ᠡᠷᠳᠡᠨᠢ ᠲᠤᠨᠤᠮᠠᠯ ᠨᠡᠷᠡᠲᠦ ᠰᠤᠳᠤᠷ ᠣᠷᠣᠰᠢᠪᠠ - 2 Эрдэнэ тунамал нэрт судар оршив - 2
ᠡᠷᠳᠡᠨᠢ ᠲᠤᠨᠤᠮᠠᠯ ᠨᠡᠷᠡᠲᠦ ᠰᠤᠳᠤᠷ ᠣᠷᠣᠰᠢᠪᠠ - 2
ᠤᠯᠤᠰ ᠪᠠᠢᠬᠤ ᠂ ᠦᠳᠡᠪᠡᠯᠡᠤᠨ᠂ ᠡᠯ ᠪᠤᠬᠤᠷᠠ ᠂ ᠭᠡᠭᠡᠨ ᠮᠥᠩᠬᠡ ᠂ ᠭᠡᠷᠡᠰᠡᠨᠵᠢ᠂ ᠣᠪᠠᠰᠠᠨᠵᠢ
ᠡᠳᠡᠭᠡᠷ ᠲᠦᠪᠰᠢᠨᠡ ᠵᠡᠭᠦᠨ ᠲᠦᠮᠡᠨ ① ᠢ᠋ ᠡᠵᠡᠯᠡᠨ ᠰᠠᠭᠤᠪᠠ ᠃
ᠲᠡᠭᠦᠳᠡᠭᠡᠷᠡᠯ ᠦᠭᠡᠢ ᠵᠡᠭᠦᠨ ᠲᠦᠮᠡᠨ ᠢ᠋ ② ᠪᠣᠷᠵᠢᠭᠢᠨ ᠤ᠋ ᠤᠷᠤᠭ
ᠲᠡᠳᠡᠭᠡᠷ ᠵᠢᠷᠭᠤᠭᠠᠨ ᠠ᠋ᠴᠠ ᠰᠠᠯᠤᠭᠰᠠᠨ ᠪᠤᠶᠤ᠃ ③
— — — —
① ᠲᠠᠶᠤᠨ ᠬᠠᠭᠠᠨ ᠵᠡᠭᠦᠨ ᠮᠣᠩᠭᠣᠯ ᠢ᠋ ᠨᠢᠭᠡᠳᠬᠡᠭᠰᠡᠨ ᠦ᠌ ᠬᠣᠢᠨ᠎ᠠ ᠵᠡᠭᠦᠨ ᠪᠠᠷᠠᠭᠤᠨ ᠭᠠᠷ ᠭᠡᠵᠦ ᠬᠣᠶᠠᠷ ᠬᠤᠪᠢᠶᠠᠨ ᠲᠤᠰ ᠪᠦᠷᠢ ᠭᠤᠷᠪᠠᠨ ᠲᠦᠮᠡᠨ ᠢ᠋ ᠪᠠᠢᠭᠤᠯᠵᠤᠬᠤᠢ ᠃ ᠵᠡᠭᠦᠨ ᠭᠠᠷᠤᠨ ᠭᠤᠷᠪᠠᠨ ᠲᠦᠮᠡᠨ ᠢ᠋ ᠵᠡᠭᠦᠨ ᠭᠤᠷᠪᠠᠨ ᠲᠦᠮᠡᠨ ᠪᠤᠶᠤ ᠳᠥᠭᠥᠮᠴᠢᠯᠡᠨ ᠵᠡᠭᠦᠨ ᠲᠦᠮᠡᠨ ᠭᠡᠳᠡᠭ᠃ ᠪᠠᠷᠠᠭᠤᠨ ᠭᠠᠷᠤᠨ ᠭᠤᠷᠪᠠᠨ ᠲᠦᠮᠡᠨ ᠢ᠋ ᠪᠠᠷᠠᠭᠤᠨ ᠭᠤᠷᠪᠠᠨ ᠲᠦᠮᠡᠨ ᠪᠤᠶᠤ ᠳᠥᠭᠥᠮᠴᠢᠯᠡᠨ ᠪᠠᠷᠠᠭᠤᠨ ᠲᠦᠮᠡᠨ ᠭᠡᠳᠡᠭ ᠃ ᠡᠨᠡ ᠬᠣᠶᠠᠷ ᠢ᠋ ᠨᠡᠢᠯᠡᠭᠦᠯᠦᠭᠡᠳ ᠵᠡᠭᠦᠨ ᠮᠣᠩᠭᠣᠯ ᠭᠡᠳᠡᠭ ᠃ ᠵᠡᠭᠦᠨ ᠭᠤᠷᠪᠠᠨ ᠲᠦᠮᠡᠨ ᠨᠢ ᠴᠠᠬᠠᠷ ᠲᠦᠮᠡᠨ᠂ ᠬᠠᠯᠬ᠎ᠠ ᠲᠦᠮᠡᠨ᠂ ᠤᠷᠢᠶᠠᠩᠬᠠᠨ ᠲᠦᠮᠡᠨ ᠪᠣᠯᠬᠤ ᠪᠠ ᠪᠠᠷᠠᠭᠤᠨ ᠭᠤᠷᠪᠠᠨ ᠲᠦᠮᠡᠨ ᠨᠢ ᠣᠷᠳᠣᠰ ᠲᠦᠮᠡᠨ᠂ ᠲᠦᠮᠡᠳ ᠲᠦᠮᠡᠨ᠂ ᠶᠦᠩᠰᠢᠶᠠᠪᠤ ᠲᠦᠮᠡᠨ ᠪᠣᠯᠤᠨ᠎ᠠ᠃
② 《ᠵᠡᠭᠦᠨ ᠲᠦᠮᠡᠨ ᠢ᠋ 》 ᠭᠡᠳᠡᠭ ᠨᠢ 《 ᠵᠡᠭᠦᠨ ᠲᠦᠮᠡᠨ ᠦ᠌ 》 ᠭᠡᠳᠡᠭ ᠦᠭᠡ ᠃
③ 《ᠡᠷᠳᠡᠨᠢ ᠶ᠋ᠢᠨ ᠲᠣᠪᠴᠢ 》 ᠳ᠋ᠤ᠌ ᠲᠡᠮᠳᠡᠭᠯᠡᠭᠰᠡᠨ ᠢ᠋ ᠦᠨᠳᠦᠰᠦᠯᠡᠪᠡᠯ ᠂ ᠲᠠᠶᠤᠨ ᠬᠠᠭᠠᠨ ᠬᠥᠪᠡᠭᠦᠳ ᠲᠡᠭᠡᠨ ᠨᠤᠲᠤᠭ ᠬᠤᠪᠢᠶᠠᠯᠠᠨ ᠥᠮᠴᠢ ᠥᠭᠬᠦ ᠦᠶ᠎ᠡ ᠳ᠋ᠦ᠍᠂ 《ᠸᠴᠢᠷ ᠪᠣᠯᠣᠳ ( ᠦᠳᠡᠪᠡᠯᠡᠤᠨ ) ᠴᠠᠬᠠᠷ ᠤ᠋ᠨ ᠨᠠᠢ᠍ᠮᠠᠨ ᠣᠲᠣᠭ ᠬᠡᠰᠢᠭᠲᠡᠨ ᠲᠡᠬᠡᠷ᠎ᠡ 》 ᠂ 《 ᠠᠯᠴᠤᠪᠤᠯᠤᠳ ( ᠡᠯ ᠪᠤᠬᠤᠷᠠ ) ᠳᠣᠲᠣᠷ᠎ᠠ ᠲᠠᠪᠤᠨ ᠣᠲᠣᠭ ᠬᠠᠯᠬ᠎ᠠ ᠲᠡᠭᠡᠷ᠎ᠡ 》᠂ 《 ᠭᠡᠷᠡᠪᠤᠯᠤᠳ ( ᠭᠡᠭᠡᠨ ᠮᠥᠩᠬᠡ ) ᠴᠠᠬᠠᠷ ᠤ᠋ᠨ ᠠᠳᠬᠠᠨ ᠠᠢᠮᠠᠨ ᠲᠡᠭᠡᠷ᠎ᠡ 》 ᠂ 《 ᠭᠡᠷᠡᠰᠡᠨᠵᠡ ᠠᠷᠤ ᠶ᠋ᠢᠨ ᠳᠤᠯᠤᠬᠠᠨ ᠣᠲᠣᠭ ᠬᠠᠯᠬ᠎ᠠ ᠲᠡᠭᠡᠷ᠎ᠡ 》ᠲᠤᠰ ᠪᠦᠷᠢ ᠰᠠᠭᠤᠭᠰᠠᠨ ᠪᠣᠯᠠᠢ ᠃ ᠡᠭᠦᠨᠴᠡ ᠦᠵᠡᠪᠡᠰᠦ ᠡᠳᠡᠨᠡᠷ ᠪᠣᠯ ᠵᠡᠭᠦᠨ ᠲᠦᠮᠡᠨ ᠦ᠌ ᠨᠣᠶᠠᠳ ᠪᠢᠯᠡ᠃ ᠠᠳᠠ ᠤᠯᠤᠰ ᠪᠠᠢᠬᠤ ᠶ᠋ᠢ ᠮᠥᠨ ᠪᠠᠰᠠ ᠵᠡᠭᠦᠨ ᠲᠦᠮᠡᠨ ᠦ᠌ ᠨᠣᠶᠠᠨ ᠬᠡᠮᠡᠭᠰᠡᠨ ᠨᠢ ᠪᠤᠰᠤᠳ ᠪᠢᠴᠢᠭ ᠯᠦ᠍ᠭᠡ ᠠᠳᠠᠯᠢ ᠦᠭᠡᠢ᠃ 《 ᠡᠷᠳᠡᠨᠢ ᠶ᠋ᠢᠨ ᠲᠣᠪᠴᠢ 》 ᠳ᠋ᠤ᠌ ᠲᠡᠮᠳᠡᠭᠯᠡᠭᠰᠡᠨ ᠨᠢ᠂ ᠤᠯᠤᠰ ᠪᠣᠯᠣᠳ (ᠤᠯᠤᠰ ᠪᠠᠢᠬᠤ ) ᠲᠠᠶᠤᠨ ᠬᠠᠭᠠᠨ ᠤ᠋ ᠵᠠᠷᠯᠢᠭ ᠢ᠋ᠶ᠋ᠠᠷ ᠪᠠᠷᠠᠭᠤᠨ ᠭᠤᠷᠪᠠᠨ ᠲᠦᠮᠡᠨ ᠳᠡᠭᠡᠷ᠎ᠡ ᠵᠢᠨᠦᠩ ᠪᠣᠯᠤᠭᠰᠠᠨ ᠪᠢᠯᠡ᠃ ᠲᠤᠰ ᠨᠣᠮ ᠳ᠋ᠤ᠌ ᠤᠯᠤᠰ ᠪᠠᠢᠬᠤ (ᠤᠯᠤᠰ ᠪᠣᠯᠣᠳ ) ᠢ᠋ ᠵᠡᠭᠦᠨ ᠲᠦᠮᠡᠨ ᠦ᠌ ᠨᠣᠶᠠᠨ ᠭᠡᠰᠡᠨ ᠨᠢ ᠂ ᠲᠡᠷᠡ ᠵᠢᠨᠦᠩ ᠪᠣᠯᠵᠤ ᠲᠥᠷᠥ ᠪᠠᠷᠢᠬᠤ ᠠ᠋ᠴᠠ ᠡᠮᠦᠨ᠎ᠡ ᠬᠣᠣᠷᠯᠠᠭᠳᠠᠭᠰᠠᠨ ᠤᠴᠢᠷ ᠯᠤᠭ᠎ᠠ ᠬᠣᠯᠪᠣᠭᠳᠠᠯᠲᠠᠢ᠃
ᠪᠠᠷᠰᠪᠠᠯᠠᠳ ᠰᠠᠢᠨ ᠠᠯᠠᠭ① ᠠᠷᠰᠣᠪᠠᠯᠠᠤᠨ ᠠᠯ ᠪᠤᠭᠤᠷ᠎ᠠ ᠡᠳᠡ ᠭᠤᠷᠪᠠᠭᠤᠯᠠ᠂
ᠪᠠᠷᠠᠭᠤᠨ ᠭᠤᠷᠪᠠᠨ ᠲᠦᠮᠡᠨ ᠦ᠌ ᠪᠣᠷᠵᠢᠭᠢᠨ ᠤ᠋ ᠤᠷᠤᠭ ᠪᠤᠶᠤ᠃
ᠪᠠᠰᠠ ᠪᠠᠷ ᠲᠥᠷᠥ ᠪᠠᠢᠬᠤ ᠂ ᠴᠠᠭᠠᠨ ᠮᠥᠩᠬᠡ ② ᠬᠣᠶᠠᠷ ᠲᠤᠷ᠂
ᠪᠠᠢᠭᠤᠯᠵᠤ ᠣᠷᠣᠨ ᠢ᠋ ᠰᠠᠬᠢᠭᠴᠢ ᠦᠷ᠎ᠡ ᠦᠭᠡᠢ ᠪᠤᠶᠤ ᠃ ③
— — — —
①ᠰᠠᠢᠨ ᠠᠯᠠᠭ ᠭᠡᠳᠡᠭ ᠨᠢ ᠪᠠᠷᠰᠪᠠᠯᠠᠳ ᠤ᠋ᠨ ᠬᠠᠭᠠᠨ ᠴᠣᠯᠠ ᠪᠣᠯᠤᠨ᠎ᠠ᠃ ᠬᠢᠲᠠᠳ ᠪᠢᠴᠢᠭ ᠲᠦ᠍ ᠡᠭᠦᠨ ᠢ᠋ ᠰᠦ᠍ ᠠ ᠯᠠᠩ (谡阿郎 ) ᠪᠤᠶᠤ ᠰᠠᠢ ᠨᠠ ᠯᠠ (赛那剌 ) ᠭᠡᠳᠡᠭ᠃
② ᠲᠤᠰ ᠨᠣᠮ ᠤ᠋ᠨ ᠡᠮᠦᠨᠡᠬᠢ ᠬᠡᠰᠡᠭ ᠲᠦ᠍ ᠴᠠᠭ ᠮᠥᠩᠬᠡ ᠭᠡᠵᠡᠢ ᠃
③ ᠲᠥᠷᠥ ᠪᠠᠷᠢᠬᠤ ( ᠲᠥᠷᠥ ᠪᠣᠯᠣᠳ) ᠢ᠋ ᠦᠷ᠎ᠡ ᠦᠭᠡᠢ ᠭᠡᠰᠡᠨ ᠲᠡᠮᠳᠡᠭᠯᠡᠯ ᠪᠤᠰᠤᠳ ᠪᠢᠴᠢᠭ ᠰᠤᠳᠤᠷ ᠲᠤ᠌ ᠮᠥᠨ ᠪᠠᠢᠳᠠᠭ᠃ 《 ᠬᠠᠳ ᠤ᠋ᠨ ᠦᠨᠳᠦᠰᠦᠨ ᠬᠤᠷᠢᠶᠠᠩᠭᠤᠢ ᠠᠯᠲᠠᠨ ᠲᠣᠪᠴᠢ 》 ᠳ᠋ᠤ᠌ ᠲᠡᠮᠳᠡᠭᠯᠡᠭᠰᠡᠨ ᠨᠢ᠂ 《 ᠲᠠᠶᠤᠨ ᠬᠠᠭᠠᠨ ᠤ᠋ ᠶᠡᠬᠡ ᠬᠥᠪᠡᠭᠦᠨ ᠲᠥᠷᠥ ᠪᠣᠯᠣᠳ ( ᠲᠥᠷᠥ ᠪᠠᠢᠬᠤ ) ᠲᠥᠷᠥ ᠰᠠᠭᠤᠭᠠᠳᠤᠢ ᠪᠠᠷ ᠦᠷ᠎ᠡ ᠦᠭᠡᠢ ᠲᠡᠭᠷᠢ ᠪᠣᠯᠪᠠ 》 ᠭᠡᠵᠡᠢ᠃ 《 ᠡᠷᠳᠡᠨᠢ ᠶ᠋ᠢᠨ ᠲᠣᠪᠴᠢ 》 ᠵᠡᠷᠭᠡ ᠪᠢᠴᠢᠭ ᠰᠤᠳᠤᠷ ᠲᠤ᠌ ᠨᠡᠢᠲᠡ ᠮᠣᠩᠭᠣᠯ ᠤ᠋ᠨ ᠡᠵᠡᠨ ᠪᠣᠯᠤᠭᠰᠠᠨ ᠴᠠᠬᠠᠷ ᠤ᠋ᠨ ᠡᠯ᠎ᠡ ᠬᠠᠳ ᠪᠣᠯ ᠲᠥᠷᠥ ᠪᠣᠯᠣᠳ ᠤ᠋ᠨ ᠦᠷᠡᠳᠦᠰ ᠮᠥᠨ ᠪᠣᠯᠠᠢ ᠭᠡᠵᠦ ᠥᠭᠦᠯᠡᠳᠡᠭ ᠃ ᠤᠤᠭᠠᠨ ᠬᠥᠪᠡᠭᠦᠨ ᠨᠢᠲᠥᠷᠥ ᠵᠠᠯᠭᠠᠮᠵᠢᠯᠠᠬᠤ ᠶᠣᠰᠣᠨ ᠮᠣᠩᠭᠣᠯ ᠳ᠋ᠤᠷ ᠪᠠᠢᠳᠠᠭ ᠠ᠋ᠴᠠ ᠦᠵᠡᠪᠡᠯ ᠲᠥᠷᠥ ᠪᠠᠢᠬᠤ ᠳ᠋ᠤ᠌ ᠬᠥᠪᠡᠭᠦᠨ ᠦᠭᠡᠢ ᠲᠤᠯᠠ ᠲᠠᠶᠤᠨ ᠬᠠᠭᠠᠨ ᠳᠡᠳ᠋ ᠬᠥᠪᠡᠭᠦᠨ ᠤᠯᠤᠰ ᠪᠠᠢᠬᠤ ᠳ᠋ᠤ᠌ ᠬᠠᠭᠠᠨ ᠰᠠᠭᠤᠷᠢᠨ ᠢ᠋ᠶ᠋ᠠᠨ ᠵᠠᠯᠭᠠᠮᠵᠢᠯᠠᠭᠤᠯᠬᠤ ᠠ᠋ᠴᠠ ᠪᠤᠰᠤ ᠲᠡᠭᠦᠨ ᠢ᠋ ᠪᠠᠷᠠᠭᠤᠨ ᠭᠤᠷᠪᠠᠨ ᠲᠦᠮᠡᠨ ᠳ᠋ᠦ᠍ ᠲᠣᠮᠢᠯᠠᠨ ᠵᠢᠨᠦᠩ ᠪᠣᠯᠭᠠᠬᠤ ᠠᠨᠤ ᠶᠣᠰᠣᠨ᠎ᠠ ᠡᠰᠡ ᠨᠡᠢᠴᠡᠨ᠎ᠡ᠃ ᠲᠡᠭᠦᠨ ᠢ᠋ ᠵᠢᠨᠦᠩ ᠪᠣᠯᠭᠠᠨ ᠲᠣᠮᠢᠯᠠᠭᠰᠠᠨ ᠶᠠᠪᠤᠴᠠ ᠠ᠋ᠴᠠ ᠦᠵᠡᠬᠦ ᠳ᠋ᠦ᠍ ᠲᠥᠷᠥ ᠪᠠᠷᠢᠬᠤ ᠳ᠋ᠤ᠌ ᠦᠷ᠎ᠡ ᠦᠭᠡᠢ ᠭᠡᠰᠡᠨ ᠨᠢ ᠬᠠᠷᠢᠨ ᠢᠲᠡᠭᠡᠮᠵᠢ ᠦᠭᠡᠢ ᠪᠢᠯᠡ ᠃
ᠪᠠᠷᠰᠪᠠᠯᠠᠳ ᠰᠠᠢᠨ ᠠᠯᠠᠭ ᠬᠠᠭᠠᠨ ᠠ᠋ᠴᠠ ᠳᠣᠯᠣᠭᠠᠨ ᠬᠥᠪᠡᠭᠦᠨ ᠲᠥᠷᠥᠵᠦᠬᠦᠢ᠂
ᠪᠠᠰᠠ ᠶᠡᠬᠡ ᠬᠥᠪᠡᠭᠦᠨ ᠢᠨᠤ ᠭᠦᠨ ᠪᠢᠯᠢᠭ᠂
ᠲᠡᠭᠦᠨ ᠦ᠌ ᠳᠡᠭᠦ ᠢᠨᠤ ᠠᠯᠲᠠᠨ ᠬᠠᠭᠠᠨ①᠂
ᠲᠡᠭᠦᠨ ᠦ᠌ ᠳᠡᠭᠦ ᠢᠨᠤ ᠯᠠᠪᠤᠭ ᠲᠠᠢᠵᠢ ②᠂
ᠲᠡᠭᠦᠨ ᠦ᠌ ᠳᠡᠭᠦ ᠢᠨᠤ ᠪᠠᠢᠰᠬᠠᠯ ᠲᠠᠢᠵᠢ ᠂
ᠲᠡᠭᠦᠨ ᠦ᠌ ᠳᠡᠭᠦ ᠢᠨᠤ ᠨᠠᠷᠢᠨ ᠲᠠᠢᠵᠢ ③᠂
ᠲᠡᠭᠦᠨ ᠦ᠌ ᠳᠡᠭᠦ ᠢᠨᠤ ᠲᠠᠷᠠᠬᠠᠢ ᠲᠠᠢᠵᠢ ④᠂
— — — —
① ᠬᠢᠲᠠᠳ ᠪᠢᠴᠢᠭ ᠰᠤᠳᠤᠷ ᠲᠤ᠌ ᠠᠨ ᠲᠠ (俺答 )᠂ ᠠᠨ ᠲᠠᠨ (安滩 ) ᠪᠤᠶᠤ ᠪᠠᠰᠠ ᠠᠨ ᠲᠠ ᠬᠠ (俺答哈 ) ᠭᠡᠵᠦ ᠪᠢᠴᠢᠳᠡᠭ᠃ ᠬᠢᠨᠠᠵᠤ ᠦᠵᠡᠪᠡᠯ ᠠᠨ ᠲᠠ ᠬᠠ ᠭᠡᠳᠡᠭ ᠨᠢ ᠠᠯᠲᠠᠨ ᠬᠠᠭᠠᠨ ᠭᠡᠰᠡᠨ ᠢ᠋ ᠠᠪᠢᠶᠠᠴᠢᠯᠠᠨ ᠲᠡᠮᠳᠡᠭᠯᠡᠭᠰᠡᠨ ᠪᠣᠯᠤᠯᠲᠠᠢ᠃
② ᠬᠢᠲᠠᠳ ᠪᠢᠴᠢᠭ ᠲᠦ᠍ ᠡᠤ ᠱᠧᠨ ᠲᠠ ᠡᠯ ᠬᠠᠨ ᠯᠠ ᠪᠤ᠌ ᠲᠠᠢᠵᠢ (兀慎打儿汗剌布台吉 V ) ᠭᠡᠨ᠎ᠡ᠃ ᠡᠤ ᠱᠧᠨ ᠭᠡᠳᠡᠭ ᠨᠢ ᠲᠡᠭᠦᠨ ᠦ᠌ ᠬᠠᠷᠢᠶᠠᠲᠤ ᠠᠢᠮᠠᠭ ᠤ᠋ᠨ ᠨᠡᠷ᠎ᠡ ᠪᠣᠯᠬᠤ ᠦᠦᠰᠢᠨ ᠢ᠋ ᠬᠡᠯᠡᠵᠡᠢ᠃
③ 《ᠡᠷᠳᠡᠨᠢ ᠶ᠋ᠢᠨ ᠲᠣᠪᠴᠢ 》 ᠳ᠋ᠤ᠌ ᠪᠠᠶᠠᠨᠳᠠᠷ᠎ᠠ ᠨᠠᠷᠢᠨ ᠲᠠᠢᠵᠢ ᠭᠡᠳᠡᠭ᠃
④ 《ᠡᠷᠳᠡᠨᠢ ᠶ᠋ᠢᠨ ᠲᠣᠪᠴᠢ 》 ᠳ᠋ᠤ᠌ ᠲᠠᠷᠠᠬᠠᠢ ᠲᠠᠢᠵᠢ ᠶ᠋ᠢ ᠪᠦᠳᠢᠳᠠᠷᠠ ( ᠪᠤᠵᠢᠳᠠᠷᠠ ) ᠤᠳᠬᠤᠨ ᠲᠠᠢᠵᠢ ᠶ᠋ᠢᠨ ᠳᠠᠷᠠᠭ᠎ᠠ ᠵᠢᠭᠰᠠᠭᠠᠵᠠᠢ᠃ ᠬᠢᠲᠠᠳ ᠪᠢᠴᠢᠭ ᠲᠦ᠍ ᠲᠠᠷᠠᠬᠠᠢ ᠲᠠᠢᠵᠢ ᠶ᠋ᠢ ᠨᠠ ᠵᠣ᠌ ᠲᠠᠢᠵᠢ (那竹太吉 ) ᠭᠡᠵᠦ ᠪᠢᠴᠢᠭᠡᠳ ᠮᠥᠨ ᠪᠦᠳᠢᠳᠠᠷᠠ ᠣᠳᠬᠣᠨ ᠲᠠᠢᠵᠢ ᠶ᠋ᠢᠨ ᠳᠠᠷᠠᠭ᠎ᠠ ᠵᠢᠭᠰᠠᠭᠠᠵᠤ ᠣᠳᠬᠣᠨ ᠬᠥᠪᠡᠭᠦᠨ ᠪᠣᠯᠭᠠᠪᠠ ᠃ 我托汉 ᠭᠡᠳᠡᠭ ᠨᠢ ᠣᠳᠬᠣᠨ ᠭᠡᠰᠡᠨ ᠦᠭᠡ ᠶ᠋ᠢ ᠠᠪᠢᠶᠠᠴᠢᠯᠠᠨ ᠲᠡᠮᠳᠡᠭᠯᠡᠭᠰᠡᠨ ᠪᠣᠯᠤᠯᠲᠠᠢ ᠂ ᠡᠭᠦᠨ ᠡᠴᠡ ᠦᠵᠡᠪᠡᠯ ᠣᠳᠬᠣᠨ ᠬᠥᠪᠡᠭᠦᠨ ᠨᠢ ᠲᠠᠷᠠᠬᠠᠢ ᠪᠢᠰᠢ᠂ ᠂ ᠬᠠᠷᠢᠨ ᠪᠤᠵᠢᠳᠠᠷᠠ ᠲᠠᠢᠵᠢ ᠮᠥᠨ ᠭᠡᠰᠡᠨ ᠢ᠋ ᠮᠡᠳᠡᠵᠦ ᠪᠣᠯᠤᠨ᠎ᠠ ᠃ ᠳᠡᠭᠡᠷ᠎ᠡ ᠳᠤᠷᠠᠳᠤᠭᠰᠠᠨ ᠪᠢᠵᠢᠭ ᠲᠦ᠍ ᠪᠤᠳᠢᠳᠠᠷ᠎ᠠ ᠶ᠋ᠢ ᠵᠢᠷᠭᠤᠳᠤᠭᠠᠷ ᠬᠥᠪᠡᠭᠦᠨ ᠪᠣᠯᠭᠠᠨ ᠬᠠᠷᠢᠨ ᠲᠠᠷᠠᠬᠠᠢ ᠶ᠋ᠢ ᠤᠳᠬᠤᠨ ᠬᠥᠪᠡᠭᠦᠨ ᠪᠣᠯᠭᠠᠨ ᠲᠡᠮᠳᠡᠭᠯᠡᠵᠡᠢ ᠂ ᠡᠨᠡ ᠨᠢ ᠲᠠᠷᠠᠬᠠᠢ ᠨᠢᠯᠬ᠎ᠠ ᠪᠠᠢᠬᠤ ᠳ᠋ᠠᠭᠠᠨ ᠨᠠᠰᠤᠨ ᠨᠥᠭᠴᠢᠵᠦ ᠦᠷ᠎ᠡ ᠦᠭᠡᠢ ᠶ᠋ᠢᠨ ᠰᠢᠯᠲᠠᠭᠠᠨ ᠠ᠋ᠴᠠ ᠪᠣᠯᠤᠭᠰᠠᠨ ᠪᠣᠯᠤᠯᠲᠠᠢ ᠃ ᠭᠣᠣ ᠸᠧᠨ ᠲᠧ (高文德)ᠨᠠᠷ ᠤ᠋ᠨ ᠨᠠᠢᠷᠠᠭᠤᠯᠤᠭᠰᠠᠨ 《 ᠮᠧᠩ ᠬᠦ᠌ ᠱᠢ ᠰᠢ 》 (蒙古世系 ) ᠭᠡᠬᠦ ᠨᠣᠮ ᠤ᠋ᠨ ᠠᠷᠪᠠᠨ ᠲᠠᠪᠤᠳᠤᠭᠠᠷ ᠬᠦᠰᠦᠨᠦᠭ ᠲᠦ᠍ ᠲᠠᠷᠠᠬᠠᠢ ᠶ᠋ᠢ 阿尔伦᠂ 阿著卜孙 ᠂ 满官嗔 ᠬᠡᠮᠡᠬᠦ ᠭᠤᠷᠪᠠᠨ ᠬᠥᠪᠡᠭᠦᠨ ᠲᠡᠢ ᠭᠡᠵᠦ ᠪᠢᠴᠢᠭᠰᠡᠨ ᠨᠢ ᠴᠣᠬᠣᠮ ᠶᠠᠮᠠᠷ ᠪᠠᠷᠢᠮᠲᠠ ᠪᠢᠴᠢᠭ ᠢ᠋ ᠦᠨᠳᠦᠰᠦᠯᠡᠭᠰᠡᠨ ᠢ᠋ ᠦᠯᠦ ᠤᠬᠠᠮᠤᠢ᠃ ᠦᠨᠡᠨ ᠳ᠋ᠡᠭᠡᠨ ᠡᠨᠡ ᠭᠤᠷᠪᠠᠨ ᠬᠥᠮᠦᠨ ᠪᠣᠯ ᠲᠠᠷᠠᠬᠠᠢ ᠶ᠋ᠢᠨ ᠶᠡᠬᠡ ᠠᠪᠠᠭ᠎ᠠ᠂ ᠡᠴᠢᠭᠡ᠂ ᠠᠪᠠᠭ᠎ᠠ ᠮᠥᠨ᠃
ᠤᠳ᠋ᠬᠠᠨ① ᠢᠨᠤ ᠪᠤᠵᠢᠳ᠋ᠷᠠ ᠪᠤᠶᠤ᠃ ②
ᠮᠡᠷᠭᠡᠨ ᠵᠢᠨᠦᠩ ③ ᠤᠯᠠᠭᠠᠨ ᠪᠠᠷᠰ ᠵᠢᠯ᠎ᠡ ④ ᠲᠥᠷᠥᠵᠦ᠂
ᠮᠡᠳᠡᠬᠦᠢ ᠤᠬᠠᠭᠠᠨ ᠢ᠋ᠶ᠋ᠠᠷ ᠵᠢᠷᠭᠤᠭᠠᠨ ᠲᠦᠮᠡᠨ ᠦ᠌ ᠲᠥᠷᠥ ᠶ᠋ᠢᠨ ᠲᠣᠪᠴᠢ ᠪᠣᠯᠵᠤ᠂
— — — —
① ᠣᠳᠬᠣᠨ ᠤ᠋ ᠬᠠᠭᠤᠴᠢᠨ ᠪᠢᠴᠢᠯᠭᠡ᠃
② 《ᠡᠷᠳᠡᠨᠢ ᠶ᠋ᠢᠨ ᠲᠣᠪᠴᠢ 》 ᠳ᠋ᠤ᠌ ᠪᠤᠵᠢᠳ᠋ᠷᠠ ᠤᠳᠬᠤᠨ ᠲᠠᠢᠵᠢ ᠭᠡᠳᠡᠭ᠃ ᠡᠷᠲᠡᠨ ᠦ᠌ ᠮᠣᠩᠭᠣᠯ ᠪᠢᠴᠢᠭ ᠲᠦ᠍ 《 ᠳ᠋ᠢ᠂ ᠵᠢ 》 ᠬᠣᠶᠠᠷ ᠠᠪᠢᠶ᠎ᠠ ᠶ᠋ᠢ ᠵᠠᠷᠢᠮ ᠦᠶ᠎ᠡ ᠳ᠋ᠦ᠍ ᠬᠤᠳᠬᠤᠨ ᠬᠡᠷᠡᠭᠯᠡᠳᠡᠭ᠃
③ᠪᠠᠷᠰᠤᠪᠤᠯᠤᠳ ᠤ᠋ᠨ ᠶᠡᠬᠡ ᠬᠥᠪᠡᠭᠦᠨ᠂ ᠤᠤᠯ ᠤ᠋ᠨ ᠨᠡᠷ᠎ᠡ ᠨᠢ ᠭᠦᠨ ᠪᠢᠯᠢᠭ ᠭᠡᠳᠡᠭ᠃ ᠬᠢᠲᠠᠳ ᠪᠢᠴᠢᠭ ᠲᠦ᠍ ᠮᠠᠢ ᠯᠢ ᠭᠧᠨ ᠵᠢᠢ ᠨᠡᠩ (麦力艮吉嚢 ) ᠭᠡᠬᠦ ᠪᠤᠶᠤ ᠪᠠᠰᠠ ᠳᠥᠭᠥᠮᠴᠢᠯᠡᠨ麦力艮 ᠪᠤᠶᠤ 吉嚢 ᠭᠡᠳᠡᠭ᠃
④ ᠮᠣᠩᠭᠣᠯ ᠤ᠋ᠨ ᠣᠨ ᠲᠣᠭᠠᠯᠠᠯ᠃ ᠮᠣᠩᠭᠣᠯ ᠳ᠋ᠤ᠌ ᠣᠨ ᠵᠢᠯ ᠢ᠋ ᠲᠣᠭᠠᠯᠠᠬᠤ ᠳ᠋ᠠᠭᠠᠨ ᠬᠥᠬᠡ᠂ ᠤᠯᠠᠭᠠᠨ᠂ ᠰᠢᠷ᠎ᠠ᠂ ᠴᠠᠭᠠᠨ᠂ ᠬᠠᠷ᠎ᠠ ᠲᠠᠪᠤᠨ ᠥᠩᠭᠡ ᠳ᠋ᠦ᠍ ᠲᠤᠰ ᠪᠦᠷᠢ ᠡᠷ᠎ᠡ ᠡᠮ᠎ᠡ ᠭᠡᠵᠦ ᠬᠤᠪᠢᠶᠠᠨ ᠬᠥᠬᠡ ᠡᠷ᠎ᠡ ᠂ ᠬᠥᠬᠡ ᠡᠮ᠎ᠡ ᠂ ᠤᠯᠠᠭᠠᠨ ᠡᠷ᠎ᠡ ᠂ ᠤᠯᠠᠭᠠᠨ ᠡᠮ᠎ᠡ ᠂ ᠰᠢᠷ᠎ᠠ ᠡᠷ᠎ᠡ ᠂ ᠰᠢᠷ᠎ᠠ ᠡᠮ᠎ᠡ ᠂ ᠴᠠᠭᠠᠨ ᠡᠷ᠎ᠡ ᠂ ᠴᠠᠭᠠᠨ ᠡᠮ᠎ᠡ ᠂ ᠬᠠᠷ᠎ᠠ ᠡᠷ᠎ᠡ ᠂ ᠬᠠᠷ᠎ᠠ ᠡᠮ᠎ᠡ ᠭᠡᠬᠦ ᠮᠡᠲᠦᠴᠢᠯᠡᠨ ᠠᠷᠪᠠ ᠪᠣᠯᠭᠠᠨ ᠬᠣᠢᠨ᠎ᠠ ᠠᠨᠤ ᠠᠷᠪᠠᠨ ᠬᠣᠶᠠᠷ ᠡᠷᠬᠡᠲᠡᠨ ᠢ᠋ ᠳᠠᠭᠠᠭᠤᠯᠤᠨ᠎ᠠ ᠃ ᠭᠡᠪᠡᠴᠦ ᠵᠠᠷᠢᠮ ᠪᠢᠴᠢᠭ ᠲᠦ᠍ ᠭᠠᠭᠴᠠ ᠥᠩᠭᠡ ᠶ᠋ᠢ ᠲᠡᠮᠳᠡᠭᠯᠡᠭᠡᠳ ᠡᠷ᠎ᠡ ᠡᠮ᠎ᠡ ᠶ᠋ᠢ ᠣᠷᠬᠢᠭᠳᠠᠭᠤᠯᠳᠠᠭ ᠪᠠ ᠨᠡᠩ ᠢᠯᠠᠩᠭᠤᠶ᠎ᠠ ᠵᠠᠷᠢᠮ ᠳ᠋ᠤᠨᠢ ᠥᠩᠭᠡ ᠶ᠋ᠢ ᠪᠠᠰᠠ ᠦᠯᠦ ᠲᠡᠮᠳᠡᠭᠯᠡᠨ ᠭᠠᠭᠴᠠ ᠠᠮᠢᠲᠠᠨ ᠤ᠋ ᠨᠡᠷ᠎ᠡ ᠪᠡᠷ ᠣᠨ ᠵᠢᠯ ᠢ᠋ᠶ᠋ᠡᠨ ᠲᠡᠮᠳᠡᠭᠯᠡᠬᠦ ᠨᠢ ᠴᠦ᠍ ᠪᠣᠢ᠃ ᠡᠨᠳᠡ ᠲᠡᠮᠳᠡᠭᠯᠡᠵᠦ ᠪᠦᠬᠦᠢ ᠤᠯᠠᠭᠠᠨ ᠪᠠᠷᠰ ᠵᠢᠯ ᠪᠣᠯ ᠤᠯᠠᠭᠠᠨ ᠡᠷ᠎ᠡ ᠪᠠᠷᠰ ᠵᠢᠯ ᠪᠣᠯᠬᠤ ᠲᠠᠢᠮᠢᠩ ᠤ᠋ᠨ ᠵᠧᠩ ᠲᠧ (正德 ) ᠶ᠋ᠢᠨ ᠠᠩᠬᠠᠨ ᠤ᠋ ᠣᠨ (1506) ᠣᠨ ᠢ᠋ ᠬᠡᠯᠡᠨ᠎ᠡ ᠃ ᠮᠣᠩᠭᠣᠯ ᠤ᠋ᠨ ᠣᠨ ᠲᠣᠭᠠᠯᠠᠯ ᠤ᠋ᠨ ᠲᠤᠬᠠᠢ ᠨᠠᠷᠢᠨ ᠵᠦᠢᠯ ᠢ᠋ ᠬᠣᠢᠨ᠎ᠠ ᠪᠠᠢᠭ᠎ᠠ ᠮᠣᠩᠭᠣᠯ᠂ ᠲᠥᠪᠡᠳ ᠦ᠋ᠨ ᠣᠨ ᠲᠣᠭᠠᠯᠠᠯ ᠪᠠ ᠡᠰᠢ ᠡᠷᠬᠡᠲᠡᠨ ᠦ᠌ ᠣᠨ ᠲᠣᠭᠠᠯᠠᠯ᠂ ᠨᠡᠢᠲᠡ ᠶ᠋ᠢᠨ ᠣᠨ ᠲᠣᠭᠠᠯᠠᠯ ᠯᠤᠭ᠎ᠠ ᠬᠠᠷᠢᠴᠠᠭᠤᠯᠤᠭᠰᠠᠨ ᠬᠦᠰᠦᠨᠦᠭᠲᠦ ᠳ᠋ᠦ᠍ ᠦᠵᠡᠲᠦᠭᠡᠢ᠃
ᠮᠠᠭᠠᠳ ᠢ᠋ᠶ᠋ᠠᠷ ᠡᠵᠡᠨ ᠦ᠌ ᠴᠠᠭᠠᠨ ᠭᠡᠷᠢ ① ᠵᠢᠯᠤᠬᠠᠳᠤᠭᠠᠳ᠂
ᠮᠠᠰᠢ ᠣᠷᠳᠣᠰ ᠲᠦᠮᠡᠨ ᠲᠥᠪᠯᠡᠨ ᠰᠠᠭᠤᠵᠤᠬᠤᠢ ᠃
ᠳᠡᠭᠦ ᠢᠨᠤ᠂ ᠬᠣᠶᠠᠷ ᠴᠢᠭᠤᠯᠭᠠᠨ② ᠢ᠋ ᠬᠤᠷᠢᠶᠠᠭᠰᠠᠨ ᠪᠤᠶᠠᠨ ᠤ᠋ ᠬᠦᠴᠦᠨ ᠢ᠋ᠶ᠋ᠡᠷ᠂
ᠬᠣᠲᠠᠯᠠ ᠳᠠᠢᠰᠤᠨ ᠢ᠋ ᠳᠠᠷᠤᠵᠤ ᠥᠪᠡᠷ ᠦ᠋ᠨ ᠨᠥᠬᠥᠷ ᠪᠣᠯᠭᠠᠭᠴᠢ᠂
— — — —
① ᠪᠠᠰᠠ ᠡᠵᠡᠨ ᠦ᠌ ᠨᠠᠢ᠍ᠮᠠᠨ ᠴᠠᠭᠠᠨ ᠭᠡᠷ ᠭᠡᠨ᠎ᠡ ᠃ ᡁᠢ ᠶᠤᠸᠠᠨ ᠤ᠋ ᠭᠤᠲᠠᠭᠠᠷ ᠣᠨ ( 1266 ) ᠳ᠋ᠤ᠌ ᠬᠤᠪᠢᠯᠠᠢ ᠰᠡᠴᠡᠨ ᠬᠠᠭᠠᠨ ᠳᠡᠭᠡᠳᠦᠰ ᠦ᠋ᠨ ᠰᠦᠮ᠎ᠡ ᠭᠡᠮᠡᠨ ᠨᠠᠢ᠍ᠮᠠᠨ ᠭᠡᠷ᠎ᠡ ᠲᠣᠭᠲᠠᠭᠠᠵᠠᠢ᠃ ᠡᠭᠦᠨ ᠳ᠋ᠦ᠍᠂ ᠶᠢᠰᠦᠭᠡᠢ ᠳ᠋ᠦ᠍ ᠲᠡᠷᠢᠭᠦᠨ ᠭᠡᠷ ᠂ ᠴᠢᠩᠭᠢᠰ ᠬᠠᠭᠠᠨ ᠳ᠋ᠤ᠌ ᠳᠡᠳ᠋ ᠭᠡᠷ ᠂ ᠥᠭᠡᠳᠡᠢ ᠳ᠋ᠦ᠍ ᠭᠤᠲᠠᠭᠠᠷ ᠭᠡᠷ ᠂ ᠵᠥᠴᠢ ᠳ᠋ᠦ᠍ ᠳᠥᠲᠥᠭᠡᠷ ᠭᠡᠷ᠂ ᠴᠠᠭᠠᠲᠠᠢ ᠳ᠋ᠤ᠌ ᠲᠠᠪᠤᠳᠤᠭᠠᠷ ᠭᠡᠷ᠂ ᠲᠤᠯᠤᠢ ᠳ᠋ᠤ᠌ ᠵᠢᠷᠭᠤᠳᠤᠭᠠᠷ ᠭᠡᠷ᠂ ᠭᠦᠶᠦᠭ ᠲᠦ᠍ ᠳᠣᠯᠣᠳᠤᠭᠠᠷ ᠭᠡᠷ᠂ ᠮᠥᠩᠬᠡ ᠳ᠋ᠦ᠍ ᠨᠠᠢ᠍ᠮᠠᠳᠤᠭᠠᠷ ᠭᠡᠷ ᠢ᠋ ᠲᠤᠰ ᠲᠤᠰ ᠪᠠᠢᠭᠤᠯᠪᠠᠢ ᠃1368 ᠣᠨ ᠳ᠋ᠤ᠌ ᠶᠤᠸᠠᠨ ᠤᠯᠤᠰ ᠮᠥᠬᠥᠭᠰᠡᠨᠡ ᠮᠣᠩᠭᠣᠯ ᠤ᠋ᠨ ᠨᠣᠶᠠᠷᠬᠠᠭᠴᠢ ᠨᠠᠷ ᠭᠣᠪᠢ ᠶ᠋ᠢᠨ ᠤᠮᠠᠷ᠎ᠠ ᠳ᠋ᠤ᠌ ᠤᠬᠤᠷᠢᠨ ᠶᠠᠪᠤᠭᠰᠠᠨ ᠦᠶ᠎ᠡ ᠳ᠋ᠦ᠍ ᠲᠡᠷᠡ ᠬᠦ᠌ ᠳᠡᠭᠡᠳᠦᠰ ᠦ᠋ᠨ ᠰᠦᠮ᠎ᠡ ᠶ᠋ᠢ ᠨᠡᠭᠦᠯᠭᠡᠨ ᠠᠪᠠᠴᠢᠵᠤ ᠡᠰᠡ ᠴᠢᠳᠠᠬᠤ ᠶ᠋ᠢᠨ ᠲᠤᠯᠠ ᠬᠣᠵᠢᠮ ᠡᠭᠦᠨ ᠢ᠋ ᠳᠠᠭᠤᠷᠢᠶᠠᠨ ᠨᠠᠢ᠍ᠮᠠᠨ ᠴᠠᠭᠠᠨ ᠭᠡᠷ ᠢ᠋ ᠴᠣᠭᠴᠠᠯᠠᠵᠤ ᠳᠡᠭᠡᠳᠦᠰ ᠢ᠋ᠶ᠋ᠡᠨ ᠲᠠᠬᠢᠬᠤ ᠣᠷᠣᠨ ᠪᠣᠯᠭᠠᠪᠠ᠃
② ᠪᠤᠷᠬᠠᠨ ᠱᠠᠰᠢᠨ ᠤ᠋ ᠨᠣᠮ ᠳ᠋ᠤ᠌ ᠬᠣᠶᠠᠷ ᠴᠢᠭᠤᠯᠭᠠᠨ ᠭᠡᠵᠦ ᠪᠤᠶᠠᠨ ᠤ᠋ ᠴᠢᠭᠤᠯᠭᠠᠨ ᠪᠠ ᠤᠬᠠᠭᠠᠨ ᠤ᠋ ᠴᠢᠭᠤᠯᠭᠠᠨ ᠢ᠋ ᠬᠡᠯᠡᠨ᠎ᠡ᠃ ᠬᠥᠮᠦᠨ ᠠᠮᠢᠳᠤᠷᠠᠬᠤᠢ ᠦᠬᠦᠬᠦᠢ ᠶ᠋ᠢᠨ ᠬᠢᠵᠠᠭᠠᠷ ᠤ᠋ᠨ ᠡᠨᠡᠲᠡᠭᠡ ᠬᠢᠵᠠᠭᠠᠷ ᠠ᠋ᠴᠠ ᠨᠢᠷᠸᠠᠨ ᠤ᠋ ᠳᠦᠷᠢ ᠪᠡᠷ ᠲᠣᠨᠢᠯᠠᠭᠳᠠᠬᠤ ᠴᠢᠨᠠᠳᠤ ᠬᠢᠵᠠᠭᠠᠷ ᠬᠦᠷᠬᠦ ᠳ᠋ᠡᠭᠡᠨ ᠵᠢᠷᠭᠤᠭᠠᠨ ᠵᠠᠮ ᠢ᠋ ᠲᠤᠭᠤᠯᠤᠨ᠎ᠠ ᠭᠡᠨ᠎ᠡ᠃ ᠲᠡᠷᠡ ᠵᠢᠷᠭᠤᠭᠠᠨ ᠵᠠᠮ ᠭᠡᠳᠡᠭ ᠨᠢ ᠄ ᠥᠭᠯᠢᠭᠡ ᠂ ᠰᠠᠬᠢᠯ ᠂ ᠬᠦᠯᠢᠴᠡᠩᠭᠦᠢ ᠂ ᠵᠣᠷᠢᠭ ᠂ ᠲᠢᠶᠠᠨ ᠂ ᠪᠢᠯᠢᠭ ᠪᠡᠯᠭᠡ ᠪᠣᠯᠤᠨ᠎ᠠ᠃ ᠪᠤᠶᠠᠨ ᠤ᠋ ᠴᠢᠭᠤᠯᠭᠠᠨ ᠭᠡᠳᠡᠭ ᠨᠢ ᠡᠳᠡᠭᠡᠷ ᠵᠢᠷᠭᠤᠭ᠎ᠠ ᠶ᠋ᠢᠨ ᠡᠮᠦᠨ᠎ᠡ ᠲᠠᠪᠤ ᠨᠢ ᠪᠣᠯᠬᠤ ᠪᠥᠭᠡᠳ ᠡᠭᠦᠨ ᠢ᠋ ᠪᠠᠰᠠ ᠪᠤᠶᠠᠨ ᠪᠠᠷᠠᠮᠢᠳ ᠭᠡᠳᠡᠭ ᠃ ᠤᠬᠠᠭᠠᠨ ᠤ᠋ ᠴᠢᠭᠤᠯᠭᠠᠨ ᠭᠡᠳᠡᠭ ᠨᠢ ᠡᠳᠡᠭᠡᠷ ᠵᠢᠷᠭᠤᠭ᠎ᠠ ᠶ᠋ᠢᠨ ᠬᠠᠮᠤᠭ ᠰᠡᠭᠦᠯᠴᠢ ᠶ᠋ᠢᠨ ᠨᠢᠭᠡ ᠶ᠋ᠢ ᠬᠡᠯᠡᠬᠦ ᠪᠥᠭᠡᠳ ᠡᠭᠦᠨ ᠢ᠋ ᠪᠠᠰᠠ ᠪᠢᠯᠢᠭ ᠪᠡᠯᠭᠡ ᠶ᠋ᠢᠨ ᠪᠠᠷᠠᠮᠢᠳ ᠭᠡᠳᠡᠭ ᠃ ᠪᠠᠷᠠᠮᠢᠳ ᠭᠡᠳᠡᠭ ᠨᠢ ᠰᠠᠨᠰᠺᠷᠢᠲ ᠦᠭᠡ Paramita ᠪᠣᠯᠬᠤ ᠪᠥᠭᠡᠳ ᠴᠢᠨᠠᠳᠤ ᠬᠢᠵᠠᠭᠠᠷ ᠬᠦᠷᠬᠦ ᠭᠡᠰᠡᠨ ᠤᠳᠬ᠎ᠠ ᠲᠠᠢ᠃
ᠬᠣᠴᠤᠷᠯᠢ ᠦᠭᠡᠢ ᠠᠮᠢᠲᠠᠨ ᠢ᠋ ᠬᠣᠶᠠᠷ ᠵᠦᠢᠯ ① ᠢ᠋ᠶ᠋ᠡᠷ ᠵᠠᠰᠠᠭ ᠲᠤᠷ ᠣᠷᠤᠬᠤᠯᠤᠭᠴᠢ᠂
ᠬᠤᠪᠢᠯᠭᠠᠨ ᠠᠯᠲᠠᠨ ᠬᠠᠭᠠᠨ ᠤ᠋ ᠲᠥᠷᠥᠭᠰᠡᠨ ᠶᠣᠰᠣᠨ ᠢ᠋ ᠥᠭᠦᠯᠡᠰᠦᠭᠡᠢ ᠪᠢ᠂
ᠪᠣᠳᠢᠰᠤᠩ ᠠᠯᠲᠠᠨ ᠬᠠᠭᠠᠨ ᠭᠠᠯ ᠬᠤᠲᠤᠭᠲᠤ ᠡᠮ᠎ᠡ ᠲᠠᠤᠯᠠᠢ ᠵᠢᠯᠤᠨ ②᠂
ᠪᠣᠳᠠᠲᠠᠶ᠎ᠠ ᠬᠥᠬᠡᠯᠡᠷ ᠰᠠᠷ᠎ᠠ ③ ᠶ᠋ᠢᠨ ᠭᠤᠴᠢᠨᠠ ᠦᠬᠡᠷ ᠡᠳᠦᠷ ᠲᠣᠷ
ᠪᠣᠳᠣᠨ ᠬᠠᠲᠤᠨ ᠠ᠋ᠴᠠ ᠨᠢᠭᠤᠨ ᠥᠬᠢᠨ ᠬᠣᠶᠠᠷ ᠲᠡᠭᠦᠰ ᠲᠥᠷᠥᠭᠰᠡᠨ ᠳ᠋ᠦ᠍ᠷ
— — — —
① ᠶᠢᠷᠲᠢᠨᠴᠦ ᠶ᠋ᠢᠨ ᠲᠥᠷᠥ ᠪᠠ ᠪᠤᠷᠬᠠᠨ ᠤ᠋ ᠱᠠᠰᠢᠨ ᠬᠣᠶᠠᠷ ᠢ᠋ ᠬᠡᠯᠡᠨ᠎ᠡ ᠃
② ᠲᠥᠪᠡᠳ ᠦ᠋ᠨ ᠣᠨ ᠲᠣᠭᠠᠯᠠᠯ ᠃ ᠲᠥᠪᠡᠳ ᠦ᠋ᠨ ᠣᠨ ᠵᠢᠯ ᠢ᠋ ᠲᠣᠭᠠᠯᠠᠬᠤ ᠠᠷᠭ᠎ᠠ ᠨᠢ ᠮᠣᠩᠭᠣᠯ ᠤ᠋ᠨ ᠬᠢ ᠲᠡᠢ ᠲᠥᠰᠦᠭᠡᠲᠡᠢ ᠪᠠᠢᠳᠠᠭ᠃ ᠠᠳᠠᠯᠢ ᠪᠤᠰᠤ ᠵᠦᠢᠯ ᠨᠢ ᠭᠡᠪᠡᠯ ᠂ ᠲᠥᠪᠡᠳ ᠲᠦ᠍ ᠮᠣᠳᠣ ᠂ ᠭᠠᠯ᠂ ᠰᠢᠷᠣᠢ᠂ ᠲᠡᠮᠦᠷ᠂ ᠤᠰᠤᠨ ᠲᠠᠪᠤᠨ ᠮᠠᠬᠠᠪᠣᠳ ᠢ᠋ ᠡᠷ᠎ᠡ ᠡᠮ᠎ᠡ ᠭᠡᠵᠦ ᠢᠯᠭᠠᠨ ᠲᠡᠮᠳᠡᠭᠯᠡᠳᠡᠭ᠃ ᠵᠢᠱ᠌ᠢᠶᠡᠯᠡᠪᠡᠯ ᠄ ᠮᠣᠳᠣᠨ ᠡᠷ᠎ᠡ᠂ ᠮᠣᠳᠣᠨ ᠡᠮ᠎ᠡ᠂ ᠭᠠᠯ ᠡᠷ᠎ᠡ᠂ ᠭᠠᠯ ᠡᠮ᠎ᠡ᠂ ᠰᠢᠷᠣᠢ ᠡᠷ᠎ᠡ᠂ ᠰᠢᠷᠣᠢ ᠡᠮ᠎ᠡ᠂ ᠲᠡᠮᠦᠷ ᠡᠷ᠎ᠡ᠂ ᠲᠡᠮᠦᠷ ᠡᠮ᠎ᠡ᠂ ᠤᠰᠤᠨ ᠡᠷ᠎ᠡ᠂ ᠤᠰᠤᠨ ᠡᠮ᠎ᠡ ᠭᠡᠬᠦ ᠮᠡᠲᠦ ᠪᠡᠷ ᠠᠷᠪᠠᠨ ᠵᠦᠢᠯ ᠪᠣᠯᠭᠠᠵᠤ ᠬᠣᠢᠨ᠎ᠠ ᠨᠢ ᠠᠷᠪᠠᠨ ᠬᠣᠶᠠᠷ ᠡᠷᠬᠡᠲᠡᠨ ᠢ᠋ ᠳᠠᠭᠠᠭᠤᠯᠤᠮᠤᠢ᠃ ᠪᠣᠳᠠᠲᠠᠢ ᠲᠡᠮᠳᠡᠭᠯᠡᠬᠦ ᠳ᠋ᠡᠭᠡᠨ ᠵᠠᠷᠢᠮ ᠳ᠋ᠠᠭᠠᠨ ᠭᠠᠭᠴᠠ ᠮᠠᠬᠠᠪᠣᠳ ᠪᠠ ᠠᠮᠢᠲᠠᠨ ᠤ᠋ ᠨᠡᠷ᠎ᠡ ᠶ᠋ᠢ ᠲᠡᠮᠳᠡᠭᠯᠡᠵᠦ ᠡᠷ᠎ᠡ ᠡᠮ᠎ᠡ ᠶ᠋ᠢ ᠣᠷᠬᠢᠭᠳᠠᠭᠤᠯᠳᠠᠭ᠃ ᠭᠠᠯ ᠡᠮ᠎ᠡ ᠲᠠᠤᠯᠠᠢ ᠵᠢᠯ ᠭᠡᠳᠡᠭ ᠨᠢ ᠮᠣᠩᠭᠣᠯ ᠤ᠋ᠨ ᠤᠯᠠᠭᠠᠨ ᠡᠮ᠎ᠡ ᠲᠠᠤᠯᠠᠢ ᠵᠢᠯ ᠲᠡᠢ ᠲᠣᠬᠢᠷᠠᠬᠤ ᠪᠥᠭᠡᠳ ᠵᠧᠩ ᠲᠧ ᠶ᠋ᠢᠨ ᠬᠣᠶᠠᠳᠤᠭᠠᠷ ᠣᠨ ( 1507 ) ᠪᠣᠯᠤᠨ᠎ᠠ᠃ ᠨᠠᠷᠢᠨ ᠵᠦᠢᠯ ᠢ᠋ ᠬᠣᠢᠨ᠎ᠠ ᠪᠠᠢᠭ᠎ᠠ ᠣᠨ ᠲᠣᠭᠠᠯᠠᠯ ᠢ᠋ ᠬᠠᠷᠢᠴᠠᠭᠤᠯᠤᠭᠰᠠᠨ ᠬᠦᠰᠦᠨᠦᠭᠲᠦ ᠳ᠋ᠦ᠍ ᠦᠵᠡ᠃
③ 《ᡁᠢ ᠶᠤᠸᠠᠨ ᠶᠢ ᠢᠦᠢ 》 (至元译语 ) ᠭᠡᠬᠦ ᠪᠢᠴᠢᠭ ᠲᠦ᠍ 库胡列兜撒剌 ᠭᠡᠵᠦ᠂ 《 ᠬᠤᠸᠠ ᠢ ᠶᠢ ᠢᠦᠢ 》 ( 华夷译语 )᠂ 《 ᠪᠠ ᠬᠣᠩ ᠶᠢ ᠢᠦᠢ 》 (八紘译语 ) ᠵᠡᠷᠭᠡ ᠪᠢᠴᠢᠭ ᠲᠦ᠍ ᠴᠥᠮ 可可勒儿撒剌 ᠭᠡᠵᠦ ᠪᠢᠴᠢᠵᠦ ᠠᠷᠪᠠᠨ ᠬᠣᠶᠠᠳᠤᠭᠠᠷ ᠰᠠᠷ᠎ᠠ ᠶ᠋ᠢ ᠬᠡᠯᠡᠨ᠎ᠡ᠃
ᠪᠦᠬᠦ ᠶᠡᠬᠡ ᠤᠯᠤᠰ ᠪᠠᠶᠠᠰᠬᠤᠯᠠᠩ ᠳ᠋ᠤ᠌ ᠮᠢᠯᠢᠶᠠᠭᠤᠳ ① ᠤ᠋ᠨ ᠬᠤᠷᠢᠮ ᠬᠢᠵᠦ ᠪᠦᠷ ᠦ᠋ᠨ᠃
ᠡᠯᠳᠡᠪ ᠪᠠᠶᠠᠰᠬᠤᠯᠠᠩᠲᠤ ᠬᠤᠷᠢᠮ ᠤ᠋ᠳ ᠢ᠋ᠶ᠋ᠠᠷ ᠴᠡᠩᠭᠡᠯᠳᠦᠭᠡᠳ᠂ ᠡᠴᠢᠭᠡ ᠡᠬᠡ ᠲᠡᠷᠢᠭᠦᠲᠡᠨ ᠢᠨᠤ ᠬᠣᠲᠠᠯᠠᠭᠠᠷ ᠪᠠᠶᠠᠰᠤᠭᠠᠳ᠂
《ᠡᠩᠬᠡ ᠠᠮᠤᠭᠤᠯᠠᠩ ᠲᠥᠷᠥ ᠶᠣᠰᠣᠨ ᠢ᠋ ᠪᠠᠷᠢᠲᠤᠭᠠᠢ ! 》 ᠭᠡᠮᠡᠨ ᠢᠷᠦᠭᠡᠭᠡᠳ᠂
ᠡᠷᠳᠡᠨᠢ ᠠᠯᠲᠠᠨ ᠂ ᠮᠥᠩᠭᠥᠨ ᠭᠡᠮᠡᠨ ᠡᠭᠡᠴᠢ ᠳᠡᠭᠦᠦ ᠬᠣᠶᠠᠷ ᠨᠡᠷᠡᠢᠳᠳᠦᠭᠰᠡᠨ ᠠᠨᠤ ᠲᠡᠢᠮᠦ ᠪᠥᠯᠥᠭᠡ᠃
ᠲᠡᠭᠦᠨ ᠦ᠌ ᠬᠣᠢᠨ᠎ᠠ ᠬᠣᠶᠠᠷ ᠶᠡᠬᠡ ᠤᠯᠤᠰ ② ᠡᠪᠳᠡᠷᠡᠵᠦ ᠶᠠᠪᠤᠬᠤᠢ ᠴᠠᠭ ᠲᠤᠷ ᠂
ᠲᠠᠶᠤᠨ ᠬᠠᠭᠠᠨ ᠬᠥᠪᠡᠭᠦᠨ ᠢ᠋ᠶ᠋ᠡᠨ ᠠᠪᠠᠬᠠᠢ ③ ᠶ᠋ᠢ ᠪᠠᠷᠠᠭᠤᠨ ᠭᠤᠷᠪᠠᠨ ᠲᠦᠮᠡᠨ ᠳ᠋ᠦ᠍ ᠵᠢᠨᠦᠩ ᠰᠠᠭᠤ ᠭᠡᠵᠦ ᠢᠯᠡᠭᠡᠭᠰᠡᠨ ᠳ᠋ᠦ᠍ᠷ᠂
— — — —
① ᠰᠢᠶᠣᠤ ᠳᠠ ᠾᠧᠩ ᠦ᠋ᠨ ᠪᠢᠴᠢᠭᠰᠡᠨ《 ᠮᠣᠩᠭᠣᠯ ᠤ᠋ᠨ ᠰᠤᠷᠲᠠᠬᠤᠨ 》ᠭᠡᠬᠦ ᠪᠢᠴᠢᠭ ᠲᠦ᠍ 米喇兀 ᠭᠡᠵᠦ ᠲᠡᠮᠳᠡᠭᠯᠡᠵᠦ ᠳᠣᠣᠷᠠᠬᠢ ᠮᠡᠲᠦ ᠲᠠᠢᠯᠪᠤᠷᠢᠯᠠᠵᠠᠢ᠄ 《 ᠮᠣᠩᠭᠣᠯᠴᠤᠳ ᠬᠦᠦ ᠲᠥᠷᠥᠭᠰᠡᠨ ᠴᠦ᠍ ᠥᠬᠢᠨ ᠲᠥᠷᠥᠭᠰᠡᠨ ᠴᠦ᠍᠂ ᠮᠠᠨ ᠤ᠋ ᠬᠢᠲᠠᠳ ᠤᠯᠤᠰ ᠤ᠋ᠨ ᠰᠢᠭ᠋ ᠠᠰᠠᠷᠠᠨ ᠰᠤᠪᠢᠯᠠᠳᠠᠭ ᠦᠭᠡᠢ᠃ ᠲᠦᠷᠦᠮᠡᠭᠴᠡ ᠨᠢᠯᠬ᠎ᠠ ᠶᠤᠭᠠᠨ ᠬᠥᠳᠥᠰᠥ ᠪᠤᠶᠤ ᠢᠰᠡᠭᠡᠢ ᠪᠡᠷ ᠪᠠᠭᠯᠠᠵᠤ᠂ ᠂ ᠭᠤᠷᠪᠠᠨ ᠡᠳᠦᠷ ᠳᠡᠭᠡᠷ᠎ᠡ ᠢᠨᠤ ᠰᠠᠶᠢ ᠤᠬᠢᠶᠠᠭᠠᠳ ᠮᠥᠨ ᠬᠡᠪ ᠢ᠋ᠶ᠋ᠡᠷ ᠪᠠᠭᠯᠠᠵᠤ ᠲᠠᠯᠪᠢᠮᠤᠢ᠃ ᠮᠥᠨ ᠡᠳᠦᠷ ᠲᠣᠷ ᠮᠢᠬ᠎ᠠ ᠠᠷᠢᠬᠢ ᠪᠡᠯᠡᠳᠬᠡᠨ ᠲᠥᠷᠥᠯ ᠰᠠᠳᠤᠨ ᠬᠦᠷᠰᠢ ᠵᠡᠷᠭᠡᠯᠡᠳᠡᠭᠡ ᠶ᠋ᠢᠨ ᠬᠥᠮᠦᠰ ᠯᠤᠭᠡ ᠪᠡᠨ ᠬᠤᠷᠢᠮ ᠨᠠᠢᠷ ᠬᠢᠵᠦ ᠡᠭᠦᠨ ᠢ᠋ ᠪᠡᠨ米喇兀 ᠬᠡᠮᠡᠮᠦᠢ 》 ᠭᠡᠵᠡᠢ᠃ ᠡᠨᠳᠡ ᠬᠡᠯᠡᠭᠰᠡᠨ ᠮᠢᠯᠢᠶᠠᠭᠤᠳ ᠭᠡᠳᠡᠭ ᠨᠢ ᠡᠨᠡ ᠪᠢᠯᠡ᠃
② ᠵᠡᠭᠦᠨ ᠲᠦᠮᠡᠨ ᠪᠠ ᠪᠠᠷᠠᠭᠤᠨ ᠲᠦᠮᠡᠨ ᠢ᠋ ᠬᠡᠯᠡᠵᠦ ᠪᠣᠢ᠃
③ ᠤᠤᠯ ᠨᠡᠷ᠎ᠡ ᠨᠢ ᠤᠯᠤᠰ ᠪᠠᠢᠬᠤ᠃ ᠲᠠᠶᠤᠨ ᠬᠠᠭᠠᠨ ᠤ᠋ ᠳᠡᠳ᠋ ᠬᠥᠪᠡᠭᠦᠨ ᠪᠣᠯᠤᠨ᠎ᠠ᠃ ᠵᠧᠩ ᠲᠧ ᠶ᠋ᠢᠨ ᠳᠥᠲᠥᠭᠡᠷ ᠣᠨ (1509 ) ᠳ᠋ᠦ᠍ ᠪᠠᠷᠠᠭᠤᠨ ᠭᠤᠷᠪᠠᠨ ᠲᠦᠮᠡᠨ ᠢ᠋ ᠮᠡᠳᠡᠬᠦ ᠵᠢᠨᠦᠩ ᠪᠣᠯᠵᠠᠢ᠃
ᠲᠡᠨᠳᠡ ᠴᠠᠭᠠᠨ ᠭᠡᠷ ᠦ᠋ᠨ ᠡᠮᠤᠨ ᠮᠥᠷᠭᠥᠵᠦ ᠠᠪᠠᠬᠠᠢ ᠪᠠᠪᠠᠬᠠᠢ ① ᠬᠣᠶᠠᠷ ᠰᠠᠬᠤᠨ ᠠᠲᠠᠯ᠎ᠠ᠂
ᠲᠡᠷᠰᠯᠡᠵᠦ ᠤᠢᠭᠤᠳ ᠤ᠋ᠨ ᠢᠪᠡᠷᠡᠢ ᠲᠠᠢᠰᠢ ② ᠂ ᠮᠠᠨᠳᠤᠯᠠᠢ ③ ᠬᠣᠶᠠᠷ ᠬᠣᠷᠤᠬᠠᠭᠰᠠᠨ ᠳ᠋ᠤᠷ᠂
ᠰᠠᠢᠨ ᠠᠯᠠᠭ ᠂ ᠡᠴᠢᠭᠡ ᠳ᠋ᠡᠭᠡᠨ ᠲᠠᠶᠤᠨ ᠬᠠᠭᠠᠨ ᠳ᠋ᠤᠷ ᠳᠤᠲᠠᠭᠠᠨ ᠣᠳᠪᠠᠢ ᠃
ᠰᠡᠴᠡᠨ ᠲᠡᠷᠡ ᠤᠴᠢᠷ ᠲᠤᠷ ᠬᠥᠪᠡᠭᠦᠨ ᠢᠨᠤ ᠠᠯᠲᠠᠨ ᠬᠠᠭᠠᠨ ᠭᠤᠨᠠᠨ ᠨᠠᠰᠤᠲᠠᠢ ᠂
ᠰᠢᠩᠭᠡᠶ ᠥᠷᠯᠥᠭ ᠡᠪᠡᠭᠡᠢ ᠥᠤᠬᠠᠨ ④ ᠤ᠋ ᠭᠠᠷᠲᠤ ᠪᠥᠯᠥᠭᠡ ᠂
ᠰᠠᠮᠠᠭᠤ ᠬᠣᠣᠷ ᠲᠤ᠌ ᠤᠢᠭᠤᠳ ᠤ᠋ᠨ ᠠᠪᠠᠷᠢ ⑤ ᠶ᠋ᠢ ᠬᠣᠣᠷ ᠬᠢᠬᠦᠢ ᠰᠣᠨᠣᠰᠳᠠᠵᠤ᠂
ᠡᠳᠦᠷ ᠭᠡᠲᠡᠵᠦ ᠰᠥᠨᠢ ᠴᠦᠭᠯᠡᠵᠦ ᠴᠢᠯᠥᠭᠡ ᠡᠷᠢᠵᠦ ᠶᠠᠪᠤᠬᠤᠢ ᠳ᠋ᠤᠷ᠂
ᠡᠭᠡᠨᠡᠭᠲᠡ ᠲᠦᠯᠡᠭᠡ ᠲᠡᠭᠦᠬᠦ ᠰᠢᠪᠡᠭᠴᠢᠨ ᠳ᠋ᠦ᠍ᠷ ᠡᠪᠦᠷᠯᠡᠭᠦᠯᠵᠦ᠂
— — — —
① ᠪᠠᠪᠠᠬᠠᠢ ᠭᠡᠳᠡᠭ ᠨᠢ ᠤᠯᠤᠰ ᠪᠠᠢᠬᠤ ᠶ᠋ᠢᠨ ᠳᠠᠭᠠᠯᠲᠠ ᠪᠣᠯᠤᠨ᠎ᠠ᠃ 《 ᠡᠷᠳᠡᠨᠢ ᠶ᠋ᠢᠨ ᠲᠣᠪᠴᠢ 》 ᠳ᠋ᠤ᠌ 《 ᠭᠣᠤᠷᠯᠠᠤᠨ ᠤ᠋ ᠪᠠᠪᠠᠬᠠᠢ ᠥᠷᠯᠥᠭ 》 ᠭᠡᠳᠡᠭ᠃
② ᠴᠧᠩ ᠬᠤᠸᠠ (成化 ) ᠶ᠋ᠢᠨ ᠬᠣᠷᠢᠨ ᠭᠤᠷᠪᠠᠳᠤᠭᠠᠷ ᠣᠨ (1487 ) ᠳ᠋ᠤ᠌ ᠶᠦᠩᠰᠢᠶᠠᠪᠤ ᠶ᠋ᠢᠨ ᠢᠰᠮᠡᠨ ᠲᠠᠢᠰᠢ ᠦᠬᠦᠭᠰᠡᠨ ᠦ᠌ ᠬᠣᠢᠨ᠎ᠠ ᠢᠪᠡᠷᠡᠢ ᠪᠡᠷ ᠲᠠᠢᠰᠢ ᠵᠠᠯᠭᠠᠮᠵᠢᠯᠠᠭᠤᠯᠵᠠᠢ᠃ ᠡᠭᠦᠨ ᠦ᠌ ᠣᠴᠢᠷ᠎ᠠ 《 ᠡᠷᠳᠡᠨᠢ ᠶ᠋ᠢᠨ ᠲᠣᠪᠴᠢ 》 ᠳ᠋ᠤ᠌ ᠶᠦᠩᠰᠢᠶᠠᠪᠤ ᠶ᠋ᠢᠨ ᠢᠪᠡᠷᠡᠢ ᠲᠠᠢᠰᠢ ᠭᠡᠵᠦ ᠲᠡᠮᠳᠡᠭᠯᠡᠵᠡᠢ᠃
③ 《 ᠡᠷᠳᠡᠨᠢ ᠶ᠋ᠢᠨ ᠲᠣᠪᠴᠢ 》 ᠳ᠋ᠤ᠌ ᠣᠷᠳᠣᠰ ᠤ᠋ᠨ ᠮᠡᠨᠳᠤᠯᠠᠢ ᠠᠬᠠᠯᠠᠬᠤ ᠭᠡᠳᠡᠭ᠃ ᠬᠢᠲᠠᠳ ᠪᠢᠴᠢᠭ ᠲᠦ᠍ ᠲᠡᠭᠦᠨ ᠦ᠌ ᠬᠠᠷᠢᠶᠠᠲᠤ ᠠᠢᠮᠠᠭ ᠣᠷᠳᠣᠰ ᠤ᠋ᠨ ᠨᠡᠷ᠎ᠡ ᠪᠡᠷ ᠲᠡᠭᠦᠨ ᠢ᠋ ᠪᠠᠰᠠ阿尔秃厮 ᠭᠡᠵᠦ ᠲᠡᠮᠳᠡᠭᠯᠡᠵᠡᠢ᠃
④ 《 ᠡᠷᠳᠡᠨᠢ ᠶ᠋ᠢᠨ ᠲᠣᠪᠴᠢ 》 ᠳ᠋ᠤ᠌ ᠮᠣᠩᠭᠣᠯᠵᠢᠨ ᠤ᠋ ᠰᠢᠨᠢᠭᠡᠢ ᠥᠷᠯᠥᠭ ᠂ ᠡᠪᠡᠭᠡᠢ ᠠᠬ᠎ᠠ ᠭᠡᠳᠡᠭ᠃
⑤ ᠠᠪᠠᠷᠢ ᠭᠡᠵᠦ ᠢᠪᠡᠷᠡᠢ ᠶ᠋ᠢ ᠬᠡᠯᠡᠵᠦ ᠪᠠᠢᠨ᠎ᠠ᠃
ᠡᠯ᠎ᠡ ᠨᠡᠭᠦᠳᠡᠯ ᠪᠣᠯᠪᠠᠰᠤ ᠪᠡᠯᠪᠡᠰᠦᠨ ᠳᠦᠷᠢᠲᠦ ᠡᠮ᠎ᠡ ᠳ᠋ᠦ᠍ᠷ ᠲᠡᠭᠦᠷᠬᠡᠵᠦ᠍ ᠂
ᠡᠮᠢᠶᠡᠨ ᠠᠶᠤᠨ ᠬᠠᠳᠠᠭᠠᠯᠠᠨ ᠠᠲᠠᠯ᠎ᠠ ᠲᠡᠭᠷᠢ ᠶ᠋ᠢᠨ ᠵᠠᠶᠠᠭᠠᠪᠠᠷ ᠬᠡᠯᠡᠨ ᠣᠷᠣᠵᠤ ᠡᠰᠡ ᠡᠷᠦᠰᠳᠡᠪᠡᠢ ᠃
ᠲᠡᠢᠨ ᠰᠠᠢᠨ ᠬᠠᠳᠠᠭᠠᠯᠠᠵᠤ ᠮᠣᠩᠭᠣᠯᠵᠢᠨ ① ᠤ᠋ ᠡᠪᠡᠬᠡᠢ ᠣᠶᠤᠬᠠᠨ ᠰᠢᠷᠮᠠᠯᠣᠳ ᠥᠷᠯᠥᠭ ᠬᠣᠶᠠᠷ ᠂
ᠲᠡᠳᠬᠦᠨ ᠠᠰᠠᠷᠠᠭᠠᠳ ᠠᠴᠢ ᠶ᠋ᠢ ᠢᠨᠦ ᠠᠯᠲᠠᠨ ᠬᠠᠭᠠᠨ ᠢ᠋ ᠴᠠᠭᠠᠨ ᠮᠣᠷᠢᠨ ᠵᠢᠯ② ᠳ᠋ᠦ᠍ᠷ ᠂
ᠳᠠᠶᠣᠨ ᠬᠠᠭᠠᠨ ᠡᠪᠦᠭᠡ ᠳ᠋ᠦ᠍ᠷ ᠢᠨᠦ ᠡᠩᠬᠡ ᠠᠮᠤᠷ ᠵᠣᠯᠭᠠᠭᠤᠯᠤᠭᠰᠠᠨ ᠠᠵᠢᠬᠤ ᠂
ᠳᠡᠭᠡᠳᠦ ᠪᠣᠭᠳᠠᠰ ᠲᠤᠷ ᠬᠦᠴᠦᠨ ᠦᠭᠭᠦᠭᠰᠡᠨ ᠴᠢᠨᠠᠷ ᠠᠨᠤ ᠲᠡᠢᠮᠦ ᠪᠥᠯᠥᠭᠡ ᠃
ᠲᠡᠷᠡ ᠥᠴᠢᠷ ᠲᠣᠷ ᠮᠣᠩᠭᠣᠯᠵᠢᠨ ᠤ᠋ ᠬᠣᠱᠣᠢ ᠨᠣᠶᠠᠨ③ ᠲᠦᠮᠡᠳ ᠢ᠋ᠶ᠋ᠡᠷ ᠂
ᠲᠡᠮᠡᠴᠡᠯᠳᠦᠨ ᠶᠠᠪᠤᠭᠴᠢ ᠥᠰᠢᠶ᠎ᠡ ᠲᠠᠨ ᠠ᠋ᠴᠠ ᠬᠠᠭᠠᠴᠠᠵᠤ ᠪᠦᠷᠦᠨ ᠂
— — — —
① ᠲᠦᠮᠡᠳ ᠲᠦᠮᠡᠨ ᠦ᠌ ᠳᠣᠲᠣᠷᠠᠬᠢ ᠨᠢᠭᠡᠨ ᠠᠢᠮᠠᠭ᠃ ᠪᠣᠯᠤᠨ᠎ᠠ ᠃ ᠡᠨᠡ ᠠᠢᠮᠠᠭ ᠪᠣᠯ ᠨᠡᠯᠢᠶᠡᠳ ᠬᠦᠴᠦᠷᠬᠡᠭ ᠠᠢᠮᠠᠭ ᠪᠣᠯᠬᠤ ᠲᠤᠯᠠ ᠵᠠᠷᠢᠮ ᠳ᠋ᠠᠭᠠᠨ ᠲᠦᠮᠡᠳ ᠢ᠋ ᠪᠠᠰᠠ ᠮᠣᠩᠭᠣᠯᠵᠢᠨ ᠭᠡᠳᠡᠭ ᠃ ᠹᠦᠰᠢᠨ ᠳ᠋ᠡᠬᠢ ᠮᠣᠩᠭᠣᠯ ᠦᠨᠳᠦᠰᠦᠲᠡᠨ ᠦ᠌ ᠥᠪᠡᠷᠲᠡᠭᠡᠨ ᠵᠠᠰᠠᠬᠤ ᠰᠢᠶᠠᠨ (ᠤᠭ ᠤ᠋ᠨ ᠲᠦᠮᠡᠳ ᠪᠠᠷᠠᠭᠤᠨ ᠬᠣᠰᠢᠭᠤ ) ᠶ᠋ᠢᠨ ᠮᠣᠩᠭᠣᠯᠴᠤᠳ ᠡᠳᠦᠭᠡ ᠬᠦᠷᠲᠡᠯ᠎ᠡ ᠪᠡᠶ᠎ᠡ ᠪᠡᠨ ᠮᠣᠩᠭᠣᠯᠵᠢᠨ ᠭᠡᠳᠡᠭ ᠃ ᠡᠳᠡᠨᠡᠷ ᠪᠣᠯ ᠤᠭ ᠮᠣᠩᠭᠣᠯᠵᠢᠨ ᠤ᠋ ᠬᠣᠢᠴᠢᠰ ᠪᠣᠯᠤᠨ᠎ᠠ ᠃
② ᠴᠠᠭᠠᠨ ᠡᠷ᠎ᠡ ᠮᠣᠷᠢᠨ ᠵᠢᠯ ᠂ ᠵᠧᠩ ᠳᠧ ᠶ᠋ᠢᠨ ᠲᠠᠪᠤᠳᠤᠭᠠᠷ ᠣᠨ ( 1510 )ᠪᠣᠯᠤᠨ᠎ᠠ᠃
③《 ᠬᠠᠳ ᠤ᠋ᠨ ᠦᠨᠳᠦᠰᠦᠨ ᠬᠤᠷᠢᠶᠠᠩᠭᠤᠢ ᠠᠯᠲᠠᠨ ᠲᠣᠪᠴᠢ 》 ᠪᠠ 《 ᠡᠷᠳᠡᠨᠢ ᠶ᠋ᠢᠨ ᠲᠣᠪᠴᠢ 》 ᠳ᠋ᠤ᠌ ᠴᠥᠮ ᠬᠣᠱᠣᠢ ᠲᠠᠪᠤᠨᠠᠩ ᠭᠡᠳᠡᠭ ᠃ ᠬᠢᠲᠠᠳ ᠪᠢᠴᠢᠭ ᠾᠦᠸᠧ ᠰᠠᠢ (火筛 ) ᠭᠡᠵᠦ ᠪᠢᠴᠢᠳᠡᠭ ᠃ ᠲᠠᠪᠤᠨᠠᠩ ᠭᠡᠵᠦ ᠬᠠᠭᠠᠨ ᠤ᠋ ᠬᠦᠷᠭᠡᠨ ᠢ᠋ ᠬᠡᠯᠡᠨ᠎ᠡ ᠃ ᠬᠣᠱᠣᠢ ᠪᠣᠯ ᠮᠠᠨᠳᠤᠭᠤᠯ ᠬᠠᠭᠠᠨ ᠤ᠋ ᠢᠰᠢᠭᠡ ᠭᠥᠨᠵᠢ ᠡᠬᠡᠨᠡᠷ ᠪᠣᠯᠭᠠᠨ ᠠᠪᠤᠭᠰᠠᠨ ᠲᠤᠯᠠ ᠲᠠᠪᠤᠨᠠᠩ ᠭᠡᠵᠡᠢ ᠃
ᠳᠠᠶᠣᠨ ᠬᠠᠭᠠᠨ ᠡᠴᠢᠭᠡ ᠬᠥᠪᠡᠭᠦᠨ ᠳ᠋ᠦ᠍ᠷ ᠨᠡᠢᠯᠡᠨ ᠢᠷᠡᠭᠰᠡᠨ ᠠᠵᠤᠬᠤ ᠃
ᠲᠡᠳᠦᠢ ᠳᠠᠶᠣᠨ ᠬᠠᠭᠠᠨ ᠵᠡᠭᠦᠨ ᠲᠦᠮᠡᠨ ᠢᠶᠡᠷ ᠨᠡᠢᠯᠡᠵᠦ ᠮᠣᠷᠢᠯᠠᠭᠠᠳ ᠂
ᠣᠢᠭᠤᠳ ᠸᠠᠢᠯᠠᠷᠢ① ᠳᠠᠯ᠎ᠠ ᠲᠡᠷᠢᠭᠦᠨ② ᠨᠡᠷᠡᠲᠦ ᠭᠠᠵᠠᠷ᠎ᠠ ᠳᠠᠷᠤᠭᠠᠳ ᠂
ᠦᠨᠡᠰᠦ ᠮᠡᠲᠦ ᠬᠡᠢᠰᠬᠡᠵᠦ ᠣᠨᠢᠨ ᠮᠡᠲᠦ ᠪᠤᠲᠠᠷᠠᠭᠤᠯᠤᠭᠠᠳ ᠂
ᠦᠨᠡᠬᠡᠷ ᠥᠰᠢᠶ᠎ᠡ ᠲᠠᠨ ᠢ᠋ ᠳᠠᠢᠰᠤᠨ ᠢ᠋ ᠳᠣᠷᠣᠢᠲᠠᠭᠤᠯᠤᠭᠠᠳ ᠂
ᠣᠷᠳᠣᠰ ᠲᠦᠮᠡᠨ ᠢ᠋ ᠣᠷᠣᠭᠤᠯᠤᠭᠠᠳ ᠬᠠᠷᠢᠵᠤ ᠡᠰᠡᠨ ᠲᠦᠭᠡᠯ ᠪᠠᠭᠤᠪᠠᠢ ᠃
ᠳᠠᠢᠯᠠᠭᠰᠠᠨ ᠤᠯᠤᠰ ᠢ᠋ ᠡᠷᠬᠡ ᠲᠦᠷᠢᠶᠡᠨ ᠣᠷᠣᠭᠤᠯᠤᠭᠠᠳ ᠂
ᠳᠠᠢᠪᠢᠩ ᠶᠡᠬᠡ ᠲᠥᠷᠥ ᠶ᠋ᠢ ᠵᠢᠯᠤᠭᠠᠳᠴᠤ ᠶᠠᠪᠤᠨ ᠠᠲᠠᠯ᠎ᠠ ᠂
ᠳᠠᠬᠢ ᠤᠯᠠᠭᠠᠨ ᠦᠬᠡᠷ ᠵᠢᠯ᠎ᠡ③ ᠳᠥᠴᠢᠨ ᠳᠥᠷᠪᠡᠨ ᠨᠠᠰᠤᠨ ᠳᠦᠷᠢᠶᠡᠨ ᠂
ᠳᠠᠶᠣᠨ ᠬᠠᠭᠠᠨ ᠮᠥᠩᠬᠡ ᠪᠤᠰᠤ ᠶ᠋ᠢᠨ ᠶᠣᠰᠣ ᠪᠠᠷ ᠲᠩᠷᠢ ᠪᠣᠯᠤᠭᠰᠠᠨ ᠠᠵᠤᠭᠤ ᠃
— — — —
① ᠢᠪᠠᠷᠠᠢ ᠶ᠋ᠢᠨ ᠨᠡᠷ᠎ᠡ ᠶ᠋ᠢ ᠪᠤᠷᠤᠭᠤ ᠬᠠᠭᠤᠯᠤᠭᠰᠠᠨ ᠪᠠᠢᠨ᠎ᠠ ᠃
② 《 ᠮᠧᠩ ᠭᠦ ᠶᠤᠸᠠᠨ ᠯᠢᠦ ᠵᠢᠶᠠᠨ ᠵᠧᠩ 》 (蒙古源流笺证 ) ᠭᠡᠬᠦ ᠪᠢᠴᠢᠭ ᠲᠦ᠍ 达兰特哩衮 ᠭᠡᠵᠦ ᠠᠪᠢᠶᠠᠴᠢᠯᠠᠨ ᠪᠢᠴᠢᠭᠡᠳ ᠪᠠᠰᠠ领头七十人 ( ᠲᠦᠷᠦᠭᠦᠯᠡᠭᠰᠡᠨ ᠳᠠᠯᠠᠨ ᠬᠥᠮᠦᠨ ) ᠭᠡᠵᠦ ᠤᠳᠬᠠᠴᠢᠯᠠᠨ ᠣᠷᠴᠢᠭᠤᠯᠵᠠᠢ ᠃ ᠡᠨᠡ ᠬᠦ᠌ ᠤᠳᠬᠠᠴᠢᠯᠠᠭᠰᠠᠨ ᠣᠷᠴᠢᠭᠤᠯᠭ᠎ᠠ ᠶᠡᠬᠡᠯ᠎ᠡ ᠪᠤᠷᠤᠭᠤ ᠪᠣᠯᠵᠠᠢ ᠃ ᠳᠠᠯ᠎ᠠ ᠲᠡᠷᠢᠭᠦᠨ ᠭᠡᠳᠡᠭ ᠨᠢ ᠠᠭᠤᠯᠠ ᠶ᠋ᠢᠨ ᠨᠡᠷ᠎ᠡ ᠂ ᠡᠳᠦᠭᠡ ᠶ᠋ᠢᠨ ᠬᠥᠬᠡᠬᠣᠲᠠ ᠶ᠋ᠢᠨ ᠠᠷᠤ ᠳ᠋ᠤ᠌ ᠪᠠᠢᠬᠤ ᠳᠠᠯᠠᠨ ᠬᠠᠷ᠎ᠠ ᠶ᠋ᠢ ᠬᠡᠯᠡᠵᠦ ᠪᠠᠢᠨ᠎ᠠ ᠃
③ ᠤᠯᠠᠭᠠᠨ ᠡᠮ᠎ᠡ ᠦᠬᠡᠷ ᠵᠢᠯ ᠂᠂ ᠵᠧᠩ ᠲᠧ ᠶ᠋ᠢᠨ ᠠᠷᠪᠠᠨ ᠬᠣᠶᠠᠳᠤᠭᠠᠷ ᠣᠨ (1517 ᠣᠨ ) ᠪᠣᠯᠠᠢ ᠃
ᠲᠡᠭᠦᠨ ᠦ᠌ ᠬᠣᠢᠨ᠎ᠠ ᠰᠠᠢᠨ ᠠᠯᠠᠭ ᠢ᠋ ᠭᠤᠴᠢᠨ ᠨᠠᠰᠤᠨ ᠲᠡᠬᠡᠷ᠎ᠡ ᠢᠨᠤ ᠬᠠᠨ ᠣᠷᠣᠨ ᠳ᠋ᠤᠷ ᠰᠠᠭᠤᠯᠭᠠᠪᠠᠢ ᠃ ①
ᠲᠡᠭᠰᠢ ᠲᠥᠷᠥ ᠶᠣᠰᠣᠨ ᠢ᠋ ᠪᠠᠷᠢᠬᠤ ᠵᠠᠪᠰᠠᠷ ᠪᠣᠯᠤᠯ ᠦᠭᠡᠢ
ᠲᠩᠷᠢ ᠶ᠋ᠢᠨ ᠵᠠᠶᠠᠭ᠎ᠠ ᠪᠠᠷ ᠡᠷᠬᠡ ᠦᠭᠡᠢ ᠮᠥᠨ ᠪᠥᠭᠡᠳ
ᠲᠠᠤᠯᠠᠢ ᠵᠢᠯ ᠳ᠋ᠦ᠍ᠷ ᠳᠡᠭᠡᠳᠦ ᠲᠥᠷᠥᠯ ᠳ᠋ᠡᠭᠡᠨ ᠭᠠᠷᠤᠭᠰᠠᠨ ᠢᠨᠦ ᠲᠡᠢᠮᠦ ᠪᠥᠯᠥᠭᠡ ᠃
— — — —
① ᠰᠠᠢᠨ ᠠᠯᠠᠭ ᠬᠠᠭᠠᠨ ᠣᠷᠣ ᠰᠠᠭᠤᠭᠰᠠᠨ ᠪᠣᠳᠠᠲᠠᠢ ᠡᠳ ᠵᠢᠯ ᠢ᠋ ᠡᠦᠲᠦ ᠪᠣᠯᠤᠯ᠎ᠠ ᠲᠣᠳᠣᠯᠠᠭᠠᠳᠤᠢ ᠪᠠᠢᠭᠰᠠᠭᠠᠷ ᠃ ᠡᠨᠡ ᠲᠡᠮᠳᠡᠭᠯᠡᠯ ᠪᠣᠯ ᠬᠠᠷᠢᠨ ᠡᠨᠡ ᠠᠰᠠᠭᠤᠳᠠᠯ ᠢ᠋ ᠢᠯᠭᠠᠨ ᠲᠣᠭᠲᠠᠭᠠᠬᠤ ᠳ᠋ᠤ᠌ ᠮᠠᠰᠢ ᠦᠨ᠎ᠡ ᠪᠡᠨ᠎ᠡ ᠲᠡᠢ ᠪᠠᠷᠢᠮᠲᠠ ᠪᠣᠯᠪᠠ ᠃ ᠰᠠᠢᠨ ᠠᠯᠠᠨ ᠶᠡᠬᠡ ᠣᠷᠣ ᠰᠠᠭᠤᠭᠰᠠᠨ ᠤ᠋ ᠬᠣᠢᠨ᠎ᠠ 《 ᠲᠥᠷᠥ ᠶᠣᠰᠣᠨ ᠢ᠋ ᠪᠠᠷᠢᠬᠤ ᠵᠠᠪᠰᠠᠷ ᠪᠣᠯᠤᠯ ᠦᠭᠡᠢ 》《 ᠲᠠᠤᠯᠠᠢ ᠵᠢᠯ ᠳ᠋ᠦ᠍ᠷ ᠳᠡᠭᠡᠳᠦ ᠲᠥᠷᠥᠯ ᠳ᠋ᠡᠭᠡᠨ ᠭᠠᠷᠤᠭᠰᠠᠨ》 (ᠬᠠᠯᠢᠭᠰᠠᠨ ) ᠭᠡᠳᠡᠭ ᠃ ᠲᠠᠤᠯᠠᠢ ᠵᠢᠯ ᠪᠣᠯ ᠰᠢᠷ᠎ᠠ ᠡᠮ᠎ᠡ ᠲᠠᠤᠯᠠᠢ ᠵᠢᠯ ᠂ ᠳᠠᠷᠤᠢ ᠵᠧᠩ ᠲᠧ ᠶ᠋ᠢᠨ ᠠᠷᠪᠠᠨ ᠳᠥᠷᠪᠡᠳᠦᠭᠡᠷ ᠣᠨ ( 1519 ᠣᠨ ) ᠪᠣᠯᠤᠨ᠎ᠠ ᠃ 《ᠭᠠᠩᠭ᠎ᠠ ᠶ᠋ᠢᠨ ᠤᠷᠤᠰᠬᠠᠯ 》 ᠳ᠋ᠤ᠌ 《 ᠪᠠᠷᠰᠤ ᠪᠣᠯᠣᠳ (ᠰᠠᠢᠨ ᠠᠯᠠᠭ ) ᠨᠢᠭᠡᠨ ᠰᠠᠷ᠎ᠠ ᠶᠡᠬᠡ ᠣᠷᠣ ᠰᠠᠭᠤᠭᠠᠳ ᠬᠣᠴᠣᠷᠤᠭᠰᠠᠨ 》 ᠭᠡᠵᠦ ᠲᠣᠳᠣᠷᠬᠠᠢ ᠲᠡᠮᠳᠡᠭᠡᠯᠡᠭᠰᠡᠨ ᠡᠴᠡ ᠦᠵᠡᠪᠡᠯ ᠂ ᠰᠠᠢᠨ ᠠᠯᠠᠭ ᠦᠨᠡᠬᠡᠷ ᠲᠠᠤᠯᠠᠢ ᠵᠢᠯ ᠶᠡᠬᠡ ᠣᠷᠣ ᠰᠠᠭᠤᠭᠰᠠᠨ ᠭᠡᠵᠦ ᠦᠵᠡᠬᠦ ᠪᠣᠯᠤᠯᠴᠠᠭ᠎ᠠ ᠭᠦᠢᠴᠡᠳ ᠪᠣᠢ ᠃ ᠰᠠᠢᠨ ᠠᠯᠠᠭ ᠤ᠋ᠨ ᠶᠡᠬᠡ ᠣᠷᠣ ᠰᠠᠭᠤᠭᠰᠠᠨ ᠣᠨ ᠵᠢᠯ ᠢ᠋ ᠬᠢᠲᠠᠳ ᠪᠢᠴᠢᠭ ᠲᠦ᠍ ᠬᠣᠶᠠᠷ ᠶᠠᠩᠵᠤ ᠪᠠᠷ ᠲᠡᠮᠳᠡᠭᠯᠡᠵᠦ ᠪᠠᠢᠳᠠᠭ ᠃ ᠨᠢᠭᠡ ᠨᠢ ᠂ ᠵᠢᠶᠠ ᠵᠢᠩ ᠦ᠋ᠨ ᠠᠩᠬᠠᠨ ᠣᠨ ( 1522 ) ᠠ᠋ᠴᠠ ᠡᠮᠦᠨ᠎ᠡ ᠭᠡᠵᠦ ᠪᠣᠢ ᠂ ᠵᠢᠱ᠌ᠢᠶᠡᠯᠡᠪᠡᠰᠦ 《 ᠭᠦᠸᠧ ᠴᠢᠦᠸᠠᠢ 》 (国榷 ) ᠪᠢᠴᠢᠭ ᠲᠡᠬᠢ ᠵᠢᠶᠠ ᠵᠢᠩ ᠦ᠋ᠨ ᠠᠩᠬᠠᠨ ᠣᠨ ᠤ᠋ ᠳᠣᠯᠣᠳᠤᠭᠠᠷ ᠰᠠᠷ᠎ᠠ ᠵᠠ ᠴᠠᠭᠠᠭᠴᠢᠨ ᠬᠣᠨᠢᠨ ᠡᠳᠦᠷ ᠦ᠋ᠨ ᠲᠡᠮᠳᠡᠭᠯᠡᠯ ᠳ᠋ᠦ᠍ ᠲᠡᠮᠳᠡᠭᠡᠯᠡᠭᠰᠡᠨ ᠨᠢ ᠄ 《 ᠠᠩᠬᠠᠨ ᠳ᠋ᠤᠷ ᠰᠢᠶᠣᠤ ᠸᠠᠩ ᠽᠢ (小王子 ) ᠶᠡᠭᠦᠳᠳᠦᠭᠰᠡᠨᠡ ᠭᠤᠷᠪᠠᠨ ᠬᠥᠪᠡᠭᠦᠨ ᠪᠤᠶᠤ ᠂ ᠶᠡᠬᠡ ᠢᠨᠤ ᠠ ᠡᠯ ᠯᠦᠨ ( 阿尔伦) ᠂ ᠳᠡᠳ᠋ ᠢᠨᠤ ᠠ ᠵᠣ᠌ (阿茱 ) ᠂ ᠭᠤᠳᠠᠠᠭᠠᠷ ᠠᠨᠤ ᠮᠠᠨ ᠭᠤᠸᠠᠨ ᠴᠡᠸᠨ (满官嗔 ) ᠪᠥᠯᠥᠭᠡ ᠃ ᠠ ᠡᠯ ᠯᠦᠨ ᠤᠷᠢᠳᠠ ᠶᠡᠭᠦᠳᠴᠦᠬᠦᠢ ᠁ ᠠ ᠵᠣ᠌ ( ᠰᠠᠢᠨ ᠠᠯᠠᠭ ) ᠢ᠋ᠶ᠋ᠠᠷ ᠰᠢᠶᠣᠤ ᠸᠠᠩ ᠽᠢ ᠪᠣᠯᠤᠭᠰᠠᠨ ᠬᠣᠢᠨ᠎ᠠ ᠳᠡᠮᠡᠢ ᠤᠳᠠᠯ᠎ᠠ ᠦᠭᠡᠢ ᠶᠡᠭᠦᠳᠪᠡᠢ ᠃ ᠪᠣᠳᠢ ᠶ᠋ᠢ ᠵᠡᠬ᠎ᠡ ᠣᠷᠣ ᠳ᠋ᠤᠷ ᠵᠠᠯᠭᠠᠮᠵᠢᠯᠠᠭᠤᠯᠤᠨ ᠶᠡᠬᠡ ᠬᠠᠭᠠᠨ ᠭᠡᠮᠡᠨ ᠡᠷᠭᠦᠮᠵᠢᠯᠡᠪᠡᠢ》 ᠭᠡᠳᠡᠭ ᠃ ᠡᠨᠡᠬᠦ ᠲᠡᠮᠳᠡᠭᠯᠡᠯ ᠪᠣᠯ ᠲᠤᠰ ᠨᠣᠮ ᠤ᠋ᠨ ᠳᠣᠲᠣᠷᠠᠬᠢ ᠲᠡᠮᠳᠡᠭᠯᠡᠯ ᠯᠦ᠍ᠭᠡ ᠣᠢᠷᠠᠲᠤᠵᠤ ᠪᠠᠢᠨ᠎ᠠ ᠃ ᠨᠥᠬᠥᠭᠡ ᠨᠢ ᠂《ᠸᠠᠨ ᠯᠢ ᠡᠦ ᠬᠦᠩ ᠯᠦ᠍ 》 (万厉武功录 ) ᠪᠢᠴᠢᠭ ᠲᠡᠬᠢ ᠠᠯᠲᠠᠨ ᠬᠠᠭᠠᠨ ᠤ᠋ ᠴᠠᠳᠢᠭ ᠤ᠋ᠨ ᠳᠣᠲᠣᠷᠠᠬᠢ ᠵᠧᠩ ᠲᠧ ᠶ᠋ᠢᠨ ᠳᠣᠯᠣᠳᠤᠭᠠᠷ ᠣᠨ ( 1512 ) ᠤ᠋ ᠲᠡᠮᠳᠡᠭᠯᠡᠯ ᠳ᠋ᠦ᠍ ᠲᠡᠮᠳᠡᠭᠡᠯᠡᠭᠰᠡᠨ ᠨᠢ ᠄ 《ᠲᠡᠷᠡ ᠬᠦ᠌ ᠳᠣᠯᠣᠳᠤᠭᠠᠷ ᠣᠨ ᠤ᠋ ᠡᠪᠦᠯᠡ ᠮᠣᠩᠭᠣᠯ ᠤ᠋ᠨ ᠬᠠᠭᠠᠨ ᠪᠠᠶᠠᠨᠮᠦᠢ᠍ᠩᠬᠡ ᠳᠡᠳ᠋ ᠬᠥᠪᠡᠭᠦᠨ ᠠᠪᠠᠬᠠᠢ ᠠ ᠵᠣ᠌ ᠹᠥ ᠰᠦᠨ (阿渚卜孙 ) ᠳ᠋ᠦ᠍ᠷ ᠶᠡᠬᠡ ᠣᠷᠣ ᠶ᠋ᠢ ᠥᠭᠪᠡ 》ᠭᠡᠵᠡᠢ ᠃ ᠡᠨᠳᠡ ᠪᠠᠶᠠᠨᠮᠦᠢ᠍ᠩᠬᠡ ᠭᠡᠰᠡᠨ ᠨᠢ ᠲᠠᠶᠤᠨ ᠬᠠᠭᠠᠨ ᠪᠠᠲᠤᠮᠥᠢᠩᠬᠡ ᠯᠦ᠍ᠭᠡ ᠡᠨᠳᠡᠭᠦᠷᠡᠭᠰᠡᠨ ᠠᠵᠠᠢ ᠃ ᠠᠪᠠᠬᠠᠢ ᠠ ᠵᠣ᠌ ᠹᠦ ᠰᠦᠨ ᠭᠡᠵᠦ ᠰᠠᠢᠨ ᠠᠯᠠᠭ ᠢ᠋ ᠬᠡᠯᠡᠵᠦ ᠪᠠᠢᠨ᠎ᠠ ᠃ᠡᠨᠡ ᠲᠡᠮᠳᠡᠭᠯᠡᠯ ᠰᠠᠢᠨ ᠠᠯᠠᠨ ᠢ᠋ ᠲᠡᠷᠡ ᠬᠦ᠌ ᠬᠣᠣᠷᠯᠠᠭᠳᠠᠭᠰᠠᠨ ᠤᠯᠤᠰ ᠪᠣᠯᠣᠳ ( ᠤᠯᠤᠰ ᠪᠠᠢᠬᠤ ) ᠶ᠋ᠢᠨ ᠳᠠᠷᠠᠭ᠎ᠠ ᠵᠢᠨᠦᠩ ᠪᠣᠯᠤᠭᠰᠠᠨ ᠢ᠋ ᠬᠠᠭᠠᠨ ᠰᠠᠭᠤᠷᠢᠨ ᠵᠠᠯᠭᠠᠮᠵᠢᠯᠠᠪᠠ ᠭᠡᠵᠦ ᠡᠨᠳᠡᠭᠦᠷᠡᠭᠰᠡᠨ ᠪᠣᠯᠤᠯᠲᠠᠢ ᠃ 《 ᠡᠷᠳᠡᠨᠢ ᠶ᠋ᠢᠨ ᠲᠣᠪᠴᠢ 》 ᠳ᠋ᠤ᠌ ᠰᠠᠢᠨ ᠠᠯᠠᠭ ᠢ᠋ ᠬᠠᠷ᠎ᠠ ᠪᠡᠴᠢᠨ ᠵᠢᠯ ᠳ᠋ᠦ᠍ ᠵᠢᠨᠦᠩ ᠰᠠᠭᠤᠪᠠᠢ ᠭᠡᠵᠡᠢ ᠃ ᠡᠨᠡ ᠬᠦ᠌ ᠬᠠᠷ᠎ᠠ ᠪᠡᠴᠢᠨ ᠵᠢᠯ ᠪᠣᠯ ᠴᠢᠪ ᠭᠡᠮᠡᠨ ᠵᠧᠩ ᠲᠧ ᠶ᠋ᠢᠨ ᠳᠣᠯᠣᠳᠤᠭᠠᠷ ᠣᠨ (1512 ) ᠣᠨ ᠪᠣᠯᠤᠨ᠎ᠠ ᠃
ᠡᠴᠢᠭᠡ ᠢᠨᠦ ᠮᠥᠩᠬᠡ ᠪᠤᠰᠤ ᠶ᠋ᠢᠨ ᠶᠣᠰᠣᠭᠠᠷ ᠬᠠᠯᠢᠭᠰᠠᠨ ᠳ᠋ᠤᠷ ᠂
ᠡᠷᠳᠡᠨᠢ ᠠᠯᠲᠠᠨ ᠬᠠᠭᠠᠨ ᠠᠷᠪᠠᠨ ᠭᠤᠷᠪᠠᠨ ᠨᠠᠰᠤᠲᠠᠢ ᠪᠥᠯᠥᠭᠡ ᠂
ᠡᠷᠬᠡᠲᠦ ᠮᠡᠷᠭᠡᠨ ᠵᠢᠨᠦᠩ ᠂ ᠠᠯᠲᠠ ᠬᠠᠭᠠᠨ ᠲᠡᠭᠦᠨᠠᠷ ᠯᠦᠭᠡ ᠪᠡᠨ ᠂
ᠡᠷᠭᠢᠨ ᠪᠠᠷᠠᠭᠤᠨ ᠭᠤᠷᠪᠠᠨ ᠲᠦᠮᠡᠨ ᠢ᠋ ᠡᠵᠡᠯᠡᠵᠦ ᠪᠦᠷᠦᠨ ᠃
ᠳᠤᠲᠠᠭ᠎ᠠ ᠳ᠋ᠤ᠌ ᠲᠡᠭᠦᠨᠠᠷ ᠤᠷᠤᠭ ᠤ᠋ᠳ ᠢ᠋ᠶ᠋ᠠᠨ ᠲᠡᠳᠬᠦᠨ ᠠᠰᠠᠷᠠᠵᠤ ᠂
ᠲᠤᠩ ᠭᠠᠳᠠᠭ᠎ᠠ ᠳ᠋ᠤ᠌ ᠳᠠᠢᠰᠤᠨ ᠯᠤᠭ᠎ᠠ ᠲᠡᠮᠡᠴᠡᠯᠳᠦᠨ ᠶᠠᠪᠤᠵᠤ ᠂
ᠲᠣᠳᠣᠷᠬᠠᠢᠡ ᠶᠡᠬᠡ ᠤᠯᠤᠰ ᠢ᠋ ᠵᠢᠯᠣᠭᠣᠳᠤᠨ ᠵᠠᠯᠠᠵᠤ ᠂
ᠲᠣᠭᠠᠲᠤ ᠰᠠᠢᠨ ᠦᠢᠯᠡᠰ ᠢ᠋ ᠡᠬᠢᠯᠡᠨ ᠶᠠᠪᠤᠵᠤᠬᠤᠢ ᠃
ᠪᠡᠴᠢᠨ ᠵᠢᠯ᠎ᠡ ①ᠣᠷᠢᠶᠠᠬᠠᠨ ② ᠤ᠋ ᠳᠥᠷᠥᠢ ᠨᠣᠶᠠᠨ ᠂ ᠭᠡᠷᠡᠪᠠᠯᠡᠳ ᠴᠢᠩᠰᠠᠩ ᠴᠡᠷᠢᠭ ᠢᠷᠡᠵᠦ ᠂
— — — —
①ᠬᠥᠬᠡ ᠡᠷ᠎ᠡ ᠪᠡᠴᠢᠨ ᠵᠢᠯ᠃ᠵᠢᠶᠠ ᠵᠢᠩ ᠦ᠋ᠨ ᠭᠤᠲᠠᠭᠠᠷ ᠣᠨ ( 1524 ) ᠃
②ᠠᠢᠮᠠᠭ ᠤ᠋ᠨ ᠨᠡᠷ᠎ᠡ ᠂ ᠪᠠᠰᠠ ᠤᠷᠢᠶᠠᠩᠬᠠᠨ ᠭᠡᠳᠡᠭ ᠃ ᠤᠷᠢᠶᠠᠩᠬᠠᠨ ᠢ᠋ ᠬᠣᠶᠠᠷ ᠪᠦᠯᠦᠭ ᠬᠤᠪᠢᠶᠠᠳᠠᠭ ᠃ ᠨᠢᠭᠡ ᠪᠦᠯᠦᠭ ᠨᠢ ᠤᠮᠠᠷᠠᠰᠢ ᠲᠠ ᠨᠢᠩ ( 大宁 ) ᠬᠦᠷᠴᠦ ᠂ ᠡᠮᠦᠨᠡᠰᠢ ᠴᠠᠭᠠᠨ ᠬᠡᠷᠡᠮ ᠲᠤᠯᠵᠤ ᠂ ᠵᠡᠭᠦᠨᠰᠢ ᠪᠠᠶᠠᠰᠬᠤᠯᠠᠩ ᠬᠠᠳᠠᠲᠤ ᠠᠮᠠ ( 喜峰口 ) ᠬᠦᠷᠦᠭᠡᠳ ᠪᠠᠷᠠᠭᠤᠨᠰᠢ ᠰᠢᠦᠸᠠᠨ ᠹᠦ (宣府 ) ᠯᠦ᠍ᠭᠡ ᠣᠢᠷᠠᠲᠤᠭᠰᠠᠨ ᠭᠠᠵᠠᠷ ᠲᠤᠷ ᠮᠠᠯᠵᠢᠨ ᠠᠮᠢᠳᠤᠷᠠᠨ᠎ᠠ ᠃ ᠲᠠᠢᠮᠢᠩ ᠤᠯᠤᠰ ᠠ᠋ᠴᠠ ᠡᠨᠡ ᠭᠠᠵᠠᠷ ᠲᠤ᠌ ᠨᠣᠶᠠᠳ ᠲᠣᠮᠢᠯᠠᠨ ᠵᠠᠰᠠᠭ ᠪᠠᠢᠭᠤᠯᠵᠤ ᠲᠦᠸᠧ ᠶᠠᠨ ᠸᠧᠢ ( 朵颜卫) ᠭᠡᠵᠦ ᠨᠠᠷᠠᠯᠠᠪᠠ ᠃ ᠨᠥᠭᠥᠭᠡ ᠪᠦᠯᠦᠭ ᠨᠢ ᠲᠠᠩᠨᠤ ᠤᠷᠢᠶᠠᠩᠬᠠᠢ ᠶ᠋ᠢᠨ ᠭᠠᠵᠠᠷ ᠲᠤ᠌ ᠮᠠᠯᠵᠢᠯᠠᠨ ᠠᠮᠢᠳᠤᠷᠠᠳᠠᠭ ᠃ ᠠᠳᠠ ᠥᠭᠦᠯᠡᠭᠰᠡᠨ ᠤᠷᠢᠶᠠᠩᠬᠠᠨ ᠪᠣᠯ ᠬᠣᠢᠨᠠᠬᠢ ᠤᠷᠢᠶᠠᠩᠬᠠᠨ ᠢ᠋ ᠵᠢᠭᠠᠵᠠᠢ ᠃
ᠪᠠᠰᠤᠳ ᠦᠷᠢᠨᠳᠠᠢ ᠨᠡᠷᠡᠲᠦ ᠬᠥᠮᠦᠨ ᠢ᠋ ᠠᠯᠠᠵᠢ ᠬᠦᠷᠢᠶ᠎ᠡ ᠤᠯᠤᠰ ᠢ᠋ ᠡᠭᠡᠷᠡᠬᠦᠢ ᠰᠣᠨᠣᠰᠤᠭᠠᠳ ᠂
ᠪᠠᠰᠠ ᠪᠠᠷ ᠠᠯᠲᠠᠨ ᠬᠠᠭᠠᠨ ᠲᠦᠭᠦᠬᠡᠢ ᠨᠣᠶᠠᠨ ᠪᠣᠳᠢ ᠥᠷᠯᠥᠭ ᠢ᠋ ᠴᠡᠷᠢᠭ ᠠᠪᠤᠭᠠᠳ ᠂
ᠪᠠᠢᠯᠳᠤᠵᠤ ᠣᠷᠢᠶᠠᠩᠬᠠᠨ ᠤ᠋ ① ᠳᠠᠷᠤᠭᠠᠳ ᠬᠣᠢᠨ᠎ᠠ ᠠ᠋ᠴᠠ ᠢᠨᠦ ᠨᠡᠬᠡᠵᠦ ᠡᠴᠢᠭᠡᠳ ᠂
ᠪᠠᠯᠵᠢ ᠨᠡᠷᠡᠲᠦ ᠭᠠᠵᠠᠷ᠎ᠠ ᠶᠡᠬᠡ ᠲᠠᠯᠬ᠎ᠠ ᠣᠯᠵᠠ ᠠᠪᠤᠭᠠᠳ ᠂
ᠪᠠᠶᠠᠰᠬᠤᠯᠠᠩ ᠢ᠋ᠶ᠋ᠠᠷ ᠡᠰᠡᠨ ᠲᠦᠭᠡᠯ ᠭᠡᠷᠳᠡᠭᠡᠨ ᠢᠷᠡᠭᠡᠳ ᠰᠡᠴᠡ ᠂
ᠪᠠᠭᠰᠢᠶᠠᠷᠠᠵᠦ ᠶᠡᠬᠡ ᠤᠯᠤᠰ ᠢ᠋ᠶ᠋ᠠᠨ ᠠᠪᠤᠭᠠᠳ ᠴᠠᠭᠠᠨ ᠲᠠᠤᠯᠠᠢ ᠵᠢᠯ᠎ᠡ ② ᠂
ᠪᠠᠰᠠ ᠪᠠᠷ ᠮᠡᠷᠭᠡᠨ ᠵᠢᠨᠦᠩ ᠂ ᠠᠯᠲᠠᠨ ᠬᠠᠭᠠᠨ ᠬᠣᠶᠠᠭᠤᠯᠠ ᠤᠷᠢᠶᠠᠩᠬᠠᠨ ᠳ᠋ᠤᠷ ᠠᠶᠠᠯᠠᠵᠤ ᠂
ᠪᠤᠷᠬᠠᠨᠲᠤ ᠬᠠᠨ᠎ᠠ③ ᠪᠦᠬᠦᠢ ᠳ᠋ᠦ᠍ᠷ ᠬᠦᠷᠦᠭᠡᠳ ᠲᠠᠭᠤᠯᠢᠵᠦ ᠂
ᠪᠣᠰᠨᠢᠲᠠᠯᠠ ᠦᠯᠵᠡᠯᠡᠵᠦ ᠶᠠᠪᠤᠬᠤᠢ ᠤᠴᠢᠷ ᠲᠤᠷ
ᠪᠤᠰᠤ ᠣᠷᠢᠶᠠᠩᠬᠠᠨ ᠤ᠋ ᠳᠥᠷᠥᠢ ᠨᠣᠶᠠᠨ ᠭᠡᠷᠡᠪᠠᠯᠠᠳ ᠴᠢᠩᠰᠠᠩ ᠬᠣᠶᠠᠷ ᠴᠡᠷᠢᠭ ᠡᠬᠢᠯᠡᠵᠦ ᠂
ᠪᠤᠯᠬᠠᠯᠳᠤᠨ ᠪᠠᠢᠷᠯᠳᠤᠭ᠌ᠰᠡᠨ ᠳ᠋ᠦ᠍ᠷ ᠣᠷᠢᠶᠠᠩᠬᠠᠨ ᠤ᠋ ᠬᠠᠷᠬᠤᠢ ᠪᠣᠰᠲᠠᠯ᠎ᠠ ᠴᠠᠪᠴᠢᠪᠠᠢ ᠃
— — — —
①《ᠣᠷᠢᠶᠠᠩᠬᠠᠨ ᠤ᠋ 》 ᠭᠡᠰᠡᠨ ᠨᠢ 《 ᠣᠷᠢᠶᠠᠩᠬᠠᠨ》 ᠭᠡᠬᠦ ᠦᠭᠡ ᠪᠣᠯᠤᠨ᠎ᠠ ᠃
② ᠴᠠᠭᠠᠨ ᠡᠮ᠎ᠡ ᠲᠠᠤᠯᠠᠢ ᠵᠢᠯ ᠂ ᠵᠢᠶᠠ ᠵᠢᠩ ᠦ᠋ᠨ ᠠᠷᠪᠠᠳᠤᠭᠠᠷ ᠣᠨ( 1531 )᠃
③ ᠪᠤᠷᠬᠠᠲᠤ ᠠᠭᠤᠯᠠ ᠭᠡᠳᠡᠭ ᠨᠢ ᠪᠦᠭᠦᠳᠡ ᠨᠠᠢᠷᠠᠮᠳᠠᠬᠤ ᠮᠣᠩᠭᠣᠯ ᠠᠷᠠᠳ ᠤᠯᠤᠰ ᠤ᠋ᠨ ᠡᠮᠦᠨ᠎ᠡ ᠭᠣᠪᠢ ᠠᠢᠮᠠᠭ ᠤ᠋ᠨ ᠵᠡᠭᠦᠨ ᠬᠢᠵᠠᠭᠠᠷ ᠲᠤ᠌ ᠪᠠᠢᠨ᠎ᠠ ᠂ ᠣᠳᠣ ᠬᠠᠨ ᠪᠣᠭᠳᠠ ᠭᠡᠳᠡᠭ ᠃
ᠤᠷᠢᠶᠠᠩᠬᠠᠨ ᠲᠦᠮᠡᠨ ᠢ᠋ ᠤᠳᠠᠯ ᠦᠭᠡᠢ ᠵᠤᠷᠬᠠᠯ① ᠲᠡᠭᠡᠷ᠎ᠡ ᠳᠠᠷᠤᠵᠤ ᠂
ᠤᠷᠢᠳᠤ ᠴᠠᠭᠠᠨ ᠬᠡᠷᠢ ᠡᠮᠦᠨᠡᠪᠡᠨ ᠪᠠᠭᠤᠯᠭᠠᠭᠰᠠᠨ ᠂
ᠤᠢᠳᠬᠠᠷ ᠦᠬᠡᠷ ᠵᠣᠷᠢᠭ᠍ᠲᠤ ᠤᠨᠳᠤᠭᠤᠷᠠᠯ ᠦᠭᠡᠢ ᠰᠡᠳᠬᠢᠯᠲᠦ ᠂
ᠤᠯᠤᠰ ᠤ᠋ᠨ ᠡᠵᠡᠨ ᠡᠷᠳᠡᠨᠢ ᠮᠡᠷᠭᠡᠨ ᠵᠢᠨᠦᠩ ᠂ ᠠᠯᠲᠠᠨ ᠬᠠᠭᠠᠨ ᠬᠣᠶᠠᠭᠤᠯᠠ ᠠᠵᠤᠭᠤ ᠃
ᠲᠡᠷᠡ ᠪᠠᠢᠷᠢ ᠳ᠋ᠤᠷ ᠳᠥᠷᠥᠢ ᠨᠣᠶᠠᠨ ᠭᠡᠷᠡᠪᠠᠯᠠᠳ ᠴᠢᠩᠰᠠᠩ ᠡᠰᠡ ᠡᠷᠦᠰᠳᠡᠵᠦ ᠭᠠᠷᠪᠠ ᠃
ᠲᠡᠭᠦᠨ ᠦ᠌ ᠬᠣᠢᠨ᠎ᠠ ᠬᠠᠷ᠎ᠠ ᠯᠤᠤ ᠵᠢᠯ᠎ᠡ② ᠮᠡᠷᠭᠡᠨ ᠵᠢᠨᠦᠩ ᠂ ᠠᠯᠲᠠᠨ ᠬᠠᠭᠠᠨ ᠬᠣᠶᠠᠭᠤᠯᠠ
ᠲᠡᠳᠡ ᠰᠢᠩᠬᠤᠯᠠ③ ᠪᠠᠷ ᠳᠠᠪᠠᠨ ᠠᠶᠠᠯᠠᠵᠤ ᠮᠣᠷᠢᠯᠠᠭᠠᠳ ᠂
— — — —
① ᠪᠦᠭᠦᠳᠡ ᠨᠠᠢᠷᠠᠮᠳᠠᠬᠤ ᠮᠣᠩᠭᠣᠯ ᠠᠷᠠᠳ ᠤᠯᠤᠰ ᠤ᠋ᠨ ᠬᠢᠯᠢ ᠳᠣᠲᠣᠷᠠᠬᠢ ᠲᠦᠢ ᠭᠣᠣᠯ ᠪᠠ ᠳᠠᠴᠤ ᠭᠣᠣᠯ ᠤ᠋ᠨ ᠬᠣᠭᠣᠷᠣᠨᠳᠣ ᠪᠣᠢ ᠃
② ᠬᠠᠷ᠎ᠠ ᠡᠷ᠎ᠡ ᠯᠤᠤ ᠵᠢᠯ ᠂ ᠵᠢᠶᠠ ᠵᠢᠩ ᠦ᠋ᠨ ᠠᠷᠪᠠᠨ ᠨᠢᠭᠡᠳᠦᠭᠡᠷ ᠣᠨ ( 1532 ) ᠃
③ᠪᠠᠰᠠ ᠰᠢᠩᠬᠤᠷ ᠭᠡᠵᠦ ᠪᠢᠴᠢᠳᠡᠭ᠂ ᠤᠷᠠᠳ ᠤ᠋ᠨ ᠳᠤᠮᠳᠠᠳᠤ ᠬᠣᠢᠲᠤ ᠬᠣᠯᠪᠣᠭᠠᠲᠤ ᠬᠤᠰᠢᠭᠤᠨ ᠤ᠋ ᠰᠢᠩᠬᠤᠷ ᠨᠢᠭᠡᠳᠦᠯ (新忽热公社 ) ᠬᠠᠪᠢ ᠭᠠᠵᠠᠷ ᠢ᠋ ᠵᠢᠭᠠᠵᠤ ᠪᠣᠢ ᠃ ᠰᠢᠩᠬᠤᠯᠠ ᠪᠠᠷ ᠳᠠᠪᠠᠨ ᠭᠡᠰᠡᠨ ᠨᠢ ᠰᠢᠩᠬᠤᠷ ᠤ᠋ᠨ ᠨᠤᠲᠤᠭ ᠢ᠋ ᠳᠠᠭᠠᠷᠢᠵᠤ ᠬᠠᠩᠭᠠᠢ ᠠᠭᠤᠯᠠ ᠶ᠋ᠢ ᠳᠠᠪᠠᠭᠰᠠᠨ ᠢ᠋ ᠬᠡᠯᠡᠵᠦ ᠪᠣᠢ ᠃
ᠳᠠᠷᠤᠢ ᠳ᠋ᠤᠷ ᠪᠤᠬ᠎ᠠ ᠶ᠋ᠢᠨ ᠭᠣᠣᠯ ① ᠤ᠋ᠨ ᠪᠣᠭᠣᠮ ᠪᠠᠭᠤᠭᠰᠠᠨ ᠴᠠᠭ ᠲᠤᠷ
ᠥᠰᠢᠶ᠎ᠡ ᠲᠦ ᠤᠢᠭᠤᠳ ᠤ᠋ᠨ ᠪᠤᠷᠠᠬᠠᠢ ᠲᠠᠢᠰᠢ② ᠠᠷᠭᠠᠯᠠᠵᠤ ᠂
ᠥᠬᠢᠨ ᠢ᠋ᠶ᠋ᠡᠨ ᠮᠡᠷᠭᠡᠨ ᠵᠢᠨᠦᠩ ᠳ᠋ᠦ᠍ ᠬᠠᠲᠤᠨ ᠡᠷᠭᠦᠭᠡᠳ ᠪᠤᠷᠤᠭᠤᠳᠴᠤ ᠣᠳᠪᠠᠢ ᠃
ᠤᠯᠠᠮ ᠲᠡᠷᠡ ᠠᠶᠠᠨ ᠳ᠋ᠤᠷ ᠠᠯᠲᠠᠨ ᠬᠠᠭᠠᠨ ᠬᠣᠷᠢᠨ ᠤᠶᠠᠲᠠᠢ ᠲᠡᠷᠢᠭᠦᠲᠡᠨ ᠂
ᠤᠭᠤᠷᠴᠠᠭ③ ᠪᠦᠯᠦᠭ ᠢᠷᠭᠡᠨ ᠢ᠋ ᠣᠷᠣᠭᠤᠯᠵᠤ ᠠᠪᠤᠭᠰᠠᠨ ᠠᠵᠤᠭᠤ ᠃
ᠬᠠᠷ᠎ᠠ ᠮᠣᠭᠠᠢ ᠵᠢᠯ᠎ᠡ④ ᠮᠡᠷᠭᠡᠨ ᠵᠢᠨᠦᠩ᠂ ᠠᠯᠲᠠᠨ ᠬᠠᠭᠠᠨ ᠬᠣᠶᠠᠭᠤᠯᠠ
ᠬᠠᠩᠭᠠᠢ ᠬᠠᠨ ᠤ᠋ ⑤ ᠳᠠᠪᠠᠨ ᠠᠶᠠᠯᠠᠵᠤ ᠤᠷᠢᠶᠠᠩᠬᠠᠢ ᠶ᠋ᠢ ᠳᠠᠭᠤᠯᠢᠭᠠᠳ
ᠭᠠᠢᠬᠠᠮᠱᠢᠭ᠍ᠲᠤ ᠪᠠᠶᠠᠰᠬᠤᠯᠠᠩ ᠳ᠋ᠤ᠌ ᠢ᠋᠎ᠡ ᠣᠯᠵᠠ ᠣᠯᠵᠤ ᠡᠰᠡᠨ ᠲᠦᠭᠡᠯ ᠬᠠᠷᠢᠵᠤ ᠮᠥᠨ ᠮᠣᠭᠠᠢ ᠵᠢᠯ ᠪᠠᠭᠤᠭᠰᠠᠨ ᠠᠵᠤᠭᠤ ᠃
— — — —
① ᠬᠥᠬᠡᠨᠠᠭᠤᠷ ᠮᠣᠵᠢ ᠶ᠋ᠢᠨ ᠤᠮᠠᠷ᠎ᠠ ᠳ᠋ᠠᠬᠢ ᠱᠣᠯ ᠠᠭᠤᠯᠠ (疏勒山 ) ᠶ᠋ᠢᠨ ᠪᠠᠯᠠᠴᠠ ᠡᠬᠢ ᠠᠪᠴᠤ ᠵᠡᠭᠦᠨ ᠡᠮᠦᠨᠡᠰᠢ ᠤᠷᠤᠰᠤᠨ ᠬᠥᠬᠡᠨᠠᠭᠤᠷ ᠲᠤ᠌ ᠴᠢᠳᠬᠤᠳᠠᠭ ᠃
② ᠪᠣᠷᠬᠠᠢ ᠲᠠᠢᠰᠢ ᠪᠣᠯ ᠵᠧᠩ ᠳᠧ ᠶ᠋ᠢᠨ ᠳᠥᠲᠥᠭᠡᠷ ᠣᠨ ( 1509 ) ᠳ᠋ᠦ᠍ ᠳᠠᠶᠤᠨ ᠬᠠᠭᠠᠨ ᠢᠪᠠᠷᠠᠢ ᠶ᠋ᠢ ᠳᠠᠢᠯᠠᠬᠤ ᠦᠶ᠎ᠡ ᠳ᠋ᠦ᠍ ᠢᠪᠠᠷᠠᠢ ᠯᠤᠭ᠎ᠠ ᠨᠡᠢᠯᠡᠯᠳᠦᠨ ᠪᠠᠷᠠᠭᠤᠨᠰᠢ ᠵᠢᠭᠤᠲᠠᠵᠤ ᠬᠥᠬᠡᠨᠠᠭᠤᠷ ᠲᠤ᠌ ᠨᠤᠲᠤᠭᠯᠠᠵᠤ ᠰᠠᠭᠤᠭᠰᠠᠨ ᠪᠢᠯᠡ ᠃
③ᠭᠣᠣᠯ ᠠᠢᠮᠠᠭ ᠠ᠋ᠴᠠᠭᠠᠨ ᠣᠷᠬᠢᠭᠳᠠᠨ ᠰᠠᠷᠨᠢᠭᠰᠠᠨ ᠢᠷᠭᠡᠨ ᠢ᠋ ᠬᠡᠯᠡᠨ᠎ᠡ ᠃
④ᠬᠠᠷ᠎ᠠ ᠡᠮ᠎ᠡ ᠮᠣᠭᠠᠢ ᠵᠢᠯ ᠂ ᠵᠢᠶᠠ ᠵᠢᠩ ᠵᠠ ᠠᠷᠪᠠᠨ ᠬᠣᠶᠠᠳᠤᠭᠠᠷ ᠣᠨ ( 1533 ) ᠃
⑤《 ᠬᠠᠩᠭᠠᠢ ᠬᠠᠨ ᠤ᠋ 》 ᠭᠡᠳᠡᠭ ᠨᠢ 《 ᠬᠠᠩᠭᠠᠢ ᠬᠠᠨ ᠢ᠋ 》 ᠭᠡᠰᠡᠨ ᠦᠭᠡ᠃ ᠡᠨᠡ ᠬᠦ᠌ ᠬᠠᠩᠭᠠᠢ ᠬᠠᠨ ᠪᠣᠯ ᠮᠤᠨᠢ ᠠᠭᠤᠯᠠ (阴山 ) ᠶ᠋ᠢᠨ ᠪᠠᠷᠠᠭᠤᠨ ᠬᠡᠰᠡᠭ ᠦ᠋ᠨ ᠮᠣᠩᠭᠣᠯ ᠨᠡᠷ᠎ᠡ ᠪᠣᠯᠤᠨ᠎ᠠ ᠃ ᠭᠠᠨᠰᠦ ᠮᠣᠵᠢ ᠶ᠋ᠢᠨ ᠡᠦᠲᠦ ᠶ᠋ᠢᠨ ᠭᠠᠵᠠᠷ ᠤ᠋ᠨ ᠵᠢᠷᠤᠭ ᠲᠤ᠌ ᠮᠤᠨᠢ ᠠᠭᠤᠯᠠ ᠶ᠋ᠢᠨ ᠪᠠᠷᠠᠭᠤᠨ ᠬᠡᠰᠡᠭ ᠊ᠢ ᠮᠥᠨ ᠬᠦ᠌ ᠬᠠᠩᠭᠠᠷ ᠠᠭᠤᠯᠠ ᠶ᠋ᠢᠨ ᠨᠢᠷᠤᠭᠤ ᠨᠡᠷᠡᠯᠡᠵᠦ ᠪᠣᠢ ᠃ᠮᠤᠨᠢ ᠠᠭᠤᠯᠠ ᠶ᠋ᠢᠨ ᠪᠠᠷᠠᠭᠤᠨ ᠬᠡᠰᠡᠭ ᠦ᠋ᠳ ᠲᠦ᠍ ᠬᠠᠩᠭᠠᠢ ᠬᠡᠮᠡᠬᠦ ᠨᠡᠷ᠎ᠡ ᠲᠡᠢ ᠭᠠᠵᠠᠷ ᠤ᠋ᠳ ᠣᠯᠠᠨ ᠪᠣᠢ ᠃ ᠤᠷᠠᠳ ᠤ᠋ᠨ ᠳᠤᠮᠳᠠᠳᠤ ᠬᠣᠢᠲᠤ ᠬᠣᠯᠪᠣᠭᠠᠲᠤ ᠬᠤᠰᠢᠭᠤᠨ ᠳ᠋ᠤ᠌ ᠬᠠᠩᠭᠠᠢ ᠭᠣᠪᠢ ᠨᠢᠭᠡᠳᠦᠯ ᠂ ᠬᠠᠩᠭᠠᠢ ᠭᠣᠪᠢ ᠮᠠᠯᠵᠢᠯ ᠤ᠋ᠨ ᠲᠠᠯᠠᠪᠠᠢ ᠂ ᠪᠠᠶᠠᠨ ᠬᠠᠩᠭᠠᠢ ᠨᠢᠭᠡᠳᠦᠯ ᠭᠡᠵᠦ ᠪᠠᠢᠳᠠᠭ ᠃ ᠡᠨᠡ ᠪᠣᠯ ᠮᠤᠨᠢ ᠠᠭᠤᠯᠠ ᠶ᠋ᠢᠨ ᠪᠠᠷᠠᠭᠤᠨ ᠬᠡᠰᠡᠭ ᠦ᠋ᠨ ᠨᠢᠷᠤᠭᠤ ᠨᠤᠭᠤᠳ ᠢ᠋ ᠬᠠᠩᠭᠠᠢ ᠬᠠᠨ ᠭᠡᠵᠦ ᠨᠡᠷᠡᠢᠳᠴᠦ ᠪᠠᠢᠭᠰᠠᠨ ᠲᠡᠦᠬᠡ ᠶ᠋ᠢᠨ ᠤᠯᠠ ᠮᠥᠷ ᠪᠢᠯᠡ ᠃
ᠳᠠᠷᠤᠢ ᠳ᠋ᠤᠷ ᠪᠠᠭᠤᠭᠠᠳ ᠰᠡᠴᠡ ᠮᠣᠭᠠᠢ ᠵᠢᠯ ᠳ᠋ᠦ᠍ᠷ ᠬᠢᠲᠠᠳ ᠤ᠋ᠨ
ᠳᠠᠢᠳᠤ ᠳᠠᠢᠲᠤᠩ ᠬᠣᠶᠠᠷ ᠥᠪᠡᠷ ᠵᠠᠭᠤᠷ᠎ᠠ ᠪᠠᠨ ᠡᠪᠳᠡᠷᠡᠯᠳᠦᠵᠦ ᠂ ①
ᠲᠠᠢᠮᠢᠩ ᠬᠠᠭᠠᠨ② ᠤ᠋ ᠶᠡᠬᠡ ᠴᠡᠷᠢᠭ ᠣᠯᠠᠨ ᠢ᠋ᠶ᠋ᠠᠷ ᠢᠷᠡᠵᠦ ᠂
ᠳᠠᠢᠲᠤᠩ ᠬᠤᠳᠠᠢ ᠶ᠋ᠢ ᠡᠭᠡᠷᠡᠵᠦ ᠪᠠᠢᠬᠤ ᠶ᠋ᠢ ᠶ᠋ᠢ ᠰᠣᠨᠣᠰᠤᠭᠠᠳ ᠰᠡᠴᠡ ᠂
— — — —
① ᠳᠠᠢᠳᠤ (大都 ) ᠭᠡᠳᠡᠭ ᠨᠢ ᠣᠳᠣ ᠶ᠋ᠢᠨ ᠪᠡᠭᠡᠵᠢᠩ ᠂ ᠳᠠᠢᠲᠤᠩ ᠭᠡᠳᠡᠭ ᠨᠢ ᠣᠳᠣ ᠶ᠋ᠢᠨ ᠳᠠ ᠲᠦᠩ (大同 ) ᠢ᠋ ᠲᠤᠰ ᠲᠤᠰ ᠬᠡᠯᠡᠵᠦ ᠪᠠᠢᠨ᠎ᠠ ᠃ ᠳᠠᠢᠳᠤ ᠳᠠᠢᠲᠤᠩ ᠬᠣᠶᠠᠷ ᠥᠪᠡᠷ ᠵᠠᠭᠤᠷ᠎ᠠ ᠪᠠᠨ ᠡᠪᠳᠡᠷᠡᠯᠳᠦᠯᠡ ᠭᠡᠭᠴᠢ ᠵᠢᠶᠠ ᠵᠢᠩ ᠦ᠋ᠨ ᠠᠷᠪᠠᠨ ᠬᠣᠶᠠᠳᠤᠭᠠᠷ ᠣᠨ (1533 ) ᠣᠨ ᠤ᠋ ᠠᠷᠪᠠᠳᠤᠭᠠᠷ ᠰᠠᠷ᠎ᠠ ᠳ᠋ᠤ᠌ ᠪᠣᠯᠤᠭᠰᠠᠨ ᠳᠠ ᠲᠦᠩ ᠦ᠋ᠨ ᠴᠡᠷᠢᠭ ᠦ᠋ᠨ ᠬᠤᠪᠢᠰᠤᠯ ᠢ᠋ ᠬᠡᠯᠡᠵᠦ ᠪᠠᠢᠨ᠎ᠠ ᠃《 ᠮᠢᠩ ᠱᠢ ᠵᠢᠢ ᠱᠢ ᠪᠸᠨ ᠮᠦᠸᠧ 》 (明史纪事本末 ) ᠭᠡᠬᠦ ᠪᠢᠴᠢᠭ ᠲᠡᠬᠢ《ᠳᠠ ᠲᠦᠩ ᠦ᠋ᠨ ᠤᠷᠪᠠᠭᠰᠠᠨ ᠴᠡᠷᠢᠭ 》 ᠭᠡᠬᠦ ᠪᠦᠯᠦᠭ ᠲᠦ᠍ ᠲᠡᠮᠳᠡᠭᠡᠯᠡᠭᠰᠡᠨ ᠨᠢ ᠄ 《 ᠠᠩᠬᠠᠨ ᠳ᠋ᠤᠷ ᠂ᠳᠠ ᠲᠦᠩ ᠦ᠋ᠨ ᠤᠷᠪᠠᠭᠰᠠᠨ ᠴᠡᠷᠢᠭ ᠬᠣᠲᠠᠨ ᠤ᠋ ᠳᠣᠲᠣᠷᠠᠬᠢ ᠶ᠋ᠢ ᠢᠨᠤ ᠶᠡᠬᠡᠪᠡᠷ ᠪᠤᠯᠢᠶᠠᠨ ᠳᠡᠭᠡᠷᠡᠮᠳᠡᠵᠦ ᠭᠣᠪᠢ ᠶ᠋ᠢᠨ ᠠᠷᠤ ᠳ᠋ᠤᠷ ᠵᠢᠭᠤᠲᠠᠨ ᠭᠠᠷᠤᠭᠠᠳ ᠰᠢᠶᠣᠤ ᠸᠠᠩ ᠽᠢ (小王子 ) ᠶ᠋ᠢᠨ ᠬᠡᠳᠦᠨ ᠲᠦᠮᠡᠨ ᠴᠡᠷᠢᠭ ᠢ᠋ ᠥᠳᠥᠭᠡᠵᠦ ᠵᠡᠬ᠎ᠡ ᠬᠡᠮᠵᠢᠶ᠎ᠡ ᠪᠡᠷ ᠳᠡᠭᠡᠷᠡᠮᠳᠡᠨ ᠣᠷᠣᠯᠤᠭᠠ ᠃ ᠴᠣᠢ ᠶᠦᠩ ( 谷永 ) ᠴᠡᠷᠢᠭ ᠢ᠋ᠶ᠋ᠡᠨ ᠳᠠᠢᠴᠢᠯᠠᠨ ᠲᠣᠰᠣᠨ ᠲᠤᠯᠤᠯᠳᠤᠭᠰᠠᠨ ᠴᠤ᠌ ᠮᠥᠨ ᠲᠤᠰᠠ ᠪᠣᠯᠤᠭᠰᠠᠨ ᠦᠭᠡᠢ ᠂ ᠠᠯᠠᠭᠳᠠᠨ ᠰᠢᠷᠠᠭᠳᠤᠭᠰᠠᠳ ᠮᠠᠰᠢ ᠣᠯᠠᠨ ᠪᠣᠯᠵᠤᠬᠤᠢ 》 ᠭᠡᠵᠡᠢ ᠃ ᠠᠳᠠ ᠥᠭᠦᠯᠡᠵᠦ ᠪᠠᠢᠭ᠎ᠠ ᠰᠢᠶᠣᠤ ᠸᠠᠩ ᠽᠢ ᠬᠡᠭᠵᠢ ᠨᠢ ᠪᠣᠳᠢ ᠠᠯᠠᠭ ᠬᠠᠭᠠᠨ ᠢ᠋ ᠵᠢᠭᠠᠵᠤ ᠪᠣᠢ ᠡᠭᠦᠨᠴᠡ ᠮᠡᠳᠡᠵᠦ ᠪᠣᠯᠬᠤ ᠨᠢ ᠂ ᠮᠡᠷᠭᠡᠨ ᠵᠢᠨᠦᠩ ᠪᠠ ᠠᠯᠲᠠᠨ ᠬᠠᠭᠠᠨ ᠬᠣᠶᠠᠭᠤᠯᠠ ᠳᠠ ᠲᠦᠩ ᠦ᠋ᠨ ᠴᠡᠷᠢᠭ ᠦ᠋ᠨ ᠬᠤᠪᠢᠰᠤᠯ ᠳ᠋ᠤ᠌ ᠭᠠᠷ ᠲᠥᠷᠥᠬᠦ ᠦᠶ᠎ᠡ ᠪᠣᠳᠢ ᠠᠯᠠᠨ ᠬᠠᠭᠠᠨ ᠯᠤᠭ᠎ᠠ ᠬᠣᠯᠪᠣᠭᠠᠯᠠᠨ ᠬᠥᠳᠡᠯᠦᠭᠰᠡᠨ ᠪᠠᠢᠵᠠᠢ ᠃
② ᠲᠠᠢᠮᠢᠩ ᠤᠯᠤᠰ ᠤ᠋ᠨ ᠵᠢᠶᠠ ᠵᠢᠩ ( 嘉靖 ) ᠬᠠᠭᠠᠨ ᠃
ᠨᠠᠷᠮᠠᠢ ᠶᠡᠬᠡ ᠤᠯᠤᠰ ᠢ᠋ᠶ᠋ᠠᠨ ᠴᠡᠷᠢᠭ ᠠᠪᠤᠭᠠᠳ ᠪᠠᠰᠠ ᠬᠦ᠌ ᠂
ᠨᠠᠩᠭᠢᠶᠠᠳ ᠤᠯᠤᠰ ᠲᠤᠷ ᠮᠡᠷᠭᠡᠨ ᠵᠢᠨᠦᠩ ᠂ ᠠᠯᠲᠠᠨ ᠬᠠᠭᠠᠨ ᠬᠣᠶᠠᠭᠤᠯᠠ ᠮᠣᠷᠳᠠᠵᠤ ᠂
ᠨᠡᠩᠳᠡᠵᠦ ᠳᠠᠢᠳᠤ ᠶ᠋ᠢᠨ ᠴᠡᠷᠢᠭ ᠢ᠋ ᠳᠠᠷᠤᠵᠤ ᠬᠥᠭᠡᠭᠡᠵᠦ ᠣᠷᠬᠢᠭᠠᠳ ᠂
ᠨᠡᠢᠰᠡᠵᠦ ᠲᠠᠢᠳᠤᠩ ᠬᠣᠲᠠ ᠠ᠋ᠴᠠ ᠰᠠᠩ ᠲᠠᠲᠠᠯᠭ᠎ᠠ ① ᠠᠪᠴᠤ ᠪᠠᠭᠤᠭᠰᠠᠨ ᠠᠵᠤᠭᠤ ᠃
ᠬᠥᠬᠡ ᠮᠣᠷᠢᠨ ᠵᠢᠯ᠎ᠡ ② ᠲᠡᠭᠦᠨᠦ ᠬᠣᠢᠨ᠎ᠠ ᠮᠡᠷᠭᠡᠨ ᠵᠢᠨᠦᠩ ᠂ ᠠᠯᠲᠠᠨ ᠬᠠᠭᠠᠨ ᠬᠣᠶᠠᠭᠤᠯᠠ ᠂
— — — —
①ᠰᠠᠩ ᠭᠡᠳᠡᠭ ᠨᠢ ᠬᠢᠲᠠᠳ ᠤ᠋ᠨ仓 ᠭᠡᠬᠦ ᠦᠭᠡ ᠡᠴᠡ ᠢᠷᠡᠵᠡᠢ ᠃ ᠤᠭ ᠤᠳᠬ᠎ᠠ ᠨᠢ ᠠᠮᠤ ᠪᠤᠳᠠᠭ᠎ᠠ ᠬᠠᠳᠠᠭᠠᠯᠠᠬᠤ ᠭᠠᠵᠠᠷ ᠢ᠋ ᠬᠡᠯᠡᠨ᠎ᠡ ᠃ ᠬᠣᠵᠢᠮ ᠨᠢ ᠲᠠᠷᠢᠶᠠᠨ ᠤ᠋ ᠲᠦᠷᠢᠶᠡᠰᠦ ᠭᠡᠬᠦ ᠤᠳᠬ᠎ᠠ ᠲᠠᠢ ᠪᠣᠯᠵᠠᠢ ᠃ ᠲᠠᠲᠠᠯᠭ᠎ᠠ ᠭᠡᠳᠡᠭ ᠨᠢ ᠬᠠᠷᠢ ᠭᠠᠵᠠᠷᠠᠴᠠ ᠠᠪᠬᠤ ᠠᠯᠪᠠ ᠲᠠᠲᠠᠪᠤᠷᠢ ᠶ᠋ᠢ ᠬᠡᠯᠡᠨ᠎ᠡ ᠃ ᠠᠯᠲᠠᠨ ᠬᠠᠭᠠᠨ ᠤ᠋ ᠦᠶ᠎ᠡ ᠳ᠋ᠦ᠍ ᠲᠠ ᠲᠦᠩᠡᠴᠡ ᠠᠯᠪᠠ ᠲᠠᠲᠠᠪᠤᠷᠢ ᠠᠪᠴᠤ ᠪᠠᠢᠯ᠎ᠠ ᠭᠡᠰᠡᠨ ᠨᠢ ᠳᠡᠮᠡᠢ ᠬᠣᠭᠣᠰᠣᠨ ᠦᠭᠡ ᠪᠢᠰᠢ ᠭᠡᠰᠡᠨ ᠢ᠋ ᠬᠢᠲᠠᠳ ᠪᠢᠴᠢᠭ ᠲᠦ᠍ ᠪᠠᠢᠭ᠎ᠠ ᠲᠡᠮᠳᠡᠭᠯᠡᠯ ᠡᠴᠡ ᠮᠡᠳᠡᠵᠦ ᠪᠣᠯᠤᠨ᠎ᠠ ᠃ ᠵᠢᠱ᠌ᠢᠶᠡᠯᠡᠪᠡᠯ ᠂ ᠲᠠᠢᠪᠤᠰᠧ ᠲᠦᠰᠢᠮᠡᠯ ᠸᠧᠢ ᠱᠢ ᠯᠢᠶᠠᠩ ( 太仆寺卿魏时亮 ) 《 题为圣明加意防恭陈大计一十八议疏》ᠭᠡᠬᠦ ᠪᠢᠴᠢᠭ ᠲᠡᠭᠡᠨ ᠥᠭᠦᠯᠡᠭᠰᠡᠨ ᠨᠢ ᠄ 《 ᠳᠠ ᠲᠦᠩ ᠦ᠋ᠨ ᠬᠢᠵᠠᠭᠠᠷ ᠤ᠋ᠨ ᠭᠠᠳᠠᠨ᠎ᠠ ᠮᠣᠩᠭᠣᠯ ᠡᠰᠡ ᠢᠷᠡᠬᠦ ᠴᠠᠭ ᠭᠡᠮᠡᠨ ᠦᠭᠡᠢ ᠃ ᠳ᠋ᠠ ᠲᠦᠩ ᠦ᠋ᠨ ᠣᠯᠠᠨ ᠴᠠᠢᠵᠠ ᠮᠣᠩᠭᠣᠯ ᠳ᠋ᠤᠷ ᠰᠠᠷ᠎ᠠ ᠶ᠋ᠢᠨ ᠵᠣᠭᠣᠰ ᠲᠤᠰᠢᠶᠠᠮᠤᠢ ᠂ ᠡᠰᠡ ᠲᠤᠰᠢᠶᠠᠭᠴᠢᠳ ᠪᠣᠢ ᠠᠪᠠᠰᠤ ᠮᠣᠩᠭᠣᠯ ᠲᠡᠷᠡ ᠳᠠᠷᠤᠢ ᠳ᠋ᠤᠷ ᠠᠯᠪᠠᠲᠠᠨ ᠨᠡᠬᠡᠮᠵᠢᠯᠡᠵᠦ ᠲᠤᠰᠢᠶᠠᠯᠭᠠᠮᠤᠢ ᠬᠡᠮᠡᠮᠦ ᠂ ᠦᠨᠡᠨ ᠮᠠᠭᠠᠳ ᠢ᠋ ᠡᠰᠡ ᠮᠡᠳᠡᠮᠦᠢ ᠃ ᠬᠡᠷᠪᠡ ᠦᠨᠡᠨ ᠠᠪᠠᠰᠤ ᠡᠨᠡ ᠬᠠᠷᠢᠨ ᠴᠤ᠌ ᠳᠠ ᠲᠦᠩ ᠦ᠋ᠨ ᠭᠠᠵᠠᠷ ᠰᠢᠷᠣᠢ ᠪᠠ ᠠᠷᠠᠳ ᠢᠷᠭᠡᠳ ᠮᠣᠩᠭᠣᠯᠴᠤᠳ ᠤ᠋ᠨ ᠤᠭᠤᠲᠠᠨ ᠤ᠋ ᠳᠣᠲᠣᠷᠠᠬᠢ ᠡᠳ᠋ ᠪᠣᠯᠵᠤᠬᠤᠢ 》 ᠭᠡᠵᠡᠢ ᠃ ᠰᠢᠦᠸᠠᠨ ᠲᠠ (宣大 ) ᠶ᠋ᠢᠨ ᠶᠡᠷᠦᠩᠬᠡᠢ ᠵᠠᠬᠢᠷᠤᠭᠴᠢ ᠸᠠᠩ ᠴᠥᠩ ᠭᠦ (王崇古) ᠴᠦ᠍ ᠡᠢᠮᠦ ᠤᠴᠢᠷ ᠪᠣᠢ ᠭᠡᠵᠦ ᠭᠡᠷᠡᠴᠢᠯᠡᠭᠰᠡᠨ ᠵᠦᠢᠯ ᠪᠣᠢ ᠃ ᠲᠡᠷᠡ 《 禁通酌边哨以惩夙玩疏》 ᠭᠡᠬᠦ ᠠᠢᠯᠠᠳᠬᠠᠯ ᠪᠢᠴᠢᠭ ᠲᠡᠭᠡᠨ᠄ 《 ᠳᠠ ᠲᠦᠩ ᠦ᠋ᠨ ᠡᠯ᠎ᠡ ᠵᠠᠮ ᠪᠣᠯᠪᠠᠰᠤ ᠮᠣᠩᠭᠣᠯ ᠯᠤᠭ᠎ᠠ ᠣᠢᠷ᠎ᠠ ᠪᠠᠢᠬᠤ ᠪᠥᠯᠥᠭᠡ ᠃ ᠲᠡᠨᠳᠡᠬᠢ ᠨᠣᠶᠠᠳ ᠪᠠ ᠴᠡᠷᠢᠭ ᠦ᠋ᠳ ᠤᠭᠠᠴᠠ ᠦᠬᠦᠭᠡᠨᠴᠡ ᠳᠣᠷᠣᠢ ᠶ᠋ᠢᠨ ᠲᠤᠯᠠ ᠬᠠᠰᠢ ᠶᠠᠰᠢ ᠠᠮᠢᠳᠤᠷᠠᠬᠤ ᠪᠠᠨ ᠪᠣᠳᠣᠵᠤ ᠂ ᠲᠡᠳᠡᠭᠡᠷ ᠬᠣᠪᠳᠣᠭ ᠮᠣᠩᠭᠣᠯ ᠤ᠋ᠨ ᠨᠣᠶᠠᠳ ᠲᠤᠷ ᠬᠡᠭᠡᠯᠢ ᠲᠦᠯᠬᠢᠨ ᠡᠶᠡᠳᠡᠬᠦ ᠪᠠᠢᠳᠠᠯ ᠢ᠋ ᠣᠯᠰᠤᠭᠠᠢ ᠭᠡᠮᠡᠨ ᠬᠠᠷᠢᠶ᠎ᠠ ᠶ᠋ᠢᠨ ᠡᠯ᠎ᠡ ᠴᠠᠢᠵᠠ ᠠ᠋ᠴᠠ ᠪᠠᠨ ᠰᠠᠷ᠎ᠠ ᠶ᠋ᠢᠨ ᠵᠣᠭᠣᠰ ᠭᠡᠮᠡᠨ ᠠᠪᠬᠤ ᠪᠣᠯᠵᠤᠬᠤᠢ 》 ᠭᠡᠵᠡᠢ ᠃
② ᠬᠥᠬᠡ ᠡᠷ᠎ᠡ ᠮᠣᠷᠢᠨ ᠵᠢᠯ ᠂ ᠵᠢᠶᠠ ᠵᠢᠩ ᠦ᠋ᠨ ᠠᠷᠪᠠᠨ ᠭᠤᠷᠪᠠᠳᠤᠭᠠᠷ ᠣᠨ (1534 ᠣᠨ ) ᠃
ᠬᠥᠳᠡᠯᠭᠦᠢ ᠶᠡᠬᠡ ᠴᠡᠷᠢᠭ ᠢ᠋ᠶ᠋ᠡᠨ ᠠᠪᠴᠤ ᠰᠢᠩᠬᠤᠯᠠ ᠪᠠᠷ ᠳᠠᠪᠠᠨ ᠠᠶᠠᠯᠠᠵᠤ ᠂
ᠬᠥᠬᠡ ᠨᠠᠭᠤᠷ ᠤ᠋ᠨ ᠭᠤᠷᠪᠠᠯᠵᠢᠨ ᠨᠡᠷᠡᠲᠦ ᠭᠠᠵᠠᠷ᠎ᠠ ① ᠣᠢᠭᠤᠳ ᠢ᠋ ᠳᠠᠢᠯᠠᠵᠤ ᠂
ᠭᠦᠷᠵᠢᠮᠳᠠᠶᠠ ᠬᠥᠬᠡ ᠬᠣᠨᠢᠨ ᠵᠢᠯ᠎ᠡ ②ᠡᠰᠡᠨ ᠲᠦᠭᠡᠯ ᠪᠠᠭᠤᠭᠰᠠᠨ ᠠᠵᠤᠭᠤ ᠃
ᠲᠡᠭᠦᠨ ᠦ᠌ ᠬᠣᠢᠨ᠎ᠠ ᠤᠯᠠᠭᠠᠨ ᠪᠡᠴᠢᠨ ᠵᠢᠯ᠎ᠡ ③ ᠮᠡᠷᠭᠡᠨ ᠵᠢᠨᠦᠩ ᠂ ᠠᠯᠲᠠᠨ ᠬᠠᠭᠠᠨ ᠬᠣᠶᠠᠭᠤᠯᠠ ᠂
ᠲᠡᠳᠦᠢ ᠪᠠᠰᠠ ᠬᠢᠲᠠᠳ ᠢᠷᠭᠡᠨ ᠳ᠋ᠦ᠍ᠷ ᠠᠶᠠᠯᠠᠵᠤ ᠢᠷᠭᠠᠢ ᠬᠣᠲᠠ④ ᠶ᠋ᠢ ᠬᠤᠷᠢᠶᠠᠵᠤ ᠪᠠᠢᠬᠤᠢ ᠳ᠋ᠤᠷ ᠂
— — — —
①ᠬᠢᠲᠠᠳ ᠢ᠋ᠶ᠋ᠠᠷ三角城 ᠭᠡᠨ᠎ᠡ ᠃ ᠡᠳᠦᠭᠡ ᠶ᠋ᠢᠨ ᠬᠥᠬᠡᠨᠠᠭᠤᠷ ᠮᠣᠵᠢ ᠶ᠋ᠢᠨ ᠬᠠᠢ ᠶᠠᠨ ᠰᠢᠶᠠᠨ(海宴县) ᠤ᠋ ᠠᠷᠠᠳ ᠤ᠋ᠨ ᠵᠠᠰᠠᠭ ᠤ᠋ᠨ ᠣᠷᠳᠣᠨ ᠪᠠᠢᠭ᠎ᠠ ᠭᠠᠵᠠᠷ ᠪᠣᠯᠤᠨ᠎ᠠ ᠃ ᠵᠢᠶᠠ ᠵᠢᠩ ᠦ᠋ᠨ ᠠᠷᠪᠠᠨ ᠲᠠᠪᠤᠳᠤᠭᠠᠷ ᠣᠨ ᠤ᠋ ᠴᠠᠭᠠᠨ ᠰᠠᠷ᠎ᠠ ᠳ᠋ᠤ᠌ ᠂ ᠱᠠᠨᠰᠢ (陕西) ᠶ᠋ᠢᠨ ᠭᠤᠷᠪᠠᠨ ᠬᠢᠵᠠᠭᠠᠷ ᠤ᠋ᠨ ᠶᠡᠷᠦᠩᠬᠡᠢ ᠵᠠᠬᠢᠷᠤᠭᠴᠢ ᠡᠷᠬᠢᠯᠡᠭᠰᠡᠨ ᠰᠠᠢᠳ ᠳᠠᠩ ᠯᠦᠩ (唐龙 ) ᠭᠡᠭᠴᠢ ᠢᠨᠦ ᠮᠡᠷᠭᠡᠨ ᠵᠢᠨᠦᠩ ᠂ ᠠᠯᠲᠠᠨ ᠬᠠᠭᠠᠨ ᠲᠠᠨ ᠤ᠋ ᠡᠨᠡ ᠤᠳᠠᠭ᠎ᠠ ᠶ᠋ᠢᠨ ᠪᠠᠷᠠᠭᠤᠨᠰᠢ ᠳᠠᠢᠯᠠᠭᠰᠠᠨ ᠲᠡᠢᠨ ᠦ᠌ ᠲᠤᠬᠠᠢ ᠡᠷᠭᠢᠴᠡᠭᠦᠯᠦᠨ ᠶᠠᠷᠢᠬᠤ ᠳ᠋ᠠᠭᠠᠨ ᠄ 《 ᠮᠣᠩᠭᠣᠯ ᠤ᠋ᠨ ᠲᠦᠷᠦᠭᠦᠦ ᠵᠢᠨᠦᠩ ᠨᠠᠷ ᠁ ᠁ ᠲᠠᠪᠤᠨ ᠲᠦᠮᠡᠨ ᠮᠣᠷᠢᠲᠠᠨ ᠢ᠋ ᠰᠠᠯᠭᠠᠨ ᠶᠠᠪᠤᠭᠤᠯᠵᠤ ᠳᠠᠬᠢ ᠶ᠋ᠢᠨ ᠬᠡᠭᠡᠷ᠎ᠡ (野马川) ᠪᠡᠷ ᠭᠣᠣᠯ ᠭᠡᠲᠦᠯᠦᠭᠡᠳ ᠰᠢᠭᠤᠳ ᠬᠥᠬᠡ ᠨᠠᠭᠤᠷ ᠲᠤᠷ ᠣᠷᠣᠵᠤ ᠂ ᠢᠪᠠᠷᠠᠢ ᠶ᠋ᠢᠨ ᠴᠡᠷᠢᠭ ᠢ᠋ ᠳᠠᠭᠠᠷᠢᠨ ᠡᠪᠳᠡᠵᠦ ᠲᠡᠭᠦᠨ ᠦ᠌ ᠠᠢᠮᠠᠭ ᠤ᠋ᠨ ᠶᠡᠬᠡ ᠬᠠᠭᠠᠰ ᠢ᠋ ᠠᠨᠤ ᠬᠣᠷᠢᠶᠠᠨ ᠠᠪᠤᠭᠰᠠᠨ ᠳ᠋ᠤ᠌ ᠭᠠᠭᠴᠠ ᠬᠦ᠌ ᠪᠤᠷᠠᠬᠠᠢ ᠶ᠋ᠢᠨ ᠳᠠᠢᠴᠢᠯᠠᠭᠰᠠᠨ ᠦᠯᠡᠭᠰᠡᠳ ᠮᠢᠨᠦ ᠳᠠᠢᠵᠢᠨ ᠶᠠᠪᠤᠵᠤᠬᠤᠢ ᠃ ᠡᠨᠡ ᠦᠨᠡᠬᠡᠷ ᠬᠠᠷᠢ ᠪᠠᠷ ᠬᠠᠷᠢ ᠶ᠋ᠢ ᠴᠣᠬᠢᠭᠤᠯᠤᠭᠰᠠᠨ ᠳᠤᠮᠳᠠᠳᠤ ᠤᠯᠤᠰ ᠲᠤ᠌ ᠠᠰᠢᠭᠲᠠᠢ ᠦᠢᠯᠡ ᠠᠵᠤᠭᠤ 》 ᠭᠡᠵᠡᠢ ᠃
② ᠬᠥᠬᠡ ᠡᠮ᠎ᠡ ᠬᠣᠨᠢᠨ ᠵᠢᠯ ᠂ ᠵᠢᠶᠠ ᠵᠢᠩ ᠦ᠋ᠨ ᠠᠷᠪᠠᠨ ᠳᠥᠷᠪᠡᠳᠦᠭᠡᠷ ᠣᠨ (1535 ᠣᠨ ) ᠃
③ᠤᠯᠠᠭᠠᠨ ᠡᠷ᠎ᠡ ᠪᠡᠴᠢᠨ ᠵᠢᠯ ᠂ ᠵᠢᠶᠠ ᠵᠢᠩ ᠦ᠋ᠨ ᠠᠷᠪᠠᠨ ᠲᠠᠪᠤᠳᠤᠭᠠᠷ ᠣᠨ (1536 ᠣᠨ ) ᠃
④ ᠨᠢᠩᠰᠢᠶᠠ ᠶ᠋ᠢᠨ ᠵᠠᠬᠢᠷᠭ᠎ᠠ ᠬᠣᠲᠠ ᠂ ᠣᠳᠣ ᠶ᠋ᠢᠨ ᠶᠢᠨ ᠴᠤᠸᠠᠨ (银川 ) ᠬᠣᠲᠠ ᠃ 《 ᠮᠢᠩ ᠱᠢ 》 (明史 ) ᠪᠢᠴᠢᠭ ᠲᠡᠬᠢ ᠲᠠᠲ᠋ᠠᠷ ᠤ᠋ᠨ ᠨᠠᠮᠲᠠᠷ ᠲᠤ᠌ ᠲᠡᠮᠳᠡᠭᠯᠡᠭᠰᠡᠨ ᠨᠢ ᠄ 《 ᠵᠢᠶᠠ ᠵᠢᠩ ᠦ᠋ᠨ ᠠᠷᠪᠠᠨ ᠲᠠᠪᠤᠳᠤᠭᠠᠷ ᠣᠨ ᠤ᠋ ᠵᠤᠨ᠎ᠠ ᠵᠢᠨᠦᠩ ᠢ᠋ᠶ᠋ᠡᠷ ᠠᠷᠪᠠᠨ ᠲᠦᠮᠡᠨ ᠦ᠌ ᠣᠯᠠᠨ ᠢ᠋ ᠠᠪᠴᠤ ᠠᠯᠠᠱᠠ ᠠᠭᠤᠯᠠᠨ᠎ᠠ ᠰᠠᠭᠤᠵᠤ ᠴᠡᠷᠢᠭ ᠶᠦ᠍ᠭᠡᠨ ᠬᠤᠪᠢᠶᠠᠯᠠᠨ ᠯᠢᠶᠠᠩ ᠵᠧᠦ (凉州) ᠶ᠋ᠢ ᠳᠡᠭᠡᠷᠡᠮᠳᠡᠵᠦ ᠪᠠᠢᠯᠤᠭ᠎ᠠ 》 ᠂ 《 ᠮᠥᠨ ᠪᠠᠰᠠ ᠶᠠᠨ ᠰᠦᠢ (延绥 ) ᠪᠣᠯᠤᠨ ᠨᠢᠩᠰᠢᠶᠠ ᠶ᠋ᠢᠨ ᠬᠢᠵᠠᠭᠠᠷ ᠲᠤᠷ ᠣᠷᠣᠵᠤ ᠪᠠᠢᠯᠤᠭ᠎ᠠ 》 ᠬᠡᠮᠡᠵᠦᠬᠦᠢ ᠃
ᠲᠡᠨᠳᠡ ᠬᠢᠲᠠᠳ ᠤ᠋ᠨ ᠪᠠᠢᠷᠢ ᠭᠠᠷᠴᠤ ᠵᠣᠯᠭᠠᠯᠳᠤᠭᠰᠠᠨ ᠤᠴᠢᠷ ᠲᠤᠷ ᠂
ᠲᠦᠷᠢᠳᠭᠡᠯ ᠦᠭᠡᠢ ᠳᠠᠷᠤᠵᠤ ᠪᠤᠲᠠᠷᠠᠲᠠᠯ᠎ᠠ ᠴᠠᠪᠴᠢᠭᠠᠳ ᠠᠮᠤᠭᠤᠯᠠᠩ ᠠ᠋ ᠪᠠᠭᠤᠪᠠᠢ ᠃
ᠤᠯᠠᠭᠠᠨ ᠲᠠᠬᠢᠶ᠎ᠠ ᠵᠢᠯ᠎ᠡ ① ᠲᠡᠭᠦᠨ ᠦ᠌ ᠬᠣᠢᠨ᠎ᠠ ᠠᠯᠲᠠᠨ ᠬᠠᠭᠠᠨ ᠬᠢᠲᠠᠳ ᠤ᠋ᠨ ᠳ᠋ᠤᠷ ᠠᠶᠠᠯᠠᠵᠤ ᠂
ᠣᠷᠣᠭᠠᠳ ᠨᠢᠭᠤᠴᠠ ᠬᠣᠲᠠ(②) ᠶ᠋ᠢ ᠬᠤᠷᠢᠶᠠᠵᠤ ᠪᠠᠢᠬᠤᠢ ᠳ᠋ᠤᠷ ᠂
ᠦᠯᠡᠮᠵᠢ ᠶᠡᠬᠡ ᠣᠯᠠᠨ ᠪᠠᠢᠷᠢ ᠭᠠᠷᠴᠤ ᠪᠠᠢᠯᠳᠤᠭᠰᠠᠨ ᠳ᠋ᠤᠷ ᠂
ᠦᠳᠲᠡᠷ ᠲᠥᠷᠭᠡᠨ᠎ᠡ ᠲᠡᠷᠡ ᠴᠡᠷᠢᠭ ᠢ᠋ ᠴᠠᠪᠴᠢᠭᠰᠠᠨ ᠳ᠋ᠤᠷ ᠂
ᠠᠳᠠᠯᠢᠳᠬᠠᠰᠢ ᠦᠭᠡᠢ ᠪᠣᠭᠳᠠ ᠬᠠᠭᠠᠨ ᠤ᠋ ᠨᠥᠬᠦᠭᠡᠰᠦᠨ ᠪᠣᠯᠤᠭᠠᠳ ᠂
ᠠᠰᠤᠷᠤ ᠮᠠᠰᠢ ᠦᠯᠦ ᠡᠮᠭᠡᠨᠢᠨ ᠲᠥᠷᠭᠡᠨ᠎ᠡ ᠠᠨᠠᠭᠠᠳ ᠂
ᠠᠶᠤᠯ ᠦᠭᠡᠢ ᠶᠡᠬᠡ ᠤᠯᠤᠰ ᠪᠠᠶᠠᠰᠬᠤᠯᠠᠩ ᠲᠠᠶᠠ ᠣᠯᠵᠠ ᠣᠯᠤᠭᠠᠳ ᠂
ᠠᠮᠤᠭᠤᠯᠠᠩ ᠨᠤᠲᠠ ᠭᠡᠷ ᠲᠡᠭᠡᠨ ᠬᠠᠷᠢᠵᠤ ᠪᠠᠭᠤᠭᠰᠠᠨ ᠠᠵᠤᠭᠤ ᠃
ᠱᠢᠪᠱᠢᠭ᠌ ᠲᠦ ᠤᠷᠢᠶᠠᠩᠬᠠᠨ ᠤ᠋ ᠳᠥᠷᠥᠢ ᠨᠣᠶᠠᠨ ᠭᠡᠷᠡᠪᠠᠯᠠᠳ ᠴᠢᠩᠰᠠᠩ ᠬᠣᠶᠠᠷ ᠂
— — — —
① ᠤᠯᠠᠭᠠᠨ ᠡᠮ᠎ᠡ ᠲᠠᠬᠢᠶ᠎ᠠ ᠵᠢᠯ ᠂ ᠵᠢᠶᠠ ᠵᠢᠩ ᠦ᠋ᠨ ᠠᠷᠪᠠᠨ ᠵᠢᠷᠭᠤᠳᠤᠭᠠᠷ ᠣᠨ ( 1537 ᠣᠨ ) ᠃
②ᠬᠢᠲᠠᠳ ᠰᠤᠷᠪᠤᠯᠵᠢ ᠪᠢᠴᠢᠭ ᠦ᠋ᠳᠡᠴᠡ ᠦᠵᠡᠪᠡᠯ᠂ ᠨᠢᠭᠤᠴᠠ ᠬᠣᠲᠠ ᠬᠡᠮᠡᠬᠦᠢ ᠭᠠᠵᠠᠷ ᠭᠤᠷᠪᠠ ᠪᠣᠢ ᠃ ᠡᠨᠡ ᠨᠢᠭᠤᠴᠠ ᠬᠣᠲᠠ ᠠᠨᠤ ᠳᠠ ᠲᠦᠩ ᠦ᠋ᠨ ᠬᠢᠵᠠᠭᠠᠷ ᠲᠤ᠌ ᠪᠠᠢᠭ᠎ᠠ ᠫᠢᠩ ᠯᠦ᠍ (平鲁城 ) ᠬᠣᠲᠠ ᠶ᠋ᠢ ᠬᠡᠯᠡᠵᠡᠢ ᠃
ᠰᠢᠳᠠᠷᠳᠠᠵᠤ ᠪᠣᠳᠢ ᠬᠠᠭᠠᠨ① ᠤᠯᠤᠰ ᠭᠡᠷᠢ ᠥᠪᠯᠡᠵᠦ ᠲᠠᠯᠠᠬᠠᠳ ᠣᠳᠤᠭᠰᠠᠨ ᠳ᠋ᠤᠷ ᠂
ᠱᠢᠯᠤᠭᠤᠨᠠ ᠵᠢᠷᠭᠤᠭᠠᠨ ᠲᠦᠮᠡᠨ ᠡᠵᠡᠨ ᠦ᠌ ᠡᠮᠦᠨ᠎ᠡ ᠴᠢᠭᠤᠯᠵᠤ ᠪᠦᠷ ᠦ᠋ᠨ ᠂
ᠰᠢᠷ᠎ᠠ ᠨᠣᠬᠠᠢ ᠵᠢᠯ᠎ᠡ② ᠣᠷᠢᠶᠠᠩᠬᠠᠨ ᠳ᠋ᠤᠷ ᠠᠶᠠᠯᠠᠬᠤᠢ ᠵᠥᠪᠰᠢᠶᠡᠯᠳᠦᠭᠡᠳ ᠂
ᠡᠵᠡᠨ ᠦ᠌ ᠴᠠᠭᠠᠨ ᠭᠡᠷᠢ ᠪᠠᠷᠠᠭᠤᠨ ᠭᠤᠷᠪᠠᠨ ᠲᠦᠮᠡᠨ ᠠᠪᠤᠭᠠᠳ ᠂
ᠡᠷᠳᠡᠨᠢ ᠮᠡᠷᠭᠡᠨ ᠵᠢᠨᠦᠩ ᠂ ᠠᠯᠲᠠᠨ ᠬᠠᠭᠠᠨ ᠬᠣᠶᠠᠷ ᠬᠠᠩᠭᠠᠢ ᠶ᠋ᠢᠨ ᠥᠪᠡᠷ᠎ᠡ ᠪᠠᠭᠤᠵᠤ ᠂
— — — —
① ᠪᠣᠳᠢ ᠬᠠᠭᠠᠨ ᠤ᠋ ᠶᠡᠬᠡ ᠣᠷᠣ ᠰᠠᠭᠤᠭᠰᠠᠨ ᠣᠨ ᠵᠢᠯ ᠊ᠢ ᠡᠯ᠎ᠡ ᠪᠢᠴᠢᠭ ᠲᠦ᠍ ᠠᠳᠠᠯᠢ ᠦᠭᠡᠢ ᠲᠡᠮᠳᠡᠭᠯᠡᠵᠦ ᠪᠣᠢ ᠃ 《ᠡᠷᠳᠡᠨᠢ ᠶ᠋ᠢᠨ ᠲᠣᠪᠴᠢ 》 ᠳ᠋ᠤ᠌ ᠄ 《 ᠪᠣᠳᠢ ᠲᠠᠶ᠋ᠢᠵᠢ ᠬᠡ ( ᠬᠥᠬᠡ) ᠬᠥᠬᠡ ᠬᠤᠯᠤᠭᠠᠨ᠎ᠠ ᠵᠢᠯᠲᠡᠢ ( 1504 ᠣᠨ ) ᠂ ᠳᠥᠴᠢᠨ ᠨᠢᠭᠡᠨ ᠢ᠋ᠶ᠋ᠡᠨ ᠬᠡ ( ᠬᠥᠬᠡ) ᠯᠤᠤ ᠵᠢᠯ᠎ᠡ (1544 ᠣᠨ) ᠬᠠᠨ ᠰᠠᠭᠤᠭᠠᠳ ᠁ ᠳᠥᠷᠪᠡᠨ ᠣᠳ ᠲᠤᠷ ᠬᠠᠨ ᠣᠷᠣᠨ᠎ᠠ ᠰᠠᠭᠤᠭᠠᠳ ᠳᠥᠴᠢᠨ ᠳᠥᠷᠪᠡᠨ ᠢ᠋ᠶ᠋ᠡᠨ ᠲᠢᠩ ( ᠤᠯᠠᠭᠴᠢᠨ ) ᠬᠣᠨᠢᠨ ᠵᠢᠯ᠎ᠡ ( 1547 ᠣᠨ ) ᠬᠠᠯᠢᠪᠠᠢ 》 ᠭᠡᠳᠡᠭ ᠃ 《 ᠭᠦᠸᠧ ᠴᠢᠦᠸᠠᠢ 》 (国榷 ) ᠪᠢᠴᠢᠭ ᠲᠦ᠍ ᠪᠣᠳᠢ ᠬᠠᠭᠠᠨ ᠢ᠋ ᠵᠢᠶᠠ ᠵᠢᠩ ᠦ᠋ᠨ ᠠᠩᠬᠠᠨ ᠣᠨ ( 1522 ᠣᠨ ) ᠬᠠᠭᠠᠨ ᠣᠷᠣ ᠰᠠᠭᠤᠪᠠ ᠭᠡᠵᠡᠢ ᠃ ᠵᠢᠱ᠌ᠢᠶᠡᠯᠡᠪᠡᠯ᠂ ᠲᠤᠰ ᠪᠢᠴᠢᠭ ᠦ᠋ᠨ ᠵᠢᠶᠠ ᠵᠢᠩ ᠦ᠋ᠨ ᠠᠩᠬᠠᠨ ᠤ᠋ ᠣᠨ ᠤ᠋ ᠳᠣᠯᠣᠳᠤᠭᠠᠷ ᠰᠠᠷ᠎ᠠ ᠶ᠋ᠢᠨ ᠴᠠᠭᠠᠭᠴᠢᠨ ᠬᠣᠨᠢᠨ ᠡᠳᠦᠷ ᠦ᠋ᠨ ᠲᠡᠮᠳᠡᠭᠯᠡᠯ ᠳ᠋ᠦ᠍ 《 ᠠ ᠵᠣ᠌ (阿著) ᠪᠠᠷ ᠰᠢᠶᠣᠤ ᠸᠠᠩ ᠼᠢ ( 小王子) ᠪᠣᠯᠤᠭᠠᠳ ᠳᠡᠮᠡᠢ ᠤᠳᠠᠯ ᠦᠭᠡᠢ ᠶᠡᠭᠦᠳᠪᠡᠢ ᠂ ᠪᠣᠳᠢ (卜赤) ᠣᠷᠣ ᠵᠠᠯᠭᠠᠮᠵᠢᠯᠠᠵᠤ ᠶᠡᠬᠡ ᠬᠠᠭᠠᠨ ᠰᠠᠭᠤᠵᠤᠬᠤᠢ 》 ᠭᠡᠵᠡᠢ ᠃ 《ᠸᠠᠨ ᠯᠢ ᠡᠦ ᠬᠦᠩ ᠯᠦ᠍ 》 ( 万历武功录 ) ᠪᠢᠴᠢᠭ ᠲᠠᠬᠢ ᠠᠯᠲᠠᠨ ᠬᠠᠭᠠᠨ ᠤ᠋ ᠴᠠᠳᠢᠭ ᠲᠤ᠌ ᠪᠣᠳᠢ ᠬᠠᠭᠠᠨ ᠢ᠋ ᠵᠧᠩ ᠲᠧ ᠶ᠋ᠢᠨ ᠠᠷᠪᠠᠨ ᠵᠢᠷᠭᠤᠳᠤᠭᠠᠷ ᠣᠨ ( 1521 ) ᠶᠡᠬᠡ ᠣᠷᠣ ᠰᠠᠭᠤᠪᠠᠢ ᠭᠡᠵᠦ ᠲᠡᠮᠳᠡᠭᠯᠡᠵᠡᠢ ᠃ 《 ᠭᠦᠸᠧ ᠴᠢᠦᠸᠠᠢ 》 ᠪᠢᠴᠢᠭ ᠪᠠ 《 ᠸᠠᠨ ᠯᠢ ᠡᠦ ᠬᠦᠩ ᠯᠦ᠍ 》 ᠪᠢᠴᠢᠭ ᠲᠦ᠍ ᠲᠡᠮᠳᠡᠭᠯᠡᠭᠰᠡᠨ ᠵᠦᠢᠯ ᠳ᠋ᠦ᠍ ᠡᠷᠳᠡᠮᠲᠡᠨ ᠨᠠᠷ ᠡᠭᠡᠨᠡᠭᠲᠡ ᠭᠦᠢᠴᠡᠳ ᠠᠩᠬᠠᠷᠤᠯ ᠲᠠᠯᠪᠢᠭ᠎ᠠ ᠦᠭᠡᠢ ᠪᠠᠢᠭᠰᠠᠭᠠᠷ ᠃ ᠲᠤᠰ ᠨᠣᠮ ᠤ᠋ᠨ ᠡᠮᠦᠨᠡᠬᠢ ᠬᠡᠰᠡᠭ ᠲᠦ᠍ ᠰᠠᠢᠨ ᠠᠯᠠᠭ ( ᠠ ᠵᠣ᠌ ) ᠲᠠᠤᠯᠠᠢ ᠵᠢᠯ ( ᠵᠧᠩ ᠲᠧ ᠶ᠋ᠢᠨ ᠠᠷᠪᠠᠨ ᠳᠥᠷᠪᠡᠳᠦᠭᠡᠷ ᠣᠨ ᠂ 1519 ) ᠬᠠᠯᠢᠪᠠᠢ ᠭᠡᠰᠡᠨ ᠨᠢ ᠳᠡᠭᠡᠷ᠎ᠡ ᠥᠭᠦᠯᠡᠭᠰᠡᠨ ᠬᠢᠲᠠᠳ ᠰᠤᠷᠪᠤᠯᠵᠢ ᠪᠢᠴᠢᠭ ᠦ᠋ᠨ ᠲᠡᠮᠳᠡᠭᠯᠡᠯ ᠳ᠋ᠦ᠍ ᠳᠠᠬᠢᠨ ᠰᠢᠨ᠎ᠡ ᠥᠩᠭᠡ ᠭᠡᠷᠡᠯ ᠨᠡᠮᠡᠭᠳᠡᠭᠦᠯᠦᠭᠰᠡᠨ ᠪᠠᠢᠨ᠎ᠠ ᠃
②ᠰᠢᠷ᠎ᠠ ᠡᠷ᠎ᠡ ᠨᠣᠬᠠᠢ ᠵᠢᠯ ᠂ ᠵᠢᠶᠠ ᠵᠧᠩ ᠦ᠋ᠨ ᠠᠷᠪᠠᠨ ᠳᠣᠯᠣᠳᠤᠭᠠᠷ ᠣᠨ (1538 ᠣᠨ )᠃
ᠡᠰᠢ ᠬᠠᠲᠤᠨ ① ᠢ᠋ ᠠᠪᠤᠭᠠᠳ ᠵᠡᠭᠦᠨ ᠲᠦᠮᠡᠨ ᠢ᠋ ᠠᠪᠤᠭᠠᠳ ᠬᠠᠩᠭᠠᠢ ᠶ᠋ᠢᠨ ᠠᠷᠤ ᠳ᠋ᠤᠷ ᠪᠠᠭᠤᠵᠤ ᠂
ᠡᠷᠭᠢᠨ ᠶᠡᠬᠡ ᠤᠯᠤᠰ ᠨᠣᠬᠠᠢ ᠵᠢᠯ᠎ᠡ ᠲᠡᠨᠳᠡ ᠨᠤᠲᠤᠭᠯᠠᠵᠤ ᠲᠠᠷᠭᠤᠯᠠᠭᠠᠳ ᠰᠡᠴᠡ ᠂
ᠵᠢᠷᠭᠤᠭᠠᠨ ᠲᠦᠮᠡ ᠶᠡᠬᠡ ᠤᠯᠤᠰ ᠮᠣᠷᠳᠠᠵᠤ ᠳᠣᠪᠲᠣᠯᠤᠭᠰᠠᠨ ᠳ᠋ᠤᠷ ᠂
ᠵᠢᠪᠬᠤᠯᠠᠩ ᠰᠦᠷ ᠲᠣᠷ ᠢᠨᠦ᠍ ᠳᠠᠷᠤᠭᠳᠠᠵᠤ ᠣᠷᠢᠶᠠᠩᠬᠠᠨ ᠤ᠋ ᠲᠦᠮᠡᠨ ᠂
ᠵᠦᠳᠡᠵᠦ ᠳᠥᠷᠥᠢ ᠨᠣᠶᠠᠨ ᠬᠡᠷᠡᠪᠡᠯᠡᠳ ᠴᠢᠩᠰᠠᠩ ᠡᠯᠳᠦᠨᠠᠢ ᠭᠤᠷᠪᠠᠨ ᠨᠣᠶᠠᠳ ᠣᠷᠣᠭᠰᠠᠨ ᠳ᠋ᠤᠷ ᠂
ᠵᠥᠪᠰᠢᠶᠡᠵᠦ ᠵᠢᠷᠭᠤᠭᠠᠨ ᠲᠦᠮᠡᠨ ᠦ᠌ ᠨᠣᠶᠠᠳ ᠦᠢᠯᠡᠳᠦᠭᠰᠡᠨ ᠭᠡᠮ ᠠᠨᠤ ᠶᠡᠬᠡ ᠶ᠋ᠢᠨ ᠲᠤᠯᠠ ᠂
ᠲᠤᠰ ᠲᠤᠰ ᠪᠦᠷᠢ ᠣᠷᠣᠭᠰᠠᠨ ᠢ᠋ ᠪᠠᠷᠢᠵᠤ ᠵᠠᠰᠠᠭᠯᠠᠭᠠᠳ ᠂
ᠳᠤᠨᠳᠠᠯᠠᠨ ᠣᠯᠵᠠ ᠪᠣᠯᠭᠠᠪᠠᠢ ᠤᠷᠢᠶᠠᠩᠬᠠᠨ ᠲᠦᠮᠡᠨ ᠢ᠋ ᠂
ᠥᠪᠡᠷᠢᠳᠬᠦ ᠮᠡᠲᠦᠰ ᠢ᠋ ᠥᠪᠡᠷᠢᠳᠦᠭᠡᠳ ᠲᠣᠭ᠎ᠠ ᠦᠭᠡᠢ ᠣᠯᠠᠨ ᠢ᠋ ᠂
ᠡᠭᠦᠳᠡᠨ ᠪᠤᠷᠢ ᠣᠷᠣᠭᠤᠯᠤᠭᠰᠠᠨ ②ᠰᠢᠯᠲᠠᠭᠠᠨ ᠲᠡᠢᠮᠦ ᠪᠥᠯᠥᠭᠡ ᠃
— — — —
① ᠡᠬᠡ ᠬᠠᠲᠤᠨ ᠭᠡᠬᠦ ᠤᠳᠬ᠎ᠠ ᠲᠠᠢ ᠃ ᠡᠨᠳᠡ ᠪᠣᠳᠢ ᠬᠠᠭᠠᠨ ᠤ᠋ ᠡᠬᠡ ᠴᠠᠬᠠᠴᠢᠩ ᠳᠠᠢᠰᠤ ᠶ᠋ᠢ ᠵᠢᠭᠠᠵᠤ ᠪᠣᠢ ᠃
②ᠮᠢᠨ ᠧ ᠱᠠᠨ ᠿᠧᠨ (岷峨山人 ) ᠦ᠌ ᠵᠣᠬᠢᠶᠠᠭᠰᠠᠨ 《 ᠶᠢ ᠢᠦᠢ 》 (译语 ) ᠪᠢᠴᠢᠭ ᠦ᠋ᠨ ᠳᠣᠣᠷ᠎ᠠ ᠥᠭᠦᠯᠡᠭᠰᠡᠨ ᠲᠡᠮᠳᠡᠭᠯᠡᠯ ᠳ᠋ᠦ᠍ ᠡᠨᠡ ᠤᠳᠠᠭ᠎ᠠ ᠶ᠋ᠢᠨ ᠲᠡᠢᠨ ᠦ᠌ ᠲᠣᠬᠠᠷ ᠨᠡᠯᠢᠶᠡᠳ ᠲᠣᠳᠣᠷᠬᠠᠢ ᠲᠡᠮᠳᠡᠭᠯᠡᠭᠰᠡᠨ ᠪᠠᠢᠨ᠎ᠠ ᠃ ᠲᠡᠭᠦᠨ ᠳ᠋ᠦ᠍ ᠥᠭᠦᠯᠡᠭᠰᠡᠨ ᠨᠢ ᠄ 《 ᠮᠣᠩᠭᠣᠯ ᠢ᠋ᠶ᠋ᠠᠷ ᠠᠩᠬᠠᠨ ᠳ᠋ᠤᠷ ᠵᠢᠰᠤᠷ ᠬᠠᠭᠤᠮᠠᠭᠠᠢ ᠦᠭᠡᠢ ᠪᠥᠯᠥᠭᠡ ᠂ ᠡᠳᠦᠭᠡ ᠪᠣᠯᠬᠤᠶ᠎ᠠ ᠵᠢᠰᠤᠷ ᠮᠡᠬᠡ ᠵᠠᠯᠢᠬᠠᠢ ᠠᠷᠭ᠎ᠠ ᠠᠨᠤ ᠬᠡᠲᠦᠢᠳᠴᠦᠬᠦᠢ᠃ ᠰᠣᠨᠣᠰᠬᠤᠯ᠎ᠠ ᠂ ᠰᠢᠶᠣᠤ ᠸᠠᠩ ᠽᠢ ( 小王子 ) ᠪᠡᠷ ᠪᠠᠭᠠᠲᠤᠷ ᠲᠠᠢᠵᠢ ᠂ ᠨᠠᠷᠢᠨ ᠲᠠᠢᠵᠢ᠂ ᠴᠢᠩ ᠲᠠᠢᠵᠢ᠂ ᠰᠢᠷ᠎ᠠ ᠲᠠᠢᠵᠢ ᠂ ᠮᠠᠩᠬᠤᠢ ᠂ ᠠᠯᠲᠠᠨ ᠂ ᠵᠢᠨᠦᠩ ᠵᠡᠷᠭᠡ ᠣᠯᠠᠨ ᠠᠢᠮᠠᠭ ᠤ᠋ᠨ ᠲᠦᠷᠦᠭᠦᠴᠦᠰ ᠦ᠋ᠨ ᠴᠡᠷᠢᠭ ᠢ᠋ ᠴᠤᠭᠯᠠᠭᠤᠯᠵᠤ ᠪᠠᠷᠠᠭᠤᠨ ᠬᠣᠢᠨ᠎ᠠ ᠪᠦᠬᠦᠢ ᠤᠷᠢᠶᠠᠩᠬᠠᠨ ᠢ᠋ ᠪᠤᠯᠢᠶᠠᠨ ᠳᠡᠭᠡᠷᠡᠮᠳᠡᠵᠦ ᠂ ᠣᠯᠠᠨ ᠢ᠋ ᠢᠨᠦ ᠠᠯᠠᠵᠤ ᠨᠥᠬᠥᠭᠡᠰᠦᠯᠡᠭᠡᠳ᠂ ᠮᠥᠨ ᠦᠯᠡᠭᠰᠡᠨ ᠢ᠋ ᠢᠨᠦ ᠤᠷᠤᠭ ᠬᠣᠲᠠ ᠪᠣᠯᠤᠯᠴᠠᠰᠤᠭᠠᠢ ᠭᠡᠮᠡᠨ ᠬᠠᠭᠤᠷᠤᠨ ᠮᠡᠬᠡᠯᠡᠵᠦᠬᠦᠢ ᠃ ᠲᠡᠭᠦᠨᠴᠢᠯᠡᠨ ᠣᠷᠣᠵᠤ ᠢᠷᠡᠭᠰᠡᠨ ᠬᠥᠮᠦᠰ ᠢ᠋ ᠡᠯ᠎ᠡ ᠠᠢᠮᠠᠭ ᠲᠤᠷ ᠢ᠋ᠶ᠋ᠠᠨ ᠬᠤᠪᠢᠶᠠᠯᠠᠨ ᠠᠷᠢᠬᠢ ᠮᠢᠬ᠎ᠠ ᠢᠳᠡᠭᠦᠯᠵᠦ ᠰᠣᠭᠲᠣᠭᠠᠭᠰᠠᠨ ᠤ᠋ ᠬᠣᠢᠨ᠎ᠠ ᠴᠥᠮ ᠢ᠋ ᠠᠯᠠᠵᠤᠬᠤᠢ ᠃ ᠡᠨᠡ ᠢᠨᠦ ᠲᠡᠳᠡᠨᠦᠰ ᠦ᠋ᠨ ᠵᠠᠯᠢᠬᠠᠢ ᠮᠡᠬᠡ ᠶ᠋ᠢᠨ ᠨᠢᠭᠡᠨ ᠵᠢᠱ᠌ᠢᠶ᠎ᠡ ᠲᠡᠳᠦᠢ ᠪᠣᠯᠠᠢ 》 ᠭᠡᠵᠡᠢ ᠃ᠡᠨᠡ ᠪᠠᠷᠢᠮᠲᠠ ᠮᠠᠲ᠋ᠧᠷᠢᠶᠠᠯ ᠪᠣᠯ ᠲᠤᠬᠠᠢ ᠶ᠋ᠢᠨ ᠦᠶ᠎ᠡ ᠳ᠋ᠦ᠍ ᠪᠣᠳᠢ ᠬᠠᠭᠠᠨ ᠪᠠᠷᠠᠭᠤᠨ ᠭᠤᠷᠪᠠᠨ ᠲᠦᠮᠡᠨ ᠢ᠋ ᠮᠡᠳᠡᠵᠦ ᠪᠠᠢᠭᠰᠠᠨ ᠢ᠋ ᠪᠠ ᠡᠨᠡ ᠤᠳᠠᠭ᠎ᠠ ᠶ᠋ᠢᠨ ᠲᠡᠢᠨ ᠦ᠌ ᠬᠡᠪᠴᠢᠶ᠎ᠡ ᠪᠠᠢᠳᠠᠯ ᠢ᠋ ᠳᠤᠰᠬᠠᠨ ᠥᠭᠦᠯᠡᠵᠡᠢ ᠃ ᠭᠡᠪᠡᠴᠦ ᠲᠤᠰ ᠨᠣᠮ ᠣᠷᠢᠶᠠᠩᠬᠠᠨ ᠲᠦᠮᠡᠨ ᠢ᠋ 《 ᠥᠪᠡᠷᠢᠳᠬᠦ ᠮᠡᠲᠦᠰ ᠢ᠋ ᠥᠪᠡᠷᠢᠳᠦᠭᠡᠳ ᠂ ᠲᠣᠭ᠎ᠠ ᠦᠭᠡᠢ ᠣᠯᠠᠨ ᠢ᠋ ᠡᠭᠦᠳᠡ ᠪᠤᠷᠢ ᠣᠷᠣᠭᠤᠯᠤᠭᠰᠠᠨ 》 ᠭᠡᠵᠦ ᠦᠭᠦᠯᠡᠭᠰᠡᠨ ᠡᠴᠡ ᠦᠵᠡᠪᠡᠯ ᠡᠨᠡ ᠤᠳᠠᠭ᠎ᠠ ᠶ᠋ᠢᠨ ᠲᠡᠢᠨ ᠳ᠋ᠦ᠍ ᠣᠷᠢᠶᠠᠩᠬᠠᠨ ᠨᠠᠷ ᠢ᠋ ᠴᠥᠮ ᠢ᠋ ᠠᠯᠠᠭᠰᠠᠨ ᠪᠤᠰᠤ ᠭᠡᠰᠡᠨ ᠢ᠋ ᠮᠡᠳᠡᠵᠦ ᠪᠣᠯᠤᠨ᠎ᠠ ᠃
