ᠭᠡᠭᠦᠦ ᠪᠠᠷᠢᠬᠤ ᠶᠢᠨ ᠢᠷᠦᠭᠡᠯ Гүү барихын ерөөл
ᠭᠡᠭᠦᠦ ᠪᠠᠷᠢᠬᠤ ᠶᠢᠨ ᠢᠷᠦᠭᠡᠯ
ᠬᠥᠬᠡ ᠮᠥᠩᠭᠥᠨ ᠣᠭᠲᠠᠷᠭᠤᠢ ᠠᠴᠠ ᠨᠠᠭᠠᠭᠤᠷ
ᠬᠥᠪᠥᠯᠵᠡᠨ ᠨᠡᠭᠦᠵᠦ ᠪᠠᠢᠭ᠎ᠠ
ᠬᠥᠪᠰᠥᠭᠡᠷ ᠪᠠᠷᠠᠭᠠᠨ ᠡᠭᠦᠯᠡᠨ ᠳᠤᠮᠳᠠ ᠠᠴᠠ
ᠬᠦᠷᠴᠢᠭᠢᠨᠡᠨ ᠳᠤᠤᠭᠠᠷᠬᠤ
ᠬᠦᠢᠲᠡᠨ ᠬᠠᠯᠠᠭᠤᠨ ᠬᠢᠨ ᠦ ᠬᠦᠴᠦ ᠪᠡᠷ
ᠬᠥᠪᠥᠷᠡᠨ ᠴᠢᠳᠭᠤᠬᠤ ᠪᠣᠷᠣᠭᠠᠨ ᠤ ᠴᠢᠭᠢᠭ ᠢᠶᠡᠷ
ᠬᠥᠬᠡᠷᠡᠵᠦ ᠤᠷᠭᠤᠵᠤ ᠴᠡᠴᠡᠭᠯᠡᠵᠦ ᠨᠠᠪᠴᠢᠯᠠᠭᠰᠠᠨ
ᠬᠥᠬᠡ ᠨᠣᠭᠣᠭᠠᠨ ᠤ ᠰᠢᠮ᠎ᠡ ᠨᠢ ᠳᠡᠯᠭᠡᠷᠡᠭᠰᠡᠨ
ᠬᠥᠭᠵᠢᠯᠲᠡᠢ ᠰᠠᠢᠬᠠᠨ ᠵᠤᠨ ᠤ ᠴᠠᠭ ᠲᠤ
ᠦᠵᠦᠭᠦᠷ ᠬᠤᠷᠴᠠ ᠲᠠᠢ ᠵᠠᠰᠠᠭᠰᠠᠨ
ᠦᠨᠳᠦᠰᠦᠨ ᠲᠣᠯᠣᠭᠠᠢ ᠲᠠᠢ ᠭᠠᠳᠠᠰᠤ ᠪᠠᠨ
ᠤᠷᠠᠨ ᠵᠠᠯᠠᠭᠤ ᠮᠤᠨᠠ ᠪᠠᠷ ᠢᠶᠠᠨ
ᠤᠳᠠᠭ᠎ᠠ ᠳᠠᠷᠠᠭᠠᠯᠠᠨ ᠴᠣᠬᠢᠵᠤ ᠰᠢᠭᠠᠭᠠᠳ
ᠭᠤᠨᠠᠨ ᠰᠢᠷ᠎ᠠ ᠶᠢᠨ ᠰᠢᠷ ᠢᠶᠡᠷ
ᠭᠤᠷᠮᠤᠰᠤᠯᠠᠵᠤ ᠡᠷᠴᠢᠯᠡᠭᠰᠡᠨ
ᠭᠤᠨᠠᠭᠠᠷ ᠤᠷᠲᠤ ᠵᠡᠯ᠎ᠡ ᠪᠡᠨ
ᠭᠤᠴᠢ ᠰᠢᠬᠠᠮ ᠡᠷᠡᠴᠦᠳ ᠦᠨ ᠬᠦᠴᠦ ᠪᠡᠷ
ᠭᠤᠯᠵᠢᠢᠬᠤ ᠦᠭᠡᠢ ᠪᠣᠯᠲᠠᠯ᠎ᠠ ᠴᠢᠩᠭᠠᠯᠠᠭᠠᠳ
ᠠᠷᠤ ᠬᠥᠨᠳᠡᠢ ᠳᠦᠭᠦᠷᠡᠩ ᠪᠡᠯᠴᠢᠭᠡᠷᠯᠡᠭᠰᠡᠨ
ᠠᠢ ᠲᠦᠮᠡᠨ ᠠᠳᠤᠭᠤ ᠶᠢ ᠪᠠᠨ
ᠠᠳᠤᠭᠤᠴᠢᠨ ᠵᠠᠯᠠᠭᠤᠴᠤᠳ ᠨᠢ
ᠠᠵᠢᠷᠭ᠎ᠠ ᠠᠵᠢᠷᠭ᠎ᠠ ᠪᠠᠷ ᠨᠢ ᠴᠤᠭᠯᠠᠭᠤᠯᠵᠤ ᠢᠷᠡᠬᠦ ᠳᠦ
ᠲᠠᠲᠠᠯ ᠰᠠᠢᠲᠠᠢ ᠵᠠᠯᠠᠭᠤᠰ ᠨᠢ
ᠲᠠᠩᠨᠠᠢ ᠰᠠᠢᠲᠠᠢ ᠤᠷᠭ᠎ᠠ ᠪᠠᠨ ᠪᠠᠷᠢᠵᠤ
ᠲᠠᠰᠤᠷᠠᠬᠤ ᠦᠭᠡᠢ ᠰᠠᠢᠨ ᠬᠤᠢᠪᠢ ᠪᠠᠨ ᠤᠶᠠᠵᠤ
ᠲᠠᠪᠠᠷᠴᠠᠭᠯᠠᠬᠤ ᠦᠭᠡᠢ ᠰᠠᠢᠨ ᠮᠣᠷᠢ ᠪᠠᠨ ᠤᠨᠤᠵᠤ
ᠬᠥᠭᠡᠭᠡᠪᠡᠯ ᠣᠷᠣᠭᠠᠯᠠᠳᠠᠭ
ᠬᠥᠳᠡᠯᠪᠡᠯ ᠵᠢᠷᠤᠭᠠᠯᠳᠠᠭ
ᠬᠥᠭᠡᠷᠦᠬᠦᠨ ᠡᠰᠬᠦᠯᠡᠩ ᠤᠨᠠᠭ᠎ᠠ
ᠣᠢᠲᠠᠯᠠ ᠤᠷᠭᠠᠯᠠᠵᠤ
ᠴᠣᠢᠯᠠᠲᠠᠯᠠ ᠰᠠᠭᠤᠯᠭᠠᠵᠤ
ᠣᠷᠢᠯᠠᠭᠤᠯᠤᠨ ᠴᠢᠷᠠᠯᠠᠭᠤᠯᠵᠤ
ᠣᠯᠠᠨ ᠵᠠᠯᠠᠭᠤᠰ ᠢᠶᠠᠷ ᠨᠣᠴᠣᠭᠤᠯᠬᠤ ᠳᠤ
ᠡᠷ᠎ᠡ ᠲᠡᠢ ᠭᠡᠰᠡᠨ ᠨᠢ ᠨᠣᠴᠣᠵᠤ
ᠡᠪᠲᠡᠢ ᠭᠡᠰᠡᠨ ᠨᠢ ᠨᠣᠭᠲᠣᠯᠠᠵᠤ
ᠡᠩᠨᠡᠵᠦ ᠢᠷᠠᠢᠭᠰᠠᠨ ᠴᠢᠭᠲᠠ ᠪᠠᠷ ᠴᠢᠭᠲᠠᠯᠠᠵᠤ
ᠡᠷᠴᠢᠯᠡᠵᠦ ᠨᠡᠢᠳᠬᠡᠭᠰᠡᠨ ᠣᠭᠣᠰᠣᠷ ᠢᠶᠠᠷ
ᠡᠷᠦᠰᠬᠡᠨ ᠲᠠᠲᠠᠵᠤ ᠤᠶᠠᠭᠠᠳ
ᠡᠷᠭᠢᠵᠦ ᠶᠠᠭᠠᠬᠢᠬᠤ ᠶᠢ ᠨᠢ ᠬᠠᠷᠠᠪᠠᠯ
ᠠᠲᠠᠷ ᠲᠠᠷᠭᠤᠨ ᠤᠨᠠᠭᠠᠨ ᠨᠤᠭᠤᠳ
ᠠᠷᠤ ᠲᠡᠰᠢ ᠪᠡᠨ ᠵᠠᠬᠠᠯᠠᠵᠤ
ᠤᠷᠤᠭᠰᠢ ᠪᠠᠨ ᠤᠬᠤᠰᠬᠢᠵᠤ
ᠤᠷᠤᠭᠤᠯ ᠠᠮᠠ ᠪᠠᠨ ᠱᠣᠲᠣᠷᠴᠤ
ᠤᠷᠲᠤ ᠵᠡᠯ᠎ᠡ ᠪᠡᠨ ᠴᠢᠪᠬᠠᠳᠠᠭᠤᠯᠵᠤ
ᠶᠠᠩᠨᠠᠢᠵᠤ ᠭᠡᠳᠡᠷᠡᠭᠡ ᠵᠠᠬᠠᠯᠠᠭᠠᠳ
ᠶᠠᠩᠭᠤᠷᠬᠠᠵᠤ ᠬᠠᠵᠠᠭᠤ ᠪᠠᠷ ᠢᠶᠠᠨ ᠣᠢᠴᠢᠭᠠᠳ
ᠶᠠᠭᠠᠬᠢᠭ᠌ᠰᠠᠨ ᠴᠦ᠍ ᠨᠣᠮᠣᠬᠠᠷᠠᠬᠤ ᠰᠢᠨᠵᠢ ᠦᠭᠡᠢ ᠪᠠᠶᠢᠯ᠎ᠠ᠃
ᠳᠣᠭᠰᠢᠷᠠᠨ ᠡᠮᠨᠢᠭᠰᠢᠭᠰᠡᠨ ᠭᠡᠭᠦᠦ ᠨᠦᠭᠦᠳ
ᠳᠡᠷᠭᠡᠳᠡᠭᠦᠷ ᠳᠠᠭᠠᠷᠢᠨ ᠭᠠᠷᠴᠤ
ᠳᠡᠮᠡᠢ ᠴᠣᠢᠯᠠᠨ ᠳᠠᠪᠬᠢᠬᠤ ᠳᠤ
ᠬᠠᠰᠢᠷ ᠰᠠᠢᠨ ᠠᠵᠢᠷᠭ᠎ᠠ
ᠬᠠᠷᠠᠵᠤ ᠠᠵᠢᠭᠯᠠᠨ ᠲᠠᠨᠢᠭᠠᠳ
ᠬᠠᠩᠭᠢᠨᠠᠨ ᠦᠦᠷᠰᠡᠵᠦ ᠢᠨᠴᠠᠭᠠᠭᠠᠳ
ᠳᠡᠯᠡᠨ ᠦ ᠪᠡᠨ ᠬᠢᠯᠭᠠᠰᠤ ᠶᠢ
ᠳᠡᠭᠡᠭᠰᠢ ᠨᠢ ᠱᠠᠰᠢᠷᠯᠠᠭᠤᠯᠵᠤ
ᠳᠥᠷᠪᠡᠨ ᠲᠤᠭᠤᠷᠠᠢ ᠪᠠᠷ ᠢᠶᠠᠨ
ᠳᠡᠯᠡᠬᠡᠢ ᠶᠢ ᠣᠩᠭᠢᠯᠠᠭᠰᠠᠭᠠᠷ
ᠬᠦᠷᠴᠦ ᠭᠦᠢᠴᠡᠨ ᠣᠴᠢᠭᠠᠳ
ᠬᠥᠵᠦᠭᠦᠦ ᠲᠠᠯᠪᠢᠨ ᠡᠷᠭᠢᠭᠦᠯᠵᠦ
ᠬᠦᠢ ᠰᠦᠷᠦᠭ ᠢᠵᠢᠯᠢ ᠳᠦ ᠪᠡᠨ
ᠬᠥᠭᠡᠭᠡᠨ ᠣᠷᠣᠭᠤᠯᠵᠤ ᠢᠷᠡᠬᠦ ᠳᠦ
ᠬᠦᠴᠦᠲᠦ ᠵᠣᠯᠪᠣᠭᠠᠲᠤ ᠵᠠᠯᠠᠭᠤᠴᠤᠳ
ᠬᠥᠳᠡᠷ ᠬᠤᠷᠳᠤᠨ ᠮᠣᠷᠢ ᠪᠠᠨ ᠤᠨᠤᠭᠠᠳ
ᠬᠥᠪᠦᠯᠵᠡᠭᠰᠡᠨ ᠤᠷᠲᠤ ᠤᠷᠭ᠎ᠠ ᠪᠠᠨ ᠪᠠᠷᠢᠭᠠᠳ
ᠬᠥᠭᠡᠭᠡᠵᠦ ᠭᠦᠢᠴᠡᠵᠦ ᠤᠷᠭᠠᠯᠠᠭᠠᠳ
ᠬᠦᠴᠦ ᠮᠡᠳᠡᠨ ᠲᠣᠭᠲᠠᠭᠠᠭᠠᠳ
ᠨᠣᠴᠣᠵᠤ ᠪᠠᠷᠢᠵᠤ᠂ ᠨᠣᠭᠲᠣᠯᠠᠵᠤ ᠠᠪᠤᠭᠠᠳ
ᠴᠢᠬᠢᠳᠡᠵᠦ ᠪᠠᠢᠵᠤ ᠴᠢᠭᠲᠠᠯᠠᠵᠤ ᠴᠢᠳᠦᠷᠯᠡᠭᠡᠳ
ᠠᠪᠠᠭᠠᠢ ᠪᠦᠰᠡᠭᠦᠢᠴᠦᠳ
ᠠᠭᠠᠷᠤ ᠽᠠᠨᠳᠠᠨ ᠬᠤᠪᠢᠨ ᠪᠠᠷᠢᠵᠤ
ᠠᠲᠠᠷ ᠡᠮᠨᠢᠭ ᠭᠡᠭᠦᠦᠨ ᠦ ᠬᠥᠯ ᠳᠦ
ᠠᠶᠤᠮᠰᠢᠭ ᠦᠭᠡᠢ ᠰᠤᠷᠮᠠᠭ ᠰᠠᠭᠤᠵᠤ
ᠠᠷᠪᠢᠨ ᠡᠪᠯᠢᠭ ᠰᠦ ᠶᠢ ᠨᠢ
ᠠᠮᠠᠰᠠᠷ ᠪᠢᠯᠬᠠᠲᠠᠯ᠎ᠠ ᠰᠠᠭᠠᠭᠠᠳ
ᠰᠢᠷ᠎ᠠ ᠶᠢᠨ ᠰᠢᠷᠢ ᠶᠢ
ᠰᠢᠷ᠎ᠠ ᠤᠰᠤᠯᠠᠵᠤ ᠪᠣᠯᠭᠠᠭᠠᠳ
ᠱᠠᠭᠯᠠᠵᠤ ᠣᠶᠣᠭᠠᠳ
ᠤᠶᠠᠪᠠᠯ ᠬᠠᠷ᠎ᠠ ᠲᠠᠢ
ᠤᠳᠬᠤᠪᠠᠯ ᠬᠣᠪᠣᠭᠣ ᠲᠠᠢ
ᠤᠷᠲᠤ ᠪᠦᠯᠢᠭᠦᠷ ᠲᠡᠢ
ᠠᠭᠤᠳᠠᠮ ᠢᠷᠤᠭᠠᠷ ᠲᠠᠢ
ᠲᠣᠮᠣ ᠬᠥᠬᠥᠷᠢᠨ ᠳᠦ
ᠲᠣᠩᠭᠣᠢᠯᠭᠠᠵᠤ ᠶᠡᠭᠦᠯᠡᠭᠡᠳ
ᠲᠣᠭᠠᠯᠠᠵᠤ ᠪᠦᠯᠢᠭᠡᠳ
ᠲᠣᠷᠳᠠᠵᠤ ᠢᠰᠬᠡᠭᠡᠳ
ᠰᠠᠭᠭᠠᠵᠤ ᠬᠡᠭᠡᠰᠦᠷᠡᠭᠡᠳ ᠭᠠᠷᠬᠤ ᠳᠤ
ᠰᠠᠪᠠ ᠲᠣᠷᠬᠠᠨ ᠳᠤ ᠲᠠᠰᠤᠯᠤᠭᠠᠳ
ᠲᠣᠮᠣ ᠵᠣᠭᠣᠷᠢᠨ ᠳᠤ ᠬᠤᠷᠢᠶᠠᠭᠠᠳ
ᠠᠢᠷᠠᠭ ᠪᠡᠯᠡᠳᠬᠦ ᠲᠥᠯᠥᠪᠯᠡᠭᠡ ᠪᠡᠨ
ᠠᠬᠢᠨ ᠳᠠᠬᠢᠨ ᠳᠠᠪᠠᠭᠤᠯᠤᠭᠠᠳ
ᠨᠣᠭᠲᠠᠨ ᠤ ᠠᠢᠷᠠᠭ ᠦᠯᠡᠳᠡᠭᠡᠭᠡᠳ
ᠨᠠᠮᠤᠷ ᠤᠨ ᠰᠡᠷᠢᠭᠦᠨ ᠴᠦ᠍ ᠪᠣᠯᠤᠯ᠎ᠠ
ᠨᠣᠭᠣᠭᠠᠨ ᠤ ᠰᠥᠯ ᠴᠦ᠍ ᠬᠠᠲᠠᠯ᠎ᠠ
ᠴᠠᠭ ᠤᠨ ᠵᠢᠮ᠎ᠠ ᠶᠢ ᠳᠠᠭᠠᠵᠤ
ᠴᠠᠭᠠᠨ ᠬᠢᠷᠠᠭᠤ ᠴᠦ᠍ ᠤᠨᠠᠯ᠎ᠠ
ᠨᠠᠰᠤ ᠵᠢᠭᠳᠡᠷᠡᠭᠰᠡᠨ ᠤᠨᠠᠭᠠᠨ ᠨᠤᠭᠤᠳ
ᠨᠠᠷᠠᠨ ᠳᠤ ᠰᠢᠷᠠᠯᠠᠵᠤ ᠬᠦᠴᠦ ᠨᠢ ᠪᠥᠬᠡᠵᠢᠭᠡᠳ
ᠨᠠᠰᠤᠵᠢᠵᠤ ᠬᠥᠭᠰᠢᠷᠡᠭᠰᠡᠨ ᠭᠡᠭᠦᠦ ᠨᠦᠭᠦᠳ
ᠬᠠᠵᠠᠵᠤ ᠬᠠᠭᠠᠷᠢᠬᠤ ᠭᠡᠳ
ᠬᠠᠪᠢᠲᠠᠭᠤᠯᠬᠤ ᠴᠦ᠍ ᠳᠤᠷ᠎ᠠ ᠦᠭᠡᠢ ᠪᠣᠯᠤᠯ᠎ᠠ
ᠰᠢᠷ᠎ᠠ ᠨᠠᠮᠤᠷ ᠤᠨ ᠰᠡᠭᠦᠯᠴᠢ ᠪᠡᠷ
ᠰᠢᠢᠳᠴᠦ ᠲᠣᠪᠯᠠᠭᠰᠠᠨ ᠡᠳᠦᠷ
ᠪᠤᠮᠤᠨ ᠰᠦᠷᠦᠭ ᠮᠢᠯᠢᠶᠠᠭᠰᠠᠨ
ᠪᠣᠯᠣᠳ ᠡᠷᠳᠡᠨᠢ ᠲᠡᠮᠳᠡᠭ ᠢᠶᠡᠨ
ᠤᠲᠤᠭ᠎ᠠ ᠦᠭᠡᠢ ᠳᠦᠷᠡᠯᠵᠡᠭᠰᠡᠨ ᠭᠠᠯ ᠳᠤ
ᠠᠭᠤᠰᠬᠢ ᠮᠡᠲᠦ ᠤᠯᠠᠭᠠᠨ ᠪᠣᠯᠭᠠᠭᠠᠳ
ᠰᠣᠷᠭᠣᠭ ᠬᠥᠭᠡᠷᠦᠬᠦᠨ ᠤᠨᠠᠭᠠᠨ ᠤ
ᠰᠣᠭᠣ ᠬᠣᠶᠠᠷ ᠴᠢᠬᠢ ᠶᠢ ᠨᠢ
ᠰᠣᠯᠵᠢᠷ ᠪᠣᠯᠲᠠᠯ᠎ᠠ ᠮᠤᠰᠬᠢᠵᠤ
ᠬᠥᠪᠴᠢ ᠨᠢᠮᠭᠡᠨ ᠴᠠᠪᠢ ᠶᠢ ᠨᠢ
ᠬᠥᠨᠳᠡᠭᠦᠷ ᠪᠣᠯᠲᠠᠯ᠎ᠠ ᠪᠠᠵᠠᠵᠤ
ᠬᠥᠳᠡᠯᠭᠡᠬᠦ ᠦᠭᠡᠢ ᠪᠠᠲᠤ ᠪᠠᠷᠢᠭᠠᠳ
ᠬᠥᠷᠥᠰᠥ ᠶᠢ ᠨᠢ ᠭᠢᠯᠠᠢᠲᠠᠯ᠎ᠠ ᠬᠠᠭᠠᠷᠢᠭᠠᠳ
ᠠᠢᠷᠠᠭ ᠨᠡᠷ᠎ᠡ ᠲᠡᠢ ᠠᠷᠢᠭᠤᠨ ᠴᠢᠨᠠᠷ ᠲᠠᠢ
ᠠᠰᠢᠳᠠ ᠶᠢᠨ ᠪᠡᠯᠡᠭ ᠲᠦ ᠢᠳᠡᠭᠡᠨ ᠦ ᠪᠡᠨ
ᠷᠠᠰᠢᠶᠠᠨ ᠪᠣᠯᠤᠭᠰᠠᠨ ᠳᠡᠭᠡᠵᠢ ᠶᠢ
ᠪᠠᠷᠢᠭᠤᠯ ᠰᠡᠨᠵᠢ ᠰᠠᠢᠲᠠᠢ
ᠪᠠᠭᠲᠠᠭᠠᠮᠵᠢ ᠣᠷᠣᠴᠠ ᠶᠡᠬᠡ ᠲᠡᠢ ᠰᠠᠪᠤᠩ ᠳᠤ
ᠪᠢᠯᠬᠠᠵᠤ ᠴᠠᠯᠭᠢᠲᠠᠯ᠎ᠠ ᠳᠦᠭᠦᠷᠭᠡᠭᠡᠳ
ᠪᠢᠷ᠎ᠠ ᠲᠠᠢ ᠬᠣᠶᠠᠷ ᠨᠢ ᠳᠠᠮᠵᠢᠯᠠᠵᠤ
ᠣᠷᠣᠨ ᠭᠡᠷ ᠦᠨ ᠢᠶᠡᠨ ᠬᠣᠢᠮᠤᠷ ᠰᠥᠩᠨᠡᠭᠡᠳ
ᠣᠯᠠᠨ ᠦᠶ᠎ᠡ ᠳᠦ ᠥᠪᠯᠡᠵᠦ ᠬᠠᠳᠠᠭᠠᠯᠠᠭᠰᠠᠨ
ᠤᠬᠠᠵᠤ ᠤᠷᠠᠯᠠᠵᠤ ᠬᠢᠭᠡᠳ
ᠤᠭᠠᠯᠵᠠ ᠬᠡ ᠲᠡᠢ ᠪᠤᠳᠤᠭᠰᠠᠨ
ᠦᠨᠳᠦᠰᠦ ᠴᠠᠷᠠᠰᠤᠨ ᠬᠤᠯᠠᠨ ᠨᠤᠭᠤᠳ ᠢᠶᠠᠨ
ᠤᠭᠢᠶᠠᠵᠤ ᠠᠷᠴᠢᠵᠤ ᠴᠡᠪᠡᠷᠯᠡᠭᠡᠳ
ᠴᠠᠭᠠᠰᠤ ᠰᠢᠭ᠋ ᠨᠢᠮᠭᠡᠨ
ᠴᠠᠰᠤ ᠰᠢᠭ᠋ ᠴᠠᠭᠠᠨ
ᠬᠡ ᠨᠢ ᠲᠣᠪᠣᠭᠣᠷ᠂ ᠳᠠᠭᠤᠤ ᠨᠢ ᠰᠢᠩᠭᠡᠨ
ᠭᠠᠩᠭᠠᠷ ᠱᠠᠭᠠᠵᠠᠩ ᠬᠤᠯᠠᠨ ᠨᠤᠭᠤᠳ
ᠭᠠᠷᠭᠠᠵᠤ ᠪᠠᠰᠠ ᠠᠪᠴᠢᠷᠠᠭᠠᠳ
ᠪᠠᠷᠰ ᠠᠷᠰᠯᠠᠨ ᠬᠠᠳᠬᠤᠵᠤ
ᠪᠠᠵᠠᠭᠠᠵᠤ ᠤᠷᠠᠯᠠᠭᠰᠠᠨ ᠪᠦᠲᠡᠭᠡᠯᠭᠡ ᠲᠡᠢ
ᠪᠠᠬᠢᠮ ᠳᠣᠷᠢᠭᠤᠨ ᠬᠥᠯᠲᠡᠢ
ᠪᠠᠨᠳᠠᠩ ᠰᠢᠷᠡᠭᠡᠨ ᠳᠡᠭᠡᠷ᠎ᠡ ᠥᠷᠢᠵᠦ
ᠪᠠᠷᠢᠬᠤ ᠠᠮᠠᠰᠠᠷ ᠲᠠᠢ ᠳᠦᠭᠦᠷᠭᠡᠭᠡᠳ
ᠬᠣᠯᠠ ᠶᠢᠨ ᠵᠣᠴᠢᠳ ᠣᠢᠷ᠎ᠠ ᠶᠢᠨ ᠨᠥᠬᠥᠳ
ᠠᠮᠤᠷ ᠮᠡᠨᠳᠦ ᠪᠡᠨ ᠮᠡᠳᠡᠯᠴᠡᠵᠦ
ᠠᠵᠤ ᠠᠮᠢᠳᠤᠷᠠᠯ ᠢᠶᠠᠨ ᠬᠦᠦᠷᠨᠢᠯᠳᠦᠵᠦ
ᠠᠵᠠ ᠵᠢᠷᠭᠠᠯ ᠢᠶᠠᠨ ᠢᠷᠦᠭᠡᠵᠦ
ᠠᠶ᠎ᠠ ᠳᠠᠭᠤ ᠪᠠᠨ ᠡᠷᠭᠦᠵᠦ
ᠬᠥᠭᠵᠢᠮ ᠬᠤᠭᠤᠷ ᠢᠶᠠᠨ ᠡᠭᠡᠰᠢᠭᠯᠡᠵᠦ
ᠬᠥᠭᠵᠢᠯᠲᠡᠢ ᠰᠠᠢᠬᠠᠨ ᠨᠠᠢᠷᠠᠯᠠᠭᠰᠠᠨ ᠶᠤᠮ ᠪᠢᠵᠡ ᠡ᠃
