ᠶᠢᠷᠲᠢᠨᠴᠦ ᠶᠢᠨ ᠭᠤᠷᠪᠠ – < ᠠ > ᠶ᠋ᠢᠨ ᠠᠶ᠋ᠢᠮᠠᠭ 1 Ертөнцийн гурав – < А > ин аймаг 1
ᠶᠢᠷᠲᠢᠨᠴᠦ ᠶᠢᠨ ᠭᠤᠷᠪᠠ – < ᠠ > ᠶ᠋ᠢᠨ ᠠᠶ᠋ᠢᠮᠠᠭ
ᠭᠤᠷᠪᠠᠨ ᠬᠥᠬᠡ
ᠠᠭᠤᠤ ᠮᠣᠩᠭᠣᠯ ᠤ᠋ᠨ ᠰᠦᠯᠳᠡ ᠨᠢᠭᠡ ᠬᠥᠬᠡ
ᠠᠨᠠᠪᠠᠳ ᠳᠠᠯᠠᠢ ᠶ᠋ᠢᠨ ᠤᠰᠤ ᠨᠢᠭᠡ ᠬᠥᠬᠡ
ᠠᠰᠬ᠎ᠠ ᠬᠠᠲᠠᠨ ᠪ ᠥᠩᠭᠡ ᠨᠢᠭᠡ ᠬᠥᠬᠡ
ᠭᠤᠷᠪᠠᠨ ᠰᠠᠢᠬᠠᠨ
ᠠᠷᠪᠠᠨ ᠲᠠᠪᠤᠨ ᠪ ᠰᠠᠷ᠎ᠠ ᠨᠢᠭᠡ ᠰᠠᠢᠬᠠᠨ
ᠠᠲᠠᠷ ᠲᠠᠯ᠎ᠠ ᠶ᠋ᠢᠨ ᠴᠡᠴᠡᠭ ᠨᠢᠭᠡ ᠰᠠᠢᠬᠠᠨ
ᠠᠪᠤ ᠡᠵᠢ ᠶ᠋ᠢᠨ ᠰᠤᠷᠭᠠᠯ ᠨᠢᠭᠡ ᠰᠠᠢᠬᠠᠨ
ᠭᠤᠷᠪᠠᠨ ᠭᠡᠷᠡᠴᠢ
ᠠᠯᠲᠠᠨ ᠪᠡᠶ᠎ᠡ ᠳ᠋ᠦ᠍ ᠠᠮᠠ ᠨᠢᠭᠡ ᠭᠡᠷᠡᠴᠢ
ᠠᠯᠪᠠᠨ ᠪᠢᠴᠢᠭ ᠲᠦ᠍ ᠲᠠᠮᠠᠭ᠎ᠠ ᠨᠢᠭᠡ ᠭᠡᠷᠡᠴᠢ
ᠠᠭᠲᠠ ᠮᠣᠷᠢᠨ ᠳ᠋ᠤ᠌ ᠵᠢᠰᠦᠮ ᠨᠢᠭᠡ ᠭᠡᠷᠡᠴᠢ
ᠭᠤᠷᠪᠠᠨ ᠶᠡᠬᠡ
ᠠᠷᠭᠠᠯ ᠤ᠋ᠨ ᠭᠠᠯ ᠤ᠋ᠨ ᠦᠨᠡᠰᠦ ᠨᠢᠭᠡ ᠶᠡᠬᠡ
ᠠᠯᠵᠠᠭᠤ ᠬᠥᠮᠦᠨ ᠪ ᠨᠣᠢᠷ ᠨᠢᠭᠡ ᠶᠡᠬᠡ
ᠠᠤᠠᠬᠠᠭ ᠬᠥᠮᠦᠨ ᠪ ᠠᠭᠤᠷ ᠨᠢᠭᠡ ᠶᠡᠬᠡ
ᠭᠤᠷᠪᠠᠨ ᠴᠤᠯᠭᠤᠢ
ᠠᠶᠠᠰ ᠦᠭᠡᠢ ᠯᠠᠮᠠ ᠨᠢᠭᠡ ᠴᠤᠯᠭᠤᠢ
ᠠᠯᠴᠢᠭᠤᠷ ᠦᠭᠡᠢ ᠬᠡᠦᠬᠡᠨ ᠨᠢᠭᠡ ᠴᠤᠯᠭᠤᠢ
ᠠᠷᠠᠵᠠ ᠦᠭᠡᠢ ᠵᠤᠨ ᠨᠢᠭᠡ ᠴᠤᠯᠭᠤᠢ
ᠭᠤᠷᠪᠠᠨ ᠳᠡᠭᠡᠳᠦ
ᠠ ᠦᠰᠦᠭ ᠡᠷᠳᠡᠮ ᠦ᠋ᠨ ᠳᠡᠭᠡᠳᠦ
ᠠᠪᠤ ᠡᠵᠢ ᠬᠥᠮᠦᠨ ᠪ ᠳᠡᠭᠡᠳᠦ
ᠠᠷᠢᠬᠢ ᠰᠠᠷᠬᠤᠳ ᠢᠲᠡᠭᠡᠨ ᠪ ᠳᠡᠭᠡᠳᠦ
ᠭᠤᠷᠪᠠᠨ ᠬᠠᠴᠢᠨ
ᠠᠯᠠᠭᠠᠨ ᠳ᠋ᠠᠭᠠᠨ ᠬᠥᠬᠥ ᠲᠡᠢ ᠠᠷᠰᠯᠠᠨ ᠨᠢᠭᠡ ᠬᠠᠴᠢᠨ
ᠠᠮᠠ ᠪᠠᠢᠲᠠᠯ᠎ᠠ ᠰᠢᠯᠢ ᠪᠡᠷ ᠢ᠋ᠶ᠋ᠡᠨ ᠳᠤᠤᠭᠠᠷᠳᠠᠭ ᠭᠣᠯᠢᠶ᠎ᠠ ᠨᠢᠭᠡ ᠬᠠᠴᠢᠨ
ᠠᠭᠠᠯᠵᠢ ᠶ᠋ᠢᠨ ᠭᠥᠬᠥ ᠨᠢᠷᠤᠭᠤᠨ ᠳ᠋ᠠᠭᠠᠨ ᠪᠠᠢᠲᠠᠭ ᠨᠢᠭᠡ ᠬᠠᠴᠢᠨ
ᠭᠤᠷᠪᠠᠨ ᠭᠠᠯᠵᠠᠭᠤ
ᠠᠷᠢᠬᠢ ᠨᠢ ᠬᠡᠲᠦᠷᠡᠭᠰᠡᠨ ᠰᠣᠭᠲᠣᠭᠤ ᠨᠢᠭᠡ ᠭᠠᠯᠵᠠᠭᠤ
ᠠᠮᠢᠲᠠᠨ ᠢ᠋ ᠬᠠᠳᠤᠷᠤᠭᠰᠠᠨ ᠡᠮ᠎ᠡ ᠨᠢᠭᠡ ᠭᠠᠯᠵᠠᠭᠤ
ᠠᠢᠯ ᠢ᠋ᠶ᠋ᠠᠨ ᠰᠠᠬᠢᠭᠰᠠᠨ ᠨᠣᠬᠠᠢ ᠨᠢᠭᠡ ᠭᠠᠯᠵᠠᠭᠤ
ᠭᠤᠷᠪᠠᠨ ᠶᠡᠬᠡ
ᠠᠮᠢᠲᠠᠨ ᠪ ᠶᠡᠬᠡ ᠨᠢ ᠵᠢᠭᠠᠰᠤ
ᠤᠷᠭᠤᠮᠠᠯ ᠤ᠋ᠨ ᠶᠡᠬᠡ ᠨᠢ ᠬᠤᠯᠤᠰᠤ
ᠣᠳᠣᠨ ᠪ ᠶᠡᠬᠡ ᠨᠢ ᠨᠠᠷᠠ
ᠭᠤᠷᠪᠠᠨ ᠨᠣᠭᠣᠭᠠᠨ
ᠠᠭᠤᠯᠠᠨ ᠳ᠋ᠤ᠌ ᠨᠠᠷᠠᠰᠤ ᠨᠢᠭᠡ ᠨᠣᠭᠣᠭᠠᠨ
ᠤᠰᠤᠨ ᠳ᠋ᠤ᠌ ᠵᠠᠮᠠᠭ ᠨᠢᠭᠡ ᠨᠣᠭᠣᠭᠠᠨ
ᠤᠷᠭᠤᠮᠠᠯ ᠳ᠋ᠤ᠌ ᠨᠠᠪᠴᠢ ᠨᠢᠭᠡ ᠨᠣᠭᠣᠭᠠᠨ
ᠭᠤᠷᠪᠠᠨ ᠤᠯᠠᠭᠠᠨ
ᠠᠯᠠᠭᠰᠠᠨ ᠮᠠᠯ ᠤ᠋ᠨ ᠴᠢᠰᠤ ᠨᠢᠭᠡ ᠤᠯᠠᠭᠠᠨ
ᠠᠯᠮᠤᠷᠠᠳ ᠵᠢᠮᠢᠰ ᠦ᠋ᠨ ᠬᠠᠯᠢᠰᠤ ᠨᠢᠭᠡ ᠤᠯᠠᠭᠠᠨ
ᠠᠯᠪᠠᠨ ᠲᠠᠮᠠᠭ᠎ᠠ ᠶ᠋ᠢᠨ ᠦᠰᠦᠭ ᠨᠢᠭᠡ ᠤᠯᠠᠭᠠᠨ
ᠭᠤᠷᠪᠠᠨ ᠴᠢᠮᠡᠭ
ᠠᠭᠤᠳᠠᠮ ᠲᠠᠯ᠎ᠠ ᠳ᠋ᠤ᠌ ᠮᠠᠯ ᠨᠢᠭᠡ ᠴᠢᠮᠡᠭ
ᠠᠭᠤᠯᠠ ᠬᠠᠲᠠᠨ ᠳ᠋ᠤ᠌ ᠮᠣᠳᠣ ᠨᠢᠭᠡ ᠴᠢᠮᠡᠭ
ᠠᠷᠳᠠᠭ ᠡᠯᠡᠰᠦᠨ ᠳ᠋ᠦ᠍ ᠲᠡᠮᠡᠭᠡ ᠨᠢᠭᠡ ᠴᠢᠮᠡᠭ
ᠭᠤᠷᠪᠠᠨ ᠬᠠᠷ᠎ᠠ
ᠠᠢᠷᠠᠭ ᠨᠢ ᠴᠠᠭᠠᠨ ᠪᠣᠯᠪᠠᠴᠤ ᠠᠷᠢᠬᠢ ᠨᠢ ᠬᠠᠷ᠎ᠠ
ᠴᠠᠰᠤ ᠨᠢ ᠴᠠᠭᠠᠨ ᠪᠣᠯᠪᠠᠴᠤ ᠤᠰᠤ ᠨᠢ ᠬᠠᠷ᠎ᠠ
ᠴᠠᠭᠠᠰᠤ ᠨᠢ ᠴᠠᠭᠠᠨ ᠪᠣᠯᠪᠠᠴᠤ ᠦᠰᠦᠭ ᠨᠢ ᠬᠠᠷ᠎ᠠ
ᠭᠤᠷᠪᠠᠨ ᠤᠯᠠᠭᠠᠨ
ᠠᠯᠠᠭᠠᠴᠢ ᠬᠥᠮᠦᠨ ᠪ ᠭᠠᠨᠵᠣᠭ᠎ᠠ ᠤᠯᠠᠭᠠᠨ
ᠠᠮᠤᠷ ᠵᠢᠷᠭᠠᠯᠠᠩᠲᠤ ᠶ᠋ᠢᠨ ᠬᠠᠴᠠᠷ ᠤᠯᠠᠭᠠᠨ
ᠠᠯᠢᠪᠠ ᠠᠮᠢᠲᠠᠳ ᠤ᠋ᠨ ᠴᠢᠰᠤ ᠤᠯᠠᠭᠠᠨ
ᠭᠤᠷᠪᠠᠨ ᠴᠢᠮᠡᠭ
ᠠᠪᠤ ᠡᠵᠢ ᠭᠡᠷ ᠦ᠋ᠨ ᠴᠢᠮᠡᠭ
ᠠᠳᠤᠭᠤ ᠮᠠᠯ ᠲᠠᠯ᠎ᠠ ᠶ᠋ᠢᠨ ᠴᠢᠮᠡᠭ
ᠠᠰᠠᠷ ᠲᠠᠭᠲᠤ ᠬᠣᠲᠠ ᠶ᠋ᠢᠨ ᠴᠢᠮᠡᠭ
ᠭᠤᠷᠪᠠᠨ ᠴᠢᠮᠡᠭ
ᠠᠭᠤᠯᠠ ᠬᠠᠳᠠᠨ ᠳ᠋ᠤ᠌ ᠨᠠᠷᠠᠰᠤ ᠴᠢᠮᠡᠭ
ᠤᠷᠭᠤᠮᠠᠯ ᠪᠣᠳᠠᠰ ᠲᠤ᠌ ᠴᠡᠴᠡᠭ ᠴᠢᠮᠡᠭ
ᠤᠷᠢ ᠨᠠᠰᠤᠨ ᠳ᠋ᠤ᠌ ᠮᠡᠳᠡᠯᠭᠡ ᠴᠢᠮᠡᠭ
ᠭᠤᠷᠪᠠᠨ ᠰᠠᠢᠬᠠᠨ
ᠠᠪᠤᠭ᠎ᠠ ᠦᠭᠡᠢ ᠪᠠᠢᠬᠤ ᠳ᠋ᠤ᠌ ᠠᠪᠠᠭᠠᠢ ᠰᠠᠢᠬᠠᠨ
ᠠᠯᠠᠭ ᠦᠭᠡᠢ ᠪᠠᠢᠬᠤ ᠳ᠋ᠤ᠌ ᠦᠨᠡᠭᠡ ᠰᠠᠢᠬᠠᠨ
ᠠᠮᠲᠠ ᠦᠭᠡᠢ ᠪᠠᠢᠬᠤ ᠳ᠋ᠤ᠌ ᠡᠷᠳᠡᠮ ᠰᠠᠢᠬᠠᠨ
ᠭᠤᠷᠪᠠᠨ ᠰᠠᠢᠬᠠᠨ
ᠠᠭᠤᠯᠵᠠᠵᠤ ᠶᠠᠷᠢᠯᠴᠠᠬᠤ ᠳ᠋ᠤ᠌ ᠨᠥᠬᠥᠷ ᠰᠠᠢᠬᠠᠨ
ᠤᠩᠰᠢᠵᠤ ᠰᠠᠭᠤᠬᠤ ᠳ᠋ᠤ᠌ ᠪᠢᠴᠢᠭ ᠰᠠᠢᠬᠠᠨ
ᠤᠴᠢᠷ ᠢ᠋ ᠰᠢᠢᠳᠪᠦᠷᠢᠯᠡᠬᠦ ᠳ᠋ᠦ᠍ ᠶᠣᠰᠣ ᠰᠠᠢᠬᠠᠨ
ᠭᠤᠷᠪᠠᠨ ᠡᠬᠢ
ᠠᠮᠢᠲᠠᠨ ᠤ᠋ ᠡᠬᠢ ᠨᠢ ᠵᠢᠭᠠᠰᠤ ᠪᠠᠢᠳᠠᠭ
ᠡᠳ᠋ ᠦ᠋ᠨ ᠡᠬᠢ ᠨᠢ ᠬᠠᠳᠠᠭ ᠪᠠᠢᠳᠠᠭ
ᠭᠡᠷ ᠦ᠋ᠨ ᠡᠬᠢ ᠨᠢ ᠡᠭᠦᠳᠡ ᠪᠠᠢᠳᠠᠭ
ᠭᠤᠷᠪᠠᠨ ᠬᠠᠷᠠᠮᠴᠢ
ᠠᠰᠢᠭ ᠳ᠋ᠤ᠌ ᠰᠢᠨᠤᠭᠰᠠᠨ ᠬᠥᠮᠦᠨ ᠨᠢᠭᠡ ᠬᠠᠷᠠᠮᠴᠢ
ᠠᠢᠯ ᠲᠣᠭᠣᠷᠢᠭᠰᠠᠨ ᠯᠠᠮᠠ ᠨᠢᠭᠡ ᠬᠠᠷᠠᠮᠴᠢ
ᠶᠠᠰᠤ ᠵᠠᠭᠤᠭᠰᠠᠨ ᠨᠣᠬᠠᠢ ᠨᠢᠭᠡ ᠬᠠᠷᠠᠮᠴᠢ
ᠭᠤᠷᠪᠠᠨ ᠭᠠᠰᠢᠭᠤᠨ
ᠠᠭᠤᠯᠠᠨ ᠤ᠋ ᠵᠢᠮᠢᠰ ᠨᠢᠭᠡ ᠭᠠᠰᠢᠭᠤᠨ
ᠨᠠᠭᠤᠷ ᠤ᠋ᠨ ᠳᠠᠪᠤᠰᠤ ᠨᠢᠭᠡ ᠭᠠᠰᠢᠭᠤᠨ
ᠳᠠᠯᠠᠢ ᠶ᠋ᠢᠨ ᠤᠰᠤ ᠨᠢᠭᠡ ᠭᠠᠰᠢᠭᠤᠨ
ᠭᠤᠷᠪᠠᠨ ᠡᠷᠬᠢᠮ
ᠠᠵᠢᠯᠴᠢ ᠪᠣᠷᠣᠭᠵᠢᠭᠤᠨ ᠨᠢᠭᠡ ᠡᠷᠬᠢᠮ
ᠠᠯᠤᠰ ᠢ᠋ ᠪᠣᠳᠣᠬᠤ ᠨᠢᠭᠡ ᠡᠷᠬᠢᠮ
ᠠᠵᠢᠭᠯᠠᠵᠤ ᠪᠠᠢᠴᠠᠭᠠᠬᠤ ᠨᠢᠭᠡ ᠡᠷᠬᠢᠮ
ᠭᠤᠷᠪᠠᠨ ᠴᠤᠯᠭᠤᠢ
ᠠᠷᠢᠬᠢ ᠦᠭᠡᠢ ᠨᠠᠢᠷ ᠨᠢᠭᠡ ᠴᠤᠯᠭᠤᠢ
ᠠᠪᠤ ᠦᠭᠡᠢ ᠭᠡᠷ ᠨᠢᠭᠡ ᠴᠤᠯᠭᠤᠢ
ᠠᠰᠠᠷ ᠦᠭᠡᠢ ᠬᠣᠲᠠ ᠨᠢᠭᠡ ᠴᠤᠯᠭᠤᠢ
ᠭᠤᠷᠪᠠᠨ ᠦᠭᠡᠢ
ᠠᠭᠤᠯᠠᠨ ᠳ᠋ᠤ᠌ ᠪᠦᠰᠡ ᠨᠢᠭᠡ ᠦᠭᠡᠢ
ᠤᠰᠤᠨ ᠳ᠋ᠤ᠌ ᠭᠠᠯ ᠨᠢᠭᠡ ᠦᠭᠡᠢ
ᠣᠭᠲᠠᠷᠭᠤᠢ ᠳ᠋ᠤ᠌ ᠪᠠᠭᠠᠨ᠎ᠠ ᠨᠢᠭᠡ ᠦᠭᠡᠢ
ᠭᠤᠷᠪᠠᠨ ᠦᠭᠡᠢ
ᠠᠪᠤ ᠶ᠋ᠢᠨ ᠬᠡᠦᠬᠡᠳ ᠨᠢᠭᠡ ᠠᠳᠠᠯᠢ ᠦᠭᠡᠢ
ᠠᠷᠪᠠᠨ ᠬᠤᠷᠤᠭᠤ ᠨᠢᠭᠡ ᠲᠡᠭᠰᠢ ᠦᠭᠡᠢ
ᠠᠯᠳᠠ ᠪᠡᠶ᠎ᠡ ᠨᠢᠭᠡ ᠮᠥᠩᠬᠡ ᠦᠭᠡᠢ
ᠭᠤᠷᠪᠠᠨ ᠲᠠᠭᠠᠷᠠᠬᠤ ᠦᠭᠡᠢ
ᠠᠭᠤᠯᠠᠨ ᠳ᠋ᠤ᠌ ᠲᠦᠷᠦᠭᠰᠡᠨ ᠪᠦᠷᠭᠦᠳ ᠳᠠᠭᠠᠷᠠᠬᠤ ᠦᠭᠡᠢ
ᠤᠰᠤᠨ ᠳ᠋ᠤ᠌ ᠲᠦᠷᠦᠭᠰᠡᠨ ᠵᠢᠭᠠᠰᠤ ᠳᠠᠭᠠᠷᠠᠬᠤ ᠦᠭᠡᠢ
ᠴᠠᠰᠤᠨ ᠳ᠋ᠤ᠌ ᠲᠦᠷᠦᠭᠰᠡᠨ ᠤᠨᠠᠭ᠎ᠠ ᠳᠠᠭᠠᠷᠠᠬᠤ ᠦᠭᠡᠢ
ᠭᠤᠷᠪᠠᠨ ᠵᠡᠮᠳᠡᠭ
ᠠᠭᠤᠯᠠ ᠦᠵᠡᠬᠦ ᠨᠢᠳᠦ ᠦᠭᠡᠢ ᠰᠣᠬᠣᠷ
ᠤᠴᠢᠷ ᠢ᠋ ᠰᠣᠨᠣᠰᠬᠤ ᠴᠢᠬᠢ ᠦᠭᠡᠢ ᠳᠦᠯᠡᠢ
ᠤᠢᠯᠠ ᠶ᠋ᠢ ᠪᠦᠲᠦᠭᠡᠬᠦ ᠭᠠᠷ ᠦᠭᠡᠢ ᠲᠠᠬᠢᠷ
ᠭᠤᠷᠪᠠᠨ ᠲᠠᠨᠢᠬᠤ
ᠠᠪᠤ ᠶ᠋ᠢᠨ ᠰᠠᠢᠨ ᠢᠶ᠋ᠠᠷ ᠬᠥᠮᠦᠨ ᠨᠢᠭᠡ ᠲᠠᠨᠢᠬᠤ
ᠠᠭᠲᠠ ᠶ᠋ᠢᠨ ᠰᠠᠢᠨ ᠢᠶ᠋ᠠᠷ ᠭᠠᠵᠠᠷ ᠨᠢᠭᠡ ᠲᠠᠨᠢᠬᠤ
ᠪᠠᠭᠰᠢ ᠶ᠋ᠢᠨ ᠰᠠᠢᠨ ᠢᠶ᠋ᠠᠷ ᠡᠷᠳᠡᠮ ᠨᠢᠭᠡ ᠲᠠᠨᠢᠬᠤ
ᠭᠤᠷᠪᠠᠨ ᠪᠣᠯᠬᠤ
ᠠᠯᠲᠠᠨ ᠳ᠋ᠤ᠌ ᠣᠢᠷᠠᠤᠠᠪᠠᠯ ᠰᠢᠷ᠎ᠠ ᠨᠢᠭᠡ ᠪᠣᠯᠬᠤ
ᠠᠮᠠᠷᠠᠭ ᠲᠤ᠌ ᠣᠢᠷᠠᠤᠠᠪᠠᠯ ᠢᠨᠠᠭ ᠨᠢᠭᠡ ᠪᠣᠯᠬᠤ
ᠬᠦ᠋ ᠳ᠋ᠦ᠍ ᠣᠢᠷᠠᠤᠠᠪᠠᠯ ᠬᠠᠷ᠎ᠠ ᠨᠢᠭᠡ ᠪᠣᠯᠬᠤ
ᠭᠤᠷᠪᠠᠨ ᠶᠡᠬᠡ
ᠠᠬᠠᠰᠢᠷᠠᠭᠰᠠᠨ ᠬᠥᠮᠦᠨ ᠪ ᠰᠣᠯᠢᠭᠤ ᠨᠢ ᠶᠡᠬᠡ
ᠠᠷᠢᠬᠢᠳᠠᠭᠰᠠᠨ ᠬᠥᠮᠦᠨ ᠪ ᠭᠠᠯᠵᠠᠭᠤ ᠨᠢ ᠶᠡᠬᠡ
ᠠᠯᠢᠶᠠᠷᠠᠭᠰᠠᠨ ᠬᠥᠮᠦᠨ ᠪ ᠱᠣᠭ ᠨᠢ ᠶᠡᠬᠡ
ᠭᠤᠷᠪᠠᠨ ᠠᠭᠤᠰᠬᠤ
ᠠᠮᠲᠠ ᠭᠡᠭᠴᠢ ᠲᠠᠩᠨᠠᠢ ᠳ᠋ᠤᠷ ᠠᠭᠤᠰᠬᠤ
ᠠᠷᠢᠬᠢ ᠭᠡᠭᠴᠢ ᠪᠡᠶ᠎ᠡ ᠳ᠋ᠤᠷ ᠠᠭᠤᠰᠬᠤ
ᠠᠮᠠᠷᠠᠭ ᠭᠡᠭᠴᠢ ᠵᠢᠷᠦᠬᠡᠨ ᠳ᠋ᠤᠷ ᠠᠭᠤᠰᠬᠤ
ᠭᠤᠷᠪᠠᠨ ᠮᠥᠩᠬᠡ
ᠠᠭᠤᠯᠠ ᠬᠠᠲᠠ ᠶᠢᠷᠲᠢᠨᠴᠦ ᠳ᠋ᠤᠷ ᠮᠥᠩᠬᠡ
ᠣᠳᠣᠨ ᠭᠠᠷᠠᠭ ᠣᠭᠲᠠᠷᠭᠤᠢ ᠳ᠋ᠤᠷ ᠮᠥᠩᠬᠡ
ᠤᠯᠠᠭᠠᠨ ᠨᠠᠷᠠ ᠣᠷᠴᠢᠯᠠᠩ ᠳ᠋ᠤᠷ ᠮᠥᠩᠬᠡ
ᠭᠤᠷᠪᠠᠨ ᠰᠢᠨᠵᠢ
ᠠᠷᠢᠬᠢᠴᠢᠨ ᠪᠣᠯᠪᠠᠯ ᠳᠣᠷᠣᠢᠲᠠᠬᠤ ᠶ᠋ᠢᠨ ᠰᠢᠨᠵᠢ
ᠠᠪᠤᠷᠢ ᠪᠠᠨ ᠵᠠᠰᠠᠪᠠᠯ ᠤᠬᠠᠭᠠᠷᠠᠬᠤ ᠶ᠋ᠢᠨ ᠰᠢᠨᠵᠢ
ᠠᠵᠢᠯ ᠢ᠋ᠶ᠋ᠠᠨ ᠰᠢᠮᠳᠠᠪᠠᠯ ᠳᠠᠪᠰᠢᠬᠤ ᠶ᠋ᠢᠨ ᠰᠢᠨᠵᠢ
ᠭᠤᠷᠪᠠᠨ ᠨᠢᠭᠡ
ᠠᠪᠤ ᠡᠵᠢ ᠶ᠋ᠢᠨ ᠬᠣᠯᠪᠣᠭ᠎ᠠ ᠨᠢ ᠨᠢᠭᠡ
ᠠᠬ᠎ᠠ ᠳᠡᠭᠦᠦ ᠶ᠋ᠢᠨ ᠥᠮᠴᠢ ᠨᠢ ᠨᠢᠭᠡ
ᠠᠨᠵᠢᠰᠤᠨ ᠦᠬᠡᠷ ᠦ᠋ᠨ ᠲᠥᠷᠥ ᠨᠢ ᠨᠢᠭᠡ
ᠭᠤᠷᠪᠠᠨ ᠦᠨᠡᠨ
ᠠᠭᠠᠰᠢ ᠮᠠᠭᠤ ᠲᠠᠢ ᠳ᠋ᠠᠭᠠᠨ ᠭᠣᠯᠣᠭᠳᠠᠬᠤ ᠨᠢ ᠦᠨᠡᠨ
ᠠᠵᠢᠯ ᠮᠠᠭᠤ ᠲᠠᠢ ᠳ᠋ᠠᠭᠠᠨ ᠬᠣᠵᠢᠭᠳᠠᠬᠤ ᠨᠢ ᠦᠨᠡᠨ
ᠠᠰᠢᠭ ᠮᠠᠭᠤ ᠲᠠᠢ ᠳ᠋ᠠᠭᠠᠨ ᠳᠣᠷᠣᠮᠵᠢᠯᠠᠭᠳᠠᠬᠤ ᠨᠢ ᠦᠨᠡᠨ
ᠭᠤᠷᠪᠠᠨ ᠴᠢᠳᠠᠬᠤ ᠦᠭᠡᠢ
ᠠᠨᠠᠢᠬᠠᠨ ᠶᠠᠭᠤᠮ᠎ᠠ ᠥᠨᠳᠥᠷ ᠦᠨ᠎ᠡ ᠬᠦᠷᠴᠦ ᠴᠢᠳᠠᠬᠤ ᠦᠭᠡᠢ
ᠠᠶᠤᠮᠠᠲᠠᠭᠠᠢ ᠬᠥᠮᠦᠰ ᠶᠡᠬᠡ ᠦᠢᠯᠡ ᠶ᠋ᠢ ᠪᠦᠲᠦᠭᠡᠵᠦ ᠴᠢᠳᠠᠬᠤ ᠦᠭᠡᠢ
ᠠᠭᠠᠰᠢ ᠮᠠᠭᠤᠳᠠᠨ ᠳᠡᠮᠡᠢ ᠶᠡᠬᠡ ᠳᠡᠪᠦᠯᠵᠦ ᠴᠢᠳᠠᠬᠤ ᠦᠭᠡᠢ
ᠭᠤᠷᠪᠠᠨ ᠳᠤᠷᠠᠲᠠᠢ
ᠠᠩᠬᠢᠯᠤᠮ᠎ᠠ ᠴᠡᠴᠡᠭ ᠲᠦ᠍ ᠡᠷᠪᠡᠬᠡᠢ ᠨᠢᠭᠡ ᠳᠤᠷᠠᠲᠠᠢ
ᠠᠮᠲᠠᠲᠠᠢ ᠢᠲᠡᠭᠡᠨ ᠳ᠋ᠦ᠍ ᠬᠥᠮᠦᠨ ᠨᠢᠭᠡ ᠳᠤᠷᠠᠲᠠᠢ
ᠠᠰᠤᠷᠤ ᠵᠠᠩᠳᠠᠨ ᠲᠠᠢ ᠬᠡᠨ ᠴᠤ᠌ ᠨᠥᠬᠥᠷᠯᠡᠬᠦ ᠳᠤᠷᠠᠲᠠᠢ
ᠭᠤᠷᠪᠠᠨ ᠬᠦᠴᠦᠲᠡᠢ
ᠠᠭᠯᠠᠭ ᠠᠭᠤᠯᠠᠨ ᠪ ᠠᠷᠰᠯᠠᠨ ᠨᠢᠭᠡ ᠬᠦᠴᠦᠲᠡᠢ
ᠠᠷᠭ᠎ᠠ ᠤᠬᠠᠭᠠᠨᠲᠤ ᠬᠥᠮᠦᠨ ᠨᠢᠭᠡ ᠬᠦᠴᠦᠲᠡᠢ
ᠠᠲᠠᠭᠠᠲᠠᠨ ᠢ᠋ ᠰᠥᠨᠥᠭᠡᠬᠦ ᠡᠴᠡ ᠰᠤᠮᠤ ᠨᠢᠭᠡ ᠬᠦᠴᠦᠲᠡᠢ
ᠭᠤᠷᠪᠠᠨ ᠶᠠᠳᠠᠭᠤ
ᠠᠪᠤ ᠦᠭᠡᠢ ᠪᠣᠯ ᠨᠢᠭᠡ ᠶᠠᠳᠠᠭᠤ
ᠠᠰᠢᠭ ᠦᠭᠡᠢ ᠪᠣᠯ ᠨᠢᠭᠡ ᠶᠠᠳᠠᠭᠤ
ᠠᠪᠠᠭᠠᠢ ᠦᠭᠡᠢ ᠪᠣᠯ ᠨᠢᠭᠡ ᠶᠠᠳᠠᠭᠤ
ᠭᠤᠷᠪᠠᠨ ᠨᠡᠩ
ᠠᠯᠲᠠ ᠶ᠋ᠢ ᠵᠦᠯᠭᠦᠪᠡᠯ ᠨᠡᠩ ᠰᠢᠷᠠᠯᠠᠨ᠎ᠠ
ᠠᠯᠮᠠᠰ ᠢ᠋ ᠰᠢᠲᠠᠭᠠᠪᠠᠯ ᠨᠡᠩ ᠬᠠᠲᠠᠭᠤᠷᠠᠨ᠎ᠠ
ᠨᠡᠭᠦᠷᠡᠰᠦ ᠶ᠋ᠢ ᠤᠬᠢᠶᠠᠪᠠᠯ ᠨᠠᠩ ᠬᠠᠷᠠᠯᠠᠨ᠎ᠠ
ᠭᠤᠷᠪᠠᠨ ᠰᠡᠷᠭᠡᠢᠯᠡᠬᠦ
ᠠᠭᠤᠯᠠ ᠣᠢᠷ᠎ᠠ ᠰᠠᠭᠤᠪᠠᠯ ᠭᠠᠯ ᠡᠴᠡ ᠰᠡᠷᠭᠡᠢᠯᠡᠬᠦ
ᠭᠣᠣᠯ ᠣᠢᠷ᠎ᠠ ᠰᠠᠭᠤᠪᠠᠯ ᠤᠰᠤ ᠡᠴᠡ ᠰᠡᠷᠭᠡᠢᠯᠡᠬᠦ
ᠵᠠᠮ ᠣᠢᠷ᠎ᠠ ᠰᠠᠭᠤᠪᠠᠯ ᠬᠤᠯᠠᠭᠠᠢᠴᠢ ᠡᠴᠡ ᠰᠡᠷᠭᠡᠢᠯᠡᠬᠦ
ᠭᠤᠷᠪᠠᠨ ᠰᠢᠯᠲᠠᠭ
ᠠᠯᠵᠠᠭᠤ ᠡᠮᠡᠰ ᠲᠦ᠍ ᠠᠩᠭ᠎ᠠ ᠨᠢᠭᠡ ᠰᠢᠯᠲᠠᠭ
ᠠᠢᠯᠴᠢᠨ ᠬᠥᠮᠦᠨ ᠳ᠋ᠦ᠍ ᠤᠴᠢᠷ ᠨᠢᠭᠡ ᠰᠢᠯᠲᠠᠭ
ᠠᠢᠯᠠᠤᠠᠬᠠᠭᠴᠢ ᠯᠠᠮᠠ ᠳ᠋ᠤ᠌ ᠨᠣᠮ ᠨᠢᠭᠡ ᠰᠢᠯᠲᠠᠭ
ᠭᠤᠷᠪᠠᠨ ᠰᠠᠨᠠᠬᠤ
ᠠᠮᠠᠨ ᠳ᠋ᠠᠭᠠᠨ ᠬᠢᠪᠡᠯ ᠬᠠᠢᠯᠤᠮᠠᠷ ᠨᠢᠭᠡ ᠰᠠᠨᠠᠬᠤ
ᠠᠯᠠᠭᠠᠨ ᠳ᠋ᠠᠭᠠᠨ ᠲᠠᠯᠪᠢᠪᠠᠯ ᠪᠥᠮᠪᠥᠷᠢᠮᠡᠷ ᠨᠢᠭᠡ ᠰᠠᠨᠠᠬᠤ
ᠠᠷᠤ ᠳ᠋ᠠᠭᠠᠨ ᠡᠭᠦᠷᠪᠡᠯ ᠤᠨᠠᠮᠠᠷ ᠨᠢᠭᠡ ᠰᠠᠨᠠᠬᠤ
ᠭᠤᠷᠪᠠᠨ ᠠᠳᠠᠯᠢ
ᠠᠮᠠᠨ ᠳ᠋ᠤ᠌ ᠣᠷᠣᠭᠰᠠᠨ ᠮᠢᠬ᠎ᠠ ᠠᠳᠠᠯᠢ
ᠲᠣᠭᠣᠭᠠᠨ ᠳ᠋ᠤ᠌ ᠣᠷᠣᠭᠰᠠᠨ ᠵᠢᠭᠠᠰᠤ ᠠᠳᠠᠯᠢ
ᠤᠷᠠᠬᠠᠨ ᠳ᠋ᠤ᠌ ᠣᠷᠣᠭᠰᠠᠨ ᠲᠠᠤᠯᠠᠢ ᠠᠳᠠᠯᠢ
ᠭᠤᠷᠪᠠᠨ ᠭᠠᠷᠬᠤ
ᠠᠮᠢᠲᠠᠨ ᠶᠠᠪᠤᠵᠤ ᠪᠠᠢᠭᠠᠳ ᠵᠠᠮ ᠭᠠᠷᠬᠤ
ᠠᠯᠢᠰᠤ ᠬᠠᠳᠤᠵᠤ ᠪᠠᠢᠭᠠᠳ ᠬᠠᠳᠤᠯᠠᠩ ᠭᠠᠷᠬᠤ
ᠡᠷᠳᠡᠮ ᠰᠤᠷᠴᠤ ᠪᠠᠢᠭᠠᠳ ᠨᠡᠷ᠎ᠡ ᠭᠠᠷᠬᠤ
ᠭᠤᠷᠪᠠᠨ ᠵᠣᠪᠠᠯᠠᠩ
ᠠᠷᠪᠠᠨ ᠬᠠᠷ᠎ᠠ ᠨᠢᠭᠦᠯ ᠢ᠋ ᠬᠢᠪᠡᠰᠦ ᠨᠢᠭᠡ ᠵᠣᠪᠠᠯᠠᠩ
ᠠᠳᠠᠭ ᠮᠠᠭᠤ ᠭᠡᠷᠭᠡᠢ ᠶ᠋ᠢ ᠣᠯᠪᠠᠰᠤ ᠨᠢᠭᠡ ᠵᠣᠪᠠᠯᠠᠩ
ᠠᠳᠤᠭᠤ ᠮᠠᠯ ᠬᠣᠭᠣᠰᠣᠷᠠᠨ ᠪᠠᠷᠠᠪᠠᠰᠤ ᠨᠢᠭᠡ ᠵᠣᠪᠠᠯᠠᠩ
ᠭᠤᠷᠪᠠᠨ ᠮᠡᠳᠡ
ᠠᠰᠠᠷᠠᠯ ᠤ᠋ᠨ ᠣᠷᠳᠣᠨ ᠢ᠋ ᠡᠴᠢᠭᠡ ᠡᠬᠡ ᠬᠡᠮᠡᠨ ᠮᠡᠳᠡ
ᠠᠰ ᠴᠢᠭ᠌ ᠵᠠᠮ ᠢ᠋ ᠰᠤᠷᠲᠠᠯ ᠶᠣᠰᠣ ᠬᠡᠮᠡᠨ ᠮᠡᠳᠡ
ᠠᠳᠠᠭᠯᠠᠨ ᠰᠢᠨᠵᠢᠯᠡᠨ ᠡᠰᠡ ᠴᠢᠳᠠᠪᠠᠰᠤ ᠭᠡᠮ ᠬᠡᠮᠡᠨ ᠮᠡᠳᠡ
ᠭᠤᠷᠪᠠᠨ ᠲᠣᠭᠲᠠᠨ᠎ᠠ
ᠠᠷᠰᠯᠠᠨ ᠪ ᠨᠢᠷᠤᠭᠤᠨ ᠳ᠋ᠤ᠌ ᠡᠮᠡᠭᠡᠯ ᠶᠠᠭᠠᠬᠢᠵᠤ ᠲᠣᠭᠲᠠᠨ᠎ᠠ
ᠠᠭᠠᠯᠢ ᠮᠠᠭᠤᠲᠠᠢ ᠬᠥᠮᠦᠨ ᠳ᠋ᠦ᠍ ᠰᠤᠷᠭᠠᠯ ᠶᠠᠭᠠᠬᠢᠵᠤ ᠲᠣᠭᠲᠠᠨ᠎ᠠ
ᠠᠭᠢ ᠮᠠᠭᠤᠲᠠᠢ ᠭᠠᠵᠠᠷ ᠲᠤ᠌ ᠠᠳᠤᠭᠤ ᠶᠠᠭᠠᠬᠢᠵᠤ ᠲᠣᠭᠲᠠᠨ᠎ᠠ
ᠭᠤᠷᠪᠠᠨ ᠭᠦᠢᠴᠡᠳᠬᠡᠬᠦ
ᠠᠬ᠎ᠠ ᠶᠡᠬᠡᠰ ᠢ᠋ ᠳᠡᠭᠦᠦᠴᠢᠯᠡᠯ ᠢ᠋ᠶ᠋ᠡᠷ ᠭᠦᠢᠴᠡᠳᠬᠡᠬᠦ
ᠠᠳᠠᠯᠢ ᠵᠡᠷᠭᠡ ᠶ᠋ᠢ ᠡᠶᠡᠯᠳᠡᠭ ᠢ᠋ᠶ᠋ᠡᠷ ᠭᠦᠢᠴᠡᠳᠬᠡᠬᠦ
ᠠᠯᠤᠰ ᠬᠣᠯᠠ ᠶ᠋ᠢ ᠰᠡᠳᠬᠢᠯ ᠢ᠋ᠶ᠋ᠡᠷ ᠭᠦᠢᠴᠡᠳᠬᠡᠬᠦ
ᠭᠤᠷᠪᠠᠨ ᠡᠷᠢᠬᠦ
ᠠᠳᠤᠭᠤᠴᠢᠨ ᠬᠥᠮᠦᠨ ᠪᠡᠯᠴᠢᠭᠡᠷ ᠨᠢᠭᠡ ᠡᠷᠢᠬᠦ
ᠠᠩᠴᠢᠨ ᠬᠥᠮᠦᠨ ᠠᠩ ᠨᠢᠭᠡ ᠡᠷᠢᠬᠦ
ᠠᠷᠠᠯᠵᠢᠶᠠᠴᠢᠨ ᠬᠥᠮᠦᠨ ᠪᠠᠷᠠᠭ᠎ᠠ ᠨᠢᠭᠡ ᠡᠷᠢᠬᠦ
ᠭᠤᠷᠪᠠᠨ ᠴᠢᠷᠬᠦ
ᠠᠶᠠᠨ ᠪ ᠬᠥᠮᠦᠨ ᠲᠠᠶᠠᠭ ᠨᠢᠭᠡ ᠴᠢᠷᠬᠦ
ᠠᠳᠤᠭᠤᠨ ᠪ ᠬᠥᠮᠦᠨ ᠤᠷᠭ᠎ᠠ ᠨᠢᠭᠡ ᠴᠢᠷᠬᠦ
ᠠᠷᠭᠠᠯᠴᠢᠨ ᠬᠥᠮᠦᠨ ᠠᠷᠤᠭ ᠨᠢᠭᠡ ᠴᠢᠷᠬᠦ
ᠭᠤᠷᠪᠠᠨ ᠴᠢᠬᠤᠯᠠ
ᠠᠷᠰᠯᠠᠨ ᠢ᠋ ᠪᠠᠷᠢᠬᠤ ᠳ᠋ᠤ᠌ ᠠᠷᠭ᠎ᠠ ᠨᠢᠭᠡ ᠴᠢᠬᠤᠯᠠ
ᠠᠳᠤᠭᠤᠰᠤ ᠶ᠋ᠢ ᠪᠠᠷᠢᠬᠤ ᠳ᠋ᠤ᠌ ᠤᠷᠭ᠎ᠠ ᠨᠢᠭᠡ ᠴᠢᠬᠤᠯᠠ
ᠠᠲᠠᠭᠠᠲᠠᠨ ᠢ᠋ ᠳᠠᠷᠤᠬᠤ ᠳ᠋ᠤ᠌ ᠴᠡᠷᠢᠭ ᠨᠢᠭᠡ ᠴᠢᠬᠤᠯᠠ
ᠭᠤᠷᠪᠠᠨ ᠪᠠᠢᠲᠠᠭ
ᠠᠶᠤᠭᠴᠢ ᠶ᠋ᠢᠨ ᠴᠢᠬᠢᠨ ᠳ᠋ᠤ᠌ ᠣᠭᠣᠯᠢ ᠪᠠᠢᠲᠠᠭ
ᠬᠡᠷᠡᠭᠦᠯᠴᠢ ᠶ᠋ᠢᠨ ᠠᠮᠠᠨ ᠳ᠋ᠤ᠌ ᠬᠠᠷᠢᠶᠠᠯ ᠪᠠᠢᠲᠠᠭ
ᠱᠠᠯᠢᠭᠴᠢ ᠶ᠋ᠢᠨ ᠨᠢᠳᠦᠨ ᠳ᠋ᠦ᠍ ᠬᠡᠦᠬᠡᠨ ᠪᠠᠢᠲᠠᠭ
ᠭᠤᠷᠪᠠᠨ ᠬᠡᠷᠡᠭᠲᠡᠢ
ᠠᠵᠢᠯ ᠦᠢᠯᠡᠰ ᠲᠦ᠍ ᠲᠤᠷᠰᠢᠯᠭ᠎ᠠ ᠨᠢᠭᠡ ᠬᠡᠷᠡᠭᠲᠡᠢ
ᠠᠳᠠᠯ ᠠᠮᠢᠲᠤᠷᠠᠯ ᠳ᠋ᠤ᠌ ᠲᠥᠯᠥᠪᠯᠡᠭᠡ ᠨᠢᠭᠡ ᠬᠡᠷᠡᠭᠲᠡᠢ
ᠠᠲᠠᠭᠠᠲᠠᠨ ᠢ᠋ ᠳᠠᠷᠤᠬᠤ ᠳ᠋ᠤ᠌ ᠵᠡᠪᠰᠡᠭ ᠨᠢᠭᠡ ᠬᠡᠷᠡᠭᠲᠡᠢ
ᠭᠤᠷᠪᠠᠨ ᠦᠭᠡᠢ
ᠠᠭᠲᠠ ᠶ᠋ᠢᠨ ᠭᠦᠶᠦᠳᠡᠯ ᠨᠢᠭᠡ ᠬᠡᠮᠵᠢᠶ᠎ᠡ ᠦᠭᠡᠢ
ᠠᠷᠠᠳ ᠤ᠋ᠨ ᠣᠶᠤᠨ ᠨᠢᠭᠡ ᠬᠥᠪᠡᠭᠡ ᠦᠭᠡᠢ
ᠠᠪᠤ ᠶ᠋ᠢᠨ ᠡᠨᠡᠷᠢᠯ ᠨᠢᠭᠡ ᠬᠢᠵᠠᠭᠠᠷ ᠦᠭᠡᠢ
ᠭᠤᠷᠪᠠᠨ ᠰᠢᠪᠰᠢᠭ
ᠠᠯᠢᠪᠠ ᠶᠠᠭᠤᠮ᠎ᠠ ᠡᠯᠪᠡᠭ ᠪᠤᠢ ᠠᠲᠠᠯ᠎ᠠ ᠵᠠᠷᠤᠵᠤ ᠡᠰᠡ ᠴᠢᠳᠠᠪᠠᠰᠤ ᠰᠢᠪᠰᠢᠭ
ᠡᠯᠳᠡᠪ ᠰᠣᠨᠢᠨ ᠢ᠋ ᠬᠡᠯᠡᠵᠦ ᠴᠢᠳᠠᠨ ᠠᠲᠠᠯ᠎ᠠ ᠡᠰᠡ ᠶᠠᠪᠤᠪᠠᠰᠤ ᠰᠢᠪᠰᠢᠭ
ᠡᠳ᠋ ᠣᠯᠠᠨ ᠪᠣᠯᠪᠠᠴᠤ ᠡᠷᠳᠡᠮ ᠮᠡᠳᠡᠯᠭᠡ ᠦᠭᠡᠢ ᠪᠣᠯᠪᠠᠰᠤ ᠰᠢᠪᠰᠢᠭ
ᠭᠤᠷᠪᠠᠨ ᠡᠷᠬᠢᠮ
ᠠᠷᠢᠭᠤᠨ ᠰᠠᠢᠨ ᠢ᠋ ᠬᠢᠨᠠᠨ ᠮᠡᠳᠡᠪᠡᠰᠦ ᠡᠷᠬᠢᠮ
ᠠᠯᠢᠮᠠᠳ ᠮᠠᠭᠤ ᠶ᠋ᠢ ᠭᠡᠭᠡᠨ ᠴᠢᠳᠠᠪᠠᠰᠤ ᠡᠷᠬᠢᠮ
ᠠᠵᠢᠭᠯᠠᠯᠲᠠ ᠰᠢᠨᠵᠢᠯᠡᠭᠡ ᠲᠡᠭᠦᠰᠬᠡᠨ ᠴᠢᠳᠠᠪᠠᠰᠤ ᠡᠷᠬᠢᠮ
ᠭᠤᠷᠪᠠᠨ ᠰᠠᠢᠬᠠᠨ
ᠠᠪᠤ ᠡᠵᠢ ᠶ᠋ᠢᠨ ᠰᠤᠷᠭᠠᠯ ᠨᠢᠭᠡ ᠰᠠᠢᠬᠠᠨ
ᠠᠬ᠎ᠠ ᠳᠡᠭᠦᠦ ᠶ᠋ᠢᠨ ᠡᠨᠡᠷᠢᠯ ᠨᠢᠭᠡ ᠰᠠᠢᠬᠠᠨ
ᠠᠷᠪᠠᠨ ᠲᠠᠪᠤᠨ ᠤ᠋ ᠰᠠᠷ᠎ᠠ ᠨᠢᠭᠡ ᠰᠠᠢᠬᠠᠨ
ᠭᠤᠷᠪᠠᠨ ᠰᠠᠢᠬᠠᠨ
ᠠᠷᠠᠵᠠ ᠬᠣᠣᠷᠠᠵᠠ ᠶ᠋ᠢᠨ ᠦᠨᠦᠷ ᠨᠢ ᠰᠠᠢᠬᠠᠨ
ᠠᠬ᠎ᠠ ᠳᠡᠭᠦᠦ ᠶ᠋ᠢᠨ ᠣᠯᠠᠨ ᠨᠢ ᠰᠠᠢᠬᠠᠨ
ᠠᠮᠠᠷᠠᠭ ᠨᠥᠬᠥᠳ ᠦ᠋ᠨ ᠢᠨᠠᠭ ᠨᠢ ᠰᠠᠢᠬᠠᠨ
ᠭᠤᠷᠪᠠᠨ ᠰᠠᠢᠬᠠᠨ
ᠠᠨᠳᠠᠯᠠᠬᠤ ᠳ᠋ᠤ᠌ ᠠᠬ᠎ᠠ ᠳᠡᠭᠦᠦ ᠰᠠᠢᠬᠠᠨ
ᠠᠮᠲᠠᠯᠠᠬᠤ ᠳ᠋ᠤ᠌ ᠪᠠᠯ ᠰᠢᠬᠢᠷ ᠰᠠᠢᠬᠠᠨ
ᠠᠷᠴᠢᠬᠤ ᠳ᠋ᠤ᠌ ᠲᠣᠯᠢ ᠰᠢᠯ ᠰᠠᠢᠬᠠᠨ
ᠭᠤᠷᠪᠠᠨ ᠰᠠᠢᠨ
ᠠᠯᠠᠭ ᠮᠣᠷᠢ ᠠᠳᠤᠭᠤᠨ ᠳᠤᠮᠳᠠ ᠪᠠᠨ ᠰᠠᠢᠨ
ᠠᠯᠢᠶ᠎ᠠ ᠬᠡᠦᠬᠡᠳ ᠠᠢᠮᠠᠭ ᠰᠠᠳᠤᠨ ᠳ᠋ᠠᠭᠠᠨ ᠰᠠᠢᠨ
ᠠᠪᠤ ᠡᠵᠢ ᠡᠷᠦᠬᠡ ᠭᠡᠷ ᠲᠡᠭᠡᠨ ᠰᠠᠢᠨ
ᠭᠤᠷᠪᠠᠨ ᠲᠡᠮᠳᠡᠭ
ᠠᠯᠭᠤᠷ ᠶᠠᠪᠤᠪᠠᠯ ᠵᠠᠮ ᠢᠶ᠋ᠠᠨ ᠲᠤᠭᠤᠯᠬᠤ ᠶ᠋ᠢᠨ ᠲᠡᠮᠳᠡᠭ
ᠠᠪᠤᠷᠢ ᠪᠠᠨ ᠵᠠᠰᠠᠪᠠᠯ ᠰᠡᠴᠡᠨ ᠪᠣᠯᠬᠤ ᠶ᠋ᠢᠨ ᠲᠡᠮᠳᠡᠭ
ᠠᠰᠢᠳᠠ ᠰᠢᠮᠳᠠᠪᠠᠯ ᠲᠡᠷᠢᠭᠦᠨ ᠪᠣᠯᠬᠤ ᠶ᠋ᠢᠨ ᠲᠡᠮᠳᠡᠭ
ᠭᠤᠷᠪᠠᠨ ᠠᠬᠤ
ᠠᠭᠤᠯᠠ ᠥᠨᠳᠥᠷ ᠪᠣᠯᠪᠠᠴᠤ ᠣᠷᠣᠢ ᠪᠠᠷ ᠢᠶ᠋ᠠᠨ ᠭᠠᠷᠬᠤ ᠵᠠᠮ ᠠᠬᠤ
ᠬᠠᠳᠠ ᠥᠨᠳᠥᠷ ᠪᠣᠯᠪᠠᠴᠤ ᠬᠠᠵᠠᠭᠤ ᠪᠠᠷ ᠢᠶ᠋ᠠᠨ ᠭᠠᠷᠬᠤ ᠵᠠᠮ ᠠᠬᠤ
ᠭᠣᠣᠯ ᠥᠷᠭᠡᠨ ᠪᠣᠯᠪᠠᠴᠤ ᠳᠡᠭᠡᠭᠦᠷ ᠢᠶ᠋ᠠᠨ ᠭᠠᠷᠬᠤ ᠬᠥᠭᠥᠷᠭᠡ ᠠᠬᠤ
ᠭᠤᠷᠪᠠᠨ ᠳᠡᠭᠡᠷ᠎ᠡ
ᠠᠯᠤᠰ ᠢ᠋ ᠨᠢ ᠪᠣᠳᠣᠭᠠᠳ ᠬᠥᠲᠥᠯ ᠳᠡᠭᠡᠷ᠎ᠡ
ᠠᠯᠳᠠ ᠶ᠋ᠢ ᠨᠢ ᠪᠣᠳᠣᠭᠠᠳ ᠳᠡᠯᠢᠮ ᠳᠡᠭᠡᠷ᠎ᠡ
ᠠᠳᠬᠤ ᠶ᠋ᠢ ᠨᠢ ᠪᠣᠳᠣᠭᠠᠳ ᠴᠢᠮᠬᠢ ᠳᠡᠭᠡᠷ᠎ᠡ
ᠭᠤᠷᠪᠠᠨ ᠲᠡᠮᠳᠡᠭ
ᠠᠷᠪᠢᠯᠠᠨ ᠭᠠᠮᠨᠠᠪᠠᠯ ᠥᠭᠡᠳᠡᠯᠡᠬᠦ ᠶ᠋ᠢᠨ ᠲᠡᠮᠳᠡᠭ
ᠠᠷᠢᠬᠢᠴᠢᠨ ᠪᠣᠯᠪᠠᠯ ᠳᠣᠷᠣᠢᠲᠠᠬᠤ ᠶ᠋ᠢᠨ ᠲᠡᠮᠳᠡᠭ
ᠠᠢᠯᠴᠢᠨ ᠪᠣᠯᠪᠠᠯ ᠬᠥᠨᠳᠡᠢᠷᠡᠬᠦ ᠶ᠋ᠢᠨ ᠲᠡᠮᠳᠡᠭ
ᠭᠤᠷᠪᠠᠨ ᠣᠷᠣᠰᠢᠮᠤᠢ
ᠠᠰᠤᠷᠤ ᠶᠡᠬᠡ ᠠᠭᠤᠯᠠᠳ ᠲᠤᠷ ᠠᠭᠤᠯᠠ ᠶ᠋ᠢᠨ ᠲᠩᠷᠢ ᠣᠷᠣᠰᠢᠮᠤᠢ
ᠠᠷᠢᠭᠤᠨ ᠰᠠᠢᠨ ᠤᠰᠤᠳ ᠲᠤᠷ ᠤᠰᠤᠨ ᠤ᠋ ᠯᠤᠤᠰ ᠣᠷᠣᠰᠢᠮᠤᠢ
ᠠᠭᠤᠤ ᠤᠷᠲᠤ ᠵᠠᠮ ᠤ᠋ᠳ ᠲᠤᠷ ᠵᠠᠮ ᠤ᠋ᠨ ᠡᠵᠡᠳ ᠣᠷᠣᠰᠢᠮᠤᠢ
ᠭᠤᠷᠪᠠᠨ ᠪᠠᠷᠠᠭᠳᠠᠪᠠᠰᠤ
ᠠᠮᠤᠷ ᠶᠠᠪᠤᠬᠤ ᠶ᠋ᠢᠨ ᠪᠤᠶᠠᠨ ᠪᠠᠷᠠᠭᠳᠠᠪᠠᠰᠤ ᠬᠣᠣᠷᠲᠤ ᠰᠡᠳᠬᠢᠯ ᠲᠥᠷᠥᠬᠦ
ᠠᠰᠢᠳᠠ ᠶ᠋ᠢᠨ ᠤᠭ ᠢᠵᠠᠭᠤᠷ ᠪᠠᠷᠠᠭᠳᠠᠪᠠᠰᠤ ᠮᠠᠭᠤ ᠬᠥᠪᠡᠭᠦᠨ ᠲᠥᠷᠥᠬᠦ
ᠠᠮᠢᠳᠤᠷᠠᠬᠤ ᠶ᠋ᠢᠨ ᠨᠠᠰᠤᠨ ᠪᠠᠷᠠᠭᠳᠠᠪᠠᠰᠤ ᠦᠬᠦᠯ ᠦ᠋ᠨ ᠢᠷᠸ᠎ᠠ ᠲᠥᠷᠥᠬᠦ
ᠭᠤᠷᠪᠠᠨ ᠲᠡᠮᠳᠡᠭ
ᠠᠮᠲᠠ ᠭᠡᠵᠦ ᠬᠡᠯᠡᠬᠦ ᠨᠢ ᠵᠥᠭᠡᠭᠰᠡᠨ ᠦ᠌ ᠲᠡᠮᠳᠡᠭ
ᠠᠶ᠎ᠠ ᠭᠡᠵᠦ ᠪᠠᠷᠬᠢᠷᠠᠬᠤ ᠨᠢ ᠵᠣᠪᠠᠭᠰᠠᠨ ᠤ᠋ ᠲᠡᠮᠳᠡᠭ
ᠠᠪᠤ ᠠ᠋ ᠭᠡᠵᠦ ᠳᠤᠷᠠᠰᠬᠤ ᠨᠢ ᠰᠣᠴᠢᠭᠰᠠᠨ ᠤ᠋ ᠲᠡᠮᠳᠡᠭ
ᠭᠤᠷᠪᠠᠨ ᠦᠯᠦ ᠪᠣᠯᠬᠤ
ᠠᠳᠠᠭ ᠮᠠᠭᠤ ᠭᠡᠷᠭᠡᠢ ᠯᠤᠭ᠎ᠠ ᠠᠮᠤᠷ ᠶᠠᠪᠤᠵᠤ ᠦᠯᠦ ᠪᠣᠯᠬᠤ
ᠠᠳᠬᠠᠭ ᠰᠠᠨᠠᠭᠠᠲᠤ ᠨᠥᠬᠥᠷ ᠯᠤᠭ᠎ᠠ ᠤᠳᠠᠭᠠᠨ ᠬᠠᠨᠢᠯᠠᠵᠤ ᠦᠯᠦ ᠪᠣᠯᠬᠤ
ᠠᠭᠤᠷ ᠶᠡᠬᠡᠲᠦ ᠨᠣᠶᠠᠳ ᠳ᠋ᠤᠷ ᠠᠰᠢᠳᠠ ᠢᠲᠡᠭᠡᠵᠦ ᠦᠯᠦ ᠪᠣᠯᠬᠤ
ᠭᠤᠷᠪᠠᠨ ᠰᠠᠢᠨ
ᠠᠯᠲᠠ ᠮᠥᠩᠭᠥ ᠠᠪᠳᠠᠷ᠎ᠠ ᠳᠦᠭᠦᠷᠡᠩ ᠰᠠᠢᠨ
ᠠᠴᠢᠨᠠᠷ ᠬᠡᠦᠬᠡᠳ ᠭᠡᠷ ᠳᠦᠭᠦᠷᠡᠩ ᠰᠠᠢᠨ
ᠠᠳᠤᠭᠤ ᠮᠠᠯ ᠲᠠᠯ᠎ᠠ ᠳᠦᠭᠦᠷᠡᠩ ᠰᠠᠢᠨ
ᠭᠤᠷᠪᠠᠨ ᠠᠳᠠᠯᠢ
ᠠᠪᠤ ᠬᠥᠮᠦᠨ ᠦ᠌ ᠰᠡᠳᠬᠢᠯ ᠠᠯᠲᠠᠲᠠᠢ ᠮᠠᠩᠨᠤᠭ ᠠᠳᠠᠯᠢ
ᠡᠵᠢ ᠬᠥᠮᠦᠨ ᠦ᠌ ᠰᠡᠳᠬᠢᠯ ᠡᠩᠲᠡᠢ ᠲᠣᠷᠭ᠎ᠠ ᠠᠳᠠᠯᠢ
ᠡᠬᠡᠨᠡᠷ ᠬᠥᠮᠦᠨ ᠦ᠌ ᠰᠡᠳᠬᠢᠯ ᠡᠪᠲᠡᠢ ᠳᠡᠪᠡᠯ ᠠᠳᠠᠯᠢ
ᠦᠰᠦᠭ ᠠᠮᠢᠯᠠᠭᠤᠯᠤᠭᠴᠢ ᠄ ᠣᠶᠤᠨᠲᠤᠨᠠᠯ ᠂ ᠳ᠋ᠦ᠋ᠩ ᠹᠧᠩ ᠂ ᠬᠠᠷᠠᠨᠤᠳ ᠲᠤᠶᠠᠭ᠎ᠠ ᠂ ᠮᠢᠩᠭᠠᠳ ᠴᠢᠮᠡᠭ ᠂ ᠬᠠᠲᠠᠴᠢ ᠤᠷᠠᠨ᠎ᠠ
ᠬᠢᠨᠠᠭᠴᠢ ᠄ ᠮᠢᠩᠭᠠᠳ ᠴᠢᠮᠡᠭ ᠂ ᠬᠠᠷᠠᠨᠤᠳ ᠲᠤᠶᠠᠭ᠎ᠠ
