ᠬᠣᠷᠢᠨ ᠪᠠᠩᠵᠠᠯ ᠲᠠᠢ ᠭᠦᠩᠵᠦ Хорин банзалтай гүнж_Princess with 20 skirts ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠣᠷᠢᠨ ᠪᠠᠩᠵᠠᠯ ᠲᠠᠢ ᠭᠦᠩᠵᠦ Хорин банзалтай гүнж_Princess with 20 skirts

ᠬᠣᠷᠢᠨ ᠪᠠᠩᠵᠠᠯ ᠲᠠᠢ ᠭᠦᠩᠵᠦ Хорин банзалтай гүнж_Princess with 20 skirts

2023-05-09

321

ᠬᠣᠷᠢᠨ ᠪᠠᠩᠵᠠᠯ ᠲᠠᠢ ᠭᠦᠩᠵᠦ

ᠬᠣᠷᠢᠨ ᠳᠠᠰᠢᠨᠵᠠ ᠲᠠᠢ ᠭᠦᠩᠵᠦ
  ᠡᠨᠡ ᠦᠯᠢᠭᠡᠷ ᠬᠣᠯᠠᠨᠳ᠋  ᠳᠤ ᠠᠮᠢᠳᠤᠷᠠᠳᠠᠭ ᠬᠣᠯᠠᠨᠳ᠋ ᠬᠥᠮᠦᠰ ᠦ᠋ᠨ ᠲᠤᠬᠠᠢ ᠦᠯᠢᠭᠡᠷ ᠶᠦ᠍ᠮ᠃
ᠡᠷᠲᠡ ᠳᠡᠭᠡᠷ᠎ᠡ ᠴᠠᠭ ᠲᠤ᠌ ᠬᠡᠳᠦᠨ ᠵᠠᠭᠤᠨ ᠤ᠋ ᠲᠡᠷᠲᠡᠭᠡ ᠬᠣᠯᠠᠨᠳ᠋ ᠤ᠋ᠨ ᠬᠠᠭᠠᠨ ᠬᠠᠲᠤᠨ ᠬᠣᠶᠠᠷ ᠲᠤ᠌ ᠨᠢᠭᠡᠨ ᠦᠵᠡᠰᠬᠦᠯᠡᠩᠲᠦ ᠥᠬᠢᠨ ᠪᠠᠶ᠋ᠢᠵᠤ ᠭᠡᠨ᠎ᠡ᠃
  ᠦᠵᠡᠰᠬᠦᠯᠡᠩ ᠭᠣᠸ᠋᠎ᠠ ᠪᠦᠰᠡᠭᠦᠢ ᠥᠪᠡᠷ ᠢ᠋ᠶ᠋ᠡᠨ ᠴᠦ᠍ ᠡᠭᠦᠨ ᠊ᠢ ᠪᠡᠨ ᠮᠡᠳᠡᠳᠡᠭ ᠪᠠᠶ᠋ᠢᠯ᠎ᠠ᠃ ᠲᠡᠭᠡᠭᠡᠳ ᠠᠷᠠᠳ ᠢᠷᠭᠡᠳ ᠨᠢ ᠭᠦᠩᠵᠦ ᠶ᠋ᠢᠨ ᠦᠵᠡᠰᠬᠦᠯᠡᠩᠲᠦ ᠴᠢᠷᠠᠢ ᠶ᠋ᠢ ᠬᠠᠷᠠᠬᠤ ᠶ᠋ᠢ ᠬᠦᠰᠡᠳᠡᠭ ᠪᠠᠶ᠋ᠢᠵᠠᠢ᠃ ᠭᠦᠩᠵᠦ ᠴᠦ᠍ ᠭᠡᠰᠡᠨ ᠥᠪᠡᠷ ᠦ᠋ᠨ ᠢ᠋ᠶ᠋ᠡᠨ ᠴᠢᠷᠠᠢ ᠶ᠋ᠢ ᠬᠠᠷᠠᠬᠤ ᠳᠤᠷᠠᠲᠠᠢ ᠪᠠᠶ᠋ᠢᠯ᠎ᠠ᠃ ᠲᠡᠷᠡ ᠦᠶ᠎ᠡ ᠳ᠋ᠦ᠍ ᠲᠣᠯᠢ ᠪᠠᠶ᠋ᠢᠲᠠᠭ ᠦᠭᠡᠢ ᠪᠠᠶ᠋ᠢᠬᠰᠠᠨ ᠪᠣᠯᠬᠣᠷ ᠭᠦᠩᠵᠦ ᠣᠢ ᠤᠷᠤᠭᠤ ᠶᠠᠪᠤᠳᠠᠭ ᠪᠠᠶ᠋ᠢᠪᠠ᠂ ᠨᠠᠭᠤᠷ ᠤ᠋ᠨ ᠤᠰᠤᠨ ᠳ᠋ᠤ᠌ ᠲᠤᠰᠤᠭᠰᠠᠨ ᠥᠪᠡᠷ ᠦ᠋ᠨ ᠢ᠋ᠶ᠋ᠡᠨ ᠦᠵᠡᠰᠬᠦᠯᠡᠩᠲᠦ ᠲᠥᠷᠬᠦ ᠶ᠋ᠢ ᠬᠠᠷᠠᠬᠤ ᠪᠣᠯᠤᠮᠵᠢ ᠲᠠᠢ ᠪᠣᠯᠭᠠᠪᠠ᠂ ᠭᠦᠩᠵᠦ ᠣᠢ ᠶ᠋ᠢᠨ ᠪᠦᠬᠦ ᠶᠠᠭᠤᠮ᠎ᠠ ᠳ᠋ᠤ᠌ ᠳᠤᠷᠠᠲᠠᠢ ᠪᠠᠶ᠋ᠢᠯ᠎ᠠ᠂ ᠡᠳᠦᠷᠵᠢᠨ ᠢ᠋ᠶ᠋ᠡᠨ ᠨᠠᠮᠤᠭ ᠳᠣᠲᠣᠷ᠎ᠠ ᠲᠣᠭᠯᠠᠬᠤ ᠳᠤᠷᠠᠲᠠᠢ ᠪᠠᠶ᠋ᠢᠪᠠ᠂ ᠡᠳᠦᠷᠵᠢᠨ ᠢ᠋ᠶ᠋ᠡᠨ ᠯᠡ ᠠᠩ ᠠᠮᠢᠲᠠᠨ ᠲᠠᠢ ᠬᠥᠭᠡᠭᠡᠴᠡᠯᠳᠦᠨ ᠲᠣᠭᠯᠠᠳᠠᠭ ᠪᠠᠶ᠋ᠢᠬᠰᠠᠨ ᠪᠣᠯᠬᠣᠷ ᠣᠷᠣᠢ ᠣᠷᠳᠣᠨ ᠳ᠋ᠤ᠌ ᠪᠠᠨ ᠢᠷᠡᠬᠦ ᠳ᠋ᠦ᠍ ᠦᠰᠦ ᠨᠢ ᠰᠢᠷᠢᠯᠳᠦᠵᠦ ᠣᠷᠬᠢᠳᠠᠭ ᠪᠠᠶ᠋ᠢᠯ᠎ᠠ᠃
ᠨᠠᠰᠤᠲᠠᠢ ᠡᠵᠢ᠄ ᠥ ᠂ ᠭᠦᠩᠵᠦ ᠮᠢᠨᠢ ᠳᠡ! ᠴᠢᠨᠦ ᠦᠰᠦ ᠶ᠋ᠢ ᠭᠣᠶᠣ ᠪᠣᠯᠭᠠᠭᠠᠳ ᠥᠭᠴᠦ ᠪᠣᠯᠤᠨ᠎ᠠ ᠪᠢᠵᠡ ᠳᠡ᠃
ᠭᠦᠩᠵᠦ᠄ ᠮᠡᠳᠡᠭᠡᠵᠢ ᠰᠢᠦ ᠳᠡ᠂ ᠲᠠᠨ ᠤ᠋ ᠬᠢᠬᠦ ᠵᠣᠬᠢᠰᠲᠠᠢ ᠠᠵᠢᠯ ᠪᠢᠵᠡ ᠳᠡ
ᠨᠠᠰᠤᠲᠠᠢ ᠡᠵᠢ᠄ ᠡᠶ᠋ᠢᠰᠢ ᠪᠡᠨ ᠰᠠᠭᠤ ᠳᠠ᠂ ᠦᠰᠦ ᠶ᠋ᠢ ᠴᠢᠨᠢ ᠰᠠᠮᠨᠠᠭᠠᠳ ᠥᠭᠭᠦᠶ᠎ᠡ᠂ ᠵᠢᠭᠠᠬᠠᠨ ᠡᠪᠡᠳᠵᠦ ᠮᠠᠭᠠᠳ ᠦᠭᠡᠢ ᠰᠢᠦ!
ᠭᠦᠩᠵᠦ᠄ ᠶᠣᠣ ᠶᠣᠣ᠂ ᠡᠪᠲᠡᠶ᠋ᠢᠬᠡᠨ ᠰᠠᠮᠨᠠᠵᠤ ᠴᠢᠳᠠᠬᠤ ᠦᠭᠡᠢ ᠨᠢ ‍ᠤᠤ? ᠦᠨᠡᠬᠡᠷ ᠡᠪᠰᠡᠯ ᠦᠭᠡᠢ ᠬᠥᠮᠦᠨ ᠶᠦ᠍ᠮ ᠠ᠋
ᠨᠠᠰᠤᠲᠠᠢ ᠡᠵᠢ᠄ ᠠ ᠁ ᠤᠤ ᠁ ᠡᠩ ᠁ ᠡᠪᠰᠡᠯ ᠦᠭᠡᠢ ᠭᠡᠨ᠎ᠡ᠂ ᠨᠠᠮ᠎ᠠ ᠶ᠋ᠢ ᠡᠪᠰᠡᠯ ᠦᠭᠡᠢ ᠭᠡᠵᠦ ᠬᠡᠯᠡᠭᠰᠡᠨ ‍ᠤᠤ? ᠡᠶ᠋ᠢᠮᠦ ᠪᠦᠳᠦᠭᠦᠯᠢᠭ ᠭᠦᠩᠵᠦ ᠭᠡᠵᠦ ᠪᠠᠶ᠋ᠢᠲᠠᠭ ᠠ᠋?
ᠭᠦᠩᠵᠦ᠄ ᠦᠰᠦ ᠶᠠᠭᠠᠬᠢᠵᠤ ᠰᠠᠮᠨᠠᠬᠤ ᠶ᠋ᠢ ᠰᠤᠷᠴᠤ ᠠᠪ᠂ ᠳᠠᠷᠠᠭ᠎ᠠ ᠨᠢ ᠪᠦᠳᠦᠭᠦᠯᠢᠭ ᠭᠡᠳᠡᠭ ᠦᠭᠡ ᠪᠡᠨ ᠬᠡᠯᠡᠵᠦ ᠦᠵᠡ᠂
ᠭᠦᠩᠵᠦ᠄ ᠡᠪᠰᠡᠯ ᠦᠭᠡᠢ ᠠᠮᠢᠲᠠᠨ᠂ ᠶᠣᠣ ᠁ ᠬᠠᠯᠠᠭᠤᠨ ᠪᠠᠶ᠋ᠢᠨ᠎ᠠ ᠰᠢᠲᠠ᠂ ᠠᠵᠢᠯ ᠢ᠋ᠶ᠋ᠠᠨ ᠰᠠᠢᠨ ᠬᠢᠬᠦ ᠬᠥᠮᠦᠨ ᠨᠢᠭᠡ ᠴᠦ᠍ ᠠᠯᠠᠭ᠎ᠠ ᠠ᠋
ᠬᠡᠦᠬᠡᠳ ᠦ᠋ᠳ ᠠ᠋! ᠲᠠ ᠨᠠᠷ ᠠᠩᠵᠠᠭᠠᠷᠠᠭᠰᠠᠨ ᠪᠠᠶ᠋ᠢᠯᠭᠦᠢ ᠳᠡ᠂ ᠭᠦᠩᠵᠦ ᠬᠥᠭᠡᠷᠦᠬᠦᠨ ᠴᠢᠷᠠᠢ ᠰᠢᠭ᠋ ᠢ᠋ᠶ᠋ᠡᠨ ᠰᠠᠢᠬᠠᠨ ᠠᠭᠠᠰᠢ ᠲᠠᠢ ᠭᠦᠩᠵᠦ ᠪᠢᠰᠢ ᠪᠠᠶ᠋ᠢᠯ᠎ᠠ᠂ ᠠᠩ ᠠᠮᠢᠲᠠᠳ ᠲᠠᠢ ᠲᠣᠭᠯᠠᠭᠠᠳ ᠦᠰᠦ ᠪᠡᠨ ᠰᠢᠷᠢᠯᠳᠦᠭᠦᠯᠬᠦ ᠳ᠋ᠦ᠍ ᠪᠡᠨ ᠣᠨᠳᠣᠣᠰᠢᠳᠠᠭ ᠦᠭᠡᠢ ᠪᠣᠯᠪᠠᠴᠤ ᠥᠪᠡᠷ ᠦ᠋ᠨ ᠬᠢᠨᠢ ᠲᠥᠯᠥᠭᠡ ᠪᠦᠬᠦᠨ ᠢ᠋ᠶ᠋ᠡᠨ ᠵᠣᠷᠢᠭᠤᠯᠤᠨ ᠠᠵᠢᠯᠯᠠᠳᠠᠭ ᠲᠤᠰᠠᠯᠠᠬᠤ ᠨᠤᠭᠤᠳ ᠲᠠᠭᠠᠨ ᠥᠪᠡᠷ ᠡᠴᠡ ᠨᠢ ᠠᠬᠠᠮᠠᠳ ᠨᠠᠰᠤᠲᠠᠢ ᠲᠤᠰᠠᠯᠠᠬᠤ ᠨᠤᠭᠤᠳ ᠲᠠᠭᠠᠨ ᠮᠠᠭᠤᠬᠠᠢ ᠦᠭᠡ ᠬᠡᠯᠡᠳᠡᠭ ᠪᠠᠶ᠋ᠢᠯ᠎ᠠ᠃ ᠬᠠᠲᠤᠨ ᠨᠢ ᠭᠦᠩᠵᠦ ᠶ᠋ᠢᠨ ᠢ᠋ᠶ᠋ᠡᠨ ᠠᠭᠠᠰᠢ ᠵᠠᠩ ᠤ᠋ᠨ ᠲᠤᠬᠠᠢ ᠬᠠᠭᠠᠨ ᠳ᠋ᠤ᠌ ᠬᠡᠯᠡᠭᠰᠡᠨ ᠪᠣᠯᠪᠠᠴᠤ ᠥᠬᠢᠨ ᠳ᠋ᠦ᠍ ᠪᠡᠨ ᠠᠮᠢᠨ ᠠ᠋ᠴᠠ ᠪᠠᠨ ᠢᠯᠡᠭᠦᠦ ᠬᠠᠶ᠋ᠢᠷᠠᠲᠠᠢ ᠬᠠᠭᠠᠨ ᠥᠬᠢᠨ ᠢ᠋ᠶ᠋ᠡᠨ ᠰᠢᠢᠳᠬᠡᠬᠦ ᠶ᠋ᠢ ᠬᠦᠰᠡᠭᠰᠡᠨ ᠦᠭᠡᠢ ᠵᠦᠭᠡᠷ ᠯᠡ ᠢᠩᠭᠢᠵᠦ ᠬᠡᠯᠡᠯ᠎ᠡ᠃
ᠬᠠᠭᠠᠨ᠄ ᠮᠠᠨ ᠤ᠋ ᠥᠬᠢᠨ ᠦᠷᠭᠦᠯᠵᠢ ᠲᠡᠶ᠋ᠢᠮᠦ ᠮᠠᠭᠤᠬᠠᠢ ᠠᠭᠠᠰᠢ ᠭᠠᠷᠭᠠᠭᠠᠳ ᠪᠠᠶ᠋ᠢᠲᠠᠭ ᠦᠭᠡᠢ᠂ ᠣᠢ ᠶ᠋ᠢᠨ ᠬᠠᠶ᠋ᠢᠷ᠎ᠠ ᠲᠠᠢ ᠠᠩ ᠠᠮᠢᠲᠠᠳ ᠤᠷᠭᠤᠮᠠᠯ ᠤ᠋ᠨ ᠲᠤᠬᠠᠢ ᠨᠠᠳᠠᠳᠤ ᠦᠷᠭᠦᠯᠵᠢ ᠶᠠᠷᠢᠵᠤ ᠥᠭᠳᠡᠭ ᠶᠦ᠍ᠮ᠃ ᠣᠢ ᠠ᠋ᠴᠠ ᠰᠢᠷᠬᠠᠲᠤᠭᠰᠠᠨ ᠲᠤᠭᠤᠯ ᠊ᠢ ᠣᠯᠤᠭᠠᠳ ᠠᠰᠠᠷᠠᠭᠰᠠᠨ ᠲᠤᠬᠠᠢ ᠪᠠᠨ ᠴᠤ᠌ ᠶᠠᠷᠢᠵᠤ ᠪᠠᠶ᠋ᠢᠬᠰᠠᠨ᠂ ᠴᠡᠴᠡᠷᠯᠢᠭ ᠲᠦ᠍ ᠣᠴᠢᠬᠤ ᠪᠦᠷᠢ ᠳ᠋ᠦ᠍ ᠨᠢ ᠰᠢᠪᠠᠭᠤᠳ ᠲᠣᠭᠣᠷᠢᠨ ᠪᠥᠵᠢᠳᠡᠭ ᠭᠡᠰᠡᠨ ᠰᠢᠦ!
ᠬᠠᠭᠠᠨ ᠠᠩ ᠠᠮᠢᠲᠠᠳ ᠲᠤ᠌ ᠬᠠᠶ᠋ᠢᠷ᠎ᠠ ᠲᠠᠢ ᠥᠬᠢᠨ ᠢ᠋ᠶ᠋ᠡᠨ ᠬᠠᠷᠠᠭᠠᠳ ᠰᠡᠳᠬᠢᠯ ᠨᠢ ᠲᠠᠶ᠋ᠢᠪᠤᠰᠢᠷᠠᠲᠠᠭ ᠪᠣᠯᠪᠠᠴᠤ ᠥᠬᠢᠨ ᠢ᠋ᠶ᠋ᠡᠨ ᠶᠠᠮᠠᠷ ᠬᠠᠲᠤᠨ ᠬᠠᠭᠠᠨ ᠪᠣᠯᠭᠠᠬᠤ ᠪᠣᠢ ᠭᠡᠵᠦ ᠰᠠᠨᠠᠭᠠᠰᠢᠷᠠᠳᠠᠭ ᠪᠠᠶ᠋ᠢᠪᠠ᠃ ᠲᠡᠭᠡᠭᠡᠳ ᠬᠠᠭᠠᠨ ᠰᠡᠳᠬᠢᠯ ᠳ᠋ᠦ᠍ ᠪᠡᠨ ᠡᠨᠡ ᠪᠦᠬᠦᠨ ᠊ᠢ ᠲᠡᠭᠡᠭᠡᠭᠰᠡᠭᠡᠷ ᠥᠪᠡᠷ ᠦ᠋ᠨ ᠣᠴᠢᠬᠤ ᠳᠤᠷᠠᠲᠠᠢ ᠣᠢ ᠳ᠋ᠤ᠌ ᠣᠴᠢᠯ᠎ᠠ᠂ ᠲᠡᠨᠳᠡ ᠥᠪᠡᠷ ᠦ᠋ᠨ ᠬᠢᠨᠢ ᠨᠠᠶ᠋ᠢᠵᠠ ᠴᠠᠷᠠᠰᠤ ᠮᠣᠳᠣ ᠪᠠᠶ᠋ᠢᠲᠠᠭ ᠪᠠᠶ᠋ᠢᠯ᠎ᠠ᠃ ᠣᠯᠠᠨ ᠵᠢᠯ ᠦ᠋ᠨ ᠲᠡᠷᠲᠡᠭᠡ ᠬᠠᠭᠠᠨ ᠠᠷᠪᠠᠨ ᠨᠠᠰᠤᠲᠠᠢ ᠬᠦᠦ ᠪᠠᠶ᠋ᠢᠬᠤ ᠳ᠋ᠤ᠌ ᠪᠠᠨ ᠴᠠᠷᠠᠰᠤ ᠮᠣᠳᠣ ᠶ᠋ᠢ ᠴᠠᠪᠴᠢᠬᠤ ᠪᠠᠷ ᠢᠷᠡᠭᠰᠡᠨ ᠲᠦᠯᠡᠭᠡᠴᠢᠳ ᠊ᠢ ᠣᠯᠵᠤ ᠬᠠᠷᠠᠭᠰᠠᠨ ᠶᠤᠮ᠃
ᠬᠠᠭᠠᠨ ᠬᠦᠦ᠄ ᠡᠨᠡ ᠮᠣᠳᠣ ᠶ᠋ᠢ ᠳᠠᠭᠠᠷᠢᠵᠤ ᠪᠣᠯᠬᠤ ᠦᠭᠡᠢ᠃
ᠲᠦᠯᠡᠭᠡᠴᠢᠳ᠄ ᠬᠠᠭᠠᠨ ᠬᠦᠦ ᠮᠢᠨᠢ! ᠪᠢᠳᠡᠨ ᠳ᠋ᠦ᠍ ᠲᠦᠯᠡᠭᠡ ᠮᠣᠳᠣ ᠬᠡᠷᠡᠭ ᠲᠡᠢ ᠪᠠᠶ᠋ᠢᠨ᠎ᠠ᠃
ᠬᠠᠭᠠᠨ ᠬᠦᠦ᠄ ᠲᠡᠭᠡᠪᠡᠯ ᠬᠠᠲᠠᠭᠰᠠᠨ ᠮᠣᠳᠣ ᠣᠯᠵᠤ ᠳᠠᠭᠠᠷᠢ᠂ ᠡᠨᠡ ᠮᠣᠳᠣ ᠶ᠋ᠢ ᠳᠠᠭᠠᠷᠢᠵᠤ ᠪᠣᠯᠬᠤ ᠦᠭᠡᠢ᠂ ᠡᠰᠡᠪᠡᠯ ᠡᠨᠡ ᠮᠣᠳᠣ ᠶ᠋ᠢ ᠳᠠᠭᠠᠷᠢᠬᠤ ᠠ᠋ᠴᠠ ᠪᠠᠨ ᠡᠮᠦᠨ᠎ᠡ ᠨᠠᠮ᠎ᠠ ᠶ᠋ᠢ ᠴᠠᠪᠴᠢ᠂ ᠣᠶ᠋ᠢᠯᠠᠭᠠᠪᠠ ‍ᠤᠤ?
ᠢᠩᠭᠢᠭᠡᠳ ᠲᠦᠯᠡᠭᠡᠴᠢᠳ ᠬᠥᠭᠰᠢᠨ ᠴᠠᠷᠠᠰᠤ ᠮᠣᠳᠣ ᠶ᠋ᠢ ᠣᠷᠬᠢᠭᠠᠳ ᠴᠠᠭᠠᠱᠢ ᠶᠠᠪᠤᠯ᠎ᠠ᠃ ᠬᠠᠭᠠᠨ ᠬᠦᠦ ᠵᠥᠪᠬᠡᠨ ᠬᠥᠭᠰᠢᠷᠡᠵᠦ ᠬᠠᠲᠠᠵᠤ ᠬᠣᠷᠴᠢᠢᠭᠰᠠᠨ ᠦᠬᠦᠭᠰᠡᠨ ᠮᠣᠳᠣ ᠶ᠋ᠢ ᠯᠡ ᠲᠦᠯᠡᠭᠡᠨ ᠳ᠋ᠦ᠍ ᠠᠰᠢᠭᠯᠠᠵᠤ ᠪᠣᠯᠤᠨ᠎ᠠ᠂ ᠡᠷᠡᠭᠦᠯ ᠮᠣᠳᠣ ᠶ᠋ᠢ ᠳᠠᠭᠠᠷᠢᠵᠤ ᠪᠣᠯᠬᠤ ᠦᠭᠡᠢ ᠭᠡᠵᠦ ᠲᠤᠰᠢᠶᠠᠯ ᠵᠠᠷᠯᠢᠭ ᠪᠠᠭᠤᠯᠭᠠᠯ᠎ᠠ᠂ ᠣᠢ ᠳ᠋ᠤ᠌ ᠠᠩ ᠠᠮᠢᠲᠠᠨ ᠠᠩᠨᠠᠬᠤ᠂ ᠰᠢᠪᠠᠭᠤ ᠠᠩᠨᠠᠬᠤ ᠶ᠋ᠢ ᠴᠦ᠍ ᠬᠣᠷᠢᠭᠯᠠᠯ᠎ᠠ ᠃
ᠲᠡᠭᠡᠲᠡᠯ᠎ᠡ ᠨᠢᠭᠡ ᠡᠳᠦᠷ ᠬᠠᠭᠠᠨ ᠬᠦᠦ ᠣᠢ ᠳ᠋ᠤ᠌ ᠲᠣᠭᠯᠠᠵᠤ ᠪᠠᠶ᠋ᠢᠯ᠎ᠠ᠂ ᠡᠨᠡ ᠣᠳᠣ ᠬᠠᠮᠢᠭ᠎ᠠ ᠠ᠋ᠴᠠ ᠰᠣᠨᠣᠰᠤᠭᠳᠠᠭᠠᠳ ᠪᠠᠶ᠋ᠢᠨ᠎ᠠ ᠠ᠋᠂ ᠡᠪᠡᠲᠦᠭᠰᠡᠨ ᠠᠮᠢᠲᠠᠨ ᠰᠢᠭ᠋ ᠯᠡ ᠳᠤᠤᠭᠠᠷᠤᠭᠠᠳ ᠪᠠᠶ᠋ᠢᠨ᠎ᠠ᠃
ᠣᠢ ᠪᠠᠷ ᠬᠠᠶ᠋ᠢᠵᠤ᠂ ᠪᠤᠲᠠ ᠰᠥᠭᠡᠭ ᠦ᠋ᠨ ᠴᠠᠭᠠᠭᠤᠷ ᠬᠠᠮᠢᠶ᠎ᠠ ᠰᠠᠢ ᠦᠭᠡᠢ ᠬᠠᠶ᠋ᠢᠬᠰᠠᠭᠠᠷ ᠬᠠᠭᠠᠨ ᠬᠦᠦ ᠨᠢᠭᠡᠨ ᠲᠤᠭᠤᠯ ᠣᠯᠤᠯ᠎ᠠ᠂ ᠬᠥᠯ ᠢ᠋ᠶ᠋ᠡᠨ ᠪᠡᠷᠲᠡᠭᠡᠭᠰᠡᠨ ᠲᠤᠭᠤᠯ ᠶᠡᠬᠡᠳᠡ ᠰᠢᠨᠠᠯᠤᠨ ᠤᠬᠢᠯᠠᠵᠤ ᠪᠠᠶ᠋ᠢᠯ᠎ᠠ᠂ ᠬᠦᠨᠳᠦ ᠪᠡᠷᠲᠡᠭᠡᠭᠰᠡᠨ ᠪᠠᠶ᠋ᠢᠪᠠ᠂ ᠬᠠᠭᠠᠨ ᠬᠦᠦ ᠲᠤᠭᠤᠯ ᠊ᠢ ᠣᠷᠳᠣᠨ ᠳ᠋ᠤ᠌ ᠪᠠᠨ ᠠᠪᠴᠢᠷᠠᠨ ᠬᠡᠳᠦ ᠬᠣᠨᠣᠭ ᠡᠮᠴᠢᠯᠡᠵᠦ ᠭᠡᠨ᠎ᠡ᠂ ᠤᠳᠠᠯ ᠦᠭᠡᠢ ᠲᠤᠭᠤᠯ ᠣᠢ ᠤᠷᠤᠭᠤ ᠪᠠᠨ ᠪᠤᠴᠠᠵᠤ ᠴᠢᠳᠠᠬᠤ ᠪᠠᠷ ᠪᠣᠯᠵᠤ ᠪᠦᠷᠢᠨ ᠡᠳᠡᠭᠡᠷᠡᠯ᠎ᠡ᠂ ᠥᠰᠴᠦ ᠲᠣᠮᠣᠷᠠᠭᠠᠳ ᠬᠣᠷᠢᠨ ᠨᠠᠰᠤ ᠬᠦᠷᠦᠭᠰᠡᠨ ᠬᠠᠭᠠᠨ ᠬᠦᠦ ᠥᠲᠡᠯᠵᠦ ᠬᠥᠭᠰᠢᠷᠡᠭᠰᠡᠨ ᠬᠠᠭᠤᠴᠢᠨ ᠨᠠᠶ᠋ᠢᠵᠠ ᠴᠠᠷᠠᠰᠤ ᠮᠣᠳᠣ ᠲᠠᠢ ᠪᠠᠨ ᠠᠭᠤᠯᠵᠠᠬᠤ ᠪᠠᠷ ᠣᠢ ᠳ᠋ᠤ᠌ ᠣᠴᠢᠯ᠎ᠠ᠃
ᠬᠠᠭᠠᠨ ᠄ ᠨᠠᠶ᠋ᠢᠵᠠ ᠮᠢᠨᠢ! ᠮᠢᠨᠦ ᠬᠠᠶ᠋ᠢᠷᠠᠲᠠᠢ ᠴᠠᠷᠠᠰᠤ ᠮᠣᠳᠣ ᠮᠢᠨᠢ ᠶᠠᠭᠤ ᠪᠣᠯᠬᠤ ᠨᠢ ᠡᠨᠡ ᠪᠣᠢ? ᠶᠠᠭᠠᠬᠢᠭᠠᠳ ᠢᠩᠭᠢᠲᠡᠯ᠎ᠡ ᠪᠡᠨ ᠬᠠᠲᠠᠵᠤ ᠬᠣᠷᠴᠢᠢᠴᠢᠬ᠎ᠠ ᠪᠣᠢ? ᠶᠡᠷᠦᠨᠢ ᠰᠠᠢᠨ ᠴᠡᠴᠡᠷᠯᠢᠭᠴᠢ ᠳᠠᠭᠤᠳᠠᠭᠠᠳ ᠴᠢᠮ᠎ᠠ ᠶ᠋ᠢ ᠡᠮᠴᠢᠯᠡᠬᠦ ᠠᠷᠭ᠎ᠠ ᠴᠠᠷᠭ᠎ᠠ ᠪᠠᠶ᠋ᠢᠭ᠎ᠠ ᠡᠰᠡᠬᠦ ᠶ᠋ᠢ ᠠᠰᠠᠭᠤᠶ᠎ᠠ ᠃
ᠴᠠᠷᠠᠰᠤ ᠮᠣᠳᠣ᠄ ᠣᠳᠣ ᠶᠠᠮᠠᠷ ᠴᠤ᠌ ᠨᠡᠮᠡᠷᠢ ᠦᠭᠡᠢ᠂ ᠬᠠᠭᠠᠨ ᠬᠦᠦ ᠮᠢᠨᠢ᠂ ᠣᠳᠣ ᠡᠨᠡ ᠬᠣᠷᠸ᠋᠎ᠠ ᠶ᠋ᠢ ᠣᠷᠬᠢᠬᠤ ᠴᠠᠭ ᠮᠢᠨᠢ ᠪᠣᠯᠵᠠᠢ᠂ ᠴᠢ ᠦᠷᠭᠦᠯᠵᠢ ᠨᠠᠳᠠ ᠳ᠋ᠤ᠌ ᠰᠠᠢᠬᠠᠨ ᠰᠡᠳᠬᠢᠯ ᠭᠠᠷᠭᠠᠵᠤ᠂ ᠨᠠᠮ᠎ᠠ ᠶ᠋ᠢ ᠬᠡᠳᠦ ᠬᠡᠳᠦᠨ ᠤᠳᠠᠭ᠎ᠠ ᠠᠪᠤᠷᠠᠭᠰᠠᠨ ᠰᠢᠦ ᠳᠡ! ᠣᠳᠣ ᠪᠢ ᠠᠴᠢ ᠶ᠋ᠢ ᠴᠢᠨᠢ ᠬᠠᠷᠢᠭᠤᠯᠠᠬᠤ ᠴᠠᠭ ᠪᠣᠯᠤᠭᠰᠠᠨ ᠪᠠᠶ᠋ᠢᠨ᠎ᠠ᠃
ᠦᠬᠡᠷ ᠄ ᠪᠢ ᠴᠦ᠍ ᠭᠡᠰᠡᠨ ᠠᠳᠠᠯᠢᠬᠠᠨ ᠠ᠋
ᠬᠠᠭᠠᠨ ᠄ ᠴᠢ ᠴᠦ᠍ ᠭᠡᠰᠡᠨ ᠢᠷᠡᠴᠢᠬᠡᠵᠡᠢ᠂ ᠢᠩᠭᠢᠬᠦ ᠳ᠋ᠦ᠍ ᠴᠢ ᠴᠦ᠍ ᠭᠡᠰᠡᠨ ᠶᠡᠬᠡ ᠶᠠᠳᠠᠷᠠᠭᠰᠠᠨ ᠬᠠᠷᠠᠭᠳᠠᠵᠤ ᠪᠠᠶ᠋ᠢᠨ᠎ᠠ᠃
ᠦᠬᠡᠷ ᠄ ᠴᠠᠷᠠᠰᠤ ᠮᠣᠳᠣ ᠪᠢᠳᠡ ᠬᠣᠶᠠᠷ ᠠᠬ᠎ᠠ ᠳᠡᠭᠦᠦ ᠬᠣᠶᠠᠷ ᠪᠠᠶ᠋ᠢᠭ᠎ᠠ ᠨᠢ ᠪᠢᠳᠡ ᠬᠣᠶᠠᠷ ᠊ᠢ ᠬᠠᠷᠢᠶᠠᠭᠠᠳ ᠮᠣᠳᠣ᠂ ᠦᠬᠡᠷ ᠬᠣᠶᠠᠷ ᠪᠣᠯᠭᠠᠴᠢᠬᠠᠭᠰᠠᠨ ᠶᠤᠮ᠂ ᠣᠳᠣ ᠡᠨᠡ ᠬᠠᠷᠢᠶᠠᠯ ᠳᠠᠭᠤᠰᠴᠤ ᠪᠠᠶ᠋ᠢᠭ᠎ᠠ᠂ ᠣᠳᠣ ᠣᠳᠣᠨ ᠳᠡᠭᠡᠷᠡᠬᠢ ᠥᠪᠡᠷᠰᠡᠳ ᠦ᠋ᠨ ᠨᠤᠲᠤᠭ ᠤᠷᠤᠭᠤ ᠪᠠᠨ ᠪᠤᠴᠠᠬᠤ ᠴᠠᠭ ᠪᠣᠯᠵᠠᠢ᠃
ᠴᠠᠷᠠᠰᠤ ᠮᠣᠳᠣ ᠄ ᠭᠡᠬᠦ ᠳ᠋ᠦ᠍ ᠪᠡᠨ ᠪᠢᠳᠡ ᠬᠣᠶᠠᠷ ᠶᠠᠪᠤᠬᠤ ᠠ᠋ᠴᠠ ᠡᠮᠦᠨ᠎ᠡ ᠵᠠᠯᠠᠭᠤ ᠬᠠᠭᠠᠨ ᠬᠦᠦ ᠮᠢᠨᠢ᠂ ᠴᠢᠮ᠎ᠠ ᠳ᠋ᠤ᠌ ᠮᠥᠨ ᠡᠨᠡ ᠡᠵᠡᠨᠲᠦ ᠤᠯᠤᠰ ᠲᠤ᠌ ᠴᠢᠨᠢ ᠬᠢᠵᠠᠭᠠᠷ ᠦᠭᠡᠢ ᠡᠳ᠋ ᠪᠠᠶᠠᠯᠢᠭ ᠠᠵᠠ ᠵᠢᠷᠭᠠᠯ ᠊ᠢ ᠬᠦᠰᠡᠨ ᠢᠷᠥᠭᠡᠶ᠎ᠡ! ᠪᠢᠳᠡ ᠬᠣᠶᠠᠷ ᠲᠤ᠌ ᠲᠤᠰᠠᠯᠠᠭᠰᠠᠨ ᠤ᠋ ᠴᠢᠨᠢ ᠬᠠᠷᠢᠭᠤ ᠪᠠᠶ᠋ᠢᠭ᠎ᠠ ᠶᠤᠮ᠃
ᠦᠬᠡᠷ ᠄ ᠨᠠᠮ᠎ᠠ ᠶ᠋ᠢ ᠦᠬᠦᠬᠦ ᠪᠡᠷ ᠡᠪᠡᠷ ᠢ᠋ᠶ᠋ᠡᠷ ᠮᠠᠨᠢ ᠨᠢᠭᠡ ᠰᠠᠢᠬᠠᠨ ᠰᠠᠮ ᠬᠢᠵᠦ ᠠᠪᠤᠭᠠᠷᠠᠢ! ᠬᠣᠵᠢᠮ ᠨᠢ ᠴᠢᠮ᠎ᠠ ᠳ᠋ᠤ᠌ ᠬᠡᠷᠡᠭ ᠪᠣᠯᠤᠨ᠎ᠠ᠃
ᠴᠠᠷᠠᠰᠤ ᠮᠣᠳᠣ ᠄ ᠬᠠᠷᠢᠨ ᠨᠠᠮ᠎ᠠ ᠶ᠋ᠢ ᠦᠬᠦᠬᠦ ᠪᠡᠷ ᠮᠢᠨᠦ ᠬᠣᠯᠲᠣᠰᠣ ᠶ᠋ᠢ ᠬᠠᠭᠤᠯᠵᠤ ᠠᠪᠤᠭᠠᠳ ᠥᠬᠢᠨ ᠳ᠋ᠦ᠍ ᠪᠡᠨ ᠠᠷᠪᠠᠨ ᠳᠣᠯᠣᠭᠠᠨ ᠨᠠᠰᠤ ᠬᠦᠷᠬᠦ ᠪᠡᠷ ᠨᠢ ᠳᠠᠰᠢᠨᠵᠠ ᠬᠢᠵᠦ ᠥᠭᠭᠦᠭᠡᠷᠡᠢ᠂ ᠥᠬᠢᠨ ᠴᠢᠨᠢ ᠪᠦᠳᠦᠭᠦᠯᠢᠭ ᠮᠠᠭᠤᠬᠠᠢ ᠠᠭᠠᠰᠢ ᠭᠠᠷᠭᠠᠬᠤ ᠪᠦᠷᠢ ᠳ᠋ᠦ᠍ ᠨᠢ ᠲᠡᠷᠡ ᠳᠠᠰᠢᠨᠵᠠ ᠶ᠋ᠢ ᠡᠮᠦᠰᠬᠡᠭᠡᠷᠡᠢ!
ᠦᠬᠡᠷ ᠄ ᠲᠡᠭᠡᠪᠡᠯ ᠬᠡᠵᠢᠶ᠎ᠡ ᠨᠢᠭᠡᠨ ᠡᠳᠦᠷ ᠥᠬᠢᠨ ᠴᠢᠨᠢ ᠶᠠᠭᠠᠨ ᠴᠡᠴᠡᠭ ᠣᠯᠤᠨ᠎ᠠ᠂ ᠶᠠᠭ ᠠᠬ᠎ᠠ ᠶ᠋ᠢᠨ ᠮᠠᠨᠢ ᠵᠣᠭᠰᠣᠵᠤ ᠪᠠᠶ᠋ᠢᠭ᠎ᠠ ᠴᠠᠷᠠᠰᠤ ᠮᠣᠳᠣᠨ ᠤ᠋ ᠳᠡᠷᠭᠡᠳᠡ ᠡᠴᠡ ᠲᠠᠴᠢᠷ ᠶᠡᠬᠡ ᠴᠡᠴᠡᠭ ᠳᠡᠯᠪᠡᠭᠡᠯᠡᠵᠦ ᠤᠷᠭᠤᠬᠤ ᠳ᠋ᠤ᠌ ᠨᠢ ᠲᠤᠰᠠᠯᠠᠬᠤ ᠪᠣᠯᠤᠨ᠎ᠠ᠃
ᠴᠠᠷᠠᠰᠤ ᠮᠣᠳᠣ ᠄ ᠲᠡᠭᠡᠭᠡᠳ ᠴᠢᠮ᠎ᠠ ᠶ᠋ᠢ ᠠᠩᠵᠠᠭᠠᠷᠠᠭ᠎ᠠ ᠴᠤ᠌ ᠦᠭᠡᠢ ᠪᠠᠶ᠋ᠢᠬᠤ ᠳ᠋ᠤ᠌ ᠡᠨᠡ ᠣᠢ ᠠᠮᠢᠳᠤᠷᠠᠯ ᠪᠤᠴᠠᠯᠤᠭᠰᠠᠨ ᠰᠠᠢᠬᠠᠨ ᠭᠠᠵᠠᠷ ᠪᠣᠯᠤᠨ᠎ᠠ᠂ ᠠᠷᠠᠳ ᠢᠷᠭᠡᠳ ᠴᠢᠨᠢ ᠰᠠᠢᠬᠠᠨ ᠴᠡᠴᠡᠭ ᠲᠠᠷᠢᠵᠤ᠂ ᠴᠡᠴᠡᠭ ᠡᠴᠡ ᠵᠥᠭᠡᠯᠡᠨ ᠲᠣᠷᠭᠠᠮᠰᠤᠭ ᠤᠲᠠᠰᠤ ᠳᠠᠪᠤᠤ ᠭᠠᠷᠭᠠᠵᠤ ᠠᠪᠤᠨ᠎ᠠ᠂ ᠢᠩᠭᠢᠭᠡᠳ ᠲᠠᠨ ᠤ᠋ ᠡᠵᠡᠨᠲᠦ ᠤᠯᠤᠰ ᠥᠭᠡᠷ᠎ᠡ ᠬᠠᠮᠢᠭ᠎ᠠ ᠴᠤ᠌ ᠪᠠᠶ᠋ᠢᠬᠤ ᠦᠭᠡᠢ ᠬᠠᠮᠤᠭ ᠤ᠋ᠨ ᠶᠡᠬᠡ ᠬᠥᠭᠵᠢᠵᠦ ᠴᠡᠴᠡᠭᠯᠡᠭᠰᠡᠨ ᠤᠯᠤᠰ ᠪᠣᠯᠬᠤ ᠪᠣᠯᠤᠨ᠎ᠠ᠃
ᠣᠯᠠᠨ ᠵᠢᠯ ᠥᠩᠭᠡᠷᠡᠭᠰᠡᠨ ᠦ᠌ ᠳᠠᠷᠠᠭ᠎ᠠ ᠥᠨᠥᠳᠥᠷ ᠬᠠᠭᠠᠨ ᠴᠠᠷᠠᠰᠤ ᠮᠣᠳᠣᠨ ᠤ᠋ ᠤᠷᠭᠤᠵᠤ ᠪᠠᠶ᠋ᠢᠬᠰᠠᠨ ᠭᠠᠵᠠᠷ ᠢᠷᠡᠭᠡᠳ ᠴᠠᠷᠠᠰᠤ ᠮᠣᠳᠣ ᠪᠤᠬ᠎ᠠ ᠶ᠋ᠢᠨ ᠬᠡᠯᠡᠭᠰᠡᠨ ᠦᠭᠡ ᠶ᠋ᠢ ᠡᠷᠭᠢᠨ ᠰᠠᠨᠠᠯ᠎ᠠ᠂ ᠰᠠᠨᠠᠭᠠᠰᠢᠷᠠᠵᠤ ᠪᠠᠶ᠋ᠢᠬᠰᠠᠨ ᠬᠠᠭᠠᠨ ᠤ᠋ ᠰᠡᠳᠬᠢᠯ ᠪᠠᠭ᠎ᠠ ᠴᠤ᠌ ᠭᠡᠰᠡᠨ ᠲᠠᠶ᠋ᠢᠤᠠᠬᠤᠷᠠᠵᠤ ᠡᠷᠭᠢᠵᠦ ᠣᠷᠳᠣᠨ  ᠳ᠋ᠤ᠌ ᠪᠠᠨ ᠢᠷᠡᠯ᠎ᠡ᠂ ᠬᠠᠭᠠᠨ ᠴᠠᠷᠠᠰᠤ ᠮᠣᠳᠣᠨ ᠤ᠋ ᠬᠣᠯᠲᠣᠰᠣ ᠪᠠᠷ ᠳᠠᠰᠢᠨᠵᠠ ᠬᠢᠯᠭᠡᠵᠦ ᠪᠤᠬ᠎ᠠ ᠶ᠋ᠢᠨ ᠡᠪᠡᠷ ᠢ᠋ᠶ᠋ᠡᠷ ᠰᠠᠮ ᠬᠢᠯᠭᠡᠯ᠎ᠡ᠂
ᠬᠠᠲᠤᠨ ᠄ ᠠᠩ᠂ ᠥᠬᠢᠨ ᠮᠠᠨᠢ ᠡᠨᠡ ᠤᠳᠠᠭ᠎ᠠ ᠳ᠋ᠤ᠌ ᠴᠤ᠌ ᠭᠡᠰᠡᠨ ᠳᠠᠬᠢᠭᠠᠳ ᠪᠦᠳᠦᠭᠦᠯᠢᠭ ᠠᠭᠠᠰᠢ ᠭᠠᠷᠭᠠᠵᠤ᠂ ᠲᠤᠰᠠᠯᠠᠬᠤ ᠨᠤᠭᠤᠳ ᠢ᠋ᠶ᠋ᠠᠨ ᠤᠬᠢᠯᠠᠭᠤᠯᠤᠭᠰᠠᠨ ᠪᠠᠶ᠋ᠢᠨ᠎ᠠ᠃
ᠬᠠᠭᠠᠨ ᠄ ᠭᠦᠩᠵᠦ ᠶ᠋ᠢ ᠳᠠᠭᠤᠳᠠᠭᠠᠳ ᠢᠷ᠎ᠡ!
ᠬᠠᠷᠠᠭᠤᠯ ᠲᠡᠷᠡ ᠳᠣᠣᠷ᠎ᠠ ᠪᠠᠨ ᠶᠠᠪᠤᠭᠠᠳ ᠭᠦᠩᠵᠦ ᠶ᠋ᠢ ᠳᠠᠭᠠᠭᠤᠯᠵᠤ ᠢᠷᠡᠯ᠎ᠡ᠃
ᠬᠠᠭᠠᠨ ᠄ ᠴᠢᠮ᠎ᠠ ᠶ᠋ᠢ ᠳᠠᠬᠢᠭᠠᠳ ᠪᠦᠳᠦᠭᠦᠯᠢᠭ ᠮᠠᠭᠤᠬᠠᠢ ᠠᠭᠠᠰᠢ ᠭᠠᠷᠭᠠᠭᠰᠠᠨ ᠭᠡᠵᠦ ᠰᠣᠨᠣᠰᠤᠯ᠎ᠠ᠃
ᠭᠦᠩᠵᠦ ᠄ ᠠᠪᠤ ᠠ᠋! ᠲᠡᠷᠡ ᠬᠥᠮᠦᠰ ᠶᠠᠮᠠᠷ ᠴᠤ᠌ ᠬᠡᠷᠡᠭ ᠦᠭᠡᠢ ᠬᠥᠮᠦᠰ
ᠬᠠᠭᠠᠨ ᠄ ᠣᠳᠣ ᠪᠣᠯᠤᠨ᠎ᠠ᠂ ᠡᠨᠡ ᠰᠠᠮ ᠢ᠋ᠶ᠋ᠠᠷ ᠴᠢᠨᠦ ᠦᠰᠦ ᠶ᠋ᠢ ᠰᠠᠮᠨᠠᠨ᠎ᠠ᠂ ᠶᠠᠭ ᠡᠨᠡ ᠰᠠᠮ ᠢ᠋ᠶ᠋ᠠᠷ᠂ ᠥᠨᠥᠳᠥᠷ ᠡᠴᠡ ᠡᠬᠢᠯᠡᠭᠡᠳ ᠳᠠᠬᠢᠵᠤ ᠪᠦᠳᠦᠭᠦᠯᠢᠭ ᠠᠭᠠᠰᠢ ᠭᠠᠷᠭᠠᠬᠤ ᠶᠤᠮ ᠪᠣᠯ ᠡᠨᠡ ᠳᠠᠰᠢᠨᠵᠠ ᠶ᠋ᠢ ᠡᠮᠦᠰᠬᠡᠨ᠎ᠡ ᠰᠢᠦ!
ᠭᠦᠩᠵᠦ ᠄ ᠠᠪᠤ ᠠ᠋! ᠭᠡᠬᠦ ᠳ᠋ᠦ᠍ ᠪᠡᠨ ᠪᠢ ᠁
ᠬᠠᠭᠠᠨ ᠄ ᠶᠠᠮᠠᠷ ᠴᠤ᠌ ᠠᠰᠠᠭᠤᠯᠲᠠ ᠬᠡᠷᠡᠭ ᠦᠭᠡᠢ᠂ ᠶᠠᠮᠠᠷ ᠴᠤ᠌ ᠠᠰᠠᠭᠤᠯᠲᠠ᠂ ᠣᠳᠣᠬᠠᠨ ᠡᠭᠦᠨ ᠢ᠋ᠶ᠋ᠡᠷ ᠰᠠᠮᠨᠠᠭᠠᠲᠠᠬ᠎ᠠ᠃
ᠶᠠᠭ ᠲᠡᠷᠡ ᠡᠳᠦᠷ ᠡᠴᠡ ᠪᠡᠨ ᠡᠬᠢᠯᠡᠯ᠎ᠡ᠂ ᠭᠦᠩᠵᠦ ᠶ᠋ᠢ ᠪᠦᠳᠦᠭᠦᠯᠢᠭ ᠮᠠᠭᠤᠬᠠᠢ ᠠᠭᠠᠰᠢ ᠭᠠᠷᠭᠠᠬᠤ ᠪᠦᠷᠢ ᠳ᠋ᠦ᠍ ᠨᠢ ᠮᠣᠳᠣᠨ ᠳᠠᠰᠢᠨᠵᠠ ᠡᠮᠦᠰᠬᠡᠳᠡᠭ ᠪᠣᠯᠪᠠ᠂ ᠭᠦᠩᠵᠦ ᠡᠨᠡ ᠳᠠᠰᠢᠨᠵᠠ ᠶ᠋ᠢ ᠡᠮᠦᠰᠬᠦ ᠦᠨᠡᠬᠡᠷ ᠳᠤᠷ᠎ᠠ ᠦᠭᠡᠢ ᠪᠠᠶ᠋ᠢᠬᠰᠠᠨ ᠲᠤᠯᠠ ᠲᠤᠩ ᠤᠳᠠᠯ ᠦᠭᠡᠢ ᠵᠠᠩ ᠠᠭᠠᠰᠢ ᠨᠢ ᠳᠡᠭᠡᠷᠡᠳᠡᠵᠦ ᠡᠬᠢᠯᠡᠯ᠎ᠡ᠂ ᠪᠤᠬ᠎ᠠ ᠶ᠋ᠢᠨ ᠡᠪᠡᠷ ᠢ᠋ᠶ᠋ᠡᠷ ᠬᠢᠭᠰᠡᠨ ᠰᠠᠮ ᠢ᠋ᠶ᠋ᠠᠷ ᠰᠢᠷᠢᠯᠲᠦᠭᠰᠡᠨ ᠦᠰᠦ ᠶ᠋ᠢ ᠨᠢ ᠰᠠᠮᠨᠠᠬᠤ ᠪᠦᠷᠢ ᠳ᠋ᠦ᠍ ᠭᠦᠩᠵᠦ ᠪᠠᠭ᠎ᠠ ᠪᠠᠭ᠎ᠠ ᠪᠠᠷ ᠡᠶᠡᠯᠳᠡᠭ ᠪᠣᠯᠵᠤ ᠪᠠᠶ᠋ᠢᠯ᠎ᠠ᠃
ᠭᠦᠩᠵᠦ ᠄ ᠦᠰᠦ ᠶ᠋ᠢ ᠮᠠᠨᠢ ᠰᠠᠮᠨᠠᠬᠤ ᠪᠦᠷᠢ ᠳ᠋ᠦ᠍ ᠰᠠᠢᠬᠠᠨ ᠮᠡᠳᠡᠷᠡᠮᠵᠢ ᠲᠥᠷᠥᠵᠦ ᠪᠠᠶ᠋ᠢᠨ᠎ᠠ᠂ ᠶᠡᠬᠡ ᠵᠥᠭᠡᠯᠡᠨ ᠶᠦ᠍ᠮ ᠠ᠋
ᠨᠠᠰᠤᠲᠠᠢ ᠡᠵᠢ ᠄ ᠦᠰᠦ ᠴᠢᠨᠢ ᠨᠡᠯᠢᠶᠡᠳ ᠰᠢᠷᠢᠯᠲᠦᠭᠰᠡᠨ ᠪᠠᠶ᠋ᠢᠨ᠎ᠠ᠂ ᠵᠢᠭᠠᠬᠠᠨ ᠡᠪᠡᠳᠴᠦ ᠮᠠᠭᠠᠳ ᠦᠭᠡᠢ ᠰᠢᠦ!
ᠭᠦᠩᠵᠦ ᠄ ᠲᠡᠶ᠋ᠢᠮᠦ ᠠ᠋᠂ ᠲᠡᠭᠡᠬᠦ ᠪᠠᠶ᠋ᠢᠬᠤ᠂ ᠰᠠᠨᠠᠭ᠎ᠠ ᠵᠣᠪᠠᠬᠤ ᠬᠡᠷᠡᠭ ᠦᠭᠡᠢ ᠳᠡ᠂ ᠵᠦᠭᠡᠷ ᠯᠡ ᠰᠠᠮᠨᠠ᠂ ᠪᠢ ᠲᠡᠰᠦᠨ᠎ᠡ᠃
ᠭᠦᠩᠵᠦ ᠄ ᠠ᠋᠂ ᠵᠦᠭᠡᠷ ‍ᠤᠤ?
ᠥᠬᠢᠨ ᠄ ᠠ᠂ ᠠᠭᠤᠴᠢᠯᠠᠭᠠᠷᠠᠢ ᠨᠠᠮ᠎ᠠ ᠶ᠋ᠢ᠂ ᠦᠨᠡᠬᠡᠷ ᠠᠭᠤᠴᠢᠯᠠᠭᠠᠷᠠᠢ! ᠭᠦᠩᠵᠦ ᠠ᠋
ᠭᠦᠩᠵᠦ ᠄ ᠴᠢ ᠯᠡ ᠵᠦᠭᠡᠷ ᠪᠣᠯ ᠶᠠᠭᠠᠮᠠᠢ ᠳᠠ᠂ ᠰᠠᠨᠠᠭ᠎ᠠ ᠵᠣᠪᠠᠬᠤ ᠬᠡᠷᠡᠭ ᠦᠭᠡᠢ ᠳᠡ᠂ ᠬᠥᠮᠦᠨ ᠪᠣᠯᠭᠠᠨ ᠬᠠᠯᠲᠤᠷᠢᠵᠤ ᠪᠣᠯᠤᠨ᠎ᠠ ᠰᠢᠦ ᠳᠡ᠃
ᠪᠦᠳᠦᠭᠦᠯᠢᠭ ᠪᠡᠶ᠎ᠡ ᠪᠡᠨ ᠲᠣᠭᠣᠭᠰᠠᠨ ᠶᠡᠬᠡ ᠵᠠᠩ ᠲᠠᠢ ᠭᠦᠩᠵᠦ ᠶ᠋ᠢ ᠢᠩᠭᠢᠵᠦ ᠶᠡᠬᠡ ᠥᠭᠡᠷᠡᠴᠢᠯᠡᠭᠲᠡᠭᠰᠡᠨ ᠳ᠋ᠦ᠍ ᠬᠥᠮᠦᠨ ᠪᠣᠯᠭᠠᠨ ᠭᠠᠶ᠋ᠢᠬᠠᠵᠤ ᠪᠠᠶ᠋ᠢᠯ᠎ᠠ᠂ ᠤᠳᠠᠯ ᠦᠭᠡᠢ ᠭᠦᠩᠵᠦ ᠴᠢᠷᠠᠢ ᠲᠥᠷᠬᠦ ᠰᠢᠭ ᠢ᠋ᠶ᠋ᠡᠨ ᠰᠠᠢᠬᠠᠨ ᠰᠡᠳᠬᠢᠯ ᠲᠡᠢ ᠪᠣᠯᠤᠯ᠎ᠠ᠂ ᠭᠦᠩᠵᠦ ᠳᠠᠬᠢᠵᠤ ᠮᠣᠳᠣᠨ ᠳᠠᠰᠢᠨᠵᠠ ᠡᠮᠦᠰᠬᠦ ᠪᠡᠷ ᠦᠭᠡᠢ ᠰᠠᠢᠬᠠᠨ ᠰᠡᠳᠬᠢᠯ ᠲᠡᠢ ᠡᠶᠡᠯᠳᠡᠭ ᠵᠥᠭᠡᠯᠡᠨ ᠬᠥᠮᠦᠨ ᠪᠣᠯᠵᠤ ᠴᠢᠳᠠᠯ᠎ᠠ᠃
ᠨᠢᠭᠡ ᠡᠳᠦᠷ ᠭᠦᠩᠵᠦ ᠤᠷᠢᠳᠤ ᠶ᠋ᠢᠨ ᠬᠢ ᠰᠢᠭ ᠢ᠋ᠶ᠋ᠡᠨ ᠣᠢ ᠳ᠋ᠤ᠌ ᠣᠴᠢᠭᠠᠳ ᠴᠠᠷᠠᠰᠤ ᠮᠣᠳᠣ ᠤᠷᠭᠤᠵᠤ ᠪᠠᠶ᠋ᠢᠬᠰᠠᠨ ᠭᠠᠵᠠᠷ ᠣᠴᠢᠯ᠎ᠠ᠂ ᠲᠡᠨᠳᠡ ᠬᠠᠮᠤᠭ ᠤ᠋ᠨ ᠦᠵᠡᠰᠬᠦᠯᠡᠩ ᠲᠡᠢ ᠰᠠᠢᠬᠠᠨ ᠴᠡᠴᠡᠭ ᠣᠯᠵᠤ ᠬᠠᠷᠠᠯ᠎ᠠ᠂ ᠲᠡᠭᠡᠭᠡᠳ ᠲᠡᠷᠡ ᠴᠡᠴᠡᠭ ᠊ᠢ ᠠᠪᠤᠭᠠᠳ ᠣᠷᠳᠣᠨ ᠳ᠋ᠤ᠌ ᠪᠠᠨ ᠣᠴᠢᠨ ᠡᠵᠢ ᠳ᠋ᠦ᠍ ᠪᠡᠨ᠂ ᠠᠶ᠋ᠢᠯᠴᠢᠯᠠᠨ ᠢᠷᠡᠭᠰᠡᠨ ᠨᠠᠭᠠᠴᠤ ᠡᠭᠡᠴᠢ ᠳ᠋ᠦ᠍ ᠪᠡᠨ ᠦᠵᠡᠭᠦᠯᠦᠯ᠎ᠡ᠃
ᠭᠦᠩᠵᠦ ᠄ ᠡᠵᠢ ᠠ᠋᠂ ᠨᠠᠭᠠᠴᠤ ᠡᠭᠡᠴᠢ ᠠ᠋! ᠥᠨᠥᠳᠥᠷ ᠣᠢ ᠠ᠋ᠴᠠ ᠶᠠᠭᠤ ᠣᠯᠤᠭᠰᠠᠨ ᠭᠡᠵᠦ ᠪᠣᠳᠣᠵᠤ ᠪᠠᠶ᠋ᠢᠨ᠎ᠠ᠃
ᠬᠠᠲᠤᠨ ᠡᠵᠢ ᠄ ᠦᠨᠡᠬᠡᠷ ᠰᠣᠳᠣᠨ ᠦᠵᠡᠰᠬᠦᠯᠡᠩ ᠲᠡᠢ ᠴᠡᠴᠡᠭ ᠪᠠᠶ᠋ᠢᠨ᠎ᠠ᠃
ᠨᠠᠭᠠᠴᠤ ᠡᠭᠡᠴᠢ ᠄ ᠡᠨᠡ ᠵᠢᠷ ᠦ᠋ᠨ ᠴᠡᠴᠡᠭ ᠪᠢᠰᠢ ᠮᠠᠶ᠋ᠢᠯᠠᠨᠺᠢ ᠬᠢᠳᠡᠭ ᠴᠡᠴᠡᠭ ᠪᠠᠶ᠋ᠢᠨ᠎ᠠ᠃
ᠬᠠᠲᠤᠨ ᠡᠵᠢ ᠄ ᠮᠠᠶ᠋ᠢᠯᠠᠨᠺᠡ ᠭᠡᠨ᠎ᠡ ᠠ᠋? ᠲᠡᠷᠡ ᠴᠢᠨᠢ ᠶᠠᠭᠤ ᠶᠤᠮ?
ᠤᠳᠠᠯ ᠦᠭᠡᠢ ᠨᠠᠭᠠᠴᠤ ᠡᠭᠡᠴᠢ ᠨᠢ ᠣᠷᠳᠣᠨ ᠤ᠋ ᠪᠥᠰᠡᠭᠦᠶ᠋ᠢᠴᠤᠳ ᠲᠤ᠌ ᠴᠡᠴᠡᠭ ᠦ᠋ᠨ ᠡᠰᠢ ᠡᠴᠡ ᠶᠠᠭᠠᠬᠢᠵᠤ ᠤᠲᠠᠰᠤ ᠡᠭᠡᠷᠡᠵᠦ ᠤᠯᠠᠮ ᠢ᠋ᠶ᠋ᠠᠷ ᠵᠥᠭᠡᠯᠡᠨ ᠲᠣᠷᠭᠠᠮᠰᠤᠭ ᠳᠠᠪᠤᠤ ᠬᠢᠵᠦ ᠪᠣᠯᠬᠤ ᠶ᠋ᠢ ᠵᠢᠭᠠᠵᠤ ᠥᠭᠴᠡᠢ ᠭᠡᠨ᠎ᠡ᠃ ᠤᠳᠠᠯ ᠦᠭᠡᠢ ᠣᠢ ᠲᠡᠷᠡ ᠴᠢᠭ ᠢ᠋ᠶ᠋ᠡᠷ ᠢ᠋ᠶ᠋ᠡᠨ ᠬᠡᠷᠦᠨ᠎ᠡ ᠶ᠋ᠢᠨ ᠶᠠᠭᠠᠨ ᠥᠩᠭᠡ ᠲᠡᠢ ᠴᠡᠴᠡᠭ ᠢ᠋ᠶ᠋ᠡᠷ ᠬᠤᠴᠢᠭᠳᠠᠵᠤ᠂ ᠬᠠᠭᠠᠨᠲᠤ ᠤᠯᠤᠰ ᠤ᠋ᠨ ᠠᠷᠠᠳ ᠢᠷᠭᠡᠳ ᠵᠥᠭᠡᠯᠡᠨ ᠲᠣᠷᠭᠠᠮᠰᠤᠭ ᠳᠠᠪᠤᠤ ᠬᠢᠳᠡᠭ ᠪᠣᠯᠤᠯ᠎ᠠ᠃ ᠣᠶᠣᠳᠠᠯᠴᠢᠳ ᠳᠠᠪᠤᠤ ᠪᠠᠷ ᠭᠣᠶᠣᠮᠰᠣᠭ ᠳᠠᠰᠢᠨᠵᠠ ᠪᠣᠰᠢᠨᠵᠠ ᠬᠢᠯ᠎ᠡ᠂ ᠳᠠᠪᠤᠤ ᠳ᠋ᠤ᠌ ᠳᠤᠷᠠᠲᠠᠢ ᠭᠦᠩᠵᠦ ᠨᠢᠭᠡ ᠡᠳᠦᠷ ᠢᠩᠭᠢᠵᠦ ᠬᠡᠯᠡᠯ᠎ᠡ᠃
ᠭᠦᠩᠵᠦ ᠄ ᠳᠠᠰᠢᠨᠵᠠ ᠦᠨᠡᠬᠡᠷ ᠵᠥᠭᠡᠯᠡᠨ ᠪᠣᠯᠵᠠᠢ᠂ ᠥᠭᠡᠷ᠎ᠡ ᠳᠠᠰᠢᠨᠵᠠ ᠥᠭᠭᠦᠭᠡᠷᠡᠢ᠂ ᠶᠠᠮᠠᠷ ᠭᠣᠶᠣ ᠬᠠᠷᠠᠭᠳᠠᠵᠤ ᠪᠠᠶ᠋ᠢᠭ᠎ᠠ ᠶ᠋ᠢ ᠬᠠᠷᠠ ᠳᠠ᠂ ᠣᠬᠢᠭᠠᠳ ᠨᠢᠭᠡ ᠶ᠋ᠢ ᠥᠭᠬᠦ ᠦᠭᠡᠢ ‍ᠦᠦ? ᠬᠥᠭ᠂ ᠳᠠᠪᠬᠤᠷᠯᠠᠬᠤ ᠲᠣᠰᠤᠮ   ᠰᠠᠢᠬᠠᠨ ᠬᠠᠷᠠᠭᠳᠠᠵᠤ ᠪᠠᠶ᠋ᠢᠨ᠎ᠠ᠂ ᠳᠠᠬᠢᠭᠠᠳ ᠨᠢᠭᠡ ᠶ᠋ᠢ ᠥᠭᠭᠦ ᠦᠭᠡᠢ ‍ᠤᠤ?
ᠭᠦᠩᠵᠦ ᠬᠣᠷᠢᠨ ᠳᠠᠰᠢᠨᠵᠠ ᠳᠠᠪᠬᠤᠷᠯᠠᠵᠤ ᠡᠮᠦᠰᠦᠭᠡᠳ ᠦᠨᠡᠬᠡᠷ ᠦᠵᠡᠰᠬᠦᠯᠡᠩ ᠲᠡᠢ ᠬᠠᠷᠠᠭᠳᠠᠵᠤ ᠪᠠᠶ᠋ᠢᠯ᠎ᠠ᠂ ᠭᠦᠩᠵᠦ ᠶ᠋ᠢ ᠬᠠᠷᠠᠭᠰᠠᠨ ᠬᠥᠮᠦᠰ ᠬᠣᠷᠢᠨ ᠳᠠᠰᠢᠨᠵᠠ ᠳᠠᠪᠬᠤᠷᠯᠠᠵᠤ ᠡᠮᠦᠰᠬᠦ ᠪᠡᠷ ᠢ᠋ᠶ᠋ᠡᠨ ᠬᠠᠮᠤᠭ ᠤ᠋ᠨ ᠦᠵᠡᠰᠬᠦᠯᠡᠩ ᠲᠡᠢ ᠬᠠᠷᠠᠭᠳᠠᠵᠤ ᠪᠠᠶ᠋ᠢᠨ᠎ᠠ ᠭᠡᠵᠦ ᠬᠡᠯᠡᠯ᠎ᠡ᠂ ᠡᠨᠡ ᠵᠠᠭᠪᠤᠷ ᠨᠢ ᠡᠵᠡᠨᠲᠦ ᠤᠯᠤᠰ ᠲᠤ᠌ ᠨᠢ ᠮᠣᠳᠧᠯ ᠪᠣᠯᠤᠨ ᠲᠠᠷᠬᠠᠯ᠎ᠠ᠂ ᠡᠵᠡᠨᠲᠦ ᠤᠯᠤᠰ ᠤ᠋ᠨ ᠪᠥᠰᠡᠭᠦᠶ᠋ᠢᠴᠤᠳ ᠪᠦᠭᠦᠳᠡ ᠬᠣᠷᠢᠨ ᠳᠠᠰᠢᠨᠵᠠ ᠳᠠᠪᠬᠤᠷᠯᠠᠨ ᠡᠮᠦᠰᠳᠡᠭ ᠪᠣᠯᠵᠤ᠂ ᠡᠨᠡ ᠨᠢ ᠥᠨᠥᠳᠥᠷ ᠦ᠋ᠨ ᠬᠦᠷᠲᠡᠯ᠎ᠡ ᠤᠯᠠᠮᠵᠢᠯᠠᠭᠳᠠᠨ ᠬᠣᠯᠠᠨᠳ᠋ ᠬᠥᠮᠦᠰ ᠣᠯᠠᠨ ᠳᠠᠪᠬᠤᠷ ᠳᠠᠰᠢᠨᠵᠠ ᠡᠮᠦᠰᠳᠡᠭ ᠤᠯᠠᠮᠵᠢᠯᠠᠯ ᠲᠠᠢ ᠪᠣᠯᠤᠭᠰᠠᠨ ᠶᠤᠮ᠂ ᠬᠣᠷᠢᠨ ᠳᠠᠪᠬᠤᠷ ᠳᠠᠰᠢᠨᠵᠠ ᠡᠮᠦᠰᠬᠦ ᠤᠯᠠᠮᠵᠢᠯᠠᠯ ᠊ᠢ ᠭᠦᠩᠵᠦ ᠭᠠᠷᠭᠠᠭᠰᠠᠨ᠂ ᠬᠠᠮᠤᠭ ᠤ᠋ᠨ ᠭᠣᠣᠯ ᠨᠢ ᠡᠨᠡ ᠭᠦᠩᠵᠦ ᠪᠣᠯ ᠬᠣᠯᠲᠣᠰᠣ ᠪᠠᠷ ᠬᠢᠭᠰᠡᠨ ᠳᠠᠰᠢᠨᠵᠠ ᠡᠮᠦᠰᠴᠦ ᠪᠠᠶ᠋ᠢᠬᠰᠠᠨ ᠭᠦᠩᠵᠦ ᠭᠡᠳᠡᠭ ᠊ᠢ ᠮᠠᠷᠲᠠᠵᠤ ᠪᠣᠯᠬᠤ ᠦᠭᠡᠢ᠂ ᠬᠣᠷᠢᠨ ᠳᠠᠪᠬᠤᠷ ᠳᠠᠰᠢᠨᠵᠠ ᠡᠮᠦᠰᠦᠭᠰᠡᠨ ᠴᠦ᠍ ᠲᠣᠷᠭᠠᠮᠰᠤᠭ ᠵᠥᠭᠡᠯᠡᠨ ᠮᠡᠳᠡᠷᠡᠮᠵᠢ ᠲᠥᠷᠥᠳᠡᠭ ᠶᠦ᠍ᠮ᠂ ᠪᠢᠳᠡ ᠨᠠᠷ ᠥᠪᠡᠷᠰᠡᠳ ᠦ᠋ᠨ ᠵᠥᠷᠢᠭᠦᠳ ᠮᠠᠭᠤ ᠵᠠᠩ ᠢ᠋ᠶ᠋ᠠᠨ ᠵᠠᠰᠠᠬᠤ ᠳ᠋ᠤ᠌ ᠪᠠᠨ ᠬᠠᠮᠤᠭ ᠤ᠋ᠨ ᠠᠵᠠ ᠵᠢᠷᠭᠠᠯ ᠲᠠᠢ ᠪᠣᠯᠵᠤ ᠴᠢᠳᠠᠳᠠᠭ᠂ ᠲᠡᠭᠡᠪᠡᠯ ᠣᠶ᠋ᠢᠷ᠎ᠠ ᠲᠣᠭᠣᠷᠢᠨ ᠤ᠋ ᠬᠥᠮᠦᠰ ᠴᠦ᠍ ᠭᠡᠰᠡᠨ ᠲᠠᠪᠠ ᠲᠤᠬ᠎ᠠ ᠶ᠋ᠢ ᠮᠡᠳᠡᠷᠡᠵᠦ᠂ ᠪᠢᠳᠡᠨ ᠊ᠢ ᠶᠠᠭᠤ ᠴᠤ᠌ ᠬᠢᠭᠰᠡᠨ ᠴᠦ᠍ ᠳᠡᠮᠵᠢᠳᠡᠭ ᠪᠣᠯᠤᠨ᠎ᠠ᠂ ᠭᠦᠩᠵᠦ ᠶ᠋ᠢ ᠡᠶᠡᠯᠳᠡᠭ ᠵᠥᠭᠡᠯᠡᠨ ᠠᠭᠠᠰᠢ ᠲᠠᠢ ᠪᠣᠯᠬᠤ ᠳ᠋ᠤ᠌ ᠭᠦᠩᠵᠦ ᠶ᠋ᠢ ᠪᠦᠳᠦᠭᠦᠯᠢᠭ ᠮᠠᠭᠤᠬᠠᠢ ᠠᠭᠠᠰᠢ ᠲᠠᠢ ᠪᠣᠯᠤᠭᠰᠠᠨ ᠊ᠢ ᠪᠦᠭᠦᠳᠡ ᠮᠠᠷᠲᠠᠭᠰᠠᠨ᠂ ᠪᠢᠳᠡ ᠮᠠᠭᠤᠬᠠᠢ ᠵᠤᠷᠰᠢᠯ ᠢ᠋ᠶ᠋ᠠᠨ ᠵᠠᠰᠠᠵᠤ ᠴᠢᠳᠠᠪᠠᠯ ᠬᠥᠮᠦᠰ ᠴᠦ᠍ ᠭᠡᠰᠡᠨ ᠪᠢᠳᠡᠨ ᠊ᠢ ᠠᠶᠠᠨᠳᠠᠭᠠᠨ ᠠᠭᠤᠴᠢᠯᠠᠳᠠᠭ᠂ ᠡᠨᠡ ᠪᠣᠯ ᠵᠢᠩᠬᠢᠨᠢ ᠠᠮᠢᠳᠤᠷᠠᠯ ᠶᠤᠮ ᠃

   ᠦᠰᠦᠭ ᠬᠠᠲᠠᠭᠰᠠᠨ ᠨᠢ ᠄ ᠣᠲᠣᠨᠭᠡᠷᠡᠯ
   ᠦᠰᠦᠭ ᠠᠮᠢᠯᠠᠭᠤᠯᠤᠭᠰᠠᠨ ᠨᠢ ᠄ ᠣᠳᠣᠨᠭᠡᠷᠠᠯ
   ᠬᠢᠨᠠᠭᠴᠢ ᠄ ᠠᠵᠠᠵᠠᠶᠠᠭ᠎ᠠ᠂ ᠭᠠᠷᠮ᠎ᠠ᠂ ᠠᠯᠲᠠᠨ ᠠᠭᠤᠯᠠ᠂ ᠮᠥᠩᠭᠥᠨᠴᠡᠴᠡᠭ ᠨᠠᠷ