋ᠴᠠ ᠢᠨᠠᠭᠰᠢ ᠲᠥᠷᠥᠯ ᠲᠥᠷᠥᠭᠰᠡᠨ ᠢ᠋ ᠥᠭᠦᠯᠡᠭᠰᠡᠨ ᠳ᠋ᠦ᠍ᠷ᠂ 
       ᠴᠠᠭ ᠦᠭᠡᠢ ᠪᠡᠶᠡᠰᠴᠦ ᠠᠷᠭᠤᠮᠠᠭ ᠮᠣᠷᠢᠨ⑤ ᠠᠯᠮᠠᠰ ᠡᠷᠳᠡᠨᠢ ᠲᠠᠲᠠᠯᠭ᠎ᠠ ᠦᠭᠭᠦᠭᠰᠡᠨ ᠪᠥᠯᠥᠭᠡ ᠃  
— — — —
① ᠭᠣᠣᠯ ᠤ᠋ᠨ ᠮᠢᠩᠭᠠᠨ᠂ ᠣᠢᠷᠠᠳ ᠮᠣᠩᠭᠣᠯ ᠤ᠋ᠨ ᠨᠢᠭᠡᠨ ᠠᠢᠮᠠᠭ᠃ 
②ᠴᠠᠭᠠᠲᠠᠢ ᠬᠠᠭᠠᠨ ᠤ᠋ ᠬᠣᠢᠴᠢ ᠦᠶ᠎ᠡ ᠮᠠᠨᠰᠣᠷ ᠬᠠᠭᠠᠨ ᠤ᠋ ᠶᠡᠬᠡ ᠬᠥᠪᠡᠭᠦᠨ᠃ ᠮᠠᠨᠰᠣᠷ ᠬᠠᠭᠠᠨ ᠨᠠᠰᠤ ᠪᠠᠷᠠᠭᠰᠠᠨ ᠤ᠋ ᠳᠠᠷᠠᠭ᠎ᠠ ᠲᠡᠷᠡ ᠵᠢᠶᠠ ᠵᠢᠩ ᠦ᠋ᠨ ᠬᠣᠷᠢᠨ ᠳᠥᠷᠪᠡᠳᠦᠭᠡᠷ ᠣᠨ  (1545 ) ᠳ᠋ᠤ᠌ ᠰᠠᠭᠤᠷᠢᠨ ᠵᠠᠯᠭᠠᠮᠵᠢᠯᠠᠵᠤ ᠲᠤᠷᠹᠠᠨ ᠤ᠋ ᠨᠤᠲᠤᠭ ᠬᠠᠪᠢ ᠪᠠᠷ ᠮᠠᠯᠵᠢᠨ ᠠᠮᠢᠳᠤᠷᠠᠴᠤ ᠪᠠᠢᠪᠠ ᠃ ᠲᠡᠭᠦᠨ ᠦ᠌ ᠬᠠᠷᠢᠶᠠᠲᠤ ᠤᠯᠤᠰ ᠨᠢ ᠢᠰᠯᠠᠮ ᠤ᠋ᠨ ᠱᠠᠰᠢᠨ ᠢ᠋ ᠰᠢᠲᠦᠵᠦ ᠲᠡᠷᠢᠭᠦᠨ ᠢ᠋ᠶ᠋ᠡᠨ ᠴᠠᠭᠠᠨ ᠪᠥᠰ ᠢ᠋ᠶ᠋ᠡᠷ ᠣᠷᠢᠶᠠᠵᠤ ᠶᠠᠪᠤᠳᠠᠭ ᠲᠤᠯᠠ ᠴᠠᠭᠠᠨ ᠮᠠᠯᠠᠭ᠎ᠠ ᠶ᠋ᠢᠨ ᠱᠠ ᠬᠠᠭᠠᠨ ᠭᠡᠵᠡᠢ᠃ 
③ᠬᠣᠢᠨ᠎ᠠ ᠪᠢᠴᠢᠭᠳᠡᠵᠦ ᠪᠦᠬᠦᠢ ᠤᠢᠵᠠᠩ ᠵᠠᠢᠰᠠᠩ ᠪᠣᠯᠤᠯᠲᠠᠢ᠃ 
④ᠴᠠᠭᠠᠲᠠᠢ ᠪᠣᠯ ᠴᠢᠩᠭᠢᠰ ᠬᠠᠭᠠᠨ ᠤ᠋ ᠬᠣᠶᠠᠳᠤᠭᠠᠷ ᠬᠥᠪᠡᠭᠦᠨ᠃ ᠠᠯᠲᠠᠨ ᠬᠠᠭᠠᠨ ᠤ᠋ ᠤᠷᠤᠭ ᠪᠣᠯ ᠴᠠᠭᠠᠲᠠᠢ ᠶ᠋ᠢᠨ ᠳᠡᠭᠦᠦ ᠲᠤᠯᠤᠢ ᠶ᠋ᠢᠨ ᠬᠣᠢᠴᠢᠰ ᠪᠣᠯᠤᠨ᠎ᠠ᠃ ᠡᠭᠦᠨ ᠦ᠌ ᠣᠴᠢᠷ᠎ᠠ ᠴᠠᠭᠠᠲᠠᠢ ᠶ᠋ᠢ ᠴᠠᠭᠠᠲᠠᠢ ᠠᠬ᠎ᠠ ᠭᠡᠵᠦ ᠬᠦᠨᠳᠦᠳᠬᠡᠨ ᠳᠠᠭᠤᠳᠠᠨ᠎ᠠ᠃ 
⑤ 《ᠮᠢᠩ ᠱᠢ 》 ᠪᠢᠴᠢᠭ ᠦ᠋ᠨ ᠪᠠᠷᠠᠭᠤᠨ ᠣᠷᠣᠨ ᠤ᠋ ᠨᠠᠮᠲᠠᠷ ᠳᠠᠬᠢ ᠰᠠᠮᠠᠷᠬᠠᠨ ᠤ᠋ ᠲᠤᠬᠠᠢ ᠲᠡᠮᠳᠡᠭᠯᠡᠯ ᠳ᠋ᠦ᠍  ᠥᠭᠦᠯᠡᠭᠰᠡᠨ ᠨᠢ ᠄ 《 ᠵᠢᠩ ᠲᠡᠢ  (景泰 ) ᠶ᠋ᠢᠨ ᠳᠣᠯᠣᠳᠤᠭᠠᠷ ᠣᠨ ( 1456 ) ᠳ᠋ᠤᠷ ᠠᠳᠤᠭᠤ ᠲᠡᠮᠡᠭᠡ ᠂ ᠡᠷᠳᠡᠨᠢ  ᠬᠠᠰ ᠲᠡᠷᠢᠭᠦᠲᠡᠨ ᠢ᠋ᠶ᠋ᠡᠷ ᠠᠯᠪᠠ ᠪᠠᠷᠢᠪᠠᠢ᠃ ᠶᠣᠰᠣᠯᠠᠯ ᠤ᠋ᠨ ᠨᠣᠶᠠᠨ ᠥᠭᠦᠯᠡᠭᠰᠡᠨ ᠢᠨᠤ ᠁ ᠡᠳᠡᠭᠡᠷ ᠠᠯᠪᠠ ᠪᠠᠷᠢᠭᠰᠠᠨ ᠡᠳ᠋ ᠦ᠋ᠨ ᠳᠣᠲᠣᠷ᠎ᠠ ᠠ ᠯᠦ᠍ ᠬᠦ᠌ ᠮᠣᠷᠢ (阿鲁骨马 ) ᠶ᠋ᠢᠨ ᠦᠨ᠎ᠡ ᠢᠨᠤ ᠳᠥᠷᠪᠡᠨ ᠪᠦᠬᠦᠯᠢ ᠲᠣᠷᠭ᠎ᠠ᠂ ᠨᠠᠢ᠍ᠮᠠᠨ ᠪᠦᠬᠦᠯᠢ ᠳᠤᠷᠳᠤᠩ ᠳ᠋ᠤᠷ ᠬᠦᠷᠬᠦ ᠪᠠ ᠲᠡᠮᠡᠭᠡ ᠢᠨᠤ ᠭᠤᠷᠪᠠᠨ ᠪᠦᠬᠦᠯᠢ ᠲᠣᠷᠭ᠎ᠠ ᠂ ᠠᠷᠪᠠᠨ ᠪᠦᠬᠦᠯᠢ ᠳᠤᠷᠳᠤᠩ ᠤ᠋ᠨ ᠦᠨ᠎ᠡ ᠳ᠋ᠦ᠍ᠷ ᠬᠥᠷᠥᠮᠦᠢ 》 ᠭᠡᠵᠡᠢ᠃ ᠡᠨᠳᠡ ᠥᠭᠦᠯᠡᠭᠰᠡᠨ ᠠ ᠯᠦ᠍ ᠬᠦ᠌ ᠮᠣᠷᠢ ᠭᠡᠳᠡᠭ ᠨᠢ ᠳᠠᠷᠤᠢ ᠠᠷᠭᠤᠮᠠᠭ ᠮᠣᠷᠢ ᠭᠡᠰᠡᠨ ᠢ᠋ ᠠᠪᠢᠶᠠᠴᠢᠯᠠᠨ ᠲᠡᠮᠳᠡᠭᠯᠡᠭᠰᠡᠨ ᠦᠭᠡ ᠃  《ᠮᠢᠩ ᠱᠢ 》 ᠪᠢᠴᠢᠭ ᠲᠦ᠍ ᠠᠷᠭᠤᠮᠠᠭ ᠮᠣᠷᠢ ᠶ᠋ᠢ ᠪᠠᠰᠠ ᠠᠯᠳᠠᠷᠲᠤ ᠮᠣᠷᠢ᠂ ᠰᠠᠢᠨ ᠮᠣᠷᠢ ᠪᠤᠶᠤ ᠪᠠᠷᠠᠭᠤᠨ ᠭᠠᠵᠠᠷ ᠤ᠋ᠨ ᠮᠣᠷᠢ ᠭᠡᠵᠦ ᠲᠡᠮᠳᠡᠭᠯᠡᠵᠡᠢ᠃  

       ᠬᠥᠳᠡᠯᠭᠦᠢ ᠴᠡᠷᠢᠭ ᠢ᠋ᠶ᠋ᠡᠨ ᠠᠪᠤᠭᠠᠳ ᠦᠯᠦ ᠬᠠᠷᠢᠨ ᠪᠠᠰᠠ ᠬᠦ᠌ ᠲᠡᠨᠳᠡᠴᠡ᠂ 
       ᠬᠥᠭᠡᠢ ᠬᠠᠨ① ᠳᠠᠪᠠᠵᠤ ᠥᠭᠡᠯᠡᠳ ᠪᠠᠭᠠᠲᠤᠳ ② ᠲᠤᠷ ᠳᠣᠪᠲᠣᠯᠤᠭᠠᠳ᠂ 
       ᠬᠦᠨᠳᠦᠳᠡ ᠶᠡᠬᠡ ᠲᠠᠯᠠᠬ᠎ᠠ ᠠᠪᠴᠤ ᠤᠯᠠᠭᠠᠨ ᠬᠠᠳᠠᠨ ᠠ᠋ᠴᠠ ᠢᠷᠡᠲᠡᠯᠡ᠂ 
       ᠬᠥᠭᠡᠭᠡᠵᠦ ᠥᠭᠡᠯᠡᠳ ᠪᠠᠭᠠᠲᠤᠳ ᠤ᠋ᠨ  ᠪᠣᠳᠤᠬᠠᠢ ᠲᠠᠢᠰᠢ᠂ ᠣᠩᠬᠣᠢ  ᠴᠢᠩᠰᠠᠩ ᠬᠣᠶᠠᠷ ᠭᠦᠢᠴᠡᠵᠦ ᠨᠡᠬᠡᠵᠦ᠂ 
       ᠢᠷᠡᠭᠡᠳ ᠪᠠᠢᠷᠠᠯᠳᠤᠵᠤ ᠢᠨᠠᠭᠰᠢ ᠴᠢᠨᠠᠭᠰᠢ ᠡᠰᠡᠷᠭᠦ ᠲᠡᠰᠡᠷᠭᠦ᠂ 
       ᠨᠢᠵᠡᠭᠡᠳ ᠬᠣᠰᠢᠶᠠᠳ ᠬᠠᠷᠪᠤᠯᠠᠯᠳᠤᠭᠠᠳ ᠰᠡᠴᠡ ᠣᠢᠷᠠᠳ ᠤ᠋ᠨ  ᠦᠵᠡᠮᠡᠷᠴᠢᠨ᠂ 
       ᠨᠢᠭᠦᠯᠡᠰᠬᠦᠢ ᠪᠣᠭᠳᠠ ᠭᠡᠭᠡᠨ ᠬᠠᠭᠠᠨ ᠤ᠋ ᠪᠡᠶ᠎ᠡ ᠲᠠᠴᠠ ᠭᠡᠷᠡᠯ ᠭᠠᠷᠤᠭᠰᠠᠨ ᠢ᠋ ᠦᠵᠡᠵᠦ᠂ 
       ᠨᠢᠭᠡᠨ ᠨᠢᠭᠡᠨ ᠳ᠋ᠦ᠍ᠷ ᠢ᠋ᠶ᠋ᠡᠨ ᠡᠢᠨ ᠭᠡᠮᠡᠨ ᠦᠭᠦᠯᠡᠯᠳᠦᠷᠦᠨ᠄ 
       《 ᠠᠶᠤᠭᠳᠤᠬᠤᠢ ᠮᠡᠲᠦ ᠪᠣᠯᠪᠠᠢ ᠨᠢ  ᠠᠰᠤᠷᠤ ᠨᠢᠭᠲᠠᠷᠬᠠᠨ ᠶᠠᠪᠤᠨᠠᠢᠯᠡ ᠂ 
— — — —
① ᠪᠦᠭᠦᠳᠡ ᠨᠠᠢᠷᠠᠮᠳᠠᠬᠤ ᠮᠣᠩᠭᠣᠯ ᠠᠷᠠᠳ ᠤᠯᠤᠰ ᠤ᠋ᠨ ᠵᠠᠪᠬᠠᠨ ᠠᠢᠮᠠᠭ ᠲᠤ᠌ ᠪᠠᠢᠭ᠎ᠠ ᠬᠥᠩᠬᠥᠢ ᠭᠣᠣᠯ ᠤ᠋ᠨ ᠬᠣᠢᠮᠣᠷ ᠪᠠᠢᠬᠤ ᠬᠥᠩᠬᠥᠢ ᠠᠭᠤᠯᠠ ᠪᠣᠯᠤᠨ᠎ᠠ᠃ 
② ᠥᠭᠡᠯᠡᠳ᠂ ᠪᠠᠭᠠᠲᠤᠳ ᠬᠡᠮᠡᠭᠴᠢ ᠨᠢ ᠴᠥᠮ ᠣᠢᠷᠠᠳ ᠤ᠋ᠨ ᠬᠠᠷᠢᠶᠠᠲᠤ ᠠᠢᠮᠠᠭ ᠪᠢᠯᠡ᠃ 

       ᠠᠭᠲᠠᠨ ᠤ᠋ ᠲᠤᠭᠤᠷᠠᠨ ᠠ᠋ᠴᠠ ᠨᠢ ᠭᠠᠯ ᠰᠢᠲᠠᠬᠤ ᠮᠡᠲᠦ ᠶᠠᠪᠤᠨᠠᠢ ᠯᠠ ᠂ 
       ᠠᠷᠤ ᠲᠡᠭᠡᠷᠡ ᠨᠢ ᠳᠠᠭᠠᠭᠠᠲᠤ ᠴᠦᠯᠮᠡᠨ ᠳᠠᠭᠠᠵᠤ ᠶᠠᠪᠤᠨᠠᠢ ᠯᠠ ᠂ 
       ᠠᠮᠢᠳᠤ ᠡᠰᠡᠨ ᠪᠦᠬᠦᠢ ᠡᠴᠡ ᠭᠡᠮ ᠦᠭᠡᠢ ᠬᠠᠭᠠᠴᠠᠯᠳᠤᠶ᠎ᠠ ᠯᠠ 》 ᠬᠡᠮᠡᠯᠳᠦᠭᠡᠳ ᠬᠠᠷᠢᠪᠠᠢ ᠃ 
       ᠵᠠᠯᠠᠮᠠᠨ ᠬᠠᠨ ᠳ᠋ᠤ᠌ ᠨᠤᠲᠤᠭᠯᠠᠵᠤ ᠰᠠᠭᠤᠬᠤᠢ ᠤᠴᠢᠷ ᠲᠠᠭᠠᠨ ᠪᠠᠰᠠ ᠬᠦ᠌ ᠂ 
       ᠵᠠᠶᠠᠭᠠᠲᠤ ᠪᠣᠭᠳᠠ ᠭᠡᠭᠡᠨ ᠬᠠᠭᠠᠨ ᠡᠷᠲᠡᠨ ᠦ᠌ ᠦᠯᠢᠭᠡᠷ ᠶᠣᠰᠣ ᠳᠤᠷᠠᠳᠴᠤ ᠂ 
       ᠵᠢᠭᠡᠬᠡᠨ ᠠᠬ᠎ᠠ ᠂ ᠵᠠᠯᠠᠮᠠᠨ ᠳᠥᠷᠥᠢ ᠬᠣᠶᠠᠷ ᠲᠤ᠌ ᠡᠯᠴᠢᠰ ᠢ᠋ᠶ᠋ᠡᠨ ᠂  
       ᠵᠠᠶᠠᠭᠠᠴᠢ ᠲᠠᠷᠢᠵᠠ ᠂ ᠪᠡᠯᠭᠡ ᠵᠠᠶᠠᠭᠠᠴᠢ ᠬᠣᠶᠠᠷ ᠢ᠋ ᠢᠯᠡᠭᠡᠭᠰᠡᠨ ᠳ᠋ᠦ᠍ᠷ ᠂ 
       ᠭᠡᠭᠡᠨ ᠤᠬᠠᠭᠠᠲᠤ ᠪᠣᠭᠳᠠ ᠠᠯᠲᠠᠨ ᠬᠠᠭᠠᠨ ᠡᠵᠡᠨ ᠮᠠᠨᠤ ᠪᠢᠳᠡᠨ ᠳ᠋ᠦ᠍ᠷ ᠂ 
       ᠬᠡᠷᠡᠭᠯᠡᠵᠦ ᠡᠷᠲᠡᠨ ᠦ᠌ ᠶᠣᠰᠣᠭᠠᠷ ᠬᠣᠲᠠ ᠪᠣᠯᠤᠯᠴᠠᠶ᠎ᠠ ᠭᠡᠮᠡᠨ ᠵᠠᠷᠯᠢᠭ ᠪᠣᠯᠤᠭᠰᠠᠨ ᠳ᠋ᠤᠷ ᠂ 
       ᠬᠢᠷᠭᠤᠳ① ᠤ᠋ᠨ ᠲᠣᠰᠣᠨ ᠥᠷᠯᠥᠭ ᠂ ᠲᠤᠭᠯᠠᠷ ᠠᠬᠠᠯᠠᠬᠤ ᠬᠣᠶᠠᠷ ᠢ᠋ ᠡᠬᠢᠯᠡᠭᠦᠯ ᠦ᠋ᠨ ᠡᠯᠴᠢᠰ ᠢ᠋ᠶ᠋ᠡᠷ ᠂ 
       ᠬᠡᠷᠡᠭᠯᠡᠬᠦᠢ ᠥᠪᠡᠷ ᠦ᠋ᠨ ᠥᠬᠢᠨ ᠢ᠋ᠶ᠋ᠡᠨ ᠵᠥᠩᠭᠡ ᠡᠷᠭᠦᠵᠦ ᠬᠣᠲᠠ ᠪᠣᠯᠤᠭᠰᠠᠨ ᠤᠴᠢᠷ ᠢᠨᠦ ᠲᠡᠢᠮᠦ ᠪᠥᠯᠥᠭᠡ ᠃  
       ᠥᠬᠢᠨ ᠢᠨᠦ ᠬᠥᠪᠡᠭᠦᠨ ᠳ᠋ᠡᠭᠡᠨ ᠬᠥᠯᠦᠭᠡᠴᠢ ᠳᠠᠢᠰᠢ ᠳ᠋ᠤ᠌ ᠰᠣᠶᠣᠷᠬᠠᠵᠤ ᠥᠭᠭᠥᠳ ᠂ 
— — — — 
①ᠣᠢᠷᠠᠳ ᠤ᠋ᠨ ᠨᠢᠭᠡᠨ ᠠᠢᠮᠠᠭ ᠃  

       ᠥᠨᠢᠳᠡ ᠬᠠᠭᠠᠴᠠᠭᠰᠠᠨ ᠤᠯᠤᠰ ᠢ᠋ ᠠᠮᠠᠷᠠᠯᠳᠤᠵᠤ ᠲᠥᠷᠥ ᠬᠡᠯᠡᠯᠴᠡᠵᠦ ᠨᠠᠢᠷᠠᠯᠳᠤᠭᠠᠳ ᠂ 
       ᠥᠭᠯᠢᠭᠡ ᠰᠣᠶᠣᠷᠬᠠᠯ ᠢ᠋ᠶ᠋ᠠᠷ ᠡᠯᠴᠢᠰ ᠢ᠋ ᠢᠨᠦ᠍  ᠪᠠᠶᠠᠰᠬᠠᠵᠤ ᠬᠠᠷᠢᠭᠤᠯᠤᠭᠠᠳ ᠂ 
       ᠦᠯᠡᠮᠵᠢ ᠮᠠᠰᠢ ᠡᠩᠬᠡ ᠠᠮᠤᠭᠤᠯᠠᠩ ᠪᠠᠶᠠᠰᠬᠤᠯᠠᠩ ᠢ᠋ᠶ᠋ᠠᠷ ᠭᠡᠷ ᠲᠡᠭᠡᠨ ᠬᠠᠷᠢᠵᠤ ᠪᠠᠭᠤᠪᠠᠢ ᠃  
       ᠴᠠᠭᠯᠠᠰᠢ ᠦᠭᠡᠢ ᠶᠡᠬᠡ ᠤᠯᠤᠰ ᠢ᠋ᠶ᠋ᠠᠨ ᠠᠪᠤᠭᠠᠳ ᠠᠯᠲᠠᠨ ᠬᠠᠭᠠᠨ ᠬᠢᠲᠠᠳ ᠲᠤᠷ ᠠᠶᠠᠯᠠᠵᠤ ᠂ 
       ᠴᠠᠭᠠᠨ ᠬᠡᠷᠡᠮ ᠢ᠋ ᠳᠠᠪᠠᠵᠤ ᠱ᠌ᠢᠢᠨᠦ᠍ ᠨᠡᠷᠡᠲᠦ ᠬᠣᠲᠠ ᠶ᠋ᠢ ᠬᠤᠷᠢᠶᠠᠵᠤ ᠠᠪᠤᠭᠠᠳ ᠂ ① 
       ᠴᠠᠭ ᠦᠭᠡᠢ ᠠᠯᠲᠠ ᠮᠥᠩᠭᠥᠨ ᠡᠳ᠋ ᠠᠭᠤᠷᠠᠰᠤᠨ ᠡᠮ᠎ᠡ ᠬᠥᠪᠡᠭᠦᠳ ᠢ᠋ ᠣᠯᠵᠠᠯᠠᠭᠠᠳ ᠂  
       ᠴᠠᠭᠵᠦ ᠦᠯᠦ ᠪᠣᠯᠬᠤ ᠶᠡᠬᠡ ᠲᠠᠯᠠᠬ᠎ᠠ ᠠᠪᠤᠭᠠᠳ ᠡᠰᠡᠨ ᠲᠥᠭᠡᠯ ᠪᠠᠭᠤᠪᠠᠢ ᠃ 
— — — — 
①《 ᠡᠨᠡ ᠪᠣᠯ ᠯᠦᠩ ᠴᠢᠩ ᠦ᠋ᠨ ᠠᠩᠬᠠᠨ ᠣᠨ (1567 ) ᠤ᠋ ᠨᠠᠮᠤᠷ ᠂ ᠠᠯᠲᠠᠨ ᠬᠠᠭᠠᠨ ᠡᠮᠦᠨᠡᠰᠢ ᠣᠷᠣᠵᠤ ᠱᠢ ᠵᠧᠦ (石州 ) ᠶ᠋ᠢ ᠬᠠᠯᠳᠠᠭᠰᠠᠨ ᠤᠴᠢᠷ ᠢ᠋ ᠬᠡᠯᠡᠵᠡᠢ ᠃ 《 ᠮᠢᠩ ᠰᠢ 》 ᠪᠢᠴᠢᠭ ᠦ᠋ᠨ ᠲᠠᠲ᠋ᠠᠷ ᠤ᠋ᠨ ᠨᠠᠮᠲᠠᠷ ᠳᠠᠬᠢ ᠯᠦᠩ ᠴᠢᠩ ᠦ᠋ᠨ ᠠᠩᠬ᠎ᠠ ᠣᠨ ᠤ᠋ ᠲᠡᠮᠳᠡᠭᠯᠡᠯ ᠳ᠋ᠦ᠍ ᠥᠭᠦᠯᠡᠭᠰᠡᠨ ᠨᠢ : 《 ᠠᠯᠲᠠᠨ ᠢ᠋ᠶ᠋ᠠᠷ ᠱᠠᠨ ᠱᠠᠢ (山西 ) ᠶ᠋ᠢᠨ ᠭᠠᠵᠠᠷ ᠢ᠋ ᠬᠡᠳᠦᠨᠲᠡ ᠬᠠᠯᠳᠠᠪᠠᠢ ᠃ ᠡᠨᠡ ᠣᠨ ᠤ᠋ ᠨᠡᠮᠦᠷ᠎ᠡ ᠂ ᠳᠠᠬᠢᠨ ᠬᠡᠳᠦᠨ ᠲᠦᠮᠡᠨ ᠬᠥᠮᠦᠨ ᠳᠠᠢᠴᠢᠯᠠᠨ ᠭᠤᠷᠪᠠᠨ ᠵᠠᠮ ᠬᠤᠪᠢᠶᠠᠯᠠᠨ ᠵᠢᠩ ᠫᠢᠩ (井评 ) ᠂ ᠰᠦᠸᠧ ᠵᠧᠦ ( 塑州)᠂  ᠯᠤᠤ ᠢᠩ (老营 ) ᠂  ᠫᠢᠶᠠᠨ ᠲᠧᠦ ᠭᠤᠸᠠᠨ  ( 偏头关) ᠪᠣᠭᠣᠮᠲᠠ ᠵᠡᠷᠭᠡ ᠣᠯᠠᠨ ᠭᠠᠵᠠᠷ ᠢ᠋ ᠳᠠᠢᠯᠠᠭᠰᠠᠨ ᠳ᠋ᠤᠷ ᠬᠢᠵᠠᠭᠠᠷ ᠢ᠋ ᠰᠠᠬᠢᠭᠰᠠᠨ ᠵᠠᠩᠵᠤᠳ ᠬᠣᠷᠢᠭᠯᠠᠨ ᠡᠰᠡ ᠴᠢᠳᠠᠬᠤ ᠲᠤᠯᠠ ᠠᠯᠲᠠᠨ ᠤ᠋ ᠴᠡᠷᠢᠭ ᠨᠢᠭᠡᠨ ᠠᠮᠢᠰᠬᠤᠭ᠎ᠠ ᠪᠠᠷ ᠺᠧ ᠯᠠᠨ (苛兰 ) ᠪᠠ ᠹᠸᠨ ᠵᠧᠦ (汾州 ) ᠶ᠋ᠢ ᠴᠣᠬᠢᠭᠠᠳ ᠱᠢ ᠵᠧᠦ (石州 ) ᠳ᠋ᠦ᠍ᠷ ᠣᠷᠣᠵᠤ ᠵᠧᠦ ᠶ᠋ᠢᠨ ᠮᠡᠳᠡᠭᠡᠴᠢ ᠸᠠᠩ ᠯᠢᠶᠠᠩ ᠽᠠᠢ (王亮采 ) ᠬᠡᠮᠡᠭᠴᠢ ᠶ᠋ᠢ ᠠᠯᠠᠵᠤ ᠬᠠᠷᠢᠶᠠᠲᠤ ᠠᠷᠠᠳ ᠢ᠋ ᠠᠨᠤ ᠬᠢᠳᠤᠪᠠᠢ ᠃ ᠲᠡᠨᠳᠡᠴᠡ ᠮᠥᠨ ᠳᠠᠬᠢᠨ ᠰᠢᠶᠣᠤ ᠢ ( 孝义 ) ᠂ ᠵᠢᠶᠧ ᠰᠢᠦ ( 介休) ᠂ ᠫᠢᠩ ᠶᠠᠦ ( 平遥) ᠂ ᠸᠸᠨ ᠱᠦᠢ ( 文水 ) ᠂ ᠵᠢᠶᠣᠤ ᠴᠧᠩ ( 交城 ) ᠂ ᠲᠠ ᠬᠦ᠌ (大谷 ) ᠂ ᠰᠢ ᠵᠧᠦ (西州 ) ᠵᠡᠷᠭᠡ ᠣᠯᠠᠨ ᠭᠠᠵᠠᠷ ᠤ᠋ᠨ ᠬᠣᠭᠣᠷᠣᠨᠳᠣ ᠶᠡᠬᠡᠯ᠎ᠡ ᠪᠤᠯᠢᠶᠠᠨ ᠳᠡᠭᠡᠷᠡᠮᠳᠡᠭᠰᠡᠨ᠎ᠡ ᠠᠯᠠᠭᠳᠠᠵᠤ ᠦᠬᠦᠭᠰᠡᠨ ᠡᠷ᠎ᠡ ᠡᠮ᠎ᠡ ᠬᠡᠳᠦᠨ ᠲᠦᠮᠡ ᠪᠠᠢᠵᠤᠬᠤᠢ 》 ᠭᠡᠵᠡᠢ ᠃ ᠰᠢ ᠵᠧᠦ ᠭᠡᠬᠦ ᠭᠠᠵᠠᠷ ᠢ᠋ ᠡᠳᠦᠭᠡ ᠯᠢ ᠱᠢ (离石 ) ᠭᠡᠨ᠎ᠡ ᠂ ᠣᠳᠣ ᠲᠠᠢ ᠶᠤᠸᠠᠨ (太原 ) ᠬᠣᠲᠠ ᠶ᠋ᠢᠨ ᠪᠠᠷᠠᠭᠤᠨ᠎ᠠ ᠪᠣᠢ ᠃