ᠥᠬᠢᠨ ᠳ᠋ᠡᠭᠡᠨ ᠪᠢᠴᠢᠭᠰᠡᠨ ᠰᠢᠯᠦᠭ- ᠭ · ᠴᠢᠩᠪᠠᠭᠠᠲᠤᠷОхиндээ бичсэн шүлэг-га · чинбаатар
ᠥᠬᠢᠨ ᠳ᠋ᠡᠭᠡᠨ ᠪᠢᠴᠢᠭᠰᠡᠨ ᠰᠢᠯᠦᠭ
—2008.9.17 ᠪ ᠥᠷᠯᠥᠭᠡ ᠶ᠋ᠢᠨ3 ᠄15 ᠳ᠋ᠤ᠌ ᠥᠬᠢᠨ ᠴᠡᠴᠡᠨᠨᠣᠮ ᠮᠢᠨᠢ ᠮᠠᠨᠳᠤᠯᠠᠭᠰᠠᠨ ᠪᠢᠯᠡ
ᠭ · ᠴᠢᠩᠪᠠᠭᠠᠲᠤᠷ
ᠠᠪᠤ ᠨᠢ ᠮᠠᠭᠤ ᠥᠬᠢᠨ ᠢ᠋ᠶ᠋ᠡᠨ
ᠦᠷ ᠦ᠋ᠨ ᠴᠠᠭᠠᠨ ᠭᠡᠭᠡ ᠲᠡᠢ ᠬᠠᠮᠲᠤ 《 ᠠᠰᠠᠵᠤ 》 ᠬᠦᠯᠢᠶᠡᠯ᠎ᠡ !
ᠠᠯᠲᠠᠨ ᠨᠠᠷᠠ ᠶ᠋ᠢ ᠳᠠᠭᠠᠭᠤᠯᠵᠤ ᠲᠥᠷᠥᠭᠰᠡᠨ ᠥᠬᠢᠨ ᠦ᠌ ᠪᠡᠨ
ᠠᠯᠠᠭᠠᠨ ᠴᠢᠨᠡᠭᠡ ᠨᠢᠭᠤᠷ ᠊ᠢ ᠦᠨᠦᠷᠯᠡᠬᠦ ᠳ᠋ᠦ᠍
ᠠᠪᠤ ᠮᠢᠨᠢ ᠨᠠᠮᠠᠶ᠋ᠢ ᠶᠠᠭᠠᠬᠢᠵᠤ ᠯᠠ ᠰᠠᠨᠠᠳᠠᠭ ᠪᠠᠶ᠋ᠢᠬᠰᠠᠨ ᠊ᠢ
ᠠᠩᠬ᠎ᠠ ᠤᠳᠠᠭ᠎ᠠ ᠪᠠᠨ ᠣᠶ᠋ᠢᠯᠠᠭᠠᠬᠤ ᠰᠢᠭ᠋ ᠪᠣᠯᠵᠤ ᠪᠢᠯᠡ !
ᠠᠪᠤ ᠨᠢ ᠮᠠᠭᠤ ᠥᠬᠢᠨ ᠢ᠋ᠶ᠋ᠡᠨ
ᠦᠷ ᠦ᠋ᠨ ᠴᠣᠯᠮᠣᠨ ᠲᠠᠢ ᠬᠠᠮᠲᠤ 《 ᠳᠦᠷᠡᠯᠵᠡᠵᠦ 》 ᠬᠦᠯᠢᠶᠡᠯ᠎ᠡ !
ᠠᠵᠠ ᠵᠢᠷᠭᠠᠯ ᠊ᠢ ᠨᠠᠳᠠ ᠳᠠᠭᠠᠭᠤᠯᠵᠤ ᠢᠷᠡᠭᠰᠡᠨ ᠥᠬᠢᠨ ᠦ᠌ ᠪᠡᠨ
ᠠᠩᠭᠠᠯᠵᠠᠨ ᠤᠬᠢᠯᠠᠬᠤ ᠶ᠋ᠢ ᠬᠠᠷᠠᠭᠰᠠᠨ ᠳᠠᠷᠤᠢ
ᠡᠵᠢ ᠮᠢᠨᠢ ᠨᠠᠮᠠᠶ᠋ᠢ ᠶᠠᠭᠠᠬᠢᠵᠤ ᠯᠠ ᠬᠠᠶ᠋ᠢᠷᠠᠯᠠᠲᠠᠭ ᠪᠠᠶ᠋ᠢᠬᠰᠠᠨ ᠤ᠋
ᠡᠷᠬᠢᠮ ᠤᠴᠢᠷ ᠊ᠢ ᠤᠬᠠᠭᠠᠷᠠᠬᠤ ᠰᠢᠭ᠋ ᠪᠣᠯᠵᠤ ᠪᠢᠯᠡ !
ᠠᠪᠤ ᠨᠢ ᠮᠠᠭᠤ ᠥᠬᠢᠨ ᠢ᠋ᠶ᠋ᠡᠨ
ᠦᠷ ᠰᠥᠨᠢ ᠶ᠋ᠢᠨ ᠵᠠᠭᠠᠭ ᠊ᠢ ᠬᠦᠪᠦᠷᠢᠳᠦᠨ ᠪᠠᠶ᠋ᠢᠵᠤ ᠯᠠ ᠬᠦᠯᠢᠶᠡᠯ᠎ᠡ !
ᠠᠮᠤᠷᠵᠢᠬᠤ ᠭᠠᠵᠠᠷ ᠤ᠋ᠨ ᠡᠭᠦᠳᠡᠨ ᠳᠡᠭᠡᠷ᠎ᠡ ᠴᠠᠭ ᠮᠡᠷᠡᠭᠰᠡᠭᠡᠷ ᠵᠣᠭᠰᠣᠨ
ᠠᠷᠪᠠᠨ ᠰᠠᠷ᠎ᠠ ᠲᠡᠭᠡᠭᠡᠭᠰᠡᠨ ᠡᠵᠢ ᠶ᠋ᠢᠨ ᠴᠢᠨᠢ ᠲᠥᠯᠥᠭᠡ ᠠᠯᠭᠠᠰᠠᠬᠤ ᠳ᠋ᠤ᠌
ᠠᠪᠤ ᠯᠠ ᠡᠵᠢ ᠬᠣᠶᠠᠷ ᠮᠢᠨᠢ ᠨᠠᠮᠠᠶ᠋ᠢ ᠪᠠᠨ ᠶᠠᠭᠠᠬᠢᠵᠤ ᠬᠠᠶ᠋ᠢᠷᠠᠯᠠᠲᠠᠭ ᠤ᠋ᠨ
ᠠᠭᠤᠤ ᠶᠡᠬᠡ ᠡᠨᠡᠷᠢᠯ ᠊ᠢ ᠨᠢ ᠰᠠᠶᠢ ᠯᠠ ᠤᠬᠠᠭᠠᠷᠠᠬᠤ ᠰᠢᠭ᠋ ᠯᠡ ᠪᠣᠯᠪᠠ !
ᠠᠪᠤ ᠡᠵᠢ ᠬᠣᠶᠠᠷ ᠤ᠋ᠨ ᠮᠢᠨᠢ ᠨᠠᠷᠠ ᠶᠡᠭᠦᠯᠡᠭᠰᠡᠨ ᠬᠠᠶ᠋ᠢᠷ᠎ᠠ ᠶ᠋ᠢ
ᠠᠪᠤ ᠨᠢ ᠣᠳᠣ ᠥᠬᠢᠨ ᠳ᠋ᠡᠭᠡᠨ ᠥᠭᠬᠦ ᠪᠣᠯᠤᠨ᠎ᠠ
ᠬᠠᠷᠢᠭᠤᠯᠠᠵᠤ ᠴᠢᠳᠠᠰᠢ ᠦᠭᠡᠢ ᠲᠡᠷᠡ ᠶᠡᠬᠡ ᠬᠠᠶ᠋ᠢᠷ᠎ᠠ ᠢᠩᠭᠢᠵᠦ
ᠬᠠᠯᠠᠭᠤᠨ ᠠᠮᠢ ᠶ᠋ᠢᠨ ᠦᠷᠭᠦᠯᠵᠢᠯᠡᠯ ᠢ᠋ᠶ᠋ᠡᠷ ᠮᠥᠩᠬᠡᠷᠡᠳᠡᠭ ᠶᠦ᠍ᠮ ᠪᠠᠶ᠋ᠢᠨ᠎ᠠ
ᠠᠪᠤ ᠨᠢ ᠮᠠᠭᠤ ᠥᠬᠢᠨ ᠢ᠋ᠶ᠋ᠡᠨ
ᠠᠯᠠᠭ ᠳᠡᠯᠡᠬᠡᠢ ᠶ᠋ᠢᠨ ᠵᠢᠪᠠᠷ ᠪᠦᠬᠦᠨ ᠡᠴᠡ ᠬᠠᠭᠠᠴᠠᠶ᠋ᠢᠯᠠᠵᠤ ᠥᠰᠬᠡᠨ᠎ᠡ !
2008 ᠣᠨ ᠤ᠋9 ᠳ᠋ᠦ᠍ᠭᠡᠷ ᠰᠠᠷ᠎ᠠ ᠶ᠋ᠢᠨ17 ᠤ᠋ ᠰᠥᠨᠢ ᠠᠮᠤᠷᠵᠢᠬᠤ ᠭᠠᠵᠠᠷ ᠤ᠋ᠨ ᠡᠭᠦᠲᠡᠨᠡ ᠬᠦᠯᠢᠶᠡᠨ ᠪᠠᠶ᠋ᠢᠬᠤ
ᠵᠠᠭᠤᠷ᠎ᠠ ᠪᠠᠨ ᠡᠷᠢᠶᠡᠴᠢᠵᠦ ᠂2008 ᠣᠨ ᠤ᠋9 ᠳ᠋ᠦ᠍ᠭᠡᠷ ᠰᠠᠷ᠎ᠠ ᠶ᠋ᠢᠨ20 ᠳ᠋ᠤ᠌ ᠵᠠᠰᠠᠵᠤ ᠰᠡᠶ᠋ᠢᠷᠡᠭᠦᠯᠪᠡ ᠃
ᠦᠰᠦᠭ ᠠᠮᠢᠯᠠᠭᠤᠯᠤᠭᠴᠢ ᠄ ᠣᠤᠠᠬᠠᠨᠰᠣ ᠠ᠋
