ᠡᠪᠳᠡᠷᠬᠡᠢ ᠷᠠᠳᠢᠣ᠋ ᠶ᠋ᠢᠨ ᠬᠡᠯᠡᠭᠰᠡᠨ ᠦᠭᠡ- ᠰ · ᠦᠯᠵᠡᠶ᠋ᠢᠵᠢᠷᠭᠠᠯЭвдэрхий радиын хэлсэн үг-с · өлзиеожаргал
ᠡᠪᠳᠡᠷᠬᠡᠢ ᠷᠠᠳᠢᠣ᠋ ᠶ᠋ᠢᠨ ᠬᠡᠯᠡᠭᠰᠡᠨ ᠦᠭᠡ
ᠵᠣᠬᠢᠶᠠᠭᠴᠢ ᠄ ᠰ · ᠦᠯᠵᠡᠶ᠋ᠢᠵᠢᠷᠭᠠᠯ
ᠤᠩᠰᠢᠭᠰᠠᠨ ᠨᠢ ᠄ ᠰᠢᠨ᠎ᠡ ᠪᠠᠷᠭᠤ
ᠵᠡᠭᠦᠨ ᠬᠤᠰᠢᠭᠤᠨ ᠤ᠋ ᠷᠠᠳᠢᠣ᠋ ᠲᠧᠯᠸᠢᠰ ᠦ᠋ᠨ ᠬᠥᠲᠥᠯᠦᠭᠴᠢᠳ ᠃
ᠳᠡᠭᠡᠷ᠎ᠡ ᠨᠢᠭᠡ ᠦᠶ᠎ᠡ ᠲᠡᠷᠡ
ᠨᠢᠭᠡ ᠴᠠᠭ ᠲᠤ᠌ ᠮᠠᠯ ᠰᠦᠷᠦᠭ ᠢ᠋ᠶ᠋ᠡᠨ ᠥᠰᠬᠡᠯ᠎ᠡ ᠭᠡᠵᠦ ᠮᠠᠯᠴᠢᠨ ᠡᠵᠡᠨ ᠊ᠢ ᠮᠢᠨᠢ ᠵᠣᠷᠢᠭᠵᠢᠭᠤᠯᠬᠤ ᠳ᠋ᠤ᠌
᠂ ᠵᠢᠱ᠌ᠢᠶᠡᠴᠢ ᠡᠷᠦᠬᠡ ᠪᠣᠯᠤᠯ᠎ᠠ ᠭᠡᠵᠦ ᠵᠠᠯᠠᠭᠤᠬᠠᠨ ᠡᠵᠡᠨ ᠊ᠢ ᠮᠢᠨᠢ ᠬᠥᠬᠢᠭᠦᠯᠬᠦ ᠳ᠋ᠦ᠍ ᠂ ᠱᠠᠩᠬᠠᠢ ᠬᠢᠴᠡ ᠲᠡᠢ
ᠷᠠᠳᠢᠣ᠋ ᠪᠢ ᠂ ᠱᠠᠩᠨᠠᠯ ᠨᠢ ᠪᠣᠯᠵᠤ ᠢᠷᠠᠭᠰᠠᠨ ᠶᠤᠮ ᠂ ᠪᠡᠭᠡᠵᠢᠩ ᠶᠠᠩᠵᠤ ᠶ᠋ᠢᠨ ᠷᠠᠳᠢᠣ᠋ ᠪᠢ ᠂ ᠪᠡᠯᠡᠭ ᠨᠢ
ᠪᠣᠯᠵᠤ ᠢᠷᠠᠭᠰᠠᠨ ᠶᠤᠮ ᠃ (ᠱᠠᠩᠬᠠᠢ ᠬᠢᠴᠡ ᠲᠡᠢ ᠪᠠᠨᠲᠣᠣᠲ᠋ᠢ ᠬᠥ ᠱᠠᠩᠨᠠᠯ ᠳ᠋ᠤ᠌ ᠢᠷᠠᠭᠰᠠᠨ ᠪᠡᠯᠡᠭ ᠳᠡ ᠬᠥ
᠂ ᠱᠠᠯᠠᠮᠠᠭᠠᠢ ᠰᠠᠢᠨ ᠢ᠋ᠶ᠋ᠠᠷ ᠠᠵᠢᠯᠯᠠᠯ᠎ᠠ ᠭᠡᠳ ᠳᠡ ᠰᠠᠶ᠋ᠢᠰᠢᠶᠠᠵᠤ ᠥᠭᠭᠦᠭᠰᠡᠨ ᠷᠠᠳᠢᠣ᠋ ᠳᠠ ᠬᠥ ᠃ ) ᠥᠨᠳᠥᠷ
ᠶᠡᠬᠡ ᠰᠤᠤᠲᠠᠨ ᠰᠢᠭ᠋ ᠥᠭᠡᠳᠡ ᠥᠭᠡᠳᠡ ᠪᠡᠨ ᠵᠠᠯᠠᠭᠤᠯᠵᠤ ᠂ ᠳᠡᠭᠡᠳᠦᠰ ᠶᠡᠬᠡ ᠨᠣᠶᠠᠨᠲᠠᠨ ᠰᠢᠭ᠋ ᠳᠡᠭᠡᠭᠰᠢ
ᠳᠡᠭᠡᠭᠰᠢ ᠪᠡᠨ ᠬᠦᠨᠳᠦᠯᠡᠭᠦᠯᠵᠦ ᠂ ᠭᠡᠷ ᠦ᠋ᠨ ᠬᠣᠶ᠋ᠢᠮᠣᠷ ᠪᠠᠶ᠋ᠢᠩᠭᠤ ᠡᠵᠡᠯᠡᠭᠡᠳ᠂ ᠭᠡᠭᠡᠲᠡᠢ ᠠᠯᠴᠢᠭᠤᠷ ᠢ᠋ᠶ᠋ᠠᠷ
ᠪᠠᠶ᠋ᠢᠨ ᠪᠠᠶ᠋ᠢᠨ ᠠᠷᠴᠢᠭᠤᠯᠵᠤ᠂ ᠠᠪᠳᠠᠷ᠎ᠠ ᠳᠡᠭᠡᠷ᠎ᠡ ᠬᠠᠩᠭᠢᠨᠠᠭᠠᠳ᠂ ᠠᠶ᠋ᠢᠬᠤᠪᠲᠤᠷ ᠳᠠᠭᠤᠨ ᠢ᠋ᠶ᠋ᠠᠷ ᠴᠠᠩᠭᠢᠨᠠᠬᠤ ᠳ᠋ᠤ᠌
ᠯᠠ ᠠᠮᠢᠲᠠᠨ ᠬᠥᠮᠦᠰ ᠭᠠᠶ᠋ᠢᠬᠠᠨ ᠴᠤᠭᠯᠠᠵᠤ ᠠᠮᠠ ᠪᠠᠨ ᠠᠩᠭᠠᠶ᠋ᠢᠵᠤ ᠴᠢᠬᠢ ᠪᠡᠨ ᠳᠡᠯᠳᠡᠶ᠋ᠢᠨ ᠠᠩᠬᠠᠷᠴᠤ ᠬᠠᠷᠢᠨ
ᠱᠣᠬᠣᠭᠣᠷᠬᠠᠨ ᠪᠠᠶ᠋ᠢᠵᠤ ᠪᠢᠯᠡ ᠃
ᠲᠡᠷᠢᠭᠦᠯᠡᠭᠴᠢ ᠶ᠋ᠢᠨ ᠵᠠᠷᠯᠢᠭ ᠠ᠋ᠴᠠ
ᠡᠬᠢᠯᠡᠭᠡᠳ ᠲᠡᠨᠦᠭᠦᠯ ᠬᠤᠯᠠᠭᠠᠢ ᠶ᠋ᠢᠨ ᠬᠡᠷᠡᠭ ᠲᠦ᠍ ᠬᠦᠷᠲᠡᠯ᠎ᠡ ᠂ ᠲᠡᠷᠢᠭᠦᠨ ᠦ᠌ ᠵᠢᠱ᠌ᠢᠶ᠎ᠡ ᠡᠴᠡ ᠡᠬᠢᠯᠡᠭᠡᠳ
ᠠᠳᠠᠭ ᠤ᠋ᠨ ᠵᠠᠯᠬᠠᠭᠤ ᠶ᠋ᠢᠨ ᠦᠯᠢᠭᠡᠷ ᠲᠦ᠍ ᠬᠦᠷᠲᠡᠯ᠎ᠡ ᠂ ᠲᠡᠨᠳᠡ ᠡᠨᠳᠡᠬᠢ ᠶ᠋ᠢᠨ ᠰᠣᠨᠢᠨ ᠊ᠢ ᠬᠡᠭᠡᠯ ᠦᠭᠡᠢ
ᠶᠠᠷᠢᠭᠠᠳ ᠂ ᠲᠡᠶ᠋ᠢᠮᠦ ᠡᠶ᠋ᠢᠮᠦ ᠤᠴᠢᠷ ᠊ᠢ ᠨᠢᠭᠤᠯ ᠦᠭᠡᠢ ᠬᠡᠯᠡᠭᠡᠳ ᠂ ᠠᠷᠠᠳ ᠤ᠋ᠨ ᠳᠠᠭᠤᠨ ᠠ᠋ᠴᠠ ᠡᠬᠢᠯᠡᠭᠡᠳ
ᠠᠯᠢᠶ᠎ᠠ ᠱᠣᠭ ᠬᠦᠷᠲᠡᠯ᠎ᠡ ᠂ ᠴᠠᠭ ᠠᠭᠤᠷ ᠤ᠋ᠨ ᠮᠡᠳᠡᠭᠡ ᠡᠴᠡ ᠠᠪᠤᠭᠠᠳ ᠡᠷᠡᠭᠦᠯ ᠬᠠᠮᠠᠭᠠᠯᠠᠯ ᠤ᠋ᠨ ᠮᠡᠳᠡᠯᠭᠡ
ᠬᠦᠷᠲᠡᠯ᠎ᠡ ᠂ ᠮᠡᠳᠡᠬᠦ ᠦᠭᠡᠢ ᠶᠠᠭᠤᠮ᠎ᠠ ᠭᠡᠵᠦ ᠶᠡᠷᠦ ᠳ᠋ᠦ᠍ ᠪᠡᠨ ᠪᠠᠶ᠋ᠢᠬᠤ ᠦᠭᠡᠢ ᠂ ᠴᠢᠳᠠᠬᠤ ᠦᠭᠡᠢ ᠵᠦᠢᠯ
ᠭᠡᠵᠦ ᠨᠡᠩ ᠴᠦ᠍ ᠠᠯᠠᠭ᠎ᠠ ᠂ ᠮᠣᠩᠭᠣᠯ ᠭᠡᠷ ᠦ᠋ᠨ ᠲᠣᠭᠣᠨᠣ ᠪᠠᠷ ᠬᠠᠩᠭᠢᠨᠠᠵᠤ ᠪᠠᠶ᠋ᠢᠬᠤ ᠳ᠋ᠤ᠌ ᠠᠶ᠎ᠠ ᠂ ᠮᠥᠨ
ᠴᠦ᠍ ᠰᠠᠢᠬᠠᠨ ᠪᠠᠶ᠋ᠢᠵᠤ ᠯᠠ ᠳᠠ!
ᠲᠡᠭᠡᠲᠡᠯ᠎ᠡ ᠨᠢᠭᠡ ᠡᠳᠦᠷ ᠲᠧᠯᠸᠢᠰ
ᠵᠢᠷᠤᠭᠲᠤ ᠭᠡᠳᠡᠭ ᠳᠣᠲᠣᠷ᠎ᠠ ᠪᠠᠨ ᠬᠥᠮᠦᠨ ᠲᠡᠢ ᠬᠠᠴᠢᠨ ᠡᠳ᠋ ᠳᠣᠪᠲᠣᠯᠤᠨ ᠣᠷᠣᠵᠤ ᠢᠷᠡᠬᠦ ᠮᠥᠷᠲᠡᠭᠡᠨ ᠬᠥᠭᠡᠷᠦᠬᠦᠢ
ᠨᠠᠮ᠎ᠠ ᠶ᠋ᠢ ᠬᠥᠭᠡᠭᠡᠨ ᠵᠠᠶ᠋ᠢᠯᠠᠭᠤᠯᠤᠭᠠᠳ ᠰᠦᠷᠡᠬᠡᠢ ᠶᠠᠩᠵᠤ ᠪᠠᠷ ᠬᠣᠶ᠋ᠢᠮᠣᠷ ᠡᠵᠡᠯᠡᠭᠡᠳ ᠂ ᠳᠣᠲᠣᠷ᠎ᠠ ᠨᠢ
ᠬᠥᠮᠦᠨ ᠳᠠᠭᠤᠯᠠᠵᠤ ᠪᠥᠵᠢᠭᠯᠡᠭᠡᠳ ᠳᠣᠮᠣᠭ ᠤ᠋ᠨ ᠶᠤᠮ ᠰᠢᠭ᠋ ᠲᠣᠭᠯᠠᠵᠤ ᠭᠠᠷᠬᠤ ᠳ᠋ᠤ᠌ ᠯᠠ ᠤᠷᠢᠳᠤ ᠨᠢ ᠨᠠᠮ᠎ᠠ ᠶ᠋ᠢ
ᠱᠣᠬᠣᠭᠣᠷᠬᠠᠵᠤ ᠪᠠᠶ᠋ᠢᠬᠰᠠᠨ ᠣᠯᠠᠨ ᠬᠥᠮᠦᠰ ᠲᠡᠷᠡ ᠦᠶ᠎ᠡ ᠶ᠋ᠢᠨ ᠠᠳᠠᠯᠢ ᠤᠷᠢᠲᠠᠢ ᠨᠢ ᠰᠠᠭᠤᠭᠠᠳ ᠤᠷᠮᠠᠲᠠᠢ
ᠦᠵᠡᠵᠦ ᠂ ᠪᠠᠬᠠᠷᠬᠠᠵᠤ ᠭᠠᠶ᠋ᠢᠬᠠᠭᠠᠳ ᠂ ᠪᠠᠬᠠᠲᠠᠢ ᠰᠣᠨᠢᠷᠬᠠᠵᠤ ᠂ ᠠᠢ ᠁᠂ ᠷᠠᠳᠢᠣ᠋ ᠨᠠᠮ᠎ᠠ ᠶ᠋ᠢ ᠬᠡᠲᠦᠶ᠋ᠢᠨ
ᠮᠠᠷᠲᠠᠵᠤ ᠂ ᠠᠶ᠎ᠠ ᠪᠠᠷ ᠳᠣᠣᠭᠤᠷ ᠬᠥᠯ ᠢ᠋ᠶ᠋ᠡᠷ ᠪᠥᠮᠪᠥᠷᠢᠭᠦᠯᠦᠭᠡᠳ ᠬᠬᠢᠷ ᠲᠣᠭᠣᠰᠣᠨ ᠳ᠋ᠤ᠌ ᠬᠤᠳᠬᠤᠵᠤ ᠬᠢᠷᠢ ᠡᠴᠡ
ᠮᠢᠨᠢ ᠢᠯᠡᠭᠦᠦ ᠵᠣᠪᠠᠯᠠᠩ ᠦᠵᠡᠭᠦᠯᠦᠭᠡᠳ ᠠᠶᠠᠭᠠᠨ ᠤ᠋ ᠬᠣᠷᠭᠣᠨ ᠳᠡᠭᠡᠷ᠎ᠡ ᠬᠠᠶᠠ ᠭᠠᠷᠴᠤ ᠂ ᠠᠷᠠᠢ ᠶᠠᠳᠠᠨ
ᠲᠤᠤᠭᠠᠷᠤᠨ ᠪᠠᠶ᠋ᠢᠲᠠᠯ᠎ᠠ ᠂ ᠠᠶᠤᠩᠭ᠎ᠠ ᠭᠡᠨᠡᠳᠲᠡ ᠨᠢᠳ ᠭᠡᠲᠡᠯ᠎ᠡ ᠠᠮᠢᠰᠬᠤᠭ᠎ᠠ ᠲᠠᠰᠤᠷᠠᠴᠢᠬᠠᠬᠤ ᠰᠢᠭ᠋ ᠪᠣᠯᠪᠠ
᠃
ᠲᠡᠭᠦᠨ ᠡᠴᠡ ᠬᠣᠶ᠋ᠢᠰᠢ ᠨᠡᠩ
ᠴᠦ᠍ ᠤᠷᠤᠭᠤᠳᠠᠭᠠᠳ ᠲᠡᠭᠦᠪᠦᠷᠢ ᠶ᠋ᠢᠨ ᠨᠣᠣᠰᠣ ᠲᠠᠢ ᠬᠠᠮᠲᠤ ᠬᠡᠪᠲᠡᠵᠦ ᠂ ᠲᠡᠷᠭᠡᠨ ᠦ᠌ ᠳᠣᠣᠭᠤᠷ ᠨᠣᠬᠠᠢ ᠶ᠋ᠢᠨ
ᠬᠡᠪᠲᠡᠷᠢ ᠪᠡᠷ ᠲᠡᠨᠳᠡ ᠡᠨᠳᠡ ᠬᠠᠶᠠᠭᠳᠠᠨ ᠶᠠᠪᠤᠲᠠᠯ᠎ᠠ ᠂ ᠠᠯᠢᠶ᠎ᠠ ᠬᠡᠦᠬᠡᠳ ᠦ᠋ᠳ ᠣᠯᠵᠤ ᠠᠪᠤᠭᠠᠳ ᠠᠯᠢ ᠪᠠᠶ᠋ᠢᠲᠠᠭ
᠊ᠢ ᠨᠢ ᠮᠤᠯᠲᠤᠯᠵᠤ ᠬᠠᠶᠠᠭᠠᠳ ᠨᠢᠭᠤᠷ ᠢ᠋ᠶ᠋ᠠᠷ ᠮᠢᠨᠢ ᠭᠠᠵᠠᠷ ᠴᠢᠷᠦᠨ ᠮᠠᠰᠢᠨ ᠪᠣᠯᠭᠠᠵᠤ ᠂ ᠰᠠᠭᠤᠷᠢ ᠪᠠᠷ
ᠮᠢᠨᠢ ᠲᠩᠷᠢ ᠬᠠᠷᠠᠭᠤᠯᠤᠨ ᠪᠠᠶ᠋ᠢᠰᠢᠩ ᠪᠣᠯᠭᠠᠵᠤ ᠂ ᠲᠡᠶ᠋ᠢᠮᠦ ᠭᠡᠬᠦ ᠶ᠋ᠢᠨ ᠠᠷᠭ᠎ᠠ ᠦᠭᠡᠢ ᠪᠡᠷᠬᠡ ᠵᠣᠪᠠᠯᠠᠩ
ᠠᠮᠰᠠᠵᠤ ᠂ ᠲᠡᠳᠡᠨ ᠳ᠋ᠦ᠍ ᠢᠨᠢᠶᠡᠳᠦ ᠨᠠᠳᠠ ᠬᠠᠨᠢᠶᠠᠳᠤ ᠪᠣᠯᠵᠤ ᠪᠠᠶ᠋ᠢᠲᠠᠯ᠎ᠠ ᠪᠠᠷᠭᠤᠵᠢᠨ ᠳᠥᠭᠥᠮ ᠡᠴᠡ ᠡᠭᠦᠰᠦᠭᠰᠡᠨ
ᠳᠠᠭᠤᠴᠢᠨ ᠨᠢᠭᠡᠨ ᠤᠭᠰᠠᠭ᠎ᠠ ᠪᠠᠶ᠋ᠢᠭᠠᠯᠢ ᠳᠠᠯᠠᠢ ᠠ᠋ᠴᠠ ᠨᠡᠭᠦᠳᠡᠯᠯᠡᠭᠰᠡᠨ ᠭᠡᠷ ᠡᠴᠡ ᠭᠡᠨᠡᠳᠲᠡ ᠲᠠᠨᠢᠯ ᠬᠣᠭᠣᠯᠠᠢ
ᠰᠣᠨᠣᠰᠳᠠᠪᠠ ᠂ ᠭᠠᠶ᠋ᠢᠬᠠᠨ ᠴᠢᠩᠨᠠᠲᠠᠯᠠ ᠭᠠᠷᠴᠠᠭ᠎ᠠ ᠦᠭᠡᠢ ᠮᠥᠨ ᠪᠣᠯᠪᠠ ᠃ ᠷᠠᠳᠢᠣ᠋ ᠶᠠᠷᠢᠵᠤ ᠪᠠᠶ᠋ᠢᠨ᠎ᠠ
᠂ ᠠᠶᠠᠯᠭᠤ ᠰᠠᠢᠬᠠᠨ ᠳᠠᠭᠤᠯᠠᠵᠤ ᠪᠠᠶ᠋ᠢᠨ᠎ᠠ ᠂ ᠮᠣᠩᠭᠣᠯ ᠷᠠᠳᠢᠣ᠋ ᠶᠠᠷᠢᠵᠤ ᠪᠠᠶ᠋ᠢᠨ᠎ᠠ ᠂ ᠮᠣᠷᠢᠨ ᠬᠤᠭᠤᠷ
ᠬᠦᠩᠭᠢᠨᠡᠵᠦ ᠪᠠᠶ᠋ᠢᠨ᠎ᠠ ᠂ ᠬᠠᠮᠬᠠᠷᠬᠠᠢ ᠮᠢᠨᠦ ᠰᠠᠯᠠᠭ᠎ᠠ ᠶ᠋ᠢ ᠠᠪᠤᠭᠠᠳ ᠂ ᠡᠪᠳᠡᠷᠬᠡᠢ ᠮᠢᠨᠦ ᠡᠭᠡᠯᠵᠢ ᠶ᠋ᠢ
ᠵᠠᠯᠭᠠᠭᠠᠳ ᠂ ᠭᠢᠯᠠᠯᠵᠠᠭᠰᠠᠨ ᠰᠢᠨ᠎ᠡ ᠷᠠᠳᠢᠣ᠋ ᠢᠷᠡᠭᠡᠳ ᠭᠠᠶ᠋ᠢᠬᠠᠲᠠᠯᠠ ᠰᠠᠢᠬᠠᠨ ᠬᠠᠩᠭᠢᠨᠠᠭᠤᠯᠤᠨ ᠪᠠᠶ᠋ᠢᠬᠤ ᠪᠠᠷ
ᠨᠢ ᠃ ᠲᠢᠭ ᠦᠭᠡᠢ ᠬᠡᠦᠬᠡᠳ ᠦ᠋ᠳ ᠦ᠋ᠨ ᠳᠤᠮᠳᠠ ᠵᠦᠭ ᠦᠭᠡᠢ ᠶᠡᠬᠡ ᠪᠡᠷ ᠬᠥᠭᠡᠷᠦᠭᠡᠳ ᠲᠣᠮᠣ ᠪᠣᠯᠤᠭᠠᠳ ᠲᠠ ᠨᠠᠷ
ᠷᠠᠳᠢᠣ᠋ ᠰᠡᠳᠬᠦᠯᠴᠢ ᠪᠤᠯᠵᠠᠭᠠ ᠭᠡᠵᠦ ᠲᠤᠩ ᠰᠦᠷᠡᠬᠡᠢ ᠰᠤᠷᠭᠠᠬᠤ ᠪᠠᠷ ᠬᠣᠭᠣᠯᠠᠢ ᠶᠤᠭᠠᠨ ᠵᠠᠰᠠᠲᠠᠯᠠ ᠂
ᠷᠠᠳᠢᠣ᠋ ᠶᠠᠷᠢᠵᠤ ᠲᠣᠭᠯᠠᠬᠤ ᠠᠶᠠᠲᠠᠶ᠋ᠢᠬᠠᠨ ᠨᠠᠭᠠᠳᠤᠮ ᠨᠢᠭᠡ ᠨᠢ ᠰᠡᠳᠦᠭᠡᠳ ᠂ ᠠᠷᠠᠶ᠋ᠢᠬᠠᠨ ᠪᠠᠶ᠋ᠢᠬᠰᠠᠨ
ᠨᠠᠮ᠎ᠠ ᠶ᠋ᠢ ᠠᠶᠠᠷᠬᠠᠨ ᠳᠡᠭᠡᠭᠰᠢ ᠨᠢ ᠲᠠᠯᠪᠢᠭᠠᠳ ᠨᠢᠭᠡ ᠨᠢ ᠮᠢᠨᠦ ᠠᠷᠤ ᠠ᠋ᠴᠠ ᠶᠠᠷᠢᠵᠤ ᠡᠬᠢᠯᠡᠯ᠎ᠡ ᠂ ᠨᠥᠭᠥᠭᠡᠲᠦᠯᠡ
ᠨᠢ ᠮᠢᠨᠦ ᠡᠮᠦᠨ᠎ᠡ ᠰᠠᠭᠤᠭᠠᠳ ᠰᠣᠨᠣᠰᠤᠯ᠎ᠠ ᠃ ᠰᠢᠨ᠎ᠡ ᠪᠠᠷᠭᠤ ᠵᠡᠭᠦᠨ ᠬᠤᠰᠢᠭᠤᠨ ᠤ᠋ ᠠᠷᠠᠳ ᠤ᠋ᠨ ᠷᠠᠳᠢᠣ᠋
ᠬᠣᠷᠢᠶ᠎ᠠ ᠶᠠᠷᠢᠵᠤ ᠪᠠᠶ᠋ᠢᠨ᠎ᠠ ᠂ ᠰᠢᠨ᠎ᠡ ᠪᠠᠷᠭᠤ ᠵᠡᠭᠦᠨ ᠬᠤᠰᠢᠭᠤᠨ ᠤ᠋ ᠠᠷᠠᠳ ᠤ᠋ᠨ ᠷᠠᠳᠢᠣ᠋ ᠬᠣᠷᠢᠶ᠎ᠠ ᠶᠠᠷᠢᠵᠤ
ᠪᠠᠶ᠋ᠢᠨ᠎ᠠ ᠂ ᠬᠦᠨᠳᠦᠲᠦ ᠰᠣᠨᠣᠰᠤᠭᠴᠢᠳ ᠠ᠋ ᠰᠠᠢᠨ ᠪᠠᠶ᠋ᠢᠨ᠎ᠠ ᠤᠤ?
ᠦᠰᠦᠭ ᠠᠮᠢᠯᠠᠭᠤᠯᠤᠭᠰᠠᠨ ᠨᠢ ᠄ ᠴᠢ᠊ · ᠤᠷᠠᠨᠴᠡᠴᠡᠭ
ᠬᠢᠨᠠᠭᠴᠢ ᠪᠠᠭᠰᠢ ᠄ ᠪᠠᠶᠠᠷᠴᠡᠴᠡᠭ ᠂ ᠢᠷᠡᠭᠡᠳᠦᠢ ᠂
ᠭᠠᠷᠮ᠎ᠠ ᠂ ᠂ᠠᠯᠲᠠᠨ ᠠᠭᠤᠯᠠ
