ᠪᠣᠯᠳᠠᠭ ᠦᠭᠡᠢ ᠪᠣᠷᠣ ᠡᠪᠦᠭᠡᠨБолдоггүй бор өвгөн
ᠪᠣᠯᠳᠠᠭ ᠦᠭᠡᠢ ᠪᠣᠷᠣ ᠡᠪᠦᠭᠡᠨ
ᠡᠷᠲᠡ ᠤᠷᠢᠳᠤ ᠴᠠᠭ ᠲᠤ᠌ ᠪᠣᠯᠳᠠᠭ ᠦᠭᠡᠢ ᠪᠣᠷᠣ ᠡᠪᠦᠭᠡᠨ ᠭᠡᠵᠦ ᠨᠢᠭᠡ ᠡᠪᠦᠭᠡᠨ ᠪᠠᠢᠵᠤ ᠭᠡᠨ᠎ᠡ᠃ ᠡᠨᠡ ᠡᠪᠦᠭᠡᠨ ᠳᠣᠯᠢᠶᠠᠨ ᠪᠣᠷᠣ ᠬᠣᠨᠢ ᠲᠠᠢ᠂ ᠨᠢᠰᠳᠡᠭ ᠪᠣᠷᠣ ᠮᠣᠷᠢ ᠲᠠᠢ᠂ ᠪᠠᠰᠠ ᠨᠢᠰᠳᠡᠭ ᠦᠭᠡᠢ ᠪᠣᠷᠣ ᠮᠣᠷᠢ ᠲᠠᠢ ᠶᠤᠮ ᠭᠡᠨ᠎ᠡ᠃ ᠪᠣᠯᠳᠠᠭ ᠦᠭᠡᠢ ᠪᠣᠷᠣ ᠡᠪᠦᠭᠡᠨ ᠪᠣᠯᠵᠣᠭᠠᠲᠤ ᠶ᠋ᠢᠨ ᠪᠣᠷᠣ ᠲᠣᠯᠣᠭᠠᠢ ᠶ᠋ᠢᠨ ᠲᠡᠨᠳᠡ ᠣᠪᠣᠬᠠᠢ ᠪᠡᠷᠢ ᠳ᠋ᠦ᠍ ᠰᠠᠭᠤᠳᠠᠭ ᠪᠠᠢᠵᠠᠢ᠃ ᠪᠣᠯᠵᠣᠭᠠᠲᠤ ᠶ᠋ᠢᠨ ᠪᠣᠷᠣ ᠲᠣᠯᠣᠭᠠᠢ ᠳ᠋ᠤ᠌ ᠳᠣᠯᠣᠭᠠᠨ ᠪᠣᠷᠣ ᠬᠣᠨᠢ ᠪᠠᠨ ᠬᠠᠷᠢᠭᠤᠯᠳᠠᠭ ᠪᠠᠢᠵᠠᠢ᠃ ᠨᠢᠰᠳᠡᠭ ᠪᠣᠷᠣ ᠮᠣᠷᠢ ᠪᠠᠨ ᠭᠡᠷ ᠦ᠋ᠨ ᠢ᠋ᠶ᠋ᠡᠨ ᠪᠠᠷᠠᠭᠤᠨ ᠲᠠᠯ᠎ᠠ ᠳ᠋ᠤ᠌ ᠤᠶᠠᠳᠠᠭ᠂ ᠨᠢᠰᠳᠡᠭ ᠦᠭᠡᠢ ᠪᠣᠷᠣ ᠮᠣᠷᠢ ᠪᠠᠨ ᠵᠡᠭᠦᠨ ᠲᠠᠯ᠎ᠠ ᠳ᠋ᠤ᠌ ᠪᠠᠨ ᠠᠷᠭᠠᠮᠵᠢᠳᠠᠭ ᠪᠠᠢᠵᠠᠢ᠃
ᠪᠣᠯᠳᠠᠭ ᠦᠭᠡᠢ ᠪᠣᠷᠣ ᠡᠪᠦᠭᠡᠨ᠄ 《ᠬᠤᠪᠤ ᠪᠣᠷᠣ ᠬᠣᠨᠢᠨ ᠠ᠋ᠴᠠ ᠮᠢᠨᠢ ᠬᠤᠨᠳᠠᠨ ᠴᠠᠭᠠᠨ ᠬᠤᠷᠠᠭ᠎ᠠ ᠭᠠᠷᠤᠭᠠᠰᠠᠢ᠂ ᠬᠤᠷᠮᠤᠰᠲᠠ ᠲᠡᠭᠷᠢ ᠤᠷᠤᠭᠤ ᠪᠠᠨ ᠲᠠᠬᠢᠬᠤ ᠶᠤᠮᠰᠠᠨ》 ᠭᠡᠵᠦ ᠪᠣᠳᠣᠵᠤ ᠶᠠᠪᠤᠳᠠᠭ ᠪᠠᠢᠵᠠᠢ᠃ ᠲᠡᠭᠡᠵᠦ ᠪᠠᠢᠲᠠᠯ᠎ᠠ ᠬᠤᠪᠤ ᠪᠣᠷᠣ ᠬᠣᠨᠢᠨ ᠠ᠋ᠴᠠ ᠨᠢ ᠬᠤᠨᠳᠠᠨ ᠴᠠᠭᠠᠨ ᠬᠤᠷᠠᠭ᠎ᠠ ᠭᠠᠷᠤᠭᠰᠠᠨ ᠳ᠋ᠤ᠌ ᠬᠤᠷᠮᠤᠰᠲᠠ ᠲᠩᠷᠢ ᠪᠡᠨ ᠲᠠᠬᠢᠨ᠎ᠠ ᠭᠡᠵᠦ ᠪᠠᠶᠠᠷᠯᠠᠭᠠᠳ ᠬᠤᠷᠠᠭᠠᠨ ᠤ᠋ ᠤᠭᠤᠲᠠᠨ ᠳ᠋ᠤ᠌ ᠬᠢᠵᠦ ᠬᠡᠭᠡᠷ᠎ᠡ ᠲᠠᠯᠪᠢᠭᠠᠳ ᠬᠣᠨᠢ ᠪᠠᠨ ᠪᠤᠴᠠᠭᠠᠭᠠᠳ ᠢᠷᠡᠭᠰᠡᠨ ᠴᠢᠨᠢ ᠬᠤᠷᠮᠤᠰᠲᠠ ᠶ᠋ᠢᠨ ᠬᠣᠩ ᠬᠡᠷᠢᠶ᠎ᠡ ᠨᠢᠰᠴᠦ ᠢᠷᠡᠭᠡᠳ ᠬᠤᠷᠠᠭᠠᠨ ᠤ᠋ ᠬᠢ ᠨᠢ ᠨᠢᠳᠦ ᠶ᠋ᠢ ᠤᠬᠤᠴᠢᠬᠠᠭᠰᠠᠨ ᠪᠠᠢᠵᠤ ᠭᠡᠨ᠎ᠡ᠃ ᠪᠣᠯᠳᠠᠭ ᠦᠭᠡᠢ ᠪᠣᠷᠣ ᠡᠪᠦᠭᠡᠨ ᠠᠭᠤᠷᠯᠠᠵᠤ᠂ ᠨᠢᠰᠳᠡᠭ ᠪᠣᠷᠣ ᠮᠣᠷᠢ ᠪᠠᠨ ᠤᠨᠤᠵᠤ᠂ ᠨᠢᠰᠴᠦ ᠣᠴᠢᠭᠠᠳ ᠬᠣᠩ ᠬᠡᠷᠢᠶᠡᠨ ᠦ᠌ ᠡᠪᠡᠷ ᠬᠣᠰᠢᠭᠤ ᠶ᠋ᠢ ᠨᠢ ᠠᠪᠤᠭᠠᠳ ᠮᠣᠳᠣᠨ ᠬᠣᠰᠢᠭᠤ ᠬᠢᠭᠡᠳ ᠲᠠᠯᠪᠢᠴᠢᠬᠠᠵᠤ ᠭᠡᠨ᠎ᠡ᠃
ᠭᠡᠲᠡᠯ᠎ᠡ ᠬᠤᠷᠮᠤᠰᠲᠠ ᠲᠩᠷᠢ 《ᠬᠣᠩ ᠬᠡᠷᠢᠶᠡᠨ ᠦ᠌ ᠮᠢᠨᠢ ᠬᠣᠰᠢᠭᠤ ᠶ᠋ᠢ ᠰᠣᠯᠢᠯᠠ》 ᠭᠡᠵᠦ ᠠᠭᠤᠷᠯᠠᠭᠠᠳ ᠬᠣᠶᠠᠷ ᠴᠢᠨᠤᠷ ᠢ᠋ᠶ᠋ᠠᠨ ᠨᠢᠰᠳᠡᠭ ᠪᠣᠷᠣ ᠮᠣᠷᠢ ᠶ᠋ᠢ ᠢᠳᠡᠭᠦᠯᠬᠦ ᠪᠡᠷ ᠶᠠᠪᠤᠭᠤᠯᠵᠤ ᠭᠡᠨ᠎ᠡ᠃ ᠡᠭᠦᠨ ᠢ᠋ ᠪᠣᠯᠳᠠᠭ ᠦᠭᠡᠢ ᠪᠣᠷᠣ ᠡᠪᠦᠭᠡᠨ ᠮᠡᠳᠡᠭᠡᠳ ᠨᠢᠰᠳᠡᠭ ᠪᠣᠷᠣ ᠮᠣᠷᠢ ᠪᠠᠨ ᠵᠡᠭᠦᠨ ᠲᠠᠯ᠎ᠠ ᠳ᠋ᠤ᠌ ᠪᠠᠨ᠂ ᠨᠢᠰᠳᠡᠭ ᠦᠭᠡᠢ ᠪᠣᠷᠣ ᠮᠣᠷᠢ ᠪᠠᠨ ᠪᠠᠷᠠᠭᠤᠨ ᠲᠠᠯ᠎ᠠ ᠳ᠋ᠤ᠌ ᠪᠠᠨ ᠰᠣᠯᠢᠶ᠎ᠠ ᠳ᠋ᠤ᠌ ᠠᠷᠭᠠᠮᠵᠢᠵᠤ ᠭᠡᠨ᠎ᠡ᠃ ᠬᠤᠷᠮᠤᠰᠲᠠ ᠬᠠᠭᠠᠨ ᠤ᠋ ᠬᠣᠶᠠᠷ ᠴᠢᠨᠣ᠎ᠠ ᠢᠷᠡᠭᠡᠳ ᠨᠢᠰᠳᠡᠭ ᠦᠭᠡᠢ ᠪᠣᠷᠣ ᠮᠣᠷᠢ ᠶ᠋ᠢ ᠨᠢ ᠢᠳᠡᠴᠢᠬᠡᠭᠡᠳ ᠶᠠᠪᠤᠴᠢᠬᠠᠵᠤ ᠭᠡᠨ᠎ᠡ᠃ ᠪᠣᠯᠳᠠᠭ ᠦᠭᠡᠢ ᠪᠣᠷᠣ ᠡᠪᠦᠭᠡᠨ ᠨᠢᠰᠳᠡᠭ ᠪᠣᠷᠣ ᠮᠣᠷᠢ ᠪᠠᠨ ᠤᠨᠤᠵᠤ ᠬᠥᠭᠡᠭᠡᠵᠦ ᠣᠴᠢᠭᠠᠳ ᠬᠣᠶᠠᠷ ᠴᠢᠨᠣ᠎ᠠ ᠶ᠋ᠢᠨ ᠠᠷᠠᠰᠤ ᠶ᠋ᠢ ᠥᠪᠴᠢᠭᠡᠳ ᠬᠣᠩᠰᠢᠶᠠᠷ ᠲᠤ᠌ ᠨᠢ ᠤᠨᠵᠢᠭᠤᠯᠤᠭᠠᠳ ᠲᠠᠯᠪᠢᠴᠢᠬᠠᠵᠤ ᠭᠡᠨ᠎ᠡ᠃ ᠲᠡᠭᠡᠬᠦᠯᠡᠷ ᠬᠠᠨ ᠬᠤᠷᠮᠤᠰᠲᠠ ᠠ᠋ᠴᠠ ᠪᠣᠯᠳᠠᠭ ᠦᠭᠡᠢ ᠪᠣᠷᠣ ᠡᠪᠦᠭᠡᠨ ᠢ᠋ ᠳᠠᠷᠤᠭᠤᠯᠬᠤ ᠪᠠᠷ ᠮᠡᠴᠢᠳ ᠲᠣᠯᠣᠭᠠᠢᠲᠤ᠂ ᠮᠠᠷᠠᠯ ᠲᠣᠯᠣᠭᠠᠢᠲᠤ ᠬᠣᠶᠠᠷ ᠴᠢᠳᠬᠥᠷ ᠢ᠋ᠶ᠋ᠡᠨ ᠶᠠᠪᠤᠭᠤᠯᠵᠤ ᠭᠡᠨ᠎ᠡ᠃
ᠪᠣᠯᠳᠠᠭ ᠦᠭᠡᠢ ᠪᠣᠷᠣ ᠡᠪᠦᠭᠡᠨ ᠬᠣᠶᠠᠷ ᠴᠢᠳᠬᠥᠷ ᠢ᠋ ᠢᠷᠡᠬᠦ ᠳ᠋ᠦ᠍ ᠲᠣᠭᠣᠭ᠎ᠠ ᠳᠦᠭᠦᠷᠡᠩ ᠠᠳᠤᠭᠤᠨ ᠤ᠋ ᠰᠡᠪᠡᠰᠦ ᠪᠤᠴᠠᠯᠭᠠᠵᠤ ᠪᠠᠢᠵᠠᠢ᠃ ᠬᠣᠶᠠᠷ ᠴᠢᠳᠬᠥᠷ ᠢᠷᠡᠭᠡᠳ ᠬᠠᠨ᠎ᠠ ᠶ᠋ᠢᠨ ᠨᠢᠳᠦ ᠪᠡᠷ ᠱᠠᠭᠠᠢᠬᠤ ᠳ᠋ᠤ᠌ ᠨᠢ ᠬᠠᠯᠠᠭᠤᠨ ᠰᠡᠪᠡᠰᠦ ᠴᠠᠴᠤᠭᠠᠳ ᠨᠢᠭᠤᠷ ᠠᠮᠠ ᠶ᠋ᠢ ᠨᠢ ᠰᠢᠯᠵᠠᠯᠤᠭᠠᠳ ᠶᠠᠪᠤᠭᠤᠯᠵᠤ ᠭᠡᠨ᠎ᠡ᠃ ᠬᠠᠨ ᠬᠤᠷᠮᠤᠰᠲᠠ ᠠᠭᠤᠷᠯᠠᠵᠤ᠂ ᠪᠣᠯᠳᠠᠭ ᠦᠭᠡᠢ ᠪᠣᠷᠣ ᠡᠪᠦᠭᠡᠨ ᠢ᠋ ᠬᠣᠶᠠᠷ ᠯᠤᠤ ᠪᠠᠷ ᠢ᠋ᠶ᠋ᠠᠨ ᠨᠢᠷᠭᠡᠭᠦᠯᠬᠦ ᠪᠡᠷ ᠶᠠᠪᠤᠭᠤᠯᠵᠠᠢ᠃ ᠪᠣᠯᠳᠠᠭ ᠦᠭᠡᠢ ᠪᠣᠷᠣ ᠡᠪᠦᠭᠡᠨ ᠡᠭᠦᠨ ᠢ᠋ ᠮᠡᠳᠡᠵᠦ ᠪᠣᠯᠵᠣᠭᠠᠲᠤ ᠶ᠋ᠢᠨ ᠪᠣᠷᠣ ᠲᠣᠯᠣᠭᠠᠢ ᠳ᠋ᠤ᠌ ᠬᠣᠨᠢ ᠪᠠᠨ ᠬᠠᠷᠢᠭᠤᠯᠵᠤ ᠶᠠᠪᠤᠭᠰᠠᠨ ᠢ᠋ᠶ᠋ᠠᠨ ᠪᠣᠷᠣ ᠬᠤᠷᠠᠭᠠᠨ ᠳᠠᠬᠤ᠂ ᠪᠣᠷᠣᠯᠵᠢ ᠰᠢᠷᠠᠯᠵᠢ ᠪᠠᠷ ᠮᠠᠨᠠᠭᠤᠬᠠᠢ ᠪᠣᠰᠬᠠᠴᠢᠬᠠᠭᠠᠳ ᠭᠡᠨᠡᠳᠲᠡ ᠬᠣᠯᠠᠳᠠᠭᠠᠳ ᠥᠭᠡᠷ᠎ᠡ ᠭᠠᠵᠠᠷ ᠶᠠᠪᠤᠭᠠᠳ ᠥᠭᠴᠡᠢ᠃
ᠬᠣᠶᠠᠷ ᠯᠤᠤ ᠪᠣᠯᠵᠣᠭᠠᠲᠤ ᠶ᠋ᠢᠨ ᠪᠣᠷᠣ ᠲᠣᠯᠣᠭᠠᠢ ᠶ᠋ᠢ ᠪᠣᠷᠣ ᠨᠡᠭᠦᠷᠡᠰᠦ ᠪᠣᠯᠲᠠᠯ᠎ᠠ ᠨᠢ ᠨᠢᠷᠭᠡᠭᠡᠳ ᠶᠠᠪᠤᠴᠢᠬᠠᠵᠠᠢ᠃ ᠪᠣᠯᠳᠠᠭ ᠦᠭᠡᠢ ᠪᠣᠷᠣ ᠡᠪᠦᠭᠡᠨ ᠨᠢᠰᠳᠡᠭ ᠪᠣᠷᠣ ᠮᠣᠷᠢ ᠪᠠᠨ ᠤᠨᠤᠵᠤ ᠨᠢᠰᠴᠦ ᠬᠥᠭᠡᠭᠡᠵᠦ ᠣᠴᠢᠭᠠᠳ ᠬᠣᠶᠠᠷ ᠯᠤᠤᠨ ᠤ᠋ ᠰᠡᠭᠦᠯ ᠢ᠋ ᠲᠠᠰᠤ ᠴᠠᠪᠴᠢᠭᠠᠳ ᠶᠠᠪᠤᠭᠤᠯᠴᠢᠬᠠᠵᠠᠢ᠃
ᠬᠠᠨ ᠬᠤᠷᠮᠤᠰᠲᠠ ᠠᠭᠤᠷᠯᠠᠵᠤ᠂ 《ᠪᠣᠯᠳᠠᠭ ᠦᠭᠡᠢ ᠪᠣᠷᠣ ᠡᠪᠦᠭᠡᠨ ᠢ᠋ ᠴᠠᠭᠠᠵᠠ ᠪᠠᠷ ᠠᠪᠤᠨ᠎ᠠ》 ᠭᠡᠵᠦ ᠡᠯᠴᠢ ᠪᠡᠷ ᠳᠠᠭᠤᠳᠠᠭᠤᠯᠤᠭᠰᠠᠨ ᠳ᠋ᠤ᠌ ᠡᠪᠦᠭᠡᠨ ᠬᠤᠷᠮᠤᠰᠲᠠ ᠬᠠᠭᠠᠨ ᠤ᠋ ᠳ᠋ᠤ᠌ ᠣᠴᠢᠵᠠᠢ᠃ ᠬᠠᠨ ᠬᠤᠷᠮᠤᠰᠲᠠ᠄
-ᠴᠢ ᠶᠠᠭᠠᠬᠢᠭᠠᠳ ᠬᠡᠷᠢᠶᠡᠨ ᠦ᠌ ᠮᠢᠨᠢ ᠡᠪᠡᠷ ᠬᠣᠰᠢᠭᠤ ᠶ᠋ᠢ ᠮᠣᠳᠣᠨ ᠬᠣᠰᠢᠭᠤ ᠪᠠᠷ ᠰᠣᠯᠢᠭᠰᠠᠨ? ᠭᠡᠵᠦ ᠠᠰᠠᠭᠤᠵᠤ ᠭᠡᠨ᠎ᠡ᠃
-ᠬᠤᠪᠠ ᠪᠣᠷᠣ ᠬᠣᠨᠢᠨ ᠠ᠋ᠴᠠ ᠮᠢᠨᠢ ᠬᠤᠨᠳᠠᠨ ᠴᠠᠭᠠᠨ ᠬᠤᠷᠠᠭ᠎ᠠ ᠭᠠᠷᠪᠠᠯ ᠬᠤᠷᠮᠤᠰᠲᠠ ᠲᠡᠭᠷᠢ ᠤᠷᠤᠭᠤ ᠪᠠᠨ ᠲᠠᠬᠢᠬᠤ ᠶᠤᠮᠰᠠᠨ ᠭᠡᠵᠦ ᠪᠣᠳᠣᠵᠤ ᠶᠠᠪᠤᠲᠠᠯ᠎ᠠ ᠬᠤᠪᠠ ᠪᠣᠷᠣ ᠬᠣᠨᠢᠨ ᠠ᠋ᠴᠠ ᠮᠢᠨᠢ ᠬᠤᠨᠳᠠᠨ ᠴᠠᠭᠠᠨ ᠬᠤᠷᠠᠭ᠎ᠠ ᠭᠠᠷᠬᠤ ᠪᠠᠷ ᠨᠢ ᠬᠤᠷᠮᠤᠰᠲᠠ ᠲᠡᠭᠷᠢ ᠤᠷᠤᠭᠤ ᠪᠠᠨ ᠲᠠᠬᠢᠨ᠎ᠠ ᠭᠡᠵᠦ ᠪᠠᠶᠠᠷᠯᠠᠵᠤ ᠪᠠᠢᠲᠠᠯ᠎ᠠ ᠬᠣᠩ ᠬᠡᠷᠢᠶ᠎ᠡ ᠨᠢᠰᠴᠦ ᠢᠷᠡᠭᠡᠳ ᠬᠣᠶᠠᠷ ᠨᠢᠳᠦ ᠶ᠋ᠢ ᠨᠢ ᠣᠬᠣᠴᠢᠬᠠᠭᠠᠳ ᠶᠠᠪᠤᠴᠢᠬᠠᠯ᠎ᠠ᠃ ᠲᠡᠭᠡᠬᠦᠯᠡᠷ ᠨᠢ ᠪᠢ ᠠᠭᠤᠷᠯᠠᠵᠤ ᠬᠡᠷᠢᠶᠡᠨ ᠦ᠌ ᠬᠣᠰᠢᠭᠤ ᠶ᠋ᠢ ᠠᠪᠤᠭᠰᠠᠨ ᠭᠡᠵᠦ ᠬᠡᠯᠡᠵᠡᠢ᠃
-ᠲᠡᠭᠡᠪᠡᠯ ᠲᠡᠷᠡ ᠴᠢᠨᠦ ᠵᠥᠪ᠃ ᠬᠠᠷᠢᠨ ᠶᠠᠭᠤ ᠭᠡᠵᠦ ᠬᠣᠶᠠᠷ ᠴᠢᠨᠣ᠎ᠠ ᠶ᠋ᠢᠨ ᠮᠢᠨᠢ ᠠᠷᠠᠰᠤ ᠶ᠋ᠢ ᠬᠣᠩᠰᠢᠶᠠᠷ ᠲᠤ᠌ ᠨᠢ ᠤᠨᠵᠢᠭᠤᠯᠵᠤ ᠲᠠᠯᠪᠢᠪᠠ? ᠭᠡᠵᠦ ᠬᠤᠷᠮᠤᠰᠲᠠ ᠠᠰᠠᠭᠤᠵᠤ ᠭᠡᠨ᠎ᠡ᠃
-ᠲᠠ ᠨᠢᠰᠳᠡᠭ ᠪᠣᠷᠣ ᠮᠣᠷᠢ ᠶ᠋ᠢ ᠮᠢᠨᠢ ᠢᠳᠡ ᠪᠡᠷ ᠢᠷ ᠭᠡᠰᠡᠨ ᠦᠦ? ᠨᠢᠰᠳᠡᠭ ᠦᠭᠡᠢ ᠪᠣᠷᠣ ᠮᠣᠷᠢ ᠶ᠋ᠢ ᠮᠢᠨᠢ ᠢᠳᠡᠭᠡᠳ ᠢᠷ ᠭᠡᠰᠡᠨ ᠦᠦ? ᠭᠡᠵᠦ ᠬᠤᠷᠮᠤᠰᠲᠠ ᠠ᠋ᠴᠠ ᠡᠪᠦᠭᠡᠨ ᠠᠰᠠᠭᠤᠵᠤ ᠭᠡᠨ᠎ᠡ᠃
-ᠨᠢᠰᠳᠡᠭ ᠪᠣᠷᠣ ᠮᠣᠷᠢ ᠶ᠋ᠢ ᠢᠳᠡ ᠭᠡᠵᠦ ᠶᠠᠪᠤᠭᠤᠯᠤᠭᠰᠠᠨ ᠶᠤᠮ!
-ᠲᠡᠭᠡᠪᠡᠯ ᠲᠡᠷᠡ ᠬᠣᠶᠠᠷ ᠴᠢᠨᠣ᠎ᠠ ᠴᠢᠨᠢ ᠨᠢᠰᠳᠡᠭ ᠦᠭᠡᠢ ᠪᠣᠷᠣ ᠮᠣᠷᠢ ᠶ᠋ᠢ ᠮᠢᠨᠢ ᠢᠳᠡᠴᠢᠬᠡᠷᠡ ᠨᠢ ᠪᠢ ᠠᠭᠤᠷᠯᠠᠭᠠᠳ ᠠᠷᠠᠰᠤ ᠶ᠋ᠢ ᠬᠣᠩᠰᠢᠶᠠᠷ ᠲᠤ᠌ ᠨᠢ ᠴᠢᠷᠭᠡᠦᠯᠦᠭᠡᠳ ᠲᠠᠯᠪᠢᠭᠰᠠᠨ ᠭᠡᠵᠦ ᠭᠡᠨ᠎ᠡ᠃
-ᠲᠡᠭᠡᠪᠡᠯ ᠲᠡᠷᠡ ᠴᠢᠨᠦ ᠵᠥᠪ᠃ ᠬᠠᠷᠢᠨ ᠶᠠᠭᠠᠬᠢᠭᠠᠳ ᠬᠣᠶᠠᠷ ᠴᠢᠳᠬᠥᠷ ᠦ᠋ᠨ ᠮᠢᠨᠢ ᠨᠡᠭᠦᠷᠢ ᠶ᠋ᠢ ᠰᠢᠯᠵᠠ ᠪᠤᠯᠵᠠ ᠲᠦᠯᠡᠪᠡ? ᠭᠡᠬᠦᠯᠡᠷ ᠨᠢ ᠡᠪᠦᠭᠡᠨ᠄
-ᠲᠠ ᠪᠣᠯᠳᠠᠭ ᠦᠭᠡᠢ ᠪᠣᠷᠣ ᠡᠪᠦᠭᠡᠨ ᠢ᠋ ᠬᠣᠣᠷᠯᠠᠭᠠᠳ ᠢᠷ ᠭᠡᠰᠡᠨ ᠦᠦ? ᠪᠣᠷᠣ ᠣᠪᠣᠬᠠᠢ ᠶ᠋ᠢ ᠮᠢᠨᠢ ᠴᠤᠭᠤᠯᠤᠭᠠᠳ ᠢᠷ ᠭᠡᠰᠡᠨ ᠦᠦ? ᠭᠡᠵᠦ ᠠᠰᠠᠭᠤᠪᠠ᠃
-ᠪᠣᠯᠳᠠᠭ ᠦᠭᠡᠢ ᠪᠣᠷᠣ ᠡᠪᠦᠭᠡᠨ ᠢ᠋ ᠬᠣᠣᠷᠯᠠᠭᠠᠳ ᠢᠷ ᠭᠡᠰᠡᠨ! ᠭᠡᠪᠡ᠃
-ᠪᠣᠯᠳᠠᠭ ᠦᠭᠡᠢ ᠪᠣᠷᠣ ᠡᠪᠦᠭᠡᠨ ᠢ᠋ ᠬᠣᠣᠷᠯᠠᠬᠤ ᠶ᠋ᠢᠨ ᠣᠷᠣᠨ ᠳ᠋ᠤ᠌ ᠪᠣᠷᠣ ᠣᠪᠣᠬᠠᠢ ᠶ᠋ᠢ ᠮᠢᠨᠢ ᠴᠤᠭᠤᠯᠤᠭᠠᠳ ᠤᠷᠠᠭᠠᠳ ᠪᠠᠢᠬᠤ ᠪᠠᠷ ᠨᠢ ᠪᠢ ᠨᠡᠭᠦᠷᠢ ᠶ᠋ᠢ ᠨᠢ ᠲᠦᠯᠡᠭᠰᠡᠨ ᠭᠡᠵᠡᠢ᠃
-ᠬᠠᠷᠢᠨ ᠡᠪᠦᠭᠡᠨ ᠴᠢ ᠮᠢᠨᠦ ᠬᠣᠶᠠᠷ ᠯᠤᠤᠨ ᠤ᠋ ᠰᠡᠭᠦᠯ ᠢ᠋ ᠶᠠᠭᠠᠬᠢᠭᠠᠳ ᠲᠠᠰᠤ ᠴᠠᠪᠴᠢᠭᠰᠠᠨ ᠪᠢᠯᠡ? ᠭᠡᠵᠦ ᠬᠠᠨ ᠬᠤᠷᠮᠤᠰᠲᠠ ᠠᠰᠠᠭᠤᠪᠠ᠃
-ᠪᠣᠯᠳᠠᠭ ᠦᠭᠡᠢ ᠪᠣᠷᠣ ᠡᠪᠦᠭᠡᠨ ᠢ᠋ ᠬᠣᠣᠷᠯᠠᠭᠠᠳ ᠢᠷ ᠭᠡᠰᠡᠨ ᠦᠦ? ᠪᠣᠯᠵᠣᠭᠠᠲᠤ ᠶ᠋ᠢᠨ ᠪᠣᠷᠣ ᠲᠣᠯᠣᠭᠠᠢ ᠶ᠋ᠢ ᠨᠢᠷᠭᠡᠭᠡᠳ ᠢᠷ ᠭᠡᠰᠡᠨ ᠦᠦ? ᠭᠡᠵᠦ ᠡᠪᠦᠭᠡᠨ ᠠᠰᠠᠭᠤᠪᠠ᠃
-ᠪᠣᠯᠳᠠᠭ ᠦᠭᠡᠢ ᠪᠣᠷᠣ ᠡᠪᠦᠭᠡᠨ ᠢ᠋ ᠨᠢᠷᠭᠡᠭᠡᠳ ᠢᠷ ᠭᠡᠰᠡᠨ! ᠭᠡᠵᠦ᠃
-ᠲᠡᠭᠡᠪᠡᠯ ᠪᠣᠯᠳᠠᠭ ᠦᠭᠡᠢ ᠪᠣᠷᠣ ᠡᠪᠦᠭᠡᠨ ᠢ᠋ ᠨᠢᠷᠭᠡᠬᠦ ᠶ᠋ᠢᠨ ᠣᠷᠣᠨ ᠳ᠋ᠤ᠌ ᠪᠣᠯᠵᠣᠭᠠᠲᠤ ᠶ᠋ᠢᠨ ᠪᠣᠷᠣ ᠲᠣᠯᠣᠭᠠᠢ ᠶ᠋ᠢ ᠪᠣᠷᠣ ᠨᠡᠭᠦᠷᠡᠰᠦ ᠪᠣᠯᠲᠠᠯ᠎ᠠ ᠨᠢᠷᠭᠡᠬᠦ ᠪᠡᠷ ᠨᠢ ᠪᠢ ᠬᠣᠶᠠᠷ ᠯᠤᠤᠨ ᠤ᠋ ᠰᠡᠭᠦᠯ ᠢ᠋ ᠲᠠᠰᠤ ᠴᠠᠪᠴᠢᠭᠰᠠᠨ ᠭᠡᠪᠡ᠃
ᠬᠤᠷᠮᠤᠰᠲᠠ ᠬᠠᠭᠠᠨ᠄
-ᠲᠡᠭᠡᠪᠡᠯ ᠲᠡᠷᠡ ᠴᠢᠨᠦ ᠵᠥᠪ ᠭᠡᠵᠡᠢ᠃
ᠢᠩᠭᠢᠭᠡᠳ ᠪᠣᠯᠳᠠᠭ ᠦᠭᠡᠢ ᠪᠣᠷᠣ ᠡᠪᠦᠭᠡᠨ ᠳᠣᠯᠣᠭᠠᠨ ᠪᠣᠷᠣ ᠬᠣᠨᠢ ᠲᠠᠢ ᠪᠠᠨ᠂ ᠨᠢᠰᠳᠡᠭ ᠪᠣᠷᠣ ᠮᠣᠷᠢᠲᠠᠢ ᠶ᠋ᠢ ᠪᠡᠨ ᠠᠮᠤᠷ ᠰᠠᠢᠬᠠᠨ ᠵᠢᠷᠭᠠᠵᠠᠢ᠃
Болдоггүй Бор өвгөн
Эрт урьд цагт Болдоггүй Бор өвгөн гэж нэг өвгөн байж гэнэ. Энэ өвгөн долооон бор хоньтой, нисдэг бор морьтой, бас нисдэггүй бор морьтой юм гэнэ. Болдоггүй Бор өвгөн Болзоотын бор толгойн тэнд овоохой бариад суудаг байжээ. Болзоотын бор толгойд долоон бор хонио хариулдаг байжээ. Нисдэг бор морио гэрийнхээ баруун талд уядаг, нисдэггүй бор морио зүүн талдаа аргамждаг байжээ.
Болдоггүй Бор өвгөн: “Хув бор хониноос минь хундан цагаан хурга гараасай, Хурмаст тэнгэрээ тахих юмсан” гэж бодож явдаг байжээ. Тэгж байтал хув бор хониноос нь хундан цагаан хурга гарсанд Хурмаст тэнгэрээ тахина гэж баярлаад хурганы уутанд хийж хээр тавиад хонио буцаагаад ирсэн чинь Хурмастын хон хэрээ нисч ирээд хурганых нь нүдийг ухчихсан байж гэнэ. Болдоггүй Бор өвгөн уурлаж, нисдэг бор морио унаж, нисч очоод хон хэрээний эвэр хошуугий нь аваад модон хошуу хийгээд тавьчихаж гэнэ.
Гэтэл Хурмаст тэнгэр “Хон хэрээний минь хошууг солилоо” гэж уурлаад хоёр чонороо нисдэг бор морийг идүүлэхээр явуулж гэнэ. Үүнийг Болдоггүй Бор өвгөн мэдээд нисдэг бор морио зүүн талдаа, нисдэггүй бор морио баруун талдаа солиод аргамжиж гэнэ. Хурмаст хааны хоёр чоно ирээд нисдэггүй бор морийг нь идчихээд явчихаж гэнэ. Болдоггүй Бор өвгөн нисдэг бор морио унаж хөөж очоод хоёр чонын арьсыг өвчөөд хоншоорт нь унжуулаад тавьчихаж гэнэ. Тэгэхлээр Хан Хурмастаас Болдоггүй Бор өвгөнийг даруулахаар Мичид толгойт, Марал толгойт хоёр чөтгөрөө явуулж гэнэ.
Болдоггүй Бор өвгөн хоёр чөтгөрийг ирэхэд тогоо дүүрэн адууны сэвс буцалгаж байжээ. Хоёр чөтгөр ирээд ханын нүдээр шагайхад нь халуун сэвс цацаад нүүр амыг нь шалзлаад явуулж гэнэ. Хан хурмаст уурлаж, Болдоггүй Бор өвгөнийг хоёр луугаараа ниргүүлэхээр явуулжээ. Болдоггүй Бор өвгөн үүнийг мэдэж Болзоотын бор толгойд хонио хариулж явснаа бор хурган дах, боролж шарилжаар мануухай босгочихоод гэнэт холдоод өөр газар яваад өгчээ.
Хоёр луу Болзоотын бор толгойг бор нүүрс болтол нь ниргээд явчихжээ. Болдоггүй Бор өвгөн нисдэг бор морио унаж нисч хөөж очоод хоёр лууны сүүлийг тас цавчаад явуулчихжээ.
Хан Хурмаст уурлаж, “Болдоггүй Бор өвгөнийг цаазаар авна” гэж элчээр дуудуулсанд өвгөн Хурмаст хааныд очжээ. Хан Хурмаст:
-Чи яагаад хэрээний минь эвэр хошууг модон хошуугаар сольсон? гэж асууж гэнэ.
-Хув бор хониноос минь хундан цагаан хурга гарвал Хурмаст тэнгэрээ тахих юмсан гэж бодож явтал хув бор хониноос минь хундан цагаан хурга гарахаар нь Хурмаст тэнгэрээ тахина гэж баярлаж байтал хон хэрээ нисч ирээд хоёр нүдийг нь ухчихаад явчихлаа. Тэгэхлээр нь би уурлаж хэрээний хошууг авсан гэж хэлжээ.
-Тэгвэл тэр чиний зөв. Харин яах гэж хоёр чонын минь арьсыг хоншоорт нь унжуулж тавив? гэж Хурмаст асууж гэнэ.
-Та нисдэг бор морийг минь идээр ир гэсэн үү? Нисдэггүй бор морийг минь идээд ир гэсэн үү? гэж Хурмастаас өвгөн асууж гэнэ.
-Нисдэг бор морийг ид гэж явуулсан юм!
-Тэгвэл тэр хоёр чоно чинь нисдэггүй бор морийг минь идчихээр нь би уурлаад арьсыг хоншоорт нь чиргүүлээд тавьсан гэж гэнэ.
-Тэгвэл тэр чиний зөв. Харин яагаад хоёр чөтгөрийн минь нүүрийг шалз булз түлэв? Гэхлээр нь өвгөн:
-Та Болдоггүй Бор өвгөнийг хорлоод ир гэсэн үү? Бор овоохойгий минь цоолоод ир гэсэн үү? гэж асуув.
-Болдоггүй Бор өвгөнийг хорлоод ир гэсэн! гэв.
-Болдоггүй Бор өвгөнийг хорлохын оронд бор овоохойгий минь цоолоод ураад байхаар нь би нүүрийг нь түлсэн гэжээ.
-Харин өвгөн чи миний хоёр лууны сүүлийг яагаад тас цавчсан билээ? гэж Хан Хурмаст асуув.
-Болдоггүй Бор өвгөнийг хорлоод ир гэсэн үү? Болзоотын бор толгойг ниргээд ир гэсэн үү? гэж өвгөн асуув.
-Болдоггүй Бор өвгөнийг ниргээд ир гэсэн! гэж.
-Тэгвэл Болдоггүй Бор өвгөнийг ниргэхийн оронд Болзоотын бор толгойг бор нүүрс болтол ниргэхээр нь би хоёр лууны сүүлийг тас цавчсан гэв.
Хурмаст хаан:
-Тэгвэл тэр чиний зөв гэжээ.
Ингээд Болдоггүй Бор өвгөн долоон бор хоньтойгоо, нисдэг бор морьтойгоо амар сайхан жаргажээ.
