ᠮᠢᠩᠭᠠᠨ ᠭᠡᠷᠡᠯ ᠦ᠋ᠨ ᠴᠣᠭ ᠢ᠋ᠶ᠋ᠠᠷ ᠪᠠᠳᠠᠷᠠᠭᠴᠢ ᠦᠵᠡᠰᠬᠦᠯᠡᠩ ᠪᠡᠶ᠎ᠡ ᠳ᠋ᠦ᠍ ᠂
ᠮᠠᠭᠠᠳ ᠡᠰᠡᠷᠸ᠎ᠠ ᠶ᠋ᠢᠨ ᠡᠭᠡᠰᠢᠭ ᠢ᠋ᠶ᠋ᠡᠷ ᠨᠣᠮ ᠢ᠋ ᠳᠠᠭᠤᠷᠢᠰᠬᠠᠭᠠᠴᠢ ᠵᠠᠷᠯᠢᠭ ᠲᠤ᠌ ᠂
ᠮᠠᠰᠢ ᠲᠣᠨᠢᠯᠬᠤ ᠶ᠋ᠢᠨ ᠴᠢᠨᠠᠷ ᠲᠤ᠌ ᠠᠮᠤᠷᠯᠢᠭᠰᠠᠨ ᠭᠦᠨ ᠨᠠᠷᠢᠨ ᠰᠡᠳᠬᠢᠯ ᠲᠤ ᠂
ᠮᠠᠩᠯᠠᠢ ᠢᠯᠠᠭᠤᠭᠰᠠᠨ ᠦᠨᠳᠦᠰᠦᠨ ᠪᠯᠠᠮ᠎ᠠ ᠨᠠᠷ ᠲᠤᠷ ᠵᠠᠯᠪᠠᠷᠢᠮᠤᠢ ᠃
ᠶᠡᠬᠡ ᠠᠴᠢᠲᠤ ᠂
ᠳᠡᠭᠡᠷ᠎ᠡ ᠲᠩᠷᠢ ᠶ᠋ᠢᠨ ᠵᠠᠶᠠᠭ᠎ᠠ ᠪᠠᠷ ᠲᠥᠷᠥᠭᠰᠡᠨ ᠂
ᠳᠡᠭᠡᠳᠦ ᠲᠥᠷᠥ ᠶᠣᠰᠣᠨ ᠢ᠋ ᠲᠤᠯᠭᠤᠷᠠᠴᠠ ᠪᠠᠢᠭᠤᠯᠤᠭᠰᠠᠨ ᠂
ᠳᠡᠯᠡᠬᠡᠢ ᠶᠢᠷᠲᠢᠨᠴᠦ ᠳᠠᠬᠢᠨ ᠢ᠋ ᠡᠷᠬᠡ ᠳ᠋ᠦ᠍ᠷ ᠢ᠋ᠶ᠋ᠡᠨ ᠣᠷᠣᠭᠤᠯᠤᠭᠰᠠᠨ ᠂
ᠲᠡᠮᠦᠵᠢᠨ ᠰᠤᠤᠲᠤ ᠴᠢᠩᠭᠢᠰ ᠬᠠᠭᠠᠨ ① ᠭᠡᠮᠡᠨ ᠠᠯᠳᠠᠷᠰᠢᠭᠰᠠᠨ ᠃
— — — —
① ᠶᠤᠸᠠᠨ ᠤᠯᠤᠰ ᠤ᠋ᠨ ᠲᠠᠢᠽᠦ(太祖) ᠬᠠᠭᠠᠨ ᠪᠣᠯᠤᠨ᠎ᠠ ᠃ ᠨᠡᠷ᠎ᠡ ᠲᠡᠮᠦᠵᠢᠨ ᠃1206 ᠣᠨ ᠳ᠋ᠤ᠌ ᠣᠯᠠᠨ ᠮᠣᠩᠭᠣᠯ ᠠᠢᠮᠠᠭ ᠢ᠋ ᠨᠢᠭᠡᠳᠬᠡᠨ ᠤᠨᠤᠨ ᠮᠥᠷᠡᠨ ᠦ᠌ ᠲᠡᠷᠢᠭᠦᠨ᠎ᠡ ᠬᠠᠭᠠᠨ ᠣᠷᠣ ᠰᠠᠭᠤᠵᠤ ᠴᠢᠩᠭᠢᠰ ᠬᠠᠭᠠᠨ ᠭᠡᠮᠡᠨ ᠡᠷᠭᠦᠮᠵᠢᠯᠡᠭᠳᠡᠵᠡᠢ ᠃ ᠲᠡᠷᠡ ᠴᠠᠭ ᠲᠤᠷ ᠴᠢᠪ ᠭᠡᠮᠡᠨ ᠳᠥᠴᠢᠨ ᠲᠠᠪᠤᠨ ᠨᠠᠰᠤᠲᠠᠢ ᠪᠥᠯᠥᠭᠡ ᠃ ᠲᠡᠭᠦᠨᠴᠡ ᠬᠣᠢᠰᠢ ᠨᠤᠲᠤᠭ ᠳᠡᠪᠢᠰᠬᠡᠷ ᠢ᠋ᠶ᠋ᠡᠨ ᠵᠠᠯᠭᠠᠭᠠᠪᠠᠷ ᠥᠷᠭᠡᠳᠬᠡᠨ ᠥᠷᠭᠡᠳᠬᠡᠭᠰᠡᠭᠡᠷ ᠠᠽᠢᠶ᠎ᠠ ᠧᠦ᠋ᠷᠣᠫᠠ ᠬᠣᠶᠠᠷ ᠲᠢᠪ ᠢ᠋ ᠰᠤᠨᠳᠠᠯᠠᠭᠰᠠᠨ ᠮᠣᠩᠭᠣᠯ ᠬᠠᠭᠠᠨᠲᠤ ᠤᠯᠤᠰ ᠢ᠋ ᠪᠠᠢᠭᠤᠯᠵᠠᠢ ᠃1227 ᠣᠨ ᠳ᠋ᠤ᠌ ᠲᠠᠩᠭᠤᠳ ᠤᠯᠤᠰ ᠢ᠋ ᠳᠠᠢᠯᠠᠬᠤ ᠳᠠᠢᠯᠠᠯᠳᠤᠭᠠᠨ ᠳ᠋ᠤ᠌ ᠴᠢᠩ ᠱᠦᠢ ᠰᠢᠶᠠᠨ (清水县 ) ᠬᠡᠮᠡᠬᠦ ᠭᠠᠵᠠᠷ᠎ᠠ ᠡᠪᠡᠳᠴᠢᠨ ᠢ᠋ᠶ᠋ᠡᠷ ᠶᠡᠭᠦᠳᠪᠡᠢ ᠃ ᠵᠢᠷᠠᠨ ᠵᠢᠷᠭᠤᠭᠠᠨ ᠨᠠᠰᠤᠲᠠᠢ ᠪᠥᠯᠥᠭᠡ ᠃
ᠲᠠᠪᠤᠨ ᠥᠩᠭᠡ ᠤᠯᠤᠰ① ᠢ᠋ ᠡᠷᠬᠡ ᠳᠦᠷᠢᠶᠡᠨ ᠣᠷᠤᠬᠤᠯᠵᠤ ᠂
ᠲᠠᠩᠰᠤᠭ ᠶᠢᠷᠲᠢᠨᠴᠦ ᠶ᠋ᠢᠨ ᠲᠥᠷᠥ ᠶᠣᠰᠣᠨ ᠢ᠋ ᠲᠦᠪᠰᠢᠳᠬᠡᠵᠦ ᠂
ᠳᠡᠭᠡᠳᠦ ᠰᠡᠰᠬᠢᠶᠡ ᠶ᠋ᠢᠨ ᠬᠦᠩᠬᠡ ᠰᠨᠢᠩᠪᠤ ᠪᠯᠠᠮ᠎ᠠ ② ᠢ᠋ ᠵᠠᠯᠠᠵᠤ ᠂
ᠲᠡᠷᠢᠭᠦᠨ ᠪᠤᠷᠬᠠᠨ ᠤ᠋ ᠱᠠᠰᠢᠨ ᠢ᠋ ᠳᠡᠯᠭᠡᠷᠡᠭᠦᠯᠦᠭᠰᠡᠨ ᠠᠵᠢᠭᠤ ᠃
— — — —
①ᠲᠠᠪᠤᠨ ᠥᠩᠭᠡ ᠬᠡᠮᠡᠭᠴᠢ ᠨᠢ ᠬᠥᠬᠡ ᠂ ᠤᠯᠠᠭᠠᠨ ᠂ ᠰᠢᠷ᠎ᠠ ᠂ ᠴᠠᠭᠠᠨ ᠂ ᠬᠠᠷ᠎ᠠ ᠲᠠᠪᠤᠨ ᠥᠩᠭᠡ ᠶ᠋ᠢ ᠬᠡᠯᠡᠨ᠎ᠡ ᠃ ᠡᠷᠲᠡᠨ ᠦ᠌ ᠮᠣᠩᠭᠣᠯ ᠲᠡᠦᠬᠡᠴᠢ ᠨᠠᠷ ᠡᠨᠡ ᠬᠦ᠌ ᠲᠠᠪᠤᠨ ᠥᠩᠭᠡ ᠪᠡᠷ ᠲᠠᠪᠤᠨ ᠤᠯᠤᠰ ᠢ᠋ ᠨᠡᠷᠡᠢᠳᠦᠨ ᠥᠭᠦᠯᠡᠳᠡᠭ ᠵᠤᠷᠰᠢᠯ ᠲᠠᠢ ᠪᠠᠢᠵᠠᠢ ᠃ ᠡᠭᠦᠨ ᠳ᠋ᠦ᠍ ᠬᠥᠬᠡ ᠨᠢ ᠮᠣᠩᠭᠣᠯ ᠂ ᠤᠯᠠᠭᠠᠨ ᠨᠢ ᠬᠢᠲᠠᠳ ᠂ ᠰᠢᠷ᠎ᠠ ᠨᠢ ᠰᠠᠷᠲᠠᠭᠤᠯ ᠂ ᠴᠠᠭᠠᠨ ᠨᠢ ᠰᠣᠯᠣᠩᠭᠣᠰ ᠂ ᠬᠠᠷ᠎ᠠ ᠨᠢ ᠲᠥᠪᠡᠳ ᠢ᠋ ᠲᠤᠰ ᠲᠤᠰ ᠲᠥᠯᠥᠭᠡᠯᠡᠳᠡᠭ ᠃ ᠮᠣᠩᠭᠣᠯ ᠰᠤᠷᠪᠤᠯᠵᠢ ᠪᠢᠴᠢᠭ ᠲᠦ᠍ ᠲᠠᠢᠯᠪᠤᠷᠢ ᠲᠠᠯᠪᠢᠭᠴᠢ ᠵᠠᠷᠢᠮ ᠮᠡᠷᠭᠡᠳ ᠨᠠᠷ ᠡᠦᠲᠦ ᠪᠣᠯᠲᠠᠯ᠎ᠠ ᠮᠥᠨ ᠡᠭᠦᠨ ᠢ᠋ ᠵᠢᠷᠤᠮᠯᠠᠨ ᠳᠠᠭᠠᠵᠤ ᠪᠣᠢ ᠃ 《 ᠶᠤᠸᠠᠨ ᠱᠢ 》 (元史 ) ᠪᠢᠴᠢᠭ ᠲᠡᠬᠢ ᠲᠠᠢᠽᠦ ᠶ᠋ᠢᠨ ᠴᠡᠷᠢᠭ ᠲᠦ᠍ 《 ᠡᠵᠡᠨ ᠢ᠋ᠶ᠋ᠡᠷ ᠬᠢᠴᠢᠶᠡᠩᠭᠦᠢ ᠯᠠᠪᠳᠠᠭᠤᠨ ᠂ ᠠᠷᠭ᠎ᠠ ᠪᠣᠳᠣᠯᠭ᠎ᠠ ᠠᠨᠤ ᠬᠡᠲᠦᠢᠳᠴᠦ ᠴᠡᠷᠢᠭ ᠬᠡᠷᠡᠭᠯᠡᠬᠦᠢ ᠢᠨᠤ ᠬᠤᠪᠢᠯᠭᠠᠨ ᠮᠡᠲᠦ ᠶ᠋ᠢᠨ ᠣᠴᠢᠷ᠎ᠠ ᠳᠥᠴᠢᠨ ᠤᠯᠤᠰ ᠢ᠋ ᠮᠥᠬᠥᠭᠡᠨ ᠴᠢᠳᠠᠵᠤᠬᠤᠢ 》 ᠭᠡᠵᠡᠢ ᠃ ᠴᠢᠩᠭᠢᠰ ᠬᠠᠭᠠᠨ ᠨᠠᠰᠤᠨ ᠲᠤᠷᠰᠢᠳᠠ ᠠᠶᠠᠨ ᠪᠠᠢᠯᠳᠤᠭᠠᠨ ᠳ᠋ᠤ᠌ ᠶᠠᠪᠤᠭᠰᠠᠨ ᠲᠤᠯᠠ ᠮᠥᠬᠥᠭᠡᠨ ᠰᠥᠨᠥᠭᠡᠭᠰᠡᠨ ᠤᠯᠤᠰ ᠨᠢ ᠳᠡᠭᠡᠷ᠎ᠡ ᠥᠭᠦᠯᠡᠭᠰᠡᠨ ᠲᠠᠪᠤᠨ ᠤᠯᠤᠰ ᠤ᠋ᠨ ᠲᠡᠳᠦᠢ ᠯᠡ ᠪᠤᠰᠤ ᠪᠣᠯᠠᠢ ᠃ ᠠᠳᠠ 《 ᠲᠠᠪᠤᠨ ᠥᠩᠭᠡ ᠤᠯᠤᠰ 》 ᠭᠡᠵᠦ ᠲᠡᠮᠳᠡᠭᠯᠡᠭᠰᠡᠨ ᠨᠢ ᠪᠣᠳᠠᠲᠠᠢ ᠲᠠᠪᠤ ᠶ᠋ᠢᠨ ᠲᠣᠭ᠎ᠠ ᠪᠢᠰᠢ ᠂ ᠲᠡᠭᠦᠨ ᠦ᠌ ᠤᠳᠬ᠎ᠠ ᠶ᠋ᠢ 《 ᠣᠯᠠᠨ 》 ᠭᠡᠮᠡᠨ ᠣᠢᠯᠠᠭᠠᠪᠠᠯ ᠵᠣᠬᠢᠨ᠎ᠠ ᠃ ᠠᠳᠠ ᠥᠭᠦᠯᠡᠭᠰᠡᠨ ᠲᠠᠪᠤᠨ ᠤᠯᠤᠰ ᠭᠡᠭᠴᠢ ᠨᠢ ᠣᠯᠠᠨ ᠤᠯᠤᠰ ᠢ᠋ ᠶᠡᠷᠦᠩᠬᠡᠢᠯᠡᠨ ᠵᠢᠭᠠᠭᠰᠠᠨ ᠲᠡᠳᠦᠢ ᠪᠢᠯᠡ ᠃
② ᠡᠭᠦᠨ ᠢ᠋ ᠬᠦᠩᠬᠡ ᠨᠢᠩᠪᠤ ᠭᠡᠮᠡᠨ ᠤᠩᠰᠢᠪᠠᠯ ᠵᠣᠬᠢᠨ᠎ᠠ ᠃ ᠡᠨᠡ ᠪᠣᠯ ᠲᠥᠪᠡᠳ ᠦ᠋ᠨ ᠪᠤᠷᠬᠠᠨ ᠤ᠋ ᠱᠠᠱᠢᠨ ᠤ᠋ ᠠᠯᠳᠠᠷᠲᠤ ᠡᠷᠳᠡᠮᠲᠡᠨ ᠯᠠᠮᠠ ᠮᠥᠨ ᠃ ᠡᠨᠡ ᠬᠥᠮᠦᠨ ᠰᠡᠰᠬᠢᠶᠡ ᠶ᠋ᠢᠨ ᠱᠠᠰᠢᠨ ᠤ᠋ ᠰᠤᠷᠭᠠᠯ ᠶᠣᠰᠣᠯᠠᠯ ᠢ᠋ ᠰᠠᠢᠲᠤᠷ ᠲᠡᠭᠦᠰᠬᠡᠭᠰᠡᠨ ᠦ᠌ ᠣᠴᠢᠷ᠎ᠠ ᠶᠡᠬᠡ ᠰᠡᠰᠬᠢᠶᠡ ᠭᠡᠵᠦ ᠡᠷᠭᠦᠮᠵᠢᠯᠡᠭᠳᠡᠵᠡᠢ ᠃ ᠴᠢᠩᠭᠢᠰ ᠬᠠᠭᠠᠨ ᠬᠦᠩᠬᠡ ᠨᠢᠩᠪᠤ ᠶ᠋ᠢ ᠤᠷᠢᠵᠤ ᠨᠣᠮ ᠱᠠᠰᠢᠨ ᠳᠡᠯᠭᠡᠷᠡᠭᠦᠯᠦᠭᠰᠡᠨ ᠭᠡᠬᠦ ᠶᠠᠷᠢᠶ᠎ᠠ ᠮᠣᠩᠭᠣᠯ ᠲᠥᠪᠡᠳ ᠪᠢᠴᠢᠭ ᠰᠤᠳᠤᠷ ᠤ᠋ᠨ ᠵᠠᠷᠢᠮ ᠳ᠋ᠤᠷ ᠲᠡᠮᠳᠡᠭᠯᠡᠭᠳᠡᠵᠦ ᠪᠠᠢᠳᠠᠭ ᠃ ᠴᠢᠩᠭᠢᠰ ᠬᠠᠭᠠᠨ ᠤ᠋ ᠮᠡᠨᠳᠦᠯᠡᠭᠰᠡᠨ ᠣᠨ ᠵᠢᠯ ᠪᠣᠯ ᠬᠦᠩᠬᠡ ᠨᠢᠩᠪᠤ ᠶ᠋ᠢᠨ ᠨᠠᠰᠤᠨ ᠨᠥᠭᠴᠢᠭᠰᠡᠨ ( 1158 ᠣᠨ ) ᠤ᠋ ᠬᠣᠢᠨᠠᠬᠢ 1162 ᠣᠨ ᠠᠲᠠᠯ᠎ᠠ ᠴᠢᠩᠭᠢᠰ ᠬᠠᠭᠠᠨ ᠤ᠋ ᠪᠡᠶ᠎ᠡ ᠶᠠᠭᠠᠬᠢᠨ ᠬᠦᠩᠬᠡ ᠨᠢᠩᠪᠤ ᠶ᠋ᠢ ᠵᠠᠯᠠᠵᠤ ᠨᠣᠮ ᠱᠠᠰᠢᠨ ᠢ᠋ ᠳᠡᠯᠭᠡᠷᠡᠭᠦᠯᠵᠦ ᠴᠢᠳᠠᠬᠤ ᠪᠣᠢ ? ᠡᠨᠡ ᠨᠢ ᠬᠠᠷᠢᠨ ᠴᠤ᠌ ᠬᠣᠢᠴᠢ ᠦᠶ᠎ᠡ ᠶ᠋ᠢᠨ ᠬᠥᠮᠦᠰ ᠪᠤᠷᠬᠠᠨ ᠱᠠᠰᠢᠨ ᠤ᠋ ᠰᠤᠷᠲᠠᠯᠴᠢᠯᠠᠯ ᠤ᠋ᠨ ᠡᠭᠦᠳᠡᠨ ᠡᠴᠡ ᠳᠡᠮᠡᠢ ᠪᠠᠯᠠᠢ ᠪᠠᠷ ᠵᠣᠬᠢᠶᠠᠨ ᠥᠭᠦᠯᠡᠭᠰᠡᠨ ᠵᠦᠢᠯ ᠪᠣᠯᠬᠤ ᠲᠡᠳᠦᠢ ᠶᠦ᠍ᠮ ᠃
ᠴᠢᠩᠭᠢᠰ ᠬᠠᠭᠠᠨ ᠤ᠋ ᠭᠤᠲᠠᠭᠠᠷ ᠬᠥᠪᠡᠭᠦᠨ ᠥᠭᠡᠳᠡᠢ ᠬᠠᠭᠠᠨ ① ᠂
ᠴᠢᠳᠠᠭᠴᠢ ᠡᠷᠬᠡᠲᠦ ᠰᠡᠰᠬᠢᠶᠡ ᠪᠠᠨᠳᠢᠳᠠ ᠪᠯᠠᠮ᠎ᠠ ② ᠢ᠋ ᠵᠠᠯᠠᠵᠤ ᠢᠷᠡᠭᠦᠯᠦᠭᠰᠡᠨ ᠂
ᠴᠢᠨᠠᠷ ᠶᠣᠰᠣᠭᠠᠷ ᠶᠢᠷᠲᠢᠨᠴᠦ ᠶ᠋ᠢᠨ ᠲᠥᠷᠥ ᠪᠤᠷᠬᠠᠨ ᠱᠠᠰᠢᠨ ᠊ᠢ ᠵᠢᠯᠣᠭᠣᠳᠤᠭᠠᠳ ᠂
ᠴᠢᠬᠤᠯᠠ ᠶᠡᠬᠡ ᠤᠯᠤᠰ ᠢ᠋ ᠦᠯᠡᠮᠵᠢ ᠮᠠᠰᠢ ᠡᠩᠬᠡ ᠠᠮᠤᠷ ᠵᠢᠷᠭᠠᠭᠤᠯᠤᠭᠰᠠᠨ ᠲᠡᠢᠮᠦ ᠪᠥᠯᠥᠭᠡ ᠃
— — — —
① ᠮᠣᠩᠭᠣᠯ ᠬᠠᠭᠠᠨᠲᠤ ᠤᠯᠤᠰ ᠤ᠋ᠨ ᠲᠠᠶ᠋ᠢᠽᠥ᠋ᠩ (太宗 ) ᠬᠠᠭᠠᠨ ᠪᠣᠯᠤᠨ᠎ᠠ ᠃1229 ᠣᠨ ᠳ᠋ᠤ᠌ ᠬᠠᠭᠠᠨ ᠣᠷᠣ ᠰᠠᠭᠤᠵᠤ ᠠᠷᠪᠠᠨ ᠭᠤᠷᠪᠠᠨ ᠣᠨ ᠪᠣᠯᠤᠭᠠᠳ1241 ᠣᠨ ᠳ᠋ᠤ᠌ ᠲᠠᠪᠢᠨ ᠵᠢᠷᠭᠤᠭᠠᠨ ᠨᠠᠰᠤᠨ ᠳ᠋ᠠᠭᠠᠨ ᠶᠡᠭᠦᠳᠪᠡᠢ ᠃
② ᠤᠤᠯ ᠨᠡᠷ᠎ᠡ ᠨᠢ ᠬᠦᠩᠬᠡ ᠵᠠᠯᠰᠠᠨ ᠭᠡᠳᠡᠭ ᠃ ᠬᠦᠩᠬᠡ ᠨᠢᠩᠪᠤ ᠶ᠋ᠢᠨ ᠠᠴᠢ ᠪᠢᠯᠡ ᠃ ᠪᠤᠷᠬᠠᠨ ᠤ᠋ ᠨᠣᠮ ᠳ᠋ᠤ᠌ ᠨᠡᠪᠲᠡᠷᠡᠭᠰᠡᠨ ᠦ᠌ ᠣᠴᠢᠷ᠎ᠠ ᠰᠡᠰᠬᠢᠶᠡ ᠪᠠᠨᠳᠢᠳᠠ ᠭᠡᠵᠦ ᠡᠷᠭᠦᠮᠵᠢᠯᠡᠭᠳᠡᠪᠡ ᠃ ᠪᠠᠨᠳᠢᠳᠠ ᠬᠡᠮᠡᠭᠴᠢ ᠨᠢ ᠰᠠᠨᠰᠷᠷᠢᠲ ᠦᠭᠡ ᠂ ᠮᠡᠷᠭᠡᠳ ᠡᠷᠳᠡᠮᠲᠡᠨ ᠬᠡᠮᠡᠬᠦ ᠤᠳᠬ᠎ᠠ ᠲᠠᠢ ᠃ 1246 ᠣᠨ ᠳ᠋ᠤ᠌ ᠥᠭᠡᠳᠡᠢ ᠬᠠᠭᠠᠨ ᠤ᠋ ᠬᠣᠶᠠᠳᠤᠭᠠᠷ ᠬᠥᠪᠡᠭᠦᠨ ᠬᠥᠳᠡᠨ ᠲᠠᠢᠽᠢ ᠶ᠋ᠢᠨ ᠤᠷᠢᠯᠭ᠎ᠠ ᠪᠠᠷ ᠯᠢᠶᠠᠩ ᠵᠧᠦ (凉州 ) ᠭᠡᠬᠦ ᠡᠳᠦᠭᠡ ᠶ᠋ᠢᠨ ᠭᠠᠨᠰᠦ ᠮᠣᠵᠢ ᠶ᠋ᠢᠨ ᠡᠦ ᠸᠧᠢ ᠰᠢᠶᠠᠨ (武威县 ) ᠳ᠋ᠤ᠌ ᠬᠦᠷᠦᠯᠴᠡᠨ ᠢᠷᠡᠵᠦ ᠲᠥᠪᠡᠳ ᠦ᠋ᠨ ᠲᠥᠯᠥᠭᠡᠯᠡᠭᠴᠢ ᠶ᠋ᠢᠨ ᠬᠤᠪᠢ ᠪᠠᠷ ᠠᠩᠬ᠎ᠠ ᠤᠳᠠᠭ᠎ᠠ ᠮᠣᠩᠭᠣᠯ ᠯᠤᠭ᠎ᠠ ᠤᠯᠤᠰ ᠲᠥᠷᠥ ᠶ᠋ᠢᠨ ᠬᠠᠷᠢᠯᠴᠠᠭ᠎ᠠ ᠪᠠᠢᠭᠤᠯᠵᠠᠢ ᠃ ᠡᠨᠡ ᠬᠥᠮᠦᠨ ᠦ᠌ ᠵᠣᠬᠢᠶᠠᠨ ᠲᠤᠭᠤᠷᠪᠢᠭᠰᠠᠨ ᠨᠣᠮ ᠵᠣᠬᠢᠶᠠᠯ ᠣᠯᠠᠨ ᠪᠣᠢ ᠂ ᠲᠡᠳᠡᠭᠡᠷ ᠦ᠋ᠨ ᠳᠣᠲᠣᠷ᠎ᠠ 《Subhasi Taratnanidhi 》 ( ᠰᠠᠢᠨ ᠥᠭᠡᠲᠦ ᠡᠷᠳᠡᠨᠢ ᠶ᠋ᠢᠨ ᠰᠠᠩ ) ᠭᠡᠳᠡᠭ ᠨᠣᠮ ᠨᠢ ᠠᠯᠢ ᠡᠷᠲᠡ ᠶᠤᠸᠠᠨ ᠤᠯᠤᠰ ᠤ᠋ᠨ ᠦᠶ᠎ᠡ ᠳ᠋ᠦ᠍ ᠮᠣᠩᠭᠣᠯ ᠬᠡᠯᠡᠨ ᠳ᠋ᠦ᠍ ᠣᠷᠴᠢᠭᠤᠯᠤᠭᠳᠠᠨ ᠮᠣᠩᠭᠣᠯ ᠤ᠋ᠨ ᠤᠳᠬ᠎ᠠ ᠵᠣᠬᠢᠶᠠᠯ ᠤ᠋ᠨ ᠰᠠᠩ ᠳ᠋ᠤ᠌ ᠦᠯᠡᠮᠵᠢ ᠶᠡᠬᠡ ᠨᠥᠯᠥᠭᠡ ᠦᠵᠡᠭᠦᠯᠵᠡᠢ ᠃ ᠬᠦᠩᠬᠡ ᠵᠠᠯᠰᠠᠨ ᠪᠣᠯ ᠪᠠᠰᠠ ᠴᠤ᠌ ᠮᠣᠩᠭᠣᠯ ᠦᠰᠦᠭ ᠢ᠋ ᠥᠭᠡᠷᠡᠴᠢᠯᠡᠨ ᠰᠢᠨᠡᠳᠬᠡᠭᠴᠢ ᠶ᠋ᠢᠨ ᠨᠢᠭᠡ ᠪᠣᠯᠤᠨ᠎ᠠ ᠃
ᠬᠣᠢᠨ᠎ᠠ ᠮᠥᠨ ᠲᠡᠭᠦᠨ ᠦ᠌ ᠠᠴᠢ ᠢᠨᠤ ᠬᠤᠪᠢᠯᠭᠠᠨ ᠪᠥᠭᠡᠳ ᠲᠥᠷᠥᠭᠰᠡᠨ ᠂
ᠬᠤᠪᠢᠯᠠᠢ ᠰᠡᠴᠡᠨ ᠬᠠᠭᠠᠨ ① ᠭᠡᠮᠡᠨ ᠠᠯᠳᠠᠷᠰᠢᠭᠰᠠᠨ ᠪᠣᠭᠳᠠ
ᠬᠤᠲᠤᠭ ᠲᠤ᠌ ᠹᠡᠭᠰᠹᠡ ᠪᠯᠠᠮ᠎ᠠ ② ᠶ᠋ᠢ ᠵᠠᠯᠠᠵᠤ ᠢᠷᠡᠭᠦᠯᠦᠭᠡᠳ ᠂
ᠬᠣᠲᠠᠯᠠ ᠰᠤᠳᠤᠷ ᠲᠠᠷᠨᠢ ᠲᠡᠷᠢᠭᠦᠲᠡᠨ ᠤᠶ᠋ᠢᠭᠤᠷ ᠠᠶᠠᠯᠭᠤ ᠪᠠᠷ ᠣᠷᠴᠢᠭᠤᠯᠤᠭᠠᠳ ᠂
— — — —
① ᠶᠤᠸᠠᠨ ᠤᠯᠤᠰ ᠤ᠋ᠨ ᠱ᠌ᠢᠽᠦ᠍ ᠬᠠᠭᠠᠨ ( 世祖 )ᠪᠣᠯᠤᠨ᠎ᠠ ᠃ ᠴᠢᠩᠭᠢᠰ ᠬᠠᠭᠠᠨ ᠤ᠋ ᠳᠥᠲᠥᠭᠡᠷ ᠬᠥᠪᠡᠭᠦᠨ ᠲᠤᠯᠤᠢ ᠶ᠋ᠢᠨ ᠬᠥᠪᠡᠭᠦᠨ ᠮᠥᠨ ᠂ 1260 ᠣᠨ ᠳ᠋ᠤ᠌ ᠶᠡᠬᠡ ᠣᠷᠣ ᠵᠠᠯᠭᠠᠮᠵᠢᠯᠠᠵᠤ 1271 ᠣᠨ ᠳ᠋ᠤ᠌ ᠤᠯᠤᠰ ᠤ᠋ᠨ ᠨᠡᠷ᠎ᠡ ᠪᠡᠨ ᠲᠠᠢᠶᠤᠸᠠᠨ ( 大元 )ᠭᠡᠮᠡᠨ ᠡᠬᠢᠯᠡᠨ ᠨᠡᠷᠡᠢᠳᠴᠦ ᠂ ᠶᠤᠸᠠᠨ ᠤᠯᠤᠰ ᠤ᠋ᠨ ᠲᠤᠯᠭᠤᠷ ᠲᠥᠷᠥ ᠶ᠋ᠢ ᠨᠡᠭᠡᠭᠡᠭᠰᠡᠨ ᠬᠠᠭᠠᠨ ᠪᠣᠯᠤᠭᠠᠳ1279 ᠣᠨ ᠳ᠋ᠤ᠌ ᠡᠮᠦᠨᠡᠲᠦ ᠰᠥᠩ ᠤᠯᠤᠰ ᠢ᠋ ᠮᠥᠬᠥᠭᠡᠵᠦ ᠳᠤᠮᠳᠠᠳᠤ ᠤᠯᠤᠰ ᠢ᠋ ᠨᠢᠭᠡᠳᠬᠡᠪᠡ ᠃ ᠬᠠᠭᠠᠨ ᠣᠷᠣᠨ᠎ᠠ ᠭᠤᠴᠢᠨ ᠲᠠᠪᠤᠨ ᠵᠢᠯ ᠰᠠᠭᠤᠵᠤ1294 ᠣᠨ ᠳ᠋ᠤ᠌ ᠨᠠᠶᠠᠨ ᠨᠠᠰᠤᠨ᠎ᠠ ᠬᠠᠯᠢᠪᠠᠢ ᠃
② ᠲᠥᠪᠡᠳ ᠦ᠋ᠨ ᠳᠡᠭᠡᠳᠦ ᠬᠤᠸᠠᠷᠠᠭ ᠃ ᠤᠭ ᠤ᠋ᠨ ᠨᠡᠷ᠎ᠡ ᠨᠢ ᠯᠤᠵᠠᠢᠵᠠᠯᠰᠠᠨ ᠂ ᠬᠥᠮᠦᠰ ᠹᠡᠭᠰᠹᠡ ᠭᠡᠮᠡᠨ ᠡᠷᠭᠦᠮᠵᠢᠯᠡᠨ ᠳᠠᠭᠤᠳᠠᠳᠠᠭ ᠃ ᠹᠡᠭᠰᠹᠡ ᠭᠡᠳᠡᠭ ᠨᠢ ᠪᠣᠭᠳᠠ ᠬᠡᠮᠡᠬᠦ ᠤᠳᠬ᠎ᠠ ᠲᠠᠢ ᠦᠭᠡ ᠃1260 ᠣᠨ ᠳ᠋ᠤ᠌ ᠬᠤᠪᠢᠯᠠᠢ ᠶᠡᠬᠡ ᠣᠷᠣ ᠵᠠᠯᠭᠠᠮᠵᠢᠯᠠᠭᠰᠠᠨ ᠤ᠋ ᠳᠠᠷᠠᠭ᠎ᠠ ᠲᠡᠭᠦᠨ ᠢ᠋ ᠤᠯᠤᠰ ᠤ᠋ᠨ ᠪᠠᠭᠰᠢ ᠭᠡᠵᠦ ᠡᠷᠭᠦᠮᠵᠢᠯᠡᠵᠦ ᠮᠣᠩᠭᠣᠯ ᠰᠢᠨ᠎ᠡ ᠦᠰᠦᠭ ᠢ᠋ ᠵᠣᠬᠢᠶᠠᠲᠤᠭᠠᠢ ᠭᠡᠵᠦ ᠵᠠᠷᠯᠢᠭ ᠪᠣᠯᠪᠠ ᠃1269 ᠣᠨ ᠳ᠋ᠤ᠌ ᠰᠢᠨ᠎ᠡ ᠦᠰᠦᠭ ᠢ᠋ ᠵᠣᠬᠢᠶᠠᠨ ᠪᠦᠲᠦᠭᠡᠭᠰᠡᠨ ᠳ᠋ᠦ᠍ ᠬᠤᠪᠢᠯᠠᠢ ᠰᠡᠴᠡᠨ ᠬᠠᠭᠠᠨ ᠵᠠᠷᠯᠢᠭ ᠪᠠᠭᠤᠯᠭᠠᠨ ᠤᠯᠤᠰ ᠳᠠᠶᠠᠭᠠᠷ ᠬᠡᠷᠡᠭᠯᠡᠬᠦ ᠪᠡᠷ ᠲᠣᠭᠲᠠᠪᠠ ᠃ ᠡᠨᠡᠬᠦ ᠰᠢᠨ᠎ᠡ ᠦᠰᠦᠭ ᠢ᠋ ᠲᠡᠦᠬᠡᠨ ᠳ᠋ᠦ᠍ ᠹᠡᠭᠰᠹᠡ ᠦᠰᠦᠭ ᠭᠡᠳᠡᠭ ᠃ ᠲᠡᠭᠦᠨ ᠦ᠌ ᠬᠣᠢᠨ᠎ᠠ ᠰᠢᠦᠸᠠᠨ ᠵᠧᠩ ᠶᠤᠸᠠᠨ (宣政院 ) ᠬᠦᠷᠢᠶᠡᠯᠡᠩ ᠦ᠋ᠨ ᠬᠡᠷᠡᠭ ᠮᠡᠳᠡᠭᠴᠢ ᠪᠣᠯᠵᠤ ᠪᠦᠬᠦ ᠤᠯᠤᠰ ᠤ᠋ᠨ ᠪᠤᠷᠬᠠᠨ ᠤ᠋ ᠱᠠᠰᠢᠨ ᠲᠡᠭᠦᠨᠴᠢᠯᠡᠨ ᠲᠥᠪᠡᠳ ᠦ᠋ᠨ ᠪᠦᠬᠦ ᠬᠡᠷᠡᠭ ᠶᠠᠪᠤᠳᠠᠯ ᠢ᠋ ᠪᠦᠷᠢᠨ ᠬᠠᠮᠢᠶᠠᠷᠤᠨ ᠮᠡᠳᠡᠭᠡᠳ ᠶᠤᠸᠠᠨ ᠤᠯᠤᠰ ᠤ᠋ᠨ ᠲᠥᠷᠥ ᠶ᠋ᠢᠨ ᠶᠠᠮᠤᠨ᠎ᠠ ᠴᠢᠬᠤᠯᠠ ᠰᠠᠢᠳ ᠪᠣᠯᠵᠠᠢ ᠃
ᠪᠤᠷᠬᠠᠨ ᠤ᠋ ᠭᠤᠷᠪᠠᠨ ᠰᠢᠲᠦᠭᠡᠨ① ᠢ᠋ ᠦᠯᠡᠮᠵᠢ ᠲᠠ ᠪᠠᠢᠭᠤᠯᠵᠤ ᠂
ᠪᠦᠷᠢᠨ᠎ᠡ ᠱᠠᠰᠢᠨ ᠤ᠋ ᠳᠡᠯᠡᠬᠡᠢ ᠶ᠋ᠢ ᠠᠬᠤᠢ ᠶᠡᠬᠡᠳᠡ ᠳᠡᠯᠭᠡᠷᠡᠭᠦᠯᠵᠦ ᠂
ᠪᠦᠬᠦ ᠶᠢᠷᠲᠢᠨᠴᠦ ᠳᠠᠬᠢᠨ ᠤ᠋ ᠡᠩᠬᠡ ᠨᠤᠲᠠ ᠵᠢᠷᠭᠠᠭᠤᠯᠵᠤ ᠂
ᠪᠣᠭᠳᠠ ᠡᠷᠲᠡᠨ ᠦ᠌ ᠴᠡᠭᠷᠡᠸᠠᠷᠳᠢ ᠬᠠᠭᠠᠨ② ᠮᠡᠲᠦ ᠠᠯᠳᠠᠷᠰᠢᠵᠤᠬᠤᠢ ᠃
ᠲᠡᠭᠦᠨ ᠦ᠌ ᠤᠷᠤᠭ ᠲᠤᠷ ᠢᠨᠤ ᠲᠡᠩᠴᠡᠯ ᠦᠭᠡᠢ ᠬᠠᠢᠰᠠᠨ ᠡᠷᠡᠲᠦ ③ ᠬᠦᠯᠦᠭ ᠬᠠᠭᠠᠨ④ ᠲᠥᠷᠥᠵᠦ ᠂
— — — —
① ᠪᠤᠷᠬᠠᠨ ᠂ ᠨᠣᠮ ᠂ ᠬᠤᠸᠠᠷᠠᠭ ᠭᠤᠷᠪᠠ ᠳ᠋ᠤ᠌ ᠰᠦᠰᠦᠭᠯᠡᠨ ᠪᠢᠰᠢᠷᠡᠬᠦ ᠶ᠋ᠢ ᠬᠡᠯᠡᠵᠦ ᠪᠣᠢ ᠃
② ᠡᠷᠲᠡᠨ ᠦ᠌ ᠡᠨᠡᠳᠬᠡᠭ ᠦ᠋ᠨ ᠳᠥᠷᠪᠡᠨ ᠵᠦᠭ ᠢ᠋ ᠲᠠᠢᠯᠠᠭᠴᠢ ᠶᠡᠬᠡ ᠸᠠᠩ ᠢ᠋ ᠵᠢᠭᠠᠵᠤ ᠪᠠᠢᠨ᠎ᠠ ᠃ ᠬᠢᠲᠠᠳ ᠪᠢᠴᠢᠭ ᠰᠤᠳᠤᠷ ᠲᠤ᠌ ᠵᠤᠸᠠᠨ ᠯᠦᠨ ᠸᠠᠩ (转轮王 ) ᠭᠡᠮᠡᠨ ᠣᠷᠴᠢᠭᠤᠯᠬᠤ ᠪᠠ ᠮᠣᠩᠭᠣᠯ ᠪᠢᠴᠢᠭ ᠰᠤᠳᠤᠷ ᠲᠤ᠌ ᠬᠦᠷᠳᠦᠨ ᠡᠷᠭᠢᠭᠦᠯᠦᠭᠴᠢ ᠬᠠᠭᠠᠨ ᠪᠤᠶᠤ ᠬᠦᠷᠳᠦᠨ ᠣᠷᠴᠢᠭᠤᠯᠤᠭᠴᠢ ᠬᠠᠭᠠᠨ ᠭᠡᠳᠡᠭ ᠃ ᠡᠭᠦᠨ ᠳ᠋ᠦ᠍《 ᠴᠡᠭᠷᠡ 》 ᠬᠡᠮᠡᠭᠴᠢ ᠨᠢ ᠰᠠᠨᠰᠺᠷᠢᠲ ᠦᠭᠡ ᠂ ᠬᠦᠷᠳᠦᠨ ᠭᠡᠬᠦ ᠤᠳᠬ᠎ᠠ ᠲᠠᠢ ᠪᠥᠭᠡᠳ ᠪᠠᠰᠠ ᠡᠷᠲᠡᠨ ᠦ᠌ ᠡᠨᠡᠳᠬᠡᠭ ᠦ᠋ᠨ ᠬᠦᠷᠳᠦᠨ ᠮᠡᠲᠦ ᠬᠡᠯᠪᠡᠷᠢ ᠲᠡᠢ ᠨᠢᠭᠡᠨ ᠵᠦᠢᠯ ᠦ᠋ᠨ ᠵᠡᠪᠰᠡᠭ ᠢ᠋ ᠬᠡᠯᠡᠨ᠎ᠡ ᠃ ᠡᠨᠡᠳᠬᠡᠭ ᠦ᠋ᠨ ᠳᠣᠮᠣᠭ ᠲᠤ᠌ ᠥᠭᠦᠯᠡᠭᠰᠡᠨ ᠨᠢ ᠂ ᠡᠷᠲᠡᠨ ᠦ᠌ ᠡᠨᠡᠳᠬᠡᠭ ᠲᠦ᠍ ᠳᠥᠷᠪᠡᠨ ᠵᠦᠭ ᠢ᠋ ᠲᠠᠢᠯᠠᠭᠴᠢ ᠶᠡᠬᠡ ᠸᠠᠩ ᠮᠡᠨᠳᠦᠯᠡᠬᠦ ᠲᠡᠷᠡ ᠴᠠᠭ ᠲᠤ᠌ ᠡᠨᠡ ᠬᠦ᠌《 ᠴᠡᠭᠷᠡ 》 ᠨᠢ ᠬᠡᠢ ᠣᠭᠲᠠᠷᠭᠤᠢ ᠳ᠋ᠤ᠌ ᠠᠶᠠᠨᠳᠠᠭᠠᠨ ᠢᠯᠡᠷᠡᠭᠡᠳ ᠰᠤᠷᠴᠢᠭᠢᠨᠠᠨ ᠡᠷᠭᠢᠯᠳᠦᠵᠦ ᠶᠡᠬᠡ ᠸᠠᠩ ᠤ᠋ᠨ ᠬᠠᠨᠳᠤᠭᠰᠠᠨ ᠵᠦᠭ ᠲᠦ᠍ ᠳᠠᠢᠰᠤᠨ ᠦᠭᠡᠢ ᠶ᠋ᠢ ᠪᠡᠯᠭᠡᠳᠡᠨ᠎ᠡ ᠭᠡᠵᠡᠢ ᠃ ᠡᠭᠦᠨᠴᠡ ᠳᠥᠷᠪᠡᠨ ᠵᠦᠭ ᠢ᠋ ᠲᠠᠢᠯᠠᠭᠴᠢ ᠶᠡᠬᠡ ᠸᠠᠩ ᠢ᠋ ᠴᠡᠭᠷᠡᠸᠡᠷᠳᠢ ᠬᠠᠭᠠᠨ ᠭᠡᠮᠡᠨ ᠨᠡᠷᠡᠢᠳᠪᠡ ᠃
③ ᠡᠷᠲᠡᠨ ᠦ᠌ ᠮᠣᠩᠭᠣᠯ ᠪᠢᠴᠢᠭ ᠲᠦ᠍ 《 ᠨᠠ 》 (ne ) ᠶᠢ ᠮᠥᠨ 《 ᠡ 》 ᠭᠡᠵᠦ ᠪᠢᠴᠢᠳᠡᠭ ᠶᠣᠰᠣ ᠪᠣᠢ ᠂ ᠡᠷᠡᠲᠦ ᠭᠡᠳᠡᠭ ᠨᠢ ᠨᠡᠷᠡᠲᠦ ᠭᠡᠰᠡᠨ ᠦᠭᠡ ᠃
④ ᠶᠤᠸᠠᠨ ᠤᠯᠤᠰ ᠤ᠋ᠨ ᠭᠤᠲᠠᠭᠠᠷ ᠬᠠᠭᠠᠨ ᠦᠽᠦᠢᠩ ᠬᠠᠭᠠᠨ (武宗 ) ᠃1307 ᠣᠨ ᠳ᠋ᠤ᠌ ᠬᠠᠭᠠᠨ ᠣᠷᠣ ᠰᠠᠭᠤᠵᠤ ᠲᠠᠪᠤᠨ ᠣᠨ ᠪᠣᠯᠤᠭᠠᠳ1311 ᠣᠨ ᠳ᠋ᠤ᠌ ᠭᠤᠴᠢᠨ ᠨᠢᠭᠡᠨ ᠨᠠᠰᠤᠨ᠎ᠠ ᠬᠠᠯᠢᠪᠠ ᠃
ᠲᠡᠭᠰᠢ ᠬᠠᠮᠤᠭ ᠢ᠋ ᠮᠡᠳᠡᠭᠴᠢ ᠲᠣᠢᠨ ᠴᠦᠰᠬᠢ ᠣᠳ ᠰᠡᠷ ① ᠯᠠᠮᠠ ᠪᠠᠷ ᠮᠣᠩᠭᠣᠯ ᠳ᠋ᠤᠷ ᠃
ᠳᠡᠭᠡᠳᠦ ᠨᠣᠮ ᠤ᠋ᠳ ᠢ᠋ ᠣᠷᠴᠢᠭᠤᠯᠵᠤ ᠣᠯᠠᠨ᠎ᠠ
ᠲᠠᠮᠠᠭ᠎ᠠ ᠴᠢᠭᠤᠯᠭᠠᠨ ᠲᠦᠭᠡᠭᠡᠵᠦ ᠳᠡᠯᠭᠡᠷᠡᠭᠦᠯᠪᠡᠢ ᠃
ᠱᠠᠰᠢᠨ ᠲᠥᠷᠥ ᠬᠣᠶᠠᠷ ᠢ᠋ ᠲᠡᠷᠡ ᠴᠠᠭ ᠲᠤᠷ ᠲᠦᠭᠡᠮᠡᠯ ᠢ᠋ᠶ᠋ᠡᠷ ᠂
ᠰᠤᠤ ᠲᠤ ᠴᠢᠩᠭᠢᠰ ᠬᠠᠭᠠᠨ ᠠ᠋ᠴᠠ ᠢᠨᠠᠭᠰᠢᠳᠠ ᠂
ᠰᠤᠷᠠᠭ ᠳ᠋ᠠᠨ ᠠᠷᠪᠠᠨ ᠳᠥᠷᠪᠡᠨ ᠬᠠᠳ ᠤ᠋ᠨ ᠦᠶ᠎ᠡ ② ᠪᠣᠯᠲᠠᠯ᠎ᠠ
ᠰᠤᠷᠭᠠᠯ ᠦᠭᠡᠢ ③ ᠪᠢᠯᠢᠭ ᠲᠠᠨ ᠲᠦᠰᠢᠮᠡᠳ ᠲᠡᠳᠬᠦᠯᠴᠢᠵᠦ ᠪᠦᠷ ᠦ᠋ᠨ
ᠰᠤᠳᠤᠷ ᠨᠣᠮ ᠬᠢᠭᠡᠳ ᠲᠥᠷᠥ ᠶᠣᠰᠣᠨ ᠢ᠋ ᠲᠦᠪᠰᠢᠨ ᠪᠠᠷᠢᠭᠰᠠᠨ ᠲᠡᠢᠮᠦ ᠪᠥᠯᠥᠭᠡ ᠃
— — — —
① ᠲᠥᠪᠡᠳ ᠦ᠋ᠨ ᠪᠤᠷᠬᠠᠨ ᠱᠠᠰᠢᠨ ᠤ᠋ ᠠᠯᠳᠠᠷᠲᠤ ᠡᠷᠳᠡᠮᠲᠡᠨ ᠯᠠᠮᠠ ᠂ ᠣᠯ ᠨᠡᠷ᠎ᠡ ᠨᠢ ᠳ᠋ᠠᠭᠮᠢᠳᠳᠣᠷᠵᠢ ᠭᠡᠳᠡᠭ᠃ ᠪᠤᠷᠬᠠᠨ ᠤ᠋ ᠨᠣᠮ ᠵᠣᠬᠢᠶᠠᠯ ᠢ᠋ ᠮᠣᠩᠭᠣᠯ ᠬᠡᠯᠡᠨ ᠳ᠋ᠦ᠍ ᠣᠷᠴᠢᠭᠤᠯᠤᠭᠰᠠᠨ ᠠᠴᠠ ᠭᠠᠳᠠᠨ᠎ᠠ ᠪᠠᠰᠠ ᠮᠣᠩᠭᠣᠯ ᠦᠰᠦᠭ ᠲᠦ᠍ ᠥᠭᠡᠷᠡᠴᠢᠯᠡᠯᠲᠡ ᠬᠢᠵᠡᠢ ᠃ ᠲᠡᠭᠦᠨ ᠦ᠌ ᠨᠡᠷ᠎ᠡ ᠠᠯᠳᠠᠷᠰᠢᠭᠰᠠᠨ ᠵᠣᠬᠢᠶᠠᠯ ᠪᠣᠯ 《 ᠵᠢᠷᠦᠬᠡᠨ ᠦ᠌ ᠲᠣᠯᠢᠲᠤ 》 ᠭᠡᠬᠦ ᠮᠣᠩᠭᠣᠯ ᠬᠡᠯᠡᠨ ᠦ᠌ ᠵᠣᠬᠢᠶᠠᠯ ᠪᠣᠯᠤᠨ᠎ᠠ ᠃
② ᠴᠢᠩᠭᠢᠰ ᠬᠠᠭᠠᠨ ᠠᠴᠠ ᠡᠬᠢᠯᠡᠨ ᠳᠤᠬᠤᠨ ᠲᠡᠮᠦᠷ ᠬᠠᠭᠠᠨ ᠬᠦᠷᠲᠡᠯ᠎ᠡ ᠨᠡᠢᠲᠡ ᠠᠷᠪᠠᠨ ᠲᠠᠪᠤᠨ ᠦᠶ᠎ᠡ ᠤᠯᠠᠮᠵᠢᠯᠠᠵᠠᠢ ᠃ ᠬᠣᠢᠨ᠎ᠠ ᠳᠠᠭᠠᠯᠳᠤᠭᠤᠯᠵᠤ ᠪᠦᠬᠦᠢ ᠮᠣᠩᠭᠣᠯ ᠬᠠᠳ ᠤ᠋ᠨ ᠦᠶ᠎ᠡ ᠳᠠᠷᠠᠭᠠᠯᠠᠯ ᠤ᠋ᠨ ᠬᠦᠰᠦᠨᠦᠭ ᠲᠣᠷ ᠨᠠᠷᠢᠪᠴᠢᠯᠠᠮᠤ ᠃
③ ᠡᠢᠨ ᠬᠦ᠌《 ᠦᠭᠡᠢ 》 ᠦᠰᠦᠭ ᠪᠣᠯ ᠡᠳᠦᠭᠡ ᠶ᠋ᠢᠨ 《 ᠡᠳᠡᠭᠡᠷ 》 ᠬᠡᠮᠡᠬᠦ ᠦᠰᠦᠭ ᠦ᠋ᠨ ᠡᠷᠲᠡᠨ ᠦ᠌ ᠪᠢᠴᠢᠯᠭᠡ 《 ᠣᠨᠭᠡᠷ 》 ᠭᠡᠬᠦ ᠶ᠋ᠢᠨ ᠪᠤᠷᠤᠭᠤ ᠬᠠᠭᠤᠯᠤᠯᠭᠠ ᠪᠣᠯᠤᠨ᠎ᠠ ᠃
ᠤᠷᠢᠳᠤ ᠦᠢᠯᠡᠰ ᠦ᠋ᠨ ᠲᠦᠢᠳᠬᠡᠷ ᠪᠣᠯᠵᠤ ᠤᠬᠠᠮᠰᠠᠷ ᠦᠭᠡᠢ ᠶᠠᠪᠤᠭᠰᠠᠨ ᠳ᠋ᠤᠷ ᠂
ᠤᠴᠠᠷᠠᠵᠤ ᠨᠠᠩᠭᠢᠶᠠᠳ① ᠤᠯᠤᠰ ᠴᠦᠯᠡ ᠬᠠᠭᠠᠯᠭ᠎ᠠ ᠣᠯᠤᠭᠰᠠᠨ ᠳ᠋ᠤᠷ᠂
ᠤᠬᠠᠭᠠᠨᠲᠤ ᠲᠣᠬᠣᠨᠲᠡᠮᠤᠷ ᠬᠠᠭᠠᠨ② ᠤ᠋ ᠴᠠᠭ ᠲᠤᠷ
ᠤᠯᠠᠷᠢᠵᠤ ᠶᠡᠬᠡ ᠲᠥᠷᠥ ᠪᠡᠨ ᠠᠪᠲᠠᠪᠠᠢ ᠬᠢᠲᠠᠳ ᠤᠯᠤᠰ ᠲᠤᠷ ᠃
ᠬᠠᠷᠢ ᠳᠠᠶ᠋ᠢᠰᠤᠨ ᠬᠦᠴᠦᠨ ᠪᠣᠯᠵᠤ ᠳᠠᠶ᠋ᠢᠳᠤ ᠬᠣᠲᠠ③ ᠶ᠋ᠢ ᠲᠣᠮᠣᠭᠠᠯᠠᠭᠰᠠᠨ ᠴᠠᠭ ᠲᠤᠷ ᠂
ᠬᠠᠭᠠᠨ ᠤ᠋ ᠪᠡᠶ᠎ᠡ ᠬᠠᠰᠪᠤᠤ ᠲᠠᠮᠠᠭ᠎ᠠ ᠲᠡᠷᠢᠭᠦᠲᠡᠨ ᠢ᠋
ᠬᠠᠳᠬᠤᠯᠳᠤᠨ ᠥᠭ᠌ᠭᠦᠯᠴᠡᠵᠦ᠍ ᠭᠠᠷᠭᠠᠪᠠᠢ ᠪᠤᠬ᠎ᠠ ᠲᠡᠮᠦᠷ ᠴᠢᠩᠰᠠᠩ④
ᠬᠠᠨ ᠶᠡᠬᠡ ᠲᠥᠷᠥ ᠬᠣᠴᠣᠷᠪᠠᠰᠤ ᠬᠠᠶ᠋ᠢᠷᠠᠲᠤ ᠠᠮᠢᠨ ᠊ᠢ ᠠᠨᠤ ᠠᠪᠴᠤ ᠭᠠᠷᠤᠭᠰᠠᠨ ᠤᠴᠢᠷ ᠲᠡᠢᠮᠦ ᠪᠥᠯᠥᠭᠡ ᠃
— — — —
① ᠨᠠᠩᠭᠢᠶᠠᠳ ᠢ᠋ ᠪᠠᠰᠠ ᠨᠠᠩᠭᠢᠶᠠᠭᠤᠳ ᠪᠤᠶᠤ ᠨᠠᠩᠭᠢᠶᠠᠰ ᠭᠡᠵᠦ ᠪᠢᠴᠢᠳᠡᠭ ᠃ ᠬᠢᠲᠠᠳ ᠭᠡᠳᠡᠭ ᠦ᠋ᠨ ᠣᠨᠳᠣᠣ ᠳᠠᠭᠤᠳᠠᠯᠭ᠎ᠠ ᠪᠣᠯᠤᠨ᠎ᠠ ᠃
② ᠶᠤᠸᠠᠨ ᠤᠯᠤᠰ ᠤ᠋ᠨ ᠡᠴᠦᠰ ᠦ᠋ᠨ ᠬᠠᠭᠠᠨ ᠂ ᠴᠣᠯᠠ ᠨᠢ ᠤᠬᠠᠭᠠᠨᠲᠤ ᠬᠠᠭᠠᠨ (惠宗 ) ᠭᠡᠳᠡᠭ ᠃ 1333 ᠣᠨ ᠳ᠋ᠤ᠌ ᠬᠠᠭᠠᠨ ᠣᠷᠣ ᠰᠠᠭᠤᠵᠤ 1368 ᠣᠨ ᠤ᠋ ᠢᠯᠡᠭᠦᠦ ᠳᠤᠯᠠᠭᠠᠨ ᠰᠠᠷ᠎ᠠ ᠳ᠋ᠤ᠌ ᠲᠠᠢᠮᠢᠩ ᠤᠯᠤᠰ ᠤ᠋ᠨ ᠴᠡᠷᠢᠭ ᠳᠠᠢᠳᠤ (大都 ) ᠳ᠋ᠤ᠌ ᠰᠢᠬᠠᠮᠳᠠᠭᠤᠯᠤᠨ ᠢᠷᠡᠭᠰᠡᠨ᠎ᠡ ᠤᠮᠠᠷᠠᠰᠢ ᠵᠢᠭᠤᠲᠠᠵᠤ ᠱᠠᠩᠳᠤ ( 上都 ) ᠳ᠋ᠤ᠌ ᠬᠦᠷᠪᠡ ᠃ 1370 ᠣᠨ ᠳ᠋ᠤ᠌ ᠢᠩ ᠴᠠᠩ ᠬᠣᠲᠠᠨ᠎ᠠ ᠬᠠᠯᠢᠪᠠᠢ ᠃
③ᠳᠠᠢᠳᠤ (大都 ) ᠭᠡᠳᠡᠭ ᠨᠢ ᠣᠳᠣ ᠶ᠋ᠢᠨ ᠪᠡᠭᠡᠵᠢᠩ ᠬᠣᠲᠠ ᠃
④《ᠶᠤᠸᠠᠨ ᠱᠢ》 ᠪᠢᠴᠢᠭ ᠲᠦ᠍ ᠬᠤᠸᠠᠢ ᠸᠠᠩ (淮王 ) ᠲᠡᠮᠦᠷ ᠪᠤᠬ᠎ᠠ ᠭᠡᠳᠡᠭ᠃
ᠲᠡᠭᠷᠢ ᠶ᠋ᠢᠨ ᠬᠥᠪᠡᠭᠦᠨ ᠴᠢᠩᠭᠢᠰ ᠬᠠᠭᠠᠨ ᠤ᠋ ᠠᠯᠲᠠᠨ ᠤᠷᠤᠭ① ᠂
ᠳᠡᠭᠡᠳᠦ ᠪᠤᠷᠬᠠᠨ ᠨᠤᠭᠤᠳ ᠬᠤᠪᠢᠯᠭᠠᠨ ᠰᠡᠴᠡᠨ ᠬᠠᠭᠠᠨ ② ᠤ᠋ ᠪᠠᠷᠢᠭᠰᠠᠨ ᠠᠯᠲᠠᠨ ᠬᠠᠷᠰᠢ ᠂
ᠲᠡᠮᠳᠡᠭᠲᠡᠶ᠎ᠡ ᠪᠣᠳᠢᠰᠤᠩ ③ᠨᠠᠷ ᠤᠬᠠᠭᠠᠨᠲᠤ ᠬᠠᠭᠠᠨ ᠤ᠋ ᠲᠡᠬᠡᠷ᠎ᠡ ᠂
ᠲᠡᠭᠷᠢ ᠶ᠋ᠢᠨ ᠵᠠᠶᠠᠭᠠᠨ ᠢ᠋ᠶ᠋ᠠᠷ ᠠᠯᠳᠠᠭᠰᠠᠨ ᠤᠴᠢᠷ ᠲᠡᠢᠮᠦ ᠪᠥᠯᠥᠭᠡ ᠃
ᠲᠡᠭᠦᠨ ᠡᠴᠡ ᠢᠨᠠᠭᠰᠢᠳᠠ ᠬᠡᠳᠦᠨ ᠬᠡᠳᠦᠨ ᠬᠠᠳ ᠤ᠋ᠨ ᠦᠶ᠎ᠡ ᠪᠣᠯᠲᠠᠯ᠎ᠠ④ ᠂
ᠳᠡᠨᠵᠷᠵᠦ ᠶᠢᠷᠲᠢᠨᠴᠦ ᠶ᠋ᠢᠨ ᠲᠥᠷᠥ ᠪᠤᠷᠬᠠᠨ ᠤ᠋ ᠱᠠᠰᠢᠨ ᠡᠰᠡ ᠲᠣᠭᠲᠠᠵᠤ ᠂
ᠲᠡᠭᠦᠳᠡᠭᠡᠷᠡᠵᠦ ᠬᠠᠨ ᠬᠠᠷᠠᠴᠤ ᠰᠠᠢᠨ ᠮᠠᠭᠤ ᠶ᠋ᠢ ᠦᠯᠦ ᠢᠯᠭᠠᠯᠳᠤᠨ ᠶᠠᠪᠤᠬᠤᠢ ᠳ᠋ᠤᠷ ᠂
ᠲᠡᠷᠡ ᠴᠠᠭ ᠲᠤᠷ ᠪᠣᠷᠵᠢᠭᠢᠨ ᠤ᠋ ᠠᠯᠲᠠᠨ ᠤᠷᠤᠭ ᠴᠦᠯᠦᠢᠳᠡᠭ᠌ᠰᠡᠨ ᠳ᠋ᠦ᠍ᠷ
— — — —
① ᠬᠠᠳ ᠤ᠋ᠨ ᠤᠷᠤᠭ ᠭᠡᠬᠦ ᠤᠳᠬ᠎ᠠ ᠲᠠᠢ ᠃ᠮᠣᠩᠭᠣᠯ ᠰᠤᠷᠪᠤᠯᠵᠢ ᠪᠢᠴᠢᠭ ᠲᠦ᠍ 《 ᠠᠯᠲᠠᠨ 》 ᠭᠡᠳᠡᠭ ᠨᠢ ᠡᠵᠡᠨ ᠬᠠᠭᠠᠨ ᠤ᠋ ᠲᠥᠯᠥᠭᠡᠨ ᠦ᠌ ᠦᠭᠡ ᠪᠣᠯᠤᠨ᠎ᠠ ᠃ᠬᠢᠲᠠᠳ ᠦᠰᠦᠭ ᠦ᠋ᠨ 《御 》 ᠲᠡᠢ ᠠᠳᠠᠯᠢ ᠡᠵᠡᠨ ᠬᠠᠭᠠᠨ ᠢ᠋ ᠬᠦᠨᠳᠦᠳᠬᠡᠭᠰᠡᠨ ᠦᠭᠡ ᠪᠣᠯᠤᠨ᠎ᠠ ᠃ ᠦᠯᠢᠭᠡᠷᠯᠡᠪᠡᠰᠦ ᠂ ᠡᠵᠡᠨ ᠬᠠᠭᠠᠨ ᠤ᠋ ᠪᠡᠶ᠎ᠡ ᠶ᠋ᠢ ᠠᠯᠲᠠᠨ ᠪᠡᠶ᠎ᠡ ᠂ ᠡᠵᠡᠨ ᠬᠠᠭᠠᠨ ᠤ᠋ ᠠᠮᠢ ᠨᠠᠰᠤᠨ ᠢ᠋ ᠠᠯᠲᠠᠨ ᠠᠮᠢᠨ ᠂ ᠡᠵᠡᠨ ᠬᠠᠭᠠᠨ ᠤ᠋ ᠴᠢᠷᠠᠢ ᠶ᠋ᠢ ᠠᠯᠲᠠᠨ ᠴᠢᠷᠠᠢ ᠂ ᠡᠵᠡᠨ ᠬᠠᠭᠠᠨ ᠤ᠋ ᠣᠷᠳᠣᠨ ᠢ᠋ ᠠᠯᠲᠠᠨ ᠣᠷᠳᠣᠨ ᠭᠡᠵᠦ ᠥᠭᠦᠯᠡᠳᠡᠭ᠃ ᠠᠯᠲᠠᠨ ᠤᠷᠤᠭ ᠭᠡᠳᠡᠭ ᠨᠢ ᠴᠢᠩᠭᠢᠰ ᠬᠠᠭᠠᠨ ᠤ᠋ ᠰᠢᠭᠤᠳ ᠡᠦᠲᠦᠮ ᠤᠭᠰᠠᠭᠠᠨ ᠤ᠋ ᠬᠦᠨᠳᠦᠳᠬᠡᠯ ᠨᠡᠷᠡᠢᠳᠦᠯ ᠪᠣᠯᠤᠨ᠎ᠠ ᠃ ᠴᠢᠩᠭᠢᠰ ᠬᠠᠭᠠᠨ ᠪᠣᠯ ᠪᠣᠷᠵᠢᠭᠢᠨ ᠣᠪᠣᠭᠲᠤ ᠲᠤᠯᠠ ᠬᠣᠢᠨᠠᠬᠢ ᠬᠡᠰᠡᠭ ᠲᠦ᠍ ᠪᠠᠰᠠ ᠪᠣᠷᠵᠢᠭᠢᠨ ᠤ᠋ ᠠᠯᠲᠠᠨ ᠤᠷᠤᠭ ᠪᠤᠶᠤ ᠪᠣᠷᠵᠢᠭᠢᠨ ᠤ᠋ ᠤᠷᠤᠭ ᠭᠡᠵᠦ ᠲᠡᠮᠳᠡᠭᠯᠡᠵᠦ ᠪᠠᠢᠳᠠᠭ ᠃
② ᠬᠤᠪᠢᠯᠠᠢ ᠰᠡᠴᠡᠨ ᠬᠠᠭᠠᠨ ᠢ᠋ ᠥᠭᠦᠯᠡᠵᠦ ᠪᠠᠢᠨ᠎ᠠ ᠃
③ ᠮᠥᠨ ᠪᠠᠰᠠ ᠪᠦᠳᠢᠰᠠᠳᠦ ᠪᠤᠶᠤ ᠪᠦᠳᠢᠰᠠᠳᠦᠡ ᠭᠡᠵᠦ ᠪᠢᠴᠢᠳᠡᠭ ᠃ ᠪᠣᠭᠳᠠ ᠬᠥᠮᠦᠨ ᠂ ᠫᠦᠰᠡ ( 菩萨) ᠭᠡᠬᠦ ᠤᠳᠬ᠎ᠠ ᠲᠠᠢ ᠃
④ ᠳᠤᠬᠤᠨ ᠲᠡᠮᠦᠷ ᠤᠬᠠᠭᠠᠨᠲᠤ ᠬᠠᠭᠠᠨ ᠠᠴᠠ ᠯᠢᠭᠳᠡᠨ ᠬᠤᠲᠤᠭᠲᠤ ᠬᠠᠭᠠᠨ ᠬᠦᠷᠲᠡᠯᠡᠬᠢ ᠬᠠᠳ ᠤ᠋ᠨ ᠦᠶ᠎ᠡ ᠤᠯᠠᠮᠵᠢᠯᠠᠯ ᠢ᠋ ᠬᠣᠢᠨ᠎ᠠ ᠳᠠᠭᠠᠯᠳᠤᠭᠤᠯᠵᠤ ᠪᠠᠢᠭ᠎ᠠ ᠮᠣᠩᠭᠣᠯ ᠬᠠᠳ ᠤ᠋ᠨ ᠦᠶ᠎ᠡ ᠵᠠᠯᠭᠠᠮᠵᠢᠯᠠᠯ ᠤ᠋ᠨ ᠬᠦᠰᠦᠨᠦᠭ ᠲᠦ᠍ ᠨᠠᠷᠢᠪᠴᠢᠯᠠᠮᠤ ᠃
ᠪᠣᠯᠬᠤ ᠵᠢᠨᠦᠩ ① ᠡᠴᠡ ᠪᠠᠲᠤ ᠮᠥᠩᠬᠡ ᠨᠡᠷᠡᠲᠦ ᠬᠥᠪᠡᠭᠦᠨ ᠲᠥᠷᠥᠵᠦ ᠂
ᠪᠤᠲᠠ ᠲᠠᠶᠠ ᠡᠴᠢᠭᠡ ᠡᠴᠡᠭᠡᠨ ᠨᠢᠭᠡᠨ ᠨᠠᠰᠤᠲᠠᠢ ᠥᠨᠥᠴᠢᠨ ᠬᠣᠴᠣᠷᠤᠭᠰᠠᠨ ᠳ᠋ᠤᠷ
— — — —
① ᠤᠤᠯ ᠨᠡᠷ᠎ᠡ ᠪᠠᠶᠠᠨᠮᠥ᠋ᠩᠬᠡ ᠃ ᠪᠣᠯᠬᠤ ᠵᠢᠨᠦᠩ ᠭᠡᠳᠡᠭ ᠨᠢ ᠮᠠᠨᠳᠤᠭᠤᠯ ᠬᠠᠭᠠᠨ ᠤ᠋ ᠡᠷᠭᠦᠭᠰᠡᠨ ᠲᠤᠰᠢᠶᠠᠯ ᠪᠣᠯᠤᠨ᠎ᠠ ᠃ ᠵᠢᠨᠦᠩ ᠪᠣᠯ ᠲᠠᠢᠮᠢᠩ ᠤᠯᠤᠰ ᠤ᠋ᠨ ᠦᠶ᠎ᠡ ᠳ᠋ᠦ᠍ ᠮᠣᠩᠭᠣᠯ ᠤ᠋ᠨ ᠬᠠᠭᠠᠨ ᠳ᠋ᠤ᠌ ᠲᠤᠰᠠᠯᠠᠨ ᠪᠠᠷᠠᠭᠤᠨ ᠭᠠᠷᠤᠨ ᠮᠣᠩᠭᠣᠯ ᠢ᠋ ᠮᠡᠳᠡᠭᠡᠴᠢ ᠶ᠋ᠢᠨ ᠲᠤᠰᠢᠶᠠᠯ ᠪᠢᠯᠡ ᠃
② ᠲᠠᠢᠮᠢᠩ ᠤᠯᠤᠰ ᠤ᠋ᠨ ᠦᠶ᠎ᠡ ᠳ᠋ᠦ᠍ ᠮᠣᠩᠭᠣᠯ ᠢ᠋ ᠮᠠᠨᠳᠤᠭᠤᠯᠤᠭᠰᠠᠨ ᠰᠣᠳᠣ ᠡᠵᠡᠨ ᠳᠠᠶᠤᠨ ᠬᠠᠭᠠᠨ ᠤ᠋ ᠨᠡᠷ᠎ᠡ ᠪᠣᠯᠤᠨ᠎ᠠ ᠃ ᠳᠠᠶᠤᠨ ᠬᠠᠭᠠᠨ ᠤ᠋ ᠮᠡᠨᠳᠦᠯᠡᠭᠰᠡᠨ ᠪᠠ ᠬᠠᠯᠢᠭᠰᠠᠨ ᠣᠨ ᠵᠢᠯ ᠢ᠋ ᠡᠯ᠎ᠡ ᠪᠢᠴᠢᠭ ᠰᠤᠳᠤᠷ ᠲᠤ᠌ ᠲᠡᠮᠳᠡᠭᠯᠡᠵᠦ ᠪᠠᠢᠬᠤ ᠨᠢ ᠪᠦᠷ ᠠᠳᠠᠯᠢ ᠦᠭᠡᠢ ᠃ 《 ᠡᠷᠳᠡᠨᠢ ᠶ᠋ᠢᠨ ᠲᠣᠪᠴᠢ 》 ᠳ᠋ᠤ᠌ ᠳᠠᠶᠤᠨ ᠬᠠᠭᠠᠨ ᠢ᠋ 1464 ᠣᠨ ᠳ᠋ᠤ᠌ ᠮᠡᠨᠳᠦᠯᠡᠵᠦ 1470 ᠣᠨ ᠳ᠋ᠤ᠌ ᠬᠠᠭᠠᠨ ᠣᠷᠣ ᠰᠠᠭᠤᠭᠠᠳ 1543 ᠣᠨ ᠳ᠋ᠤ᠌ ᠬᠠᠯᠢᠵᠤ ᠨᠠᠰᠤᠨ ᠤ᠋ ᠬᠡᠮᠵᠢᠶ᠎ᠡ ᠨᠠᠶᠠ ᠬᠦᠷᠪᠡᠢ ᠭᠡᠳᠡᠭ ᠃ 《ᠭᠠᠩᠭ᠎ᠠ ᠶ᠋ᠢᠨ ᠤᠷᠤᠰᠬᠠᠯ 》 ᠳ᠋ᠤ᠌ ᠳᠠᠶᠤᠨ ᠬᠠᠭᠠᠨ ᠢ᠋ ᠲᠡᠮᠦᠷ ᠮᠣᠭᠠᠢ ᠵᠢᠯ ( 1461 ) ᠲᠡᠢ ᠂ ᠭᠠᠬᠠᠢ ᠵᠢᠯ ( 1467 ) ᠳᠣᠯᠣᠭᠠᠨ ᠨᠠᠰᠤᠨ ᠳ᠋ᠤ᠌ ᠶᠡᠬᠡ ᠣᠷᠣ ᠰᠠᠭᠤᠵᠤ ᠂ ᠭᠤᠴᠢᠨ ᠨᠠᠢ᠍ᠮᠠᠨ ᠣᠨ ᠪᠣᠯᠤᠭᠠᠳ ᠮᠣᠳᠣᠨ ᠬᠤᠯᠤᠭᠠᠨ᠎ᠠ ᠵᠢᠯ ( 1504 ) ᠳᠥᠴᠢᠨ ᠳᠥᠷᠪᠡᠨ ᠨᠠᠰᠤᠨ ᠳ᠋ᠠᠭᠠᠨ ᠬᠠᠯᠢᠪᠠᠢ ᠭᠡᠳᠡᠭ ᠃ᠳᠠᠶᠤᠨ ᠬᠠᠭᠠᠨ ᠤ᠋ ᠮᠡᠨᠳᠦᠯᠡᠭᠰᠡᠨ ᠣᠨ ᠪᠠ ᠬᠠᠯᠢᠭᠰᠠᠨ ᠣᠨ ᠤ᠋ ᠲᠤᠬᠠᠢ ᠶᠠᠫᠣᠨ ᠤᠯᠤᠰ ᠤ᠋ᠨ ᠸᠠᠳᠠᠰᠠᠢ ( 和田清) ᠳ᠋ᠣᠺᠲ᠋ᠣᠷ ᠰᠢᠨᠵᠢᠯᠡᠭᠡᠨ ᠬᠢᠵᠦ ᠲᠡᠭᠦᠨ ᠦ᠌ 《ᠥᠪᠥᠷ ᠮᠣᠩᠭᠣᠯ ᠤ᠋ᠨ ᠣᠯᠠᠨ ᠠᠢᠮᠠᠭ ᠤ᠋ᠨ ᠡᠭᠦᠰᠦᠯ 》 ᠭᠡᠬᠦ ᠵᠣᠬᠢᠶᠠᠯ ᠳ᠋ᠠᠭᠠᠨ ᠂ ᠳᠠᠶᠤᠨ ᠬᠠᠭᠠᠨ ᠤ᠋ ᠶᠡᠬᠡ ᠣᠷᠣ ᠡᠵᠡᠯᠡᠭᠰᠡᠨ ᠣᠨ ᠵᠢᠯ ᠢ᠋ 1479 — 1523 ᠣᠨ ( ᠡᠰᠡᠬᠦᠯ᠎ᠡ 1480 — 1524 ᠣᠨ ) ᠭᠡᠵᠦ ᠦᠵᠡᠵᠦ ᠳᠥᠴᠢᠨ ᠲᠠᠪᠤᠨ ᠣᠨ ᠰᠠᠭᠤᠷᠢᠨ᠎ᠠ ᠪᠠᠢᠵᠢᠬᠤᠢ ᠭᠡᠪᠡ ᠃ ᠬᠣᠵᠢᠮ ᠨᠢ 《ᠳᠣᠷᠣᠨ᠎ᠠ ᠠᠽᠢᠶ᠎ᠠ ᠶ᠋ᠢᠨ ᠲᠡᠦᠬᠡ ᠶ᠋ᠢᠨ ᠰᠤᠳᠤᠯᠤᠯ 》 (ᠮᠣᠩᠭᠣᠯ ᠤ᠋ᠨ ᠬᠡᠰᠡᠭ ) ᠭᠡᠬᠦ ᠪᠢᠴᠢᠭ ᠲᠦ᠍ ᠤᠤᠯ ᠤ᠋ᠨ ᠥᠭᠦᠯᠡᠭᠰᠡᠨ ᠢ᠋ᠶ᠋ᠡᠨ ᠵᠠᠰᠠᠮᠵᠢᠯᠠᠨ1481—1532 ᠣᠨ ( ᠡᠰᠡᠬᠦᠯ᠎ᠡ 1482—1533 ᠣᠨ ) ᠭᠡᠳ ᠲᠠᠪᠢᠨ ᠬᠣᠶᠠᠷ ᠣᠨ ᠶᠡᠬᠡ ᠣᠷᠣ ᠰᠠᠭᠤᠪᠠ ᠭᠡᠵᠡᠢ ᠃ ᠶᠠᠫᠣᠨ ᠤᠯᠤᠰ ᠤ᠋ᠨ ᠸᠠᠬᠢᠬᠠᠷᠠ ᠵᠢᠶᠦ᠋ᠨᠫᠠᠢ ( 萩原淳平ᠫᠷᠣᠹᠧᠰᠰᠣᠷ ᠥᠪᠡᠷ ᠦ᠋ᠨ ᠵᠣᠬᠢᠶᠠᠭ᠍ᠰᠠᠨ 《 ᠲᠠᠢᠮᠢᠩ ᠤ᠋ᠨ ᠦᠶ᠎ᠡ ᠳ᠋ᠡᠬᠢ ᠮᠣᠩᠭᠣᠯ ᠲᠡᠦᠬᠡ ᠶ᠋ᠢᠨ ᠰᠤᠳᠤᠯᠤᠯ 》 ᠭᠡᠬᠦ ᠨᠣᠮ ᠳ᠋ᠤ᠌ ᠪᠠᠨ ᠸᠠᠳᠠᠰᠠᠢ ᠠᠪᠤᠭᠠᠢ ᠶ᠋ᠢᠨ ᠥᠭᠦᠯᠡᠭᠰᠡᠨ ᠢ᠋ ᠡᠰᠡ ᠵᠥᠪᠱᠢᠶᠡᠷᠡᠨ ᠳᠠᠶᠤᠨ ᠬᠠᠭᠠᠨ ᠪᠣᠯ 1464 ᠣᠨ ᠳ᠋ᠤ᠌ ᠮᠡᠨᠳᠦᠯᠡᠵᠦ 1488 ᠣᠨ ᠳ᠋ᠤ᠌ ᠶᠡᠬᠡ ᠣᠷᠣ ᠵᠠᠯᠭᠠᠮᠵᠢᠯᠠᠭᠠᠳ 1519 ᠣᠨ ᠳ᠋ᠤ᠌ ᠬᠠᠯᠢᠵᠤ ᠬᠠᠭᠠᠨ ᠰᠠᠭᠤᠷᠢᠨ᠎ᠠ ᠭᠤᠴᠢᠨ ᠬᠣᠶᠠᠷ ᠣᠨ ᠤ᠋ ᠲᠡᠳᠦ ᠯᠡ ᠠᠪᠠᠢ ᠬᠡᠮᠡᠪᠡ ᠃ ᠸᠠᠬᠢᠬᠠᠷᠠ ᠠᠪᠤᠭᠠᠢ ᠶ᠋ᠢᠨ ᠥᠭᠦᠯᠡᠭᠰᠡᠨ ᠨᠢ ᠮᠥᠨ ᠴᠦ᠍ ᠦᠨᠡᠨ ᠮᠠᠭᠠᠳ ᠪᠦᠬᠦᠢ ᠰᠤᠷᠪᠤᠯᠵᠢ ᠪᠢᠴᠢᠭ ᠦ᠋ᠨ ᠡᠰᠢ ᠪᠠᠷᠢᠮᠲᠠ ᠪᠠᠷ ᠳᠤᠲᠠᠮᠠᠭ ᠲᠤᠯᠠ ᠦᠨᠡᠨ ᠬᠦ᠌ ᠵᠥᠪ ᠨᠤᠲᠠᠯᠠᠯ ᠭᠡᠵᠦ ᠦᠵᠡᠬᠦ ᠳ᠋ᠦ᠍ ᠮᠥᠨ ᠪᠡᠷᠬᠡ ᠲᠡᠢ ᠪᠢᠯᠡ ᠃ ᠲᠤᠰ ᠨᠣᠮ ᠤ᠋ᠨ ᠬᠣᠢᠨᠠᠬᠢ ᠬᠡᠰᠡᠭ ᠲᠦ᠍ ᠳᠠᠶᠤᠨ ᠬᠠᠭᠠᠨ ᠢ᠋ ᠤᠯᠠᠭᠠᠨ ᠦᠬᠡᠷ ᠵᠢᠯ (1517 ᠣᠨ ) ᠳᠥᠴᠢᠨ ᠳᠥᠷᠪᠡᠨ ᠨᠠᠰᠤᠨ ᠳ᠋ᠠᠭᠠᠨ ᠬᠠᠯᠢᠪᠠᠢ ᠭᠡᠬᠦ ᠡᠴᠡ ᠦᠵᠡᠪᠡᠯ ᠂ ᠲᠡᠭᠦᠨ ᠦ᠌ ᠮᠡᠨᠳᠦᠯᠡᠭᠰᠡᠨ ᠣᠨ ᠨᠢ 1474 ᠣᠨ ᠪᠣᠯᠬᠤ ᠶᠣᠰᠣᠲᠠᠢ ᠃ ᠲᠤᠰ ᠨᠣᠮ ᠤ᠋ᠨ ᠬᠣᠢᠨᠠᠬᠢ ᠬᠡᠰᠡᠭ ᠪᠠ ᠬᠢᠲᠠᠳ ᠰᠤᠷᠪᠤᠯᠵᠢ ᠪᠢᠴᠢᠭ ᠲᠦ᠍ ᠲᠡᠮᠳᠡᠭᠯᠡᠵᠦ ᠪᠦᠬᠦᠢ ᠳᠣᠣᠷ᠎ᠠ ᠬᠣᠶᠠᠷ ᠦᠶ᠎ᠡ ᠶ᠋ᠢᠨ ᠬᠠᠭᠠᠨ ( ᠰᠠᠢᠨ ᠠᠯᠠᠭ ᠬᠠᠭᠠᠨ ᠪᠠ ᠪᠣᠳᠢ ᠬᠠᠭᠠᠨ ) ᠤ᠋ ᠶᠡᠬᠡ ᠣᠷᠣ ᠵᠠᠯᠭᠠᠮᠵᠢᠯᠠᠭᠰᠠᠨ ᠣᠨ ᠵᠢᠯ ᠢ᠋ ᠬᠠᠷᠢᠯᠴᠠᠨ ᠤᠶᠠᠯᠳᠤᠭᠤᠯᠤᠨ ᠬᠢᠨᠠᠪᠠᠯ ᠂ ᠲᠤᠰ ᠨᠣᠮ ᠳ᠋ᠤ᠌ ᠳᠠᠶᠤᠨ ᠬᠠᠭᠠᠨ ᠤ᠋ ᠮᠡᠨᠳᠦᠯᠡᠭᠰᠡᠨ ᠪᠠ ᠬᠠᠯᠢᠭᠰᠠᠨ ᠣᠨ ᠵᠢᠯ ᠢ᠋ ᠲᠡᠮᠳᠡᠭᠯᠡᠭᠰᠡᠨ ᠨᠢ ᠬᠠᠷᠢᠨᠴᠤ ᠨᠡᠯᠢᠶᠡᠳ ᠢᠲᠡᠭᠡᠮᠵᠢ ᠲᠡᠢ ᠃
ᠪᠣᠷᠤᠬᠤ ᠰᠡᠳᠬᠢᠯ ᠳ᠋ᠦ᠍ ᠣᠩᠯᠢᠭᠤᠳ① ᠬᠦᠴᠦᠨ ᠪᠣᠯᠵᠤ ᠬᠣᠢᠲᠤ ᠡᠬᠡ ᠶ᠋ᠢ ᠢᠨᠤ ᠂
ᠪᠦᠷᠢᠨ ᠲᠦᠷᠦᠯᠬᠢᠲᠦ ᠮᠠᠨᠳᠤᠬᠠᠢ ᠬᠠᠲᠤᠨ② ᠠᠪᠬᠤᠢ ᠵᠠᠪᠳᠤᠭᠰᠠᠨ ᠳ᠋ᠤᠷ ᠂
ᠡᠷᠲᠡᠨ ᠦ᠌ ᠡᠷᠲᠡᠨ ᠦ᠌ ᠳᠡᠭᠡᠳᠦ ᠪᠣᠭᠳᠠ ᠶ᠋ᠢᠨ③ ᠦᠯᠦ ᠤᠮᠠᠷᠲᠠᠨ ᠂
— — — —
① ᠠᠢᠮᠠᠭ ᠤ᠋ᠨ ᠨᠡᠷ᠎ᠡ ᠪᠣᠯᠬᠤ ᠣᠩᠨᠢᠭᠤᠳ ᠤ᠋ᠨ ᠬᠠᠭᠤᠴᠢᠨ ᠪᠢᠴᠢᠯᠭᠡ ᠃ ᠡᠨᠳᠡ ᠣᠩᠯᠢᠭᠤᠳ ᠤ᠋ᠨ ᠸᠠᠩ ᠮᠣᠣᠯᠢᠬᠠᠢ ᠶ᠋ᠢ ᠬᠡᠯᠡᠵᠦ ᠪᠣᠢ ᠃ ᠡᠨᠡ ᠸᠠᠩ ᠮᠣᠯᠤᠨ ᠬᠠᠭᠠᠨ ᠢ᠋ ᠬᠣᠣᠷᠯᠠᠭᠰᠠᠨ ᠤ᠋ ᠳᠠᠷᠠᠭ᠎ᠠ ᠪᠤᠰᠤ ᠣᠯᠠᠨ ᠠᠢᠮᠠᠭ ᠢ᠋ ᠡᠵᠡᠨ ᠮᠡᠳᠡᠬᠦ ᠶ᠋ᠢᠨ ᠬᠠᠮᠲᠤ ᠪᠠᠰᠠ ᠮᠠᠨᠳᠤᠭᠤᠯ ᠬᠠᠭᠠᠨ ᠤ᠋ ᠥᠭᠡᠳᠡ ᠴᠡᠷᠢᠭ ᠬᠡᠷᠡᠭᠯᠡᠭᠰᠡᠨ ᠶᠠᠪᠤᠳᠠᠯ ᠪᠣᠢ ᠃
② ᠲᠦᠮᠡᠳ ᠲᠦᠮᠡᠨ ᠦ᠌ ᠡᠩᠭᠦᠳ ᠣᠲᠣᠭ ᠤ᠋ᠨ ᠴᠣᠷᠤᠰᠪᠠᠢ ᠴᠢᠩᠰᠠᠩ ᠤ᠋ᠨ ᠥᠬᠢᠨ ᠂ ᠮᠠᠨᠳᠤᠭᠤᠯ ᠬᠠᠭᠠᠨ ᠤ᠋ ᠪᠠᠭ᠎ᠠ ᠬᠠᠲᠤᠨ ᠪᠣᠯᠤᠨ᠎ᠠ ᠃ ᠮᠠᠨᠳᠤᠭᠤᠯ ᠬᠠᠭᠠᠨ ᠬᠠᠯᠢᠭᠰᠠᠨ ᠤ᠋ ᠬᠣᠢᠨ᠎ᠠ ᠮᠠᠨᠳᠤᠬᠠᠢ ᠰᠡᠴᠡᠨ ᠬᠠᠲᠤᠨ ᠬᠠᠭᠠᠨ ᠤ᠋ ᠡᠷᠬᠡ ᠶ᠋ᠢ ᠬᠠᠮᠠᠭᠠᠯᠠᠬᠤ ᠶ᠋ᠢᠨ ᠲᠥᠯᠥᠭᠡ ᠬᠣᠷᠴᠢᠨ ᠤ᠋ ᠦᠨᠡᠪᠣᠯᠤᠳ ᠸᠠᠩ ᠤ᠋ᠨ ᠤᠷᠤᠭ ᠤ᠋ᠨ ᠭᠤᠶᠤᠳᠠᠯ ᠢ᠋ ᠡᠰᠡ ᠵᠥᠪᠰᠢᠶᠡᠷᠡᠨ ᠂ ᠳᠣᠯᠣᠭᠠᠨ ᠨᠠᠰᠤᠲᠠᠢ ᠪᠠᠲᠤᠮᠥᠢᠩᠬᠡ ᠶ᠋ᠢ ᠶᠡᠬᠡ ᠣᠷᠣ ᠰᠠᠭᠤᠯᠭᠠᠵᠤ ᠲᠡᠭᠦᠨ ᠯᠤᠭᠡ ᠪᠡᠶ᠎ᠡ ᠬᠣᠯᠪᠣᠵᠠᠢ ᠃
③《 ᠵᠢᠨ 》 ᠢᠨᠤ 《 ᠪᠠᠨ 》 ᠤ᠋ ᠪᠤᠷᠤᠭᠤ ᠪᠢᠴᠢᠯᠭᠡ ᠃
ᠡᠳᠦᠭᠡ ᠶ᠋ᠢ ① ᠮᠠᠭᠤᠢ ᠣᠩᠯᠢᠭᠤᠳ ᠤᠢᠭᠤᠳ ᠤ᠋ᠨ② ᠠᠷᠭ᠎ᠠ ᠳ᠋ᠤᠷ ᠦᠯᠦ ᠣᠷᠣᠨ ᠂
— — — —
①《ᠡᠳᠦᠭᠡ ᠶ᠋ᠢ 》 ᠭᠡᠳᠡᠭ ᠨᠢ 《 ᠡᠳᠦᠭᠡ ᠬᠢ》 ᠭᠡᠰᠡᠨ ᠦ᠌ ᠡᠨᠳᠡᠭᠦᠦ ᠪᠢᠴᠢᠯᠭᠡ ᠪᠣᠯᠤᠨ᠎ᠠ ᠃
② ᠣᠢᠷᠠᠳ ᠮᠣᠩᠭᠣᠯ ᠤ᠋ᠨ ᠨᠢᠭᠡᠨ ᠠᠢᠮᠠᠭ ᠤ᠋ᠨ ᠨᠡᠷ᠎ᠡ ᠃ 《 ᠭᠠᠩᠭ᠎ᠠ ᠶ᠋ᠢᠨ ᠤᠷᠤᠰᠬᠠᠯ 》 ᠳ᠋ᠤ᠌ 《 ᠤᠢᠭᠤᠰ 》 ᠭᠡᠵᠦ ᠪᠢᠴᠢᠵᠦ ᠪᠣᠢ ᠃ ᠡᠨᠡ ᠠᠢᠮᠠᠭ ᠪᠣᠯ ᠤᠤᠯ ᠨᠢ ᠭᠤᠷᠪᠠ ᠳᠥᠷᠪᠡᠨ ᠵᠠᠭᠤᠭᠠᠳ ᠬᠥᠮᠦᠨ ᠠᠮᠠ ᠪᠦᠬᠦᠢ ᠥᠴᠦᠬᠡᠨ ᠠᠢᠮᠠᠭ ᠪᠠᠢᠵᠤ ᠲᠣᠷᠫᠠᠨ ᠤ᠋ ᠨᠤᠲᠤᠭ ᠲᠤ᠌ ᠮᠠᠯᠵᠢᠨ ᠠᠮᠢᠳᠤᠷᠠᠵᠤ ᠪᠠᠢᠵᠠᠢ ᠃ ᠬᠣᠵᠢᠮ ᠨᠢ ᠬᠠᠮᠢᠯ ᠤ᠋ᠨ ᠤᠮᠠᠷ᠎ᠠ ᠳ᠋ᠠᠬᠢ ᠪᠠᠷᠰᠺᠦᠯ ᠦ᠋ᠨ ᠨᠤᠲᠤᠭ ᠲᠤ᠌ ᠰᠢᠯᠵᠢᠨ ᠨᠡᠭᠦᠳᠡᠯᠯᠡᠪᠡ ᠃ ᠠᠷᠪᠠᠨ ᠲᠠᠪᠤᠳᠤᠭᠠᠷ ᠵᠠᠭᠤᠨ ᠤ᠋ ᠵᠢᠷᠠᠭᠠᠳ ᠣᠨ ᠤ᠋ ᠦᠶ᠎ᠡ ᠪᠣᠯᠬᠤ ᠳ᠋ᠤ᠌ ᠲᠡᠭᠦᠨ ᠦ᠌ ᠨᠣᠶᠠᠨ ᠠᠷᠭ᠎ᠠ ᠤᠬᠠᠨᠭᠠᠨ ᠶᠡᠬᠡᠲᠦ ᠂ ᠴᠡᠷᠢᠭ ᠲᠡᠢᠨ ᠳ᠋ᠦ᠍ ᠮᠡᠷᠭᠡᠨ ᠪᠠᠺᠠᠷᠰᠠᠨ ᠭᠡᠳᠡᠭ ᠬᠥᠮᠦᠨ ᠦ᠌ ᠳᠠᠢᠴᠢᠯᠠᠯᠲᠠ ᠶ᠋ᠢᠨ ᠳᠣᠣᠷ᠎ᠠ ᠳᠣᠷᠣᠨᠠᠰᠢ ᠨᠡᠭᠦᠳᠡᠯᠯᠡᠵᠦ ᠪᠣᠷᠣ ᠲᠣᠬᠣᠢ ᠶ᠋ᠢᠨ ᠬᠠᠪᠢ ᠳ᠋ᠤ᠌ ᠬᠦᠷᠪᠡ ᠃ ᠳᠤᠷᠤᠨᠠᠰᠢ ᠰᠢᠯᠵᠢᠨ ᠨᠡᠭᠦᠳᠡᠯᠯᠡᠬᠦ ᠶᠠᠪᠤᠴᠠ ᠳᠤᠮᠳᠠ ᠡᠨᠡ ᠠᠢᠮᠠᠭ ᠤ᠋ᠨ ᠰᠦᠷ ᠬᠦᠴᠦᠨ ᠬᠠᠷᠠᠲᠠᠯ᠎ᠠ ᠪᠤᠵᠠᠭᠠᠢᠷᠠᠵᠤ ᠬᠥᠭᠵᠢᠪᠡ ᠃ 1475 ᠣᠨ ᠪᠣᠯᠬᠤ ᠳ᠋ᠤ᠌ ᠪᠠᠺᠠᠷᠰᠠᠨ ᠢ᠋ᠶ᠋ᠠᠷ ᠮᠠᠨᠳᠤᠭᠤᠯ ᠢ᠋ ᠬᠠᠭᠠᠨ ᠡᠷᠭᠦᠮᠵᠢᠯᠡᠵᠦ ᠥᠪᠡᠷ ᠦ᠋ᠨ ᠪᠡᠶ᠎ᠡ ᠪᠡᠨ ᠳᠠᠢᠰᠢ ᠪᠣᠯᠭᠠᠪᠠ ᠃ ᠲᠡᠷᠡ ᠲᠤᠬᠠᠢ ᠳ᠋ᠤ᠌ ᠲᠡᠭᠦᠨ ᠦ᠌ ᠬᠠᠷᠢᠶᠠᠲᠤ ᠢᠷᠭᠡᠨ ᠨᠢᠭᠡᠨᠲᠡ ᠬᠡᠳᠦᠨ ᠲᠦᠮᠡᠨ ᠬᠥᠮᠦᠨ ᠪᠣᠯᠪᠠ ᠃ 1479 ᠣᠨ ᠳ᠋ᠤ᠌ ᠪᠠᠺᠠᠷᠰᠠᠨ ᠨᠠᠰᠤ ᠪᠠᠷᠠᠭᠰᠠᠨ ᠤ᠋ ᠬᠣᠢᠨ᠎ᠠ ᠂ ᠡᠨᠡ ᠠᠢᠮᠠᠭ ᠤ᠋ᠨ ᠢᠰᠮᠡᠨ ᠪᠠ ᠢᠪᠡᠷᠠᠢ ᠨᠠᠷ ᠤᠷᠢᠳ ᠬᠣᠵᠢᠳ ᠲᠠᠢᠰᠢ ᠶ᠋ᠢᠨ ᠲᠤᠰᠢᠶᠠᠯ ᠢ᠋ ᠵᠠᠯᠭᠠᠮᠵᠢᠯᠠᠨ ᠡᠨᠡ ᠬᠦ᠌ ᠤᠢᠭᠤᠳ ᠠᠢᠮᠠᠭ ᠤ᠋ᠨ ᠤᠯᠤᠰ ᠲᠥᠷᠥ ᠶ᠋ᠢᠨ ᠪᠠᠢᠷᠢ ᠰᠠᠭᠤᠷᠢ ᠶ᠋ᠢ ᠬᠡᠪ ᠢ᠋ᠶ᠋ᠡᠷ ᠪᠠᠢᠯᠭᠠᠵᠠᠢ ᠃ ᠤᠢᠭᠤᠳ ᠬᠡᠮᠡᠬᠦ ᠶ᠋ᠢ ᠬᠢᠲᠠᠳ ᠪᠢᠴᠢᠭ ᠲᠣᠷ ᠶᠧ ᠨᠢ ᠺᠧ ᠯᠢ (野乜克力 ) ᠭᠡᠬᠦ ᠪᠤᠶᠤ ᠪᠠᠰᠠ ᠳᠥᠭᠥᠮᠴᠢᠯᠡᠨ ( 乜克力 ) ᠭᠡᠵᠦ ᠪᠢᠴᠢᠳᠡᠭ ᠃ᠣᠷᠣᠰ ᠤ᠋ᠨ ᠡᠷᠳᠡᠮᠲᠡᠨ ᠹᠸᠷᠸᠲᠱᠨᠢᠸᠢᠳᠸᠷ ᠠᠪᠤᠭᠠᠢ ᠡᠨᠡ ᠨᠡᠷ᠎ᠡ ᠶ᠋ᠢ ᠲᠠᠢᠯᠪᠤᠷᠢᠯᠠᠨ ᠤᠩᠰᠢᠬᠤ ᠳ᠋ᠠᠭᠠᠨ ᠵᠡᠷᠯᠢᠭ ᠮᠸᠺᠡᠤᠯᠢ (wiIdmekoIi) ᠭᠡᠰᠡᠨ ᠪᠥᠭᠡᠳ ᠶᠠᠫᠣᠨ ᠤ᠋ ᠡᠷᠳᠡᠮᠲᠡᠨ ᠸᠠᠳᠠᠰᠠᠢ ᠳ᠋ᠣᠺᠲ᠋ᠣᠷreh.reh.ko.Ii ᠭᠡᠵᠦ ᠲᠠᠢᠯᠪᠤᠷᠢᠯᠠᠨ ᠤᠩᠰᠢᠵᠠᠢ ᠃ᠡᠭᠦᠨ ᠦ᠌ ᠬᠣᠢᠨ᠎ᠠ ᠲᠡᠷᠡ ᠪᠠᠰᠠ 乜克力 ᠭᠡᠳᠡᠭ ᠢ᠋ ᠬᠡᠷᠬᠢᠨ ᠤᠩᠰᠢᠬᠤ ᠲᠤᠬᠠᠢ ᠰᠢᠨᠵᠢᠯᠡᠭᠡᠨ ᠬᠢᠵᠦ ᠮᠸᠺᠷᠢᠨ (mekrin ) ᠭᠡᠵᠦ ᠤᠩᠰᠢᠨ ᠲᠠᠢᠯᠪᠤᠷᠢᠯᠠᠵᠠᠢ ᠃ ᠡᠭᠦᠨᠴᠡ ᠡᠬᠢᠯᠡᠨ ᠶᠠᠫᠣᠨ ᠤᠯᠤᠰ ᠵᠠ ᠡᠷᠳᠡᠮ ᠰᠢᠨᠵᠢᠯᠡᠭᠡᠨ ᠦ᠌ ᠬᠢᠨ 乜克力 ᠢ᠋ ᠪᠦᠷ ᠮᠸᠺᠷᠢᠨ ᠭᠡᠵᠦ ᠤᠩᠰᠢᠵᠤ ᠲᠡᠮᠳᠡᠭᠯᠡᠬᠦ ᠪᠣᠯᠵᠠᠢ ᠃ ᠭᠡᠪᠡᠴᠦ ᠮᠣᠩᠭᠣᠯ ᠤ᠋ᠨ ᠲᠡᠦᠬᠡ ᠶ᠋ᠢᠨ ᠰᠤᠷᠪᠤᠯᠵᠢ ᠪᠢᠴᠢᠭ ᠲᠦ᠍野乜克力 ᠪᠤᠶᠤ 乜克力 ᠶ᠋ᠢ 《 ᠤᠢᠭᠤᠳ 》 ᠭᠡᠵᠦ ᠲᠣᠳᠣᠷᠬᠠᠢ ᠲᠡᠮᠳᠡᠭᠯᠡᠵᠦ ᠢᠷᠡᠭᠰᠡᠨ ᠪᠠᠢᠳᠠᠯᠠᠴᠠ ᠰᠢᠨᠵᠢᠪᠡᠯ ᠂ ᠡᠨᠡᠬᠦ野 ᠦᠰᠦᠭ ᠢᠨᠤ ᠬᠠᠷᠢᠨ ᠴᠤ᠌E ( ᠣ ᠦᠰᠦᠭ ᠯᠤᠭᠡ ᠣᠢᠷᠠᠯᠴᠠᠭ᠎ᠠ ᠠᠶᠠᠯᠭᠤ ) ᠭᠡᠬᠦ ᠠᠪᠢᠶ᠎ᠠ ᠶ᠋ᠢ ᠲᠡᠮᠳᠡᠭᠯᠡᠭᠰᠡᠨ ᠦᠰᠦᠭ ᠪᠣᠯᠬᠤ ᠠ᠋ᠴᠠ ᠪᠢᠰᠢ ᠡᠭᠦᠨ ᠳ᠋ᠦ᠍ ᠬᠢᠲᠠᠳ ᠤᠳᠬ᠎ᠠ ᠶ᠋ᠢᠨ 野蛮 ( ᠵᠡᠷᠯᠢᠭ ) ᠭᠡᠬᠦ ᠠᠭᠤᠯᠭ᠎ᠠ ᠪᠠᠭᠲᠠᠵᠤ ᠦᠭᠡᠢ ᠃ 《乜 》ᠭᠡᠬᠦ ᠦᠰᠦᠭ ᠪᠣᠯ ᠬᠡᠳᠦᠨ ᠵᠦᠢᠯ ᠦ᠋ᠨ ᠳᠠᠭᠤᠳᠠᠯᠭ᠎ᠠ ᠲᠠᠢ ᠦᠰᠦᠭ ᠲᠤᠯᠠ ᠠᠳᠠnie ( ᠨᠢ ᠦᠰᠦᠩᠯᠤᠭᠡ ᠣᠢᠷᠠᠯᠴᠠᠭ᠎ᠠ ᠳᠠᠭᠤᠳᠠᠯᠭ᠎ᠠ ) ᠭᠡᠵᠦ ᠤᠩᠰᠢᠪᠠᠯ ᠵᠣᠬᠢᠬᠤ ᠠ᠋ᠴᠠ ᠬᠠᠷᠢᠨme ᠭᠡᠵᠦ ᠤᠩᠰᠢᠵᠤ ᠦᠯᠦ ᠪᠣᠯᠤᠨ᠎ᠠ ᠃ ᠡᠨᠡ ᠬᠦ᠌ 野也乜克力 ᠪᠣᠯ ᠤᠢᠭᠤᠷ ᠬᠡᠮᠡᠬᠦ ᠶ᠋ᠢᠨ ᠪᠤᠷᠤᠭᠤ ᠤᠩᠰᠢᠯᠭ᠎ᠠ ᠪᠣᠯᠬᠤ 《 ᠣᠨᠢᠭᠤᠷ 》 ᠭᠡᠬᠦ ᠦᠭᠡ ᠶ᠋ᠢᠨ ᠠᠪᠢᠶᠠᠴᠢᠯᠠᠭᠰᠠᠨ ᠣᠷᠴᠢᠭᠤᠯᠭ᠎ᠠ ᠲᠡᠳᠦᠢ ᠶᠦ᠍ᠮ ᠃ ᠣᠢᠭᠤᠳ ᠪᠣᠯ ᠤᠢᠭᠤᠷ ᠭᠡᠬᠦ ᠶ᠋ᠢᠨ ᠣᠯᠠᠨ ᠲᠣᠭᠠᠨ ᠤ᠋ ᠬᠡᠯᠪᠡᠷᠢ ᠪᠣᠯᠤᠨ᠎ᠠ ᠃ ( ᠣᠯᠳᠣᠢ ᠮᠢᠨᠦ ᠪᠢᠴᠢᠭᠰᠡᠨ 《 ᠳᠤᠮᠳᠠᠳᠤ ᠤᠯᠤᠰ ᠤ᠋ᠨ ᠮᠣᠩᠭᠣᠯ ᠲᠡᠦᠬᠡ ᠶ᠋ᠢᠨ ᠨᠡᠢᠭᠡᠮᠯᠢᠭ ᠦ᠋ᠨ ᠥᠭᠦᠯᠡᠯ ᠦ᠋ᠨ ᠲᠡᠭᠦᠪᠦᠷᠢ 》 ᠶ᠋ᠢᠨ1980 ᠣᠨ ᠤ᠋ ᠬᠤᠭᠤᠴᠠᠭ᠎ᠠ ᠳ᠋ᠤ᠌ ᠨᠡᠢᠲᠡᠯᠡᠭᠳᠡᠭᠰᠡᠨ 《 野也克力释 》 ᠭᠡᠬᠦ ᠵᠣᠬᠢᠶᠠᠯᠠᠴᠠ ᠦᠵᠡᠮᠦ ) ᠡᠨᠳᠡ ᠳᠤᠷᠠᠳᠤᠭᠰᠠᠨ ᠣᠢᠭᠤᠳ ᠭᠡᠳᠡᠭ ᠨᠢ ᠲᠤᠰ ᠠᠢᠮᠠᠭ ᠤ᠋ᠨ ᠢᠰᠮᠡᠨ ᠲᠠᠢᠰᠢ ᠶ᠋ᠢ ᠬᠡᠯᠡᠵᠦ ᠪᠣᠢ ᠃ ᠲᠡᠷᠡ ᠪᠣᠯ ᠮᠠᠨᠳᠤᠭᠤᠯ ᠬᠠᠭᠠᠨ ᠪᠠ ᠪᠣᠯᠬᠤ ᠵᠢᠨᠦᠩ ᠬᠣᠶᠠᠷ ᠢ᠋ ᠵᠠᠪᠰᠠᠷᠳᠠᠭᠤᠯᠤᠨ ᠬᠠᠳᠬᠤᠵᠤ ᠪᠣᠯᠬᠤ ᠵᠢᠨᠦᠩ ᠢ᠋ ᠳᠠᠢᠵᠢᠨ ᠶᠠᠪᠤᠭᠤᠯᠤᠭᠰᠠᠨ ᠬᠥᠮᠦᠨ ᠶᠦ᠍ᠮ ᠃
ᠡᠷᠳᠡᠨᠢ ᠮᠡᠲᠦ ᠬᠥᠪᠡᠭᠦᠨ ᠢ᠋ᠶ᠋ᠡᠨ ᠨᠢᠭᠡᠨ ᠨᠠᠰᠤᠲᠠᠢ ᠠ᠋ᠴᠠ ᠰᠠᠬᠢᠨ ᠂
ᠡᠷᠬᠡᠲᠦ ᠮᠥᠩᠬᠡ ᠲᠡᠭᠷᠢ ᠡᠴᠢᠭᠡ ᠳ᠋ᠡᠭᠡᠨ ᠥᠴᠢᠵᠦ ᠵᠠᠯᠪᠠᠷᠢᠨ ᠂
《 ᠴᠢᠪᠢᠯᠲᠦ ᠮᠠᠭᠤ ᠰᠡᠳᠬᠢᠯ ᠲᠠᠨ ᠢ᠋ ᠲᠩᠷᠢ ᠡᠵᠡᠨ ᠴᠢ ᠮᠡᠳᠡ ! 》 ᠭᠡᠮᠡᠨ
ᠴᠢᠩ ᠰᠡᠳᠬᠢᠯ ᠢ᠋ᠶ᠋ᠡᠷ ᠬᠠᠲᠠᠭᠤ ᠲᠠ ᠵᠠᠯᠪᠠᠷᠢᠭᠠᠳ
ᠴᠢᠬᠤᠯᠠ ᠬᠥᠪᠡᠭᠦᠨ ᠢ᠋ᠶ᠋ᠡᠨ ᠠᠶᠤᠨ ᠡᠮᠢᠶᠡᠨ ᠰᠠᠬᠢᠨ ᠬᠠᠳᠠᠭᠠᠯᠠᠵᠤ ᠂
ᠴᠢᠨᠳᠠᠮᠠᠨᠢ ᠮᠡᠲᠦ ᠳᠡᠯᠭᠡᠷᠡᠭᠦᠯᠪᠡᠢ ᠪᠣᠷᠵᠢᠭᠢᠨ ᠤ᠋ ᠠᠯᠲᠠᠨ ᠤᠷᠤᠭ ᠢ᠋ ᠃
ᠡᠷᠬᠡᠴᠤᠳ ᠲᠦᠮᠡᠨ ᠢ᠋ ①ᠥᠬᠢᠨ ᠮᠠᠨᠳᠤᠬᠠᠢ ᠬᠠᠲᠤᠨ ᠡᠬᠡ ᠢᠨᠦ ᠂
— — — —
①ᠮᠣᠩᠭᠣᠯ ᠰᠤᠷᠪᠤᠯᠵᠢ ᠪᠢᠴᠢᠭ ᠲᠦ᠍ 《 ᠶ᠋ᠢ ᠂ ᠶ᠋ᠢᠨ 》 ᠬᠣᠶᠠᠷ ᠳᠠᠭᠠᠪᠤᠷ ᠢ᠋ ᠰᠣᠯᠢᠯᠴᠠᠨ ᠪᠢᠴᠢᠬᠦ ᠵᠤᠷᠰᠢᠯ ᠪᠣᠢ ᠃ᠠᠳᠠ ᠪᠠᠢᠭ᠎ᠠ 《 ᠡᠷᠬᠡᠴᠤᠳ ᠲᠦᠮᠡᠨ ᠢ᠋ 》 ᠭᠡᠰᠡᠨ ᠨᠢ ᠡᠳᠦᠭᠡ ᠶ᠋ᠢᠨ 《 ᠡᠷᠬᠡᠴᠦᠳ ᠲᠦᠮᠡᠨ ᠦ᠌ 》 ᠭᠡᠰᠡᠨ ᠦᠭᠡ ᠪᠣᠯᠤᠨ᠎ᠠ ᠃ ᠡᠷᠬᠡᠴᠦᠳ ᠭᠡᠳᠡᠭ ᠨᠢ ᠬᠠᠷᠠᠴᠤᠰ ᠠ᠋ᠴᠠ ᠲᠠᠢᠰᠢ ᠪᠠ ᠴᠢᠩᠰᠠᠩ ᠵᠡᠷᠭᠡ ᠨᠣᠶᠠᠨ ᠪᠣᠯᠤᠭᠰᠠᠨ ᠢ᠋ ᠬᠡᠯᠡᠨ᠎ᠡ ᠃ ᠡᠷᠬᠡᠴᠦᠳ ᠲᠦᠮᠡ ᠭᠡᠳᠡᠭ ᠨᠢ ᠲᠠᠢᠰᠢ ᠪᠤᠶᠤ ᠴᠢᠩᠰᠠᠩ ᠤ᠋ᠨ ᠬᠠᠷᠢᠶᠠᠯᠠᠬᠤ ᠲᠦᠮᠡᠨ ᠢ᠋ ᠵᠢᠭᠠᠨ᠎ᠠ ᠃ ᠲᠦᠮᠡᠨ ᠪᠣᠯ ᠠᠩᠬᠠᠨ ᠳ᠋ᠠᠭᠠᠨ ᠲᠦᠮᠡᠨ ᠨᠡᠷ᠎ᠡ ᠴᠡᠷᠢᠭ ᠭᠠᠷᠭᠠᠬᠤ ᠵᠠᠰᠠᠭ ᠵᠠᠬᠢᠷᠭᠠᠨ ᠤ᠋ ᠨᠢᠭᠡᠴᠢ ᠶ᠋ᠢ ᠬᠡᠯᠡᠵᠦ ᠪᠠᠢᠵᠠᠢ ᠃ ᠲᠠᠢᠮᠢᠩ ᠤᠯᠤᠰ ᠤ᠋ᠨ ᠦᠶ᠎ᠡ ᠪᠣᠯᠬᠤ ᠳ᠋ᠤ᠌ ᠲᠦᠮᠡᠨ ᠦ᠌ ᠬᠡᠪᠴᠢᠶ᠎ᠡ ᠨᠢ ᠥᠷᠭᠡᠳᠴᠦ ᠭᠠᠭᠴᠠ ᠲᠦᠮᠡᠨ ᠦ᠌ ᠲᠣᠭ᠎ᠠ ᠶ᠋ᠢ ᠯᠡ ᠵᠢᠭᠠᠬᠤ ᠪᠢᠰᠢ ᠪᠣᠯᠵᠠᠢ ᠃ ᠵᠠᠷᠢᠮ ᠲᠦᠮᠡᠨ ᠦ᠌ ᠳᠣᠲᠣᠷ᠎ᠠ ᠨᠢᠭᠡᠨᠲᠡ ᠬᠡᠳᠦᠨ ᠲᠦᠮᠡᠨ ᠴᠡᠷᠢᠭ ᠪᠠᠭᠲᠠᠬᠤ ᠪᠣᠯᠪᠠ ᠃ ᠮᠣᠩᠭᠣᠯ ᠰᠤᠷᠪᠤᠯᠵᠢ ᠪᠢᠴᠢᠭ ᠲᠦ᠍ 《ᠲᠦᠮᠡᠨ 》 ᠪᠠ 《 ᠤᠯᠤᠰ 》 ᠢ᠋ ᠨᠢᠭᠡᠨ ᠤᠬᠠᠭᠳᠠᠬᠤᠨ ᠶᠠᠷ ᠬᠡᠷᠡᠭᠯᠡᠨ ᠰᠣᠯᠢᠨ ᠪᠢᠴᠢᠵᠦ ᠪᠠᠢᠳᠠᠭ ᠃ ᠮᠠᠨᠳᠤᠬᠠᠢ ᠬᠠᠲᠤᠨ ᠤ᠋ ᠡᠴᠢᠭᠡ ᠪᠣᠯ ᠲᠦᠮᠡᠳ ᠲᠦᠮᠡᠨ ᠦ᠌ ᠡᠩᠭᠦᠳ ᠣᠲᠣᠭ ᠤ᠋ᠨ ᠴᠢᠩᠰᠠᠩ ᠪᠢᠯᠡ ᠃ ᠡᠢᠮᠦᠡᠴᠡ ᠡᠨᠳᠡ ᠮᠠᠨᠳᠤᠬᠠᠢ ᠬᠠᠲᠤᠨ ᠢ᠋ ᠡᠷᠬᠡᠴᠤᠳ ᠲᠦᠮᠡᠨ ᠦ᠌ ᠥᠬᠢᠨ ᠭᠡᠵᠦ ᠥᠭᠦᠯᠡᠭᠰᠡᠨ ᠠᠵᠢ ᠃
ᠡᠷᠳᠡᠨᠢ ᠮᠡᠲᠦ ᠰᠡᠳᠬᠢᠯᠳᠦ ᠰᠠᠢᠳ ᠯᠤᠭ᠎ᠠ ᠪᠠᠨ ᠵᠥᠪᠯᠡᠯᠳᠦᠵᠦ
ᠡᠨᠳᠡᠭᠦᠷᠡᠯ ᠦᠭᠡᠢ ᠲᠠᠶᠤᠨ①ᠬᠠᠭᠠᠨ ᠤ᠋ ᠲᠡᠢᠨ ᠰᠠᠢᠰᠢᠶᠠᠭᠰᠠᠨ ᠢ᠋ᠶ᠋ᠠᠷ ᠂
ᠡᠷᠬᠡᠲᠦ ᠪᠣᠷᠵᠢᠭᠢᠨ ᠤ᠋ ᠭᠠᠯ ᠢ᠋ ᠰᠢᠲᠠᠭᠠᠭᠰᠠᠨ ᠢᠨᠦ ᠲᠡᠢᠮᠦ ᠪᠥᠯᠥᠭᠡ ᠃
ᠳᠣᠯᠣᠭᠠᠨ ᠨᠠᠰᠤᠲᠠᠢ ᠬᠣᠢᠲᠤ ᠡᠬᠡ ᠶ᠋ᠢ ᠠᠰᠠᠷᠠᠭᠤᠯᠤᠭᠠᠳ
ᠳᠥᠴᠢᠨ ᠲᠦᠮᠡᠨ ᠮᠣᠩᠭᠣᠯ②ᠴᠢᠭᠤᠯᠵᠤ ᠲᠠᠶᠤᠨ ᠬᠠᠭᠠᠨ ᠴᠣᠯᠠ ᠡᠷᠭᠦᠵᠦ
— — — —
①《ᠲᠠᠶᠤᠨ ᠬᠠᠭᠠᠨ ᠤ᠋ 》 《 ᠶ᠋ᠢᠨ 》 ᠨᠢ ᠡᠳᠦᠭᠡ ᠶ᠋ᠢᠨ 《 ᠢ᠋ 》 ᠲᠡᠢ ᠠᠳᠠᠯᠢ ᠃
②ᠲᠠᠢᠮᠢᠩ ᠤᠯᠤᠰ ᠤ᠋ᠨ ᠦᠶ᠎ᠡ ᠳ᠋ᠦ᠍ ᠮᠣᠩᠭᠣᠯ ᠢ᠋ ᠵᠡᠭᠦᠨ ᠮᠣᠩᠭᠣᠯ ᠪᠠ ᠪᠠᠷᠠᠭᠤᠨ ᠣᠢᠷᠠᠳ ᠭᠡᠵᠦ ᠬᠣᠶᠠᠷ ᠶᠡᠬᠡ ᠪᠦᠯᠦᠭ ᠬᠤᠪᠢᠶᠠᠯᠠᠨ ᠥᠭᠦᠯᠡᠳᠡᠭ ᠃ᠲᠤᠬᠠᠢ ᠶ᠋ᠢᠨ ᠦᠶ᠎ᠡ ᠳ᠋ᠦ᠍ ᠮᠣᠩᠭᠣᠯᠴᠤᠳ ᠤ᠋ᠨ ᠳᠠᠳᠬᠠᠯ ᠢ᠋ᠶ᠋ᠠᠷ ᠂ ᠵᠡᠭᠦᠨ ᠮᠣᠩᠭᠣᠯ ᠢ᠋ ᠳᠥᠴᠢᠨ ᠲᠦᠮᠡᠨ ᠂ ᠪᠠᠷᠠᠭᠤᠨ ᠣᠢᠷᠠᠳ ᠢ᠋ ᠳᠥᠷᠪᠡᠨ ᠲᠦᠮᠡᠨ ᠭᠡᠵᠦ ᠦᠵᠡᠳᠡᠭ ᠲᠤᠯᠠ ᠵᠡᠭᠦᠨ ᠮᠣᠩᠭᠣᠯ ᠢ᠋ ᠳᠥᠴᠢᠨ ᠲᠦᠮᠡᠨ ᠮᠣᠩᠭᠣᠯ ᠂ ᠪᠠᠷᠠᠭᠤᠨ ᠣᠢᠷᠠᠳ ᠢ᠋ ᠳᠥᠷᠪᠡᠨ ᠲᠦᠮᠡᠨ ᠣᠢᠷᠠᠳ ᠭᠡᠵᠦ ᠥᠭᠦᠯᠡᠳᠡᠭ ᠃ ᠮᠣᠩᠭᠣᠯ ᠰᠤᠷᠪᠤᠯᠵᠢ ᠪᠢᠴᠢᠭ ᠲᠦ᠍ ᠪᠦᠬᠦᠢ 《 ᠳᠥᠴᠢᠨ ᠳᠥᠷᠪᠡᠨ ᠬᠣᠶᠠᠷ 》 ᠭᠡᠳᠡᠭ ᠦᠭᠡ ᠪᠣᠯ ᠪᠦᠬᠦ ᠮᠣᠩᠭᠣᠯ ᠢ᠋ ᠵᠢᠭᠠᠨ ᠥᠭᠦᠯᠡᠭᠰᠡᠨ ᠪᠢᠯᠡ ᠃ ᠬᠢᠲᠠᠳ ᠪᠢᠴᠢᠭ ᠲᠦ᠍ ᠵᠡᠭᠦᠨ ᠮᠣᠩᠭᠣᠯ ᠢ᠋ ᠲᠠ ᠳᠠ (鞑靼 ) ᠭᠡᠵᠦ ᠪᠠᠷᠠᠭᠤᠨ ᠣᠢᠷᠠᠳ ᠢ᠋ ᠸᠠ ᠯᠠ ( 瓦剌) ᠭᠡᠳᠡᠭ ᠃
ᠲᠥᠷᠥ ᠶᠣᠰᠣᠨ ᠢ᠋ ᠡᠬᠢᠯᠡᠨ ᠲᠦᠰᠢᠮᠡᠳ ᠰᠠᠢᠳ ᠤ᠋ᠨ ᠦᠭᠡᠰ ᠢ᠋ ᠠᠪᠤᠭᠠᠳ
ᠲᠦᠪᠰᠢᠨᠡ ᠵᠣᠬᠢᠶᠠᠨ ᠵᠠᠰᠠᠨ ᠶᠠᠪᠤᠲᠠᠯ᠎ᠠ ᠪᠠᠰᠠ ᠬᠦ᠌
ᠲᠡᠷᠡ ᠪᠠᠲᠤ ᠮᠥᠩᠬᠡ ᠳᠠᠶᠤᠨ ᠬᠠᠭᠠᠨ ᠠ᠋ᠴᠠ ᠤᠯᠠᠮ ᠰᠠᠯᠵᠤ
ᠲᠡᠳᠡᠭᠡᠷ ᠠᠷᠪᠠᠨ ᠨᠢᠭᠡᠨ ᠬᠠᠳ ᠬᠥᠪᠡᠭᠦᠳ ᠲᠥᠷᠥᠵᠦ ᠪᠦᠷ ᠦ᠋ᠨ ᠄
ᠳᠡᠭᠡᠳᠦ ᠶᠡᠬᠡ ᠬᠥᠪᠡᠭᠦᠨ ᠢᠨᠤ ᠲᠥᠷᠥ ᠪᠠᠢᠬᠤ ①
ᠲᠡᠭᠦᠨ ᠤ ᠳᠡᠭᠦ ᠢᠨᠤ ᠤᠯᠤᠰ ᠪᠠᠢᠬᠤ ②
ᠲᠡᠭᠦᠨ ᠦ᠌ ᠳᠡᠭᠦ ᠢᠨᠤ ᠪᠠᠷᠰᠤ ᠪᠣᠯᠣᠳ ③
ᠲᠡᠭᠦᠨ ᠤ᠋ ᠳᠡᠭᠦ ᠠᠷᠰᠤᠪᠠᠯᠠᠳ④
— — — —
① 《ᠡᠷᠳᠡᠨᠢ ᠶ᠋ᠢᠨ ᠲᠣᠪᠴᠢ 》 ᠳ᠋ᠤ᠌ ᠲᠥᠷᠥ ᠪᠣᠯᠣᠳ ᠭᠡᠵᠦ ᠬᠢᠲᠠᠳ ᠪᠢᠴᠢᠭ ᠲᠦ᠍ ᠲᠢᠶᠧ ᠯᠢ ᠪᠠᠢ ᠬᠦ᠌ (铁力摆户) ᠭᠡᠳᠡᠭ ᠃
② 《 ᠡᠷᠳᠡᠨᠢ ᠶ᠋ᠢᠨ ᠲᠣᠪᠴᠢ 》 ᠳ᠋ᠤ᠌ ᠤᠯᠤᠰ ᠪᠣᠯᠣᠳ ᠭᠡᠵᠦ ᠬᠢᠲᠠᠳ ᠪᠢᠴᠢᠭ ᠲᠦ᠍ ᠡᠦ ᠯᠦ᠍ ᠱᠢ ᠲᠠᠢᠵᠢ (五路士台吉) ᠪᠤᠶᠤ ᠠ ᠡᠯ ᠯᠦᠨ(阿尔伦) ᠭᠡᠳᠡᠭ᠃
③ ᠬᠢᠲᠠᠳ ᠪᠢᠴᠢᠭ ᠲᠦ᠍ ᠪᠠᠷᠰᠤ ᠪᠣᠯᠣᠳ ᠢ᠋ ᠋ᠠ ᠵᠣ᠌ (阿著 ) ᠭᠡᠳᠡᠭ ᠃
④《 ᠡᠷᠳᠡᠨᠢ ᠶ᠋ᠢᠨ ᠲᠣᠪᠴᠢ 》 ᠳ᠋ᠤ᠌ ᠠᠷᠰᠤᠪᠤᠯᠤᠳ ᠭᠡᠵᠦ ᠂ ᠬᠢᠲᠠᠳ ᠪᠢᠴᠢᠭ ᠲᠦ᠍ ᠥᠸᠧ ᠵᠧ ᠬᠣᠩ ᠲᠠᠢᠵᠢ (我折黄台吉) ᠭᠡᠬᠦ ᠪᠤᠶᠤ ᠲᠦᠮᠡᠳ ᠢ᠋ ᠵᠠᠬᠢᠷᠴᠤ ᠪᠠᠢᠭᠰᠠᠨ ᠤ᠋ ᠣᠴᠢᠷ᠎ᠠ ᠲᠡᠭᠦᠨ ᠢ᠋ ᠪᠠᠰᠠ ᠮᠠᠨ ᠭᠦᠸᠠᠨ ᠴᠧᠨ ( 满宫嗔 ᠮᠣᠩᠭᠣᠯᠵᠢᠨ ᠪᠤᠶᠤ ᠂ ᠲᠦᠮᠡᠳ ᠢ᠋ ᠪᠠᠰᠠ ᠮᠣᠩᠭᠣᠯᠵᠢᠨ ᠭᠡᠳᠡᠭ ) ᠭᠡᠵᠦ ᠳᠠᠭᠤᠳᠠᠳᠠᠭ ᠃
ᠲᠡᠭᠦᠨ ᠦ᠌ ᠳᠡᠭᠦ ᠢᠨᠤ ᠦᠳᠡ ᠪᠡᠯᠡᠳ ①
ᠲᠡᠭᠦᠨ ᠦ᠌ ᠳᠡᠭᠦ ᠢᠨᠤ ᠡᠯ ᠪᠤᠬᠤᠷᠠ ②
ᠲᠡᠭᠦᠨ ᠦ᠌ ᠳᠡᠭᠦ ᠢᠨᠤ ᠠᠯ ᠪᠤᠬᠤᠷᠠ③
ᠲᠡᠭᠦᠨ ᠦ᠌ ᠳᠡᠭᠦ ᠢᠨᠤ ᠭᠡᠭᠡᠨ ᠮᠥᠩᠬᠡ ④
ᠲᠡᠭᠦᠨ ᠦ᠌ ᠳᠡᠭᠦ ᠢᠨᠤ ᠴᠠᠭ ᠮᠥᠩᠬᠡ ᠪᠣᠢ⑤
ᠲᠡᠭᠦᠨ ᠦ᠌ ᠳᠡᠭᠦ ᠢᠨᠤ ᠭᠡᠷᠡᠰᠡᠨᠵᠢ ⑥
ᠲᠡᠭᠦᠨ ᠦ᠌ ᠳᠡᠭᠦ ᠢᠨᠤ ᠤᠪᠠᠰᠠᠨᠵᠢ ⑦ ᠨᠡᠷᠡᠲᠡᠨ ᠬᠥᠪᠡᠭᠦᠳ ᠪᠦᠯᠦᠭᠡᠢ᠃
— — — —
①《 ᠡᠷᠳᠡᠨᠢ ᠶ᠋ᠢᠨ ᠲᠣᠪᠴᠢ》 ᠳ᠋ᠤ᠌ ᠸᠴᠢᠷ ᠪᠣᠯᠣᠳ ᠭᠡᠵᠦ ᠬᠢᠲᠠᠳ ᠪᠢᠴᠢᠭ ᠲᠦ᠍ ᠠ ᠴᠢ ᠯᠠᠢ ᠲᠠᠢᠵᠢ (阿赤赖台吉 ) ᠭᠡᠳᠡᠭ ᠃
②《 ᠡᠷᠳᠡᠨᠢ ᠶ᠋ᠢᠨ ᠲᠣᠪᠴᠢ 》 ᠳ᠋ᠤ᠌ ᠠᠯᠴᠤᠪᠤᠯᠤᠳ ᠭᠡᠵᠦ ᠬᠢᠲᠠᠳ ᠪᠢᠴᠢᠭ ᠲᠦ᠍ ᠨᠠ ᠯᠢ ᠪᠤ᠌ ᠯᠠ ᠲᠠᠶ᠋ᠢᠵᠢ (纳力不刺台吉 ) ᠭᠡᠳᠡᠭ ᠃
③《 ᠡᠷᠳᠡᠨᠢ ᠶ᠋ᠢᠨ ᠲᠣᠪᠴᠢ 》 ᠳ᠋ᠤ᠌ ᠠᠷᠠᠪᠤᠯᠤᠳ ᠭᠡᠵᠦ ᠬᠢᠲᠠᠳ ᠪᠢᠴᠢᠭ ᠲᠦ᠍ ᠨᠠ ᠯᠢ ᠪᠤ᠌ ᠯᠠᠢ ᠲᠠᠶ᠋ᠢᠵᠢ (纳力不赖台吉 ) ᠭᠡᠳᠡᠭ ᠃
④ ᠡᠷᠳᠡᠨᠢ ᠵᠠ ᠲᠣᠪᠴᠢ 》 ᠳ᠋ᠤ᠌ ᠭᠡᠷᠡᠪᠤᠯᠤᠳ ᠭᠡᠳᠡᠭ ᠃
⑤《 ᠡᠷᠳᠡᠨᠢ ᠶ᠋ᠢᠨ ᠲᠣᠪᠴᠢ 》 ᠳ᠋ᠤ᠌ ᠭᠡᠷᠡᠲᠦ ᠳᠠᠢᠴᠢ ᠭᠡᠳᠡᠭ ᠃
⑥ ᠰᠢᠷ᠎ᠠ ᠲᠣᠭᠣᠵᠢ ᠳ᠋ᠤ᠌ ᠭᠡᠷᠡᠰᠡᠨᠵᠡ ᠵᠠᠯᠠᠶ᠋ᠢᠷ ᠲᠠᠢᠵᠢ ᠭᠡᠳᠡᠭ ᠃
⑦《ᠡᠷᠳᠡᠨᠢ ᠶ᠋ᠢᠨ ᠲᠣᠪᠴᠢ》 ᠳ᠋ᠤ᠌ ᠣᠪᠰᠢᠭᠤᠨ ᠴᠢᠩ ᠲᠠᠶ᠋ᠢᠵᠢ ᠪᠤᠶᠤ ᠣᠪᠰᠠᠨᠵᠠ ᠴᠢᠩ ᠲᠠᠶ᠋ᠢᠵᠢ ᠭᠡᠨ᠎ᠡ ᠃ ᠰᠢᠷ᠎ᠠ ᠲᠣᠭᠣᠵᠢ ᠳ᠋ᠤ᠌ ᠳᠥᠭᠥᠮᠴᠢᠯᠡᠨ ᠴᠢᠩ ᠲᠠᠶ᠋ᠢᠵᠢ ᠭᠡᠳᠡᠭ ᠃ ᠰᠢᠶᠣᠤ ᠳᠠ ᠾᠧᠩ ( 肖大亨) ᠦ᠋ᠨ ᠵᠣᠬᠢᠶᠠᠭᠰᠠᠨ 《 ᠮᠣᠩᠭᠣᠯ ᠵᠠᠩ ᠰᠤᠷᠲᠠᠬᠤᠨ 》 (北 虏风俗) ᠭᠡᠬᠦ ᠪᠢᠴᠢᠭ ᠲᠦ᠍ ᠣᠪᠰᠠᠨᠵᠠ ᠴᠢᠩ ᠲᠠᠢᠵᠢ ᠶ᠋ᠢ ᠡᠦ ᠪᠠ ᠱᠠᠨ ᡁᠢ ᠲᠠᠢᠵᠢ ( 五八只台吉) ᠭᠡᠵᠡᠢ ᠃