ᠬᠦᠲᠡᠷ ᠬᠠᠶ᠋ᠢᠯᠤᠭᠤᠯᠵᠤ ᠡᠷᠭᠢᠨ ᠪ ᠬᠤᠨ ᠠ᠋ᠴᠠ ᠭᠠᠷᠤᠭᠰᠠᠨ ᠦᠯᠢᠭᠡᠷ( ᠬᠡᠯᠡ ᠪᠢᠴᠢᠭ – ᠶᠢᠰᠦᠳᠦᠭᠡᠷ ᠳᠡᠪᠲᠡᠷ) Хүдэр хайлуулж  эргэны   хунаас гарсан үлгэр( Хэл бичиг – Есдүгээр дэвтэр) ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠦᠲᠡᠷ ᠬᠠᠶ᠋ᠢᠯᠤᠭᠤᠯᠵᠤ ᠡᠷᠭᠢᠨ ᠪ ᠬᠤᠨ ᠠ᠋ᠴᠠ ᠭᠠᠷᠤᠭᠰᠠᠨ ᠦᠯᠢᠭᠡᠷ( ᠬᠡᠯᠡ ᠪᠢᠴᠢᠭ – ᠶᠢᠰᠦᠳᠦᠭᠡᠷ ᠳᠡᠪᠲᠡᠷ) Хүдэр хайлуулж  эргэны   хунаас гарсан үлгэр( Хэл бичиг – Есдүгээр дэвтэр)

ᠬᠦᠲᠡᠷ ᠬᠠᠶ᠋ᠢᠯᠤᠭᠤᠯᠵᠤ ᠡᠷᠭᠢᠨ ᠪ ᠬᠤᠨ ᠠ᠋ᠴᠠ ᠭᠠᠷᠤᠭᠰᠠᠨ ᠦᠯᠢᠭᠡᠷ( ᠬᠡᠯᠡ ᠪᠢᠴᠢᠭ – ᠶᠢᠰᠦᠳᠦᠭᠡᠷ ᠳᠡᠪᠲᠡᠷ) Хүдэр хайлуулж  эргэны   хунаас гарсан үлгэр( Хэл бичиг – Есдүгээр дэвтэр)

ᠠᠩᠭᠢᠯᠠᠯ:ᠳᠣᠮᠣᠭ ᠦᠯᠢᠭᠡᠷ
2023-05-08

527

ᠬᠦᠲᠡᠷ ᠬᠠᠶ᠋ᠢᠯᠤᠭᠤᠯᠵᠤ ᠡᠷᠭᠢᠨ ᠪ ᠬᠤᠨ ᠠ᠋ᠴᠠ ᠭᠠᠷᠤᠭᠰᠠᠨ ᠦᠯᠢᠭᠡᠷ


          ᠪᠢᠴᠢᠬᠠᠨ ᠨᠥᠬᠥᠳ ᠠ᠋᠂ ᠡᠨᠲᠡ ᠪᠢ ᠲᠠ ᠨᠠᠷ ᠲᠦ ᠮᠣᠩᠭᠣᠯ ᠦᠨᠲᠦᠰᠦᠲᠡᠨ ᠪ ᠡᠭᠦᠰᠦᠯ ᠭᠠᠷᠤᠯ ᠦ᠋ᠨ ᠲᠤᠬᠠᠢ ᠨᠢᠭᠡᠨ ᠳᠣᠮᠣᠭ ᠶᠠᠷᠢᠵᠤ  ᠥᠭᠭᠦᠶ᠎ᠡ᠃
     ᠡᠷᠲᠡ ᠤᠷᠢᠲᠤ ᠶ᠋ᠢᠨ ᠴᠠᠭ ᠲᠤ ᠶᠤᠮᠰᠠᠨᠵᠠᠢ᠃ ᠤᠮᠠᠷᠠᠲᠤ ᠵᠦᠭ ᠦ᠋ᠨ ᠲᠠᠯ᠎ᠠ ᠨᠤᠲᠤᠭ ᠲᠤ ᠣᠯᠠᠨ ᠨᠡᠭᠦᠲᠡᠯᠴᠢᠨ ᠠᠶ᠋ᠢᠮᠠᠭ ᠨᠤᠲᠤᠭᠯᠠᠵᠤ ᠪᠠᠶ᠋ᠢᠵᠠᠢ᠃ ᠲᠡᠲᠡ ᠤᠰᠤ ᠪᠡᠯᠴᠢᠭᠡᠷ ᠊ᠢ ᠳᠠᠭᠠᠨ ᠨᠡᠭᠦᠲᠡᠯᠯᠡᠨ ᠠᠮᠢᠲᠤᠷᠠᠲᠠᠭ᠃ ᠲᠡᠲᠡᠭᠡᠷ ᠨᠡᠭᠦᠲᠡᠯᠴᠢᠨ ᠠᠶ᠋ᠢᠮᠠᠭ ᠦ᠋ᠨ ᠳᠣᠲᠣᠷ᠎ᠠ 《 ᠮᠣᠩᠭᠣᠯ  》 ᠭᠡᠳᠡᠭ ᠨᠢᠭᠡᠨ ᠪᠠᠭᠤᠷᠠᠢ ᠠᠶ᠋ᠢᠮᠠᠭ ᠪᠠᠶ᠋ᠢᠬᠰᠠᠨ ᠶᠤᠮ᠃ 
     ᠨᠢᠭᠡ ᠤᠲᠠᠬ᠋᠎ᠠ ᠮᠣᠩᠭᠣᠯ ᠠᠶ᠋ᠢᠮᠠᠭ ᠲᠡᠭᠦᠨ ᠪ ᠵᠡᠷᠭᠡᠯᠡᠲᠡᠭᠡ ᠣᠷᠣᠰᠢᠬᠤ ᠥᠭᠡᠷ᠎ᠡ ᠨᠢᠭᠡᠨ ᠪᠠᠭᠤᠷᠠᠢ ᠠᠶ᠋ᠢᠮᠠᠭ ᠦ᠋ᠨ ᠬᠣᠭᠣᠷᠣᠨᠲᠣ ᠪᠠᠨ ᠡᠪᠲᠡᠷᠡᠨ ᠮᠠᠭᠤᠲᠠᠯᠴᠠᠵᠤ᠂ ᠬᠣᠶᠠᠷ ᠡᠲᠡᠭᠡᠳ ᠶ᠋ᠢᠡᠷ ᠶ᠋ᠢᠡᠨ ᠶᠡᠬᠡ ᠠᠯᠠᠯᠲᠤᠭᠠᠨ ᠪᠣᠯᠪᠠ᠃ ᠲᠡᠷᠡ ᠠᠯᠠᠯᠲᠤᠭᠠᠨ ᠪ ᠡᠴᠦᠰ ᠲᠤ ᠮᠣᠩᠭᠣᠯ ᠠᠶ᠋ᠢᠮᠠᠭ ᠠ᠋ᠴᠠ ᠵᠥᠪᠬᠡᠨ ᠬᠣᠶᠠᠷ ᠡᠷᠡᠭᠲᠡᠢ ᠬᠣᠶᠠᠷ ᠡᠮᠡᠭᠲᠡᠢ ᠳᠥᠷᠪᠡᠨ ᠵᠠᠯᠠᠭᠣ ᠦᠯᠡᠲᠡᠵᠦ᠂ ᠪᠣᠰᠤᠳ ᠨᠢ ᠪᠦᠷ ᠬᠢᠲᠤᠭᠲᠠᠪᠠ᠃
     ᠠᠮᠢᠲᠤ ᠭᠠᠷᠤᠭᠰᠠᠨ ᠮᠣᠩᠭᠣᠯ ᠠᠶ᠋ᠢᠮᠠᠭ ᠦ᠋ᠨ ᠳᠥᠷᠪᠡᠨ ᠵᠠᠯᠠᠭᠣ ᠵᠢᠭᠤᠲᠠᠨ ᠳᠤᠲᠠᠭᠠᠭᠰᠠᠭᠠᠷ᠂ ᠬᠥᠮᠦᠨ ᠠᠮᠢᠲᠠᠨ ᠬᠦᠷᠬᠦᠶ᠎ᠡ ᠪᠡᠷᠬᠡ ᠨᠢᠭᠡ ᠠᠭᠯᠠᠭ ᠠᠭᠤᠯᠠᠨ  ᠳ᠋ᠤ᠌ ᠬᠦᠷᠴᠦ ᠢᠷᠡᠪᠡ᠃ ᠡᠨᠡ ᠠᠭᠤᠯᠠᠨ ᠪ ᠳᠥᠷᠪᠡᠨ ᠲᠠᠯ᠎ᠠ ᠪᠠᠷ ᠬᠠᠯᠢᠯ ᠬᠠᠲᠠ ᠰᠦᠨᠲᠡᠷᠯᠡᠨ᠂ ᠬᠠᠭᠲᠠ ᠣᠢ ᠪᠦᠷᠬᠦᠭᠡᠳ᠂ ᠠᠭᠤᠯᠠᠨ  ᠳ᠋ᠤ᠌ ᠣᠷᠣᠬᠤ ᠵᠠᠮ ᠭᠡᠵᠦ  ᠣᠭᠲᠣᠬᠠᠨ ᠴᠤ᠌ ᠪᠠᠶ᠋ᠢᠬᠤ ᠦᠭᠡᠢ᠃ ᠲᠡᠷᠡ ᠳᠥᠷᠪᠡᠭᠦᠯᠡ ᠠᠮᠢ ᠵᠤᠯᠪᠠᠬᠤ ᠶ᠋ᠢᠨ ᠲᠥᠯᠥᠭᠡ ᠬᠠᠲᠠ ᠴᠢᠯᠠᠭᠤ ᠶ᠋ᠢ ᠰᠢᠯᠵᠢᠭᠦᠯᠦᠨ᠂ ᠬᠠᠷᠭᠠᠨ᠎ᠠ ᠰᠣᠨᠲᠤᠤᠯᠠ ᠶ᠋ᠢ ᠲᠠᠰᠤᠲᠠᠨ᠂ ᠬᠠᠮᠤᠭ ᠪᠡᠷᠬᠡ ᠶ᠋ᠢ ᠲᠠᠭᠤᠯᠵᠤ ᠨᠢᠭᠡᠨ ᠵᠦᠷᠢᠭ ᠭᠠᠷᠭᠠᠵᠤ ᠠᠭᠤᠯᠠᠨ  ᠳ᠋ᠤ᠌ ᠵᠢᠭᠤᠲᠠᠨ ᠣᠷᠣᠵᠠᠢ᠃ ᠠᠭᠤᠯᠠᠨ ᠪ ᠳᠤᠮᠳᠠ ᠣᠷᠣᠪᠠᠯ ᠬᠠᠷᠢᠨ᠄
      ᠥᠨᠲᠥᠷ ᠣᠭᠲᠠᠷᠭᠤᠢ ᠴᠡᠯᠮᠡᠵᠦ
      ᠥᠯᠥᠩ ᠡᠪᠡᠰᠦ ᠢᠬᠴᠤᠷᠠᠨ
      ᠥᠩ ᠰᠢᠮ᠎ᠡ  ᠪᠦᠷᠢᠳᠦᠭᠰᠡᠨ
      ᠥᠨᠢᠷ ᠰᠠᠶ᠋ᠢᠬᠠᠨ ᠲᠠᠯ᠎ᠠ ᠪᠠᠶ᠋ᠢᠬᠰᠠᠨ ᠠᠵᠢ᠃ ᠡᠨᠡ ᠭᠠᠵᠠᠷ ᠦ᠋ᠨ ᠨᠡᠷ᠎ᠡ ᠶ᠋ᠢ ᠡᠷᠭᠢᠨ ᠪ ᠬᠤᠨ ᠭᠡᠳᠡᠭ ᠪᠠᠶ᠋ᠢᠵᠠᠢ᠃ ᠲᠡᠲᠡ ᠳᠥᠷᠪᠡᠭᠦᠯᠡ᠄ ᠡᠨᠡ ᠭᠠᠵᠠᠷ ᠊ᠢ ᠲᠡᠭᠷᠢ ᠮᠠᠨ  ᠳ᠋ᠤ᠌ ᠬᠠᠶ᠋ᠢᠷᠠᠯᠠᠪᠠ ᠭᠡᠵᠦ ᠶᠡᠬᠡᠲᠡ ᠪᠠᠶᠠᠷᠯᠠᠨ ᠬᠣᠶᠠᠷ ᠠᠶ᠋ᠢᠯ ᠭᠡᠷ ᠪᠣᠯᠤᠯᠴᠠᠨ᠂ ᠡᠷᠭᠢᠨ ᠪ ᠬᠤᠨ  ᠳ᠋ᠤ᠌ ᠨᠤᠲᠤᠭᠰᠢᠨ ᠰᠠᠭᠤᠪᠠ᠃
     ᠲᠡᠷᠡ ᠬᠣᠶᠠᠷ ᠠᠶ᠋ᠢᠯ ᠡᠷᠦᠬᠡ ᠶ᠋ᠢᠨ ᠨᠢᠭᠡ ᠨᠢ ᠨᠡᠬᠦ ᠣᠪᠣᠭᠲᠤ᠂ ᠨᠥᠭᠥᠭᠡ ᠨᠢ ᠬᠢᠶᠠᠨ ᠣᠪᠣᠭᠲᠤ ᠪᠣᠯᠪᠠ᠃
    ᠬᠣᠶᠠᠷ ᠣᠪᠣᠭ ᠢᠷᠭᠡᠨ ᠪ ᠬᠣᠶ᠋ᠢᠴᠢ ᠦᠶ᠎ᠡ ᠦᠷᠡᠵᠢᠨ ᠦᠷᠡᠵᠢᠭᠰᠡᠭᠡᠷ ᠪᠠᠰᠠ ᠣᠯᠠᠨ ᠠᠶ᠋ᠢᠮᠠᠭ ᠤᠭᠰᠠᠬ᠋᠎ᠠ ᠪᠣᠯᠤᠨ ᠰᠠᠯᠪᠤᠷᠢᠯᠠᠵᠤ᠂ ᠤᠯᠠᠮ ᠶ᠋ᠢᠠᠷ ᠡᠷᠭᠢᠨ  ᠪ ᠬᠤᠨ  ᠳ᠋ᠤ᠌ ᠪᠠᠭᠲᠠᠵᠤ ᠶᠠᠲᠠᠬᠤ  ᠳ᠋ᠤ᠌ ᠬᠦᠷᠴᠡᠢ᠃ ᠡᠭᠦᠨ  ᠳ᠋ᠤ᠌ ᠲᠡᠲᠡ ᠡᠨᠡ ᠪᠣᠶ᠋ᠢᠲᠠ ᠪᠥᠭᠯᠡᠭᠦᠦ ᠠᠭᠤᠯᠠ ᠬᠠᠪᠴᠢᠯ ᠠ᠋ᠴᠠ ᠭᠠᠷᠴᠤ᠂ ᠥᠷᠭᠡᠨ ᠠᠭᠤᠲᠠᠮ ᠲᠠᠯ᠎ᠠ ᠨᠤᠲᠤᠭ ᠲᠠᠭᠠᠨ ᠪᠤᠴᠠᠬᠤ ᠶ᠋ᠢ ᠬᠦᠰᠡᠪᠡ᠃ ᠲᠡᠲᠡ ᠡᠪᠦᠭᠡ ᠳᠡᠭᠡᠳᠦᠰ ᠦ᠋ᠨ ᠶ᠋ᠢᠡᠨ ᠠᠩᠬ᠎ᠠ ᠠᠭᠤᠯᠠᠨ  ᠳ᠋ᠤ᠌ ᠣᠷᠣᠵᠤ ᠢᠷᠡᠭᠰᠡᠨ ᠶᠠᠪᠤᠲᠠᠯ ᠊ᠢ ᠴᠡᠭᠡᠵᠢᠯᠡᠭᠰᠡᠭᠡᠷ ᠪᠣᠯᠪᠠᠴᠤ ᠲᠡᠷᠡ ‍ᠬᠦ ᠨᠠᠷᠢᠨ  ᠵᠦᠷᠢᠭ ᠨᠢ ᠠᠯᠢ ᠬᠡᠲᠦᠶ᠋ᠢᠨ ᠡᠪᠡᠰᠦ ᠮᠣᠲᠣ ᠪᠠᠷ ᠬᠤᠴᠢᠬᠲᠠᠨ ᠬᠠᠭᠠᠭᠲᠠᠪᠠ᠃ ᠪᠦᠭᠦᠲᠡᠭᠡᠷ ᠴᠣᠬᠣᠮ ᠶᠠᠭᠠᠬᠢᠵᠤ ᠠᠭᠤᠯᠠᠨ ᠠ᠋ᠴᠠ ᠭᠠᠷᠬᠤ ᠠᠷᠬ᠋᠎ᠠ ᠣᠯᠬᠤ ᠦᠭᠡᠢ ᠵᠣᠪᠠᠵᠤ ᠪᠠᠶ᠋ᠢᠲᠠᠯ᠎ᠠ ᠬᠢᠶᠠᠨ ᠣᠪᠣᠭ ᠦ᠋ᠨ ᠨᠢᠭᠡᠨ  ᠬᠥᠭᠰᠢᠨ ᠠᠩᠴᠢᠨ ᠠᠭᠤᠯᠠᠨ ᠪ ᠳᠤᠮᠳᠠ ᠠ᠋ᠴᠠ ᠨᠢᠭᠡᠨ ᠬᠦᠲᠡᠷ ᠬᠠᠶ᠋ᠢᠯᠤᠭᠤᠯᠵᠤ ᠪᠠᠶ᠋ᠢᠬᠰᠠᠨ ᠭᠠᠵᠠᠷ ᠊ᠢ ᠣᠯᠵᠤ ᠦᠵᠡᠭᠡᠳ᠂ ᠣᠯᠠᠨ ᠊ᠢ ᠳᠠᠭᠠᠭᠤᠯᠤᠨ ᠠᠪᠠᠴᠢᠵᠤ ᠦᠵᠡᠭᠦᠯᠪᠡ᠃ ᠪᠦᠭᠦᠲᠡᠭᠡᠷ ᠰᠢᠨᠵᠢᠵᠦ  ᠦᠵᠡᠭᠰᠡᠭᠡᠷ ᠭᠡᠨᠡᠤᠠᠲᠡ ᠨᠢᠭᠡᠨ ᠠᠷᠬ᠋᠎ᠠ ᠪᠣᠲᠣᠵᠤ ᠣᠯᠪᠠ ᠄ ᠬᠦᠲᠡᠷ ᠬᠠᠶ᠋ᠢᠯᠤᠭᠤᠯᠤᠨ ᠠᠭᠤᠯᠠ ᠶ᠋ᠢ ᠶᠡᠭᠦᠷᠡᠭᠦᠯᠵᠦ ᠭᠠᠷᠴᠤ ᠪᠣᠯᠬᠤ ᠶᠤᠮ ᠪᠠᠶ᠋ᠢᠨ᠎ᠠ ! ᠲᠡᠶ᠋ᠢᠮᠦ᠂ ᠲᠡᠭᠡᠬᠦ ᠡᠴᠡ ᠥᠭᠡᠷ᠎ᠡ ᠠᠷᠬ᠋᠎ᠠ ᠦᠭᠡᠢ᠃ ᠲᠡᠭᠡᠭᠡᠳ ᠪᠦᠭᠦᠲᠡᠭᠡᠷ ᠣᠢ ᠳᠣᠲᠣᠷ᠎ᠠ ᠠ᠋ᠴᠠ ᠲᠦᠯᠡᠭᠡ ᠨᠡᠭᠦᠷᠡᠰᠦ ᠴᠤᠭᠯᠠᠭᠤᠯᠤᠨ᠂ ᠪᠠᠰᠠ ᠳᠠᠯᠠᠨ ᠦᠬᠡᠷ ᠠᠯᠠᠵᠤ ᠠᠷᠠᠰᠤ ᠶ᠋ᠢ ᠨᠢ ᠪᠢᠲᠡᠭᠦᠦ ᠪᠡᠷ ᠥᠪᠴᠢᠨ᠂ ᠳᠠᠯᠠᠨ ᠠᠷᠠᠰᠤᠨ ᠬᠥᠭᠡᠷᠭᠡ ᠬᠢᠪᠡ᠃
      ᠨᠢᠭᠡᠨ ᠡᠲᠦᠷ ᠪᠦᠭᠦᠲᠡᠭᠡᠷ ᠬᠤᠷᠠᠨ ᠢᠷᠡᠵᠦ᠂ ᠴᠤᠭᠯᠠᠭᠤᠯᠤᠭᠰᠠᠨ ᠲᠦᠯᠡᠭᠡ ᠨᠡᠭᠦᠷᠡᠰᠦ ᠪᠡᠨ ᠴᠥᠮ ᠲᠡᠷᠡ ᠬᠦᠲᠡᠷ ᠬᠠᠶ᠋ᠢᠯᠤᠭᠤᠯᠵᠤ ᠪᠠᠶ᠋ᠢᠬᠰᠠᠨ ᠭᠠᠵᠠᠷ ᠣᠪᠣᠭᠠᠯᠠᠨ ᠲᠠᠯᠪᠢᠵᠤ᠂ ᠭᠠᠯ ᠶ᠋ᠢᠠᠨ  ᠬᠥᠭᠵᠢᠭᠡᠭᠡᠳ᠂ ᠢᠲᠡ ᠬᠦᠴᠦᠲᠡᠢ ᠬᠡᠲᠦᠨ ᠵᠠᠭᠤᠨ ᠡᠷᠡᠴᠦᠳ ᠊ᠢ ᠰᠣᠩᠭᠣᠨ ᠭᠠᠷᠭᠠᠵᠤ᠂ ᠳᠠᠯᠠᠨ ᠠᠷᠠᠰᠤᠨ ᠬᠥᠭᠡᠷᠭᠡ ᠪᠡᠷ ᠡᠲᠦᠷ ᠰᠥᠨᠢ ᠦᠭᠡᠢ ᠡᠭᠡᠯᠵᠢᠯᠡᠨ ᠬᠥᠭᠡᠷᠭᠡᠲᠡᠪᠡ᠃ ᠬᠡᠯᠡᠪᠡᠯ ᠪᠠᠰᠠ ᠰᠣᠨᠢᠨ᠂ ᠳᠣᠯᠣᠭᠠᠨ ᠳᠣᠯᠣᠬ᠋᠎ᠠ ᠳᠥᠴᠢ ᠶᠢᠰᠦᠨ ᠡᠲᠦᠷ ᠬᠦᠭᠡᠷᠭᠡᠳᠡᠭᠰᠡᠨ ᠴᠢᠨᠢ ᠬᠦᠲᠡᠷ ᠴᠢᠯᠠᠭᠤ ᠬᠠᠶ᠋ᠢᠯᠤᠨ ᠤᠷᠤᠰᠴᠤ᠂ ᠬᠥᠬᠡ ᠠᠭᠤᠯᠠ ᠶᠡᠭᠦᠷᠡᠨ ᠣᠶ᠋ᠢᠴᠢᠭᠠᠳ᠂ ᠲᠠᠯ᠎ᠠ ᠨᠤᠲᠤᠭ ᠨᠢᠲᠦᠨ ᠪ ᠡᠮᠦᠨ᠎ᠡ ᠢᠯᠡᠷᠡᠨ ᠭᠠᠷᠴᠠᠢ᠃ ᠲᠡᠲᠡ ᠪᠦᠭᠦᠲᠡᠭᠡᠷ ᠲᠡᠰᠬᠡᠯ ᠦᠭᠡᠢ ᠪᠠᠶᠠᠷᠯᠠᠵᠤ᠂ ᠤᠯᠠᠮᠵᠢᠯᠠᠯᠲᠤ ᠵᠠᠩᠰᠢᠯ ᠶ᠋ᠢᠠᠷ  ᠡᠭᠡᠰᠢᠭᠯᠡᠨ ᠳᠠᠭᠤᠯᠠᠵᠤ᠂ ᠳᠡᠪᠬᠡᠴᠡᠨ  ᠪᠦᠵᠢᠭᠯᠡᠭᠰᠡᠭᠡᠷ ᠡᠷᠭᠢᠨ ᠪ ᠬᠤᠨ ᠠ᠋ᠴᠠ ᠭᠠᠷᠴᠤ᠂ ᠥᠷᠭᠡᠨ ᠠᠭᠤᠲᠠᠮ ᠲᠠᠯ᠎ᠠ ᠨᠤᠲᠤᠭ ᠲᠠᠭᠠᠨ ᠪᠤᠴᠠᠵᠤ ᠢᠷᠡᠭᠡᠳ ᠲᠠᠪᠠᠲᠠᠢ ᠰᠠᠶ᠋ᠢᠬᠠᠨ ᠠᠮᠢᠲᠤᠷᠠᠨ ᠰᠠᠭᠤᠵᠠᠢ ᠭᠡᠨ᠎ᠡ᠃    

ᠢᠷᠡᠯᠲᠡ ᠄  
      ᠲᠠᠪᠤᠨ ᠵᠢᠯ ᠦᠨ ᠲᠦᠷᠢᠮᠳᠦ ᠪᠠᠭ᠎ᠠ ᠰᠤᠷᠭᠠᠭᠤᠯᠢ ᠳᠤ ᠦᠵᠡᠬᠦ 
          ᠬᠡᠯᠡ ᠪᠢᠴᠢᠭ    ᠶᠢᠰᠦᠳᠦᠭᠡᠷ ᠲᠡᠪᠳᠡᠷ  ※ 
              ᠦᠪᠦᠷ ᠮᠤᠩᠭᠤᠯ ᠤᠨ ᠰᠤᠷᠭᠠᠨ ᠬᠦᠮᠦᠵᠢᠯ ᠦᠨ ᠬᠡᠪᠯᠡᠯ ᠦᠨ ᠬᠤᠷᠢᠶ᠎ᠠ ᠨᠠᠢᠢᠷᠠᠭᠤᠯᠤᠨ ᠬᠡᠪᠯᠡᠭᠦᠯᠪᠡ
              ᠦᠪᠦᠷ ᠮᠤᠩᠭᠤᠯ ᠤᠨ ᠰᠢᠨᠬᠤᠸᠠ ᠨᠤᠮ ᠤᠨ ᠲᠡᠯᠭᠡᠭᠦᠷ ᠲᠠᠷᠬᠠᠭᠠᠪᠠ
              ᠦᠪᠦᠷ ᠮᠤᠩᠭᠤᠯ ᠤᠨ ᠮᠤᠩᠭᠤᠯ ᠪᠢᠴᠢᠭ ᠬᠡᠪᠯᠠᠬᠦ ᠦᠢᠯᠡᠳᠪᠦᠷᠢ ᠬᠡᠪᠯᠡᠪᠡ 
             1981 ᠤᠨ ᠤ 5 ᠰᠠᠷ᠎ᠠ ᠳᠤ ᠬᠤᠶᠠᠳᠤᠭᠠᠷ ᠬᠡᠪ ᠢ ᠬᠢᠪᠡ 
             1984 ᠤᠨ ᠤ 4 ᠰᠠᠷ᠎ᠠ ᠳᠤ ᠲᠦᠷᠪᠡᠳᠦᠭᠡᠷ ᠤᠳᠠᠭ᠎ᠠ ᠶ᠋ᠢᠨ ᠬᠡᠪᠯᠡᠯ ᠡᠴᠡ ᠰᠣᠩᠭᠣᠪᠠ ᠃

        ᠦᠰᠦᠭ ᠠᠮᠢᠯᠠᠭᠤᠯᠤᠭᠴᠢ ᠄  ᠣᠲᠣᠨᠬᠤᠸᠠᠷ
             ᠬᠢᠨᠠᠭᠴᠢ ᠄   ᠠ‍ ·  ᠰᠠᠷᠠᠩᠭᠡᠷᠡᠯ ᠂ ᠣᠤᠠᠬᠠᠨᠰᠣ᠎ᠠ
                                        2023 .3 .17