ᠮᠡᠷᠭᠡᠨ ᠰᠦᠮ᠎ᠡ ᠶ᠋ᠢᠨ ᠮᠣᠩᠭᠣᠯ ᠱᠠᠳ ᠤᠩᠰᠢᠯᠭ᠎ᠠ- ᠠᠯᠲᠠᠨᠬᠤᠸᠠᠷ ᠤ᠋ᠨ ᡁᠢМэргэн сүмийн монгол шад уншлага-алтанхуврын зии
ᠮᠡᠷᠭᠡᠨ ᠰᠦᠮ᠎ᠡ ᠶ᠋ᠢᠨ ᠮᠣᠩᠭᠣᠯ ᠱᠠᠳ ᠤᠩᠰᠢᠯᠭ᠎ᠠ
ᠠᠯᠲᠠᠨᠬᠤᠸᠠᠷ ᠤ᠋ᠨ ᡁᠢ
1995 ᠣᠨ ᠪᠣᠯ ᠮᠣᠩᠭᠣᠯ ᠰᠤᠳᠤᠯᠤᠯ ᠤ᠋ᠨ ᠲᠡᠦᠬᠡᠨ ᠳᠡᠭᠡᠷ᠎ᠡ ᠣᠨᠴᠠᠯᠠᠨ ᠲᠡᠮᠳᠡᠭᠯᠡᠭᠦᠰᠢᠲᠡᠢ ᠣᠨ ᠰᠠᠷ᠎ᠠ ᠪᠣᠯᠬᠤ ᠶᠤᠮ᠃ ᠲᠤᠰ ᠵᠢᠯ ᠳ᠋ᠦ᠍ ᠥᠪᠥᠷ ᠮᠣᠩᠭᠣᠯ ᠤ᠋ᠨ ᠪᠠᠭᠰᠢ ᠶ᠋ᠢᠨ ᠶᠡᠬᠡ ᠰᠤᠷᠭᠠᠭᠤᠯᠢ ᠶ᠋ᠢᠨ ᠦ · ᠨᠠᠷᠠᠨᠪᠠᠲᠤ ᠫᠷᠣᠹᠧᠰᠰᠣᠷ ᠶᠠᠫᠣᠨ ᠤᠯᠤᠰ ᠤ᠋ᠨ ᠮᠣᠩᠭᠣᠯᠴᠢ ᠡᠷᠳᠡᠮᠲᠡᠨ ᠳ᠋ᠦ᠍ ᠨᠠᠶ᠋ᠢᠲᠠᠵᠤ ᠪᠤᠷᠬᠠᠨ ᠤ᠋ ᠱᠠᠰᠢᠨ ᠤ᠋ ᠮᠣᠩᠭᠣᠯ ᠰᠢᠨ᠎ᠡ ᠤᠩᠰᠢᠯᠭ᠎ᠠ ᠶ᠋ᠢᠨ ᠮᠣᠳᠣᠨ ᠢ᠋ᠶ᠋ᠠᠷ ᠤ᠋ᠨ ᠪᠦᠷᠢᠨ ᠡᠬᠡ ᠶ᠋ᠢᠨ ᠬᠠᠭᠤᠯᠪᠤᠷᠢ ᠶ᠋ᠢ ᠠᠩᠭ᠌ᠯᠢ ᠤᠯᠤᠰ ᠤ᠋ᠨ ᠨᠣᠮ ᠤ᠋ᠨ ᠰᠠᠩ ᠠ᠋ᠴᠠ ᠤᠯᠤᠰ ᠲᠠᠭᠠᠨ ᠠᠪᠴᠢᠷᠠᠭᠤᠯᠤᠭᠰᠠᠨ ᠪᠠᠶ᠋ᠢᠨ᠎ᠠ᠃ ᠰᠣᠶᠣᠯ ᠤ᠋ᠨ ᠬᠤᠪᠢᠰᠬᠠᠯ ᠤ᠋ᠨ ᠬᠠᠷᠠᠩᠭᠤᠢ ᠰᠢᠭᠤᠷᠭᠠᠨ ᠳ᠋ᠤ᠌ ᠮᠣᠩᠭᠣᠯ ᠨᠤᠲᠤᠭ ᠤ᠋ᠨ ᠠᠯᠢ ᠣᠯᠠᠨ ᠰᠦᠮ᠎ᠡ ᠬᠡᠶ᠋ᠢᠳ᠂ ᠨᠣᠮ ᠰᠤᠳᠤᠷ ᠶᠡᠬᠡ ᠬᠡᠮᠵᠢᠶ᠎ᠡ ᠪᠡᠷ ᠡᠪᠲᠡᠭᠲᠡᠨ ᠰᠦᠢᠳᠬᠦ ᠳ᠋ᠦ᠍ ᠮᠣᠩᠭᠣᠯ ᠰᠣᠶᠣᠯ᠂ ᠮᠣᠩᠭᠣᠯ ᠰᠤᠳᠤᠯᠤᠯ ᠤ᠋ᠨ ᠳᠤᠮᠳᠠ ᠣᠨᠴᠠ ᠶᠡᠬᠡ ᠬᠤᠪᠢ ᠶ᠋ᠢᠨ ᠵᠢᠩ ᠊ᠢ ᠡᠵᠡᠯᠡᠳᠡᠭ ᠮᠣᠩᠭᠣᠯ ᠰᠢᠨ᠎ᠡ ᠤᠩᠰᠢᠯᠭ᠎ᠠ ᠶ᠋ᠢᠨ ᠬᠠᠮᠢᠶᠠᠲᠠᠢ ᠠᠯᠢ ᠣᠯᠠᠨ ᠨᠣᠮ ᠰᠤᠳᠤᠷ ᠨᠢ ᠴᠦ᠍ ᠡᠨᠡ ᠬᠦ ᠲᠠᠪᠢᠯᠠᠩ ᠠ᠋ᠴᠠ ᠵᠠᠶ᠋ᠢᠯᠠᠵᠤ ᠴᠢᠳᠠᠭᠰᠠᠨ ᠦᠭᠡᠢ ᠰᠦᠢᠲᠦᠭᠰᠡᠨ ᠪᠠᠶ᠋ᠢᠲᠠᠭ᠃
ᠤᠷᠠᠳ ᠤ᠋ᠨ ᠬᠦᠩ ᠦ᠋ᠨ ᠰᠦᠮ᠎ᠡ ᠳ᠋ᠦ᠍ ᠪᠠᠭ᠎ᠠ ᠳ᠋ᠠᠭᠠᠨ ᠱᠠᠪᠢᠯᠠᠨ ᠰᠠᠭᠤᠵᠤ᠂ ᠮᠣᠩᠭᠣᠯ ᠰᠢᠨ᠎ᠡ ᠤᠩᠰᠢᠯᠭ᠎ᠠ ᠶ᠋ᠢ ᠡᠵᠡᠮᠰᠢᠭᠰᠡᠨ ᠡᠷᠳᠡᠮᠲᠡᠨ ᠦ · ᠨᠠᠷᠠᠨᠪᠠᠲᠤ ᠫᠷᠣᠹᠧᠰᠰᠣᠷ ᠰᠣᠶᠣᠯ ᠤ᠋ᠨ ᠬᠤᠪᠢᠰᠬᠠᠯ ᠤ᠋ᠨ ᠳᠠᠷᠠᠭ᠎ᠠ ᠬᠣᠷᠢᠭᠠᠳ ᠵᠢᠯ ᠦ᠋ᠨ ᠲᠤᠷᠰᠢ ᠮᠣᠩᠭᠣᠯ ᠰᠢᠨ᠎ᠡ ᠤᠩᠰᠢᠯᠭ᠎ᠠ ᠶ᠋ᠢᠨ ᠬᠠᠮᠢᠶ᠎ᠠ ᠪᠦᠬᠦᠢ ᠮᠠᠷᠲ᠋ᠸᠷᠢᠶᠠᠯ ᠊ᠢ ᠡᠷᠢᠨ ᠬᠠᠶ᠋ᠢᠬᠤ ᠶ᠋ᠢᠨ ᠲᠥᠯᠥᠭᠡ ᠠᠷᠭ᠎ᠠ ᠪᠦᠬᠦᠨ ᠊ᠢ ᠰᠦᠪᠡᠭᠴᠢᠯᠡᠨ ᠵᠢᠳᠬᠦᠨ ᠴᠢᠷᠮᠠᠶ᠋ᠢᠵᠠᠢ᠃ ᠨᠠᠷᠠᠨᠪᠠᠲᠤ ᠫᠷᠣᠹᠧᠰᠰᠣᠷ ᠤ᠋ᠨ ᠠᠬᠤᠢ ᠶᠠᠷᠢᠶ᠎ᠠ᠄ ᠲᠡᠷᠡ ᠡᠨᠡ ᠲᠤᠬᠠᠢ ᠶᠠᠷᠢᠬᠤ ᠳ᠋ᠠᠭᠠᠨ᠄ 《 ᠠᠯᠢᠪᠠ ᠨᠢᠭᠡᠨ ᠰᠤᠳᠤᠯᠭᠠᠨ ᠤ᠋ ᠤᠭ ᠪᠦᠲᠦᠭᠡᠯ᠂ ᠮᠠᠲ᠋ᠧᠷᠢᠶᠠᠯ ᠤ᠋ᠨ ᠬᠤᠷᠠᠮᠳᠤᠯᠭ᠎ᠠ ᠪᠣᠯ ᠴᠢᠬᠤᠯᠠ ᠪᠠᠶ᠋ᠢᠲᠠᠭ᠃ ᠨᠢᠭᠡ ᠳ᠋ᠦ᠍᠂ ᠮᠡᠷᠭᠡᠨ ᠭᠡᠶ᠋ᠢᠳ ᠦ᠋ᠨ ᠯᠠᠮᠠ ᠨᠠᠷ ᠤ᠋ᠨ ᠴᠡᠭᠡᠵᠢᠯᠡᠵᠦ ᠪᠠᠶ᠋ᠢᠬᠰᠠᠨ ᠨᠣᠮ ᠤ᠋ᠨ ᠤᠩᠰᠢᠯᠭ᠎ᠠ ᠶ᠋ᠢ ᠪᠦᠷᠢᠳᠬᠡᠵᠦ᠂ ᠯᠠᠮᠠ ᠨᠠᠷ ᠤ᠋ᠨ ᠭᠠᠷ ᠲᠤ᠌ ᠬᠡᠰᠡᠭ ᠪᠤᠰᠠᠭ ᠪᠠᠶ᠋ᠢᠬᠰᠠᠨ ᠨᠣᠮ ᠳᠡᠪᠲᠡᠷ ᠊ᠢ ᠨᠢ ᠬᠤᠷᠠᠮᠳᠤᠭᠤᠯᠵᠤ ᠣᠯᠵᠤ ᠠᠪᠴᠠᠢ᠃ ᠬᠣᠶᠠᠷ ᠲᠤ᠌᠂ ᠠᠷᠠᠳ ᠤ᠋ᠨ ᠳᠤᠮᠳᠠ ᠠ᠋ᠴᠠ ᠪᠠᠭ᠎ᠠ ᠦᠭᠡᠢ ᠣᠯᠵᠤ ᠠᠪᠤᠭᠰᠠᠨ᠃ ᠭᠤᠷᠪᠠ ᠳ᠋ᠤ᠌᠂ ᠴᠢᠬᠤᠯᠠ ᠴᠢᠬᠤᠯᠠ ᠨᠣᠮ ᠤ᠋ᠨ ᠰᠠᠩ ᠠ᠋ᠴᠠ ᠣᠯᠵᠤ ᠠᠪᠴᠠᠢ᠂ ᠡᠭᠦᠨ ᠦ᠌ ᠳᠣᠲᠣᠷ᠎ᠠ ᠣᠨᠴᠠᠯᠠᠨ ᠶᠠᠷᠢᠬᠤ ᠵᠦᠢᠯ ᠭᠡᠪᠡᠯ ᠮᠡᠷᠭᠡᠨ ᠭᠡᠭᠡᠨ ᠦ᠌ [ ᠪᠤᠮᠠᠨ ᠵᠠᠷᠯᠢᠭ ] ᠭᠡᠳᠡᠭ ᠪᠦᠷᠢᠨ ᠵᠣᠬᠢᠶᠠᠯ ᠊ᠢ ᠭᠠᠳᠠᠭᠠᠳᠤ ᠠ᠋ᠴᠠ ᠣᠯᠵᠤ ᠠᠪᠤᠭᠰᠠᠨ᠂ ᠭᠡᠲᠡᠯ᠎ᠡ ᠪᠦᠷᠢᠨ ᠵᠣᠬᠢᠶᠠᠯ ᠊ᠢ ᠨᠢ ᠡᠷᠢᠨ ᠬᠠᠶ᠋ᠢᠬᠰᠠᠭᠠᠷ1995 ᠣᠨ ᠳ᠋ᠤ᠌ ᠶᠠᠫᠣᠨ ᠤ᠋ ᠨᠡᠷᠡᠲᠦ ᠮᠣᠩᠭᠣᠯᠴᠢ ᠡᠷᠳᠡᠮᠲᠡᠨ ᠬᠠᠰᠮᠠᠢ ᠬᠠᠷᠬᠤᠤ ᠶ᠋ᠢᠨ ᠱᠠᠪᠢ ᠮᠠᠰᠺᠡᠣ᠋ ᠭᠡᠬᠦ ᠵᠠᠯᠠᠭᠤ ᠡᠷᠳᠡᠮᠲᠡᠨ ᠠᠩᠭ᠌ᠯᠢ ᠶ᠋ᠢᠨ ᠶᠡᠬᠡ ᠹᠷᠢᠲᠡᠨ ᠦ᠌ ᠨᠣᠮ ᠤ᠋ᠨ ᠰᠠᠩ ᠠ᠋ᠴᠠ ᠣᠯᠵᠤ ᠦᠵᠡᠭᠡᠳ [ ᠪᠤᠮᠠᠨ ᠵᠠᠷᠯᠢᠭ ] ᠮᠥᠨ ᠮᠠᠭᠠᠳ ᠭᠡᠵᠦ ᠲᠠᠭᠠᠮᠠᠭᠯᠠᠭᠠᠳ ᠬᠠᠭᠤᠯᠪᠤᠷᠢ ᠡᠬᠡ ᠶ᠋ᠢ ᠨᠢ ᠳᠤᠮᠳᠠᠳᠤ ᠤᠯᠤᠰ ᠲᠤ᠌ ᠬᠦᠷᠭᠡᠵᠦ ᠢᠷᠡᠵᠡᠢ᠃ [ ᠪᠤᠮᠠᠨ ᠵᠠᠷᠯᠢᠭ ] ᠤ᠋ᠨ ᠪᠠᠰᠠ ᠨᠢᠭᠡᠨ ᠡᠬᠡ ᠶ᠋ᠢ ᠶᠠᠫᠣᠨ ᠠ᠋ᠴᠠ ᠮᠡᠷᠭᠡᠨ ᠰᠦᠮ᠎ᠡ ᠳ᠋ᠦ᠍ ᠬᠦᠷᠭᠡᠵᠦ ᠣᠴᠢᠭᠰᠠᠨ ᠪᠠᠶ᠋ᠢᠵᠠᠢ᠃ ᠢᠩᠭᠢᠭᠡᠳ ᠪᠢᠳᠡ ᠮᠡᠷᠭᠡᠨ ᠭᠡᠶ᠋ᠢᠳ ᠲᠡᠢ ᠬᠠᠮᠲᠤᠷᠠᠵᠤ ᠬᠣᠶᠠᠷ ᠡᠬᠡ ᠶ᠋ᠢᠨ ᠨᠢᠭᠡ ᠡᠬᠡ ᠶ᠋ᠢ ᠦᠯᠡᠳᠡᠭᠡᠵᠦ᠂ ᠨᠥᠬᠥᠭᠡ ᠡᠬᠡ ᠶ᠋ᠢ ᠨᠢ ᠬᠠᠶ᠋ᠢᠴᠢᠯᠠᠵᠤ ᠨᠠᠭᠠᠵᠤ ᠪᠠᠶ᠋ᠢᠭᠠᠳ1998 ᠣᠨ ᠳ᠋ᠤ᠌ ᠭᠡᠷᠡᠯ ᠵᠢᠷᠤᠭ ᠢ᠋ᠶ᠋ᠠᠷ ᠬᠡᠪᠯᠡᠵᠦ ᠭᠠᠷᠭᠠᠭᠰᠠᠨ᠃ ᠡᠳᠡᠭᠡᠷ ᠪᠦᠲᠦᠭᠡᠯ ᠨᠢ ᠮᠡᠷᠭᠡᠨ ᠭᠡᠭᠡᠨ ᠦ᠌ ᠰᠤᠳᠤᠯᠤᠭᠳᠠᠬᠤᠨ ᠳ᠋ᠤ᠌ ᠴᠢᠬᠤᠯᠠ ᠮᠠᠲ᠋ᠧᠷᠢᠶᠠᠯ ᠪᠣᠯᠵᠤ ᠪᠣᠢ᠃ 》 ᠭᠡᠰᠡᠨ ᠪᠠᠶ᠋ᠢᠯ᠎ᠠ᠃
1902 ᠣᠨ ᠤ᠋ ᠦᠶ᠎ᠡ ᠪᠡᠷ ᠲᠩᠷᠢ ᠠᠭᠤᠯᠠ᠂ ᠡᠷᠢᠶᠡᠨ ᠬᠠᠪᠢᠷᠭ᠎ᠠ ᠶ᠋ᠢᠨ ᠴᠠᠭᠠᠳᠤᠬᠢ ᠲᠦᠷᠹᠠᠨ ᠨᠤᠲᠤᠭ ᠤ᠋ᠨ ᠬᠠᠷ᠎ᠠ ᠬᠤᠵᠤ ᠬᠣᠲᠠ ᠶ᠋ᠢᠨ ᠲᠣᠭᠣᠷᠢ ᠶ᠋ᠢ ᠭᠧᠷᠮᠠᠨ ᠤ᠋ ᠡᠷᠲᠡᠨ ᠦ᠌ ᠰᠤᠳᠤᠯᠤᠭᠴᠢᠳ ᠨᠡᠭᠡᠭᠡᠨ ᠮᠠᠯᠲᠠᠵᠤ᠂ ᠲᠡᠨᠳᠡ ᠡᠴᠡ ᠣᠯᠤᠭᠰᠠᠨ ᠪᠢᠴᠢᠭ ᠰᠣᠶᠣᠯ ᠤ᠋ᠨ ᠶᠡᠬᠡ ᠣᠯᠳᠠᠪᠤᠷᠢ ᠨᠤᠭᠤᠳ ᠤ᠋ᠨ ᠳᠣᠲᠣᠷᠠᠬᠢ ᠮᠣᠩᠭᠣᠯ ᠨᠣᠮ ᠰᠤᠳᠤᠷ ᠤ᠋ᠨ ᠵᠦᠢᠯ ᠳ᠋ᠦ᠍ ᠪᠤᠷᠬᠠᠨ ᠤ᠋ ᠱᠠᠰᠢᠨ ᠤ᠋ ᠬᠤᠷᠠᠯ ᠨᠣᠮ ᠤ᠋ᠨ ᠤᠩᠰᠢᠯᠭ᠎ᠠ ᠶ᠋ᠢᠨ ᠲᠦᠭᠡᠮᠡᠯ ᠰᠤᠳᠤᠷ ᠪᠣᠯᠬᠤ 《 ᠢᠷᠦᠭᠡᠯ ᠦ᠋ᠨ ᠬᠠᠭᠠᠨ 》᠂ 《 ᠪᠢᠯᠢᠭ ᠪᠠᠷᠠᠮᠢᠳ ᠤ᠋ᠨ ᠢᠷᠦᠭᠡᠯ 》 ᠵᠡᠷᠭᠡ ᠨᠣᠮ ᠦ᠋ᠳ ᠦ᠋ᠨ ᠮᠣᠩᠭᠣᠯ ᠣᠷᠴᠢᠭᠤᠯᠭ᠎ᠠ ᠶ᠋ᠢᠨ ᠲᠠᠰᠤᠷᠬᠠᠢ ᠬᠠᠭᠤᠳᠠᠰᠤ ᠣᠯᠳᠠᠭᠰᠠᠨ ᠨᠢ14 ᠳ᠋ᠦ᠍ᠭᠡᠷ ᠵᠠᠭᠤᠨ ᠤ᠋ ᠡᠬᠢᠨ ᠦ᠌ ᠦᠶ᠎ᠡ ᠳ᠋ᠦ᠍ ᠮᠣᠩᠭᠣᠯᠴᠤᠳ ᠪᠤᠳ᠋ᠳ᠋ᠾᠠ ᠶᠢᠨ ᠱᠠᠰᠢᠨ ᠤ᠋ ᠶᠡᠬᠡ ᠪᠠᠭ᠎ᠠ ᠬᠥᠯᠭᠡᠨ ᠰᠤᠳᠤᠷ ᠊ᠢ ᠡᠬᠡ ᠬᠡᠯᠡ ᠪᠡᠷ ᠢ᠋ᠶ᠋ᠡᠨ ᠣᠷᠴᠢᠭᠤᠯᠵᠤ ᠪᠠᠶ᠋ᠢᠬᠰᠠᠨ ᠢ᠋ᠶ᠋ᠠᠷ ᠪᠠᠷᠠᠬᠤ ᠦᠭᠡᠢ᠂ ᠥᠪᠡᠷᠰᠡᠳ ᠢ᠋ᠶ᠋ᠡᠨ ᠨᠣᠮᠯᠠᠬᠤ᠂ ᠪᠦᠲᠦᠭᠡᠬᠦ᠂ ᠲᠤᠭᠤᠷᠪᠢᠬᠤ ᠥᠨᠳᠥᠷᠯᠢᠭ ᠲᠦ᠍ ᠬᠦᠷᠦᠭᠰᠡᠨ ᠊ᠢ ᠭᠡᠷᠡᠴᠢᠯᠡᠵᠦ ᠪᠠᠶ᠋ᠢᠭ᠎ᠠ ᠶᠤᠮ᠃1368 ᠣᠨ ᠳ᠋ᠤ᠌ ᠶᠤᠸᠠᠨ ᠤᠯᠤᠰ ᠮᠥᠬᠥᠭᠰᠡᠨ ᠡᠴᠡ ᠳᠡᠯᠡᠬᠡᠢ ᠳ᠋ᠠᠬᠢᠨ ᠳ᠋ᠤ᠌ ᠮᠣᠩᠭᠣᠯᠴᠤᠳ ᠤ᠋ᠨ ᠬᠡᠯᠡ ᠰᠣᠶᠣᠯ᠂ ᠤᠷᠠᠯᠢᠭ᠂ ᠤᠳᠬ᠎ᠠ ᠵᠣᠬᠢᠶᠠᠯ ᠤ᠋ᠨ ᠨᠥᠯᠥᠭᠡ ᠠᠭᠠᠵᠢᠮ ᠢ᠋ᠶ᠋ᠠᠷ ᠪᠠᠭᠤᠷᠠᠵᠤ ᠲᠥᠪᠡᠳ ᠦ᠋ᠨ ᠰᠢᠷ᠎ᠠ ᠶ᠋ᠢᠨ ᠱᠠᠰᠢᠨ ᠤ᠋ ᠴᠢᠭᠯᠡᠯ ᠭᠠᠷᠴᠤ ᠢᠷᠡᠨ ᠮᠣᠩᠭᠣᠯ ᠪᠤᠷᠬᠠᠨ ᠤ᠋ ᠱᠠᠰᠢᠨ ᠳ᠋ᠤ᠌ ᠨᠥᠯᠥᠭᠡᠯᠡᠭᠲᠡᠬᠦ ᠪᠣᠯᠤᠭᠰᠠᠨ ᠠ᠋ᠴᠠ ᠮᠣᠩᠭᠣᠯᠴᠤᠳ ᠬᠤᠷᠠᠯ ᠨᠣᠮ ᠤ᠋ᠨ ᠤᠩᠰᠢᠯᠭ᠎ᠠ ᠪᠠᠨ ᠲᠥᠪᠡᠳ ᠬᠡᠯᠡ ᠪᠡᠷ ᠤᠷᠢᠬᠤ ᠪᠣᠯᠤᠭᠰᠠᠨ ᠶᠤᠮ᠃ ᠭᠡᠪᠡᠴᠦ ᠲᠥᠷᠥᠯᠬᠢ ᠬᠡᠯᠡ ᠪᠡᠷ ᠢ᠋ᠶ᠋ᠡᠨ ᠪᠤᠷᠬᠠᠨ ᠤ᠋ ᠱᠠᠰᠢᠨ ᠤ᠋ ᠠᠷᠢᠭᠤᠨ ᠨᠣᠮ ᠊ᠢ ᠤᠷᠢᠵᠤ ᠢᠷᠠᠭᠰᠠᠨ ᠬᠠᠭᠤᠴᠢᠨ ᠤᠯᠠᠮᠵᠢᠯᠠᠯ ᠢ᠋ᠶ᠋ᠠᠨ ᠮᠣᠩᠭᠣᠯᠴᠤᠳ ᠪᠤᠭᠤᠷᠤᠯ ᠲᠡᠦᠬᠡ ᠶ᠋ᠢᠨ ᠪᠠᠷᠲᠠᠭᠠᠲᠤ ᠵᠠᠮ ᠳ᠋ᠤ᠌ ᠲᠠᠰᠤ ᠣᠷᠬᠢᠭᠰᠠᠨ ᠦᠭᠡᠢ ᠡᠨᠡ ᠵᠠᠭᠤᠨ ᠲᠠᠢ ᠵᠣᠯᠭᠠᠭᠰᠠᠨ ᠶᠤᠮ᠃ ᠢᠯᠠᠩᠭᠤᠶ᠎ᠠ ᠤᠷᠠᠳ ᠤ᠋ᠨ ᠮᠡᠷᠭᠡᠨ ᠭᠡᠭᠡᠨᠲᠡᠨ ᠦ᠌ ᠲᠡᠭᠰᠢᠯᠡᠨ ᠪᠣᠯᠪᠠᠰᠤᠷᠠᠭᠤᠯᠤᠭᠰᠠᠨ ᠮᠣᠩᠭᠣᠯ ᠤᠩᠰᠢᠯᠭ᠎ᠠ ᠨᠢ ᠤᠭ ᠤᠯᠠᠮᠵᠢᠯᠠᠯ ᠢ᠋ᠶ᠋ᠠᠨ ᠲᠠᠰᠤᠯᠭ᠎ᠠ ᠦᠭᠡᠢ ᠣᠳᠣ ᠪᠣᠯᠲᠠᠯ᠎ᠠ ᠤᠷᠠᠳ ᠤ᠋ᠨ ᠮᠡᠷᠭᠡᠨ ᠰᠦᠮ᠎ᠡ ᠳ᠋ᠦ᠍ ᠤᠩᠰᠢᠯᠭ᠎ᠠ ᠤᠷᠢᠯᠭ᠎ᠠ ᠶ᠋ᠢᠨ ᠢ᠋ᠶ᠋ᠡᠨ ᠥᠪᠡᠷᠮᠢᠴᠡ ᠠᠶᠠᠯᠭᠤ ᠬᠥᠭ ᠢ᠋ᠶ᠋ᠡᠷ ᠰᠦᠰᠦᠭᠲᠡᠨ ᠣᠯᠠᠨ ᠤ᠋ ᠰᠣᠨᠣᠷ ᠊ᠢ ᠮᠢᠯᠢᠶᠠᠭᠰᠠᠭᠠᠷ ᠪᠠᠶ᠋ᠢᠭ᠎ᠠ ᠶᠤᠮᠰᠠᠨ᠃ ᠡᠨᠡ ᠪᠣᠯ ᠳᠠᠷᠤᠢ ᠣᠳᠣ ᠳᠡᠯᠡᠬᠡᠢ ᠳᠡᠭᠡᠷ᠎ᠡ ᠦᠯᠡᠳᠡᠵᠦ ᠪᠠᠶ᠋ᠢᠭ᠎ᠠ ᠴᠣᠷ ᠤ᠋ᠨ ᠭᠠᠭᠴᠠ ᠮᠣᠩᠭᠣᠯ ᠤᠩᠰᠢᠯᠭ᠎ᠠ ᠲᠠᠢ ᠰᠦᠮ᠎ᠡ ᠬᠡᠶ᠋ᠢᠳ ᠮᠡᠷᠭᠡᠨ ᠰᠦᠮ᠎ᠡ ᠪᠣᠯᠤᠨ᠎ᠠ᠃ ᠮᠡᠷᠭᠡᠨ ᠰᠦᠮ᠎ᠡ ᠮᠤᠨᠠ ᠠᠭᠤᠯᠠ ᠶ᠋ᠢᠨ ᠥᠨᠳᠥᠷ ᠣᠷᠭᠢᠯ ᠰᠢᠷ᠎ᠠ ᠣᠷᠣᠢ ᠪᠠᠷ ᠲᠦᠰᠢᠯᠭᠡ ᠪᠣᠯᠭᠠᠵᠤ᠂ ᠬᠠᠲᠤᠨ ᠭᠣᠣᠯ ᠊ᠢ ᠪᠠᠷᠠᠭᠠᠳᠠᠨ᠂ ᠤᠷᠠᠳ ᠤ᠋ᠨ ᠲᠠᠯ᠎ᠠ ᠪᠠᠷ ᠬᠠᠷᠠᠭ᠎ᠠ ᠰᠤᠩᠭᠠᠨ ᠭᠤᠷᠪᠠᠨ ᠵᠠᠭᠤᠨ ᠵᠢᠯ ᠦ᠋ᠨ ᠰᠠᠯᠬᠢ ᠪᠣᠷᠣᠭᠠᠨ ᠳ᠋ᠤ᠌ ᠣᠮᠣᠭᠯᠠᠩ ᠳᠦᠷᠢ ᠲᠡᠢ ᠰᠦᠨᠲᠡᠷᠯᠡᠭᠰᠡᠭᠡᠷ᠃ ᠮᠡᠷᠭᠡᠨ ᠰᠦᠮ᠎ᠡ ᠪᠣᠯ ᠥᠪᠥᠷ ᠮᠣᠩᠭᠣᠯ ᠣᠷᠣᠨ ᠳ᠋ᠤ᠌ ᠨᠡᠯᠢᠶᠡᠳ ᠡᠷᠲᠡ ᠰᠢᠭ ᠪᠠᠶ᠋ᠢᠭᠤᠯᠤᠭᠲᠠᠭᠰᠠᠨ ᠰᠢᠷ᠎ᠠ ᠶ᠋ᠢᠨ ᠱᠠᠰᠢᠨ ᠤ᠋ ᠲᠣᠮᠣᠬᠠᠨ ᠰᠦᠮ᠎ᠡ ᠬᠡᠶ᠋ᠢᠳ ᠪᠣᠯᠬᠤ ᠪᠥᠭᠡᠳ ᠮᠣᠩᠭᠣᠯ ᠰᠣᠶᠣᠯ᠂ ᠤᠷᠠᠯᠢᠭ᠂ ᠭᠡᠭᠡᠷᠡᠯ ᠪᠣᠯᠪᠠᠰᠤᠷᠠᠯ ᠤ᠋ᠨ ᠴᠢᠬᠤᠯᠠ ᠰᠠᠭᠤᠷᠢᠨ ᠪᠣᠯᠬᠤ ᠶᠤᠮ᠃ ᠮᠡᠷᠭᠡᠨ ᠰᠦᠮ᠎ᠡ ᠶ᠋ᠢᠨ ᠨᠡᠷ᠎ᠡ ᠮᠠᠨᠳᠤᠭᠰᠠᠨ ᠨᠢ ᠵᠥᠪᠬᠡᠨ ᠲᠡᠭᠦᠨ ᠦ᠌ ᠭᠡᠷ ᠪᠠᠷᠢᠯᠭ᠎ᠠ ᠶ᠋ᠢᠨ ᠭᠣᠶᠣ ᠰᠦᠷᠯᠢᠭ᠂ ᠳᠤᠭᠠᠩ ᠰᠠᠩ ᠤ᠋ᠨ ᠣᠯᠠᠨ ᠠᠷᠪᠢᠨ ᠳ᠋ᠤ᠌ ᠰᠠᠭᠤᠷᠢᠯᠠᠭᠳᠠᠭᠰᠠᠨ ᠲᠡᠳᠦᠢ ᠯᠡ ᠪᠢᠰᠢ᠂ ᠬᠠᠷᠢᠨ ᠡᠨᠡ ᠭᠡᠶ᠋ᠢᠳ ᠡᠴᠡ ᠮᠣᠩᠭᠣᠯ ᠤ᠋ᠨ ᠤᠳᠬ᠎ᠠ ᠰᠣᠶᠣᠯ ᠤ᠋ᠨ ᠲᠡᠦᠬᠡᠨ ᠳᠡᠭᠡᠷ᠎ᠡ ᠥᠨᠳᠥᠷ ᠪᠠᠶ᠋ᠢᠷᠢ ᠶ᠋ᠢ ᠡᠵᠡᠯᠡᠬᠦ ᠬᠢᠷᠢ ᠭᠡᠮ ᠲᠡᠢ ᠨᠡᠷᠡᠲᠦ ᠡᠷᠳᠡᠮᠲᠡᠨ᠂ ᠠᠯᠳᠠᠷᠲᠤ ᠵᠢᠳᠬᠦᠯᠲᠡᠨ ᠤᠳᠠᠭ᠎ᠠ ᠳᠠᠷᠠᠭ᠎ᠠ ᠪᠠᠷ ᠴᠣᠯᠭᠠᠷᠠᠨ ᠭᠠᠷᠤᠭᠰᠠᠨ ᠪᠥᠭᠡᠳ ᠡᠳᠡᠭᠡᠷ ᠡᠷᠳᠡᠮᠲᠡᠨ ᠵᠢᠳᠬᠦᠯᠲᠡᠨ ᠪᠤᠳ᠋ᠳ᠋ᠾᠠ ᠶᠢᠨ ᠱᠠᠰᠢᠨ ᠤ᠋ ᠨᠣᠮ ᠰᠤᠳᠤᠷ ᠦ᠋ᠳ ᠊ᠢ ᠴᠥᠮ ᠥᠪᠡᠷᠰᠡᠳ ᠢ᠋ᠶ᠋ᠡᠨ ᠣᠷᠴᠢᠭᠤᠯᠵᠤ ᠪᠡᠷᠯᠡᠨ᠂ ᠡᠷᠲᠡᠨ ᠡᠴᠡ ᠣᠳᠣ ᠬᠦᠷᠲᠡᠯ᠎ᠡ ᠴᠤᠯᠤ ᠴᠡᠪᠡᠷ ᠮᠣᠩᠭᠣᠯ ᠬᠡᠯᠡ ᠪᠡᠷ ᠢ᠋ᠶ᠋ᠡᠨ ᠨᠣᠮ ᠬᠤᠷᠠᠳᠠᠭ ᠥᠪᠡᠷᠮᠢᠴᠡ ᠣᠨᠴᠠᠯᠢᠭ ᠰᠢᠨᠵᠢ ᠵᠡᠷᠭᠡ ᠨᠢ ᠲᠤᠰ ᠭᠡᠶ᠋ᠢᠳ ᠲᠦ᠍ ᠲᠤᠩ ᠶᠡᠬᠡ ᠠᠯᠳᠠᠷ ᠣᠮᠣᠭᠰᠢᠯ ᠊ᠢ ᠣᠯᠭᠣᠵᠤ ᠥᠭᠭᠦᠭᠰᠡᠨ ᠶᠦ᠍ᠮ᠃ ( ᠠᠩᠭ᠌ᠯᠢ ᠶ᠋ᠢᠨ ᠮᠣᠩᠭᠣᠯᠴᠢ ᠡᠷᠳᠡᠮᠲᠡᠨ ᠦ᠌ ᠠᠬᠤᠢ ᠶᠠᠷᠢᠶ᠎ᠠ᠄ ᠡᠨᠡ ᠭᠡᠶ᠋ᠢᠳ ᠪᠣᠯ ᠮᠣᠩᠭᠣᠯ ᠤᠩᠰᠢᠯᠭ᠎ᠠ ᠲᠠᠢ᠂ ᠡᠨᠡ ᠨᠢ ᠮᠣᠩᠭᠣᠯ ᠰᠣᠶᠣᠯ ᠲᠠᠢ ᠬᠣᠯᠪᠣᠭ᠎ᠠ ᠲᠠᠢ᠃ ) ( ᠮᠣᠩᠭᠣᠯ ᠤᠯᠤᠰ ᠤ᠋ᠨ ᠡᠷᠳᠡᠮᠲᠡᠨ ᠴᠢᠷᠢᠩᠰᠤᠤᠠᠨᠠᠮ ᠤ᠋ᠨ ᠠᠬᠤᠢ ᠶᠠᠷᠢᠶ᠎ᠠ᠄ ᠤᠯᠠᠭᠠᠨᠪᠠᠭᠠᠲᠤᠷ ᠲᠤ᠌ ᠭᠡᠷ ᠳᠤᠭᠠᠩ ᠪᠠᠶ᠋ᠢᠭᠤᠯᠵᠤ ᠮᠡᠷᠭᠡᠨ ᠭᠡᠭᠡᠨ ᠦ᠌ ᠶᠣᠰᠣᠭᠠᠷ ᠮᠣᠩᠭᠣᠯ ᠤᠩᠰᠢᠯᠭ᠎ᠠ ᠶ᠋ᠢ ᠰᠡᠷᠭᠦᠭᠡᠬᠦ ᠣᠷᠣᠯᠳᠣᠯᠭ᠎ᠠ ᠬᠢᠵᠦ ᠪᠣᠢ᠃ ᠮᠣᠩᠭᠣᠯ ᠢ᠋ᠶ᠋ᠠᠷ ᠤᠩᠰᠢᠬᠤ ᠪᠣᠯ ᠮᠣᠩᠭᠣᠯ ᠬᠥᠮᠦᠨ ᠳ᠋ᠦ᠍ ᠬᠡᠷᠡᠭᠲᠡᠢ᠂ ᠮᠣᠩᠭᠣᠯ ᠰᠣᠶᠣᠯ ᠳ᠋ᠤ᠌ ᠬᠡᠷᠡᠭᠲᠡᠢ᠂ ᠮᠣᠩᠭᠣᠯ ᠬᠡᠯᠡ ᠶ᠋ᠢ ᠢᠷᠠᠭᠤ ᠲᠠᠩᠰᠤᠭ᠂ ᠤᠶᠠᠨ ᠵᠥᠭᠡᠯᠡᠨ ᠪᠣᠯᠭᠠᠬᠤ ᠮᠡᠲᠦ ᠶ᠋ᠢᠨ ᠣᠯᠠᠨ ᠵᠦᠢᠯ ᠦ᠋ᠨ ᠠᠴᠢ ᠬᠣᠯᠪᠣᠭᠳᠠᠯ ᠲᠠᠢ᠃ )
ᠠᠷᠪᠠᠨ ᠳᠣᠯᠣᠳᠤᠭᠠᠷ ᠵᠠᠭᠤᠨ ᠤ᠋ ᠳᠤᠮᠳᠠ ᠦᠶ᠎ᠡ ᠪᠡᠷ ᠬᠥᠯᠥᠨ ᠪᠤᠶ᠋ᠢᠷ ᠤ᠋ᠨ ᠤᠷᠠᠳ ᠠᠶ᠋ᠢᠮᠠᠭ᠂ ᠨᠤᠲᠤᠭ ᠤᠰᠤᠨ ᠠ᠋ᠴᠠ ᠪᠠᠨ ᠰᠠᠯᠵᠤ᠂ ᠥᠨᠳᠥᠷ ᠰᠦᠷᠯᠢᠭ ᠮᠤᠨᠠ ᠠᠭᠤᠯᠠ ᠶ᠋ᠢᠨ ᠠᠷᠤ ᠥᠪᠥᠷ ᠢ᠋ᠶ᠋ᠡᠷ ᠨᠡᠭᠦᠳᠡᠯᠯᠡᠨ ᠢᠷᠡᠵᠦ ᠨᠤᠲᠤᠭᠰᠢᠨ ᠰᠠᠭᠤᠷᠢᠰᠢᠭᠰᠠᠨ ᠠ᠋ᠴᠠ ᠡᠨᠡ ᠭᠠᠵᠠᠷ ᠤ᠋ᠨ ᠨᠡᠷᠡᠶ᠋ᠢᠲᠦᠯ ᠨᠢ ᠤᠷᠠᠳ ᠭᠡᠵᠦ ᠳᠠᠭᠤᠳᠠᠭᠳᠠᠨ ᠡᠨᠡ ᠨᠤᠲᠤᠭ ᠲᠤ᠌ ᠦᠶ᠎ᠡ ᠶ᠋ᠢᠨ ᠦᠶ᠎ᠡ ᠠᠵᠤ ᠲᠥᠷᠥᠨ ᠠᠮᠢᠳᠤᠷᠠᠭᠰᠠᠨ ᠮᠣᠩᠭᠣᠯᠴᠤᠳ ᠊ᠢ ᠤᠷᠠᠳ ᠦ᠋ᠳ ᠭᠡᠵᠦ ᠨᠡᠷᠡᠶ᠋ᠢᠲᠦᠲᠡᠭ᠋ ᠪᠣᠯᠵᠠᠢ᠃ ᠤᠷᠠᠳ ᠦ᠋ᠳ ᠬᠥᠯᠥᠨ ᠪᠤᠶ᠋ᠢᠷ ᠤ᠋ᠨ ᠨᠤᠲᠤᠭ ᠲᠤ᠌ ᠪᠠᠶ᠋ᠢᠬᠤ ᠳ᠋ᠠᠭᠠᠨ ᠰᠢᠷ᠎ᠠ ᠶ᠋ᠢᠨ ᠱᠠᠰᠢᠨ ᠊ᠢ ᠡᠬᠢᠯᠡᠨ ᠰᠢᠲᠦᠵᠦ᠂ ᠮᠤᠨᠠ ᠶ᠋ᠢᠨ ᠠᠷᠤ ᠥᠪᠥᠷ ᠢ᠋ᠶ᠋ᠡᠷ ᠨᠤᠲᠤᠭᠰᠢᠨ᠂ ᠠᠮᠤᠷ ᠲᠦᠪᠰᠢᠨ ᠠᠵᠤ ᠲᠥᠷᠥᠬᠦ ᠪᠣᠯᠤᠭᠰᠠᠨ ᠠ᠋ᠴᠠ ᠬᠥᠬᠡᠬᠣᠲᠠ ᠠ᠋ᠴᠠ ᠮᠡᠷᠭᠡᠨ ᠳᠢᠶᠠᠨᠴᠢ ᠲᠢᠨᠤᠠ ᠶ᠋ᠢ ᠤᠷᠢᠨ ᠵᠠᠯᠠᠵᠤ ᠮᠣᠩᠭᠣᠯ ᠭᠡᠷ ᠲᠡᠭᠡᠨ ᠰᠢᠷ᠎ᠠ ᠶ᠋ᠢᠨ ᠱᠠᠰᠢᠨ ᠤ᠋ ᠠᠵᠢᠯᠯᠠᠭ᠎ᠠ ᠬᠢᠬᠦ ᠪᠣᠯᠵᠤ᠂ ᠰᠡᠭᠦᠯ ᠳ᠋ᠦ᠍ᠨᠢ ᠮᠤᠨᠠ ᠬᠠᠨ ᠤ᠋ ᠪᠠᠷᠠᠭᠤᠨ ᠥᠪᠥᠷ ᠲᠦ᠍ ᠪᠠᠭᠠᠪᠲᠤᠷᠬᠠᠨ ᠳᠤᠭᠠᠩ ᠪᠠᠶ᠋ᠢᠭᠤᠯᠤᠭᠰᠠᠨ ᠨᠢ ᠣᠳᠣ ᠶ᠋ᠢᠨ ᠤᠷᠠᠳ ᠤ᠋ᠨ ᠡᠮᠦᠨᠡᠲᠦ ᠬᠤᠰᠢᠭᠤᠨ ᠤ᠋ ᠬᠦᠩ ᠦ᠋ᠨ ᠰᠦᠮ᠎ᠡ ᠶ᠋ᠢᠨ ᠣᠷᠴᠢᠮ ᠪᠠᠶ᠋ᠢᠵᠠᠢ᠃ ᠬᠥᠮᠦᠰ ᠡᠨᠡ ᠰᠦᠮ᠎ᠡ ᠶ᠋ᠢ ᠮᠡᠷᠭᠡᠨ ᠭᠡᠭᠡᠨᠲᠡᠨ ᠦ᠌ ᠰᠦᠮ᠎ᠡ ᠭᠡᠵᠦ ᠪᠠᠶ᠋ᠢᠬᠰᠠᠨ ᠢ᠋ᠶ᠋ᠠᠨ ᠲᠣᠪᠴᠢᠯᠠᠭᠠᠳ ᠮᠡᠷᠭᠡᠨ ᠰᠦᠮ᠎ᠡ ᠭᠡᠵᠦ ᠰᠢᠭᠤᠳ ᠨᠡᠷᠡᠯᠡᠨ᠂ ᠮᠡᠷᠭᠡᠨ ᠳᠢᠶᠠᠨᠴᠢ ᠯᠠᠮᠠ ᠲᠢᠨᠤᠠ ᠲᠤᠰ ᠭᠡᠶ᠋ᠢᠳ ᠦ᠋ᠨ ᠠᠩᠬᠠᠳᠤᠭᠠᠷ ᠳᠦᠷᠢ ᠪᠣᠯᠤᠭᠰᠠᠨ ᠶᠤᠮ᠃ ᠬᠣᠵᠢᠮ ᠨᠢ ᠯᠠᠮᠠ ᠨᠠᠷ ᠨᠤᠲᠤᠭ ᠤᠰᠤ ᠰᠢᠨᠵᠢᠭᠰᠡᠭᠡᠷ1702 ᠣᠨ ᠳ᠋ᠤ᠌ ᠣᠳᠣ ᠶ᠋ᠢᠨ ᠡᠨᠡ ᠮᠡᠷᠭᠡᠨ ᠰᠦᠮ᠎ᠡ ᠶ᠋ᠢ ᠡᠬᠢᠯᠡᠨ ᠪᠠᠶ᠋ᠢᠭᠤᠯᠵᠤ᠂ ᠡᠨᠳᠡ ᠰᠢᠯᠵᠢᠵᠦ ᠢᠷᠠᠭᠰᠠᠨ ᠪᠢᠯᠡ᠃ ᠡᠨᠡ ᠦᠶ᠎ᠡ ᠪᠣᠯ ᠮᠡᠷᠭᠡᠨ ᠭᠡᠭᠡᠨ ᠦ᠌ ᠬᠣᠶᠠᠳᠤᠭᠠᠷ ᠳᠦᠷᠢ ᠳ᠋ᠠᠨᠵᠢᠨᠵᠠᠮᠰᠤ ᠶ᠋ᠢᠨ ᠦᠶ᠎ᠡ ᠪᠣᠯᠤᠨ᠎ᠠ᠃ ᠮᠡᠷᠭᠡᠨ ᠰᠦᠮ᠎ᠡ ᠭᠤᠷᠪᠠᠨ ᠵᠠᠭᠤᠭᠠᠳ ᠵᠢᠯ ᠦ᠋ᠨ ᠬᠣᠭᠣᠷᠣᠨᠳᠣ ᠮᠡᠷᠭᠡᠨ ᠭᠡᠭᠡᠨ ᠨᠢ ᠨᠠᠢ᠍ᠮᠠ ᠤᠳᠠᠭ᠎ᠠ ᠳᠦᠷᠢ ᠠᠷᠠᠯᠵᠢᠵᠤ ᠪᠠᠶ᠋ᠢᠬᠤ ᠪᠥᠭᠡᠳ ᠡᠳᠡᠭᠡᠷ ᠳᠦᠷᠢ ᠶ᠋ᠢᠨ ᠳᠣᠲᠣᠷ᠎ᠠ ᠳᠡᠯᠡᠬᠡᠢ ᠶ᠋ᠢᠨ ᠡᠷᠳᠡᠮᠲᠡᠨ ᠰᠤᠳᠤᠯᠭᠠᠲᠠᠳ ᠤ᠋ᠨ ᠰᠤᠳᠤᠯᠤᠭᠳᠠᠬᠤᠨ ᠪᠣᠯᠵᠤ ᠪᠠᠶ᠋ᠢᠭ᠎ᠠ ᠨᠢ ᠪᠣᠯ ᠭᠤᠷᠪᠠᠳᠤᠭᠠᠷ ᠳᠦᠷᠢ ᠶ᠋ᠢᠨ ᠮᠡᠷᠭᠡᠨ ᠭᠡᠭᠡᠨ ᠳᠠᠷᠤᠢ ᠯᠣᠪᠰᠠᠩᠲᠠᠮᠪᠢᠵᠠᠯᠰᠠᠨ ᠪᠣᠯᠬᠤ ᠶᠤᠮ᠃ ᠡᠨᠡ ᠦᠶ᠎ᠡ ᠪᠣᠯ ᠮᠡᠷᠭᠡᠨ ᠰᠦᠮ᠎ᠡ ᠶ᠋ᠢᠨ ᠬᠥᠭᠵᠢᠯ ᠪᠠᠳᠠᠷᠠᠯ ᠤ᠋ᠨ ᠰᠢᠨ᠎ᠡ ᠱᠠᠲᠤ ᠦᠶ᠎ᠡ ᠪᠣᠯᠤᠨ᠎ᠠ᠃ ᠬᠡᠯᠡᠯᠭᠡᠨ ᠦᠭᠡᠢ ᠡᠨᠳᠡ ᠬᠡᠯᠡᠵᠦ ᠪᠠᠶ᠋ᠢᠭ᠎ᠠ ᠬᠥᠭᠵᠢᠯ ᠪᠠᠳᠠᠷᠠᠯ ᠭᠡᠭᠴᠢ ᠨᠢ ᠱᠠᠰᠢᠨ ᠤ᠋ ᠨᠣᠮ ᠤ᠋ᠨ ᠰᠢᠲᠦᠭᠡᠨ ᠪᠢᠰᠢᠯᠭᠠᠯ ᠨᠢ ᠬᠤᠪᠢᠯᠭᠠᠨ ᠪᠣᠯᠵᠤ ᠬᠥᠭᠵᠢᠭᠰᠡᠨ ᠶᠠᠪᠤᠳᠠᠯ ᠪᠢᠰᠢ᠂ ᠬᠠᠷᠢᠨ ᠮᠣᠩᠭᠣᠯ ᠰᠣᠶᠣᠯ ᠊ᠢ ᠴᠠᠭ ᠦᠶ᠎ᠡ ᠶ᠋ᠢᠨ ᠵᠣᠷᠢᠭ ᠰᠠᠨᠠᠭᠠᠨ ᠳ᠋ᠤ᠌ ᠵᠣᠬᠢᠴᠠᠭᠤᠯᠵᠤ ᠮᠣᠩᠭᠣᠯ ᠤᠩᠰᠢᠯᠭ᠎ᠠ ᠶ᠋ᠢ ᠳᠠᠬᠢᠨ ᠵᠣᠬᠢᠶᠠᠨ ᠨᠠᠶ᠋ᠢᠷᠠᠭᠤᠯᠵᠤ ᠰᠢᠨ᠎ᠡ ᠪᠡᠷ ᠪᠦᠲᠦᠭᠡᠵᠦ ᠳᠡᠯᠭᠡᠷᠡᠭᠦᠯᠦᠨ ᠬᠥᠭᠵᠢᠭᠦᠯᠦᠭᠰᠡᠨ ᠲᠡᠦᠬᠡ ᠶ᠋ᠢᠨ ᠭᠠᠶ᠋ᠢᠬᠠᠮᠰᠢᠬ ᠊ᠢ ᠡᠭᠦᠲᠦᠭᠰᠡᠨ ᠳ᠋ᠡᠭᠡᠨ ᠪᠠᠶ᠋ᠢᠭ᠎ᠠ ᠶᠤᠮ᠃ ᠡᠨᠡ ᠲᠤᠬᠠᠢ ᠪᠠ · ᠮᠥᠩᠬᠡ ᠫᠷᠣᠹᠧᠰᠰᠣᠷ ᠶᠠᠷᠢᠬᠤ ᠳ᠋ᠠᠭᠠᠨ᠄ 《 ᠮᠠᠨᠵᠤ ᠶ᠋ᠢᠨ ᠦᠶ᠎ᠡ ᠳ᠋ᠦ᠍ ᠪᠦᠬᠦ ᠪᠤᠳ᠋ᠳ᠋ᠾᠠ ᠶᠢᠨ ᠱᠠᠰᠢᠨ ᠊ᠢ ᠮᠣᠩᠭᠣᠯᠵᠢᠭᠤ ᠪᠣᠯᠭᠠᠬᠤ ᠦᠢᠯᠡᠰ ᠲᠦ᠍ ᠠᠩᠬᠠᠳᠤᠭᠠᠷ ᠲᠥᠷᠥ ᠶ᠋ᠢᠨ ᠨᠠᠶ᠋ᠢᠵᠢ ᠳᠣᠢᠨ ᠡᠬᠢᠯᠡᠭᠦᠯᠵᠦ ᠯᠤᠪᠰᠠᠩᠲᠠᠮᠪᠢᠵᠠᠯᠰᠠᠨ ᠤ᠋ ᠦᠶ᠎ᠡ ᠳ᠋ᠦ᠍ ᠬᠦᠷᠴᠦ ᠢᠷᠡᠬᠦ ᠳ᠋ᠦ᠍ ᠬᠠᠮᠤᠭ ᠡᠴᠦᠰ ᠦ᠋ᠨ ᠪᠡᠶᠡᠯᠡᠯ ᠢ᠋ᠶ᠋ᠡᠨ ᠣᠯᠤᠭᠰᠠᠨ 》 ᠭᠡᠵᠦ ᠪᠢᠯᠡ᠃ ᠭᠤᠷᠪᠠᠳᠤᠭᠠᠷ ᠳᠦᠷᠢ ᠶ᠋ᠢᠨ ᠮᠡᠷᠭᠡᠨ ᠭᠡᠭᠡᠨ ᠯᠤᠪᠰᠠᠩᠲᠠᠮᠪᠢᠵᠠᠯᠰᠠᠨ1717 ᠣᠨ ᠳ᠋ᠤ᠌ ᠮᠡᠨᠳᠦᠯᠡᠵᠦ᠂1721 ᠣᠨ ᠳ᠋ᠤ᠌ ᠲᠠᠪᠤᠬᠠᠨ ᠨᠠᠰᠤᠲᠠᠢ ᠳ᠋ᠠᠭᠠᠨ ᠮᠡᠷᠭᠡᠨ ᠭᠡᠶ᠋ᠢᠳ ᠦ᠋ᠨ ᠰᠠᠭᠤᠳᠠᠯ ᠳ᠋ᠠᠭᠠᠨ ᠰᠠᠭᠠᠲᠠᠵᠤ ᠮᠥᠨ ᠡᠨᠡ ᠴᠠᠭ ᠠ᠋ᠴᠠ ᠪᠠᠨ ᠪᠤᠳ᠋ᠳ᠋ᠾᠠ ᠶᠢᠨ ᠱᠠᠰᠢᠨ ᠤ᠋ ᠨᠣᠮ ᠰᠤᠳᠤᠷ ᠊ᠢ ᠪᠦᠷᠢᠨ ᠡᠵᠡᠮᠰᠢᠵᠦ᠂ ᠡᠷᠲᠡᠨ ᠦ᠌ ᠡᠨᠡᠳᠬᠡᠭ ᠦ᠋ᠨ ᠲᠠᠪᠤᠨ ᠶᠡᠬᠡ ᠤᠬᠠᠭᠠᠨ ᠳ᠋ᠤ᠌ ᠴᠠᠭᠠᠷᠠᠨ᠂ ᠮᠣᠩᠭᠣᠯ᠂ ᠲᠥᠪᠡᠳ᠂ ᠰᠠᠭᠰᠺᠷᠠᠲ᠂ ᠮᠠᠨᠵᠤ᠂ ᠬᠢᠲᠠᠳ ᠵᠡᠷᠭᠡ ᠤᠯᠤᠰ ᠦᠨᠳᠦᠰᠦᠲᠡᠨ ᠦ᠌ ᠦᠭᠡ ᠬᠡᠯᠡ᠂ ᠦᠰᠦᠭ ᠪᠢᠴᠢᠭ ᠲᠦ᠍ ᠳᠠᠭᠱᠠ ᠮᠡᠷᠭᠡᠰᠢᠭᠰᠡᠨ ᠬᠥᠮᠦᠨ ᠶᠦ᠍ᠮ᠃ ᠡᠶ᠋ᠢᠮᠦᠷᠬᠦ ᠡᠷᠳᠡᠮ ᠮᠡᠳᠡᠯᠭᠡ ᠳ᠋ᠦ᠍ ᠰᠢᠯᠭᠠᠷᠠᠭᠰᠠᠨ ᠡᠷᠳᠡᠮᠲᠡᠨ ᠭᠡᠭᠡᠨ ᠲᠤᠬᠠᠢ ᠶ᠋ᠢᠨ ᠦᠶ᠎ᠡ ᠶ᠋ᠢᠨ ᠪᠦᠬᠦᠶ᠋ᠢᠯᠡ ᠮᠣᠩᠭᠣᠯ ᠣᠷᠣᠨ ᠳ᠋ᠤ᠌ ᠴᠤ᠌ ᠬᠣᠪᠣᠷᠬᠠᠨ ᠪᠠᠶ᠋ᠢᠯ᠎ᠠ᠃ ᠡᠨᠡᠬᠦ ᠠᠪᠤᠷᠭᠤ ᠡᠷᠳᠡᠮᠲᠡᠨ ᠦ᠌ ᠪᠦᠲᠦᠭᠡᠭᠰᠡᠨ ᠦᠢᠯᠡ ᠠᠵᠢᠯᠯᠠᠭ᠎ᠠ ᠨᠢ ᠥᠨᠥᠳᠥᠷ ᠦ᠋ᠨ ᠮᠡᠷᠭᠡᠨ ᠰᠦᠮ᠎ᠡ ᠶ᠋ᠢᠨ ᠮᠣᠩᠭᠣᠯ ᠰᠣᠶᠣᠯ ᠤ᠋ᠨ ᠲᠡᠦᠬᠡᠨ ᠳ᠋ᠡᠬᠢ ᠴᠢᠬᠤᠯᠠ ᠪᠥᠭᠡᠳ ᠣᠨᠴᠠᠭᠠᠢ ᠪᠠᠶ᠋ᠢᠷᠢ ᠰᠠᠭᠤᠷᠢ ᠶ᠋ᠢ ᠲᠣᠭᠲᠠᠭᠠᠵᠠᠢ᠃ ᠠᠩᠬᠠᠳᠤᠭᠠᠷ ᠳᠦᠷᠢ ᠶ᠋ᠢᠨ ᠮᠡᠷᠭᠡᠨ ᠭᠡᠭᠡᠨ ᠦ᠌ ᠦᠶ᠎ᠡ ᠪᠣᠯ ᠮᠡᠷᠭᠡᠨ ᠰᠦᠮ᠎ᠡ ᠶ᠋ᠢᠨ ᠡᠭᠦᠰᠦᠯ ᠦ᠋ᠨ ᠦᠶ᠎ᠡ᠂ ᠮᠥᠨ ᠴᠦ᠍ ᠮᠡᠷᠭᠡᠨ ᠰᠦᠮ᠎ᠡ ᠶ᠋ᠢᠨ ᠮᠣᠩᠭᠣᠯ ᠤᠩᠰᠢᠯᠭ᠎ᠠ ᠶ᠋ᠢᠨ ᠡᠬᠢᠯᠡᠯᠲᠡ ᠶ᠋ᠢᠨ ᠴᠠᠭ ᠦᠶ᠎ᠡ ᠪᠣᠯᠤᠨ᠎ᠠ᠃ ᠠᠩᠬᠠᠳᠤᠭᠠᠷ ᠳᠦᠷᠢ ᠶ᠋ᠢᠨ ᠮᠡᠷᠭᠡᠨ ᠭᠡᠭᠡᠨ ᠪᠣᠯᠤᠨ ᠠᠩᠬᠠᠳᠤᠭᠠᠷ ᠳᠦᠷᠢ ᠶ᠋ᠢᠨ ᠴᠣᠷᠵᠢ ᠪᠠᠭᠰᠢ ᠦᠭᠯᠡᠭᠦᠨᠲᠡᠯᠡᠢ ᠬᠣᠶᠠᠭᠤᠯᠠ ᠰᠠᠭᠰᠺᠷᠠᠲ᠂ ᠲᠥᠪᠡᠳ ᠬᠡᠯᠡᠨ ᠳᠡᠭᠡᠷ᠎ᠡ ᠪᠢᠴᠢᠭᠲᠡᠭᠰᠡᠨ ᠪᠤᠳ᠋ᠳ᠋ᠾᠠ ᠶᠢᠨ ᠱᠠᠰᠢᠨ ᠤ᠋ ᠨᠣᠮ ᠰᠤᠳᠤᠷ ᠊ᠢ ᠮᠣᠩᠭᠣᠯ ᠬᠡᠯᠡᠨ ᠳᠡᠭᠡᠷ᠎ᠡ ᠣᠷᠴᠢᠭᠤᠯᠵᠤ᠂ ᠮᠡᠷᠭᠡᠨ ᠭᠡᠶ᠋ᠢᠳ ᠦ᠋ᠨ ᠮᠣᠩᠭᠣᠯ ᠤᠩᠰᠢᠯᠭ᠎ᠠ ᠶ᠋ᠢᠨ ᠠᠩᠬᠠᠨ ᠤ᠋ ᠰᠠᠭᠤᠷᠢ ᠶ᠋ᠢ ᠲᠠᠯᠪᠢᠵᠤ ᠦᠭᠭᠦᠭᠰᠡᠨ ᠭᠡᠵᠦ ᠲᠡᠦᠬᠡᠨ ᠲᠡᠮᠳᠡᠭᠯᠡᠯ ᠳ᠋ᠦ᠍ ᠪᠠᠲᠤ ᠪᠠᠷᠢᠮᠲᠠ ᠪᠠᠶ᠋ᠢᠲᠠᠭ᠃ ᠬᠡᠲᠦᠶ᠋ᠢᠪᠡᠷ ᠡᠶ᠋ᠢᠮᠦ ᠪᠣᠯᠪᠠᠴᠤ ᠮᠣᠩᠭᠣᠯ ᠬᠡᠯᠡ ᠪᠡᠷ ᠰᠢᠯᠤᠭᠤᠬᠠᠨ ᠤᠩᠰᠢᠬᠤ᠂ ᠢᠷᠠᠭᠤ ᠡᠭᠡᠰᠢᠭᠯᠡᠨ ᠤᠩᠰᠢᠬᠤ᠂ ᠠᠷᠭ᠎ᠠ ᠪᠠᠷᠢᠯ ᠨᠢ ᠬᠤᠷᠠᠯ ᠨᠣᠮ ᠤ᠋ᠨ ᠱᠠᠭᠠᠷᠳᠠᠯᠭ᠎ᠠ ᠶ᠋ᠢ ᠬᠠᠩᠭᠠᠵᠤ ᠴᠢᠳᠠᠬᠤ ᠦᠭᠡᠢ ᠪᠣᠯᠤᠭᠰᠠᠨ ᠪᠠᠶ᠋ᠢᠲᠠᠯ ᠳᠣᠣᠷ᠎ᠠ ᠭᠤᠷᠪᠠᠳᠤᠭᠠᠷ ᠳᠦᠷᠢ ᠶ᠋ᠢᠨ ᠮᠡᠷᠭᠡᠨ ᠭᠡᠭᠡᠨ ᠯᠤᠪᠰᠠᠩᠲᠠᠮᠵᠠᠯᠰᠠᠨ᠂ ᠦᠭᠯᠡᠭᠦᠨᠲᠡᠯᠡᠢ ᠳ᠋ᠦ᠍ ᠠᠷᠠᠢ ᠬᠦᠷᠬᠦ ᠦᠭᠡᠢ ᠰᠢᠭ ᠪᠣᠯᠪᠠᠴᠤ ᠮᠣᠩᠭᠣᠯ ᠰᠣᠶᠣᠯ ᠳ᠋ᠤ᠌ ᠲᠥᠪᠡᠳ ᠰᠠᠭᠰᠺᠷᠲ ᠬᠡᠯᠡ ᠪᠡᠷ ᠪᠢᠴᠢᠭᠲᠡᠭᠰᠡᠨ ᠨᠣᠮ ᠰᠤᠳᠤᠷ ᠦ᠋ᠳ ᠦ᠋ᠨ ᠣᠷᠣᠯᠠᠵᠤ ᠳᠡᠶ᠋ᠢᠯᠦᠰᠢ ᠦᠭᠡᠢ ᠴᠢᠬᠤᠯᠠ ᠦᠢᠯᠡᠳᠦᠯ ᠦᠵᠡᠭᠦᠯᠦᠭᠰᠡᠨ ᠊ᠢ ᠦᠨᠡᠯᠡᠨ ᠵᠥᠪᠰᠢᠶᠡᠷᠡᠬᠦ ᠶᠣᠰᠣᠲᠠᠢ᠃ ᠡᠷᠳᠡᠮᠲᠡᠨ ᠪᠠ · ᠮᠥᠩᠬᠡ ᠶᠠᠷᠢᠬᠤ ᠳ᠋ᠠᠭᠠᠨ᠄ 《 (1 ) ᠶᠠᠮᠠᠷ ᠨᠢᠭᠡᠨ ᠶᠠᠭᠤᠮ᠎ᠠ ᠶ᠋ᠢ ᠵᠠᠪᠠᠯ ᠣᠶ᠋ᠢᠯᠠᠭᠠᠬᠤ ᠬᠡᠷᠡᠭᠲᠡᠢ᠂ ᠪᠤᠷᠬᠠᠨ ᠱᠠᠰᠢᠨ ᠤ᠋ ᠣᠨᠣᠯ ᠶᠣᠰᠣ ᠪᠣᠯ ᠮᠠᠰᠢ ᠭᠦᠨ᠂ ᠮᠠᠰᠢ ᠨᠠᠷᠢᠨ᠂ ᠮᠠᠰᠢ ᠶᠡᠬᠡ ᠰᠢᠨᠵᠢᠯᠡᠬᠦ ᠤᠬᠠᠭᠠᠨᠴᠢ ᠶᠠᠭᠤᠮ᠎ᠠ ᠪᠠᠶ᠋ᠢᠨ᠎ᠠ᠂ ᠲᠡᠭᠡᠬᠦᠯᠡᠷ ᠶᠠᠮᠠᠷᠴᠤ ᠰᠣᠶᠣᠯ ᠦᠭᠡᠢ ᠬᠥᠮᠦᠨ ᠢ᠋ᠶ᠋ᠡᠷ ᠦᠬᠦᠮᠡᠯ ᠢ᠋ᠶ᠋ᠡᠷ ᠤᠩᠰᠢᠭᠤᠯᠪᠠᠯ ᠬᠥᠮᠦᠨ ᠮᠡᠳᠡᠬᠦ ᠦᠭᠡᠢ᠃ (2 ) ᠨᠣᠶᠠᠷᠬᠠᠭᠴᠢ ᠠᠩᠭᠢ ᠪᠣᠯ ᠶᠠᠭ ᠰᠠᠢᠬᠠᠨ ᠮᠡᠳᠡᠬᠦ ᠦᠭᠡᠢ ᠶ᠋ᠢ ᠠᠰᠢᠭᠯᠠᠵᠤ ᠪᠠᠶ᠋ᠢᠭᠠᠳ ᠠᠷᠠᠳ ᠲᠦᠮᠡᠨ ᠊ᠢ ᠨᠣᠶᠠᠷᠬᠠᠬᠤ ᠪᠠᠭᠠᠵᠢ ᠪᠣᠯᠭᠠᠳᠠᠭ᠂ ᠪᠤᠷᠬᠠᠨ ᠱᠠᠰᠢᠨ ᠊ᠢ ᠮᠤᠬᠤᠷ ᠰᠦᠰᠦᠭ ᠪᠣᠯᠭᠠᠴᠢᠬᠠᠨ᠎ᠠ ᠡᠨᠡ ᠬᠣᠣᠷ ᠨᠥᠯᠥᠭᠡ ᠨᠢ ᠮᠠᠰᠢ ᠠᠶ᠋ᠢᠬᠤᠪᠲᠤᠷ᠂ ᠡᠶ᠋ᠢᠮᠦ ᠪᠠᠶ᠋ᠢᠲᠠᠯ ᠳᠣᠣᠷ᠎ᠠ ᠡᠨᠡ ᠱᠠᠰᠢᠨ ᠰᠤᠳᠤᠷ ᠊ᠢ ᠮᠣᠩᠭᠣᠯ ᠢ᠋ᠶ᠋ᠠᠷ ᠣᠷᠴᠢᠭᠤᠯᠤᠨ ᠤᠩᠰᠢᠬᠤ ᠳ᠋ᠤ᠌ ᠮᠣᠩᠭᠣᠯᠴᠤᠳ ᠣᠶ᠋ᠢᠯᠠᠭᠠᠵᠤ ᠲᠡᠭᠦᠨ ᠦ᠌ ᠴᠠᠭᠠᠳᠤᠬᠢ ᠰᠢᠨᠵᠢᠯᠡᠬᠦ ᠤᠬᠠᠭᠠᠨ ᠊ᠢ ᠡᠵᠡᠮᠰᠢᠵᠦ ᠠᠪᠤᠨ᠎ᠠ᠃ ᠮᠣᠩᠭᠣᠯᠴᠤᠳ ᠡᠨᠡ ᠨᠣᠮ ᠊ᠢ ᠤᠩᠰᠢᠬᠤ ᠪᠠᠷ ᠳᠠᠮᠵᠢᠭᠤᠯᠤᠨ ᠡᠨᠡᠳᠬᠡᠭ ᠲᠥᠪᠡᠳ ᠦ᠋ᠨ ᠡᠷᠲᠡᠨ ᠦ᠌ ᠰᠢᠨᠵᠢᠯᠡᠬᠦ ᠤᠬᠠᠭᠠᠨ ᠰᠣᠶᠣᠯ ᠮᠡᠳᠡᠯᠭᠡ ᠶ᠋ᠢ ᠡᠵᠡᠮᠰᠢᠨ ᠮᠣᠩᠭᠣᠯ ᠤ᠋ᠨ ᠪᠦᠬᠦᠶ᠋ᠢᠯᠡ ᠰᠣᠶᠣᠯᠵᠢᠯ ᠪᠤᠶᠤ ᠮᠣᠩᠭᠣᠯ ᠤ᠋ᠨ ᠰᠢᠨᠵᠢᠯᠡᠬᠦ ᠤᠬᠠᠭᠠᠨ ᠤ᠋ ᠳᠡᠪᠰᠢᠯᠲᠡ ᠳ᠋ᠦ᠍ ᠦᠯᠡᠮᠵᠢ ᠶᠡᠬᠡ ᠳᠡᠪᠢᠰᠬᠡᠷ ᠰᠠᠭᠤᠷᠢ ᠪᠣᠯᠤᠨ᠎ᠠ᠃ (3 ) ᠲᠤᠬᠠᠢ ᠶ᠋ᠢᠨ ᠦᠶ᠎ᠡ ᠳ᠋ᠦ᠍ ᠮᠠᠨᠵᠤ ᠶ᠋ᠢᠨ ᠨᠣᠶᠠᠷᠬᠠᠭᠴᠢᠳ ᠪᠠ ᠲᠥᠪᠡᠳ ᠦ᠋ᠨ ᠳᠡᠭᠡᠳᠦ ᠳᠠᠪᠬᠤᠷᠭᠠᠲᠠᠨ ᠨᠠᠷ ᠬᠠᠮᠲᠤᠷᠠᠵᠤ ᠪᠠᠶ᠋ᠢᠭᠠᠳ ᠪᠤᠳ᠋ᠳ᠋ᠾᠠ ᠶᠢᠨ ᠱᠠᠰᠢᠨ ᠊ᠢ ᠮᠤᠬᠤᠷ ᠰᠦᠰᠦᠭ ᠪᠣᠯᠭᠠᠵᠤ ᠠᠷᠠᠳ ᠲᠦᠮᠡᠨ ᠊ᠢ ᠨᠣᠶᠠᠷᠬᠠᠬᠤ ᠭᠡᠰᠡᠨ ᠵᠠᠯᠢ ᠮᠡᠬᠡ ᠶ᠋ᠢ ᠡᠪᠳᠡᠨ ᠰᠦᠢᠷᠡᠭᠦᠯᠦᠭᠰᠡᠨ ᠪᠠᠶ᠋ᠢᠨ᠎ᠠ 》 ᠭᠡᠪᠡ᠃
ᠲᠤᠬᠠᠢ ᠶ᠋ᠢᠨ ᠦᠶ᠎ᠡ ᠳ᠋ᠦ᠍ ᠮᠣᠩᠭᠣᠯ ᠤᠩᠰᠢᠯᠭ᠎ᠠ ᠲᠠᠢ ᠯᠠᠮᠠ ᠨᠠᠷ ᠬᠡᠲᠦᠶ᠋ᠢᠪᠡᠷ ᠲᠥᠪᠡᠳ ᠤᠩᠰᠢᠯᠭ᠎ᠠ ᠲᠠᠢ ᠯᠠᠮᠠ ᠨᠠᠷ ᠤ᠋ᠨ ᠬᠢᠷᠢ ᠭᠠᠵᠠᠷ ᠠᠪᠴᠤ᠂ ᠣᠯᠠᠨ ᠮᠢᠩᠭᠠᠨ ᠰᠣᠳᠣᠨ ᠬᠥᠪᠡᠭᠦᠳ ᠊ᠢ ᠪᠠᠷᠢᠮᠲᠠᠯᠠᠨ ᠪᠣᠯᠪᠠᠰᠤᠷᠠᠭᠤᠯᠤᠭᠰᠠᠨ ᠦᠭᠡᠢ ᠪᠣᠯᠪᠠᠴᠤ ᠲᠡᠳᠡᠨ ᠦ᠌ ᠮᠣᠩᠭᠣᠯ ᠰᠣᠶᠣᠯ ᠳ᠋ᠤ᠌ ᠦᠵᠡᠭᠦᠯᠦᠭᠰᠡᠨ ᠠᠴᠢ ᠲᠤᠰᠠ ᠪᠠ ᠬᠣᠶ᠋ᠢᠴᠢ ᠦᠶ᠎ᠡ ᠳ᠋ᠡᠭᠡᠨ ᠬᠥᠷᠥᠩᠭᠡᠯᠡᠭᠰᠡᠨ ᠰᠣᠶᠣᠯ ᠤ᠋ᠨ ᠥᠪ ᠊ᠢ ᠬᠡᠮᠵᠢᠬᠦ ᠶ᠋ᠢᠨ ᠠᠷᠭ᠎ᠠ ᠦᠭᠡᠢ ᠶᠦ᠍ᠮ᠃ ᠡᠭᠦᠨ ᠳ᠋ᠦ᠍ ᠳᠡᠯᠡᠬᠡᠢ ᠶ᠋ᠢᠨ ᠬᠥᠭᠵᠢᠭᠰᠡᠨ ᠤᠯᠤᠰ ᠦ᠋ᠳ ᠦ᠋ᠨ ᠨᠣᠮ ᠤ᠋ᠨ ᠰᠠᠩ ᠪᠠ ᠮᠠᠨ ᠤ᠋ ᠣᠷᠣᠨ ᠤ᠋ ᠬᠠᠳᠠᠭᠠᠯᠠᠨ ᠪᠠᠶ᠋ᠢᠭ᠎ᠠ ᠮᠣᠩᠭᠣᠯ ᠬᠡᠯᠡ ᠪᠡᠷ ᠪᠢᠴᠢᠭᠲᠡᠭᠰᠡᠨ ᠪᠤᠶᠤ ᠣᠷᠴᠢᠭᠤᠯᠤᠭᠳᠠᠭᠰᠠᠨ ᠪᠤᠷᠬᠠᠨ ᠤ᠋ ᠱᠠᠰᠢᠨ ᠤ᠋ ᠣᠨᠣᠯ᠂ ᠵᠠᠯᠪᠠᠷᠢᠯ᠂ ᠰᠠᠩ᠂ ᠪᠠᠲᠤ ᠣᠷᠣᠰᠢᠯ ᠬᠢᠭᠡᠳ ᠶᠡᠬᠡᠰ ᠯᠠᠮᠠ ᠨᠠᠷ ᠤ᠋ᠨ ᠨᠠᠮᠲᠠᠷ᠂ ᠰᠦᠮ᠎ᠡ ᠬᠡᠶ᠋ᠢᠳ ᠦ᠋ᠨ ᠴᠠᠳᠢᠭ᠂ ᠣᠷᠣᠨ ᠨᠤᠲᠤᠭ ᠤ᠋ᠨ ᠲᠡᠦᠬᠡ ᠪᠣᠯᠤᠨ ᠢᠷᠠᠭᠤ ᠨᠠᠶ᠋ᠢᠷᠠᠭ᠂ ᠢᠷᠦᠭᠡᠯ ᠮᠠᠭᠲᠠᠭᠠᠯ ᠵᠡᠷᠭᠡ ᠨᠢ ᠪᠣᠳᠠᠰ ᠤ᠋ᠨ ᠭᠡᠷᠡᠴᠢ ᠪᠣᠯᠵᠤ ᠪᠠᠶ᠋ᠢᠭ᠎ᠠ ᠶᠤᠮ᠃ ᠬᠡᠷᠪᠡ ᠨᠠᠶ᠋ᠢᠵᠢ ᠳᠣᠢᠨ᠂ ᠪᠠᠭᠰᠢ ᠱᠠᠪᠢ ᠬᠡᠳᠦᠨ ᠦᠶ᠎ᠡ ᠪᠡᠷ ᠥᠪᠡᠷᠦᠨ ᠬᠡᠯᠡ ᠪᠡᠷ ᠨᠣᠮ ᠳᠡᠯᠭᠡᠵᠦ ᠴᠤᠴᠠᠯᠲᠠ ᠦᠭᠡᠢ ᠴᠢᠷᠮᠠᠶ᠋ᠢᠨ ᠵᠢᠤᠠᠬᠦᠭᠰᠡᠨ ᠦᠭᠡᠢ᠂ ᠤᠷᠠᠳ ᠤ᠋ᠨ ᠮᠡᠷᠭᠡᠨ ᠰᠦᠮ᠎ᠡ ᠪᠡᠷ ᠲᠥᠪ ᠪᠣᠯᠭᠠᠵᠤ ᠮᠣᠩᠭᠣᠯ ᠤᠩᠰᠢᠯᠭ᠎ᠠ ᠶ᠋ᠢ ᠪᠠᠲᠤᠳᠬᠠᠵᠤ ᠰᠢᠨᠡᠴᠢᠯᠡᠭᠰᠡᠨ ᠦᠭᠡᠢ ᠶᠦ᠍ᠮ ᠪᠣᠯ ᠲᠡᠶ᠋ᠢᠮᠦ ᠠᠷᠪᠢᠨ ᠨᠣᠮ ᠰᠤᠳᠤᠷ ᠊ᠢ ᠵᠣᠬᠢᠶᠠᠵᠤ ᠨᠠᠶ᠋ᠢᠷᠠᠭᠤᠯᠬᠤ ᠭᠡᠭᠴᠢ ᠪᠠᠶ᠋ᠢᠵᠤ ᠪᠣᠯᠣᠰᠢ ᠦᠭᠡᠢ ᠬᠡᠷᠡᠭ ᠪᠣᠯᠬᠤ ᠪᠥᠭᠡᠳ ᠭᠠᠨᠵᠤᠤᠷ᠂ ᠳ᠋ᠠᠨᠵᠤᠤᠷ ᠊ᠢ ᠣᠷᠴᠢᠭᠤᠯᠵᠤ᠂ ᠠᠷᠢᠭᠤᠳᠬᠠᠬᠤ ᠪᠠ ᠬᠡᠪᠯᠡᠵᠦ ᠲᠠᠷᠬᠠᠬᠤ ᠠᠵᠢᠯ ᠴᠤ᠌ ᠲᠡᠶ᠋ᠢᠮᠦ ᠬᠢᠯᠪᠠᠷᠬᠠᠨ ᠪᠦᠲᠦᠬᠦ ᠡᠰᠡᠬᠦ ᠶ᠋ᠢ ᠬᠡᠯᠡᠬᠦ ᠶ᠋ᠢᠨ ᠠᠷᠭ᠎ᠠ ᠦᠭᠡᠢ ᠶᠦ᠍ᠮ᠃ ᠡᠶ᠋ᠢᠮᠦ ᠡᠴᠡ ᠨᠠᠶ᠋ᠢᠵᠢ ᠳᠣᠢᠨ ᠰᠠᠨᠠᠭᠠᠴᠢᠯᠠᠵᠤ ᠳᠡᠯᠭᠡᠷᠡᠭᠦᠯᠦᠨ᠂ ᠮᠡᠷᠭᠡᠨ ᠰᠦᠮ᠎ᠡ ᠪᠠᠷᠢᠮᠲᠠᠯᠠᠵᠤ ᠬᠥᠭᠵᠢᠭᠦᠯᠦᠭᠰᠡᠨ ᠮᠣᠩᠭᠣᠯ ᠤᠩᠰᠢᠯᠭ᠎ᠠ ᠶ᠋ᠢᠨ ᠲᠡᠦᠬᠡ ᠶ᠋ᠢᠨ ᠠᠴᠢ ᠬᠣᠯᠪᠣᠭᠳᠠᠯ ᠊ᠢ ᠬᠡᠵᠢᠶ᠎ᠡ ᠴᠦ᠍ ᠭᠡᠰᠡᠨ ᠦᠨᠡᠯᠡᠵᠦ ᠪᠠᠷᠠᠰᠢ ᠦᠭᠡᠢ᠃ ᠡᠷᠳᠡᠮᠲᠡᠨ ᠪᠠ · ᠮᠥᠩᠬᠡ ᠶᠠᠷᠢᠬᠤ ᠳ᠋ᠠᠭᠠᠨ᠄ 《 ᠵᠥᠪᠬᠡᠨ ᠲᠥᠪᠡᠳ ᠤᠩᠰᠢᠯᠭ᠎ᠠ ᠶ᠋ᠢ ᠮᠣᠩᠭᠣᠯ ᠤᠩᠰᠢᠯᠭ᠎ᠠ ᠪᠣᠯᠭᠠᠭᠰᠠᠨ ᠲᠦᠪᠰᠢᠨ ᠳᠡᠭᠡᠷ᠎ᠡ ᠶᠠᠷᠢᠬᠤ ᠪᠢᠰᠢ᠂ ᠬᠠᠷᠢᠨ ᠪᠦᠬᠦ ᠮᠣᠩᠭᠣᠯ ᠰᠣᠶᠣᠯ ᠊ᠢ ᠠᠪᠤᠷᠠᠵᠤ ᠮᠠᠨᠳᠤᠭᠤᠯᠬᠤ᠂ ᠥᠨᠥᠳᠥᠷ ᠦ᠋ᠨ ᠮᠣᠩᠭᠣᠯ ᠤ᠋ᠨ ᠰᠣᠶᠣᠯ ᠳ᠋ᠤ᠌ ᠬᠡᠨ ᠴᠦ᠍ ᠣᠷᠣᠯᠠᠵᠤ ᠴᠢᠳᠠᠬᠤ ᠦᠭᠡᠢ ᠴᠢᠬᠤᠯᠠ ᠨᠢᠭᠡᠨ ᠲᠡᠦᠬᠡᠨ ᠠᠯᠲᠠᠨ ᠬᠠᠭᠤᠳᠠᠰᠤ ᠶ᠋ᠢ ᠨᠡᠮᠡᠷᠢᠯᠡᠭᠰᠡᠨ᠂ ᠡᠶ᠋ᠢᠮᠦ ᠳ᠋ᠡᠭᠡᠨ ᠡᠭᠦᠨ ᠊ᠢ ᠳᠡᠯᠡᠬᠡᠢ ᠶ᠋ᠢᠨ ᠬᠥᠮᠦᠰ ᠠᠩᠬᠠᠷᠤᠯ ᠳ᠋ᠠᠭᠠᠨ ᠠᠪᠬᠤ ᠪᠣᠯᠤᠭᠰᠠᠨ᠂ ᠮᠠᠨ ᠤ᠋ ᠥᠪᠥᠷ ᠮᠤᠩᠭ᠋ᠤᠯ ᠣᠷᠣᠨ ᠢ᠋ᠶ᠋ᠠᠨ ᠦᠨᠳᠦᠰᠦᠲᠡᠨ ᠦ᠌ ᠶᠡᠬᠡ ᠣᠷᠣᠨ ᠤ᠋ ᠰᠣᠶᠣᠯ ᠤ᠋ᠨ ᠲᠣᠮᠣ ᠣᠷᠣᠨ ᠪᠣᠯᠭᠠᠨ᠎ᠠ ᠭᠡᠵᠦ ᠪᠠᠶ᠋ᠢᠭ᠎ᠠ ᠳ᠋ᠤ᠌ ᠡᠨᠡ ᠰᠣᠶᠣᠯ ᠪᠠᠭᠲᠠᠭᠳᠠᠵᠤ ᠪᠣᠢ᠃ ᠥᠭᠡᠷ᠎ᠡ ᠪᠡᠷ ᠬᠡᠯᠡᠪᠡᠯ ᠤᠯᠤᠰ ᠠ᠋ᠴᠠ ᠡᠭᠦᠨ ᠊ᠢ ᠰᠢᠨᠵᠢᠯᠡᠬᠦ ᠤᠬᠠᠭᠠᠨ ᠰᠤᠳᠤᠯᠤᠭᠳᠠᠬᠤᠨ ᠪᠣᠯᠭᠠᠵᠤ ᠣᠳᠣ ᠮᠡᠷᠭᠡᠨ ᠭᠡᠭᠡᠨ ᠪᠤᠶᠤ ᠮᠡᠷᠭᠡᠨ ᠬᠡᠶ᠋ᠢᠳ ᠦ᠋ᠨ ᠮᠣᠩᠭᠣᠯ ᠤᠩᠰᠢᠯᠭ᠎ᠠ ᠶ᠋ᠢ ᠠᠪᠤᠷᠠᠵᠤ ᠠᠪᠤᠶ᠎ᠠ᠂ ᠡᠨᠡ ᠰᠣᠶᠣᠯ ᠪᠣᠯ ᠮᠠᠨ ᠤ᠋ ᠳᠤᠮᠳᠠᠳᠤ ᠶ᠋ᠢᠨ ᠦᠨᠳᠦᠰᠦᠲᠡᠨ ᠦ᠌ ᠰᠣᠶᠣᠯ ᠤ᠋ᠨ ᠴᠢᠬᠤᠯᠠ ᠨᠢᠭᠡᠨ ᠪᠦᠷᠢᠯᠳᠦᠬᠦᠨ ᠬᠡᠰᠡᠭ ᠪᠣᠯᠬᠤ ᠪᠥᠭᠡᠳ ᠡᠷᠳᠡᠨᠢᠰ ᠪᠠᠶ᠋ᠢᠭ᠎ᠠ ᠭᠡᠵᠦ ᠦᠵᠡᠵᠦ ᠪᠣᠢ᠃ ᠡᠪᠦᠭᠡ ᠳᠡᠭᠡᠳᠦᠰ ᠦ᠋ᠨ ᠡᠨᠡ ᠲᠡᠦᠬᠡ ᠶ᠋ᠢ ᠰᠤᠳᠤᠯᠬᠤ ᠦᠭᠡᠢ ᠵᠦᠭᠡᠷ ᠨᠢᠭᠡ ᠮᠣᠩᠭᠣᠯ ᠤᠩᠰᠢᠯᠭ᠎ᠠ ᠲᠡᠳᠦᠢ ᠮᠡᠷᠭᠡᠨ ᠰᠦᠮ᠎ᠡ ᠳ᠋ᠦ᠍ ᠲᠡᠶ᠋ᠢᠮᠦ ᠬᠡᠳᠦᠬᠡᠨ ᠳᠤᠭᠠᠩ ᠪᠠᠶ᠋ᠢᠨ᠎ᠠ ᠭᠡᠵᠦ ᠣᠶ᠋ᠢᠯᠠᠭᠠᠬᠤ ᠪᠣᠯ ᠮᠠᠰᠢ ᠬᠥᠩᠭᠡᠬᠡᠨ ᠪᠣᠯᠤᠨ᠎ᠠ᠂ ᠬᠣᠵᠢᠮ ᠳ᠋ᠠᠭᠠᠨ ᠠᠯᠲᠠ ᠪᠠᠨ ᠠᠷᠭᠠᠯ ᠢ᠋ᠶ᠋ᠠᠷ ᠰᠣᠯᠢᠭᠰᠠᠨ ᠶᠠᠪᠤᠳᠠᠯ ᠪᠣᠯᠤᠨ᠎ᠠ 》 ᠭᠡᠵᠦ ᠴᠢᠬᠤᠯᠠᠴᠢᠯᠠᠭᠰᠠᠨ ᠪᠠᠶ᠋ᠢᠨ᠎ᠠ᠃
ᠬᠡᠳᠦᠨ ᠠᠷᠪᠠᠨ ᠵᠢᠯ ᠦ᠋ᠨ ᠲᠣᠷᠰᠢ ᠮᠣᠩᠭᠣᠯᠴᠢ ᠡᠷᠳᠡᠮᠲᠡᠳ ᠦ᠋ᠨ ᠮᠡᠷᠭᠡᠨ ᠰᠦᠮ᠎ᠡ ᠶ᠋ᠢᠨ ᠰᠤᠳᠤᠯᠭᠠᠨ ᠳ᠋ᠤ᠌ ᠣᠯᠠᠨ ᠬᠦᠴᠢᠷ ᠪᠡᠷᠬᠡᠰᠢᠶᠡᠯ ᠲᠤᠯᠭᠠᠷᠠᠨ᠂ ᠠᠭᠤᠯᠠᠨ ᠤ᠋ ᠵᠠᠪᠰᠠᠷ᠂ ᠬᠠᠳᠠᠨ ᠤ᠋ ᠠᠩᠬᠢᠯ ᠢ᠋ᠶ᠋ᠠᠷ ᠨᠢᠭᠤᠨ ᠳᠠᠯᠳᠠᠯᠠᠭᠳᠠᠵᠤ ᠦᠯᠡᠲᠡᠭᠲᠡᠭᠰᠡᠨ ᠨᠣᠮ ᠰᠤᠳᠤᠷ ᠠ᠋ᠴᠠ ᠬᠡᠳᠦᠨ ᠵᠠᠭᠤᠨ ᠵᠢᠯ ᠦ᠋ᠨ ᠰᠣᠶᠣᠯ ᠲᠡᠦᠬᠡ ᠶ᠋ᠢ ᠮᠥᠷᠳᠡᠨ ᠭᠠᠷᠭᠠᠬᠤ ᠳ᠋ᠤ᠌ ᠡᠷᠳᠡᠮᠲᠡᠨ ᠮᠡᠷᠭᠡᠳ ᠣᠶᠤᠨ ᠤ᠋ ᠳᠠᠯᠠᠢ ᠠ᠋ᠴᠠ ᠰᠤᠪᠤᠳ ᠱ᠌ᠢᠷᠦ ᠱᠦᠭᠦᠬᠦ ᠮᠡᠲᠦ ᠪᠡᠷᠬᠡᠰᠢᠶᠡᠯᠳᠦ ᠠᠶᠠᠯᠠᠯ ᠊ᠢ ᠠᠶᠠᠯᠠᠵᠤ ᠪᠠᠶ᠋ᠢᠮᠠᠨ ᠮᠡᠷᠭᠡᠨ ᠰᠦᠮ᠎ᠡ ᠶ᠋ᠢᠨ ᠰᠤᠳᠤᠯᠭᠠᠨ ᠤ᠋ ᠠᠵᠢᠯ ᠨᠢ ᠵᠣᠬᠢᠬᠤ ᠬᠥᠭᠵᠢᠯᠲᠡ ᠪᠡᠨ ᠣᠯᠵᠤ᠂ ᠰᠦᠮ᠎ᠡ ᠶ᠋ᠢᠨ ᠮᠡᠷᠭᠡᠨ ᠭᠡᠭᠡᠨᠲᠡᠨ ᠨᠠᠷ ᠵᠣᠬᠢᠬᠤ ᠲᠡᠦᠬᠡᠨ ᠪᠠᠶ᠋ᠢᠷᠢ ᠳ᠋ᠠᠭᠠᠨ ᠭᠠᠷᠴᠤ᠂ ᠮᠣᠩᠭᠣᠯ ᠰᠢᠨ᠎ᠡ ᠤᠩᠰᠢᠯᠭ᠎ᠠ ᠨᠢ ᠳᠡᠯᠡᠬᠡᠢ ᠶ᠋ᠢᠨ ᠮᠣᠩᠭᠣᠯᠴᠢ ᠡᠷᠳᠡᠮᠲᠡᠳ ᠦ᠋ᠨ ᠰᠤᠳᠤᠯᠭᠠᠨ ᠤ᠋ ᠲᠥᠪᠯᠡᠷᠡᠯ ᠦ᠋ᠨ ᠴᠢᠭ ᠪᠣᠯᠤᠭᠰᠠᠨ ᠪᠠᠶ᠋ᠢᠨ᠎ᠠ᠃
ᠨᠠᠷ ᠤ᠋ᠨ ᠣᠷᠴᠢᠭᠤᠯᠭ᠎ᠠ ᠪᠠᠷ ᠳᠡᠪᠢᠰᠬᠡᠷ ᠪᠣᠯᠭᠠᠨ ᠰᠠᠭᠰᠺᠷᠲ᠂ ᠲᠥᠪᠡᠳ ᠬᠡᠯᠡ ᠪᠡᠷ ᠪᠢᠴᠢᠭᠲᠡᠭᠰᠡᠨ ᠪᠤᠳ᠋ᠳ᠋ᠾᠠ ᠶᠢᠨ ᠱᠠᠰᠢᠨ ᠤ᠋ ᠣᠨᠣᠯ ᠰᠤᠷᠭᠠᠯ ᠤ᠋ᠨ ᠨᠣᠮ ᠰᠤᠳᠤᠷ ᠦ᠋ᠳ ᠊ᠢ ᠳᠠᠬᠢᠵᠤ ᠰᠢᠨ᠎ᠡ ᠪᠡᠷ ᠣᠷᠴᠢᠭᠤᠯᠵᠤ ᠨᠠᠶ᠋ᠢᠷᠠᠭᠤᠯᠤᠨ᠂ ᠦᠭᠡ ᠦᠰᠦᠭ ᠊ᠢ ᠨᠢ ᠰᠢᠯᠭᠠᠨ ᠰᠣᠩᠭᠣᠵᠤ ᠣᠬᠣᠷ ᠠᠪᠰᠠᠷᠬᠠᠨ ᠪᠣᠯᠭᠠᠬᠤ ᠶ᠋ᠢᠨ ᠳᠠᠭᠠᠤ ᠦᠶ᠎ᠡ ᠵᠡᠷᠭᠡ ᠶ᠋ᠢ ᠲᠡᠭᠰᠢᠯᠡᠬᠦ ᠠᠷᠭ᠎ᠠ ᠪᠠᠷ ᠪᠦᠬᠦᠨ ᠊ᠢ ᠴᠥᠮ ᠰᠢᠯᠦᠭ ᠦ᠋ᠨ ᠬᠡᠯᠪᠡᠷᠢ ᠲᠡᠢ ᠪᠣᠯᠭᠠᠨ ᠱᠠᠳ ᠲᠡᠭᠰᠢᠯᠡᠵᠡᠢ᠃ ᠡᠷᠳᠡᠮᠲᠡᠨ ᠦ᠌ ᠰᠤᠳᠤᠯᠤᠯ ᠢ᠋ᠶ᠋ᠠᠷ ᠱᠠᠳ ᠲᠡᠭᠰᠢᠯᠡᠬᠦ ᠭᠡᠳᠡᠭ ᠨᠢ ᠳᠠᠷᠤᠢ ᠰᠢᠯᠦᠭ ᠦ᠋ᠨ ᠮᠥᠷ ᠦ᠋ᠨ ᠲᠡᠭᠰᠢᠯᠡᠯᠲᠡ ᠪᠤᠶᠤ ᠤᠩᠰᠢᠯᠭ᠎ᠠ ᠶ᠋ᠢᠨ ᠵᠢᠭᠲᠡ ᠴᠣᠬᠢᠯᠭ᠎ᠠ ᠲᠠᠢ ᠪᠣᠯᠭᠠᠬᠤ ᠭᠡᠰᠡᠨ ᠤᠳᠬ᠎ᠠ ᠲᠠᠢ᠃ ᠲᠡᠷᠡ ᠪᠠᠰᠠ ᠡᠳᠡᠭᠡᠷ ᠰᠢᠯᠦᠭ ᠦ᠋ᠨ ᠬᠡᠯᠪᠡᠷᠢ ᠲᠡᠢ ᠪᠣᠯᠭᠠᠵᠤ ᠣᠷᠴᠢᠭᠤᠯᠵᠤ ᠨᠠᠶ᠋ᠢᠷᠠᠭᠤᠯᠤᠭᠰᠠᠨ ᠨᠣᠮ ᠰᠤᠳᠤᠷ ᠦ᠋ᠳ ᠲᠡᠭᠡᠨ ᠲᠤᠰ ᠲᠤᠰ ᠲᠤ᠌ ᠨᠢ ᠵᠣᠬᠢᠴᠠᠭᠰᠠᠨ ᠠᠶᠠᠯᠭᠤ ᠬᠥᠭᠵᠢᠮ ᠵᠣᠬᠢᠶᠠᠵᠤ ᠲᠠᠭᠠᠷᠠᠭᠤᠯᠤᠭᠰᠠᠨ ᠢ᠋ᠶ᠋ᠠᠷ ᠦᠯᠦ ᠪᠠᠷᠠᠨ ᠮᠣᠩᠭᠣᠯ ᠢ᠋ᠶ᠋ᠠᠷ ᠨᠣᠮ ᠤᠩᠰᠢᠵᠤ ᠬᠤᠷᠠᠬᠤ ᠣᠨᠴᠠᠯᠢᠭ ᠲᠤ᠌ ᠨᠢ ᠲᠣᠬᠢᠷᠠᠭᠰᠠᠨ ᠵᠠᠶᠠᠭ ᠵᠠᠷᠴᠢᠮ᠂ ᠶᠣᠰᠣ ᠬᠠᠤᠯᠢ ᠲᠣᠭᠲᠠᠭᠠᠵᠤ ᠴᠢᠩᠭ᠎ᠠ ᠬᠡᠷᠡᠭᠵᠢᠭᠦᠯᠦᠭᠰᠡᠨ ᠶᠦ᠍ᠮ᠃ ᠡᠨᠡ ᠪᠣᠯ ᠳᠠᠷᠤᠢ ᠮᠡᠷᠭᠡᠨ ᠭᠡᠭᠡᠨ ᠦ᠌ ᠡᠭᠦᠲᠦᠭᠰᠡᠨ ᠠᠯᠳᠠᠷᠲᠤ ᠮᠣᠩᠭᠣᠯ ᠨᠣᠮ ᠤ᠋ᠨ ᠰᠢᠨ᠎ᠡ ᠤᠩᠰᠢᠯᠭ᠎ᠠ — ᠱᠠᠳ ᠤ᠋ᠨ ᠤᠩᠰᠢᠯᠭ᠎ᠠ ᠭᠡᠭᠴᠢ ᠪᠣᠯᠤᠨ᠎ᠠ᠃ ᠦ · ᠨᠠᠷᠠᠨᠪᠠᠲᠤ ᠫᠷᠣᠹᠧᠰᠰᠣᠷ ᠡᠨᠡ ᠲᠤᠬᠠᠢ ᠲᠠᠶ᠋ᠢᠯᠪᠤᠷᠢᠯᠠᠬᠤ ᠳ᠋ᠠᠭᠠᠨ᠄ 《 ᠣᠳᠣ ᠶ᠋ᠢᠨ ᠵᠣᠬᠢᠶᠠᠯ ᠤ᠋ᠨ ᠰᠸᠲ᠋ᠯᠢ ᠪᠡᠷ ᠠᠪᠴᠤ ᠬᠡᠯᠡᠪᠡᠯ ᠬᠠᠭᠤᠴᠢᠨ ᠤᠩᠰᠢᠯᠭ᠎ᠠ ᠪᠣᠯ ᠦᠷᠭᠦᠯᠵᠢᠯᠡᠭᠰᠡᠨ ᠦᠭᠡ ᠶ᠋ᠢᠨ ᠵᠣᠬᠢᠶᠠᠯ ᠤᠩᠰᠢᠵᠤ ᠪᠠᠶ᠋ᠢᠭ᠎ᠠ ᠰᠢᠭ᠋᠂ ᠰᠢᠨ᠎ᠡ ᠤᠩᠰᠢᠯᠭ᠎ᠠ ᠪᠣᠯ ᠰᠢᠯᠦᠭ ᠤᠩᠰᠢᠵᠤ ᠪᠠᠶ᠋ᠢᠭ᠎ᠠ ᠠᠳᠠᠯᠢ᠂ ᠲᠡᠭᠡᠬᠦ ᠳ᠋ᠡᠭᠡᠨ ᠨᠣᠮ ᠤ᠋ᠨ ᠱᠠᠳ ᠤ᠋ᠨ ᠤᠩᠰᠢᠯᠭ᠎ᠠ ᠪᠣᠯ ᠡᠩ ᠦ᠋ᠨ ᠰᠢᠯᠦᠭ ᠤᠩᠰᠢᠬᠤ ᠲᠠᠢ ᠪᠠᠰᠠ ᠲᠠᠭᠠᠷᠠᠬᠤ ᠦᠭᠡᠢ᠂ ᠲᠡᠷᠡ ᠪᠣᠯ ᠪᠤᠷᠬᠠᠨ ᠤ᠋ ᠨᠣᠮ ᠊ᠢ ᠬᠥᠭ ᠳᠠᠭᠤᠨ ᠲᠠᠢ ᠤᠩᠰᠢᠯᠭ᠎ᠠ ᠳ᠋ᠤ᠌ ᠵᠣᠬᠢᠴᠠᠭᠤᠯᠤᠭᠰᠠᠨ ᠭᠡᠵᠦ ᠬᠡᠯᠡᠨ᠎ᠡ᠂ ᠵᠢᠱ᠌ᠢᠶᠡᠯᠡᠪᠡᠯ ᠮᠡᠭᠵᠢᠨ᠄ ᠵᠣᠷᠢᠭ ᠦᠭᠡᠢ᠂ ᠡᠨᠡᠷᠢᠬᠦ ᠦᠭᠡᠢ / ᠶᠡᠬᠡ ᠰᠠᠩᠭᠤᠨ ᠦᠵᠡᠭᠴᠢ᠃ / ᠬᠡᠷᠡᠭ ᠲᠦ᠍ ᠦᠭᠡᠢ ᠮᠡᠳᠡᠭᠴᠢ ᠠᠨᠤ / ᠡᠷᠬᠡ ᠶ᠋ᠢᠨ ᠡᠵᠡᠨ ᠮᠠᠨᠵᠤᠰᠢᠷ / ᠢᠩᠭᠢᠵᠦ ᠮᠣᠩᠭᠣᠯ ᠨᠣᠮ ᠳ᠋ᠤ᠌ ᠱᠠᠳ ᠵᠣᠬᠢᠴᠠᠭᠤᠯᠵᠤ ᠤᠩᠰᠢᠬᠤ ᠶ᠋ᠢ ᠰᠢᠨ᠎ᠡ ᠤᠩᠰᠢᠯᠭ᠎ᠠ ᠭᠡᠵᠦ ᠬᠡᠯᠡᠨ᠎ᠡ᠃ 》 ᠭᠡᠰᠡᠨ ᠪᠠᠶ᠋ᠢᠯ᠎ᠠ᠃
ᠲᠡᠭᠡᠪᠡᠯ ᠮᠡᠷᠭᠡᠨ ᠭᠡᠭᠡᠨᠲᠡᠨ ᠶᠠᠭᠤᠨ ᠤ᠋ ᠤᠴᠢᠷ ᠠ᠋ᠴᠠ ᠰᠢᠯᠦᠭ ᠦ᠋ᠨ ᠱᠠᠳ ᠢ᠋ᠶ᠋ᠠᠨ ᠲᠡᠭᠰᠢᠯᠡᠭᠰᠡᠨ ᠪᠣᠢ ᠭᠡᠪᠡᠯ ᠲᠡᠳᠡᠭᠡᠷ ᠱᠠᠰᠢᠨ ᠰᠢᠲᠦᠯᠭᠡ ᠶ᠋ᠢᠨ ᠵᠠᠩ ᠦᠢᠯᠡ ᠲᠡᠢ ᠬᠣᠯᠪᠣᠭᠳᠠᠭᠰᠠᠨ ᠰᠢᠯᠦᠭ ᠦ᠋ᠳ ᠢ᠋ᠶ᠋ᠡᠨ ᠣᠯᠠᠨ ᠬᠤᠸᠠᠷᠠᠭᠲᠠᠨ ᠢ᠋ᠶ᠋ᠠᠷ ᠠᠶ᠋ᠢᠵᠠᠮ ᠴᠣᠬᠢᠯᠭ᠎ᠠ ᠲᠠᠢ᠂ ᠬᠣᠭᠣᠯᠠᠢ ᠨᠡᠶ᠋ᠢᠯᠡᠭᠦᠯᠦᠨ ᠤᠩᠰᠢᠭᠤᠯᠵᠤ᠂ ᠴᠠᠩ ᠬᠡᠩᠭᠡᠷᠭᠡ᠂ ᠪᠦᠷᠢᠶ᠎ᠡ ᠪᠢᠰᠬᠢᠭᠦᠷ ᠵᠡᠷᠭᠡ ᠬᠥᠭᠵᠢᠮ ᠦ᠋ᠨ ᠵᠡᠪᠰᠡᠭ ᠦ᠋ᠨ ᠬᠠᠪᠰᠤᠷᠤᠯᠭ᠎ᠠ ᠲᠠᠢ ᠪᠠᠷ ᠶᠡᠬᠡ ᠳᠤᠭᠠᠩ ᠳ᠋ᠤ᠌ ᠪᠤᠳ᠋ᠳ᠋ᠾᠠ ᠶᠢᠨ ᠱᠠᠰᠢᠨ ᠤ᠋ ᠬᠤᠷᠠᠯ ᠨᠣᠮ ᠊ᠢ ᠤᠷᠢᠵᠤ ᠬᠤᠷᠠᠭᠤᠯᠬᠤ ᠶ᠋ᠢᠨ ᠲᠥᠯᠥᠭᠡ ᠪᠠᠶ᠋ᠢᠵᠠᠢ᠃ ᠶᠡᠷᠦᠨᠢ ᠲᠡᠭᠡᠭᠡᠳ ᠲᠤᠬᠠᠢ ᠶ᠋ᠢᠨ ᠦᠶ᠎ᠡ ᠶ᠋ᠢᠨ ᠮᠣᠩᠭᠣᠯᠴᠤᠳ ᠮᠡᠷᠭᠡᠨ ᠰᠦᠮ᠎ᠡ ᠶ᠋ᠢᠨ ᠮᠣᠩᠭᠣᠯ ᠤᠩᠰᠢᠯᠭ᠎ᠠ ᠶ᠋ᠢ ᠲᠥᠪ ᠤᠩᠰᠢᠯᠭ᠎ᠠ ᠭᠡᠵᠦ ᠵᠥᠪᠰᠢᠶᠡᠷᠡᠵᠦ᠂ ᠥᠪᠡᠷᠰᠡᠳ ᠦ᠋ᠨ ᠢ᠋ᠶ᠋ᠡᠨ ᠤᠩᠰᠢᠯᠭ᠎ᠠ ᠶ᠋ᠢ ᠮᠡᠷᠭᠡᠨ ᠰᠦᠮ᠎ᠡ ᠶ᠋ᠢᠨ ᠤᠩᠰᠢᠯᠭ᠎ᠠ ᠲᠠᠢ ᠲᠤᠯᠭᠠᠵᠤ ᠨᠢᠭᠡᠳᠦᠭᠦᠯᠳᠡᠭ ᠢ᠋ᠶ᠋ᠡᠷ ᠪᠠᠷᠠᠬᠤ ᠦᠭᠡᠢ ᠲᠥᠪᠡᠳ ᠨᠣᠮ ᠤ᠋ᠨ ᠣᠷᠴᠢᠭᠤᠯᠭ᠎ᠠ ᠶ᠋ᠢ ᠴᠦ᠍ ᠮᠡᠷᠭᠡᠨ ᠰᠦᠮ᠎ᠡ ᠶ᠋ᠢᠨ ᠣᠷᠴᠢᠭᠤᠯᠭ᠎ᠠ ᠲᠠᠢ ᠨᠢᠭᠡᠳᠬᠡᠳᠡᠭ ᠪᠠᠶ᠋ᠢᠵᠠᠢ᠃ ᠡᠭᠦᠨ ᠦ᠌ ᠲᠤᠬᠠᠢ᠂ ᠦ · ᠨᠠᠷᠠᠨᠪᠠᠲᠤ ᠫᠷᠣᠹᠧᠰᠰᠣᠷ ᠶᠠᠷᠢᠬᠤ ᠳ᠋ᠠᠭᠠᠨ᠄ 《 ᠱᠠᠳ ᠤ᠋ᠨ ᠤᠩᠰᠢᠯᠭ᠎ᠠ ᠪᠣᠯ ᠴᠡᠭᠡᠵᠢᠯᠡᠬᠦ ᠳ᠋ᠦ᠍ ᠠᠮᠠᠷ᠂ ᠤᠤᠯ ᠤ᠋ᠨ ᠦᠷᠭᠦᠯᠵᠢᠯᠡᠭᠰᠡᠨ ᠥᠭᠦᠯᠡᠯ᠂ ᠷᠣᠮᠠᠨ ᠲᠣᠭᠣᠵᠢ ᠶ᠋ᠢ ᠴᠡᠭᠡᠵᠢᠯᠡᠬᠦ ᠳ᠋ᠦ᠍ ᠬᠦᠴᠢᠷ᠂ ᠱᠠᠳ ᠤ᠋ᠨ ᠤᠩᠰᠢᠯᠭ᠎ᠠ ᠶ᠋ᠢ ᠵᠢᠭᠠᠬᠤ ᠳ᠋ᠤ᠌ ᠴᠤ᠌ ᠠᠮᠠᠷ᠂ ᠰᠤᠷᠬᠤ ᠳ᠋ᠤ᠌ ᠳᠥᠭᠥᠮ᠂ ᠨᠢᠭᠡ ᠳᠤᠭᠠᠩ ᠳ᠋ᠤ᠌ ᠲᠠᠪᠤ ᠳᠣᠯᠣᠭᠠᠨ ᠯᠠᠮᠠ ᠪᠤᠶᠤ ᠲᠠᠪᠤ ᠳᠣᠯᠣᠭᠠᠨ ᠵᠠᠭᠤᠭᠠᠳ ᠯᠠᠮᠠ ᠴᠤ᠌ ᠬᠠᠮᠢᠶ᠎ᠠ ᠦᠭᠡᠢ ᠤᠩᠰᠢᠯᠭ᠎ᠠ ᠶ᠋ᠢ ᠨᠢᠭᠡᠳᠬᠡᠵᠦ ᠴᠢᠳᠠᠨ᠎ᠠ᠂ ᠡᠶ᠋ᠢᠮᠦ ᠳ᠋ᠡᠭᠡᠨ ᠪᠤᠷᠬᠠᠨ ᠤ᠋ ᠨᠣᠮ ᠤ᠋ᠨ ᠤᠩᠰᠢᠯᠭ᠎ᠠ ᠶ᠋ᠢ ᠠᠮᠢᠳᠤᠷᠠᠭᠤᠯᠵᠤ ᠴᠢᠳᠠᠭᠰᠠᠨ ᠤ᠋ ᠭᠣᠣᠯ ᠨᠢᠭᠡ ᠰᠢᠯᠲᠠᠭᠠᠨ ᠪᠣᠯ ᠱᠠᠳ ᠤ᠋ᠨ ᠤᠩᠰᠢᠯᠭ᠎ᠠ ᠪᠣᠢ ᠪᠣᠯᠭᠠᠵᠠᠢ 》 ᠭᠡᠪᠡ᠃ ᠮᠣᠩᠭᠣᠯ ᠰᠢᠨ᠎ᠡ ᠤᠩᠰᠢᠯᠭ᠎ᠠ ᠶ᠋ᠢᠨ ᠱᠠᠳ ᠲᠡᠭᠰᠢᠯᠡᠯᠲᠡ ᠨᠢ ᠲᠤᠬᠠᠢ ᠶ᠋ᠢᠨ ᠦᠶ᠎ᠡ ᠶ᠋ᠢᠨ ᠲᠥᠪᠡᠳ ᠦ᠋ᠨ ᠰᠢᠷ᠎ᠠ ᠶ᠋ᠢᠨ ᠱᠠᠰᠢᠨ ᠤ᠋ ᠡᠷᠬᠡ ᠪᠠᠷᠢᠭᠴᠢᠳ ᠤ᠋ᠨ ᠡᠷᠬᠡᠰᠢᠶᠡᠯ ᠨᠣᠶᠠᠷᠬᠠᠯ ᠠ᠋ᠴᠠ ᠰᠠᠯᠵᠤ ᠮᠣᠩᠭᠣᠯᠴᠤᠳ ᠥᠪᠡᠷ ᠦ᠋ᠨ ᠱᠠᠰᠢᠨ ᠰᠢᠲᠦᠭᠡᠨ ᠳ᠋ᠡᠭᠡᠨ ᠥᠪᠡᠰᠦᠪᠡᠨ ᠡᠵᠡᠨ ᠰᠠᠭᠤᠵᠤ ᠰᠢᠨ᠎ᠡ ᠨᠢᠭᠡᠨ ᠮᠣᠩᠭᠣᠯ ᠪᠤᠳ᠋ᠳ᠋ᠾᠠ ᠶᠢᠨ ᠱᠠᠰᠢᠨ ᠊ᠢ ᠡᠭᠦᠳᠬᠦ ᠭᠡᠰᠡᠨ ᠵᠣᠷᠢᠯᠭ᠎ᠠ ᠶ᠋ᠢᠨ ᠨᠢᠭᠡ ᠲᠠᠯ᠎ᠠ ᠪᠣᠯᠬᠤ ᠪᠠᠷ ᠪᠠᠷᠠᠬᠤ ᠦᠭᠡᠢ ᠠᠯᠤᠰ ᠬᠡᠳᠦ ᠶ᠋ᠢᠨ ᠠᠴᠢ ᠬᠣᠯᠪᠣᠭᠳᠠᠯ ᠠ᠋ᠴᠠ ᠠᠪᠴᠤ ᠦᠵᠡᠪᠡᠯ ᠮᠣᠩᠭᠣᠯ ᠰᠢᠯᠦᠭ ᠦ᠋ᠨ ᠬᠥᠭᠵᠢᠯ ᠦ᠋ᠨ ᠲᠡᠦᠬᠡᠨ ᠳ᠋ᠡᠬᠢ ᠰᠢᠯᠦᠭ ᠦ᠋ᠨ ᠬᠡᠯᠪᠡᠷᠢ ᠮᠠᠶᠢᠬ ᠪᠤᠶᠤ ᠠᠶ᠋ᠢᠵᠠᠮ ᠬᠢᠴᠡ ᠳ᠋ᠦ᠍ ᠬᠢᠭᠰᠡᠨ ᠨᠢᠭᠡ ᠤᠳᠠᠭᠠᠨ ᠤ᠋ ᠥᠭᠡᠷᠡᠴᠢᠯᠡᠯᠲᠡ ᠰᠢᠨᠡᠴᠢᠯᠡᠯᠲᠡ ᠪᠣᠯᠤᠭᠰᠠᠨ ᠪᠠᠶ᠋ᠢᠲᠠᠭ ᠭᠡᠵᠦ ᠡᠷᠳᠡᠮᠲᠡᠨ ᠰᠤᠳᠤᠯᠭᠠᠲᠠᠳ ᠦᠨᠡᠯᠡᠵᠦ ᠪᠣᠢ᠃ ᠡᠨᠡ ᠲᠠᠯ᠎ᠠ ᠪᠠᠷ ᠦ · ᠨᠠᠷᠠᠨᠪᠠᠲᠤ ᠫᠷᠣᠹᠧᠰᠰᠣᠷ ᠬᠡᠯᠡᠬᠦ ᠳ᠋ᠡᠭᠡᠨ᠄ 《 ᠡᠨᠡ ᠱᠠᠳ ᠤ᠋ᠨ ᠤᠩᠰᠢᠯᠭ᠎ᠠ ᠪᠣᠯ ᠮᠣᠩᠭᠣᠯ ᠤᠷᠠᠨ ᠵᠣᠬᠢᠶᠠᠯ ᠤ᠋ᠨ ᠲᠡᠦᠬᠡᠨ ᠳᠡᠭᠡᠷ᠎ᠡ᠂ ᠮᠣᠩᠭᠣᠯ ᠢᠷᠠᠭᠤ ᠨᠠᠶ᠋ᠢᠷᠠᠭ ᠤ᠋ᠨ ᠲᠡᠦᠬᠡᠨ ᠳᠡᠭᠡᠷ᠎ᠡ ᠮᠠᠰᠢ ᠶᠡᠬᠡ ᠴᠢᠬᠤᠯᠠ ᠪᠠᠶ᠋ᠢᠷᠢ ᠶ᠋ᠢ ᠡᠵᠡᠯᠡᠨ᠎ᠡ᠃ ᠢᠰᠢᠲᠠᠩᠵᠢᠨᠸᠠᠩᠵᠢᠯ ᠤ᠋ᠨ ᠰᠢᠯᠦᠭ ᠪᠣᠯ ᠱᠠᠳ ᠤ᠋ᠨ ᠤᠩᠰᠢᠯᠭ᠎ᠠ ᠶ᠋ᠢᠨ ᠰᠠᠭᠤᠷᠢᠨ ᠳᠡᠭᠡᠷ᠎ᠡ ᠪᠣᠢ ᠪᠣᠯᠤᠭᠰᠠᠨ ᠰᠢᠯᠦᠭ ᠪᠣᠯᠤᠨ᠎ᠠ᠃ ᠮᠡᠷᠭᠡᠨ ᠭᠡᠭᠡᠨ ᠰᠠᠭᠤᠷᠢ ᠲᠠᠯᠪᠢᠵᠤ ᠥᠭᠴᠡᠢ 》 ᠭᠡᠵᠦ ᠶᠠᠷᠢᠭᠰᠠᠨ ᠪᠠᠶ᠋ᠢᠨ᠎ᠠ᠃
ᠠᠯᠢᠪᠠ ᠱᠠᠰᠢᠨ ᠰᠤᠷᠲᠠᠬᠤᠨ ᠪᠣᠯ ᠴᠥᠮ ᠠᠷᠠᠳ ᠲᠦᠮᠡᠨ ᠊ᠢ ᠮᠤᠩᠬᠠᠷᠠᠭᠤᠯᠬᠤ ᠬᠠᠷ᠎ᠠ ᠲᠠᠮᠠᠬᠢ ᠮᠥᠨ ᠭᠡᠵᠦ ᠮᠠᠷᠺᠰ ᠤ᠋ᠨ ᠦᠵᠡᠯ ᠳ᠋ᠦ᠍ ᠬᠡᠯᠡᠳᠡᠭ᠃ ᠡᠨᠡ ᠨᠢᠭᠡ ᠠᠭᠤᠯᠭ᠎ᠠ ᠠ᠋ᠴᠠ ᠠᠪᠴᠤ ᠬᠡᠯᠡᠪᠡᠯ᠂ ᠪᠤᠷᠬᠠᠨ ᠤ᠋ ᠨᠣᠮ ᠊ᠢ ᠶᠠᠮᠠᠷ ᠬᠡᠯᠡ ᠪᠡᠷ ᠳᠠᠯᠠᠨ ᠳᠡᠯᠭᠡᠷᠡᠭᠦᠯᠦᠭᠰᠡᠨ ᠴᠦ᠍ ᠢᠳᠡᠪᠬᠢ ᠠᠴᠢ ᠬᠣᠯᠪᠣᠭᠳᠠᠯ ᠭᠡᠵᠦ ᠦᠭᠡᠢ ᠶᠦ᠍ᠮ᠃ ᠭᠡᠪᠡᠴᠦ ᠣᠨᠴᠠᠭᠠᠢ ᠣᠷᠴᠢᠨ ᠲᠣᠭᠣᠷᠢᠨ᠂ ᠣᠨᠴᠠᠭᠠᠢ ᠴᠠᠭ ᠦᠶ᠎ᠡ ᠳ᠋ᠦ᠍ ᠲᠥᠯᠥᠪᠵᠢᠨ ᠲᠣᠭᠲᠠᠵᠤ᠂ ᠰᠢᠰᠲ᠋ᠧᠮᠵᠢᠨ ᠲᠡᠭᠦᠯᠲᠡᠷᠵᠢᠭᠰᠡᠨ ᠮᠣᠩᠭᠣᠯ ᠤᠩᠰᠢᠯᠭ᠎ᠠ ᠶ᠋ᠢ ᠪᠣᠳᠠᠰᠴᠢ ᠬᠤᠪᠢᠰᠤᠩᠭᠤᠢ ᠠᠷᠭ᠎ᠠ ᠪᠠᠷ ᠨᠢᠭᠲᠠᠯᠠᠨ ᠰᠢᠨᠵᠢᠯᠡᠳᠡᠭ ᠯᠡ ᠶᠦ᠍ᠮ ᠪᠣᠯ ᠲᠡᠷᠡ ᠨᠢ ᠳᠠᠩ ᠭᠠᠭᠴᠠ ᠪᠤᠷᠬᠠᠨ ᠤ᠋ ᠱᠠᠰᠢᠨ ᠤ᠋ ᠲᠦᠷᠦᠳᠡᠰᠦ ᠪᠢᠰᠢ᠂ ᠬᠠᠷᠢᠨ ᠮᠣᠩᠭᠣᠯ ᠰᠣᠶᠣᠯ ᠊ᠢ ᠴᠠᠭ ᠦᠶ᠎ᠡ ᠶ᠋ᠢᠨ ᠵᠣᠷᠢᠭ ᠰᠠᠨᠠᠭᠠᠨ ᠳ᠋ᠤ᠌ ᠵᠣᠬᠢᠴᠠᠭᠤᠯᠵᠤ ᠳᠡᠯᠭᠡᠷᠡᠭᠦᠯᠬᠦ ᠴᠢᠬᠤᠯᠠ ᠠᠷᠭ᠎ᠠ ᠪᠣᠳᠣᠯᠭ᠎ᠠ ᠶ᠋ᠢᠨ ᠪᠡᠶᠡᠯᠡᠯ ᠪᠠᠶ᠋ᠢᠬᠰᠠᠨ ᠭᠡᠵᠦ ᠬᠡᠯᠡᠵᠦ ᠪᠣᠯᠬᠤ ᠶᠤᠮ᠃ ᠡᠶ᠋ᠢᠮᠦ ᠡᠴᠡ ᠲᠡᠭᠦᠨ ᠳ᠋ᠦ᠍ ᠠᠷᠠᠳ ᠲᠦᠮᠡᠨ ᠊ᠢ ᠮᠤᠩᠬᠠᠷᠠᠭᠤᠯᠬᠤ ᠡᠯᠸᠮᠸᠲ ᠪᠠᠶ᠋ᠢᠬᠤ ᠪᠠᠷ ᠪᠠᠷᠠᠬᠤ ᠦᠭᠡᠢ ᠪᠠᠰᠠ ᠠᠷᠠᠳ ᠲᠦᠮᠡᠨ ᠊ᠢ ᠰᠣᠶᠣᠯᠵᠢᠭᠤᠯᠵᠤ ᠭᠡᠭᠡᠷᠡᠭᠦᠯᠬᠦ ᠡᠯᠸᠮᠸᠲ ᠲᠠᠢ ᠶᠤᠮ᠃ ᠡᠭᠦᠨ ᠳ᠋ᠦ᠍ ᠮᠣᠩᠭᠣᠯᠴᠤᠳ ᠲᠤ᠌ ᠠᠪᠴᠤ ᠬᠡᠯᠡᠪᠡᠯ ᠰᠡᠭᠦᠯ ᠦ᠋ᠨ ᠬᠢᠨᠢ ᠵᠢᠩ ᠳᠠᠷᠤᠵᠤ ᠪᠠᠶ᠋ᠢᠬᠰᠠᠨ ᠲᠤᠯᠠ ᠲᠡᠭᠦᠨ ᠦ᠌ ᠢᠳᠡᠪᠬᠢ ᠠᠴᠢ ᠬᠣᠯᠪᠣᠭᠳᠠᠯ ᠊ᠢ ᠳᠣᠣᠷ᠎ᠠ ᠦᠨᠡᠯᠡᠵᠦ ᠪᠣᠯᠬᠤ ᠦᠭᠡᠢ ᠶᠦ᠍ᠮ᠃ ᠣᠳᠣᠬᠠᠨ ᠳ᠋ᠤ᠌ ᠣᠯᠳᠠᠭᠠᠳ ᠪᠠᠶ᠋ᠢᠭ᠎ᠠ ᠡᠶ᠋ᠢᠮᠦᠷᠬᠦ ᠮᠣᠩᠭᠣᠯ ᠬᠡᠯᠡ ᠪᠡᠷ ᠪᠢᠴᠢᠭᠲᠡᠭᠰᠡᠨ ᠨᠣᠮ ᠰᠤᠳᠤᠷ ᠨᠢ ᠲᠣᠭᠠᠨ ᠤ᠋ ᠲᠠᠯ᠎ᠠ᠂ ᠴᠢᠨᠠᠷ ᠤ᠋ᠨ ᠲᠠᠯ᠎ᠠ ᠵᠢᠴᠢ ᠬᠡᠪᠯᠡᠯ ᠦ᠋ᠨ ᠲᠠᠯ᠎ᠠ ᠪᠠᠷ ᠲᠥᠪᠡᠳ ᠰᠠᠭᠰᠺᠷᠲ ᠬᠡᠯᠡ ᠪᠡᠷ ᠪᠢᠴᠢᠭᠲᠡᠭᠰᠡᠨ ᠨᠣᠮ ᠰᠤᠳᠤᠷ
ᠢᠷᠡᠯᠲᠡ᠄ ᠪᠤᠭᠤᠲᠤ ᠬᠣᠲᠠ ᠶ᠋ᠢᠨ ᠲᠧᠯᠸᠢᠰ ᠬᠣᠷᠢᠶᠠᠨ ᠤ᠋ ᠮᠣᠩᠭᠣᠯ ᠨᠠᠶ᠋ᠢᠷᠠᠭᠤᠯᠬᠤ ᠬᠡᠯᠲᠡᠰ
ᠦᠰᠦᠭ ᠠᠮᠢᠯᠠᠭᠤᠯᠤᠭᠴᠢ᠄ ᠱᠠᠭᠰᠠᠯ
ᠬᠢᠨᠠᠭᠴᠢ᠄ ᠣᠤᠠᠬᠠᠨᠰᠣ ᠠ᠋
