ᠡᠷᠳᠡᠨᠢ ᠲᠤᠨᠤᠮᠠᠯ ᠨᠡᠷᠡᠲᠦ ᠰᠤᠳᠤᠷ ᠣᠷᠣᠰᠢᠪᠠ - ᠲᠠᠢᠯᠪᠤᠷᠢ ᠲᠠᠯᠪᠢᠭᠴᠢ ᠶ᠋ᠢᠨ ᠦᠭᠡ Эрдэнэ тунамал нэрт судар оршив - Тайлбар тавигчийн үг
ᠡᠷᠳᠡᠨᠢ ᠲᠤᠨᠤᠮᠠᠯ ᠨᠡᠷᠡᠲᠦ ᠰᠤᠳᠤᠷ ᠣᠷᠣᠰᠢᠪᠠ
- ᠲᠠᠢᠯᠪᠤᠷᠢ ᠲᠠᠯᠪᠢᠭᠴᠢ ᠶ᠋ᠢᠨ ᠦᠭᠡ
《ᠡᠷᠳᠡᠨᠢ ᠲᠤᠨᠤᠮᠠᠯ ᠨᠡᠷᠡᠲᠦ ᠰᠤᠳᠤᠷ ᠣᠷᠣᠰᠢᠪᠠ 》ᠬᠡᠮᠡᠬᠦ ᠡᠨᠡ ᠨᠣᠮ ᠢ᠋ ᠪᠠᠰᠠ 《 ᠡᠷᠳᠡᠨᠢ ᠲᠣᠯᠢ ᠨᠡᠷᠡᠲᠦ ᠬᠤᠷᠢᠶᠠᠩᠭᠤᠢ ᠴᠡᠳᠢᠭ 》 ᠭᠡᠬᠦ ᠪᠤᠶᠤ 《 ᠴᠡᠭᠷᠡᠸᠡᠷᠳᠢ ᠠᠯᠲᠠᠨ ᠬᠠᠭᠠᠨ ᠤ᠋ ᠲᠣᠭᠣᠵᠢ 》 ᠭᠡᠨ᠎ᠡ ᠃ ᠡᠨᠡ ᠨᠣᠮ ᠪᠣᠯ ᠲᠠᠢᠮᠢᠩ ᠤᠯᠤᠰ ᠤ᠋ᠨ ᠦᠶ᠎ᠡ ᠳ᠋ᠦ᠍ ᠮᠣᠩᠭᠣᠯ ᠤ᠋ᠨ ᠲᠦᠮᠡᠳ ᠠᠢᠮᠠᠭ ᠤ᠋ᠨ ᠡᠵᠡᠨ ᠠᠯᠲᠠᠨ ᠬᠠᠭᠠᠨ ( 1507 —1581) ᠦ᠌ ᠨᠠᠰᠤᠨ ᠲᠤᠷᠰᠢᠳᠠ ᠶ᠋ᠢᠨ ᠠᠵᠢᠯ ᠦᠢᠯᠡᠰ ᠢ᠋ ᠣᠨ ᠳᠠᠷᠠᠭᠠᠯᠠᠨ ᠲᠣᠭᠠᠴᠢᠨ ᠥᠭᠦᠯᠡᠭᠰᠡᠨ ᠨᠢᠭᠡᠨ ᠢᠵᠢ ᠲᠡᠦᠬᠡ ᠶ᠋ᠢᠨ ᠵᠣᠬᠢᠶᠠᠯ ᠪᠣᠯᠤᠨ᠎ᠠ ᠃ ᠡᠭᠦᠨ ᠦ᠌ ᠳᠣᠲᠣᠷ᠎ᠠ ᠂ ᠠᠯᠲᠠᠨ ᠬᠠᠭᠠᠨ ᠤ᠋ ᠪᠦᠬᠦ ᠨᠠᠰᠤᠨ ᠤ᠋ ᠦᠢᠯᠡ ᠬᠡᠷᠡᠭ ᠢ᠋ᠶ᠋ᠡᠷ ᠲᠣᠪᠴᠢ ᠪᠣᠯᠭᠠᠨ ᠂ ᠲᠦᠮᠡᠳ ᠠᠢᠮᠠᠭ ᠢ᠋ᠶ᠋ᠠᠷ ᠭᠣᠣᠯ ᠪᠣᠯᠭᠠᠭᠰᠠᠨ ᠪᠠᠷᠠᠭᠤᠨ ᠭᠠᠷᠤᠨ ᠮᠣᠩᠭᠣᠯᠴᠤᠳ ᠤ᠋ᠨ ᠤᠯᠤᠰ ᠲᠥᠷᠥ ᠂ ᠠᠵᠤ ᠠᠬᠤᠢ ᠂ ᠴᠡᠷᠢᠭ ᠦ᠋ᠨ ᠶᠠᠪᠤᠳᠠᠯ ᠪᠠ ᠲᠡᠭᠦᠨᠴᠢᠯᠡᠨ ᠮᠣᠩᠭᠣᠯ ᠤ᠋ᠨ ᠡᠯ᠎ᠡ ᠠᠢᠮᠠᠭ ᠤ᠋ᠨ ᠬᠣᠭᠣᠷᠣᠨᠳᠣ ᠶ᠋ᠢᠨ ᠬᠠᠷᠢᠯᠴᠠᠭ᠎ᠠ ᠬᠣᠯᠪᠣᠭ᠎ᠠ ᠂ ᠲᠡᠳᠡᠨᠡᠷ ᠦ᠋ᠨ ᠭᠠᠳᠠᠭᠠᠳᠤ ᠬᠠᠷᠢᠯᠴᠠᠭ᠎ᠠ ᠂ ᠵᠢᠴᠢ ᠮᠣᠩᠭᠣᠯ ᠣᠷᠣᠨ ᠪᠠ ᠲᠠᠢᠮᠢᠩ ᠤᠯᠤᠰ ᠯᠤᠭ᠎ᠠ ᠬᠠᠷᠢᠯᠴᠠᠨ ᠠᠷᠠᠯᠵᠢᠶ᠎ᠠ ᠨᠡᠪᠲᠡᠷᠡᠭᠰᠡᠨ ᠪᠠ ᠰᠢᠷ᠎ᠠ ᠶ᠋ᠢᠨ ᠱᠠᠰᠢᠨ ᠮᠣᠩᠭᠣᠯ ᠣᠷᠣᠨ᠎ᠠ ᠨᠡᠪᠲᠡᠷᠡᠨ ᠢᠷᠡᠭᠰᠡᠨ ᠥᠩᠭᠡᠷᠡᠯᠲᠡ ᠂ ᠶᠠᠪᠤᠴᠠ ᠵᠡᠷᠭᠡ ᠶ᠋ᠢ ᠨᠠᠷᠢᠪᠴᠢᠯᠠᠨ ᠲᠣᠭᠠᠴᠠᠵᠤᠬᠤᠢ᠃ ᠡᠨᠡ ᠨᠣᠮ ᠪᠣᠯ ᠮᠣᠩᠭᠣᠯ ᠲᠡᠦᠬᠡ ᠶ᠋ᠢᠨ ᠰᠤᠷᠪᠤᠯᠵᠢ ᠪᠢᠴᠢᠭ ᠦ᠋ᠨ ᠬᠥᠮᠥᠷᠭᠡ ᠳᠣᠲᠣᠷᠠᠬᠢ ᠨᠢᠭᠡᠨ ᠬᠣᠪᠣᠷ ᠴᠤᠬᠠᠭ ᠡᠷᠳᠡᠨᠢ ᠪᠣᠯᠤᠨ᠎ᠠ ᠃
ᠡᠨᠡ ᠨᠣᠮ ᠢ᠋ ᠰᠢᠯᠦᠭ ᠦ᠋ᠨ ᠬᠡᠯᠪᠡᠷᠢ ᠪᠡᠷ ᠤᠷᠠᠨ ᠰᠠᠢᠬᠠᠨ ᠤᠶᠠᠩᠭᠠᠯᠠᠨ ᠪᠢᠴᠢᠭᠰᠡᠨ ᠪᠠ ᠲᠡᠭᠦᠨ ᠦ᠌ ᠦᠰᠦᠭ ᠦ᠋ᠨ ᠬᠡᠯᠪᠡᠷᠢ ᠂ ᠰᠤᠯᠠ ᠦᠭᠡ ᠳᠠᠭᠠᠪᠤᠷᠢ ᠨᠤᠭᠤᠳ ᠢ᠋ ᠬᠡᠷᠡᠭᠯᠡᠭᠰᠡᠨ ᠬᠡᠪ ᠪᠠᠢᠳᠠᠯ ᠵᠢᠴᠢ 《 ᠨᠠ 》 ᠂ 《 ᠭᠠ 》 ᠵᠡᠷᠭᠡ ᠦᠰᠦᠭ ᠲᠡᠢ ᠳᠤᠰᠤᠯ ᠨᠡᠮᠡᠵᠦ ᠳᠠᠭᠤᠳᠠᠯᠭ᠎ᠠ ᠶ᠋ᠢ ᠡᠰᠡ ᠲᠣᠳᠣᠳᠬᠠᠭᠰᠠᠨ ᠨᠢ ᠬᠠᠷᠢᠨ ᠴᠤ᠌ ᠡᠷᠲᠡᠨ ᠦ᠌ ᠮᠣᠩᠭᠣᠯ ᠪᠢᠴᠢᠭ ᠦ᠋ᠨ ᠬᠡᠪ ᠰᠢᠨᠵᠢ ᠶ᠋ᠢ ᠨᠡᠯᠢᠶᠡᠳ ᠬᠠᠳᠠᠭᠠᠯᠠᠵᠠᠢ ᠃ ᠡᠭᠦᠪᠡᠷ ᠢ᠋ᠶ᠋ᠡᠨ ᠡᠨᠡ ᠨᠣᠮ ᠠᠨᠤ ᠮᠥᠨ ᠪᠠᠰᠠ ᠮᠣᠩᠭᠣᠯ ᠤ᠋ᠨ ᠬᠡᠯᠡ ᠦᠰᠦᠭ ᠦ᠋ᠨ ᠲᠡᠦᠬᠡ ᠶ᠋ᠢ ᠰᠢᠨᠵᠢᠨ ᠰᠤᠳᠤᠯᠬᠤ ᠳ᠋ᠤ᠌ ᠬᠣᠪᠣᠷ ᠴᠤᠬᠠᠭ ᠮᠠᠲ᠋ᠧᠷᠢᠶᠠᠯ ᠪᠣᠯᠵᠤ ᠂ ᠦᠰᠦᠭ ᠪᠢᠴᠢᠭ ᠦ᠋ᠨ ᠤᠬᠠᠭᠠᠨ ᠢ᠋ ᠰᠢᠨᠵᠢᠭᠴᠢ ᠨᠠᠷ ᠤ᠋ᠨ ᠠᠩᠬᠠᠷᠤᠯ ᠢ᠋ ᠲᠠᠲᠠᠵᠤ ᠪᠠᠢᠬᠤ ᠶᠤᠮ ᠃
ᠡᠨᠡ ᠬᠦ᠌ ᠨᠣᠮ ᠢ᠋ ᠴᠣᠬᠣᠮ ᠠᠯᠢ ᠦᠶ᠎ᠡ ᠳ᠋ᠦ᠍ ᠵᠣᠬᠢᠶᠠᠨ ᠪᠢᠴᠢᠭᠰᠡᠨ ᠲᠤᠬᠠᠢ ᠨᠠᠷᠢᠨ ᠲᠣᠳᠣᠷᠠᠭᠤᠨ ᠲᠡᠮᠳᠡᠭᠯᠡᠯ ᠬᠠᠷᠠᠬᠠᠨ ᠥᠭᠡᠷ᠎ᠡ ᠦᠭᠡᠢ ᠪᠠᠢᠭᠰᠠᠭᠠᠷ ᠃ᠬᠡᠳᠦᠢ ᠲᠡᠢᠨ ᠪᠣᠯᠪᠠᠴᠤ ᠪᠡᠳᠡ ᠡᠨᠡ ᠨᠣᠮ ᠤ᠋ᠨ ᠳᠣᠲᠣᠷ᠎ᠠ ᠲᠡᠮᠳᠡᠭᠯᠡᠭᠳᠡᠭᠰᠡᠨ ᠶᠠᠪᠤᠳᠠᠯ ᠤᠴᠢᠷ ᠠ᠋ᠴᠠ ᠰᠦᠪᠡᠭᠴᠢ ᠣᠯᠵᠤ ᠮᠠᠭᠠᠳᠯᠠᠨ ᠲᠥᠰᠦᠪᠯᠡᠵᠦ ᠪᠣᠯᠬᠤ ᠶᠤᠮ ᠃ᠡᠨᠡ ᠨᠣᠮ ᠤ᠋ᠨ ᠳᠣᠲᠣᠷ᠎ᠠ ᠂ ᠤᠰᠤᠨ ᠲᠠᠤᠯᠠᠢ ᠵᠢᠯ ( ᠸᠠᠨ ᠯᠢ ᠶ᠋ᠢᠨ ᠭᠤᠴᠢᠨ ᠨᠢᠭᠡᠳᠦᠭᠡᠷ ᠣᠨ ᠂ 1603 ) ᠣᠨ ᠤ᠋ ᠤᠴᠢᠷ ᠢ᠋ ᠲᠡᠮᠳᠡᠭᠯᠡᠭᠰᠡᠨ ᠦ᠌ ᠳᠠᠷᠠᠭ᠎ᠠ ᠥᠭᠦᠯᠡᠭᠰᠡᠨ ᠨᠢ ᠄
《 ᠲᠡᠭᠦᠨ ᠦ᠌ ᠬᠤᠢᠨ᠎ᠠ ᠨᠠᠮᠤᠲᠠᠢ ᠰᠡᠴᠡᠨ ᠬᠠᠭᠠᠨ ᠵᠥᠩᠭᠡᠨ ᠬᠠᠲᠤᠨ ᠬᠣᠩ ᠲᠠᠢᠵᠢ ᠭᠤᠷᠪᠠᠭᠤᠯᠠ
ᠳᠡᠭᠡᠳᠦ ᠪᠣᠭᠳᠠ ᠬᠠᠭᠠᠨ ᠤ᠋ ᠲᠥᠷᠥ ᠶ᠋ᠢ ᠨᠣᠮ ᠤ᠋ᠨ ᠶᠣᠰᠣᠭᠠᠷ ᠶᠠᠪᠤᠭᠤᠯᠤᠭᠠᠳ
ᠲᠡᠭᠰᠢ ᠪᠤᠷᠬᠠᠨ ᠪᠠᠭᠰᠢ ᠶ᠋ᠢᠨ ᠨᠣᠮᠯᠠᠭᠰᠠᠨ ᠵᠠᠭᠤᠨ ᠨᠠᠢ᠍ᠮᠠᠨ ᠭᠡᠨᠵᠦᠷ ᠨᠣᠮ ᠢ᠋ ᠮᠣᠩᠭᠣᠯ ᠤ᠋ᠨ ᠬᠡᠯᠪᠡᠷᠢ
ᠲᠡᠷᠡ ᠴᠠᠭ ᠲᠤᠷ ᠰᠢᠷᠡᠭᠡᠲᠦ ᠭᠦᠰᠢ ᠴᠣᠷᠵᠢ ᠠᠶᠤᠰᠢ ᠠᠨᠠᠨᠳᠠ ᠮᠠᠨᠵᠤᠰᠢᠷᠢ ᠬᠥᠰᠢ ᠲᠡᠷᠢᠭᠦᠲᠡᠨ ᠪᠠ
ᠭᠠᠢᠬᠠᠮᠰᠢᠭ ᠭᠤᠷᠪᠠᠨ ᠲᠦᠮᠡᠨ ᠦ᠌ ᠬᠡᠯᠡᠮᠦᠷᠴᠢ ᠮᠡᠷᠭᠡᠳ ᠢ᠋ᠶ᠋ᠡᠷ
ᠬᠠᠷ᠎ᠠ ᠪᠠᠷᠰ ᠵᠢᠯ ᠡᠴᠡ ᠤᠯᠠᠭᠠᠨ ᠬᠣᠨᠢᠨ ᠵᠢᠯ ᠬᠦᠷᠲᠡᠯ᠎ᠡ ᠪᠡᠷ
ᠬᠠᠮᠤᠭ ᠨᠣᠮ ᠤ᠋ᠳ ᠢ᠋ ᠪᠦᠷᠢᠨ ᠲᠡᠭᠦᠰ ᠣᠷᠴᠢᠭᠤᠯᠵᠤ ᠪᠦᠷ ᠦ᠋ᠨ
ᠪᠦᠷᠢᠨ ᠭᠠᠢᠬᠠᠮᠰᠢᠭ ᠵᠣᠬᠢᠰᠲᠠᠶᠠ ᠳᠡᠪᠲᠡᠷ ᠲᠣᠷ ᠣᠷᠣᠰᠢᠭᠤᠯᠵᠤ ᠲᠠᠯᠪᠢᠪᠠᠢ 》 ᠭᠡᠵᠡᠢ ᠃
ᠳᠡᠭᠡᠷ᠎ᠡ ᠳᠤᠷᠠᠳᠤᠭᠰᠠᠨ ᠬᠠᠷ᠎ᠠ ᠪᠠᠷᠰ ᠵᠢᠯ ᠬᠡᠮᠡᠭᠴᠢ ᠨᠢ ᠳᠠᠷᠤᠢ ᠬᠠᠷ᠎ᠠ ᠡᠷ᠎ᠡ ᠪᠠᠷᠰ ᠵᠢᠯ ( ᠸᠠᠨ ᠯᠢ ᠶ᠋ᠢᠨ ᠭᠤᠴᠢᠳᠤᠭᠠᠷ ᠣᠨ ᠂1602 ᠣᠨ ) ᠮᠥᠨ ᠪᠣᠯᠬᠤ ᠪᠠ ᠤᠯᠠᠭᠠᠨ ᠬᠣᠨᠢᠨ ᠵᠢᠯ ᠬᠡᠮᠡᠭᠴᠢ ᠨᠢ ᠤᠯᠠᠭᠠᠨ ᠡᠮ᠎ᠡ ᠬᠣᠨᠢᠨ ᠵᠢᠯ ( ᠸᠠᠨ ᠯᠢ ᠶ᠋ᠢᠨ ᠭᠤᠴᠢᠨ ᠲᠠᠪᠤᠳᠤᠭᠠᠷ ᠣᠨ 1607 ᠣᠨ ) ᠪᠣᠯᠤᠨ᠎ᠠ ᠃ ᠡᠭᠦᠨᠴᠡ ᠦᠵᠡᠪᠡᠰᠦ ᠂ ᠡᠨᠡ ᠪᠢᠴᠢᠭ ᠲᠦ᠍ ᠲᠡᠮᠳᠡᠭᠯᠡᠭᠳᠡᠭᠰᠡᠨ ᠬᠠᠮᠤᠭ ᠰᠡᠭᠦᠯᠴᠢ ᠶ᠋ᠢᠨ ᠣᠨ ᠵᠢᠯ ᠨᠢ 1607 ᠣᠨ ᠪᠣᠯᠬᠤ ᠶ᠋ᠢᠨ ᠣᠴᠢᠷ᠎ᠠ ᠂ ᠡᠨᠡ ᠨᠣᠮ ᠢ᠋ ᠲᠤᠭᠤᠷᠪᠢᠨ ᠪᠢᠴᠢᠭᠰᠡᠨ ᠣᠨ ᠵᠢᠯ ᠨᠢ ᠶᠠᠷᠢᠶᠠᠨ ᠦᠭᠡᠢ 1607 ᠣᠨ ᠪᠤᠶᠤ ᠡᠰᠡᠬᠦᠯ᠎ᠡ ᠲᠡᠭᠦᠨᠴᠡ ᠬᠣᠢᠨ᠎ᠠ ᠪᠣᠯᠤᠨ᠎ᠠ ᠃ ᠴᠣᠬᠣᠮ ᠪᠣᠳᠠᠲᠠᠢ ᠠᠯᠢ ᠣᠨ ᠳ᠋ᠤᠷ ᠪᠢᠴᠢᠭᠳᠡᠭᠰᠡᠨ ᠢ᠋ ᠲᠣᠳᠣᠯᠠᠬᠤ ᠳ᠋ᠤ᠌ ᠳᠣᠣᠷ᠎ᠠ ᠥᠭᠦᠯᠡᠬᠦ ᠲᠡᠦᠬᠡ ᠶ᠋ᠢᠨ ᠬᠡᠷᠡᠭ ᠶᠠᠪᠤᠳᠠᠯ ᠂ ᠪᠢᠳᠡᠨ ᠳ᠋ᠦ᠍ ᠮᠠᠭᠠᠳᠯᠠᠨ ᠲᠣᠳᠣᠯᠠᠵᠤ ᠪᠣᠯᠬᠤᠢᠴᠠ ᠪᠣᠯᠤᠯᠴᠠᠭ᠎ᠠ ᠶ᠋ᠢ ᠣᠯᠭᠣᠵᠤ ᠪᠣᠯᠤᠨ᠎ᠠ ᠃ ᠡᠨᠡ ᠨᠣᠮ ᠳ᠋ᠤ᠌ ᠳᠠᠶᠤᠨ ᠬᠠᠭᠠᠨ ᠂ ᠰᠠᠢᠨ ᠠᠯᠠᠭ ᠬᠠᠭᠠᠨ ᠂ ᠠᠯᠲᠠᠨ ᠬᠠᠭᠠᠨ ᠂ ᠰᠡᠩᠭᠡ ᠳᠦᠭᠦᠷᠡᠩ ᠬᠠᠭᠠᠨ ᠲᠠᠨ ᠤ᠋ ᠶᠡᠬᠡ ᠣᠷᠣ ᠵᠠᠯᠭᠠᠮᠵᠢᠯᠠᠭᠰᠠᠨ ᠣᠨ ᠵᠢᠯ ᠪᠠ ᠨᠠᠰᠤ ᠨᠥᠭᠴᠢᠭᠰᠡᠨ ᠣᠨ ᠵᠢᠯ ᠢ᠋ ᠴᠥᠮ ᠨᠠᠷᠢᠨ ᠲᠣᠳᠣᠷᠬᠠᠢ ᠲᠡᠮᠳᠡᠭᠯᠡᠭᠰᠡᠨ ᠪᠠᠢᠲᠠᠯ᠎ᠠ ᠬᠠᠷᠢᠨ ᠨᠠᠮᠤᠲᠠᠢ ᠰᠡᠴᠡᠨ ᠬᠠᠭᠠᠨ ᠤ᠋ ᠲᠤᠬᠠᠢ ᠲᠡᠮᠳᠡᠭᠯᠡᠯ ᠳ᠋ᠦ᠍ᠷ ᠭᠠᠭᠴᠠ ᠲᠡᠭᠦᠨ ᠦ᠌ ᠶᠡᠬᠡ ᠣᠷᠣ ᠵᠠᠯᠭᠠᠮᠵᠢᠯᠠᠭᠰᠠᠨ ᠣᠨ ( ᠭᠠᠯ ᠨᠣᠬᠠᠢ ᠵᠢᠯ ᠂ ᠸᠠᠨ ᠯᠢ ᠶ᠋ᠢᠨ ᠠᠷᠪᠠᠨ ᠳᠥᠷᠪᠡᠳᠦᠭᠡᠷ ᠣᠨ ᠂ 1586ᠣᠨ ) ᠢ᠋ ᠲᠣᠳᠣᠯᠠᠨ ᠲᠡᠮᠳᠡᠭᠯᠡᠭᠡᠳ ᠲᠡᠭᠦᠨ ᠦ᠌ ᠨᠠᠰᠤᠨ ᠨᠥᠭᠴᠢᠭᠰᠡᠨ ᠣᠨ ᠵᠢᠯ ᠢ᠋ ᠲᠡᠮᠳᠡᠭᠯᠡᠭᠰᠡᠨ ᠦᠭᠡᠢ ᠃ ᠡᠭᠦᠨᠴᠡ ᠡᠨᠡ ᠨᠣᠮ ᠪᠣᠯ ᠨᠠᠮᠤᠲᠠᠢ ᠰᠡᠴᠡᠨ ᠬᠠᠭᠠᠨ ᠠᠮᠢᠳᠤ ᠰᠡᠷᠡᠭᠦᠨ ᠪᠠᠢᠭᠰᠠᠨ ᠦᠶ᠎ᠡ ᠳ᠋ᠦ᠍ ᠪᠢᠴᠢᠭᠳᠡᠭᠰᠡᠨ ᠭᠡᠳᠡᠭ ᠢ᠋ ᠲᠣᠳᠣᠯᠠᠵᠤ ᠪᠣᠯᠤᠨ᠎ᠠ ᠃ ᠨᠠᠮᠤᠲᠠᠢ ᠰᠡᠴᠡᠨ ᠬᠠᠭᠠᠨ ᠢ᠋ ᠬᠢᠲᠠᠳ ᠪᠢᠴᠢᠭ ᠲᠣᠷ ᠴᠧ ᠯᠢ ᠺᠧ ( 扯力克) ᠭᠡᠳᠡᠭ ᠃ 《 ᠮᠢᠩ ᠱᠢ 》 ( 明史) ᠪᠢᠴᠢᠭ ᠲᠡᠬᠢ ᠱᠧᠨ ᠽᠦᠩ ( 神宗 )ᠬᠠᠭᠠᠨ ᠤ᠋ ᠴᠡᠳᠢᠭ ᠲᠤᠷ ᠲᠡᠮᠳᠡᠭᠯᠡᠭᠰᠡᠨ ᠢ᠋ ᠦᠨᠳᠦᠰᠦᠯᠡᠪᠡᠯ ᠂ ᠨᠠᠮᠤᠲᠠᠢ ᠰᠡᠴᠡᠨ ᠬᠠᠭᠠᠨ ᠤ᠋ ᠨᠠᠰᠤᠨ ᠨᠥᠭᠴᠢᠭᠰᠡᠨ ᠣᠨ ᠪᠣᠯ ᠸᠠᠨ ᠯᠢ ( 万历 ) ᠶ᠋ᠢᠨ ᠭᠤᠴᠢᠨ ᠲᠠᠪᠤᠳᠤᠭᠠᠷ ᠣᠨ ᠤ᠋ ᠵᠤᠨ ᠤ᠋ ᠤᠯᠠᠷᠢᠯ ᠤ᠋ᠨ ᠳᠥᠲᠥᠭᠡᠷ ᠰᠠᠷ᠎ᠠ ᠶ᠋ᠢᠨ ᠬᠠᠷ᠎ᠠ ᠬᠤᠯᠤᠭᠠᠨ᠎ᠠ ᠡᠳᠦᠷ ( ᠬᠣᠷᠢᠨ ᠤ᠋ ᠡᠳᠦᠷ ) ᠪᠣᠯᠤᠨ᠎ᠠ ᠭᠡᠵᠡᠢ ᠃ ᠡᠭᠦᠨᠴᠡ ᠦᠵᠡᠪᠡᠯ ᠂ ᠡᠨᠡ ᠨᠣᠮ ᠤ᠋ᠨ ᠪᠢᠴᠢᠭᠳᠡᠭᠰᠡᠨ ᠣᠨ ᠵᠢᠯ ᠨᠢ ᠸᠠᠨ ᠯᠢ ᠶ᠋ᠢᠨ ᠭᠤᠴᠢᠨ ᠲᠠᠪᠤᠳᠤᠭᠠᠷ ᠣᠨ ᠪᠣᠯᠬᠤ 1607 ᠣᠨ ᠤ᠋ ᠬᠠᠪᠤᠷ ᠴᠠᠭ ᠪᠣᠢ ᠢ᠎ᠡ ᠬᠡᠮᠡᠬᠦ ᠪᠣᠯᠤᠯᠴᠠᠭ᠎ᠠ ᠮᠠᠰᠢ ᠶᠡᠬᠡ ᠪᠠᠢᠨ᠎ᠠ ᠃
ᠡᠨᠡ ᠨᠣᠮ ᠢ᠋ ᠲᠤᠭᠤᠷᠪᠢᠨ ᠪᠢᠴᠢᠭᠰᠡᠨ ᠲᠡᠷᠡ ᠬᠥᠮᠦᠨ ᠥᠪᠡᠷ ᠦ᠋ᠨ ᠠᠯᠳᠠᠷ ᠨᠡᠷ᠎ᠡ ᠶ᠋ᠢ ᠡᠰᠡ ᠲᠡᠮᠳᠡᠭᠯᠡᠨ ᠦᠯᠡᠳᠡᠭᠡᠭᠰᠡᠨ ᠨᠢ ᠦᠨᠡᠬᠡᠷ ᠬᠠᠷᠠᠮᠰᠠᠯᠲᠠᠢ ᠤᠴᠢᠷ ᠪᠣᠯᠠᠢ ᠃
ᠡᠨᠡ ᠪᠢᠴᠢᠭ ᠦ᠋ᠨ ᠲᠡᠦᠬᠡ ᠶ᠋ᠢᠨ ᠮᠠᠲ᠋ᠧᠷᠢᠶᠠᠯ ᠤ᠋ᠨ ᠢᠷᠡᠯᠲᠡ ᠶ᠋ᠢᠨ ᠲᠤᠬᠠᠢ ᠲᠡᠭᠦᠰᠬᠡᠯ ᠳ᠋ᠦ᠍ ᠲᠡᠮᠳᠡᠭᠯᠡᠭᠰᠡᠨ ᠨᠢ ᠄
《ᠭᠡᠭᠡᠨ ᠬᠠᠭᠠᠨ ᠬᠡᠳᠦᠢ ᠲᠣᠭ᠎ᠠ ᠲᠠᠨ ᠬᠠᠲᠤᠳ ᠠᠪᠤᠭᠰᠠᠨ
ᠬᠡᠳᠦᠢ ᠲᠣᠭᠠᠲᠠᠨ ᠬᠥᠪᠡᠭᠦᠳ ᠥᠬᠢᠳ ᠢ᠋ ᠲᠥᠷᠥᠭᠦᠯᠦᠭᠰᠡᠨ
ᠬᠡᠵᠢᠶᠡᠶᠡ ᠳ᠋ᠠ ᠠᠰᠤᠷᠤ ᠲᠤᠷᠬᠠᠷᠦ ᠵᠠᠰᠠᠭ ᠴᠠᠭᠠᠵᠢ ᠪᠠᠢᠭᠤᠯᠤᠭᠰᠠᠨ
ᠬᠡᠯᠬᠦ ᠶᠡᠬᠡ ᠤᠯᠤᠰ ᠤ᠋ᠨ ᠬᠠᠭᠠᠴᠠᠭᠰᠠᠨ ᠲᠥᠷᠥ ᠶ᠋ᠢ ᠬᠠᠮᠲᠤᠳᠬᠠᠭᠰᠠᠨ
ᠲᠡᠳᠡᠭᠡᠷ ᠣᠯᠠᠨ ᠲᠣᠭᠠᠲᠠᠨ ᠶᠠᠪᠤᠳᠠᠯ ᠠ᠋ᠴᠠ ᠢᠨᠦ ᠡᠳᠦᠢ ᠲᠡᠳᠦᠢ ᠰᠣᠨᠣᠰᠤᠭᠰᠠᠨ ᠢ᠋ᠶ᠋ᠠᠷ ᠬᠣᠷᠢᠶᠠᠨ ᠪᠢᠴᠢᠭᠰᠡᠨ ᠪᠤᠶᠤ ᠃
ᠴᠡᠭᠷᠠᠸᠠᠷᠳᠢ ᠠᠯᠲᠠᠨ ᠬᠠᠭᠠᠨ ᠤ᠋ ᠲᠥᠷᠥᠯ ᠢ᠋ ᠤᠬᠠᠭᠤᠯᠬᠤᠢ ᠡᠷᠳᠡᠨᠢ ᠲᠣᠯᠢ ᠨᠡᠷᠡᠲᠦ ᠬᠤᠷᠢᠶᠠᠩᠭᠤᠢ ᠴᠡᠳᠢᠭ ᠲᠡᠭᠦᠰᠪᠡ 》 ᠭᠡᠵᠡᠢ ᠃ ᠳᠠᠬᠢᠨ ᠪᠠᠰᠠ ᠄
《ᠦᠨᠳᠦᠰᠦᠨ ᠳᠡᠭᠡᠳᠦ ᠯᠠᠮᠠ ᠨᠠᠷ ᠲᠤᠷ ᠢ᠋ᠶ᠋ᠠᠨ ᠵᠠᠯᠪᠠᠷᠢᠮᠤᠢ
ᠦᠯᠡᠮᠵᠢ ᠪᠣᠭᠳᠠ ᠠᠯᠲᠠᠨ ᠬᠠᠭᠠᠨ ᠤ᠋ ᠨᠡᠷ᠎ᠡ ᠠᠯᠳᠠᠷ ᠥᠴᠦᠬᠡᠨ ᠰᠣᠨᠣᠰᠴᠤ
ᠤᠷᠠᠨ ᠲᠠᠩᠭᠠᠷᠢᠭ ᠳᠠᠶᠤᠨ ᠬᠢᠶ᠎ᠡ ᠶ᠋ᠢᠨ ᠵᠣᠬᠢᠶᠠᠭᠰᠠᠨ ᠠ᠋ᠴᠠ ᠲᠤᠭᠤᠷᠪᠢᠵᠤ
ᠤᠯᠠᠮ ᠪᠠᠰᠠ ᠬᠣᠲᠠᠯᠠ ᠳ᠋ᠠ ᠠᠯᠳᠠᠷᠰᠢᠲᠤᠭᠠᠢ ᠭᠡᠮᠡᠨ ᠪᠢᠴᠢᠪᠡ ᠪᠢ ᠰᠡᠳᠬᠢᠵᠦ
ᠲᠩᠷᠢᠯᠢᠭ ᠪᠣᠭᠳᠠ ᠠᠯᠲᠠᠨ ᠬᠠᠭᠠᠨ ᠤ᠋ ᠰᠠᠢᠨ ᠶᠠᠪᠤᠳᠠᠯ ᠤ᠋ᠨ ᠴᠡᠳᠢᠭ ᠢ᠋
ᠲᠡᠭᠦᠰ ᠪᠦᠷᠢᠨ ᠪᠢᠴᠢᠬᠦᠶ᠎ᠡ ᠪᠡᠷᠬᠡ ᠳ᠋ᠡᠬᠢ ᠪᠥᠭᠡᠰᠦ ᠪᠡᠷ
ᠲᠡᠭᠦᠨᠠᠷ ᠬᠥᠪᠡᠭᠦᠳ ᠠᠯᠲᠠᠨ ᠣᠷᠤᠭᠤᠳ ᠢᠨᠦ ᠦᠵᠡᠵᠦ ᠬᠢᠴᠢᠶᠡᠲᠦᠭᠡᠢ ᠭᠡᠮᠡᠨ
ᠲᠡᠭᠦᠰᠬᠡᠵᠦ ᠡᠳᠦᠢ ᠲᠡᠳᠦᠢ ᠰᠣᠨᠣᠰᠤᠭᠰᠠᠨ ᠢ᠋ᠶ᠋ᠠᠷ ᠳᠡᠪᠲᠡᠷ ᠲᠣᠷ ᠣᠷᠣᠰᠢᠭᠤᠯᠪᠠᠢ ᠪᠢ 》 ᠭᠡᠪᠡ ᠃
ᠳᠡᠭᠡᠷ᠎ᠡ ᠰᠡᠢᠷᠡᠭᠦᠯᠦᠭᠰᠡᠨ ᠡᠨᠡ ᠬᠣᠶᠠᠷ ᠪᠠᠳᠠᠭ ᠠ᠋ᠴᠠ ᠬᠢᠨᠠᠪᠠᠰᠤ ᠂ ᠵᠣᠬᠢᠶᠠᠭᠴᠢ ᠶ᠋ᠢᠨ ᠪᠡᠶ᠎ᠡ ᠡᠨᠡ ᠨᠣᠮ ᠢ᠋ᠶ᠋ᠠᠨ ᠪᠢᠴᠢᠬᠦᠢ ᠳ᠋ᠡᠭᠡᠨ ᠶᠡᠷᠦᠩᠬᠡᠢ ᠳ᠋ᠦ᠍ᠨᠢ ᠬᠣᠶᠠᠷ ᠲᠠᠯ᠎ᠠ ᠶ᠋ᠢᠨ ᠮᠠᠲ᠋ᠧᠷᠢᠶᠠᠯ ᠢ᠋ ᠦᠨᠳᠦᠰᠦᠯᠡᠵᠡᠢ ᠃ ᠨᠢᠭᠡ ᠨᠢ ᠵᠣᠬᠢᠶᠠᠭᠴᠢ ᠶ᠋ᠢᠨ ᠥᠪᠡᠷ ᠦ᠋ᠨ ᠪᠡᠶ᠎ᠡ ᠪᠡᠷ ᠢ᠋ᠶ᠋ᠡᠨ ᠦᠵᠡᠵᠦ ᠰᠣᠨᠣᠰᠤᠭᠰᠠᠨ ᠵᠦᠢᠯ ᠪᠣᠯᠤᠨ᠎ᠠ ᠂ ᠨᠥᠭᠥᠭᠡ ᠨᠢ ᠤᠷᠠᠨ ᠲᠠᠩᠭᠠᠷᠢᠭ ᠳᠠᠶᠣᠨ ᠬᠢᠶ᠎ᠡ ᠶ᠋ᠢᠨ ᠲᠤᠭᠤᠷᠪᠢᠨ ᠪᠢᠴᠢᠭᠰᠡᠨ ᠵᠣᠬᠢᠶᠠᠯ ᠪᠣᠯᠤᠨ᠎ᠠ ᠃ᠪᠢᠳᠡ ᠬᠡᠳᠦᠢᠪᠡᠷ ᠤᠷᠠᠨ ᠲᠠᠩᠭᠠᠷᠢᠭ ᠳᠠᠶᠣᠨ ᠬᠢᠶ᠎ᠡ ᠶ᠋ᠢᠨ ᠤᠭ ᠵᠣᠬᠢᠶᠠᠯ ᠢ᠋ ᠡᠰᠡ ᠣᠯᠵᠤ ᠦᠵᠡᠭᠰᠡᠨ ᠴᠦ᠍ ᠳᠠᠶᠣᠨ ᠬᠢᠶ᠎ᠡ ᠬᠡᠮᠡᠬᠦ ᠡᠨᠡ ᠬᠥᠮᠦᠨ ᠪᠣᠯ ᠬᠠᠷᠢᠨ ᠪᠢᠳᠡᠨ ᠳ᠋ᠦ᠍ ᠠᠪᠴᠤ ᠬᠡᠯᠡᠪᠡᠯ ᠲᠠᠨᠢᠯ ᠪᠤᠰᠤ ᠬᠥᠮᠦᠨ ᠪᠤᠰᠤ ᠪᠣᠯᠠᠢ ᠃ ᠳᠠᠶᠣᠨ ᠬᠢᠶ᠎ᠡ ᠪᠣᠯ ᠠᠯᠲᠠᠨ ᠬᠠᠭᠠᠨ ᠤ᠋ ᠵᠢᠷᠤᠮ ᠤ᠋ᠨ ᠬᠥᠪᠡᠭᠦᠨ ᠂ ᠤᠭ ᠤ᠋ᠨ ᠨᠡᠷ᠎ᠡ ᠨᠢ ᠰᠠᠷᠠᠮᠠᠢ ᠭᠡᠳᠡᠭ ᠃ ᠳᠠᠶᠣᠨ ᠬᠢᠶ᠎ᠡ ᠬᠡᠮᠡᠭᠴᠢ ᠨᠢ ᠲᠡᠭᠦᠨ ᠦ᠌ ᠲᠤᠰᠢᠶᠠᠯ ᠪᠣᠯᠤᠨ᠎ᠠ ᠃ ᠬᠢᠲᠠᠳ ᠪᠢᠴᠢᠭ ᠲᠦ᠍ ᠳᠠᠶᠣᠨ ᠬᠢᠶ᠎ᠡ ᠶ᠋ᠢ ᠴᠢᠶᠠ ᠲᠠᠢᠵᠢ ( 恰台吉 ) ᠭᠡᠳᠡᠭ ᠃ 《 ᠰᠠᠨ ᠶᠦᠨ ᠴᠧᠦ ᠵᠦᠢ ᠺᠠᠤ (三云筹 俎考) ᠭᠡᠬᠦ ᠪᠢᠴᠢᠭ ᠲᠡᠬᠢ ᠮᠣᠩᠭᠣᠯ ᠦᠭᠡ ᠶ᠋ᠢᠨ ᠲᠠᠢᠯᠪᠤᠷᠢ ᠠ᠋ᠴᠠ ᠬᠢᠨᠠᠨ ᠦᠵᠡᠪᠡᠯ《恰》 ᠭᠡᠳᠡᠭ ᠨᠢ 《 ᠬᠢᠶ᠎ᠡ 》 ᠭᠡᠬᠦ ᠦᠭᠡ ᠶ᠋ᠢᠨ ᠠᠪᠢᠶᠠᠴᠢᠯᠠᠭᠰᠠᠨ ᠳᠠᠭᠤᠳᠠᠯᠭ᠎ᠠ ᠪᠣᠯᠬᠤ ᠪᠥᠭᠡᠳ 《ᠲᠠᠢᠵᠢ ᠶ᠋ᠢᠨ ᠡᠭᠦᠳᠡᠨ᠎ᠡ ᠲᠤᠰ ᠠᠢᠮᠠᠭ ᠪᠦᠯᠦᠭ ᠦ᠋ᠨ ᠶᠡᠬᠡ ᠪᠠᠭ᠎ᠠ ᠬᠡᠷᠡᠭ ᠶᠠᠪᠤᠳᠠᠯ ᠢ᠋ ᠮᠡᠳᠡᠭᠴᠢ ᠵᠠᠷᠭᠤᠴᠢ ᠰᠠᠢᠨ ᠬᠥᠮᠦᠨ 》 ᠭᠡᠰᠡᠨ ᠤᠳᠬ᠎ᠠ ᠲᠠᠢ ᠃ 《 ᠸᠠᠨ ᠯᠢ ᠡᠦ ᠬᠦᠩ ᠯᠦ᠍ 》 ( 万历武功录) ᠪᠢᠴᠢᠭ ᠲᠠᠬᠢ ᠠᠯᠲᠠᠨ ᠬᠠᠭᠠᠨ ᠤ᠋ ᠨᠠᠮᠲᠠᠷ ᠲᠤ᠌ ᠳᠠᠶᠤᠨ ᠬᠢᠶ᠎ᠡ ᠶ᠋ᠢᠨ ᠵᠡᠷᠭᠡ ᠲᠤᠱᠢᠶᠠᠯ ᠤ᠋ᠨ ᠲᠤᠬᠠᠢ ᠮᠥᠨ ᠨᠢᠭᠡᠨ ᠠᠯᠬᠤᠮ ᠲᠣᠳᠣᠯᠠᠨ ᠥᠭᠦᠯᠡᠭᠰᠡᠨ ᠲᠡᠮᠳᠡᠭᠯᠡᠯ ᠪᠣᠢ ᠃ ᠲᠡᠭᠦᠨ ᠳ᠋ᠦ᠍ ᠳᠠᠶᠤᠨ ᠬᠢᠶ᠎ᠡ ᠶ᠋ᠢ ᠠᠯᠲᠠᠨ ᠬᠠᠭᠠᠨ ᠤ᠋纪纲仆 ᠭᠡᠵᠡᠢ ᠃ ᠡᠭᠦᠨ ᠢ᠋ ᠣᠳᠣ ᠶ᠋ᠢᠨ ᠦᠭᠡ ᠪᠡᠷ ᠬᠡᠯᠡᠪᠡᠯ ᠂ ᠠᠯᠲᠠᠨ ᠬᠠᠭᠠᠨ ᠤ᠋ ᠭᠡᠷ ᠦ᠋ᠨ ᠦᠢᠯᠡ ᠠᠳᠠᠯ ᠢ᠋ ᠬᠠᠮᠢᠶᠠᠷᠤᠭᠴᠢ ᠵᠠᠷᠤᠴᠠ ᠬᠥᠮᠦᠨ ᠭᠡᠰᠡᠨ ᠤᠳᠬ᠎ᠠ ᠲᠠᠢ ᠃ ᠭᠡᠲᠡᠯ᠎ᠡ ᠪᠢᠳᠡ ᠮᠣᠩᠭᠣᠯ ᠬᠢᠲᠠᠳ ᠰᠤᠷᠪᠤᠯᠵᠢ ᠪᠢᠴᠢᠭ ᠲᠦ᠍ ᠲᠡᠮᠳᠡᠭᠯᠡᠭᠳᠡᠭᠰᠡᠨ ᠳᠠᠶᠤᠨ ᠬᠢᠶ᠎ᠡ ᠶ᠋ᠢᠨ ᠦᠢᠯᠡ ᠠᠵᠢᠯᠯᠠᠭᠠᠨ ᠠᠴᠠ ᠦᠵᠡᠪᠡᠯ ᠂ ᠡᠨᠡ ᠬᠦ᠌ ᠳᠠᠶᠤᠨ ᠬᠢᠶ᠎ᠡ ᠶ᠋ᠢᠨ ᠮᠡᠳᠡᠨ ᠬᠠᠮᠢᠶᠠᠷᠬᠤ ᠦᠢᠯᠡ ᠠᠳᠠᠯ ᠠᠨᠤ ᠬᠠᠷᠢᠨ ᠴᠤ᠌ ᠠᠯᠲᠠᠨ ᠬᠠᠭᠠᠨ ᠤ᠋ ᠭᠡᠷ ᠦ᠋ᠨ ᠬᠡᠷᠡᠭ ᠶᠠᠪᠤᠳᠠᠯ ᠤ᠋ᠨ ᠲᠡᠳᠦᠢ ᠪᠡᠷ ᠦᠯᠦ ᠪᠠᠷᠠᠮ ᠂ ᠲᠡᠷᠡ ᠪᠠᠰᠠ ᠦᠷᠭᠦᠯᠵᠢ ᠠᠯᠲᠠᠨ ᠬᠠᠭᠠᠨ ᠤ᠋ ᠲᠥᠯᠥᠭᠡᠯᠡᠭᠴᠢ ᠪᠣᠯᠵᠤ ᠭᠠᠳᠠᠭᠠᠳᠤ ᠬᠠᠷᠢᠯᠴᠠᠭᠠᠨ ᠤ᠋ ᠤᠴᠢᠷ ᠶᠠᠪᠤᠳᠠᠯ ᠳ᠋ᠤ᠌ ᠣᠷᠣᠯᠴᠠᠨ ᠶᠠᠪᠤᠳᠠᠭ ᠬᠥᠮᠦᠨ ᠪᠠᠢᠵᠠᠢ ᠃ ᠵᠢᠱ᠌ᠢᠶᠡᠯᠡᠪᠡᠯ ᠄ ᠵᠢᠶᠠ ᠵᠢᠩ (嘉靖 ) ᠦ᠋ᠨ ᠭᠤᠴᠢᠳᠤᠭᠠᠷ ᠣᠨ ( 1551 ) ᠳ᠋ᠦ᠍ ᠳᠠᠶ᠋ᠢᠲᠤᠩ (大同 ) ᠬᠣᠲᠠᠨ᠎ᠠ ᠠᠳᠤᠭᠤᠨ ᠤ᠋ ᠠᠷᠠᠯᠵᠢᠶ᠎ᠠ ᠪᠠᠢᠭᠤᠯᠬᠤ ᠲᠡᠷᠡ ᠬᠡᠯᠡᠯᠴᠡᠭᠡᠷ ᠲᠦ᠍ ᠪᠠ ᠯᠦᠩ ᠴᠢᠩ ( 隆庆 ) ᠦ᠋ᠨ ᠲᠠᠪᠤᠳᠤᠭᠠᠷ ᠣᠨ ( 1571 ) ᠳ᠋ᠦ᠍ ᠮᠣᠩᠭᠣᠯ ᠪᠠ ᠲᠠᠶ᠋ᠢᠮᠢᠩ ᠤᠯᠤᠰ ᠤ᠋ᠨ ᠬᠣᠭᠣᠷᠣᠨᠳᠣ ᠬᠠᠷᠢᠯᠴᠠᠨ ᠠᠷᠠᠯᠵᠢᠶ᠎ᠠ ᠬᠤᠳᠠᠯᠳᠤᠭ᠎ᠠ ᠨᠡᠪᠲᠡᠷᠡᠬᠦ ᠬᠠᠷᠢᠯᠴᠠᠭᠠᠨ ᠪᠠᠢᠭᠤᠯᠬᠤ ᠬᠡᠯᠡᠯᠴᠡᠭᠡᠷ ᠵᠡᠷᠭᠡ ᠳ᠋ᠦ᠍ ᠲᠡᠷᠡ ᠪᠦᠷ ᠥᠪᠡᠷ ᠦ᠋ᠨ ᠠᠪᠢᠶᠠᠰ ᠴᠢᠳᠠᠪᠤᠷᠢ ᠪᠠᠨ ᠭᠠᠷᠭᠠᠨ ᠬᠦᠨᠳᠦ ᠴᠢᠬᠤᠯᠠ ᠦᠢᠯᠡᠳᠦᠯ ᠦᠵᠡᠭᠦᠯᠵᠦ ᠪᠠᠢᠵᠠᠢ ᠃ ᠯᠦᠩ ᠴᠢᠩ ᠦ᠋ᠨ ᠲᠠᠪᠤᠳᠤᠭᠠᠷ ᠣᠨ ᠤ᠋ ᠲᠠᠪᠤᠳᠤᠭᠠᠷ ᠰᠠᠷ᠎ᠠ ᠳ᠋ᠤ᠌ ᠂ ᠮᠣᠩᠭᠣᠯ ᠪᠠ ᠳᠠᠶ᠋ᠢᠮᠢᠩ ᠤᠯᠤᠰ ᠬᠠᠷᠢᠯᠴᠠᠨ ᠵᠠᠬ᠎ᠠ ᠳᠡᠯᠭᠡᠭᠦᠷ ᠨᠡᠭᠡᠭᠡᠬᠦ ᠶᠠᠪᠤᠳᠠᠯ ᠲᠣᠭᠲᠠᠭᠰᠠᠨ ᠤ᠋ ᠳᠠᠷᠠᠭ᠎ᠠ ᠳᠠᠶ᠋ᠢᠮᠢᠩ ᠤ᠋ᠨ ᠵᠠᠰᠠᠭ ᠤ᠋ᠨ ᠭᠠᠵᠠᠷ ᠠ᠋ᠴᠠ ᠠᠯᠲᠠᠨ ᠬᠠᠭᠠᠨ ᠢ᠋ ᠱᠦᠨ ᠡᠢ ᠸᠠᠩ (顺义王) ᠭᠡᠵᠦ ᠡᠷᠭᠦᠮᠵᠢᠯᠡᠬᠦ ᠲᠡᠷᠡ ᠦᠶ᠎ᠡ ᠳ᠋ᠦ᠍ ᠲᠠᠶᠤᠨ ᠬᠢᠶ᠎ᠡ ᠶ᠋ᠢᠨ ᠪᠡᠶ᠎ᠡ ᠵᠠᠭᠤᠲᠤ ᠶ᠋ᠢᠨ ᠨᠣᠶᠠᠨ ᠡᠷᠭᠦᠮᠵᠢᠯᠡᠭᠳᠡᠵᠡᠢ ᠃ ᠸᠠᠨ ᠯᠢ ᠶ᠋ᠢᠨ ᠠᠩᠬᠠᠨ ᠣᠨ ( 1573 ) ᠪᠣᠯᠬᠤ ᠳ᠋ᠤ᠌ ᠨᠡᠮᠡᠵᠦ ᠮᠢᠩᠭᠠᠲᠤ ᠶ᠋ᠢᠨ ᠨᠣᠶᠠᠨ ᠪᠣᠯᠭᠠᠵᠠᠢ ᠃ ᠸᠠᠨ ᠯᠢ ᠶ᠋ᠢᠨ ᠵᠢᠷᠭᠤᠳᠤᠭᠠᠷ ᠣᠨ ( 1578 ) ᠳ᠋ᠤ᠌ ᠲᠠᠶᠤᠨ ᠬᠢᠶ᠎ᠡ ᠶ᠋ᠢ ᠭᠤᠲᠠᠭᠠᠷ ᠳᠠᠯᠠᠢ ᠯᠠᠮᠠ ᠶ᠋ᠢ ᠤᠭᠲᠤᠨ ᠵᠠᠯᠠᠬᠤ ᠤᠴᠢᠷ ᠲᠤᠷ ᠭᠠᠪᠢᠶ᠎ᠠ ᠵᠢᠳᠬᠦᠯ ᠦᠵᠡᠭᠦᠯᠪᠡ ᠭᠡᠮᠡᠨ ᠳᠠᠯᠠᠢ ᠯᠠᠮᠠ ᠲᠡᠭᠦᠨ ᠳ᠋ᠦ᠍ ᠤᠷᠠᠨ ᠲᠠᠩᠭᠠᠷᠢᠭ ᠴᠣᠯᠠ ᠰᠣᠶᠣᠷᠬᠠᠨ <ᠳ᠋ᠠᠢ ᠳᠠᠷᠬᠠᠨ > ᠭᠡᠮᠡᠨ ᠡᠷᠭᠦᠮᠵᠢᠯᠡᠵᠡᠢ ᠃ <ᠤᠷᠠᠨ ᠲᠠᠩᠭᠠᠷᠢᠭ > ᠭᠡᠬᠦ ᠦᠭᠡ ᠨᠢ ᠦᠭᠡ ᠬᠡᠯᠡ ᠳ᠋ᠦ᠍ ᠬᠤᠷᠴᠠ ᠮᠡᠷᠭᠡᠨ ᠬᠡᠮᠡᠭᠰᠡᠨ ᠤᠳᠬ᠎ᠠ ᠲᠠᠢ ᠃ 《ᠡᠷᠳᠡᠨᠢ ᠶ᠋ᠢᠨ ᠲᠣᠪᠴᠢ 》 ᠳ᠋ᠤ᠌ ᠲᠡᠮᠳᠡᠭᠯᠡᠭᠰᠡᠨ ᠢ᠋ ᠦᠨᠳᠦᠰᠦᠯᠡᠪᠡᠯ ᠂ ᠲᠥᠪᠡᠳ ᠦ᠋ᠨ ᠬᠠᠭᠠᠨ ᠰᠷᠣᠩᠪᠴᠠᠩ ᠰᠭᠡᠮᠪᠦ (松赞干布 ) ᠨᠧᠫᠡᠯ ᠤᠯᠤᠰ ᠪᠠ ᠳᠠᠩ ᠤᠯᠤᠰ ᠠ᠋ᠴᠠ ᠪᠠᠷᠢᠪᠠᠰᠤᠨ ᠭᠦᠩᠵᠦ (拜木萨公主 ) ᠪᠠ ᠣᠳ᠋ᠮᠴᠣᠭ᠌ ᠭᠦᠩᠵᠦ (文成公主 ) ᠶ᠋ᠢ ᠵᠠᠯᠠᠷ᠎ᠠ ᠶᠠᠪᠤᠭᠤᠯᠤᠭᠰᠠᠨ ᠡᠯᠴᠢᠰ ᠦ᠋ᠨ ᠳᠣᠲᠣᠷ᠎ᠠ 《 ᠤᠷᠠᠨ ᠲᠠᠩᠭᠠᠷᠢᠭ 》 ᠬᠡᠮᠡᠬᠦ ᠨᠡᠷᠡᠲᠦ ᠨᠢᠭᠡᠨ ᠬᠥᠮᠦᠨ ᠪᠠᠶ᠋ᠢᠪᠠ ᠃ ᠲᠡᠷᠡ ᠦᠯᠢᠰᠢ ᠦᠭᠡᠢ ᠣᠶᠤᠨ ᠤᠬᠠᠭᠠᠨ ᠢ᠋ᠶ᠋ᠠᠷ ᠢ᠋ᠶ᠋ᠠᠨ ᠨᠸᠫᠡᠯ ᠦ᠋ᠨ ᠬᠠᠭᠠᠨ ᠪᠠ ᠳᠠᠩ ᠤᠯᠤᠰ ᠤ᠋ᠨ ᠬᠠᠭᠠᠨ ᠤ᠋ ᠵᠣᠬᠢᠶᠠᠭᠰᠠᠨ ᠡᠯᠳᠡᠪ ᠵᠦᠢᠯ ᠦ᠋ᠨ ᠬᠠᠷᠰᠢ ᠰᠠᠭᠠᠳ ᠢ᠋ ᠢᠯᠠᠨ ᠳᠠᠪᠠᠭᠠᠳ ᠡᠨᠡ ᠬᠣᠶᠠᠷ ᠭᠦᠩᠵᠦ ᠶ᠋ᠢ ᠤᠷᠢᠳ ᠬᠣᠵᠢᠳ ᠵᠠᠯᠠᠨ ᠠᠪᠴᠢᠷᠠᠵᠤ ᠰᠷᠣᠩᠪᠴᠠᠩ ᠰᠭᠡᠮᠪᠦ ᠯᠤᠭ᠎ᠠ ᠤᠷᠤᠭ ᠬᠣᠯᠪᠣᠭᠤᠯᠵᠠᠢ ᠃ ᠡᠨᠳᠡ᠂ ᠳᠠᠯᠠᠢ ᠯᠠᠮᠠ ᠲᠠᠶᠤᠨ ᠬᠢᠶ᠎ᠡ ᠳ᠋ᠦ᠍ <ᠤᠷᠠᠨ ᠲᠠᠩᠭᠠᠷᠢᠭ > ᠬᠡᠮᠡᠬᠦ ᠴᠣᠯᠠ ᠬᠠᠢᠷᠠᠯᠠᠭᠰᠠᠨ ᠨᠢ ᠬᠠᠷᠢᠨ ᠲᠠᠶᠤᠨ ᠬᠢᠶ᠎ᠡ ᠶ᠋ᠢᠨ ᠡᠦᠬᠡ ᠬᠡᠯᠡᠨ ᠳ᠋ᠦ᠍ᠷ ᠬᠤᠷᠴᠠ ᠮᠡᠷᠭᠡᠨ ᠂ ᠬᠡᠯᠡᠯᠴᠡᠭᠡᠷ ᠶᠠᠷᠢᠯᠴᠠᠭᠠᠨ ᠳ᠋ᠤᠷ ᠠᠪᠢᠶᠠᠰ ᠴᠢᠳᠠᠪᠤᠷᠢ ᠲᠠᠢ ᠪᠠᠢᠳᠠᠭ ᠢ᠋ ᠨᠢ ᠲᠥᠪᠡᠳ ᠦ᠋ᠨ ᠬᠠᠭᠠᠨ ᠤ᠋ ᠲᠡᠷᠡ ᠬᠦ᠌ ᠡᠯᠴᠢ ᠯᠦ᠍ᠭᠡ ᠠᠳᠠᠯᠢᠳᠬᠠᠨ ᠥᠭᠦᠯᠡᠭᠰᠡᠨ ᠲᠡᠳᠦᠢ ᠪᠣᠢ ᠢ᠋᠎ᠡ ᠃ ᠠᠯᠲᠠᠨ ᠬᠠᠭᠠᠨ ᠤ᠋ ᠡᠨᠡ ᠬᠦ᠌ ᠰᠢᠳᠠᠷ ᠬᠢᠶ᠎ᠡ ᠪᠣᠯᠬᠤ ᠲᠠᠶᠤᠨ ᠬᠢᠶ᠎ᠡ ᠶ᠋ᠢᠨ ᠲᠤᠭᠤᠷᠪᠢᠨ ᠪᠢᠴᠢᠭᠰᠡᠨ ᠲᠡᠷᠡ ᠵᠣᠬᠢᠶᠠᠯ ᠢ᠋ ᠡᠦᠲᠦ ᠪᠣᠯᠲᠠᠯ᠎ᠠ ᠣᠯᠤᠭᠠᠳᠤᠢ ᠨᠢ ᠦᠨᠡᠬᠡᠷ ᠶᠡᠬᠡ ᠬᠠᠷᠠᠮᠰᠠᠯᠲᠠᠢ ᠪᠥᠭᠡᠳ ᠲᠤᠢᠯ ᠤ᠋ᠨ ᠶᠡᠬᠡ ᠬᠣᠬᠢᠷᠠᠯᠲᠠᠢ ᠬᠡᠷᠡᠭ ᠪᠣᠯᠤᠨ᠎ᠠ ᠃
《ᠡᠷᠳᠡᠨᠢ ᠲᠤᠨᠤᠮᠠᠯ ᠨᠡᠷᠡᠲᠦ ᠰᠤᠳᠤᠷ ᠣᠷᠣᠰᠢᠪᠠ 》 ᠬᠡᠮᠡᠬᠦ ᠡᠨᠡ ᠨᠣᠮ ᠤ᠋ᠨ ᠪᠢᠴᠢᠯᠭᠡ ᠶ᠋ᠢᠨ ᠬᠡᠯᠪᠡᠷᠢ ᠨᠢ ᠬᠡᠳᠦᠢᠪᠡᠷ ᠰᠢᠯᠦᠭ ᠪᠣᠯᠤᠭᠰᠠᠨ ᠪᠣᠯᠪᠠᠴᠤ ᠬᠠᠷᠢᠨ ᠪᠦᠯᠦᠭ ᠪᠠᠳᠠᠭ ᠭᠡᠵᠦ ᠬᠤᠪᠢᠶᠠᠯ ᠦᠭᠡᠢ ᠵᠠᠯᠭᠠᠯᠳᠤᠭᠤᠯᠤᠨ ᠪᠢᠴᠢᠵᠡᠢ ᠃ ᠡᠳᠦᠭᠡ ᠮᠢᠨᠦ ᠪᠡᠶ᠎ᠡ ᠂ ᠡᠨᠡ ᠨᠣᠮ ᠢ᠋ ᠬᠡᠪᠯᠡᠯ ᠳ᠋ᠦ᠍ ᠪᠡᠯᠡᠳᠬᠡᠬᠦ ᠶ᠋ᠢᠨ ᠵᠠᠭᠤᠷ᠎ᠠ ᠂ ᠤᠩᠰᠢᠭᠴᠢᠳ ᠪᠠ ᠰᠤᠳᠤᠯᠤᠭᠴᠢ ᠣᠯᠠᠨ ᠤ᠋ ᠳᠥᠭᠥᠮ ᠢ᠋ ᠪᠣᠳᠣᠵᠤ ᠤᠭ ᠵᠣᠬᠢᠶᠠᠯ ᠤ᠋ᠨ ᠬᠡᠪ ᠶᠠᠩᠵᠤ ᠶ᠋ᠢ ᠪᠠᠷᠢᠮᠲᠠᠯᠠᠬᠤ ᠶ᠋ᠢᠨ ᠬᠠᠮᠲᠤ ᠪᠦᠯᠦᠭ ᠪᠠᠳᠠᠭ ᠬᠤᠪᠢᠶᠠᠯᠠᠨ ᠠᠩᠭᠢᠯᠠᠬᠤ ᠠ᠋ᠴᠠ ᠭᠠᠳᠠᠨ᠎ᠠ 《 ᠨᠠ᠊ 》 ᠂ 《 ᠭᠠ᠊ 》 ᠦᠰᠦᠭ ᠲᠣᠷ ᠴᠢᠭ ᠳᠤᠰᠤᠯ ᠢ᠋ ᠬᠢᠴᠢᠶᠡᠨ ᠲᠠᠯᠪᠢᠵᠤ ᠂ ᠬᠥᠮᠦᠨ ᠦ᠌ ᠨᠡᠷᠡᠰ ᠪᠠ ᠭᠠᠵᠠᠷ ᠤ᠋ᠨ ᠨᠡᠷᠡᠰ ᠲᠡᠭᠦᠨᠴᠢᠯᠡᠨ ᠲᠡᠦᠬᠡ ᠶ᠋ᠢᠨ ᠬᠡᠷᠡᠭ ᠶᠠᠪᠤᠳᠠᠯ ᠵᠡᠷᠭᠡ ᠳ᠋ᠦ᠍ᠷ ᠪᠠᠬᠠᠨ ᠵᠡᠭᠦᠯᠲᠡ ᠲᠠᠢᠯᠪᠤᠷᠢ ᠲᠠᠯᠪᠢᠬᠤ ᠶ᠋ᠢ ᠬᠢᠴᠢᠶᠡᠪᠡᠢ ᠃ ᠮᠢᠨᠦ ᠡᠷᠳᠡᠮ ᠴᠢᠳᠠᠪᠤᠷᠢ ᠶ᠋ᠢᠨ ᠮᠡᠬᠦᠰ ᠡᠴᠡ ᠪᠣᠯᠵᠤ ᠡᠭᠦᠨ ᠳ᠋ᠦ᠍ᠷ ᠡᠰᠡ ᠤᠨᠤᠵᠤ ᠠᠯᠳᠠᠭᠰᠠᠨ ᠵᠦᠢᠯ ᠪᠠᠢᠵᠤ ᠮᠡᠳᠡᠬᠦ ᠲᠤᠯᠠ ᠡᠷᠬᠢᠮ ᠣᠯᠠᠨ ᠤᠩᠰᠢᠭᠴᠢᠳ ᠭᠡᠭᠡᠨ ᠳ᠋ᠡᠭᠡᠨ ᠲᠣᠯᠢᠳᠠᠵᠤ ᠵᠢᠭᠠᠨ ᠵᠠᠯᠠᠷᠠᠭᠤᠯᠬᠤ ᠶ᠋ᠢ ᠬᠦᠰᠡᠮᠦᠢ ᠃
ᠣᠯᠳᠣᠢ ᠪᠢ ᠡᠨᠡ ᠨᠣᠮ ᠳ᠋ᠤ᠌ ᠲᠠᠢᠯᠪᠤᠷᠢ ᠵᠡᠭᠦᠯᠲᠡ ᠲᠠᠯᠪᠢᠨ ᠬᠡᠪᠯᠡᠯ ᠳ᠋ᠦ᠍ ᠪᠡᠯᠡᠳᠬᠡᠬᠦ ᠵᠠᠭᠤᠷ᠎ᠠ ᠮᠠᠰᠢ ᠣᠯᠠᠨ ᠨᠠᠢᠷᠲᠠᠢ ᠨᠥᠬᠥᠳ ᠦ᠋ᠨ ᠴᠢᠩ ᠰᠡᠳᠬᠢᠯ ᠦ᠋ᠨ ᠵᠣᠷᠢᠭᠵᠢᠭᠤᠯᠤᠯ ᠪᠠ ᠳᠡᠮᠵᠢᠯᠭᠡ ᠶ᠋ᠢ ᠬᠦᠷᠲᠡᠵᠡᠢ ᠃ ᠢᠯᠠᠩᠭᠤᠶ᠎ᠠ ᠂ ᠴᠣᠢᠵᠢ ᠨᠥᠬᠥᠷ ᠣᠯᠳᠣᠢ ᠮᠢᠨᠦ ᠵᠡᠭᠦᠯᠲᠡ ᠲᠠᠢᠯᠪᠤᠷᠢ ᠵᠡᠷᠭᠡ ᠶ᠋ᠢ ᠮᠣᠩᠭᠣᠯᠴᠢᠯᠠᠨ ᠥᠭᠴᠦ ᠲᠤᠰᠠᠯᠠᠭᠰᠠᠨ ᠳ᠋ᠤ᠌ ᠪᠢ ᠴᠢᠩ ᠰᠡᠳᠬᠢᠯᠡᠴᠡ ᠪᠡᠨ ᠪᠠᠶᠠᠷᠯᠠᠨ ᠭᠦᠨ ᠲᠠᠯᠠᠷᠬᠠᠯ ᠢ᠋ᠶ᠋ᠠᠨ ᠬᠦᠷᠭᠡᠵᠦ ᠪᠠᠢᠨ᠎ᠠ ᠃
ᠵᠦᠷᠤᠩᠭᠠ
1982 ᠣᠨ ᠤ᠋ ᠨᠠᠢ᠍ᠮᠠᠳᠤᠭᠠᠷ ᠰᠠᠷ᠎ᠠ
ᠬᠠᠷᠠᠭᠤᠨ᠎ᠠ ᠬᠠᠨ ᠤ᠋ ᠥᠯᠭᠡ ᠳ᠋ᠦ᠍
