ᠶᠢᠷᠲᠢᠨᠴᠦ ᠶᠢᠨ ᠭᠤᠷᠪᠠ – < ᠠ > ᠶ᠋ᠢᠨ ᠠᠶ᠋ᠢᠮᠠᠭ 2 Ертөнцийн гурав – < А > ин аймаг 2
ᠶᠢᠷᠲᠢᠨᠴᠦ ᠶᠢᠨ ᠭᠤᠷᠪᠠ – < ᠠ > ᠶ᠋ᠢᠨ ᠠᠶ᠋ᠢᠮᠠᠭ
ᠭᠤᠷᠪᠠᠨ ᠬᠤᠷᠠᠬᠤ
ᠠᠪᠤᠷᠠᠯ ᠭᠤᠷᠪᠠᠨ ᠡᠷᠳᠡᠨᠢ ᠶ᠋ᠢ ᠳᠠᠬᠢᠪᠠᠯ ᠰᠠᠶ᠋ᠢᠨ ᠪᠤᠶᠠᠨ ᠬᠤᠷᠠᠬᠤ
ᠠᠴᠢᠲᠤ ᠡᠴᠢᠭᠡ ᠡᠬᠡ ᠪᠠᠨ ᠬᠦᠨᠳᠦᠯᠡᠪᠡᠯ ᠠᠮᠤᠷ ᠵᠢᠷᠭᠠᠯ ᠬᠤᠷᠠᠬᠤ
ᠠᠲᠠᠭ ᠳᠣᠣᠷᠠᠳᠤ ᠶ᠋ᠢ ᠠᠰᠠᠷᠠᠪᠠᠯ ᠠᠤᠬ᠋ᠠ ᠬᠦᠴᠦᠨ ᠬᠤᠷᠠᠬᠤ
ᠭᠤᠷᠪᠠᠨ ᠭᠡᠭᠡᠬᠦ ᠬᠡᠷᠡᠭᠲᠡᠢ
ᠠᠯᠲᠠᠷ ᠨᠡᠷ᠎ᠡ ᠶ᠋ᠢ ᠭᠤᠲᠤᠭᠠᠬᠤ ᠮᠠᠭᠤ ᠶᠠᠪᠤᠲᠠᠯ ᠊ᠢ ᠭᠡᠭᠡᠬᠦ ᠬᠡᠷᠡᠭᠲᠡᠢ
ᠠᠴᠢ ᠶ᠋ᠢᠨ ᠬᠠᠷᠢᠭᠤ ᠬᠣᠣᠷ ᠬᠦᠷᠭᠡᠬᠦ ᠮᠠᠭᠤ ᠠᠮᠢᠲᠠᠳ ᠊ᠢ ᠭᠡᠭᠡᠬᠦ ᠬᠡᠷᠡᠭᠲᠡᠢ
ᠠᠤᠠᠬᠠᠭ ᠰᠠᠨᠠᠬ᠋᠎ᠠ ᠶ᠋ᠢ ᠡᠪᠦᠷᠯᠡᠬᠦ ᠮᠠᠭᠤ ᠨᠥᠬᠥᠷ ᠊ᠢ ᠭᠡᠭᠡᠬᠦ ᠬᠡᠷᠡᠭᠲᠡᠢ
ᠭᠤᠷᠪᠠᠨ ᠮᠠᠭᠤᠬᠠᠢ
ᠠᠬ᠎ᠠ ᠳᠡᠭᠦᠦ ᠲᠡᠢ ᠪᠡᠨ ᠬᠡᠷᠡᠯᠲᠦᠵᠦ ᠵᠢᠭᠤᠷᠠᠯᠲᠤᠬᠤ ᠨᠢᠭᠡ ᠮᠠᠭᠤᠬᠠᠢ
ᠠᠪᠤ ᠡᠵᠢ ᠶ᠋ᠢ ᠪᠡᠨ ᠵᠠᠩᠨᠠᠵᠤ ᠬᠠᠷᠢᠶᠠᠬᠤ ᠨᠢᠭᠡ ᠮᠠᠭᠤᠬᠠᠢ
ᠠᠷᠢᠬᠢ ᠲᠠᠮᠠᠬᠢ ᠲᠠᠢ ᠨᠠᠶ᠋ᠢᠵᠠᠯᠠᠵᠤ ᠨᠥᠬᠦᠷᠯᠡᠬᠦ ᠨᠢᠭᠡ ᠮᠠᠭᠤᠬᠠᠢ
ᠭᠤᠷᠪᠠᠨ ᠮᠠᠭᠤ
ᠠᠯᠵᠠᠭᠤ ᠵᠠᠯᠬᠠᠭᠤ ᠠᠮᠢᠲᠤᠷᠠᠯ ᠳ᠋ᠤ᠌ ᠨᠢᠭᠡ ᠮᠠᠭᠤ
ᠠᠷᠢᠬᠢ ᠲᠠᠮᠠᠬᠢ ᠪᠡᠶ᠎ᠡ ᠳ᠋ᠤ᠌ ᠨᠢᠭᠡ ᠮᠠᠭᠤ
ᠠᠷᠬ᠋᠎ᠠ ᠮᠡᠬᠡ ᠬᠣᠵᠢᠮ ᠳ᠋ᠤ᠌ ᠨᠢᠭᠡ ᠮᠠᠭᠤ
ᠭᠤᠷᠪᠠᠨ ᠵᠥᠭᠡᠯᠡᠨ
ᠠᠮᠠ ᠬᠠᠮᠠᠷ ᠲᠤ ᠬᠡᠯᠡ ᠨᠢᠭᠡ ᠵᠥᠭᠡᠯᠡᠨ
ᠠᠮᠪᠠᠨ ᠪᠣᠣᠲᠤᠤ ᠳ᠋ᠤ᠌ ᠮᠢᠬ᠎ᠠ ᠨᠢᠭᠡ ᠵᠥᠭᠡᠯᠡᠨ
ᠠᠲᠤᠭᠤ ᠮᠠᠯ ᠳ᠋ᠤ᠌ ᠡᠪᠡᠰᠦ ᠨᠢᠭᠡ ᠵᠥᠭᠡᠯᠡᠨ
ᠭᠤᠷᠪᠠᠨ ᠳᠠᠶ᠋ᠢᠰᠤᠨ
ᠠᠶ᠋ᠢᠯᠴᠢᠨ ᠬᠥᠮᠦᠨ ᠳ᠋ᠤ᠌ ᠱᠠᠬᠠᠢ ᠨᠢᠭᠡ ᠳᠠᠶ᠋ᠢᠰᠤᠨ
ᠠᠷᠢᠬᠢᠴᠢᠨ ᠬᠥᠮᠦᠨ ᠳ᠋ᠤ᠌ ᠵᠣᠭᠣᠰ ᠨᠢᠭᠡ ᠳᠠᠶ᠋ᠢᠰᠤᠨ
ᠢᠯᠪᠡᠭ ᠨᠢᠲᠦᠨ ᠳ᠋ᠤ᠌ ᠢᠯᠠᠬ᠋ᠠ ᠨᠢᠭᠡ ᠳᠠᠶ᠋ᠢᠰᠤᠨ
ᠭᠤᠷᠪᠠᠨ ᠬᠡᠷᠡᠭᠲᠡᠢ
ᠠᠪᠠ ᠳ᠋ᠤ᠌ ᠨᠣᠬᠠᠢ ᠨᠢᠭᠡ ᠬᠡᠷᠡᠭᠲᠡᠢ
ᠠᠲᠤᠭᠤᠨ ᠳ᠋ᠤ᠌ ᠤᠷᠬ᠋᠎ᠠ ᠨᠢᠭᠡ ᠬᠡᠷᠡᠭᠲᠡᠢ
ᠠᠶᠠᠨ ᠳ᠋ᠤ᠌ ᠬᠦᠨᠡᠰᠦ ᠨᠢᠭᠡ ᠬᠡᠷᠡᠭᠲᠡᠢ
ᠭᠤᠷᠪᠠᠨ ᠳᠤᠰᠠᠲᠠᠢ
ᠠᠯᠤᠰ ᠊ᠢ ᠪᠣᠲᠣᠪᠠᠯ ᠢᠷᠡᠭᠡᠲᠦᠢ ᠳ᠋ᠤ᠌ ᠳᠤᠰᠠᠲᠠᠢ
ᠬᠣᠯᠠ ᠶ᠋ᠢ ᠪᠣᠲᠣᠪᠠᠯ ᠬᠣᠵᠢᠮ ᠳ᠋ᠤ᠌ ᠲᠤᠰᠠᠲᠠᠢ
ᠬᠥᠮᠦᠨ ᠊ᠢ ᠪᠣᠲᠣᠪᠠᠯ ᠬᠣᠪᠢᠨ ᠳ᠋ᠤ᠌ ᠳᠤᠰᠠᠲᠠᠢ
ᠭᠤᠷᠪᠠᠨ ᠣᠯᠭᠣᠲᠠᠭ
ᠠᠯᠲᠠᠨ ᠨᠠᠷᠠ ᠭᠡᠷᠡᠯ ᠊ᠢ ᠨᠢᠭᠡ ᠣᠯᠭᠣᠲᠠᠭ
ᠠᠪᠤ ᠡᠵᠢ ᠠᠮᠢᠵᠢᠷᠠᠯ ᠊ᠢ ᠨᠢᠭᠡ ᠣᠯᠭᠣᠲᠠᠭ
ᠠᠭᠤᠤ ᠨᠠᠮ ᠵᠢᠷᠭᠠᠯ ᠊ᠢ ᠨᠢᠭᠡ ᠣᠯᠭᠣᠲᠠᠭ
ᠭᠤᠷᠪᠠᠨ ᠦᠭᠡᠢ
ᠠᠭᠤᠯᠠᠨ ᠳᠡᠭᠡᠷ᠎ᠡ ᠭᠠᠷᠬᠤ ᠦᠭᠡᠢ ᠪᠣᠯ ᠭᠠᠵᠠᠷ ᠦ᠋ᠨ ᠳᠡᠭᠰᠢᠬᠡᠨ ᠊ᠢ ᠮᠡᠲᠡᠬᠦ ᠦᠭᠡᠢ
ᠪᠠᠷᠰ ᠦ᠋ᠨ ᠡᠭᠦᠷ ᠲᠤ ᠣᠷᠣᠬᠤ ᠦᠭᠡᠢ ᠪᠣᠯ ᠪᠠᠮᠪᠠᠷ ᠊ᠢ ᠪᠠᠷᠢᠵᠤ ᠴᠢᠲᠠᠬᠤ ᠦᠭᠡᠢ
ᠴᠢᠨᠣ᠎ᠠ ᠶ᠋ᠢᠨ ᠡᠭᠦᠷ ᠲᠤ ᠣᠷᠣᠬᠤ ᠦᠭᠡᠢ ᠪᠣᠯ ᠪᠡᠯᠲᠡᠷᠭᠡ ᠊ᠢ ᠪᠠᠷᠢᠵᠤ ᠴᠢᠲᠠᠬᠤ ᠦᠭᠡᠢ
ᠭᠤᠷᠪᠠᠨ ᠠᠲᠠᠯᠢ ᠦᠭᠡᠢ
ᠠᠪᠤ ᠶ᠋ᠢᠨ ᠬᠡᠦᠬᠡᠳ ᠰᠠᠶ᠋ᠢᠨ ᠲᠠᠢ ᠮᠠᠭᠤ ᠲᠠᠢ
ᠠᠲᠤᠭᠤ ᠮᠠᠯ ᠠᠯᠠᠭ ᠲᠠᠢ ᠴᠣᠬᠣᠷ ᠲᠠᠢ
ᠠᠷᠤ ᠶ᠋ᠢᠨ ᠮᠤᠲᠤ ᠥᠨᠲᠥᠷ ᠲᠡᠢ ᠪᠣᠭᠣᠨᠢ ᠲᠠᠢ
ᠭᠤᠷᠪᠠᠨ ᠦᠭᠡᠢ
ᠠᠭᠤᠯᠠ ᠦᠭᠡᠢ ᠭᠠᠵᠠᠷ ᠪᠠᠷᠰ ᠦᠭᠡᠢ
ᠤᠰᠤ ᠦᠭᠡᠢ ᠭᠠᠵᠠᠷ ᠵᠢᠭᠠᠰᠤ ᠦᠭᠡᠢ
ᠠᠭᠲᠠ ᠦᠭᠡᠢ ᠭᠠᠵᠠᠷ ᠰᠥᠷᠦᠭ ᠦᠭᠡᠢ
ᠭᠤᠷᠪᠠᠨ ᠪᠡᠷᠬᠡ
ᠠᠪᠤ ᠡᠵᠢ ᠶ᠋ᠢᠨ ᠠᠴᠢᠯᠠᠯᠬ᠋ᠠ ᠶ᠋ᠢ ᠬᠠᠷᠢᠭᠤᠯᠬᠤ ᠳ᠋ᠤ᠌ ᠨᠢᠭᠡ ᠪᠡᠷᠬᠡ
ᠠᠬ᠎ᠠ ᠳᠡᠭᠦᠦ ᠶ᠋ᠢᠨ ᠡᠨᠡᠷᠢᠯ ᠊ᠢ ᠬᠠᠷᠢᠭᠤᠯᠬᠤ ᠳ᠋ᠤ᠌ ᠨᠢᠭᠡ ᠪᠡᠷᠬᠡ
ᠠᠨᠲᠠ ᠨᠥᠬᠥᠷ ᠦ᠋ᠨ ᠬᠠᠯᠠᠮᠵᠢ ᠶ᠋ᠢ ᠬᠠᠷᠢᠭᠤᠯᠬᠤ ᠳ᠋ᠤ᠌ ᠨᠢᠭᠡ ᠪᠡᠷᠬᠡ
ᠭᠤᠷᠪᠠᠨ ᠬᠠᠲᠠᠭᠤ
ᠠᠲᠤᠭᠤ ᠮᠠᠯ ᠦ᠋ᠨ ᠲᠤᠭᠤᠷᠠᠢ ᠨᠢᠭᠡ ᠬᠠᠲᠠᠭᠤ
ᠠᠰᠬ᠎ᠠ ᠬᠠᠲᠠᠨ ᠪ ᠴᠢᠯᠠᠭᠤ ᠨᠢᠭᠡ ᠬᠠᠲᠠᠭᠤ
ᠠᠪᠤ ᠡᠵᠢ ᠶ᠋ᠢᠨ ᠰᠤᠷᠭᠠᠯ ᠨᠢᠭᠡ ᠬᠠᠲᠠᠭᠤ
ᠭᠤᠷᠪᠠᠨ ᠪᠡᠷᠬᠡ
ᠠᠮᠠᠨ ᠠ᠋ᠴᠠ ᠭᠠᠷᠤᠭᠰᠠᠨ ᠦᠭᠡ ᠶ᠋ᠢ ᠪᠠᠷᠢᠬᠤ ᠳ᠋ᠤ᠌ ᠪᠡᠷᠬᠡ
ᠤᠷᠬ᠋᠎ᠠ ᠠ᠋ᠴᠠ ᠠᠯᠲᠠᠭᠰᠠᠨ ᠮᠣᠷᠢ ᠶ᠋ᠢ ᠪᠠᠷᠢᠬᠤ ᠳ᠋ᠤ᠌ ᠪᠡᠷᠬᠡ
ᠲᠣᠣᠷ ᠠ᠋ᠴᠠ ᠨᠢᠰᠦᠬ᠋ᠰᠡᠨ ᠰᠢᠪᠠᠭᠤ ᠶ᠋ᠢ ᠪᠠᠷᠢᠬᠤ ᠳ᠋ᠤ᠌ ᠪᠡᠷᠬᠡ
ᠭᠤᠷᠪᠠᠨ ᠰᠠᠶ᠋ᠢᠨ
ᠠᠭᠠᠰᠢ ᠵᠠᠩ ᠦ᠋ᠨ ᠡᠶᠡᠯᠳᠡᠭ ᠨᠢ ᠰᠠᠶ᠋ᠢᠨ
ᠠᠳᠤᠭᠤ ᠮᠠᠯ ᠤᠨ ᠲᠠᠷᠭᠤᠨ ᠨᠢ ᠰᠠᠶ᠋ᠢᠨ
ᠠᠬ᠎ᠠ ᠳᠡᠭᠦᠦ ᠶ᠋ᠢᠨ ᠬᠠᠯᠠᠮᠵᠢ ᠨᠢ ᠰᠠᠶ᠋ᠢᠨ
ᠭᠤᠷᠪᠠᠨ ᠵᠣᠪᠠᠬᠤ
ᠠᠭᠤᠷ ᠤᠨ ᠮᠤᠩᠬᠠᠭ ᠢᠶ᠋ᠠᠷ ᠪᠡᠶ᠎ᠡ ᠵᠣᠪᠠᠬᠤ
ᠠᠪᠤ ᠶ᠋ᠢᠨ ᠮᠠᠭᠤ ᠪᠠᠷ ᠦᠷ᠎ᠡ ᠵᠣᠪᠠᠬᠤ
ᠠᠭᠤᠯᠠ ᠶ᠋ᠢᠨ ᠥᠨᠳᠥᠷ ᠢᠶ᠋ᠡᠷ ᠤᠨᠤᠭ᠎ᠠ ᠵᠣᠪᠠᠬᠤ
ᠭᠤᠷᠪᠠᠨ ᠠᠯᠠᠭ᠎ᠠ
ᠠᠭᠰᠤᠮ ᠮᠣᠷᠢᠨ ᠳᠤ ᠠᠮᠠᠷ ᠵᠢᠷᠭᠠᠯ ᠠᠯᠠᠭ᠎ᠠ
ᠠᠯᠢᠶ᠎ᠠ ᠬᠡᠦᠬᠡᠳ ᠲᠦ ᠠᠮᠤᠷ ᠲᠠᠶ᠋ᠢᠪᠤᠩ ᠠᠯᠠᠭ᠎ᠠ
ᠠᠵᠢᠯᠴᠢ ᠬᠥᠮᠦᠨ ᠳᠦ ᠴᠢᠯᠥᠭᠡ ᠴᠠᠭ ᠠᠯᠠᠭ᠎ᠠ
ᠭᠤᠷᠪᠠᠨ ᠲᠦᠰᠢᠭ
ᠠᠪᠤ ᠡᠵᠢ ᠦᠷ᠎ᠡ ᠶ᠋ᠢᠨ ᠲᠦᠰᠢᠭ
ᠠᠮᠠᠭᠠᠢ ᠬᠠᠵᠠᠭᠠᠷ ᠮᠣᠷᠢ ᠳ᠋ᠠᠭᠠᠨ ᠲᠦᠰᠢᠭ
ᠠᠭᠤᠯᠠ ᠬᠠᠳᠠ ᠠᠶ᠋ᠢᠯ ᠳ᠋ᠠᠭᠠᠨ ᠲᠦᠰᠢᠭ
ᠭᠤᠷᠪᠠᠨ ᠰᠠᠶ᠋ᠢᠬᠠᠨ
ᠠᠲᠠᠨ ᠲᠡᠮᠡᠭᠡᠨ ᠦ ᠠᠯᠬᠤᠬᠤ ᠨᠢ ᠰᠠᠶ᠋ᠢᠬᠠᠨ
ᠠᠪᠤ ᠡᠵᠢ ᠶ᠋ᠢᠨ ᠰᠤᠷᠭᠠᠬᠤ ᠨᠢ ᠰᠠᠶ᠋ᠢᠬᠠᠨ
ᠠᠭᠤᠯᠠ ᠬᠠᠳᠠᠨ ᠤ ᠬᠥᠬᠡᠷᠡᠬᠦ ᠨᠢ ᠰᠠᠶ᠋ᠢᠬᠠᠨ
ᠭᠤᠷᠪᠠᠨ ᠵᠢᠮᠰᠡᠭ
ᠠᠯᠲᠠᠨ ᠲᠠᠤᠬᠠᠢ ᠪᠦᠰᠡ ᠶ᠋ᠢᠨ ᠵᠢᠮᠰᠡᠭ
ᠠᠩᠭ᠎ᠠ ᠦᠷ᠎ᠡ ᠭᠡᠷ ᠦᠨ ᠵᠢᠮᠰᠡᠭ
ᠠᠯᠴᠢᠭᠤᠷ ᠫᠡᠩᠰᠡ ᠬᠡᠦᠬᠡᠨ ᠦ ᠵᠢᠮᠰᠡᠭ
ᠭᠤᠷᠪᠠᠨ ᠬᠠᠷᠢᠭᠤ
ᠠᠮᠤᠷ ᠲᠤ ᠮᠡᠨᠳᠦ ᠨᠢᠭᠡ ᠬᠠᠷᠢᠭᠤ
ᠠᠶᠠᠭᠠᠨ ᠳᠤ ᠰᠢᠨᠠᠭ᠎ᠠ ᠨᠢᠭᠡ ᠬᠠᠷᠢᠭᠤ
ᠠᠯᠵᠠᠭᠤ ᠳᠤ ᠵᠠᠯᠬᠠᠭᠤ ᠨᠢᠭᠡ ᠬᠠᠷᠢᠭᠤ
ᠭᠤᠷᠪᠠᠨ ᠣᠯᠠᠨ
ᠠᠮᠲᠠᠲᠠᠢ ᠪᠤᠳᠠᠭᠠᠨ ᠳᠤ ᠠᠮᠠ ᠨᠢᠭᠡ ᠣᠯᠠᠨ
ᠠᠯᠳᠠᠭ᠎ᠠ ᠲᠠᠢ ᠶᠠᠪᠤᠳᠠᠯ ᠳᠤ ᠰᠢᠭᠦᠮᠵᠢ ᠨᠢᠭᠡ ᠣᠯᠠᠨ
ᠠᠪᠤᠰᠢᠲᠠᠢ ᠶᠠᠭᠤᠮᠠᠨ ᠳᠤ ᠡᠵᠡᠨ ᠨᠢᠭᠡ ᠣᠯᠠᠨ
ᠭᠤᠷᠪᠠᠨ ᠵᠢᠮᠰᠡᠭ
ᠠᠷᠢᠬᠢᠴᠢᠨ ᠡᠷ᠎ᠡ ᠶ᠋ᠢᠨ ᠵᠢᠮᠰᠡᠭ ᠬᠤᠪᠢᠩ ᠬᠤᠨᠳᠠᠭ᠎ᠠ ᠬᠣᠶᠠᠷ
ᠠᠶ᠋ᠢᠯᠴᠢ ᠡᠮ᠎ᠡ ᠶ᠋ᠢᠨ ᠵᠢᠮᠰᠡᠭ ᠨᠢ ᠵᠠᠰᠠᠯ ᠵᠢᠯᠠᠭ᠎ᠠ ᠬᠣᠶᠠᠷ
ᠠᠶ᠋ᠢᠯᠠᠳᠬᠠᠭᠴᠢ ᠯᠠᠮᠠ ᠶ᠋ᠢᠨ ᠵᠢᠮᠰᠡᠭ ᠨᠢ ᠬᠤᠩᠬ᠎ᠠ ᠳᠠᠮᠠᠷᠤ ᠬᠣᠶᠠᠷ
ᠭᠤᠷᠪᠠᠨ ᠵᠥᠭᠡᠯᠡᠨ
ᠠᠮᠲᠠᠯᠠᠭᠰᠠᠨ ᠬᠥᠮᠦᠨ ᠦ ᠠᠮᠠ ᠨᠢᠭᠡ ᠵᠥᠭᠡᠯᠡᠨ
ᠠᠪᠤᠭᠰᠠᠨ ᠬᠥᠮᠦᠨ ᠦ ᠭᠠᠷ ᠨᠢᠭᠡ ᠵᠥᠭᠡᠯᠡᠨ
ᠠᠷᠭ᠎ᠠ ᠲᠠᠢ ᠬᠥᠮᠦᠨ ᠦ ᠦᠭᠡ ᠨᠢᠭᠡ ᠵᠥᠭᠡᠯᠡᠨ
ᠭᠤᠷᠪᠠᠨ ᠳᠠᠶ᠋ᠢᠰᠤᠨ
ᠠᠳᠤᠭᠤ ᠮᠠᠯ ᠳᠤ ᠴᠢᠨᠣ᠎ᠠ ᠨᠢᠭᠡ ᠳᠠᠶ᠋ᠢᠰᠤᠨ
ᠠᠮᠤᠷ ᠲᠦᠪᠰᠢᠨ ᠳᠦ ᠬᠤᠯᠠᠭᠠᠶ᠋ᠢᠴᠢ ᠨᠢᠭᠡ ᠳᠠᠶ᠋ᠢᠰᠤᠨ
ᠠᠯᠲᠠᠨ ᠲᠥᠷᠥ ᠳᠦ ᠵᠠᠯᠢᠬᠠᠢ ᠨᠢᠭᠡ ᠳᠠᠶ᠋ᠢᠰᠤᠨ
ᠭᠤᠷᠪᠠᠨ ᠰᠢᠯᠲᠠᠭ
ᠠᠯᠵᠠᠭᠤ ᠡᠮᠡᠰ ᠲᠦ ᠠᠩᠭ᠎ᠠ ᠨᠢᠭᠡ ᠰᠢᠯᠲᠠᠭ
ᠵᠠᠯᠬᠠᠭᠤ ᠬᠥᠮᠦᠰ ᠲᠦ ᠡᠪᠡᠳᠴᠢᠨ ᠨᠢᠭᠡ ᠰᠢᠯᠲᠠᠭ
ᠨᠢᠴᠦᠭᠦᠨ ᠯᠠᠮᠠ ᠳᠤ ᠨᠣᠮ ᠨᠢᠭᠡ ᠰᠢᠯᠲᠠᠭ
ᠭᠤᠷᠪᠠᠨ ᠪᠥᠬᠡ
ᠠᠯᠪᠠᠨ ᠵᠠᠷᠤᠴᠠ ᠶ᠋ᠢᠨ ᠠᠮᠠᠨ ᠨᠢ ᠪᠥᠬᠡ
ᠠᠯᠠᠭᠰᠠᠨ ᠲᠠᠷᠪᠠᠭ᠎ᠠ ᠶ᠋ᠢᠨ ᠵᠠᠪᠠᠵᠢ ᠨᠢ ᠪᠥᠬᠡ
ᠠᠳᠠᠯᠠᠭᠤᠯᠤᠭᠰᠠᠨ ᠠᠮᠢᠲᠠᠨ ᠤ ᠠᠮᠢ ᠨᠢ ᠪᠥᠬᠡ
ᠭᠤᠷᠪᠠᠨ ᠳᠡᠭᠡᠷ᠎ᠡ
ᠠᠴᠢᠯᠠᠯ ᠦᠭᠡᠢ ᠬᠥᠮᠦᠨ ᠦᠬᠦᠭᠰᠡᠨ ᠳ᠋ᠡᠭᠡᠨ ᠳᠡᠭᠡᠷ᠎ᠡ
ᠤᠨᠳᠤᠷᠤᠭ᠎ᠠ ᠦᠭᠡᠢ ᠪᠤᠯᠠᠭ ᠰᠢᠷᠭᠢᠭᠰᠡᠨ ᠳ᠋ᠡᠭᠡᠨ ᠳᠡᠭᠡᠷ᠎ᠡ
ᠦᠭᠯᠢᠭᠡ ᠦᠭᠡᠢ ᠪᠠᠶᠠᠨ ᠦᠭᠡᠶ᠋ᠢᠷᠡᠭᠰᠡᠨ ᠳ᠋ᠡᠭᠡᠨ ᠳᠡᠭᠡᠷ᠎ᠡ
ᠭᠤᠷᠪᠠᠨ ᠪᠠᠶᠠᠷ
ᠠᠲᠠᠭᠠᠲᠠᠨ ᠳᠠᠶ᠋ᠢᠰᠤᠨ ᠢᠶ᠋ᠠᠨ ᠳᠠᠷᠤᠪᠠᠯ ᠲᠡᠭᠦᠰ ᠨᠢᠭᠡ ᠪᠠᠶᠠᠷ
ᠠᠶ᠋ᠢᠮᠠᠭ ᠲᠥᠷᠥᠯ ᠢᠶ᠋ᠡᠷ ᠢᠶ᠋ᠡᠨ ᠴᠤᠭᠯᠠᠪᠠᠯ ᠲᠠᠷᠭᠢᠯ ᠨᠢᠭᠡ ᠪᠠᠶᠠᠷ
ᠠᠬᠢᠵᠤ ᠨᠠᠰᠤ ᠨᠡᠮᠡᠭᠳᠡᠪᠡᠯ ᠰᠢᠨ᠎ᠡ ᠵᠢᠯ ᠦᠨ ᠨᠢᠭᠡ ᠪᠠᠶᠠᠷ
ᠭᠤᠷᠪᠠᠨ ᠳᠠᠪᠠᠬ᠋ᠠ
ᠠᠮᠠᠨ ᠳ᠋ᠤ᠌ ᠣᠷᠣᠲᠠᠯ᠎ᠠ ᠠᠷᠪᠠᠨ ᠳᠠᠪᠠᠬ᠋ᠠ
ᠠᠮᠢ ᠨᠠᠰᠤᠨ ᠳ᠋ᠤ᠌ ᠦᠬᠦᠯ ᠦ᠋ᠨ ᠳᠠᠪᠠᠬ᠋ᠠ
ᠠᠯᠵᠠᠭᠤ ᠡᠷ᠎ᠡ ᠳ᠋ᠤ᠌ ᠠᠵᠢᠯ ᠦ᠋ᠨ ᠳᠠᠪᠠᠬ᠋ᠠ
ᠭᠤᠷᠪᠠᠨ ᠪᠣᠲᠣ
ᠠᠪᠤ ᠪᠠᠨ ᠰᠠᠨᠠᠪᠠᠯ ᠠᠪᠠᠬ᠋᠎ᠠ ᠪᠠᠨ ᠪᠣᠲᠣ
ᠡᠵᠢ ᠪᠡᠨ ᠰᠠᠨᠠᠪᠠᠯ ᠨᠠᠭᠠᠴᠤ ᠪᠠᠨ ᠪᠣᠲᠣ
ᠠᠬ᠎ᠠ ᠪᠠᠨ ᠰᠠᠨᠠᠪᠠᠯ ᠪᠡᠷᠭᠡᠨ ᠶ᠋ᠢᠡᠨ ᠪᠣᠲᠣ
ᠭᠤᠷᠪᠠᠨ ᠳᠤᠷᠠᠲᠠᠢ
ᠠᠩᠬᠢᠯᠤᠮ᠎ᠠ ᠦᠨᠦᠷᠲᠦ ᠴᠡᠴᠡᠭ ᠲᠦ ᠡᠷᠪᠡᠬᠡᠢ ᠰᠠᠭᠤᠬᠤ ᠳᠤᠷᠠᠲᠠᠢ
ᠠᠪᠤᠷᠢ ᠰᠠᠶ᠋ᠢᠲᠠᠢ ᠠᠶ᠋ᠢᠯ ᠳ᠋ᠤ᠌ ᠵᠣᠴᠢᠨ ᠪᠠᠭᠤᠬᠤ ᠳᠤᠷᠠᠲᠠᠢ
ᠠᠭᠠᠰᠢ ᠡᠶᠡᠯᠳᠡᠭ ᠬᠥᠮᠦᠨ ᠳ᠋ᠤ᠌ ᠬᠡᠦᠬᠡᠨ ᠣᠴᠢᠬᠤ ᠳᠤᠷᠠᠲᠠᠢ
ᠭᠤᠷᠪᠠᠨ ᠬᠣᠯᠠ ᠦᠭᠡᠢ
ᠠᠪᠤᠷᠢ ᠵᠠᠩ ᠶ᠋ᠢᠠᠨ ᠬᠠᠯᠠᠬᠤ ᠦᠭᠡᠢ ᠪᠣᠯ ᠨᠢᠭᠤᠷ ᠶ᠋ᠢᠠᠨ ᠪᠠᠷᠠᠬᠤ ᠬᠣᠯᠠ ᠦᠭᠡᠢ
ᠠᠰᠢᠬ ᠬᠥᠷᠥᠩᠭᠡ ᠪᠡᠨ ᠠᠷᠪᠢᠯᠠᠬᠤ ᠦᠭᠡᠢ ᠪᠣᠯ ᠶᠠᠭᠤᠮ᠎ᠠ ᠪᠠᠨ ᠪᠠᠷᠠᠬᠤ ᠬᠣᠯᠠ ᠦᠭᠡᠢ
ᠠᠷᠢᠬᠢ ᠳᠠᠷᠠᠰᠤ ᠪᠠᠨ ᠵᠣᠭᠰᠣᠬᠤ ᠦᠭᠡᠢ ᠪᠣᠯ ᠠᠮᠢ ᠪᠠᠨ ᠠᠯᠲᠠᠬᠤ ᠬᠣᠯᠠ ᠦᠭᠡᠢ
ᠭᠤᠷᠪᠠᠨ ᠦᠨᠡᠨ
ᠠᠭᠤᠯᠵᠠᠬᠤ ᠠ᠋ᠴᠠ ᠡᠮᠦᠨ᠎ᠡ ᠲᠠᠯ᠎ᠠ ᠶ᠋ᠢᠨ ᠬᠣᠶᠠᠷ ᠭᠥᠷᠥᠭᠡᠰᠦ ᠭᠡᠳᠡᠭ ᠦᠨᠡᠨ
ᠠᠭᠤᠯᠵᠠᠭᠰᠠᠨ ᠪ ᠬᠣᠶ᠋ᠢᠨ᠎ᠠ ᠠᠭᠤᠰᠬᠢ ᠶ᠋ᠢᠨ ᠬᠣᠶᠠᠷ ᠰᠤᠲᠠᠰᠤ ᠭᠡᠳᠡᠭ ᠦᠨᠡᠨ
ᠨᠡᠶ᠋ᠢᠯᠡᠭᠡᠳ ᠠᠪᠤᠪᠠᠯ ᠰᠠᠯᠬᠤ ᠳᠤᠷ᠎ᠠ ᠦᠭᠡᠢ ᠭᠡᠳᠡᠭ ᠦᠨᠡᠨ
ᠭᠤᠷᠪᠠᠨ ᠮᠡᠲᠡᠨ᠎ᠡ
ᠠᠭᠤᠯᠠᠨ ᠪ ᠪᠠᠷᠲᠠᠬ᠋ᠠ ᠶ᠋ᠢ ᠶᠠᠪᠤᠨ ᠪᠠᠶ᠋ᠢᠵᠤ ᠮᠡᠲᠡᠨ᠎ᠡ
ᠤᠰᠤᠨ ᠪ ᠭᠦᠨ ᠊ᠢ ᠭᠡᠲᠦᠯᠦᠨ ᠪᠠᠶ᠋ᠢᠵᠤ ᠮᠡᠲᠡᠨ᠎ᠡ
ᠢᠲᠡᠭᠡᠨ ᠪ ᠰᠠᠶ᠋ᠢᠨ ᠊ᠢ ᠠᠮᠲᠠᠯᠠᠨ ᠪᠠᠶ᠋ᠢᠵᠤ ᠮᠡᠲᠡᠨ᠎ᠡ
ᠭᠤᠷᠪᠠᠨ ᠮᠡᠲᠡᠨ᠎ᠡ
ᠠᠭᠲᠠ ᠶ᠋ᠢᠨ ᠰᠠᠶ᠋ᠢᠨ ᠊ᠢ ᠤᠨᠤᠨ ᠪᠠᠶ᠋ᠢᠵᠤ ᠮᠡᠲᠡᠨ᠎ᠡ
ᠠᠨᠲᠠ ᠶ᠋ᠢᠨ ᠰᠠᠶ᠋ᠢᠨ ᠊ᠢ ᠤᠲᠠᠨ ᠪᠠᠶ᠋ᠢᠵᠤ ᠮᠡᠲᠡᠨ᠎ᠡ
ᠠᠮᠲᠠ ᠶ᠋ᠢᠨ ᠰᠠᠶ᠋ᠢᠨ ᠊ᠢ ᠢᠲᠡᠨ ᠪᠠᠶ᠋ᠢᠵᠤ ᠮᠡᠲᠡᠨ᠎ᠡ
ᠭᠤᠷᠪᠠᠨ ᠦᠭᠡᠢ
ᠠᠭᠲᠠ ᠶ᠋ᠢᠨ ᠭᠦᠶᠦᠲᠡᠯ ᠬᠡᠮᠵᠢᠶ᠎ᠡ ᠦᠭᠡᠢ
ᠠᠷᠠᠳ ᠦ᠋ᠨ ᠣᠶᠤᠨ ᠬᠢᠵᠠᠭᠠᠷ ᠦᠭᠡᠢ
ᠠᠪᠤ ᠶ᠋ᠢᠨ ᠡᠨᠡᠷᠢᠯ ᠬᠥᠪᠡᠭᠡ ᠦᠭᠡᠢ
ᠭᠤᠷᠪᠠᠨ ᠬᠥᠩᠭᠡᠨ
ᠠᠪᠠᠭᠠᠢ ᠦᠭᠡᠢ ᠲᠠᠪᠤᠨᠠᠩ ᠨᠢᠭᠡ ᠬᠥᠩᠭᠡᠨ
ᠠᠷᠬ᠋᠎ᠠ ᠦᠭᠡᠢ ᠨᠣᠶᠠᠨ ᠨᠢᠭᠡ ᠬᠥᠩᠭᠡᠨ
ᠠᠯᠴᠢᠭᠤᠷ ᠦᠭᠡᠢ ᠬᠡᠦᠬᠡᠨ ᠨᠢᠭᠡ ᠬᠥᠩᠭᠡᠨ
ᠭᠤᠷᠪᠠᠨ ᠲᠠᠲᠠᠭᠤ
ᠠᠭᠤᠯᠠ ᠪᠦᠰᠡᠯᠡᠭᠦᠷ ᠦᠭᠡᠢ ᠨᠢᠭᠡ ᠲᠠᠲᠠᠭᠤ
ᠳᠠᠯᠠᠢ ᠲᠠᠭᠯᠠᠬ᠋ᠠ ᠦᠭᠡᠢ ᠨᠢᠭᠡ ᠲᠠᠲᠠᠭᠤ
ᠲᠩᠷᠢ ᠪᠠᠭᠠᠨ᠎ᠠ ᠦᠭᠡᠢ ᠨᠢᠭᠡ ᠲᠠᠲᠠᠭᠤ
ᠭᠤᠷᠪᠠᠨ ᠴᠠᠭᠠᠨ
ᠠᠮᠢᠲᠠᠨ ᠪ ᠵᠦᠢᠯ ᠡᠴᠡ ᠬᠤᠨ ᠨᠢᠭᠡ ᠴᠠᠭᠠᠨ
ᠤᠰᠤᠨ ᠪ ᠵᠦᠢᠯ ᠡᠴᠡ ᠳᠤᠩ ᠨᠢᠭᠡ ᠴᠠᠭᠠᠨ
ᠪᠡᠯᠡᠭ ᠦ᠋ᠨ ᠵᠦᠢᠯ ᠡᠴᠡ ᠬᠠᠲᠠᠭ ᠨᠢᠭᠡ ᠴᠠᠭᠠᠨ
ᠭᠤᠷᠪᠠᠨ ᠪᠠᠬ᠎ᠠ
ᠠᠪᠠ ᠶ᠋ᠢᠨ ᠨᠢᠭᠡ ᠪᠠᠬ᠎ᠠ
ᠨᠠᠭᠠᠲᠤᠮ ᠦ᠋ᠨ ᠨᠢᠭᠡ ᠪᠠᠬ᠎ᠠ
ᠡᠷᠲᠡᠮ ᠦ᠋ᠨ ᠨᠢᠭᠡ ᠪᠠᠬ᠎ᠠ
ᠭᠤᠷᠪᠠᠨ ᠬᠠᠷ᠎ᠠ
ᠠᠮᠲᠠᠲᠠᠢ ᠠ᠋ᠴᠠ ᠠᠷᠢᠬᠢ ᠨᠢᠭᠡ ᠬᠠᠷ᠎ᠠ
ᠪᠡᠯᠭᠡ ᠲᠡᠢ ᠡᠴᠡ ᠪᠡᠬᠡ ᠨᠢᠭᠡ ᠬᠠᠷ᠎ᠠ
ᠲᠣᠰᠣ ᠲᠠᠢ ᠠ᠋ᠴᠠ ᠲᠣᠭᠣᠬ᠋᠎ᠠ ᠨᠢᠭᠡ ᠬᠠᠷ᠎ᠠ
ᠭᠤᠷᠪᠠᠨ ᠪᠠᠷᠲᠠᠮ
ᠠᠷᠢᠬᠢ ᠤᠤᠭᠤᠭᠰᠠᠳ ᠦ᠋ᠨ ᠠᠮᠠ ᠨᠢᠭᠡ ᠪᠠᠷᠲᠠᠮ
ᠠᠵᠢᠷᠬ᠋ᠠ ᠤᠨᠤᠭᠰᠠᠳ ᠦ᠋ᠨ ᠠᠯᠠ ᠨᠢᠭᠡ ᠪᠠᠷᠲᠠᠮ
ᠠᠮᠢᠲᠠᠨ ᠊ᠢ ᠳᠠᠷᠤᠯᠠᠭᠰᠠᠳ ᠦ᠋ᠨ ᠠᠭᠠᠰᠢ ᠨᠢᠭᠡ ᠪᠠᠷᠲᠠᠮ
ᠭᠤᠷᠪᠠᠨ ᠲᠦᠯᠬᠢᠭᠦᠷ
ᠠᠭᠠᠷ — ᠠᠮᠢᠲᠤᠷᠠᠯ ᠦ᠋ᠨ ᠨᠢᠭᠡ ᠲᠦᠯᠬᠢᠭᠦᠷ
ᠠᠷᠬ᠋᠎ᠠ — ᠠᠵᠢᠯ ᠦ᠋ᠨ ᠨᠢᠭᠡ ᠲᠦᠯᠬᠢᠭᠦᠷ
ᠪᠠᠭᠰᠢ — ᠡᠷᠲᠡᠮ ᠦ᠋ᠨ ᠨᠢᠭᠡ ᠲᠦᠯᠬᠢᠭᠦᠷ
ᠭᠤᠷᠪᠠᠨ ᠲᠠᠩᠰᠤᠭ
ᠠᠭᠠᠷ ᠲᠩᠷᠢ ᠳ᠋ᠤ᠌ ᠣᠲᠣ ᠨᠢᠭᠡ ᠲᠠᠩᠰᠤᠭ
ᠠᠲᠠᠷ ᠲᠠᠯ᠎ᠠ ᠳ᠋ᠤ᠌ ᠤᠷᠭᠤᠮᠠᠯ ᠨᠢᠭᠡ ᠲᠠᠩᠰᠤᠭ
ᠠᠭᠯᠠᠭ ᠠᠭᠤᠯᠠᠨ ᠳ᠋ᠤ᠌ ᠠᠷᠢᠶᠠᠲᠠᠨ ᠨᠢᠭᠡ ᠲᠠᠩᠰᠤᠭ
ᠭᠤᠷᠪᠠᠨ ᠪᠠᠶ᠋ᠢᠬᠤ
ᠠᠭᠤᠯᠠ ᠬᠡᠲᠦᠢ ᠥᠨᠲᠥᠷ ᠪᠣᠯᠪᠠᠴᠤ ᠣᠷᠣᠢ ᠲᠠᠢ ᠪᠠᠶ᠋ᠢᠬᠤ
ᠳᠠᠯᠠᠢ ᠬᠡᠲᠦᠢ ᠭᠦᠨ ᠪᠣᠯᠪᠠᠴᠤ ᠢᠷᠣᠭᠠᠷ ᠲᠠᠢ ᠪᠠᠶ᠋ᠢᠬᠤ
ᠲᠠᠯ᠎ᠠ ᠬᠡᠲᠦᠢ ᠠᠭᠤᠲᠠᠮ ᠪᠣᠯᠪᠠᠴᠤ ᠬᠥᠪᠡᠭᠡ ᠲᠡᠢ ᠪᠠᠶ᠋ᠢᠬᠤ
ᠦᠰᠦᠭ ᠠᠮᠢᠯᠠᠭᠤᠯᠤᠭᠴᠢ ᠄ ᠣᠶᠤᠨᠲᠤᠨᠠᠯ ᠂ ᠳ᠋ᠦ᠋ᠩ ᠹᠧᠩ ᠂ ᠮᠢᠩᠭᠠᠳ ᠴᠢᠮᠡᠭ
ᠬᠢᠨᠠᠭᠴᠢ ᠄ ᠮᠢᠩᠭᠠᠳ ᠴᠢᠮᠡᠭ ᠂ ᠬᠠᠲᠠᠴᠢ ᠤᠷᠠᠨ᠎ᠠ
